ᠥᠴᠥᠭᠡᠳᠦᠷ - ᠦᠨᠡᠨᠳᠡᠭᠡᠨ ᠥᠨᠥᠳᠥᠷ ᠪᠠᠶᠢᠭᠰᠠᠨ᠂ ᠮᠠᠷᠭᠠᠰᠢ ᠴᠦ ᠪᠠᠶᠢᠭᠰᠠᠨ᠂ ᠥᠩᠭᠡᠷᠡᠭᠡᠳ ᠥᠴᠥᠭᠡᠳᠦᠷ | ᠪᠣᠯᠴᠢᠬᠠᠭᠰᠠᠨ᠃ ᠴᠠᠭ ᠤᠨ ᠮᠡᠷᠡᠯᠲᠡ ᠶᠢ ᠶᠠᠭᠤ ᠴᠦ ᠳᠠᠭᠠᠭᠠᠵᠤ ᠳᠡᠶᠢᠯᠳᠡᠭ ᠦᠭᠡᠢ ᠪᠣᠯᠬᠤᠷ ᠥᠴᠥᠭᠡᠳᠦᠷ᠂ | ᠥᠨᠥᠳᠥᠷ᠂ ᠮᠠᠷᠭᠠᠰᠢ ; ᠡᠪᠦᠯ᠂ ᠵᠤᠨ᠂ ᠨᠠᠮᠤᠷ᠂ ᠬᠠᠪᠤᠷ ; ᠤᠨ ᠵᠢᠯ᠂ ᠲᠡᠦᠬᠡ ᠢᠷᠡᠭᠡᠳᠦᠢ ᠭᠡᠵᠦ | ᠣᠷᠴᠢᠭᠰᠠᠭᠠᠷ ᠪᠠᠶᠢᠨᠠᠮ᠃ | ᠤᠯᠠᠨ ᠤᠯᠠᠨ ᠡᠳᠦᠷ ᠤᠳ ᠥᠩᠭᠡᠷᠡᠭᠡᠳ ᠯᠡ ᠪᠦᠷ ᠲᠡ᠊ - ᠷᠡ ᠬᠤᠯᠠ ᠪᠠᠷ᠎ᠠ ᠲᠠᠰᠦ᠃ ᠬᠠᠷᠢᠨ ᠡᠨᠡ ᠡᠳᠦᠷ | ᠮᠠᠷᠭᠠᠰᠢ ᠲᠠᠭᠢᠨ ᠳᠠᠪᠲᠠᠭᠳᠠᠵᠤ᠂ ᠳᠠᠭᠢᠨ ᠳᠠᠪᠲᠠᠭᠳᠠᠬᠤ ᠳᠠᠭᠠᠨ ᠰᠢᠨ᠎ᠡ ᠪᠠᠷ ᠡᠬᠢᠯᠡᠭᠡᠳ ᠬᠠᠭᠤᠴᠢᠷᠠᠵᠤ ᠬᠤᠯᠠᠳᠠᠨ᠎ᠠ᠃ | ᠭᠡᠬᠦ ᠳᠡᠭᠡᠨ ᠴᠠᠭ ᠬᠤᠭᠤᠴᠠᠭ᠎ᠠ ᠡᠨᠡ ᠪᠦᠭᠦ ᠵᠦᠢᠯ ᠢ ᠬᠠᠷᠠᠭᠰᠠᠨ ᠡᠰᠡ ᠬᠠᠷᠠᠭᠰᠠᠨ ᠮᠡᠲᠦ ᠥᠪᠡᠷ ᠤᠨ ᠬᠢ ᠲᠡᠷᠡ | ᠬᠡᠪ ᠢᠶᠠᠷ ᠢᠶᠠᠨ ᠲᠠᠶᠢᠪᠤᠭᠤᠬᠠᠨ ᠵᠣᠭᠰᠣᠨ᠎ᠠ ᠪᠢᠯᠡ᠃ | ᠪᠢ ᠰᠡᠳᠬᠢᠯ ᠤᠨ ᠬᠡᠨᠡᠭᠡ ᠲᠠᠢ ᠪᠣᠯᠣᠭᠠᠳ ᠲᠡᠷᠡ ᠪᠢᠵᠡ︕ ᠳᠠᠩᠳᠠ ᠡᠨᠡ ᠡᠳᠦᠷ ᠤᠨ ᠥᠨᠳᠥᠷ ᠣᠷᠣᠢ | ᠳᠡᠭᠡᠷ᠎ᠡ ᠵᠣᠭᠰᠣᠨ ᠡᠷᠭᠢᠵᠦ ᠬᠠᠷᠠᠭᠠᠳ ᠰᠡᠳᠬᠢᠯ ᠢᠶᠠᠨ ᠦᠢᠮᠡᠭᠦᠯᠵᠦ ᠵᠤᠬᠰᠤᠬᠤ ᠳᠤᠷᠠᠲᠠᠢ᠃ | ᠲᠡᠨᠳᠡ - ᠶᠠᠭᠤ ᠴᠦ ᠪᠣᠯᠤᠭ᠎ᠠ ᠦᠭᠡᠢ ᠮᠡᠲᠦ ᠲᠦᠷᠯᠡᠶᠢᠨ ᠵᠤᠬᠰᠤᠬᠤ ᠣᠷᠴᠢᠯᠠᠩ ᠤᠤᠯ ᠤᠨ ᠳᠦᠷᠢ | ᠲᠥᠷᠬᠦ ᠪᠠᠷ ᠢᠶᠠᠨ ᠲᠠᠶᠢᠪᠤᠭᠤᠬᠠᠨ ᠭᠢᠯᠠᠯᠵᠠᠭᠠᠳ ᠪᠠᠶᠢᠬᠤ ᠶᠢ ᠬᠠᠷᠠᠬᠤ ᠳᠤᠷᠠᠲᠠᠢ᠃ | ᠨᠡᠩ ᠴᠤ ᠡᠨᠡ ᠨᠤᠲᠤᠭ ᠤᠨ ᠮᠥᠩᠬᠡ ᠶᠢᠨ ᠦᠵᠡᠰᠭᠦᠯᠡᠩ ᠢ ᠪᠦᠲᠦᠭᠡᠭᠰᠡᠨ ᠲᠡᠷᠡ ᠠᠭᠤᠯᠠ ᠲᠣᠯᠣᠭᠠᠳ᠂ | ᠲᠡᠷᠡ ᠭᠤᠪᠢ ᠲᠠᠯ᠎ᠠ᠂ ᠡᠭᠡᠯᠵᠢᠯᠡᠨ ᠪᠤᠢ ᠲᠦᠷᠪᠡᠨ ᠤᠯᠠᠷᠢᠯ ᠥᠪᠡᠷ ᠬᠤᠭᠤᠷᠣᠨᠳᠤ ᠪᠠᠨ ᠤᠴᠢᠷᠯᠠᠨ ᠶᠠᠷᠢᠯᠴᠠᠬᠤᠢ ᠶᠢ | ᠢᠮᠠᠭᠲᠠ ᠰᠤᠨᠤᠰᠬᠤ ᠳᠤᠷᠠᠲᠠᠢ᠃ | ᠲᠡᠶᠢᠮᠤ ᠠ᠋᠂ ᠲᠡᠷᠡ ᠪᠦᠬᠦᠢ ᠵᠦᠢᠯ ᠬᠥᠮᠥᠨ ᠤ ᠳᠤᠷᠠᠰᠤᠯ ᠮᠥᠷᠥᠭᠡᠳᠦᠯ ᠳᠤ ᠦᠨᠳᠦᠰᠦᠯᠡᠵᠦ᠂ ᠴᠡᠴᠡᠭᠯᠡᠭᠡᠳ᠂ | ᠪᠣᠯᠪᠠᠰᠤᠷᠠᠭᠰᠠᠨ ᠤᠷᠭᠤᠭ᠎ᠠ ᠮᠣᠳᠣᠨ ᠤ ᠦᠷ᠎ᠡ ᠵᠢᠮᠢᠰ ᠮᠡᠲᠦ ᠪᠠᠳᠠᠷᠠᠩᠭᠤᠢ ᠬᠠᠷᠠᠭᠳᠠᠳᠠᠭ ᠪᠣᠯᠬᠤᠷ ᠪᠢ ᠲᠡᠨᠳᠡ | ᠤᠳᠠᠭᠠᠨ ᠵᠣᠭᠰᠣᠳᠠᠭ᠃ | ᠴᠠᠭ ᠬᠤᠭᠤᠴᠠᠭ᠎ᠠ ᠲᠡᠨᠳᠡ ᠯᠡ ᠮᠥᠩᠬᠡ ᠶᠢᠨ ᠦᠵᠡᠰᠭᠦᠯᠡᠩ ᠢ ᠪᠦᠲᠦᠭᠡᠭᠰᠡᠨ ᠪᠣᠯᠬᠤᠷ ᠮᠥᠩᠬᠡ ᠶᠢᠨ | ᠲᠠᠶᠢᠪᠤᠭᠤᠨ ᠣᠨ ᠵᠢᠯ ᠦᠷᠭᠦᠯᠵᠢᠯᠡᠳᠡᠭ ᠶᠤᠮ ᠳ᠋ᠠ᠃ ᠲᠡᠨᠳᠡ ᠠᠭᠤᠤ ᠬᠥᠮᠥᠰ ᠤᠨ ᠴᠢᠰᠤ ᠬᠥᠯᠥᠰᠦ ᠪᠠᠨ | ᠤᠷᠤᠰᠬᠠᠭᠰᠠᠨ ᠠᠰᠤᠷᠤ ᠠᠭᠤᠳᠠᠮ ᠨᠤᠲᠤᠭ ᠲᠡᠭᠷᠢ ᠶᠢᠨ ᠬᠢᠵᠠᠭᠠᠷ ᠲᠤ᠂ ᠲᠡᠭᠷᠢ ᠶᠢᠨ ᠬᠢᠵᠠᠭᠠᠷ ᠤᠨ ᠳᠠᠪᠠᠭ᠎ᠠ | ᠳᠠᠪᠠᠭᠠᠨ ᠤ ᠤᠷᠭᠢᠯ ᠳᠡᠭᠡᠭᠦᠷ ᠰᠡᠪᠰᠢᠨ ᠰᠡᠪᠡᠯᠵᠡᠬᠦ ᠤᠨᠢᠶᠠᠷ ᠬᠦᠳᠡᠩ ᠤᠨ ᠳᠤᠮᠳᠠ ᠪᠠᠨ ᠥᠨᠳᠡᠯᠵᠡᠭᠡᠳ ᠁ | ᠵᠡᠯᠡᠬᠡᠨ ᠰᠢᠷᠭᠠᠯ ᠴᠠᠢ ᠶᠢᠨ ᠦᠨᠦᠷ ᠵᠡᠰ ᠳᠣᠮᠪᠤ ᠠᠴᠠ ᠨᠢ ᠬᠠᠩᠬᠤᠯᠣᠭᠠᠰᠤᠲᠠᠢ᠂ ᠨᠡᠭᠦᠳᠡᠯ᠂ ᠲᠤᠪᠤ ᠲᠣᠯᠣᠭᠠᠳ ᠤᠨ | ᠨᠠᠭᠠᠭᠤᠷ ᠪᠠᠰᠠ ᠴᠠᠭᠠᠭᠤᠷ ᠵᠡᠷᠭᠡᠯᠭᠡᠨ ᠶᠤᠮᠰᠢᠭ ᠬᠠᠶᠠ ᠣᠶᠢᠷᠠᠲᠤᠨ ᠬᠠᠶᠠ ᠬᠤᠯᠠᠳᠠᠨᠠᠮ᠃ ᠢᠰᠬᠡᠷᠬᠦ ᠬᠦᠴᠦᠲᠦ | ᠰᠠᠯᠬᠢ ᠳᠤᠨᠢ ᠴᠦ ᠶᠠᠮᠠᠷ ᠨᠢᠭᠡᠨ ᠠᠶ᠎ᠠ ᠳᠠᠭᠤᠤ ᠡᠩᠬᠡ ᠲᠠᠶᠢᠪᠤᠩ ᠤᠨ ︽ᠤᠤᠬᠠᠢ︾ ᠮᠡᠲᠦ ᠭᠠᠵᠠᠷ ᠤᠨ | ᠬᠥᠷᠥᠰᠥ ᠶᠢ ᠲᠤᠬᠵᠢᠭᠤᠯᠤᠨ ᠳᠣᠷᠭᠢᠭᠤᠯᠬᠤ ᠠᠪᠠᠢ᠃ | ᠥᠴᠥᠭᠡᠳᠦᠷ ᠨᠢᠭᠡᠨᠲᠡ ᠥᠩᠭᠡᠷᠡᠭᠰᠡᠨ᠂ ᠶᠠᠮᠠᠷ ᠰᠠᠶᠢᠬᠠᠨ ᠪᠠᠶᠢᠯ᠎ᠠ ᠭᠡᠳ ᠥᠩᠭᠡᠷᠡᠭᠡᠳ ᠯᠡ ᠣᠲᠣᠭᠰᠠᠨ ᠭᠡᠵᠦ | ᠲᠠ ᠪᠢᠲᠡᠭᠡᠢ ᠶᠠᠷᠢᠭᠠᠷᠠᠢ︕ ᠥᠴᠥᠭᠡᠳᠦᠷ ᠯᠡ ᠪᠠᠶᠢᠭᠰᠠᠨ ᠠᠴᠠ ᠥᠨᠥᠳᠥᠷ ᠤᠨ ᠪᠦᠭᠦ ᠶᠠᠭᠤᠮ᠎ᠠ ᠰᠠᠶᠢᠬᠠᠨ᠃ | ᠥᠴᠥᠭᠡᠳᠦᠷ ᠤᠨ ᠥᠴᠥᠭᠡᠳᠦᠷ ᠠᠭᠤᠤ ᠶᠡᠭᠡ ᠡᠬᠡ ᠣᠷᠣᠨ ᠮᠢᠨᠢ ᠠᠳᠡ ᠠᠯᠳᠠᠷ ᠢᠶᠠᠨ᠂ ᠦᠢᠯᠡᠰ ᠢᠶᠠᠨ | ᠮᠠᠨᠳᠤᠭᠤᠯᠤᠨ ᠮᠥᠩᠬᠡ ᠶᠢᠨ ᠲᠠᠮᠠᠭ᠎ᠠ ᠳᠠᠷᠤᠭᠰᠠᠨ᠃ ᠠᠰᠤᠷᠤ ᠠᠭᠤᠳᠠᠮ ᠪᠠᠶᠢᠭᠠᠯᠢ ᠳᠤ ᠠᠷᠠᠳ ᠲᠦᠮᠡᠨ ᠮᠢᠨᠢ | ᠠᠷᠢᠭᠤᠨ ᠭᠦᠳᠡᠯᠮᠦᠷᠢ ᠶᠢᠨ ᠤᠯᠠ ᠮᠥᠷ ᠢᠶᠠᠨ ᠦᠯᠡᠳᠡᠭᠡᠭᠰᠡᠨ᠃ ᠮᠥᠨ ᠠᠳᠠᠯᠢᠬᠠᠨ ᠦᠶ᠎ᠡ ᠦᠶ᠎ᠡ ᠶᠢᠨ ᠡᠷᠳᠡᠮᠲᠡᠨ | ᠮᠡᠷᠭᠡᠳ ᠥᠪᠡᠷ ᠤᠨ ᠤᠷᠠᠨ ᠭᠠᠷ ᠤᠶᠣᠨ ᠰᠠᠨᠠᠭ᠎ᠠ ᠪᠠᠷ ᠢᠶᠠᠨ ᠰᠢᠨ᠎ᠡ ᠡᠬᠡ ᠣᠷᠣᠨ᠂ ᠠᠯᠤᠰ ᠢᠷᠡᠭᠡᠳᠦᠢ ᠶᠢ | ᠪᠦᠲᠦᠭᠡᠨ ᠶᠠᠪᠤᠭᠰᠠᠨ ᠨᠢ ᠭᠦᠩᠭᠠᠷᠠᠪᠠ ᠲᠠᠢ ᠪᠤᠷᠬᠠᠨ ᠥᠭᠡᠷ᠎ᠡ ᠦᠭᠡᠢ᠂ ᠭᠤᠶᠣ ᠬᠢᠴᠡ ᠲᠠᠢ ᠲᠠᠲᠠᠯᠠᠭᠠᠨ ᠵᠢᠷᠤᠭ | ᠪᠣᠯᠵᠤ ᠡᠬᠡ ᠣᠷᠣᠨ ᠤ ᠪᠠᠨ ᠥᠷᠥᠴᠡᠨ ᠳᠤ ᠮᠥᠩᠬᠡ ᠰᠡᠶᠢᠯᠦᠭᠳᠡᠭᠰᠡᠨ᠃ ᠥᠨᠥᠳᠥᠷ ᠲᠡᠳᠡᠨ ᠤ ᠲᠠᠮᠠᠭᠠᠯᠠᠭᠰᠠᠨ᠂ | ᠲᠡᠳᠡᠨ ᠤ ᠲᠠᠲᠠᠯᠠᠭᠰᠠᠨ ᠲᠠᠲᠠᠯᠠᠭᠠᠨ ᠵᠢᠷᠤᠭ ᠳᠡᠭᠡᠷ᠎ᠡ ᠰᠢᠨ᠎ᠡ ᠰᠢᠨ᠎ᠡ ᠲᠤᠰᠤᠨ ᠪᠤᠳᠤᠭ ᠤᠨ ᠵᠢᠷᠤᠭ ᠵᠢᠷᠤᠭᠳᠠᠨ ᠪᠤᠢ | ᠃ ᠲᠡᠷᠡ ᠰᠢᠨ᠎ᠡ ᠬᠠᠭᠤᠴᠢᠨ ᠵᠢᠷᠤᠭ ᠤᠳ ᠬᠡᠵᠢᠶᠡᠳᠡ ᠪᠠᠯᠠᠷᠠᠰᠢ ᠦᠭᠡᠢ ᠮᠥᠩᠬᠡ ᠭᠢᠯᠠᠯᠵᠠᠭᠠᠳ ᠁ | ᠮᠥᠩᠬᠡ ᠶᠢᠨ ᠦᠵᠡᠰᠭᠦᠯᠡᠩ ᠢᠶᠠᠷ ᠢᠶᠠᠨ ᠬᠥᠮᠥᠨ ᠵᠤᠨ ᠤ ᠤᠶᠤᠨ ᠳᠤ ᠶᠠᠭᠤ ᠨᠢᠭᠡ ᠶᠢ ᠪᠤᠳᠤᠬᠲᠠᠭᠤᠯᠤᠨ | ᠲᠡᠨᠳᠡ ᠪᠠᠨ ᠰᠡᠬᠦ᠋ᠢᠨ ᠪᠠᠶᠢᠨ᠎ᠠ᠃ | ᠥᠨᠳᠥᠷ ᠲᠤ ᠵᠣᠭᠰᠣᠭᠠᠳ ᠠᠯᠤᠰ ᠢ ᠪᠠᠷᠠᠯᠠᠬᠤ ᠳᠤ ᠰᠢᠪᠠᠭᠤᠳ ᠬᠢᠮᠤᠰᠤ ᠪᠠᠨ ᠨᠢᠭᠤᠭᠠᠳ ᠲᠡᠭᠷᠢ ᠳᠤ ᠬᠥᠭᠡᠷᠬᠦ | ᠮᠡᠲᠦ ᠰᠡᠳᠬᠢᠯ ᠮᠠᠰᠢ ᠳᠣᠭᠳᠣᠯᠤᠩᠭᠤᠢ᠃ ᠭᠡᠬᠦ ᠪᠠᠷ ᠡᠷᠬᠡ ᠴᠢᠯᠦᠭᠡᠲᠦ ᠠᠭᠤᠯᠠ ᠡᠭᠦᠯᠡ ᠬᠤᠶᠠᠷ ᠲᠤ ᠰᠡᠳᠬᠢᠯ ᠤᠨ | ᠨᠢᠭᠤᠴᠠ ᠪᠠᠨ ᠳᠡᠯᠭᠡᠭᠡᠳ ᠪᠠᠶᠢᠮᠠᠷ ᠤᠷᠮᠠᠰᠢᠬᠤ ᠶᠤᠮ᠃ | ᠪᠢ ᠳᠠᠩᠳᠠ ᠪᠠᠨ ᠥᠨᠥᠳᠥᠷ ᠤᠨ ᠥᠨᠳᠥᠷ ᠳᠡᠭᠡᠷ᠎ᠡ ᠵᠣᠭᠰᠣᠭᠠᠳ ᠥᠴᠥᠭᠡᠳᠦᠷ ᠢ ᠬᠠᠷᠠᠬᠤ ᠳᠤᠷᠠᠲᠠᠢ᠃ | ᠮᠥᠩᠬᠡ ᠶᠢᠨ ᠲᠠᠶᠢᠪᠤᠭᠤᠨ ᠣᠨ ᠵᠢᠯ ᠰᠠᠯᠬᠢᠨ ᠪᠣᠷᠣᠭᠠᠨ᠂ ᠴᠠᠰᠤ ᠰᠢᠭᠤᠷᠭᠠᠨ ᠳᠤ ᠥᠩᠭᠡ ᠥᠩᠭᠡ ᠪᠠᠷ ᠲᠣᠳᠣᠷᠠᠨ | ᠲᠣᠳᠣᠷᠠᠭᠠᠳ ᠪᠠᠶᠢᠬᠤ ᠶᠢ ᠬᠠᠷᠠᠬᠤ ᠳᠤᠷᠠᠲᠠᠢ᠃ ᠠᠶ᠎ᠠ᠂ ᠶᠠᠭᠤᠲᠠᠢ ᠭᠠᠶᠢᠬᠠᠯᠲᠠᠢ︕ | ᠶᠠᠭᠤᠮ᠎ᠠ ᠪᠦᠭᠦᠨ ᠢ ᠰᠡᠳᠬᠢᠯ ᠳᠤ ᠲᠣᠳᠣᠷᠠᠭᠤᠯᠤᠨ ᠲᠣᠳᠣᠷᠠᠭᠤᠯᠬᠤ ᠥᠴᠥᠭᠡᠳᠦᠷ ᠪᠢ ᠡᠨᠡ ᠬᠦ ᠰᠡᠳᠬᠢᠯ | ᠬᠡᠮᠡᠬᠦ ᠢᠭᠴᠤ ᠰᠠᠬᠤᠯᠢᠭ ᠤᠢ ᠶᠢᠨ ᠵᠠᠬ᠎ᠠ ᠪᠠᠷ ᠣᠯᠠᠨᠲᠠ ᠵᠠᠮᠨᠠᠭᠰᠠᠨ᠃ ᠵᠢᠭᠳᠡ ᠪᠥᠭᠡᠳ ᠥᠨᠳᠥᠷ ᠤᠷᠭᠤᠭᠰᠠᠨ | ᠡᠨᠡ ᠰᠡᠳᠬᠢᠯ ᠬᠡᠮᠡᠬᠦ ᠤᠢ ᠴᠠᠷᠳᠠᠮᠠᠯ ᠵᠠᠮ ᠠᠴᠠ ᠠᠷᠤᠨᠰᠢ ᠪᠠᠨ ᠨᠡᠯᠢᠶᠡᠳ ᠦᠷᠭᠦᠯᠵᠢᠯᠡᠭᠰᠡᠨ ᠪᠥᠭᠡᠳ ᠤᠢ ᠶᠢᠨ | ᠴᠤᠭᠤᠷᠬᠠᠢ ᠪᠠᠷ ᠠᠵᠢᠭᠯᠠᠪᠠᠯ ᠴᠠᠶᠢᠪᠤᠷᠬᠠᠨ᠂ ᠠᠭᠤᠳᠠᠮ ᠲᠡᠨᠢᠭᠦᠬᠡᠨ ᠲᠡᠭᠷᠢ ᠶᠢᠨ ᠬᠠᠶᠠᠭ᠎ᠠ ᠶᠠᠭ ᠯᠡ ᠲᠡᠭᠦᠨ ᠤ | ᠴᠠᠭᠠᠨᠠᠬᠠᠨ ᠪᠠᠶᠢᠬᠤ ᠮᠡᠲᠦ᠃ ᠲᠡᠭᠡᠭᠦ ᠪᠠᠷ᠄ ︽ᠠᠢ ᠬᠠᠢ ᠬᠠᠢ ᠁ ᠰᠠᠷᠠᠨ ᠮᠢᠨᠤ᠂ ᠠᠢ ᠬᠠᠢ ᠬᠠᠢ ᠁ | ᠲᠡᠭᠷᠢ ᠮᠢᠨᠤ᠂ ᠥᠨᠢᠳᠡ ᠮᠥᠩᠬᠡ ᠲᠡᠭᠷᠢ ᠮᠢᠨᠤ ᠁︾ ᠬᠡᠮᠡᠬᠦ ︽ᠬᠥᠬᠡ ᠲᠡᠭᠷᠢ ᠶᠢᠨ ᠬᠤᠷᠤᠢ︾ ᠠᠶ᠎ᠠ ᠳᠠᠭᠤᠤ | ᠨᠡᠭᠡᠭᠡᠯᠲᠡᠲᠡᠢ ᠴᠣᠩᠬᠤ ᠪᠠᠷ ᠤᠢ ᠶᠢᠨ ᠴᠠᠭᠠᠨᠠᠬᠢ ᠲᠡᠭᠷᠢ ᠶᠢᠨ ᠬᠠᠶᠠᠭᠠᠨ ᠤ ᠲᠡᠨᠳᠡ ᠠᠴᠠ ᠢᠷᠠᠭᠤ ᠲᠤᠩᠭᠠᠯᠠᠭᠬᠠᠨ | ᠬᠠᠩᠭᠢᠨᠠᠨ ᠴᠤᠤᠷᠢᠶᠠᠲᠤᠭᠠᠳ ᠰᠡᠳᠬᠢᠯ ᠢ ᠤᠳᠤᠷᠢᠳᠤᠨ ᠭᠤᠸ᠎ᠠ ᠲᠠᠭᠠᠰᠢᠶᠠᠯ ᠵᠦᠭ ᠳᠡᠪᠳᠡᠷᠢᠨ᠎ᠡ ᠁ | ᠬᠡᠴᠢᠨᠡᠨ ᠵᠢᠯ ᠤᠨ ᠡᠮᠦᠨ᠎ᠡ ᠪᠢ ᠡᠨᠡ ᠤᠢ ᠶᠢᠨ ᠬᠠᠵᠠᠭᠤ ᠪᠠᠷ ᠠᠩᠬ᠎ᠠ ᠥᠩᠭᠡᠷᠡᠬᠦ ᠳᠤ ᠨᠠᠮᠤᠷ ᠤᠨ ᠰᠡᠭᠦᠯᠴᠢ | ᠪᠣᠯᠵᠤ ᠪᠠᠶᠢᠯ᠎ᠠ᠃ ᠮᠣᠳᠣᠳ ᠤᠨ ᠨᠠᠪᠴᠢᠰ ᠨᠠᠮᠤᠷ ᠤᠨ ᠬᠦᠢᠲᠡᠨ ᠪᠣᠷᠣᠭᠠᠨ ᠳᠤ ᠬᠡᠳᠦᠨᠲᠡ ᠭᠦᠪᠴᠢᠭᠳᠡᠨ ᠤᠨᠠᠭᠰᠠᠨ | ᠪᠤᠯᠪᠠᠴᠦ ᠠᠷᠠᠶᠢᠬᠠᠨ ᠲᠣᠭᠲᠠᠨ ᠶᠠᠳᠠᠨ ᠪᠠᠶᠢᠬᠤ ᠤᠯᠠᠪᠤᠷ᠂ ᠰᠢᠷ᠎ᠠ᠂ ᠨᠣᠭᠤᠭᠠᠨ ᠤᠯᠠᠨ ᠶᠠᠩᠵᠤ ᠶᠢᠨ ᠴᠥᠭᠡᠨ | ᠨᠠᠪᠴᠢ ᠨᠤᠭᠤᠳ ᠪᠠᠰᠠ ᠨᠢᠭᠡᠨ ᠵᠦᠢᠯ ᠤᠨ ᠭᠤᠸ᠎ᠠ ᠰᠠᠶᠢᠬᠠᠨ ᠢᠶᠠᠷ ᠡᠨᠡ ᠶᠡᠭᠡ ᠤᠢ ᠬᠥᠪᠴᠢ ᠪᠠᠨ᠂ ᠠᠭᠤᠤ | ᠠᠭᠤᠳᠠᠮ ᠡᠬᠡ ᠪᠠᠶᠢᠭᠠᠯᠢ ᠪᠠᠨ ᠴᠢᠮᠡᠭᠰᠡᠨ ᠬᠠᠷᠠᠭᠳᠠᠨ᠎ᠠ᠃ ᠨᠡᠩ ᠣᠨᠴᠠᠭᠠᠶᠢᠯᠠᠨ ᠤᠢ ᠶᠢᠨ ᠴᠤᠭᠤᠷᠬᠠᠢ ᠶᠢᠨ | ᠴᠠᠭᠠᠨᠠᠬᠠᠨ ᠪᠠᠶᠢᠬᠤ ᠪᠣᠯᠪᠠᠤ ᠭᠡᠮᠡᠷ ᠲᠡᠭᠷᠢ ᠶᠢᠨ ᠬᠠᠶᠠᠭ᠎ᠠ ᠠᠭᠤᠵᠢᠮ ᠠᠴᠠ ᠠᠭᠤᠵᠢᠮ ᠲᠡᠭᠰᠢ ᠲᠠᠯ᠎ᠠ ᠲᠠᠢ ᠪᠠᠨ | ᠬᠢᠯᠢᠯᠡᠨ ᠤᠯᠠᠮ ᠲᠣᠳᠣ ᠴᠠᠶᠢᠪᠤᠷᠳᠠᠨ ᠤᠨᠢᠶᠠᠷᠲᠤᠬᠤ ᠨᠢ ᠳᠡᠯᠭᠡᠭᠰᠡᠨ ᠬᠠᠳᠠᠭ ᠭᠡᠮᠡᠷ ᠦᠵᠡᠰᠭᠦᠯᠡᠩ᠃ | ᠲᠡᠶᠢᠮᠦ ᠠ᠋᠂ ᠦᠯᠡᠮᠵᠢ ᠶᠢᠨ ᠭᠤᠸ᠎ᠠ ᠰᠠᠶᠢᠬᠠᠨ ᠢ ᠰᠡᠳᠬᠢᠯ ᠳᠤ ᠬᠠᠳᠠᠩᠰᠢᠭᠤᠯᠤᠭᠰᠠᠨ ᠡᠬᠡ ᠣᠷᠣᠨ ᠳᠠᠭᠠᠨ | ᠲᠠᠬᠰᠢᠨ ᠠᠮᠤᠭᠤᠯᠠᠩ ᠰᠠᠭᠠᠲᠠᠬᠤ ᠨᠤᠲᠤᠭ ᠮᠢᠨᠢ ᠭᠡᠵᠦ ᠬᠠᠮᠢᠭ᠎ᠠ ᠶᠠᠪᠤᠭᠰᠠᠨ ᠴᠦ ᠳᠤᠷᠠᠰᠤᠯ ᠳᠤᠷᠠᠳᠬᠠᠯ ᠳᠤ | ᠥᠩᠭᠡ ᠳᠦᠷᠢ ᠪᠠᠨ ᠲᠣᠳᠣ ᠲᠣᠮᠣᠷᠠᠭᠤᠨ ᠬᠠᠷᠠᠭᠳᠠᠭᠤᠯᠤᠭᠠᠳ ᠪᠠᠶᠢᠳᠠᠭ ᠭᠠᠵᠠᠷ ᠳ᠋ᠠ᠃ ᠭᠡᠬᠦᠯᠡᠷ ᠡᠨᠡ ᠤᠢ ᠶᠢᠨ | ᠲᠡᠷᠭᠡᠲᠡᠭᠦᠷ ᠥᠩᠭᠡᠷᠡᠬᠦ ᠪᠣᠯᠭᠠᠨ ᠤᠢ ᠶᠢᠨ ᠴᠤᠭᠤᠷᠬᠠᠢ ᠪᠠᠷ ᠬᠠᠷᠠᠭᠳᠠᠬᠤ ᠲᠡᠭᠷᠢ ᠶᠢᠨ ᠬᠠᠶᠠᠭ᠎ᠠ ᠵᠦᠭ ᠪᠤᠲᠣᠯ | ᠰᠡᠳᠬᠢᠯ ᠥᠪᠡᠷ ᠤᠨ ᠡᠷᠬᠡ ᠦᠭᠡᠢ ᠲᠡᠮᠡᠦᠯᠦᠭᠡᠳ ᠪᠠᠶᠢᠬᠤ ᠶᠤᠮ ᠭᠡᠭᠴᠢ᠃ ᠲᠡᠷᠡ ᠤᠢ ᠶᠢᠨ ᠴᠠᠭᠠᠨ᠎ᠠ ᠪᠠᠶᠢᠬᠤ | ᠲᠡᠭᠷᠢ ᠶᠢᠨ ᠬᠠᠶᠠᠭᠠᠨ ᠠᠴᠠ ᠡᠨᠡ ᠶᠡᠭᠡ ᠤᠢ ᠶᠢᠨ ᠱᠤᠤᠭᠢᠶᠠᠨ ᠰᠢᠭ᠋ ᠬᠠᠭ ᠤᠨ ᠲᠠᠪᠢᠨ ᠤ ᠮᠢᠨᠢ ᠦᠷ᠎ᠡ ᠬᠡᠦᠬᠡᠳ ᠤᠨ | ︽ᠵᠢᠩᠭᠢᠷ ᠵᠢᠩᠭᠢᠷ︾ ᠬᠡᠮᠡᠬᠦ ᠬᠢᠴᠢᠶᠡᠯ ᠨᠣᠮ ᠢᠶᠠᠨ ᠤᠩᠰᠢᠬᠤ ᠲᠠᠭᠤᠨ ᠪᠤᠯᠠᠭ ᠤᠨ ᠣᠰᠤᠨ ᠪᠤᠷᠭᠢᠯᠤᠨ | ᠭᠤᠷᠴᠢᠭᠢᠨᠠᠬᠤ ᠰᠢᠭ᠋᠃ ᠪᠠᠰᠠ ᠦᠷ ᠴᠦᠷ ᠢᠶᠠᠷ ᠦᠨᠢᠶ᠎ᠡ ᠲᠤᠭᠤᠯ ᠲᠠᠢ ᠪᠠᠨ ᠶᠠᠭᠠᠷᠠᠬᠤ ᠥᠬᠢᠳ | ᠪᠦᠰᠡᠭᠦ᠋ᠢᠴᠦᠳ ᠤᠨ ᠭᠦᠷ ᠬᠥᠭᠵᠢᠶᠡᠨ ᠲᠤᠤᠨᠢᠬᠤ ᠰᠢᠭ᠋᠃ ᠲᠡᠶᠢᠮᠤ ᠠᠴᠠ ᠡᠨᠡ ᠤᠢ ᠶᠢᠨ ᠵᠠᠬ᠎ᠠ ᠪᠠᠷ ᠥᠩᠭᠡᠷᠡᠬᠦ | ᠪᠣᠯᠭᠠᠨ ᠪᠢ ᠵᠠᠪᠠᠯ ᠲᠡᠷᠭᠡᠨ ᠤ ᠪᠠᠨ ᠴᠣᠩᠬᠤᠨ ᠰᠢᠯ ᠢ ᠳᠣᠷᠣᠭᠰᠢ ᠪᠠᠭᠤᠯᠭᠠᠨ ᠵᠢᠷᠪᠢᠯᠵᠡᠨ ᠥᠩᠭᠡᠷᠡᠬᠦ ᠤᠢ ᠲᠠᠶᠢᠭ᠎ᠠ | ᠪᠣᠯᠣᠨ ᠤᠢ ᠲᠠᠶᠢᠭ᠎ᠠ ᠶᠢᠨ ᠴᠠᠭᠠᠨᠠᠬᠢ ᠡᠬᠡ ᠪᠠᠶᠢᠭᠠᠯᠢ᠂ ᠡᠬᠡ ᠪᠠᠶᠢᠭᠠᠯᠢ ᠠᠴᠠ ᠴᠤᠤᠷᠢᠶᠠᠲᠤᠬᠤ ᠠᠶ᠎ᠠ ᠳᠠᠭᠤᠤ ᠶᠢ | ᠴᠢᠩᠨᠠᠬᠤ ᠳᠤᠷᠠᠲᠠᠢ᠃ | ᠮᠠᠨ ᠤ ᠨᠤᠲᠤᠭ ᠲᠤ ᠠᠭᠤᠯᠠ ᠬᠠᠶᠢᠷᠬᠠᠨ ᠪᠠᠶᠢᠳᠠᠭ ᠦᠭᠡᠢ᠃ ᠲᠡᠨᠢᠢᠭᠰᠡᠨ ᠠᠭᠤᠳᠠᠮ ᠰᠠᠶᠢᠬᠠᠨ ᠪᠣᠷᠣ ᠵᠣ᠂ | ᠲᠠᠯ᠎ᠠ ᠭᠤᠪᠢ ᠦᠷᠭᠦᠯᠵᠢᠯᠡᠭᠡᠳ ᠯᠡ᠂ ᠴᠣᠬᠤᠮ ᠬᠠᠷᠠᠭ᠎ᠠ ᠠᠯᠳᠠᠮ᠎ᠠ ᠰᠠᠶᠢᠬᠠᠨ ᠢ ᠶᠠᠭᠠᠬᠢᠨ᠎ᠠ᠃ ᠮᠠᠯ ᠤᠨᠣᠭᠠᠨ ᠤ | ᠡᠷᠢᠯ ᠳᠤ ᠶᠠᠪᠤᠭᠰᠠᠨ ᠬᠥᠮᠥᠨ ᠳᠣᠪᠣᠴᠠᠭ ᠳᠡᠭᠡᠷ᠎ᠡ ᠭᠠᠷᠤᠭᠠᠳ ᠲᠦᠷᠪᠡᠨ ᠵᠦᠭ ᠨᠠᠢᠮᠠᠨ ᠵᠣᠪᠬᠢᠰ ᠢ ᠪᠠᠷᠠᠯᠠᠪᠡᠯ | ᠠᠯᠠᠭᠠᠨ ᠳᠡᠭᠡᠷᠡᠬᠢ ᠶᠠᠭᠤᠮ᠎ᠠ ᠪᠠᠨ ᠦᠵᠡᠵᠦ ᠪᠠᠶᠢᠬᠤ ᠰᠢᠤᠬᠠᠨ ᠲᠣᠳᠣᠬᠠᠨ ᠪᠠᠶᠢᠳᠠᠭ᠃ ᠲᠡᠷᠡ ᠲᠤᠪᠤ | ᠲᠣᠯᠣᠭᠠᠳ ᠤᠨ ᠣᠷᠣᠢ ᠳᠡᠭᠡᠷ᠎ᠡ ᠵᠤᠬᠰᠤᠬᠤ ᠳᠤ ᠰᠠᠶᠢᠨ ᠰᠠᠶᠢᠬᠠᠨ ᠢ ᠤᠯᠠᠮ ᠰᠠᠶᠢᠬᠠᠨ ᠪᠦᠲᠦᠭᠡᠬᠦ ᠭᠡᠰᠡᠨ ᠮᠡᠲᠦ | ᠪᠣᠷᠪᠢ ᠪᠣᠬᠢᠰᠬᠢᠯ ᠦᠭᠡᠢ ᠠᠵᠢᠯᠯᠠᠳᠠᠭ ᠡᠪᠦᠭᠡ᠂ ᠡᠪᠦᠭᠡᠳ ᠤᠨ ᠪᠠᠷ᠎ᠠ ᠬᠠᠷᠠᠭᠳᠠᠬᠤ ᠰᠢᠭ᠋᠃ ᠥᠴᠥᠭᠡᠳᠦᠷ ᠪᠦᠭᠦᠨ ᠢ | ᠬᠠᠷᠠᠬᠤ ᠳᠤᠷᠠᠲᠠᠢ ᠮᠢᠨᠤ ᠵᠢᠷᠦᠬᠡᠨ ᠳᠤ ᠪᠠᠭ᠎ᠠ ᠡᠪᠦᠭᠡ ᠶᠢᠨ᠄ ︽ᠨᠠᠮ ᠤᠨ ᠰᠠᠶᠢᠨ ᠠ᠋᠂ ᠨᠠᠮ ᠤᠨ ᠰᠠᠶᠢᠨ︕︾ | ᠬᠡᠮᠡᠬᠦ ᠠᠶᠢᠯ ᠪᠦᠯᠢ ᠳᠡᠭᠡᠨ᠂ ᠠᠴᠢᠷ ᠦᠷᠡᠰ ᠲᠡᠭᠡᠨ ᠢᠮᠠᠭᠲᠠ ᠶᠠᠷᠢᠳᠠᠭ ᠦᠭᠡ ᠲᠠᠭᠢᠨ ᠳᠠᠪᠲᠠᠭᠳᠠᠬᠤ ᠶᠤᠮ᠃ | ᠲᠡᠶᠢᠮᠤ ᠠ᠋᠂ ᠲᠡᠳᠡᠭᠡᠷ ᠬᠥᠮᠥᠰ ᠤᠨ ᠬᠥᠯᠥᠰᠦ ᠰᠢᠩᠭᠡᠵᠦ ᠭᠦᠲᠡᠯᠮᠦᠷᠢ ᠨᠡᠪᠴᠢᠭᠰᠡᠨ ᠡᠬᠡ ᠣᠷᠣᠨ ᠮᠢᠨᠢ ᠪᠠᠶᠢᠳᠠᠭ | ᠪᠣᠯᠬᠤᠷ ᠬᠥᠮᠥᠨ ᠵᠤᠨ ᠨᠢ ᠢᠮᠠᠭᠲᠠ ᠥᠭᠡᠳᠡ ᠲᠠᠢ ᠥᠩᠭᠡ ᠲᠠᠢ ᠪᠠᠶᠠᠨ ᠲᠠᠩᠰᠤᠭ ᠠᠵᠤ ᠲᠦᠷᠦᠭᠦ ᠶᠤᠮ᠃ | ᠲᠡᠳᠡᠨ ᠤ ᠰᠠᠶᠢᠨ ᠰᠠᠶᠢᠬᠠᠨ ᠵᠥᠩᠨᠡᠯ ᠢᠷᠦᠭᠡᠯ ᠪᠠᠲᠤᠵᠢᠭᠰᠠᠨ ᠠᠴᠠ ᠨᠤᠲᠤᠭ ᠤᠰᠤ ᠮᠢᠨᠢ ᠳᠡᠯᠭᠡᠷ | ᠦᠵᠡᠰᠭᠦᠯᠡᠩ ᠢᠶᠠᠨ ᠭᠠᠶᠢᠬᠠᠭᠤᠯᠬᠤ ᠶᠤᠮᠰᠠᠨ᠃ | ᠨᠤᠲᠤᠭ ᠲᠠᠢ ᠪᠠᠨ ᠠᠳᠠᠯᠢᠬᠠᠨ ᠠᠭᠤᠵᠢᠮ ᠰᠡᠳᠬᠢᠯᠲᠦ ᠡᠭᠡᠯ ᠪᠣᠷᠣᠬᠠᠨ ᠬᠥᠮᠥᠨ ᠠᠷᠠᠳ᠂ ᠠᠪᠤ ᠡᠵᠢ ᠮᠢᠨᠢ | ᠭᠡᠵᠦ ᠵᠢᠯ ᠤᠨ ᠳᠦᠷᠪᠡᠨ ᠤᠯᠠᠷᠢᠯ ᠳᠤ ᠬᠥᠯ ᠠᠮᠠᠷᠠᠯ ᠦᠭᠡᠢ ᠦᠬᠡᠷ ᠠᠳᠤᠭᠤ ᠬᠤᠨᠢ ᠢᠮᠠᠭ᠎ᠠ ᠪᠠᠨ ᠬᠠᠷᠢᠭᠤᠯᠵᠤ᠂ | ᠲᠡᠭᠦᠨ ᠤ ᠪᠠᠨ ᠬᠡᠰᠢᠭ ᠪᠤᠶᠠᠨ ᠢᠶᠠᠷ ᠠᠮᠢᠳᠤᠷᠠᠯ ᠢᠶᠠᠨ ᠥᠭᠡᠳᠡ ᠲᠠᠲᠠᠵᠤ᠂ ᠲᠡᠨᠢᠭᠦᠨ ᠰᠠᠶᠢᠬᠠᠨ ᠠᠮᠢᠳᠤᠷᠠᠯ ᠲᠠᠢ | ᠰᠡᠳᠬᠢᠯ ᠰᠠᠨᠠᠭ᠎ᠠ ᠥᠭᠡᠳᠡᠷᠬᠡᠭ᠂ ᠲᠠᠩᠰᠤᠭ ᠰᠠᠶᠢᠬᠠᠨ ᠠᠵᠤ ᠲᠦᠷᠦᠵᠦ ᠶᠠᠪᠤᠳᠠᠭ ᠢ ᠥᠴᠥᠭᠡᠳᠦᠷ᠂ | ᠥᠴᠥᠭᠡᠳᠦᠷ ᠤᠨ ᠥᠴᠥᠭᠡᠳᠦᠷ ᠲᠡᠮᠳᠡᠭᠯᠡᠵᠦ ᠲᠠᠯᠪᠢᠭᠰᠠᠨ᠃ ᠲᠡᠷᠡ ᠯᠡ ᠰᠠᠶᠢᠬᠠᠨ ᠣᠷᠴᠢᠨ ᠪᠠᠶᠢᠭᠠᠯᠢ ᠨᠢ ᠬᠥᠮᠥᠨ | ᠵᠤᠨ ᠢᠶᠠᠨ ᠡᠯᠢᠭᠡᠨ ᠳᠡᠭᠡᠨ ᠪᠦᠪᠠᠶᠢᠯᠡᠵᠦ᠂ ᠢᠪᠡᠭᠡᠨ ᠲᠡᠳᠬᠦᠵᠦ ᠦᠩᠰᠢᠭ ᠥᠶᠥᠭ ᠪᠠᠶᠢᠳᠠᠭ ᠢ ᠪᠢ ᠢᠮᠠᠭᠲᠠ | ᠬᠠᠷᠠᠳᠠᠭ ᠪᠣᠯᠬᠤᠷ ᠁ ᠮᠢᠨᠤ ᠬᠠᠶᠢᠷ᠎ᠠ ᠳᠤ ᠡᠷᠬᠡ ᠲᠠᠷᠬᠠᠨ ᠰᠦᠨᠳᠡᠷᠯᠡᠬᠦ ᠦᠭᠡᠢ ᠶᠠᠭᠠᠬᠢᠬᠤᠪ ᠳ᠋ᠠ᠃ ᠶᠠᠭ ᠯᠡ | ᠲᠡᠷᠡ ᠤᠢ ᠶᠢᠨ ᠴᠠᠭᠠᠨ᠎ᠠ ᠠᠴᠠ ᠢᠷᠠᠭᠤᠬᠠᠨ ᠲᠤᠭᠤᠯᠳᠠᠬᠤ ︽ᠡᠬᠡ ᠭᠠᠵᠠᠷ ᠲᠠᠭᠠᠨ ᠬᠠᠶᠢᠷ᠎ᠠ ᠪᠠᠨ ᠰᠢᠩᠭᠡᠬᠡᠨ | ᠳᠡᠭᠡᠳᠦᠯᠡᠨ ᠰᠦᠰᠦᠭᠯᠡᠨ ᠮᠥᠷᠭᠦᠶ᠎ᠡ︾ ᠬᠡᠮᠡᠬᠦ ᠤᠶᠠᠩᠭ᠎ᠠ ᠠᠶᠠᠰ ᠤᠨ ᠳᠠᠭᠤᠷᠢᠰᠬᠤᠯᠠᠩ ᠰᠡᠳᠬᠢᠯ ᠢ ᠰᠣᠭᠲᠣᠭᠠᠨ | ᠬᠡᠵᠢᠶ᠎ᠡ ᠴᠦ ᠲᠡᠷᠡ ᠠᠭᠤᠳᠠᠮ ᠪᠠᠶᠢᠭᠠᠯᠢ᠂ ᠥᠨᠢᠷ ᠣᠷᠣᠨ ᠵᠦᠭ ᠢᠶᠠᠨ ᠤᠬᠠᠭ᠎ᠠ ᠪᠤᠳᠤᠯ ᠢ ᠰᠥᠬᠦᠷᠡᠭᠦᠯᠦᠨ | ᠰᠥᠬᠦᠷᠡᠭᠦᠯᠬᠦ ᠮᠡᠲᠦ᠃ | ᠨᠤᠲᠤᠭ ᠤᠰᠤ ᠶᠢ ᠮᠢᠨᠢ ᠳᠠᠩᠴᠤ ᠪᠤᠳᠤᠬᠳᠠᠭᠤᠯᠬᠤ᠂ ᠮᠥᠨ ᠴᠦ ᠶᠠᠪᠤᠭᠠᠳ ᠣᠴᠢᠮᠠᠷ ᠰᠠᠨᠠᠭᠳᠠᠭᠤᠯᠬᠤ ᠡᠨᠡ | ᠤᠢ᠂ ᠤᠢ ᠶᠢᠨ ᠴᠠᠭᠠᠨ᠎ᠠ ᠪᠠᠶᠢᠬᠤ ᠲᠡᠭᠷᠢ ᠶᠢᠨ ᠬᠠᠶᠠᠭ᠎ᠠ ᠲᠠᠢ ᠵᠠᠯᠭᠠᠯᠳᠤᠭᠰᠠᠨ ᠲᠡᠭᠰᠢ ᠲᠠᠯ᠎ᠠ᠂ ᠪᠠᠰᠠ ᠲᠡᠷᠡ | ᠭᠤᠶᠢᠳᠠ ᠳᠠᠭᠤᠤ ᠨᠤᠲᠤᠭ ᠤᠰᠤ ᠶᠢᠨ ᠮᠢᠨᠢ ᠬᠥᠭᠵᠢᠯᠲᠡ ᠬᠤᠪᠢᠷᠠᠯᠲᠠ ᠭᠤᠸ᠎ᠠ ᠰᠠᠶᠢᠬᠠᠨ ᠢ ᠳᠠᠭᠤᠯᠠᠭᠠᠳ | ᠪᠠᠶᠢᠳᠠᠭ ᠨᠢ ᠶᠠᠮᠠᠷ ᠰᠠᠶᠢᠬᠠᠨ ᠪᠤᠢ ᠬᠡᠮᠡᠨ ᠰᠠᠨᠠᠨ ᠪᠢ ᠡᠨᠡ ᠣᠢ ᠶᠢᠨ ᠬᠠᠵᠠᠭᠤ ᠪᠠᠷ ᠥᠩᠭᠡᠷᠡᠬᠦ ᠪᠣᠯᠭᠠᠨ ᠰᠡᠳᠬᠢᠯ | ᠥᠨᠳᠡᠯᠵᠡᠭᠡᠳ ᠪᠠᠶᠢᠬᠤ ᠶᠤᠮ ᠠ᠋᠃ ᠡᠰᠡᠬᠦᠯ᠎ᠡ ᠲᠡᠷᠡ ᠨᠢᠭᠡᠨ ᠥᠨᠳᠦᠷᠯᠢᠭ ᠪᠣᠯᠤᠭᠰᠠᠨ ᠥᠴᠥᠭᠡᠳᠦᠷ ᠤᠨ ᠣᠷᠣᠢ | ᠳᠡᠭᠡᠷ᠎ᠡ ᠵᠣᠭᠰᠣᠭᠠᠳ ᠪᠠᠶᠢᠮᠠᠷ ᠪᠤᠯᠬᠤ ᠶᠤᠮ ᠠ᠋ ᠁ | ᠤᠳᠠᠭᠠᠨ ᠵᠤᠬᠰᠤᠬᠤ ᠮᠠᠨᠢ ᠤᠴᠢᠷᠲᠠᠢ - | ᠥᠴᠥᠭᠡᠳᠦᠷ ᠥᠩᠭᠡ ᠭᠡᠷᠡᠯᠲᠡᠢ ᠪᠠᠶᠢᠬᠰᠠᠨ ; | ᠥᠨᠥᠳᠥᠷ ᠥᠷᠨᠢᠯ ᠬᠥᠭᠵᠢᠯ ᠲᠠᠢ ᠪᠠᠶᠢᠨᠠᠮ ; | ᠢᠷᠡᠭᠡᠳᠦᠢ - ᠨᠡᠩ ᠭᠡᠭᠡᠨ ᠰᠠᠷᠠᠭᠤᠯ᠃ |