ᠴᠡᠷᠢᠭ ᠬᠥᠮᠥᠨ
ᠨᠡᠶᠢᠲᠡᠯᠡᠭᠰᠡᠨ ᠴᠠᠭ᠄
2024/8/9
    ᠴᠡᠷᠢᠭ ᠬᠥᠮᠥᠨ ᠭᠡᠵᠦ    ᠨᠤᠭᠤᠰᠤ ᠰᠢᠪᠠᠭᠤᠳ ᠢ ᠲᠠᠶᠢᠪᠤᠩ ᠱᠤᠩᠪᠠᠭᠤᠯᠤᠬᠰᠠᠨ ᠨᠠᠭᠤᠷ    ᠨᠤᠲᠤᠭ ᠤᠰᠤ ᠪᠠᠨ ᠬᠠᠮᠠᠭᠠᠯᠠᠬᠤ ᠶᠡᠭᠡ ᠬᠠᠶᠢᠷ᠎ᠠ ᠶᠢᠨ ᠬᠡᠯᠬᠢᠶ᠎ᠡ    ᠨᠣᠮᠢᠨ ᠲᠠᠯ᠎ᠠ ᠶᠢᠨ ᠵᠢᠩᠬᠢᠨᠢ ᠡᠵᠡᠨ ᠪᠣᠯᠤᠭᠰᠠᠨ ᠰᠠᠬᠢᠭᠤᠰᠤ    ᠴᠡᠷᠢᠭ ᠬᠥᠮᠥᠨ ᠭᠡᠵᠦ    ᠡᠩᠬᠡ ᠠᠮᠤᠭᠤᠯᠠᠩ ᠢ ᠠᠷᠠᠳ ᠲᠠᠭᠠᠨ ᠡᠷᠭᠦᠬᠦ ᠠᠷᠢᠭᠤᠨ ᠮᠤᠳᠤᠷ    ᠡᠬᠡ ᠤᠯᠤᠰ ᠤᠨ ᠢᠮᠠᠬᠤ ᠭᠠᠵᠠᠷ ᠢ ᠠᠯᠳᠠᠳᠠᠭ ᠦᠭᠡᠢ ᠬᠠᠷᠢᠭᠤᠴᠠᠯᠭ᠎ᠠ    ᠡᠷᠡᠮᠡᠬᠡᠢ ᠵᠣᠷᠢᠭ ᠢᠶᠠᠷ ᠢᠶᠠᠨ ᠤᠯᠤᠰ ᠲᠠᠭᠠᠨ ᠵᠢᠳᠬᠦᠭᠰᠡᠨ ᠭᠠᠪᠢᠶᠠᠨ ᠲᠡᠮᠳᠡᠭ    ᠴᠡᠷᠢᠭ ᠬᠥᠮᠥᠨ ᠭᠡᠵᠦ    ᠡᠵᠢ ᠶᠢᠨ ᠢᠶᠠᠨ ᠡᠯᠢᠭᠡᠨ ᠳᠡᠭᠡᠷ᠎ᠡ ᠨᠢᠯᠬᠠᠷᠠᠬᠤ ᠳᠠᠭᠠᠨ ᠪᠦᠪᠡᠢ ᠦᠷ᠎ᠡ    ᠡᠷ᠎ᠡ ᠶᠢᠨ ᠴᠡᠭᠡᠯ ᠳᠤ ᠭᠦᠷᠪᠡᠯ ᠡᠬᠡ ᠣᠷᠣᠨ ᠤ ᠰᠣᠳᠣᠨ ᠬᠤᠰᠢᠭᠤᠴᠢ    ᠡᠯᠳᠡᠪ ᠮᠠᠭᠤ ᠳᠠᠶᠢᠰᠤᠨ ᠢ ᠦᠯᠲᠡᠨ ᠬᠥᠭᠡᠭᠡᠬᠦ ᠠᠲ᠋ᠣᠮ ᠤᠨ ᠪᠥᠮᠪᠦᠭᠡ    ᠴᠡᠷᠢᠭ ᠬᠥᠮᠥᠨ ᠭᠡᠵᠦ    ᠪᠥᠬᠦ᠋ᠢᠭᠰᠡᠨ ᠳᠠᠶᠢᠰᠤᠨ ᠢ ᠪᠤᠳᠠ ᠨᠢᠷᠭᠡᠭᠰᠡᠨ ᠬᠦᠴᠦᠲᠦ ᠪᠦᠷᠭᠦᠳ    ᠪᠥᠮᠪᠥᠷᠴᠡᠭ ᠤᠨ ᠡᠩᠭᠡᠷ ᠲᠤ ᠤᠷᠭᠤᠭᠰᠠᠨ ᠤᠷᠳᠤ ᠨᠠᠰᠤᠲᠤ ᠤᠷᠭᠤᠮᠠᠯ    ᠪᠦᠯᠬᠦᠮᠳᠡᠯ ᠤᠨ ᠦᠢᠯᠡᠰ ᠲᠤ ᠠᠮᠢ ᠪᠠᠨ ᠡᠷᠭᠦᠭᠰᠡᠨ ᠲᠤᠤᠯᠢᠰ    ᠴᠡᠷᠢᠭ ᠬᠥᠮᠥᠨ ᠭᠡᠵᠦ    ᠬᠠᠲᠠᠭᠤ ᠰᠢᠷᠦᠭᠦᠨ ᠠᠮᠢᠳᠤᠷᠠᠯ ᠤᠨ ᠨᠤᠭᠤᠴᠠᠭᠠᠨ ᠳᠤ    ᠬᠥᠮᠥᠨ ᠮᠥᠰᠥ ᠬᠥᠮᠥᠡᠯᠢᠭ ᠴᠢᠨᠠᠷ ᠢ ᠠᠯᠳᠠᠳᠠᠭ ᠦᠭᠡᠢ    ᠬᠦᠴᠦᠷᠬᠡᠭ ᠲᠦᠷᠦ ᠶᠢᠨ ᠭᠡᠭᠡᠨ ᠬᠠᠷᠭᠤᠢ ᠳᠤ ᠬᠡᠶᠢᠮᠣᠷᠢ ᠪᠣᠰᠤᠭ᠎ᠠ ᠠᠵᠢᠨᠠᠢ
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号