- ᠳᠤᠷᠠᠯᠠᠯ ᠲᠡᠭᠦᠰᠬᠡᠯ ᠢ ᠨᠢ ᠪᠤᠳᠤᠭ᠎ᠠ ᠦᠭᠡᠢ ᠤᠬᠠᠭ᠎ᠠ ᠦᠭᠡᠢ ᠡᠬᠢᠯᠡᠯ | ᠪᠣᠯᠵᠣᠭᠰᠠᠨ ᠭᠠᠵᠠᠷ ᠢᠶᠠᠨ ᠭᠦᠷᠤᠭᠡᠳ ᠪᠢ ᠴᠢᠮᠠᠶᠢ ᠬᠦᠯᠢᠶᠡᠬᠦ ᠳᠤ ᠴᠠᠭ ᠶᠠᠪᠤᠵᠤ ᠪᠠᠶᠢᠳᠠᠭ᠃ | ᠪᠠᠶᠢᠨ ᠪᠠᠶᠢᠨ ᠬᠠᠷᠠᠬᠤ ᠳᠤ ᠪᠠᠭᠤᠤ ᠶᠢᠨ ᠰᠤᠳᠠᠰᠤᠨ ᠤ ᠮᠢᠨᠢ ᠴᠣᠬᠢᠯᠭ᠎ᠠ ᠲᠠᠢ ᠠᠶᠢᠵᠠᠮ ᠬᠠᠮᠰᠠᠨ ᠪᠥᠭᠯᠡᠷᠡᠵᠦ | ᠬᠠᠭᠠᠭᠳᠠᠬᠤ᠂ ᠴᠠᠭ ᠤᠨ ᠵᠡᠭᠦᠦ ᠶᠢᠨ ᠲᠢᠭ᠋ ᠲᠠᠬ ᠭᠡᠰᠡᠨ ᠰᠤᠯᠠᠬᠠᠨ ᠯᠤᠭᠰᠢᠯ᠂ ᠲᠡᠩᠭᠡᠯᠢᠭ ᠢᠶᠠᠨ ᠬᠥᠰᠢᠨ | ᠵᠠᠭᠤᠷᠠᠬᠤ ᠰᠢᠭ᠋ ᠤᠳᠠᠭᠠᠬᠠᠨ᠃ ᠪᠠᠲᠠᠭᠠᠨ᠎ᠠ ᠨᠢᠭᠡ ᠬᠤᠶᠠᠷ ᠢᠶᠠᠷ ᠳᠦᠩᠭᠢᠨᠡᠯᠳᠦᠨ ᠪᠠᠶᠢᠭᠰᠠᠨ ᠢᠶᠠᠨ ᠪᠣᠷᠣᠭᠠᠨ ᠤ | ᠦᠨᠦᠷ ᠶᠤᠮ ᠤᠤ︖ ᠪᠦᠷ ᠳᠡᠪᠲᠦᠭᠰᠡᠨ ᠭᠠᠵᠠᠷ ᠤᠨ ᠨᠦᠢᠲᠠᠨ ᠬᠥᠷᠥᠰᠥᠨ ᠠᠴᠠ ᠭᠦᠪ ᠴᠢᠭᠢᠭ ᠰᠣᠷᠭᠤᠭ | ᠰᠡᠩᠭᠢᠨᠡᠯᠳᠤᠵᠤ᠂ ᠪᠣᠷᠣ ᠲᠣᠯᠣᠭᠠᠳ ᠤᠨ ᠬᠤᠭᠤᠷᠣᠨᠳᠤᠭᠤᠷ ᠠᠮᠢᠰᠬᠤᠯ ᠵᠡᠷᠭᠡᠯᠭᠡ ᠴᠤᠷᠢᠯᠵᠠᠵᠤ᠂ ᠪᠣᠰᠣᠨ ᠰᠠᠭᠤᠨ | ᠵᠠᠪᠳᠤᠨ ᠭᠦᠷᠪᠡᠭᠡᠨᠡᠬᠦ ᠨᠢ ᠭᠡᠳᠡᠭᠡ ᠴᠤ ᠬᠦᠷᠬᠦ ᠮᠡᠲᠦ᠂ ᠢᠨᠢᠶᠡᠳᠦ ᠴᠤ ᠬᠦᠷᠬᠦ ᠮᠡᠲᠦ ᠪᠢᠰᠢᠭᠦᠢ ᠥᠳᠥᠭᠡᠯᠭᠡ ᠲᠠᠢ | ᠭᠡᠵᠦ ᠁ | ᠪᠥᠭᠡᠮ ᠪᠥᠭᠡᠮ ᠡᠭᠦᠯᠡᠰ ᠤᠨ ᠴᠣᠬᠤᠷ ᠰᠡᠭᠦᠳᠡᠷ ᠭᠤᠤ ᠰᠤᠵᠠᠭ᠂ ᠭᠠᠩᠭ᠎ᠠ ᠬᠠᠯᠢᠯ ᠳᠡᠭᠡᠭᠦᠷ ᠶᠠᠮᠠᠷ ᠴᠤ | ᠲᠡᠭᠡᠭᠡᠷ᠎ᠡ ᠦᠭᠡᠢ ᠨᠡᠭᠦᠳᠡᠯᠯᠡᠨ᠂ ᠪᠦᠭᠴᠢᠮ ᠬᠠᠯᠠᠭᠤᠨ ᠡᠪᠡᠰᠦᠨ ᠳᠤᠮᠳᠠ ᠠᠴᠠ ᠴᠡᠴᠡᠭ ᠭᠡᠨᠡᠳᠲᠡᠬᠡᠨ ᠢᠰᠬᠡᠷᠴᠦ | ᠦᠵᠡᠰᠭᠦᠯᠡᠩ ᠤᠷᠭᠤᠨ᠎ᠠ᠃ ᠪᠠᠷᠢᠵᠤ ᠲᠠᠯᠪᠢᠬᠤ ᠪᠠᠨ ᠣᠯᠵᠤ ᠶᠠᠳᠠᠮ᠎ᠠ ᠴᠤ ᠪᠠᠶᠢᠭᠰᠠᠨ ᠭᠠᠵᠠᠷ ᠠᠴᠠ ᠪᠠᠨ | ᠬᠤᠯᠠᠳᠠᠮᠠ ᠦᠭᠡᠢ᠂ ᠪᠠᠷᠠᠭᠤᠨᠲᠠᠢ ᠠᠴᠠ ᠤᠤ ᠵᠡᠭᠦᠨᠲᠡᠢ ᠠᠴᠠ ᠤᠤ ᠭᠡᠵᠦ ᠪᠠᠷᠤᠭᠴᠠᠭᠠᠯᠠᠨ ᠪᠠᠶᠢᠲᠠᠯ᠎ᠠ ︽ᠪᠢ ᠴᠢᠨᠢ | ᠴᠢᠮᠠᠶᠢ ᠤᠷᠭᠤᠭ᠎ᠠ ᠭᠠᠭᠴᠠ ᠮᠣᠳᠣ ᠰᠢᠭ᠋ ᠤᠨᠠᠭᠰᠠᠨ ᠰᠡᠭᠦᠳᠡᠷ ᠲᠡᠭᠡᠨ ᠠᠷᠭᠠᠮᠵᠢᠭᠳᠠᠨ᠂ ᠤᠤᠯ ᠣᠷᠣᠨ ᠠᠴᠠ ᠪᠠᠨ | ᠶᠠᠪᠤᠵᠤ ᠵᠢᠷᠦᠬᠡᠯᠡᠳᠡᠭ ᠦᠭᠡᠢ ᠦᠯᠢᠭᠡᠷ ᠤᠨ ᠯᠠᠮᠠ ᠲᠠᠩᠰᠤᠭ᠂ ᠰᠢᠷᠣᠢ ᠨᠠᠷ ᠰᠢᠭ᠋ ᠲᠣᠭᠤᠷᠢᠭ ᠲᠤ ᠣᠷᠣᠭᠰᠠᠨ ᠶᠤᠮ | ᠤᠤ ᠭᠡᠵᠦ ᠰᠠᠨᠠᠯ᠎ᠠ︾ ᠬᠡᠮᠡᠨ ᠭᠱᠠᠨ ᠲᠤᠯᠭᠠᠮ ᠠᠰᠠᠭᠤᠵᠤ ᠭᠠᠷᠬᠤ ᠨᠢ ᠲᠡᠷᠡᠬᠡᠨ ᠠᠴᠠ ᠪᠠᠨ ᠪᠠᠰᠠ ᠴᠠᠩᠭᠢᠨᠠᠮ᠎ᠠ | ᠠᠶᠠᠯᠭᠤ ᠲᠠᠢ᠃ | ᠪᠤᠳᠤᠪᠠᠯ ᠠᠷᠤ ᠳᠤ ᠢᠷᠡᠵᠤ ᠵᠣᠭᠰᠣᠭᠠᠳ ᠪᠠᠷᠢ ᠴᠡᠴᠡᠭ ᠤᠨ ᠦᠨᠦᠷ ᠪᠣᠳᠢ ᠪᠡᠶ᠎ᠡ ᠶᠢᠨ ᠬᠢᠨᠢ ᠦᠨᠦᠷ | ᠪᠤᠯᠬᠤ ᠳᠤ ᠪᠦᠱᠦᠭᠦᠷᠬᠡᠯ ᠰᠢᠷᠪᠡᠭᠡᠲᠦᠯ ᠪᠦᠭᠦᠨ ᠢᠶᠠᠨ ᠮᠠᠷᠲᠠᠵᠤ ᠨᠠᠷᠨ ᠤᠷᠭᠤᠳᠠᠯᠠ ᠨᠠᠳᠠ ᠳᠠᠭᠠᠨ ᠢᠨᠢᠶᠡᠳᠦ | ᠳᠠᠭᠤᠤ ᠰᠠᠴᠤᠷᠠᠭᠤᠯᠤᠩᠬᠠᠨ ᠬᠡᠯᠡᠭᠰᠡᠨ ᠪᠢᠵᠡ︕ | ︽ᠲᠠᠨ ᠢ ᠬᠦᠯᠢᠶᠡᠬᠦ ᠰᠡᠳᠬᠢᠯ ᠤᠨ ᠲᠥᠪ ᠴᠢᠭ ᠠᠴᠠ ᠪᠠᠨ ᠪᠢ ᠬᠡᠵᠢᠶ᠎ᠡ ᠴᠤ ᠶᠠᠪᠤᠵᠤ ᠵᠢᠷᠦᠬᠡᠯᠡᠬᠦ ᠦᠭᠡᠢ ᠰᠢᠤ | ︕︾ ᠭᠡᠬᠦ ᠳᠤ᠄ | ︽ᠠᠵᠠ ᠵᠢᠷᠭᠠᠯ ᠪᠣᠯ ᠪᠣᠯᠵᠣᠮᠣᠷ᠂ ᠨᠢᠰᠦᠭᠡᠳ ᠶᠠᠪᠤᠴᠢᠬᠠᠪᠠᠯ᠂ ᠴᠡᠴᠡᠭ ᠳᠡᠯᠭᠡᠷᠡᠵᠦ ᠲᠡᠯᠪᠢ ᠪᠠᠨ ᠬᠤᠮᠢᠵᠤ᠂ | ᠵᠡᠷᠯᠢᠭ ᠵᠢᠮᠢᠰ ᠮᠥᠴᠢᠷ ᠠᠴᠠ ᠪᠠᠨ ᠤᠶᠢᠰᠴᠤ ᠭᠠᠵᠠᠷᠳᠠᠬᠤ ᠰᠢᠭ᠋ ᠠᠬᠤᠢ ᠶᠢᠷᠲᠢᠨᠴᠦ ᠠᠬᠢᠭᠠᠳ ᠯᠡ ᠬᠤᠭᠤᠰᠤᠨ᠂ | ᠪᠠᠰᠠ ᠬᠠᠭᠤᠴᠢᠨ ᠮᠥᠷᠲᠡᠭᠡᠨ ᠵᠡᠭᠦᠳᠦᠯᠡᠵᠦ ᠰᠡᠷᠡᠭᠰᠡᠨ ᠮᠡᠲᠦ ᠵᠠᠮᠬᠠᠷᠠᠯ ᠪᠣᠯᠣᠨ᠎ᠠ︾ ᠭᠡᠵᠦ ᠮᠢᠨᠤ ᠦᠵᠡᠭᠰᠡᠨ ᠨᠢᠭᠡ | ᠺᠢᠨᠣ᠋ ᠳᠤ ᠳᠤᠷᠠᠯᠠᠯᠲᠤ ᠵᠠᠯᠠᠭᠤ ᠳᠠᠭᠠᠨ ᠪᠤᠯᠪᠠᠷᠠᠢ ᠥᠬᠢᠨ ᠨᠢ ᠲᠡᠭᠡᠵᠤ ᠶᠠᠷᠢᠳᠠᠭ ᠪᠠᠶᠢᠭᠰᠠᠨ ᠶᠤᠮ ᠭᠡᠯᠡ᠃ | ᠲᠡᠷᠡ ᠶᠠᠷᠢᠶ᠎ᠠ ᠲᠡᠭᠷᠢ ᠭᠠᠵᠠᠷ ᠳᠤᠮᠳᠠᠬᠢ ᠪᠢᠳᠡ ᠬᠤᠶᠠᠷ ᠤᠨ ᠪᠡᠯᠭᠡ ᠰᠤᠪᠢᠩ ᠰᠢᠭ᠋ ᠪᠠᠰᠠ ᠲᠡᠭᠡᠭᠡᠳ ᠨᠢᠰᠦᠭᠡᠳ | ᠶᠠᠪᠤᠴᠢᠬᠠᠨ᠎ᠠ ᠭᠡᠬᠦᠯᠡᠷ ᠶᠡᠭᠡ ᠯᠡ ᠬᠠᠷᠠᠮᠰᠠᠯ ᠭᠤᠨᠢᠭ ᠲᠠᠢ ᠭᠱᠠᠨ ᠰᠠᠨᠠᠭᠳᠠᠨ᠎ᠠ᠃ ᠭᠡᠪᠡᠴᠦ ᠢᠷᠡᠨ᠎ᠡ ᠭᠡᠰᠡᠨ ᠰᠠᠶᠢᠬᠠᠨ | ᠰᠤᠷᠠᠭ ᠴᠢᠮᠡᠭᠡᠨ ᠳᠤ ᠴᠠᠭ ᠶᠠᠪᠤᠵᠤ ᠪᠠᠶᠢᠳᠠᠭ᠃ | ᠶᠠᠭ ᠯᠠ ᠥᠨᠥ ᠠᠴᠠ ᠮᠠᠷᠭᠠᠰᠢ ᠤᠷᠤᠭᠤ ᠶᠠᠭᠤ ᠨᠢᠭᠡ ᠶᠢ ᠬᠢᠵᠦ ᠪᠦᠲᠦᠭᠡᠬᠦ ᠰᠠᠨ ᠭᠡᠳ ᠵᠣᠷᠢᠭ ᠰᠢᠭᠤᠳᠤᠭᠠᠳ | ᠣᠷᠣᠳᠠᠭ᠂ ᠴᠠᠯ ᠵᠠᠯᠠᠭᠤᠬᠠᠨ ᠬᠦᠰᠡᠯ ᠮᠥᠷᠥᠭᠡᠳᠦᠯ ᠲᠠᠢ ᠮᠢᠨᠢ ᠡᠩ ᠵᠡᠷᠭᠡᠴᠡᠵᠦ᠂ ᠰᠢᠪᠠᠭᠤ ᠨᠢᠰᠴᠦ ᠢᠷᠡᠬᠦ᠂ ᠤᠷᠢ | ᠬᠠᠪᠤᠷ ᠠᠭᠤᠵᠢᠮ ᠲᠠᠯ᠎ᠠ ᠳᠠᠭᠠᠨ ᠬᠠᠷᠢᠶᠠᠴᠠᠢ ᠰᠢᠭᠦᠷᠭᠡᠶᠢᠯᠡᠭᠦᠯᠵᠤ ᠢᠷᠡᠬᠦ᠂ ᠤᠷᠭᠤᠬᠤ ᠠᠴᠠ ᠤᠯᠠᠨ ᠤᠷᠭᠤᠮᠠᠯ | ᠪᠣᠳᠠᠰ ᠣᠷᠭᠠᠨᠢᠭ ᠳᠡᠯᠡᠬᠡᠢ ᠪᠠᠨ ᠪᠠᠶᠠᠰᠬᠠᠨ᠂ ᠮᠣᠳᠣᠨ ᠤ ᠮᠥᠴᠢᠷ ᠲᠤ ᠳᠡᠯᠪᠡᠭᠡ ᠨᠡᠮᠡᠬᠦ᠂ ᠮᠥᠷᠡᠨ ᠤ ᠬᠦᠴᠦᠲᠦ | ᠤᠷᠤᠰᠬᠠᠯ ᠳᠤ ᠳᠣᠯᠭᠢᠶ᠎ᠠ ᠨᠡᠮᠡᠬᠦ᠂ ᠮᠠᠯ ᠰᠦᠷᠦᠭ ᠲᠤ ᠲᠥᠯ ᠨᠡᠮᠡᠬᠦ᠂ ᠮᠠᠨ ᠤ ᠲᠠᠨ ᠤ ᠬᠤᠭᠤᠷᠣᠨᠳᠤ ᠰᠠᠭᠠᠯᠢ | ᠰᠦᠨ ᠤ ᠤᠯᠠᠷᠢᠯ ᠪᠣᠯᠵᠤ ᠭᠦᠷ ᠨᠠᠷᠭᠢᠶᠠᠨ ᠨᠡᠮᠡᠨ ᠮᠠᠰᠢᠳᠠ ᠳᠡᠯᠭᠡᠷ ᠮᠠᠩᠯᠠᠢ ᠰᠠᠶᠢᠬᠠᠨ ᠴᠠᠭ ᠢᠷᠡᠬᠦ ᠨᠢ ᠪᠠᠶᠢᠨ᠎ᠠ ᠳ᠋ᠠ | ᠭᠡᠬᠦ ᠳᠤ᠂ | ︽ᠬᠥᠶ᠋ᠢ︕ ᠬᠥᠶ᠋ᠢ᠂ ᠶᠠᠭᠠᠬᠢᠭᠰᠠᠨ ᠶᠠᠭᠠᠬᠢᠭᠰᠠᠨ ᠭᠠᠵᠠᠷ ᠳᠡᠯᠡᠬᠡᠢ ᠭᠡᠨ᠎ᠡ᠂ ᠶᠠᠮᠠᠷ ᠴᠤ ᠠᠷᠪᠢᠨ ᠢᠷᠠᠭᠤ | ᠰᠢᠯᠦᠭ ᠳᠠᠭᠤᠯᠠᠯ ᠬᠡᠯᠡᠬᠦ ᠨᠢ ᠪᠤᠢ︖ ᠴᠠᠭᠠᠨᠠᠬᠢ ᠨᠢ ᠪᠢᠰᠢ︕ ᠶᠠᠭ ᠤᠳᠤ ᠠᠴᠠ ᠤᠳᠤ ᠶᠢᠨ ᠮᠢᠨᠤ ᠳᠡᠷᠭᠡᠳᠡᠬᠢ | ᠲᠠ᠂ ᠠᠵᠠ ᠵᠢᠷᠭᠠᠯ ᠢ ᠶᠠᠭᠤ ᠭᠡᠬᠦᠪ ᠤᠤ︾ ᠭᠡᠪᠡ᠃ | ᠨᠢᠳᠦ ᠠᠷᠭᠠᠭᠤᠯᠬᠤ ᠨᠠᠷᠠᠨ ᠤ ᠲᠤᠶᠠᠭ᠎ᠠ᠂ ᠨᠡᠭᠦᠵᠦ ᠶᠠᠪᠤᠭ᠎ᠠ ᠡᠭᠦᠯᠡᠰ ᠤᠨ ᠪᠠᠷ᠎ᠠ ᠶᠢ ᠬᠠᠷᠠᠭᠠᠳ ᠪᠢ᠄ | ︽ᠠᠵᠠ ᠵᠢᠷᠭᠠᠯ ᠵᠤᠨ ᠤ ᠨᠠᠷᠠ᠂ ᠴᠡᠴᠡᠭ ᠤᠨ ᠲᠡᠯᠪᠢ ᠰᠢᠷᠠᠬᠤ ᠳᠤ ᠡᠭᠦᠯᠡᠨ ᠴᠣᠬᠤᠷ ᠰᠡᠭᠦᠳᠡᠷ᠂ ᠵᠠᠮ ᠤᠨ | ᠲᠠᠯᠠᠩ ᠢ ᠬᠦᠦ ᠡᠵᠢ ᠪᠠᠨ ᠭᠡᠵᠦ ᠬᠠᠭᠤᠷᠲᠠᠬᠤ ᠵᠢᠭᠠᠬᠠᠨ ᠦᠨᠡᠮᠰᠢᠯ ᠠᠵᠠ ᠵᠢᠷᠭᠠᠯ᠂ ᠵᠠ︕ ᠴᠢ ᠮᠢᠨᠢ ᠲᠦᠷ | ᠠᠮᠠᠷᠠᠵᠤ ᠪᠠᠶᠢᠭᠠᠷᠠᠢ ᠭᠡᠳ ᠠᠶᠠᠭ᠎ᠠ ᠴᠠᠢ ᠬᠢᠵᠦ ᠥᠭᠬᠦ ᠠᠵᠠ ᠵᠢᠷᠭᠠᠯ ᠁ ᠠᠵᠠ ᠵᠢᠷᠭᠠᠯ ᠤᠨ ᠭᠱᠠᠨ ᠵᠠᠭᠤᠷ᠎ᠠ | ᠲᠣᠬᠢᠶᠠᠯᠳᠤᠯ ᠲᠤᠩ ᠤᠯᠠᠨ᠂ ᠬᠠᠷᠢᠨ ᠬᠥᠮᠥᠨ ᠥᠪᠡᠷ ᠢᠶᠠᠨ ᠡᠨᠡ ᠬᠦ ᠭᠱᠠᠨ ᠢ ᠣᠯᠵᠤ ᠬᠡᠷᠬᠢᠨ ᠣᠶᠢᠯᠠᠭᠠᠬᠤ ᠳᠤ | ᠪᠤᠢ︾ ᠭᠡᠯᠡ᠃ | ᠲᠡᠭᠡᠪᠡᠯ ᠲᠡᠷᠡ ᠠᠵᠠ ᠵᠢᠷᠭᠠᠯ ᠴᠢᠨᠢ ᠲᠡᠭᠷᠢ ᠶᠢᠨ ᠨᠠᠷᠠ ᠰᠢᠭ᠋ ᠭᠠᠭᠴᠠᠬᠠᠨ ᠪᠢᠰᠢ ᠶᠤᠮ ᠪᠠᠶᠢᠨ᠎ᠠ᠃ ᠴᠢ ᠨᠠᠮᠠᠶᠢ | ᠬᠦᠯᠢᠶᠡᠭᠡᠳ ᠴᠠᠭ ᠢᠶᠠᠨ ᠬᠠᠷᠠᠵᠤ ᠵᠣᠭᠰᠣᠭᠰᠠᠨ ᠴᠢᠨᠢ ᠠᠵᠠ ᠵᠢᠷᠭᠠᠯ ᠮᠥᠨ ᠪᠢᠵᠡ︕ ᠨᠢᠰᠬᠦ ᠪᠢᠰᠢ ᠤᠷᠭᠤᠵᠤ | ᠪᠠᠶᠢᠭ᠎ᠠ ᠡᠪᠡᠰᠦ ᠴᠡᠴᠡᠭ ᠢ ᠠᠵᠠ ᠵᠢᠷᠭᠠᠯ ᠭᠡᠬᠦ ᠤᠤ︖ | ︽ᠮᠥᠨ ᠠᠴᠠ ᠮᠥᠨ ᠰᠢᠤ︕ ᠤᠷᠭᠤᠵᠤ ᠪᠠᠶᠢᠭ᠎ᠠ ᠡᠪᠡᠰᠦ ᠴᠡᠴᠡᠭ ᠠᠵᠠ ᠵᠢᠷᠭᠠᠯ ᠮᠥᠨ︕ ᠤᠷᠤᠰᠴᠤ | ᠪᠠᠶᠢᠭ᠎ᠠ ᠤᠰᠤ ᠠᠵᠠ ᠵᠢᠷᠭᠠᠯ ᠮᠥᠨ᠂ ᠤᠨᠲᠠᠵᠤ ᠪᠠᠶᠢᠭ᠎ᠠ ᠪᠤᠭᠤ ᠶᠢᠨ ᠨᠦᠷ᠎ᠡ ᠠᠵᠠ ᠵᠢᠷᠭᠠᠯ ᠮᠥᠨ᠂ ᠤᠳᠠᠬᠤ | ᠦᠭᠡᠢ ᠨᠡᠪᠴᠢᠬᠦ ᠭᠡᠳ ᠨᠠᠷᠠᠨ ᠳᠤ ᠥᠩᠭᠡ ᠨᠢ ᠪᠣᠷᠣᠯᠠᠨ ᠭᠡᠷᠡᠯᠳᠤᠨ ᠴᠢᠨᠦᠷᠡᠵᠦ ᠪᠠᠶᠢᠭ᠎ᠠ ᠰᠢᠪᠠᠭᠤᠨ ᠤ ᠥᠨᠳᠡᠭᠡ | ᠴᠤ ᠴᠥᠮ ᠭᠱᠠᠨ ᠵᠠᠭᠤᠷ᠎ᠠ ᠶᠢᠨ ᠪᠥᠭᠡᠳ ᠠᠯᠳᠠᠨ ᠮᠠᠷᠭᠠᠰᠢ ᠶᠢ ᠡᠭᠦᠰᠬᠡᠬᠦ ᠠᠵᠠ ᠵᠢᠷᠭᠠᠯ ᠮᠥᠨ ᠰᠢᠦ︕︾ | ︽ᠲᠡᠭᠡᠭᠡᠳ ᠴᠢ ᠪᠢᠳᠡ ᠬᠤᠶᠠᠷ ᠡᠨᠡ ᠭᠱᠠᠨ ᠵᠠᠭᠤᠷ᠎ᠠ ᠶᠢᠨ ᠠᠵᠠ ᠵᠢᠷᠭᠠᠯ ᠢ ᠶᠠᠭᠠᠬᠢᠵᠤ ᠮᠡᠳᠡᠷᠡᠵᠦ ᠪᠠᠰᠠ ᠭᠱᠠᠨ | ᠵᠠᠭᠤᠷ᠎ᠠ ᠶᠢᠨ ᠠᠵᠠ ᠵᠢᠷᠭᠠᠯ ᠢ ᠶᠠᠮᠠᠷ ᠨᠢᠳᠦ ᠪᠠᠷ ᠬᠠᠷᠠᠵᠤ ᠢᠨᠠᠭ ᠤᠨ ᠰᠡᠳᠬᠢᠯ ᠢᠶᠠᠷ ᠭᠦᠷᠳᠡᠨ ᠬᠡᠯᠬᠢᠬᠦ ᠶᠤᠮ ᠪᠤᠢ︖ | ︾ | ︽ᠠᠵᠠ ᠵᠢᠷᠭᠠᠯ ᠭᠱᠠᠨ ᠵᠠᠭᠤᠷ᠎ᠠ ᠶᠢᠨ ᠪᠥᠭᠡᠳ ᠠᠯᠳᠠᠨ ᠮᠠᠷᠭᠠᠰᠢ ᠶᠢᠨ ᠡᠭᠦᠰᠭᠡᠭᠦᠷ ᠪᠠᠶᠢᠳᠠᠭ ᠨᠢ ᠨᠠᠰᠤᠨ | ᠲᠤᠷᠰᠢ ᠶᠢᠨ ᠬᠠᠶᠢᠷ᠎ᠠ ᠰᠡᠳᠬᠢᠯᠭᠡ ᠶᠢᠨ ᠤᠳᠠᠭᠠᠨ ᠬᠠᠳᠠᠭᠠᠯᠠᠭᠳᠠᠴᠠ ᠲᠠᠢ ᠬᠦᠰᠡᠯ ᠮᠥᠷᠥᠭᠡᠳᠦᠯ ᠤᠨ ᠳᠠᠭᠤᠰᠤᠰᠢ | ᠦᠭᠡᠢ ᠴᠡᠨᠡᠭ ᠪᠠᠶᠢᠭᠰᠠᠨ ᠤ ᠬᠢ ᠪᠣᠯᠣᠨ᠎ᠠ︾᠃ | ᠡᠷᠡᠦ ᠪᠠᠨ ᠲᠤᠯᠵᠤ ᠰᠠᠭᠤᠭᠰᠠᠨ ᠡᠷᠬᠡ ᠲᠠᠩᠬᠢᠯᠬᠠᠨ ᠶᠠᠩᠵᠤ ᠪᠠᠷ ᠢᠶᠠᠨ ᠡᠨᠡ ᠦᠭᠡᠨ ᠳᠤ ᠲᠡᠷᠡ ᠮᠠᠨᠢ᠂ ᠮᠠᠰᠢ | ᠬᠠᠨᠤᠮᠵᠢᠳᠠᠢ᠂ ᠮᠠᠩᠨᠠᠢ ᠲᠡᠨᠢᠭᠡᠷ᠂ ᠳᠣᠲᠣᠷ᠎ᠠ ᠠᠴᠠ ᠪᠠᠨ ᠭᠡᠷᠡᠯᠳᠤᠵᠤ᠂ ᠳᠣᠣᠷ᠎ᠠ ᠠᠴᠠ ᠪᠠᠨ ᠤᠷᠭᠤᠮᠡ ᠰᠠᠶᠢᠬᠠᠨ | ᠮᠦᠰᠢᠶᠡᠵᠦ᠄ | ︽ᠤᠳᠤ ᠶᠠᠭ ᠭᠱᠠᠨ ᠵᠠᠭᠤᠷ᠎ᠠ ᠳᠤ ᠣᠴᠢᠯᠠᠬᠤ ᠭᠠᠯ ᠰᠢᠭ᠋ ᠤᠷᠤᠭᠤᠯ ᠤᠨ ᠬᠠᠯᠠᠭᠤᠨ ᠪᠡᠯ ᠢᠶᠠᠷ ᠤᠳᠠᠲᠠᠯ᠎ᠠ ᠪᠠᠨ | ᠬᠤᠶᠠᠭᠤᠯᠠ ᠦᠨᠦᠰᠦᠯᠴᠡᠶᠡ︾ ᠭᠡᠵᠦ ᠨᠠᠮᠠᠶᠢ ᠬᠦᠵᠦᠭᠦᠦ ᠪᠠᠷ ᠮᠢᠨᠢ ᠲᠡᠪᠡᠷᠢᠨ᠂ ᠨᠠᠷᠠᠨ ᠠᠴᠠ ᠪᠢᠲᠡᠭᠡᠢ ᠪᠦᠱᠤᠭᠦᠷᠭᠡ | ᠂ ᠨᠠᠪᠴᠢᠨ ᠠᠴᠠ ᠪᠢᠲᠡᠭᠡᠢ ᠪᠦᠱᠤᠭᠦᠷᠭᠡ᠂ ᠨᠤᠲᠤᠭ ᠠᠴᠠ ᠪᠠᠨ ᠪᠢᠲᠡᠭᠡᠢ ᠪᠦᠱᠤᠭᠦᠷᠭᠡ᠂ ᠨᠠᠳᠠ ᠠᠴᠠ ᠪᠦᠱᠤᠭᠦᠷᠭᠡ | ᠭᠡᠵᠦ ᠨᠢᠳᠦ ᠪᠠᠨ ᠠᠨᠢᠬᠤ ᠶᠢᠨ ᠲᠡᠷᠡ ᠭᠱᠠᠨ᠃ | ᠢᠩᠭᠢᠬᠦ ᠳᠤ ᠭᠱᠠᠨ ᠵᠠᠭᠤᠷ᠎ᠠ ᠶᠢᠨ ᠠᠵᠠ ᠵᠢᠷᠭᠠᠯ ᠳᠠᠩᠴᠤ ᠲᠡᠭᠷᠢᠯᠢᠭ ᠢᠷᠠᠭᠤ ᠳᠥᠯᠭᠡᠬᠡᠨ ᠮᠥᠷᠲᠡᠭᠡᠨ | ᠬᠢᠵᠠᠭᠠᠯᠠᠰᠢ ᠦᠭᠡᠢ ᠨᠡᠯᠦᠭᠡᠷ ᠶᠡᠭᠡ ᠲᠠᠯᠠᠢ ᠶᠢᠨ ᠴᠡᠭᠡᠯ ᠳᠤᠨᠢ ᠬᠥᠯ ᠲᠦᠷᠦᠵᠤ ᠦᠵᠡᠭᠡ ᠦᠭᠡᠢ ᠠᠮᠢᠰᠬᠤᠯ | ᠴᠢᠬᠤᠯᠳᠠᠭᠤᠯᠤᠨ ᠬᠦᠢᠰᠦ ᠬᠦᠷᠬᠦ ᠶᠢᠨ ᠤᠰᠤᠨ ᠤ ᠲᠦᠪᠰᠢᠨ ᠶᠤᠮ ᠪᠠᠶᠢᠨ᠎ᠠ᠃ | ᠡᠨᠡ ᠨᠢ ᠨᠠᠷᠠᠨ ᠤ ᠬᠢᠯᠢ᠂ ᠨᠠᠪᠴᠢᠨ ᠤ ᠬᠢᠯᠢ᠂ ᠨᠤᠲᠤᠭ ᠤᠨ ᠬᠢᠯᠢ᠂ ᠨᠢᠳᠦᠨ ᠤ ᠪᠠᠰᠠ ᠬᠢᠯᠢ ᠭᠡᠰᠡᠨ ᠢ ᠭᠱᠠᠨ | ᠵᠠᠭᠤᠷ᠎ᠠ ᠨᠠᠳᠠ ᠠᠳᠠᠲᠠᠢ ᠲᠠᠨᠢᠭᠤᠯᠤᠯᠠ᠃ ᠭᠱᠠᠨ ᠵᠠᠭᠤᠷ᠎ᠠ ᠨᠢ ᠭᠡᠨᠡᠨ ᠮᠥᠷᠲᠡᠭᠡᠨ ᠠᠵᠠ ᠵᠢᠷᠭᠠᠯ ᠤᠨ ᠭᠡᠨᠡᠳᠲᠡ ᠶᠢᠨ | ᠥᠭᠭᠦᠭᠳᠡᠯ ᠪᠡᠯᠡᠭ ᠪᠠᠶᠢᠳᠠᠭ᠃ | ᠪᠢᠳᠡ ᠬᠤᠶᠠᠷ ᠠᠵᠠ ᠵᠢᠷᠭᠠᠯ ᠤᠨ ᠶᠠᠮᠠᠷ ᠦᠯᠢᠭᠡᠷ ᠲᠤᠮᠤᠭ ᠢ ᠡᠭᠦᠰᠬᠡᠬᠦ ᠪᠤᠢ ᠭᠡᠬᠦ ᠳᠤ᠄ ᠲᠡᠷᠡ ᠮᠠᠨᠢ ᠲᠡᠭᠷᠢ | ᠳᠣᠣᠷᠠᠬᠢ ᠠᠯᠳᠠᠨ ᠠᠭᠠᠷ᠂ ᠠᠬᠤᠢ ᠳᠡᠯᠡᠬᠡᠢ ᠶᠢᠨ ᠠᠷᠪᠠᠨ ᠵᠦᠭ ᠢ ᠬᠢᠵᠠᠭᠠᠷ ᠦᠭᠡᠢ ᠠᠮᠢᠰᠬᠤᠯᠯᠠᠵᠤ ᠭᠦᠷᠳᠡᠭᠦ | ᠮᠡᠲᠦ ᠬᠤᠶᠠᠷ ᠭᠠᠷ ᠢᠶᠠᠨ ᠳᠡᠯᠭᠡᠨ ︽ᠬᠢᠵᠠᠭᠠᠷ ᠦᠭᠡᠢ ᠬᠢᠵᠠᠭᠠᠷ ᠠᠴᠠ ᠪᠢ ᠢᠷᠡᠯ᠎ᠡ᠃ ᠬᠡᠳᠦᠨ ᠵᠠᠭᠤᠨ ᠤ | ᠴᠠᠭᠠᠨ᠎ᠠ ᠠᠴᠠ ᠬᠡᠳᠦᠨ ᠲᠠᠯᠠᠢ ᠶᠢᠨ ᠴᠠᠭᠠᠨ᠎ᠠ ᠠᠴᠠ᠂ ᠬᠡᠳᠦᠨ ᠬᠠᠩᠭᠠᠢ ᠬᠥᠪᠴᠢ ᠶᠢᠨ ᠴᠠᠭᠠᠨ᠎ᠠ ᠁︾ ᠭᠡᠵᠦ | ᠲᠠᠭᠤᠨ ᠠᠯᠳᠠᠨ ᠬᠡᠯᠡᠭᠰᠡᠨ ᠢᠶᠠᠨ ᠳᠠᠭᠤᠷᠢᠰᠴᠤ ᠶᠡᠭᠡ ᠲᠠᠯ᠎ᠠ ᠶᠢᠨ ᠢᠶᠠᠨ ᠠᠨᠢᠷ ᠪᠣᠯᠣᠨ ᠶᠠᠪᠤᠬᠤ ᠳᠤ ︽ᠪᠢᠳᠡ ᠠᠵᠠ | ᠵᠠᠶᠠᠭᠠᠨ ᠤ ᠲᠣᠭᠤᠷᠢᠭ ᠲᠤ ᠨᠡᠶᠢᠯᠡᠬᠦ ᠭᠡᠵᠦ ᠬᠡᠴᠢᠨᠡᠭᠡᠨ ᠠᠭᠤᠯᠠ ᠤᠰᠤᠨ ᠤ ᠴᠠᠭᠠᠨ᠎ᠠ ᠠᠴᠠ ᠬᠡᠳᠦᠢ ᠴᠤ ᠵᠢᠳᠬᠦᠯ᠎ᠡ | ᠳ᠋ᠠ︾ ᠭᠡᠵᠦ ᠪᠢ ᠬᠠᠷᠢᠭᠤ ᠬᠡᠯᠡᠭᠡᠳ ᠭᠱᠠᠨ ᠵᠠᠭᠤᠷ᠎ᠠ ᠶᠢᠨ ᠠᠵᠠ ᠵᠢᠷᠭᠠᠯ ᠳᠠᠭᠠᠨ ᠠᠩᠭᠢᠷ ᠬᠤᠶᠠᠷ ᠬᠤᠨ ᠰᠢᠭ᠋᠂ | ᠠᠯᠠᠭ ᠬᠤᠶᠠᠷ ᠡᠷᠪᠡᠬᠡᠢ ᠰᠢᠭ ᠭᠱᠠᠨ ᠵᠠᠭᠤᠷ᠎ᠠ ᠨᠢᠰᠴᠦ ᠢᠷᠡᠭᠡᠳ ᠭᠱᠠᠨ ᠵᠠᠭᠤᠷ᠎ᠠ ᠡᠭᠦᠷ ᠢᠶᠠᠨ ᠵᠠᠰᠠᠵᠤ᠂ ᠥᠨᠳᠡᠭᠡ | ᠵᠤᠯᠵᠠᠭ᠎ᠠ ᠪᠠᠨ ᠪᠤᠶᠢᠵᠢᠭᠤᠯᠬᠤ ᠠᠪᠤ ᠡᠵᠢ ᠬᠤᠶᠠᠷ ᠪᠣᠯᠵᠣᠮᠣᠷ ᠰᠢᠭ᠋ ᠠᠶᠠᠯᠭᠤ ᠢᠷᠠᠭᠤᠬᠠᠨ ᠪᠠᠶᠢᠯ᠎ᠠ᠃ | |