ᠵᠤᠨ
ᠨᠡᠶᠢᠲᠡᠯᠡᠭᠰᠡᠨ ᠴᠠᠭ᠄
2024/7/19
    ᠵᠤᠨ ᠢ    ᠵᠣᠭᠰᠤᠭ᠎ᠠ ᠪᠠᠷ ᠬᠦᠯᠢᠶᠡᠭᠰᠡᠨ ᠮᠣᠳᠣᠳ ᠤᠨ    ᠨᠠᠪᠴᠢᠨ ᠳᠤᠨᠢ ᠬᠠᠳᠠᠭ ᠨᠠᠮᠢᠷᠠᠵᠤ    ᠮᠥᠴᠢᠷ ᠲᠤᠨᠢ ᠰᠢᠪᠠᠭᠤᠳ ᠳᠠᠭᠤᠯᠠᠯᠴᠠᠨ᠎ᠠ᠃    ᠠᠷᠮᠠᠭ ᠴᠠᠭᠠᠨ ᠡᠭᠦᠯᠡᠰ ᠢ    ᠠᠳᠤᠭᠤᠳ ᠢᠶᠠᠨ ᠰᠢᠭ᠋ ᠢᠰᠬᠡᠷᠴᠦ    ᠠᠲᠠᠷ ᠬᠡᠭᠡᠷ᠎ᠡ ᠶᠢᠨ ᠴᠡᠴᠡᠭᠡᠰ ᠢ    ᠠᠮᠠᠷᠠᠭ ᠢᠶᠠᠨ ᠰᠢᠭ᠋ ᠠᠷᠭᠠᠳᠠᠩᠬᠠᠨ    ᠵᠤᠨ ᠤ ᠵᠥᠭᠡᠯᠡᠨ ᠰᠠᠯᠬᠢ    ᠵᠤᠤᠮᠠᠯᠵᠠᠭᠰᠠᠨ ᠢᠨᠢᠶᠡᠳᠦ ᠲᠠᠢ ᠰᠡᠪᠡᠯᠵᠡᠨ᠎ᠡ᠃    ᠳᠠᠭᠠᠬᠢ ᠠᠴᠠ ᠰᠠᠯᠤᠭᠰᠠᠨ    ᠲᠠᠭ᠎ᠠ ᠰᠠᠷᠪᠠ ᠰᠢᠭ᠋ ᠲᠤᠪᠤ ᠲᠣᠯᠣᠭᠠᠳ    ᠠᠭᠤᠯᠠᠰ ᠤᠨ ᠬᠠᠷᠠᠭᠠᠨ ᠳᠤ ᠨᠢᠯᠬᠠᠷᠠᠵᠤ    ᠤᠰᠤᠨ ᠤ ᠴᠡᠭᠡᠯ ᠢᠶᠠᠷ ᠲᠤᠨᠢᠶᠠᠷᠬᠠᠨ    ᠬᠥᠮᠥᠨ ᠵᠤᠨ ᠤ ᠭᠦᠭ ᠠᠶᠠᠯᠭᠤ    ᠬᠥᠬᠦᠭᠡ ᠶᠢᠨ ᠲᠠᠭᠤᠨ ᠢᠶᠠᠷ ᠤᠶᠠᠩᠭᠠᠷᠠᠨ᠎ᠠ᠃    ᠨᠠᠭᠤᠷ ᠪᠦᠷᠢᠳᠦ    ᠨᠠᠮᠵᠢᠭᠤᠨ ᠲᠠᠶᠢᠪᠤᠭᠤᠨ ᠲᠠᠯᠮᠢᠶᠠᠷᠠᠵᠤ    ᠨᠤᠭᠤᠰᠤ ᠭᠠᠯᠠᠭᠤᠳ ᠡᠷᠬᠡ ᠵᠢᠷᠭᠠᠨ᠎ᠠ    ᠨᠠᠷᠡᠨ ᠤ ᠠᠯᠳᠡᠨ ᠬᠠᠶᠢᠷᠰᠤ    ᠰᠠᠷᠡᠨ ᠤ ᠮᠥᠩᠭᠦᠨ ᠲᠤᠶᠠᠭ᠎ᠠ    ᠨᠠᠯᠠᠶᠢᠭᠰᠠᠨ ᠵᠤᠨ ᠤ ᠭᠦᠷᠦᠭ ᠢ ᠬᠠᠳᠬᠤᠮᠠᠯᠯᠠᠨ᠎ᠠ᠃    ᠴᠢᠯᠠᠭᠤᠳ ᠨᠢ ᠭᠦᠷᠳᠡᠯ᠎ᠡ    ᠴᠢᠰᠤ ᠲᠠᠢ ᠶᠤᠮ ᠰᠢᠭ᠋ ᠮᠢᠨᠴᠢᠯᠴᠡᠵᠤ    ᠴᠡᠴᠡᠭ ᠤᠨ ᠠᠮᠢᠰᠬᠤᠭ᠎ᠠ ᠲᠠᠢ ᠠᠭᠠᠷ ᠨᠢ ᠰᠡᠩᠭᠢᠨᠡᠨ᠎ᠡ᠂    ᠬᠤᠷᠠᠭ᠎ᠠ ᠲᠤᠭᠤᠯ    ᠰᠢᠯᠦᠭ ᠵᠢᠷᠤᠭ ᠤᠨ ᠬᠢ ᠰᠢᠭ᠋ ᠬᠥᠷᠥᠪᠡᠵᠢᠵᠦ    ᠬᠤᠷᠸ᠎ᠠ ᠪᠠᠶᠢᠭᠠᠯᠢ ᠦᠵᠡᠰᠭᠦᠯᠡᠩ ᠲᠡᠭᠦᠰ ᠭᠠᠩᠭᠠᠷᠠᠨ᠎ᠠ᠃    ᠬᠥᠮᠥᠨ ᠤ ᠰᠡᠳᠬᠢᠯ ᠳᠤ    ᠵᠤᠨ ᠨᠠᠯᠠᠶᠢᠭᠠᠳ ᠯᠠ ᠁    ᠬᠥᠬᠦᠭᠡ ᠶᠢᠨ ᠲᠠᠭᠤ ᠪᠠᠷ    ᠵᠢᠷᠤᠭ ᠮᠢᠷᠠᠯᠵᠠᠭᠠᠳ ᠯᠠ ᠁
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号