ᠬᠠᠶᠢᠷ᠎ᠠ ᠲᠦᠷᠦᠯ ᠠᠷᠠᠯᠵᠢᠳᠠᠭ ᠪᠣᠯ ᠤᠤ⁈
ᠨᠡᠶᠢᠲᠡᠯᠡᠭᠰᠡᠨ ᠴᠠᠭ᠄
2024/8/9
    ᠰᠢᠯᠦᠭᠴᠢ ᠭᠤᠸᠠᠢ ᠠᠳᠠᠯᠢᠬᠠᠨ ᠵᠡᠭᠦᠳᠦ ᠶᠢ ᠭᠡᠳᠤ ᠤᠳᠠᠭ᠎ᠠ ᠵᠡᠭᠦᠳᠦᠯᠡᠵᠡᠢ᠃    ᠦᠳᠡ ᠶᠢᠨ ᠨᠦᠢᠷ ᠤᠨ ᠳᠤᠮᠳᠠ ᠪᠠᠨ ᠳᠠᠩᠳᠠ ᠨᠢᠭᠡᠨ ᠪᠤᠭᠤᠷᠤᠯ ᠬᠥᠭᠰᠢᠨ ᠥᠪᠡᠷ ᠢ ᠨᠢ ᠳᠠᠭᠤᠳᠠᠵᠤ ᠢᠳᠡᠬᠦ ᠳᠤᠷ᠎ᠠ ᠲᠠᠢ ᠭᠤᠭᠤᠳ ᠤᠨ ᠰᠢᠶᠠᠨᠽᠢ ᠲᠠᠢ ᠱᠠᠯᠪᠢᠩ ᠢ ᠨᠢ ᠢᠳᠡᠭᠦᠯᠵᠦ ᠪᠠᠶᠢᠨ᠎ᠠ ᠭᠡᠵᠦ ᠵᠡᠭᠦᠳᠦᠯᠡᠭᠡᠳ ᠰᠡᠷᠢᠳᠡᠭ ᠠᠵᠢ᠃    ᠨᠢᠭᠡ ᠤᠳᠠᠭ᠎ᠠ ᠶᠢᠨ ᠵᠡᠭᠦᠳᠦ ᠨᠢ ᠨᠡᠩ ᠴᠦ ᠦᠨᠡᠨ ᠰᠢᠭ᠃ ᠰᠡᠷᠢᠭᠦ ᠳᠤ ᠠᠮᠠᠨ ᠳᠤᠨᠢ ᠭᠤᠭᠤᠳ ᠠᠮᠲᠠᠭᠳᠠᠭᠰᠠᠭᠠᠷ ᠠᠵᠢ᠃    ᠰᠢᠯᠦᠭᠴᠢ ᠭᠠᠶᠢᠬᠠᠯ ᠳᠦᠷᠦᠵᠤ ᠵᠡᠭᠦᠳᠦᠨ ᠳᠤ ᠢᠯᠡᠷᠡᠭᠰᠡᠨ ᠵᠡᠭᠡᠯᠢ ᠭᠤᠳᠤᠮᠵᠢ ᠶᠢ ᠮᠦᠷᠳᠡᠨ ᠶᠠᠪᠤᠵᠤ ᠦᠵᠡᠵᠡᠢ ᠃ ᠨᠡᠬᠡᠷᠡᠨ ᠵᠡᠭᠦᠳᠦᠨ ᠳᠠᠬᠢ ᠲᠡᠷᠡ ᠵᠡᠭᠡᠯᠢ ᠭᠤᠳᠤᠮᠵᠢ ᠲᠠᠢ ᠠᠳᠠᠯᠢᠪᠲᠤᠷ ᠭᠠᠵᠠᠷ ᠢ ᠣᠯᠵᠤ ᠮᠠᠲᠠᠵᠠᠢ᠃ ᠳᠣᠲᠣᠭᠰᠢ ᠠᠯᠬᠤᠭᠰᠠᠭᠠᠷ ᠶᠠᠪᠤᠵᠤ ᠥᠨᠥ ᠬᠠᠭᠤᠴᠢᠪᠲᠤᠷ ᠭᠡᠷ ᠤᠨ ᠡᠭᠦᠳᠡᠨ ᠳᠤ ᠢᠷᠡᠵᠠᠢ᠃ ᠨᠢᠭᠡᠨ ᠪᠤᠭᠤᠷᠤᠯ ᠬᠥᠭᠰᠢᠨ ᠭᠠᠭᠴᠠᠭᠠᠷ ᠠᠮᠢᠳᠤᠷᠠᠳᠠᠭ ᠪᠠᠶᠢᠵᠠᠢ᠃    ᠬᠥᠭᠰᠢᠨ ᠲᠠᠢ ᠨᠡᠯᠢᠶᠡᠳ ᠵᠣᠭᠤᠭᠳᠠᠭᠠᠳ ᠴᠦ ᠳᠡᠮᠡᠢ ᠤᠨᠴᠠᠭᠠᠢ ᠪᠠᠶᠢᠳᠠᠯ ᠢ ᠢᠯᠡᠷᠡᠭᠦᠯᠦᠭᠰᠡᠨ ᠦᠭᠡᠢ᠃ ᠭᠡᠪᠡᠴᠦ ᠨᠢᠭᠡ ᠵᠢᠵᠢᠭ ᠥᠷᠥᠭᠡᠨ ᠳᠤᠨᠢ ᠣᠷᠣᠭᠠᠳ ᠣᠴᠢᠬᠤ ᠳᠤ ᠤᠯᠠᠨ ᠪᠢᠴᠢᠭ ᠨᠣᠮ ᠬᠤᠷᠢᠶᠠᠯᠭᠠᠰᠤᠳᠠᠢ ᠪᠠᠶᠢᠭᠰᠠᠨ ᠢ ᠣᠯᠵᠤ ᠮᠠᠲᠠᠵᠠᠢ᠃    ᠬᠥᠭᠰᠢᠨ ᠢ ᠨᠣᠮ ᠤᠩᠰᠢᠳᠠᠭ ᠶᠤᠮ ᠤᠤ ᠪᠢᠴᠢᠳᠡᠭ ᠨᠢᠭᠡ ᠨᠢ ᠪᠠᠶᠢᠭᠰᠠᠨ ᠪᠣᠯ ᠤᠤ ᠭᠡᠵᠦ ᠭᠠᠶᠢᠬᠠᠰᠢᠷᠠᠨ ᠠᠰᠠᠭᠤᠬᠤ ᠳᠤ ᠬᠥᠭᠰᠢᠨ᠄ ︽ᠪᠢ ᠶᠠᠮᠠᠷ ᠨᠣᠮ ᠤᠩᠰᠢᠴᠢᠬᠠᠬᠤ ᠪᠤᠢ ᠳ᠋ᠠ᠃ ᠲᠡᠷᠡ ᠴᠢᠨᠢ ᠮᠢᠨᠤ ᠬᠡᠦᠬᠡᠨ ᠤ ᠨᠣᠮ︾ ᠭᠡᠵᠡᠢ᠃    ᠬᠡᠦᠬᠡᠨ ᠨᠢ ᠬᠤᠷᠢᠭᠠᠳᠬᠠᠨ ᠨᠠᠰᠤᠨ ᠳᠠᠭᠠᠨ ᠨᠠᠰᠤ ᠪᠠᠷᠠᠭᠰᠠᠨ ᠭᠡᠨ᠎ᠡ᠃ ᠬᠥᠭᠰᠢᠨ ᠤ ᠠᠵᠠ ᠪᠤᠰᠤ ᠤᠴᠠᠷᠠᠯ ᠳᠤ ᠴᠣᠴᠢᠷᠳᠠᠭᠰᠠᠨ ᠰᠢᠯᠦᠭᠴᠢ ᠭᠤᠸᠠᠢ ᠴᠢᠨᠠᠭᠰᠢ ᠶᠠᠭᠤ ᠴᠦ ᠬᠡᠯᠡᠵᠦ ᠴᠢᠳᠠᠭᠰᠠᠨ ᠦᠭᠡᠢ᠃ ᠬᠠᠷᠢᠨ ᠨᠣᠮ ᠤᠨ ᠵᠠᠪᠰᠠᠷ ᠠᠴᠠ ᠬᠡᠦᠬᠡᠨ ᠤ ᠬᠢᠨᠢ ᠡᠷᠢᠶᠡᠴᠢᠭᠰᠡᠨ ᠴᠠᠭᠠᠰᠤ ᠬᠠᠪᠴᠢᠭᠤᠯᠤᠭᠠᠰᠤᠲᠠᠢ ᠶᠢ ᠣᠯᠵᠤ ᠬᠠᠷᠠᠵᠠᠢ᠃ ᠭᠠᠶᠢᠬᠠᠯᠲᠠᠢ ᠨᠢ ᠥᠪᠡᠷ ᠤᠨ ᠬᠢᠨᠢ ᠭᠠᠷ ᠤᠨ ᠲᠢᠭ ᠲᠠᠢ ᠶᠠᠭ ᠠᠳᠠᠯᠢᠬᠠᠨ ᠪᠠᠶᠢᠭᠰᠠᠨ ᠪᠥᠭᠡᠳ ᠨᠡᠩ ᠭᠠᠶᠢᠬᠠᠯᠲᠠᠢ ᠤᠴᠢᠷ ᠭᠠᠷᠴᠤ ᠢᠷᠡᠪᠡ᠃ ᠬᠡᠦᠬᠡᠨ ᠨᠢ ᠭᠤᠭᠤᠳ ᠤᠨ ᠰᠢᠶᠠᠨᠽᠢ ᠲᠠᠢ ᠱᠠᠯᠪᠢᠩ ᠢᠳᠡᠬᠦ ᠳᠤᠷ᠎ᠠ ᠲᠠᠢ ᠪᠣᠯᠬᠤᠷ ᠨᠢ ᠬᠥᠭᠰᠢᠨ ᠭᠤᠭᠤᠳ ᠤᠨ ᠰᠢᠶᠠᠨᠽᠢ ᠲᠠᠢ ᠱᠠᠯᠪᠢᠩ ᠬᠢᠬᠦ ᠪᠣᠯᠭᠠᠨ ᠡᠭᠦᠳᠡᠨ ᠳᠡᠭᠡᠷ᠎ᠡ ᠪᠠᠨ ᠵᠣᠭᠰᠣᠵᠤ ᠬᠡᠦᠬᠡᠨ ᠤ ᠪᠠᠨ ᠨᠡᠷ᠎ᠡ ᠪᠠᠷ ᠳᠠᠭᠤᠳᠠᠵᠤ ᠢᠳᠡᠭᠡᠨ ᠢᠶᠠᠨ ᠡᠷᠭᠦᠳᠡᠭ ᠭᠡᠨ᠎ᠡ᠃    ᠭᠡᠷ ᠲᠡᠭᠡᠨ ᠬᠠᠷᠢᠵᠤ ᠢᠷᠡᠴᠢᠬᠡᠭᠡᠳ ᠴᠦ ᠰᠢᠯᠦᠭᠴᠢ ᠭᠤᠸᠠᠢ ᠶᠢᠨ ᠰᠡᠳᠬᠢᠯ ᠤᠨ ᠳᠣᠭᠳᠣᠯᠤᠯ ᠨᠢ ᠤᠳᠠᠲᠠᠯ᠎ᠠ ᠨᠠᠮᠵᠢᠷᠠᠵᠤ ᠥᠭᠭᠦᠭᠰᠡᠨ ᠦᠭᠡᠢ᠃ ᠰᠢᠯᠦᠭᠴᠢ ᠭᠤᠸᠠᠢ ᠲᠡᠷᠡ ᠬᠥᠭᠰᠢᠨ ᠢ ᠥᠪᠡᠷ ᠲᠠᠢ ᠨᠢ ᠬᠤᠯᠪᠤᠭ᠎ᠠ ᠲᠠᠢ᠂ ᠲᠦᠷᠦᠭᠦᠦ ᠲᠦᠷᠦᠯ ᠤᠨ ᠬᠢᠨᠢ ᠡᠵᠢ ᠨᠢ ᠮᠥᠨ ᠭᠡᠵᠦ ᠢᠲᠡᠭᠡᠵᠡᠢ᠃ ᠳᠡᠭᠡᠭᠡᠳ ᠬᠥᠭᠰᠢᠨ ᠢ ᠨᠠᠰᠤᠨ ᠡᠴᠦᠰ ᠪᠤᠯᠳᠠᠯ᠎ᠠ ᠨᠢ ᠠᠴᠢᠯᠠᠭᠰᠠᠨ ᠶᠤᠮ ᠪᠠᠶᠢᠨ᠎ᠠ᠃    ᠪᠢ ᠡᠨᠡ ᠦᠯᠢᠭᠡᠷ ᠢ ᠰᠣᠨᠣᠰᠤᠭᠠᠳ ᠬᠤᠶᠠᠷ ᠵᠦᠢᠯ ᠤᠨ ᠶᠠᠭᠤᠮ᠎ᠠ ᠶᠢ ᠰᠡᠳᠬᠢᠯ ᠠᠴᠠ ᠪᠠᠨ ᠰᠦᠰᠦᠭᠯᠡᠨ ᠪᠢᠰᠢᠷᠡᠭᠰᠡᠨ᠃ ᠨᠢᠭᠡ ᠨᠢ ᠬᠥᠮᠥᠨ ᠤ ᠬᠤᠷᠢᠶᠠᠭᠰᠠᠨ ᠪᠤᠶᠠᠨ᠃ ᠨᠣᠮ ᠪᠢᠴᠢᠭ ᠲᠠᠢ ᠣᠶᠢᠷᠠᠲᠤᠯᠴᠠᠬᠤ ᠶᠡᠭᠡ ᠶᠢ ᠪᠦᠲᠦᠭᠡᠬᠦ ᠭᠡᠭᠴᠢ ᠭᠠᠭᠴᠠ ᠲᠦᠷᠦᠯ ᠤᠨ ᠶᠠᠭᠤᠮ᠎ᠠ ᠪᠢᠰᠢ᠃ ᠬᠡᠳᠦᠨ ᠳᠦᠷᠦᠯ ᠢᠶᠠᠷ ᠬᠤᠷᠢᠶᠠᠳᠠᠭ ᠬᠢᠴᠢᠶᠡᠳᠡᠭ ᠬᠢᠳᠡᠯ ᠶᠤᠮ ᠪᠠᠶᠢᠨ᠎ᠠ᠃ ᠰᠤᠷᠤᠯᠴᠠᠬᠤ ᠪᠦᠲᠦᠭᠡᠬᠦ ᠳᠤ ᠵᠠᠭᠤᠨ ᠨᠠᠰᠤ ᠴᠦ ᠳᠠᠩᠴᠢ ᠪᠣᠭᠤᠨᠢᠬᠠᠨ ᠲᠤᠯᠠ ᠳᠠᠷᠠᠭ᠎ᠠ ᠲᠦᠷᠦᠯ ᠳᠤ ᠴᠦ ᠦᠷᠭᠦᠯᠵᠢᠯᠡᠭᠦᠯᠳᠡᠭ ᠶᠣᠰᠣᠲᠠᠢ ᠪᠤᠯᠤᠯᠳᠠᠢ᠃ ᠨᠦᠭᠦᠭᠡ ᠨᠢ ᠡᠬᠡ ᠶᠢᠨ ᠬᠠᠶᠢᠷ᠎ᠠ᠃ ᠥᠭᠡᠷ᠎ᠡ ᠶᠠᠭᠤᠮ᠎ᠠ ᠴᠥᠬᠦᠳᠡᠭ ᠴᠦ ᠭᠠᠭᠴᠠ ᠡᠬᠡ ᠬᠥᠮᠥᠨ ᠤ ᠬᠠᠶᠢᠷ᠎ᠠ ᠯᠡ ᠲᠥᠭᠡᠷᠢᠳᠡᠭ ᠦᠭᠡᠢ ᠴᠥᠬᠦᠳᠡᠭ ᠦᠭᠡᠢ ᠦᠷ᠎ᠡ ᠬᠡᠦᠬᠡᠳ ᠨᠢ ᠳᠦᠷᠦᠯ ᠠᠷᠠᠯᠵᠢᠭᠰᠠᠨ ᠴᠦ ᠳᠠᠭᠤᠳᠠᠭᠠᠳ ᠡᠷᠢᠭᠡᠳ ᠣᠯᠳᠠᠭ ᠶᠤᠮ ᠪᠠᠶᠢᠨ᠎ᠠ᠃ ᠢᠩᠭᠢᠭᠡᠳ ᠪᠤᠳᠤᠪᠠᠯ ᠠᠮᠢᠳᠤᠷᠠᠯ ᠭᠠᠶᠢᠬᠠᠯᠲᠠᠢ ᠪᠠᠶᠢᠳᠠᠭ ᠪᠢᠵᠡ⁈
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号