ᠭᠤᠷᠪᠠᠨ ᠰᠠᠷ᠎ᠠ ᠶᠢᠨ ᠬᠤᠭᠤᠴᠠᠭ᠎ᠠ ᠲᠠᠢ ᠳᠠᠰᠬᠠᠯᠵᠢᠭᠤᠯᠤᠯ ᠤᠨ ᠡᠭᠦᠷᠭᠡ ᠪᠠᠨ ᠠᠮᠵᠢᠯᠲᠠ ᠲᠠᠢ ᠪᠡᠶᠡᠯᠡᠭᠦᠯᠵᠦ᠂ | ᠠᠮᠢᠳᠤᠷᠠᠯ ᠤᠨ ᠮᠢᠨᠢ ᠵᠠᠮ ᠢ ᠴᠤ ᠥᠭᠡᠷᠡᠴᠢᠯᠡᠭᠰᠡᠨ ᠠᠵᠢᠯ ᠤᠨ ᠰᠢᠨ᠎ᠡ ᠪᠠᠶᠢᠷᠢ ᠤᠷᠤᠭᠤ ᠪᠠᠨ ︽ᠨᠡᠭᠦᠳᠡᠯᠯᠡᠬᠦ︾ | ᠶᠢᠨ ᠡᠮᠦᠨᠡᠬᠡᠨ ᠰᠤᠷᠭᠠᠭᠤᠯᠢ ᠶᠢᠨ ᠵᠠᠬᠢᠷᠤᠯ ᠬᠡᠮᠡᠭᠴᠢ ᠨᠢᠭᠡᠨ ᠲᠣᠮᠣ ᠬᠥᠮᠥᠨ ᠠᠴᠠ ᠰᠤᠷᠭᠠᠯ ᠰᠣᠨᠣᠰᠴᠠᠢ᠃ | - ᠵᠠᠯᠠᠭᠤᠴᠤᠳ ᠠ᠋᠂ ᠡᠩ ᠤᠨ ᠨᠢᠭᠡᠨ ᠣᠶᠤᠲᠠᠨ ᠪᠠᠶᠢᠭᠰᠠᠨ ᠠᠴᠠ ᠪᠠᠨ ᠡᠬᠡ ᠣᠷᠣᠨ ᠤ ᠪᠠᠨ ᠬᠢᠯᠢ ᠶᠢ ᠮᠠᠨᠠᠬᠤ | ᠬᠢᠷᠢ ᠲᠦᠪᠰᠢᠨ ᠲᠠᠢ ᠪᠣᠯᠵᠤ ᠲᠥᠯᠥᠪᠰᠢᠭᠰᠡᠨ ᠳᠤ ᠲᠠᠨᠢ ᠪᠠᠶᠠᠷ ᠬᠦᠷᠭᠡᠶ᠎ᠡ᠃ | ᠮᠠᠭᠲᠠᠭᠠᠯ ᠰᠠᠶᠢᠰᠢᠶᠠᠯ ᠤᠨ ᠦᠭᠡ ᠪᠢᠰᠢ ᠭᠡᠳᠡᠭ ᠢ ᠬᠤᠵᠢᠮ ᠨᠢ ᠪᠣᠯᠣᠭᠠᠳ ᠣᠶᠢᠯᠠᠭᠠᠵᠤ ᠪᠢᠯᠡ᠃ ᠴᠢᠰᠤᠨ | ᠤᠳᠤᠮ ᠢᠶᠠᠷ ᠬᠥᠮᠥᠨ ᠢ ᠡᠷᠬᠢᠮ ᠳᠡᠭᠡᠳᠦ᠂ ᠡᠭᠡᠯ ᠳᠣᠣᠷᠠᠳᠤ ᠬᠡᠮᠡᠨ ᠠᠯᠠᠭᠯᠠᠳᠠᠭ ᠳᠠᠯᠳᠠ ᠶᠢᠨ ᠲᠡᠷᠡ ᠨᠢᠭᠡᠨ | ᠤᠬᠠᠭᠠᠨ ᠨᠢ ᠴᠡᠷᠢᠭ ᠠᠩᠭᠢ ᠶᠢᠨ ᠳᠣᠲᠣᠭᠠᠳᠤ ᠳᠤ ᠥᠨᠥᠳᠥᠷ ᠴᠤ ᠭᠡᠰᠡᠨ ᠠᠳᠠᠯᠢᠬᠠᠨ ᠣᠷᠣᠰᠢᠳᠠᠭ᠃ ᠭᠡᠬᠦ ᠳᠡᠭᠡᠨ | ᠡᠨᠡ ᠨᠢ ᠬᠤᠪᠢ ᠬᠥᠮᠥᠨ ᠳᠤ ᠪᠢᠰᠢ᠂ ᠠᠯᠪᠠᠨ ᠪᠠᠶᠢᠭᠤᠯᠭ᠎ᠠ ᠳᠠᠭᠠᠨ ᠴᠢᠭᠯᠡᠭᠦᠯᠦᠭᠰᠡᠨ ᠭᠡᠳᠡᠭ ᠢ ᠨᠢ ᠲᠣᠳᠣᠷᠬᠠᠶᠢᠯᠠᠬᠤ | ᠤᠴᠢᠷᠲᠠᠢ᠃ | - ᠫᠠᠷᠲ᠋ᠢᠽᠠᠨ ᠭᠠᠷᠤᠯ ᠲᠠᠢ ᠲᠡᠷᠡ ᠮᠠᠭᠤ ᠠᠩᠭᠢ ᠶᠢ ᠪᠠᠰᠠ ᠠᠷᠮᠢ ᠭᠡᠳ ᠯᠠ ᠳ᠋ᠡ᠂ ᠥᠰᠬᠡᠵᠦ ᠶᠠᠷᠢᠭᠰᠠᠨ ᠴᠤ | ᠡᠷᠦᠭᠡ ᠶᠢᠨ ᠴᠡᠷᠢᠭ ᠲᠠᠢ ᠯᠠ ᠲᠡᠩᠴᠡᠬᠦ ᠪᠢᠵᠡ︖ ᠭᠡᠵᠦ ᠨᠢᠭᠡ ᠶᠢ ᠪᠠᠨ ᠳᠠᠭᠠᠵᠢᠩᠨᠠᠬᠤ ᠨᠢ ᠡᠨᠡ ᠵᠠᠭᠤᠨ ᠤ | ᠡᠬᠢᠨ ᠳᠤ ᠭᠦᠷᠲᠡᠯ᠎ᠡ ᠭᠠᠵᠠᠷ ᠠᠪᠴᠤ ᠪᠠᠶᠢᠭᠰᠠᠨ ᠶᠤᠮ᠃ ᠡᠨᠡ ᠬᠦ ᠵᠢᠭᠰᠠᠭᠠᠯᠲᠠ ᠳᠤᠨᠢ ᠬᠢᠯᠢ ᠶᠢᠨ | ᠬᠠᠮᠠᠭᠠᠯᠠᠯᠲᠠ ᠶᠢᠨ ᠬᠦᠴᠦ ᠨᠢ ᠬᠡᠭᠡᠷ᠎ᠡ ᠶᠢᠨ ᠪᠠᠶᠢᠯᠳᠤᠭᠠᠨ ᠤ ᠬᠢ ᠠᠴᠠ ᠠᠷᠠᠢ ᠳᠣᠣᠭᠤᠷ ᠪᠠᠶᠢᠷᠢᠯᠠᠭᠤᠯᠳᠠᠭ᠃ | ᠲᠡᠶᠢᠮᠦ ᠠᠴᠠ ᠨᠦᠭᠦᠭᠡ ᠳᠠᠷᠤᠭ᠎ᠠ ᠶᠢᠨ ᠶᠠᠷᠢᠶ᠎ᠠ ᠳᠤᠨᠢ ︽ᠣᠶᠤᠲᠠᠨ ᠴᠡᠷᠢᠭ︾ ᠤᠳ ᠮᠠᠨᠢ ᠬᠢᠷᠢ ᠲᠦᠪᠰᠢᠨ ᠨᠢ | ᠵᠢᠩᠬᠢᠨᠢ ᠴᠡᠷᠢᠭ ᠠᠩᠭᠢ ᠶᠢᠨ ᠱᠠᠭᠠᠷᠳᠠᠯᠭ᠎ᠠ ᠳᠤ ᠠᠷᠠᠢ ᠭᠦᠷᠦᠭᠡ ᠦᠭᠡᠢ ᠭᠡᠰᠡᠨ ᠤᠳᠬ᠎ᠠ ᠲᠠᠢ᠃ | ᠠᠷᠠᠳ ᠤᠨ ᠠᠷᠮᠢ ᠳᠤ ᠮᠠᠨᠢ ᠤᠭ ᠨᠢ ᠬᠢᠯᠢ ᠶᠢᠨ ᠬᠠᠮᠠᠭᠠᠯᠠᠯᠲᠠ ᠶᠢᠨ ᠭᠡᠰᠡᠨ ᠲᠤᠰᠬᠠᠢ ᠠᠩᠭᠢ ᠪᠠᠶᠢᠭ᠎ᠠ ᠦᠭᠡᠢ᠃ | ᠳᠡᠭᠡᠷ᠎ᠡ ᠵᠠᠭᠤᠨ ᠤ ᠵᠢᠷᠠᠭᠠᠳ ᠣᠨ ᠳᠤ ᠪᠣᠯᠤᠭᠰᠠᠨ ᠴᠠᠭ ᠦᠶ᠎ᠡ ᠶᠢᠨ ᠪᠠᠶᠢᠳᠠᠯ ᠢ ᠠᠷᠭᠠᠴᠠᠬᠤ ᠭᠡᠵᠦ ᠡᠮᠦᠨᠡᠲᠦ | ᠣᠷᠣᠨ ᠠᠴᠠ ᠨᠢᠭᠡ ᠪᠦᠯᠦᠭ ᠡᠬᠡ ᠣᠷᠣᠨᠴᠢ ᠬᠥᠮᠥᠰ ᠢ ᠶᠠᠭᠠᠷᠠᠯᠲᠠᠢ ᠲᠠᠲᠠᠵᠤ᠂ ᠥᠷᠲᠡᠭᠡ᠂ ᠬᠠᠷᠠᠭᠤᠯ | ᠪᠠᠶᠢᠭᠤᠯᠤᠭᠰᠠᠨ ᠨᠢ ᠥᠨᠥᠳᠥᠷ ︽ᠬᠢᠯᠢ ᠶᠢᠨ︾ ᠭᠡᠰᠡᠨ ᠲᠣᠳᠣᠳᠬᠠᠯ ᠲᠠᠢ ᠨᠢᠭᠡᠨ ᠰᠠᠯᠪᠤᠷᠢ ᠬᠦᠴᠦᠨ ᠤ ᠡᠬᠢ ᠨᠢ | ᠪᠦᠯᠦᠭᠡ᠃ ᠲᠡᠭᠡᠭᠦ ᠳᠡᠭᠡᠨ ᠲᠤᠯᠭᠠᠮᠳᠠᠭᠰᠠᠨ ᠦᠶ᠎ᠡ ᠳᠤ ᠲᠣᠯᠣᠭᠠᠢ ᠰᠢᠭᠢᠷ᠎ᠡ ᠨᠡᠶᠢᠯᠡᠭᠦᠯᠵᠦ᠂ ᠲᠣᠭᠤᠭ᠎ᠠ | ᠳᠦᠭᠦᠷᠭᠡᠭᠰᠡᠨ ᠭᠡᠬᠦ ᠲᠠᠭᠠᠮᠠᠭ ᠦᠯᠡᠳᠡᠭᠡᠬᠦ ᠨᠢ ᠴᠤ ᠮᠡᠳᠡᠭᠡᠵᠢ᠃ ᠬᠤᠵᠢᠮ ᠨᠢ ᠬᠡᠳᠦ᠋ᠢᠪᠡᠷ ᠵᠢᠩᠬᠢᠨᠢ ᠴᠡᠷᠢᠭ | ᠠᠩᠭᠢ ᠠᠴᠠ ᠪᠦᠷᠢᠯᠳᠦᠭᠦᠨ ᠲᠠᠲᠠᠵᠤ᠂ ᠴᠢᠰᠤ ᠶᠢ ᠨᠢ ᠰᠠᠶᠢᠵᠢᠷᠠᠭᠤᠯᠤᠭᠰᠠᠨ ᠭᠡᠳᠡᠭ ᠪᠤᠯᠪᠠᠴᠤ ᠬᠥᠮᠥᠰ ᠤᠨ | ᠰᠤᠷᠤᠬᠰᠠᠨ ᠵᠠᠩ ᠢ ᠰᠤᠷ ᠢᠶᠠᠷ ᠪᠣᠭᠤᠬᠤ ᠭᠡᠵᠦ ᠮᠥᠨ ᠯᠠ ᠬᠡᠴᠡᠭᠦᠦ ᠶᠤᠮ᠃ ᠵᠢᠩᠬᠢᠨᠢ ᠭᠡᠳᠡᠭ ᠨᠢ ᠤᠳᠤᠮ | ᠰᠤᠳᠤᠷ ᠲᠤᠨᠢ ᠤᠯᠠᠭᠠᠨ ᠴᠡᠷᠢᠭ ᠭᠡᠰᠡᠨ ᠲᠣᠳᠣᠳᠬᠠᠯ ᠲᠠᠢ᠂ ᠤᠷᠲᠤ ᠵᠠᠮ ᠤᠨ ᠠᠶᠠᠨ ᠳᠠᠶᠢᠨ ᠳᠤ ᠶᠠᠪᠤᠭᠰᠠᠨ᠂ | ᠤᠯᠠᠢ ᠦᠵᠡᠵᠦ ᠣᠮᠤᠭ ᠢᠶᠠᠨ ᠭᠠᠶᠢᠬᠠᠭᠤᠯᠵᠤ ᠥᠩᠭᠡᠷᠡᠭᠰᠡᠨ ᠲᠡᠦᠬᠡᠲᠦ ᠴᠡᠷᠢᠭ ᠠᠩᠭᠢ ᠶᠢ ᠬᠡᠯᠡᠳᠡᠭ᠃ ᠶᠠᠷᠢᠶᠠᠨ | ᠦᠭᠡᠢ᠂ ᠲᠤᠬᠠᠢ ᠶᠢᠨ ᠦᠶ᠎ᠡ ᠳᠤ ᠬᠠᠷᠢᠯᠴᠠᠭ᠎ᠠ ᠬᠤᠯᠪᠤᠭ᠎ᠠ᠂ ᠬᠠᠩᠭᠠᠯᠭ᠎ᠠ ᠪᠠᠲᠤᠯᠠᠭ᠎ᠠ ᠨᠢ ᠮᠠᠭᠤᠲᠠᠢ ᠪᠠᠶᠢᠭᠰᠠᠨ | ᠲᠤᠯᠠ ᠬᠢᠯᠢ ᠶᠢᠨ ᠮᠠᠨᠠᠭᠠᠨ ᠤ ᠬᠢᠨᠢ ᠶᠣᠰᠣᠲᠠᠢ ᠲᠥᠷᠥ ᠬᠤᠯᠠ ᠲᠡᠭᠷᠢ ᠣᠶᠢᠷ᠎ᠠ ᠬᠡᠮᠡᠨ ᠳᠤᠷ᠎ᠠ ᠪᠠᠷ ᠢᠶᠠᠨ ᠳᠣᠷᠭᠢᠵᠤ᠂ | ᠳᠤᠮᠳᠠ ᠴᠢᠮᠦᠭᠡ ᠪᠠᠷ ᠢᠶᠠᠨ ᠵᠢᠷᠭᠢᠵᠦ ᠪᠠᠶᠢᠭᠰᠠᠨ ᠲᠠᠢ ᠨᠢ ᠪᠠᠰᠠ ᠬᠤᠯᠪᠤᠭ᠎ᠠ ᠲᠠᠢ ᠪᠠᠶᠢᠯᠭᠦᠢ᠃ | - ᠤᠨᠲᠠᠵᠤ ᠪᠠᠶᠢᠯ᠎ᠠ ᠴᠤ ᠤᠯᠤᠰ ᠣᠷᠣᠨ ᠳᠠᠭᠠᠨ ᠨᠡᠮᠡᠭᠦᠷᠢ ᠲᠠᠢ ᠭᠡᠳᠡᠭ ᠨᠢ ᠨᠢᠭᠡᠨ ᠦᠶ᠎ᠡ ᠶᠢᠨ ᠬᠢᠯᠢᠴᠢᠳ ᠤᠨ | ᠥᠪᠡᠷ ᠤᠨ ᠲᠤᠬᠠᠢ ᠦᠨᠡᠯᠡᠯᠲᠡ ᠭᠡᠨ᠎ᠡ᠃ | ᠲᠡᠶᠢᠮᠦ ᠴᠤ ᠤᠴᠢᠷ ᠠᠴᠠ ᠡᠷᠦᠭᠡ ᠶᠢᠨ ᠴᠡᠷᠢᠭ ᠤᠨ ᠡᠮᠦᠨ᠎ᠡ ᠵᠢᠭᠰᠠᠭᠠᠭᠳᠠᠭᠰᠠᠨ ᠳᠠᠭᠠᠨ ᠭᠤᠮᠣᠳᠠᠬᠤ ᠶᠢᠨ | ᠰᠢᠯᠲᠠᠭ ᠠᠯᠠᠭ᠎ᠠ ᠪᠢᠵᠡ ᠠ᠋︖ | ᠰᠣᠩᠭᠤᠭᠳᠠᠵᠤ ᠰᠣᠩᠭᠤᠭᠳᠠᠵᠤ ︽ᠰᠣᠬᠤᠷ︾ ᠲᠤᠨᠢ ᠭᠡᠳᠡᠭ ᠢᠶᠠᠷ ᠭᠡᠳᠦ ᠬᠤᠨᠤᠭ ᠤᠨ ᠬᠢᠨᠢ ᠳᠠᠷᠠᠭ᠎ᠠ ᠪᠢ | ᠴᠢᠨᠢ ᠬᠢᠯᠢ ᠳᠤ ︽ᠴᠥᠯᠡᠭᠳᠡᠵᠡᠢ︾᠃ ᠵᠢᠩᠬᠢᠨᠢ ᠴᠡᠷᠢᠭ ᠶᠤᠮ ᠦᠦ︖ ᠬᠤᠳᠠᠯ ᠴᠡᠷᠢᠭ ᠶᠤᠮ ᠦᠦ︖ | ᠭᠡᠳᠡᠭ ᠢ ᠨᠢ ᠥᠪᠡᠷ ᠢᠶᠠᠨ ᠪᠡᠶᠡᠴᠢᠯᠡᠨ ᠪᠠᠶᠢᠵᠤ ᠣᠶᠢᠯᠠᠭ᠎ᠠ ᠭᠡᠰᠡᠨ ᠴᠤ ᠪᠣᠯ ᠦᠦ︖ | ᠬᠤᠶᠢᠲᠤ ᠡᠬᠡ ᠶᠢᠨ ᠬᠡᠦᠬᠡᠳ ᠭᠡᠵᠦ ᠪᠠᠶᠢᠳᠠᠭ᠃ ᠬᠢᠯᠢᠴᠢᠳ ᠦᠨᠡᠨ ᠳᠡᠭᠡᠨ ᠶᠠᠭ ᠯᠠ ᠲᠡᠶᠢᠮᠦᠷᠬᠦᠦ | ᠬᠡᠦᠬᠡᠳ ᠨᠢ ᠶᠤᠮ᠃ ᠳᠠᠯᠳᠠ ᠶᠢᠨ ᠭᠡᠬᠦ ᠳᠤ ᠳᠠᠶᠠᠭᠠᠷ ᠢᠶᠠᠨ ᠮᠡᠳᠡᠳᠡᠭ ᠲᠡᠷᠡ ᠨᠢᠭᠡᠨ ᠰᠢᠯᠲᠠᠭᠠᠨ ᠠᠴᠠ ᠪᠣᠯᠵᠤ | ᠬᠢᠯᠢ ᠠᠴᠠ ᠲᠥᠷᠥᠭᠰᠡᠨ ᠲᠣᠮᠣ ᠲᠤᠰᠢᠶᠠᠯᠲᠠᠨ ᠨᠢ ᠲᠤᠩ ᠴᠥᠭᠡᠨ᠂ ᠪᠠᠶᠢᠯ᠎ᠠ ᠴᠤ ᠭᠡᠳ ᠪᠠᠶᠢᠯᠳᠤᠭᠠᠨ ᠤ | ᠠᠷᠮᠢ ᠠᠴᠠ ︽ᠵᠠᠯᠠᠷᠠᠵᠤ︾ ᠪᠠᠭᠤᠭᠠᠳ ᠵᠠᠯᠠᠭ᠎ᠠ ᠵᠠᠭᠠᠮ᠎ᠠ ᠬᠤᠶᠠᠷ ᠢ ᠪᠠᠨ ᠥᠩᠭᠡᠯᠡᠭᠡᠳ ᠯᠠ ᠪᠤᠴᠠᠳᠠᠭ ᠨᠢᠭᠡᠨ᠃ ︽ | ᠬᠢᠯᠢᠴᠢᠳ ᠬᠥᠭᠡᠷᠦᠬᠦᠢ︾ ᠭᠡᠳᠡᠭ ᠴᠤ ᠬᠢᠵᠦ ᠪᠦᠲᠦᠭᠡᠵᠦ ᠥᠭᠭᠦᠶ᠎ᠡ ᠭᠡᠰᠡᠨ ᠢᠶᠠᠨ ᠳᠣᠣᠷ᠎ᠠ ᠪᠠᠨ ᠪᠠᠰᠠ | ᠮᠠᠷᠲᠠᠴᠢᠬᠠᠳᠠᠭ ᠁ | ᠨᠠᠳᠠ ᠶᠢ ᠬᠦᠯᠢᠶᠡᠵᠦ ᠠᠪᠤᠭᠰᠠᠨ ᠲᠡᠷᠡ ᠪᠠᠶᠢᠭᠤᠯᠭ᠎ᠠ ᠨᠢ ᠬᠢᠯᠢ ᠶᠢᠨ ᠲᠡᠮᠳᠡᠭ ᠪᠠᠭᠠᠨ᠎ᠠ ᠠᠴᠠ ᠣᠶᠢᠷᠠᠬᠠᠨ᠂ | ᠬᠥᠮᠥᠨ ᠠᠴᠠ ᠶᠡᠭᠡ ᠬᠤᠯᠠ ᠭᠠᠵᠠᠷ ᠶᠤᠮ᠃ ᠤᠰᠤ ᠤᠮᠳᠠᠭ᠎ᠠ ᠳᠤᠲᠠᠵᠤ᠂ ᠤᠲᠠᠰᠤᠨ ᠬᠤᠯᠪᠤᠭ᠎ᠠ ᠲᠠᠰᠤᠷᠠᠬᠤ ᠨᠢ | ᠪᠠᠶᠢᠩᠭᠤ ᠶᠢᠨ᠃ ᠭᠡᠬᠦ ᠳᠡᠭᠡᠨ ᠲᠡᠳᠡ ᠬᠢᠯᠢ ᠪᠠᠨ ᠡᠷᠭᠢᠬᠦ᠂ ᠬᠢᠯᠢ ᠶᠢᠨ ᠵᠥᠷᠢᠴᠡᠯ ᠮᠥᠷᠭᠦᠯᠳᠦᠭᠡᠨ ᠢ ᠰᠢᠢᠳᠪᠦᠷᠢᠯᠡᠬᠦ᠂ | ᠡᠳᠦᠷ ᠲᠤᠳᠤᠮ ᠤᠨ ᠴᠡᠷᠢᠭ ᠤᠨ ᠳᠠᠰᠬᠠᠯ ᠰᠤᠷᠭᠠᠯᠲᠠ ᠪᠠᠨ ᠤᠬᠲᠤ ᠲᠠᠰᠤᠯᠤᠭᠤᠯᠵᠤ ᠪᠠᠶᠢᠭ᠎ᠠ ᠦᠭᠡᠢ ᠨᠢ | ᠭᠠᠶᠢᠬᠠᠯᠲᠠᠢ᠃ ᠳᠠᠮ ᠤᠨ ᠦᠭᠡ ᠳᠠᠯᠠᠨ ᠬᠤᠳᠠᠯᠴᠢ ᠭᠡᠳᠡᠭ ᠨᠢ ᠦᠨᠡᠨ ᠠᠵᠢ᠃ | 2000 ᠣᠨ ᠤ ᠦᠶ᠎ᠡ ᠳᠤ ᠬᠢᠯᠢᠴᠢᠳ ᠲᠤ ᠣᠯᠭᠤᠳᠠᠭ ᠬᠥᠯᠥᠰᠦ ᠬᠠᠷᠠᠮᠵᠢ ᠨᠢ ᠲᠤᠩ ᠪᠠᠭ᠎ᠠ᠂ ᠬᠢᠵᠦ | ᠣᠷᠣᠯᠳᠤᠵᠤ ᠪᠠᠶᠢᠭ᠎ᠠ ᠠᠵᠢᠯ ᠲᠠᠢ ᠨᠢ ᠬᠠᠷᠢᠴᠠᠭᠤᠯᠬᠤ ᠳᠤ ︽ᠠᠯᠪᠠᠨ ᠵᠢᠷᠤᠮ︾ ᠤᠨ ᠭᠡᠬᠦ ᠦᠭᠡ ᠶᠢ ᠥᠪᠡᠷ ᠤᠨ | ᠡᠷᠬᠡ ᠦᠭᠡᠢ ᠪᠤᠳᠣᠬᠳᠠᠭᠤᠯᠤᠨᠠ᠃ ᠡᠪᠡᠳᠴᠢᠨ ᠡᠮᠭᠡᠭ ᠲᠤ ᠨᠡᠷᠪᠡᠭᠳᠡᠬᠦ ᠦᠭᠡᠢ᠂ ᠳᠡᠭᠡᠷ᠎ᠡ ᠨᠢ ᠦᠨᠡᠨ ᠢᠶᠠᠨ ᠬᠡᠯᠡᠵᠦ | ᠪᠡᠯᠡᠨ ᠢᠶᠠᠨ ᠢᠳᠡᠳᠡᠭ ᠵᠠᠷᠢᠮ ᠬᠤᠭᠤᠴᠠᠭᠠᠲᠤ ᠴᠡᠷᠢᠭ ᠨᠢ ᠬᠤᠲᠠ ᠰᠠᠭᠤᠭᠠᠯᠢ ᠶᠢ ᠴᠤ ᠣᠯᠵᠤ ᠬᠠᠷᠠᠯ ᠦᠭᠡᠢ | ᠠᠯᠪᠠ ᠪᠠᠨ ᠳᠠᠭᠤᠰᠬᠠᠳᠠᠭ ᠨᠢ ᠣᠯᠠᠨ᠃ ᠲᠡᠳᠡ ᠡᠭᠦᠨ ᠳᠡᠭᠡᠨ ᠭᠤᠮᠣᠳᠠᠵᠤ ᠭᠤᠲᠤᠷᠠᠳᠠᠭ ᠦᠭᠡᠢ᠂ ᠡᠷᠬᠡ ᠠᠰᠢᠭ᠂ | ᠡᠳ᠋ ᠮᠥᠩᠭᠦᠨ ᠳᠤ ᠲᠣᠭᠯᠠᠭᠳᠠᠭᠰᠠᠨ ᠡᠨᠡ ᠳᠡᠯᠡᠬᠡᠢ ᠶᠢᠨ ᠨᠢᠭᠤᠴᠠᠬᠠᠨ ᠠᠴᠠ ᠨᠢᠭᠤᠴᠠᠬᠠᠨ ᠣᠷᠣᠨ ᠵᠠᠢ ᠳᠤ ᠡᠭᠦᠷᠭᠡ | ᠬᠠᠷᠢᠭᠤᠴᠠᠯᠭ᠎ᠠ ᠬᠡᠮᠡᠨ ᠡᠳᠦᠷ ᠲᠤᠲᠤᠮ ᠳᠠᠪᠲᠠᠭᠳᠠᠬᠤ ᠲᠡᠷᠡ ᠨᠢᠭᠡᠨ ᠠᠵᠢᠯ ᠢᠶᠠᠨ ᠲᠠᠰᠤᠯᠳᠠᠭᠤᠯᠬᠤ ᠦᠭᠡᠢ | ᠮᠡᠷᠡᠶᠢᠳᠡᠭ ᠪᠠᠶᠢᠭᠰᠠᠨ᠃ | ᠬᠠᠵᠠᠭᠤ ᠳᠤ ᠮᠢᠨᠢ ᠪᠠᠶᠢᠭᠰᠠᠨ ᠲᠡᠷᠡ ᠨᠢᠭᠡᠨ ᠬᠢᠯᠢ ᠶᠢᠨ ᠰᠠᠯᠪᠤᠷᠢ ᠨᠢ ᠲᠤᠬᠠᠢ ᠶᠢᠨ ᠦᠶ᠎ᠡ ᠳᠤ ᠪᠠᠷᠤᠭ | ᠳᠥᠴᠢᠨ ᠵᠢᠯ ᠤᠨ ᠲᠡᠦᠬᠡᠨ ᠵᠠᠮ ᠳᠠᠭᠠᠨ ᠠᠮᠢᠨ ᠳᠤ ᠬᠤᠯᠪᠣᠭᠳᠠᠭᠰᠠᠨ ᠠᠶᠤᠯ ᠣᠰᠣᠯ ᠭᠠᠷᠤᠭ᠎ᠠ ᠦᠭᠡᠢ ᠭᠡᠳᠡᠭ ᠢᠶᠠᠷ | ᠠᠯᠳᠠᠷᠰᠢᠵᠤ ᠪᠠᠶᠢᠭᠰᠠᠨ᠃ ᠡᠩᠬᠡ ᠶᠢᠨ ᠦᠶ᠎ᠡ ᠳᠤ ᠬᠥᠮᠥᠨ ᠤ ᠠᠮᠢ ᠨᠠᠰᠤᠨ ᠳᠤ ᠭᠦᠷᠥᠭᠰᠡᠨ ᠲᠣᠮᠣ ᠠᠳᠡᠯ ᠠᠴᠠ | ᠢᠯᠡᠭᠦᠦ ︽ᠨᠢᠭᠦᠯ ᠬᠢᠯᠢᠨᠴᠡ︾ ᠪᠠᠶᠢᠳᠠᠭ ᠦᠭᠡᠢ ᠰᠢᠤ ᠳ᠋ᠡ᠃ ᠠᠵᠢᠯ ᠢ ᠪᠦᠲᠦᠭᠡᠭᠰᠡᠨ᠂ ᠪᠦᠲᠦᠭᠡ ᠦᠭᠡᠢ ᠴᠤ | ᠶᠠᠮᠠᠷ ᠬᠠᠮᠢᠶ᠎ᠠ ᠲᠠᠢ ᠶᠤᠮ︖ ᠠᠶᠤᠯ ᠭᠠᠢ ᠶᠢ ᠯᠠ ᠲᠠᠷᠢᠵᠤ ᠪᠤᠯᠳᠠᠭ ᠦᠭᠡᠢ ᠭᠡᠳᠡᠭ ᠨᠢ ᠲᠠᠶᠢᠪᠤᠩ ᠴᠠᠭ ᠤᠨ | ᠣᠷᠣᠰᠢᠬᠤᠢ ᠶᠢᠨ ᠤᠬᠠᠭᠠᠨ᠃ | ᠶᠠᠮᠠᠷ ᠴᠤ ᠪᠠᠶᠢᠭᠤᠯᠭ᠎ᠠ ᠪᠣᠯᠤᠭ᠂ ᠥᠪᠡᠷ ᠥᠪᠡᠷ ᠤᠨ ᠭᠡᠰᠡᠨ ᠬᠥᠮᠥᠰ ᠲᠤ ᠲᠠᠨᠢᠭᠤᠯᠬᠤ ᠲᠡᠮᠳᠡᠭ ᠲᠣᠳᠣᠳᠬᠠᠯ | ᠂ ᠮᠠᠭᠲᠠᠭᠠᠯ ᠰᠠᠶᠢᠰᠢᠶᠠᠯ ᠲᠠᠢ ᠪᠠᠶᠢᠬᠤ ᠶᠢ ᠬᠢᠴᠢᠶᠡᠨ᠎ᠡ᠃ ᠡᠮᠦᠨ᠎ᠡ ᠶᠠᠷᠢᠭᠰᠠᠨ ︽ᠵᠢᠩᠬᠢᠨᠢ︾ ᠭᠡᠵᠦ ᠪᠠᠷᠳᠠᠮᠨᠠᠳᠠᠭ | ᠬᠡᠭᠡᠷ᠎ᠡ ᠶᠢᠨ ᠪᠠᠶᠢᠯᠳᠤᠭᠠᠨ ᠤ ᠠᠩᠭᠢ ᠴᠤ ᠠᠳᠠᠯᠢᠬᠠᠨ᠃ ᠲᠡᠳᠡ ᠪᠠᠷᠰ ᠭᠡᠲᠡᠯ᠎ᠡ ᠢᠷᠪᠢᠰ᠂ ᠱᠣᠩᠬᠤᠷ ᠭᠡᠲᠡᠯ᠎ᠡ | ᠪᠦᠷᠭᠦᠳ ᠭᠡᠰᠡᠨ ᠮᠢᠬᠠᠴᠢᠨ ᠠᠮᠢᠲᠠᠨ ᠢᠶᠠᠷ ᠥᠪᠡᠷ ᠢ ᠪᠠᠨ ᠣᠪᠣᠭᠯᠠᠬᠤ ᠳᠤᠷᠠᠲᠠᠢ᠃ ᠬᠢᠯᠢᠴᠢᠳ ᠨᠢ ᠲᠡᠭᠡᠭᠦ ᠳᠤ | ᠣᠷᠣᠰᠢᠨ ᠠᠮᠢᠳᠤᠷᠠᠬᠤ ᠣᠷᠣᠨ ᠵᠠᠢ ᠪᠠᠨ ᠦᠨᠳᠦᠰᠦᠯᠡᠨ ᠥᠨᠳᠦᠷᠯᠢᠭ ᠤᠨ ᠥᠷᠯᠥᠭ ᠪᠠᠭᠠᠲᠤᠷ᠂ ᠬᠠᠷ᠎ᠠ ᠰᠠᠯᠬᠢᠨ | ᠳᠤᠮᠳᠠᠬᠢ ᠬᠠᠳᠠ ᠴᠢᠯᠠᠭᠤ ᠁ ᠭᠡᠵᠦ ᠶᠢᠰᠦᠨ ᠳᠣᠯᠣᠭᠠᠨ ᠵᠦᠢᠯ ᠢᠶᠠᠷ ᠨᠡᠷᠡᠯᠡᠭᠦᠯᠬᠦ ᠨᠢ ᠣᠯᠠᠨ᠃ ᠬᠡᠯᠡᠬᠦ ᠶᠢᠨ | ᠰᠠᠶᠢᠬᠠᠨ ᠨᠢ ᠬᠡᠯᠡᠬᠦ ᠶᠢᠨ ᠶᠡᠭᠡ ᠠᠴᠠ ᠳᠠᠪᠠᠭᠤ ᠪᠠᠶᠢᠳᠠᠭ᠃ | ᠠᠭᠤᠯᠠᠨ ᠤ ᠮᠣᠳᠣ ᠥᠨᠳᠥᠷ ᠪᠣᠭᠤᠨᠢ ᠲᠠᠢ ᠭᠡᠳᠡᠭ ᠨᠢ ᠤᠷᠭᠤᠴᠠ ᠶᠢᠨ ᠨᠥᠬᠦᠴᠡᠯ ᠪᠠᠶᠢᠳᠠᠯ ᠢᠶᠠᠷ | ᠰᠢᠯᠲᠠᠭᠠᠯᠠᠭᠳᠠᠭᠰᠠᠨ ᠭᠡᠬᠦ ᠳᠤ ᠤᠰᠤᠯᠠᠵᠤ ᠳᠣᠳᠣᠮᠳᠠᠵᠤ᠂ ᠲᠡᠭᠦᠨ ᠢ ᠬᠢᠮᠡᠯ ᠠᠷᠭ᠎ᠠ ᠪᠠᠷ ᠥᠭᠡᠷᠡᠴᠢᠯᠡᠵᠦ ᠪᠠᠰᠠ | ᠪᠤᠯᠳᠠᠭ ᠠᠵᠢ᠃ ᠴᠠᠭ ᠦᠶ᠎ᠡ ᠪᠠᠭᠠᠲᠤᠷᠴᠤᠳ ᠢ ᠪᠦᠲᠦᠭᠡᠳᠡᠭ᠂ ᠴᠠᠳᠢᠭᠯᠠᠵᠤ ᠲᠡᠭᠦᠨ ᠢ ᠨᠢ ᠲᠡᠮᠳᠡᠭᠯᠡᠭᠰᠡᠨ | ᠬᠤᠶᠢᠨ᠎ᠠ ᠰᠠᠶ᠋ᠢ ᠬᠥᠮᠥᠰ ᠲᠤ ᠲᠠᠨᠢᠭᠳᠠᠳᠠᠭ ᠪᠦᠯᠦᠭᠡ᠃ | ᠪᠠᠶᠢᠭᠤᠯᠭ᠎ᠠ ᠶᠢᠨ ᠮᠢᠨᠢ ᠲᠡᠦᠬᠡᠲᠦ ᠲᠠᠪᠢᠨ ᠵᠢᠯ ᠤᠨ ᠣᠢ ᠪᠠᠷ ᠠᠮᠢᠳᠤ ᠰᠡᠷᠡᠭᠦᠨ᠂ ᠡᠷᠡᠭᠦᠯ ᠰᠠᠷᠠᠭᠤᠯ ᠢᠶᠠᠷ ᠢᠶᠠᠨ | ᠦᠯᠡᠳᠡᠭᠡ ᠠᠬᠠᠮᠠᠳ ᠬᠢᠯᠢᠴᠢᠳ ᠢᠶᠠᠨ ᠤᠷᠢᠵᠠᠢ᠃ ᠬᠢᠯᠢ ᠠᠴᠠ ᠮᠢᠨᠢ ᠬᠠᠮᠤᠭ ᠤᠨ ᠣᠶᠢᠷᠠᠬᠠᠨ ᠪᠤᠶᠤ ᠨᠠᠶᠠᠨ ᠬᠡᠳᠦᠨ | ᠺᠢᠯᠣᠮᠧᠳ᠋ᠷ ᠤᠨ ᠵᠠᠢ ᠲᠠᠢ ᠲᠡᠷᠡ ᠲᠣᠰᠬᠤᠨ ᠢ ᠥᠩᠭᠡᠷᠡᠬᠦ ᠦᠶ᠎ᠡ ᠳᠤ ᠲᠡᠳᠡ ᠮᠠᠰᠢᠨ ᠠᠴᠠ ᠪᠠᠭᠤᠬᠤ ᠬᠦᠰᠡᠯ | ᠲᠠᠯᠪᠢᠯ᠎ᠠ᠃ ᠳᠠᠯ᠎ᠠ ᠭᠠᠷᠴᠤ ᠳᠠᠪᠤᠰᠠᠩ ᠨᠢ ᠰᠤᠯᠠᠷᠠᠭᠰᠠᠨ ᠨᠠᠰᠤᠲᠠᠶᠢᠴᠤᠳ ᠬᠤᠶᠢᠨ᠎ᠠ ᠮᠣᠷᠢ ᠬᠠᠷᠠᠬᠤ ᠭᠡᠵᠦ ᠪᠠᠶᠢᠨ᠎ᠠ | ᠭᠡᠵᠦ ᠪᠤᠳᠣᠬᠰᠠᠨ᠃ ᠲᠡᠭᠡᠭᠦ ᠳᠤ ᠲᠡᠳᠡ ᠠᠷᠢᠬᠢ ᠲᠠᠮᠠᠬᠢ᠂ ᠢᠳᠡᠭᠡ ᠪᠤᠳᠠᠭ᠎ᠠ ᠭᠠᠷᠭᠠᠨ ᠶᠣᠰᠣᠯᠠᠯ ᠲᠡᠭᠦᠯᠳᠡᠷ | ᠲᠠᠭᠢᠯᠭ᠎ᠠ ᠶᠢᠨ ᠠᠵᠢᠯᠯᠠᠭ᠎ᠠ ᠬᠢᠬᠦ ᠨᠢ ᠪᠢᠯᠡ᠃ | - ᠠᠳᠡ ᠪᠢᠳᠠᠨ ᠤ ᠨᠢᠭᠡᠨ ᠳᠠᠶᠢᠴᠢᠨ ᠨᠥᠬᠦᠷ ᠨᠦᠢᠷᠰᠤᠵᠤ ᠪᠤᠢ ᠭᠡᠨ᠎ᠡ᠃ | ᠳᠡᠭᠡᠷ᠎ᠡ ᠵᠠᠭᠤᠨ ᠤ ᠳᠠᠯᠠᠭᠠᠳ ᠣᠨ ᠳᠤ ᠪᠣᠯᠤᠭᠰᠠᠨ ᠨᠢᠭᠡᠨ ᠤᠳᠠᠭᠠᠨ ᠤ ᠬᠢᠯᠢ ᠶᠢᠨ ᠲᠤᠰᠠᠯᠠᠬᠤ ᠬᠦᠴᠦᠨ ᠤ | ᠰᠤᠷᠭᠠᠭᠤᠯᠢᠯᠠᠯ ᠳᠤ ᠨᠢᠭᠡᠨ ᠪᠠᠶᠢᠯᠳᠤᠭᠴᠢ ᠠᠳᠡ ᠪᠡᠶ᠎ᠡ ᠦᠷᠡᠭᠳᠡᠵᠡᠢ ᠭᠡᠰᠡᠨ ᠢ ᠬᠤᠵᠢᠮ ᠨᠢ ᠮᠡᠳᠡᠭᠰᠡᠨ ᠶᠤᠮ᠃ | ᠡᠯᠡᠰᠦᠨ ᠳᠤ ᠰᠠᠭᠤᠭᠰᠠᠨ ᠮᠠᠰᠢᠨ ᠨᠢ ᠵᠣᠭᠬᠢᠨ ᠵᠣᠬᠰᠣᠬᠤ ᠳᠤ ᠳᠡᠭᠡᠷ᠎ᠡ ᠨᠢ ᠠᠴᠢᠭᠤᠯᠵᠤ ᠶᠠᠪᠤᠭᠰᠠᠨ ᠨᠢᠭᠡᠨ | ᠪᠠᠶᠢᠯᠳᠤᠭᠴᠢ ᠨᠢ ᠤᠬᠤᠰᠬᠢᠨ ᠦᠰᠦᠷᠦᠨ ᠪᠠᠭᠤᠵᠤ᠂ ᠬᠦᠷᠳᠦᠨ ᠳᠤᠨᠢ ᠳᠠᠭᠠᠷᠢᠬᠳᠠᠵᠤ ᠨᠠᠰᠤ ᠪᠠᠷᠠᠭᠰᠠᠨ ᠠᠵᠢ᠃ | ᠤᠭ ᠨᠢ ᠬᠢᠴᠢᠶᠡᠯ ᠳᠠᠰᠬᠠᠯ ᠤᠨ ᠬᠢᠨᠢ ᠳᠠᠭᠠᠤ ᠲᠡᠭᠦᠨ ᠤ ᠬᠢᠳᠡᠯ ᠨᠢ ᠵᠥᠪ ᠪᠠᠶᠢᠭᠰᠠᠨ ᠴᠤ ᠶᠠᠮᠠᠷ ᠰᠢᠯᠲᠠᠭᠠᠨ ᠠᠴᠠ | ᠪᠣᠯᠤᠭᠰᠠᠨ ᠢ ᠥᠯᠥ ᠮᠡᠳᠡᠨ᠎ᠡ᠂ ᠡᠭᠡᠷᠡᠮ᠎ᠡ ᠡᠨᠡ ᠭᠤᠪᠢ ᠳᠤ ᠨᠡᠷ᠎ᠡ᠂ ᠬᠥᠰᠢᠶ᠎ᠡ ᠴᠤ ᠦᠭᠡᠢ ᠰᠢᠩᠭᠡᠭᠰᠡᠨ ᠪᠠᠶᠢᠪᠠ᠃ | ᠡᠨᠡ ᠦᠶ᠎ᠡ ᠳᠤ ᠡᠨᠡ ᠬᠢᠯᠢ ᠶᠢ ᠰᠠᠬᠢᠭᠠᠳ ᠪᠦᠷ ᠠᠷᠪᠠᠨ ᠬᠡᠳᠦᠨ ᠵᠢᠯ ᠪᠣᠯᠴᠢᠬᠠᠭᠠᠳ ᠪᠠᠶᠢᠭᠰᠠᠨ᠂ ᠡᠶᠢᠮᠦ ᠨᠢᠭᠡᠨ ︽ | ᠨᠢᠭᠤᠴᠠ︾ ᠲᠡᠦᠬᠡ ᠪᠠᠶᠢᠭᠰᠠᠨ ᠢ ᠨᠢ ᠠᠩᠬ᠎ᠠ ᠰᠣᠨᠣᠰᠴᠠᠢ᠃ | ᠴᠡᠷᠢᠭ ᠤᠨ ᠰᠤᠷᠭᠠᠭᠤᠯᠢ ᠳᠤ ︽ᠰᠠᠬᠢᠯᠭ᠎ᠠ︾ ᠳᠦᠷᠢᠮ ᠵᠢᠷᠤᠮ ᠭᠡᠳᠡᠭ ᠲᠠᠢ ᠠᠩᠬ᠎ᠠ ᠲᠠᠨᠢᠯᠴᠠᠬᠤ ᠳᠤ ︽ | ᠵᠠᠷᠢᠮ ᠭᠠᠪᠢᠶᠠᠨ ᠤ ᠣᠳᠣᠨ ᠲᠡᠮᠳᠡᠭ ᠲᠤ ᠪᠢᠲᠡᠭᠡᠢ ᠰᠠᠨᠠᠭᠠᠰᠢᠷᠠ᠂ ᠲᠡᠷᠡ ᠪᠣᠯ ᠠᠮᠢᠳᠤ ᠬᠥᠮᠥᠨ ᠳᠤ ᠥᠭᠳᠡᠭ | ᠶᠠᠭᠤᠮ᠎ᠠ ᠪᠢᠰᠢ︾ ᠭᠡᠵᠦ ᠶᠠᠷᠢᠭᠰᠠᠨ ᠢ ᠭᠡᠨᠡᠳᠲᠡ ᠰᠠᠨᠠᠪᠠ᠃ ᠦᠬᠦᠭᠰᠡᠳ ᠢ ᠢᠯᠡᠭᠦᠦ ᠬᠦᠨᠳᠦ ᠪᠠᠷ ᠦᠵᠡᠳᠡᠭ ᠴᠤ | ᠦᠯᠢᠭᠡᠷ ᠵᠣᠬᠢᠶᠠᠯ ᠪᠣᠯᠭᠠᠨ ᠪᠢᠴᠢᠵᠦ ᠥᠭᠬᠦ ᠬᠥᠮᠥᠨ ᠨᠡᠩ ᠱᠠᠭᠠᠷᠳᠠᠭᠳᠠᠬᠤ ᠶᠢ ᠪᠠᠰᠠ ᠰᠠᠨᠠᠯ᠎ᠠ᠃ | ᠡᠭᠦᠨ ᠠᠴᠠ ᠬᠡᠳᠦᠨ ᠵᠢᠯ ᠤᠨ ᠡᠮᠦᠨ᠎ᠡ ᠬᠠᠵᠠᠭᠤ ᠶᠢᠨ ᠨᠦᠭᠦᠭᠡ ᠰᠠᠯᠪᠤᠷᠢ ᠶᠢᠨ ᠬᠠᠷᠢᠶᠠᠨ ᠳᠠᠬᠢ ᠬᠠᠷᠠᠭᠤᠯ ᠤᠨ | ᠭᠠᠵᠠᠷ ᠲᠤᠨᠢ ᠣᠰᠣᠯ ᠠᠳᠡᠯ ᠭᠠᠷᠴᠤ᠂ ︽ᠠᠶᠤᠯ ᠦᠭᠡᠢ︾ ᠭᠡᠰᠡᠨ ︽ᠠᠯᠲᠠᠨ ᠠᠶᠠᠭ᠎ᠠ︾ ᠶᠢ ᠨᠢ ᠬᠠᠭᠠᠯᠵᠠᠢ᠃ | ᠪᠠᠷᠢᠯᠭ᠎ᠠ ᠶᠢᠨ ᠠᠵᠢᠯᠴᠢᠨ ᠤ ᠵᠢᠵᠢᠭᠬᠡᠨ ᠲᠷᠠᠺᠲ᠋ᠣᠷ ᠢ ᠪᠠᠷᠢᠵᠤ ᠪᠠᠶᠢᠭᠠᠳ ᠬᠥᠷᠪᠡᠭᠦᠯᠵᠦ᠂ ᠬᠠᠷᠠᠭᠤᠯ ᠤᠨ ᠴᠡᠭ ᠠᠴᠠ | ᠬᠡᠳᠦᠨ ᠺᠢᠯᠣᠮᠧᠳ᠋ᠷ ᠵᠠᠢ ᠳᠤ ᠭᠠᠵᠠᠷ ᠳᠡᠭᠡᠷ᠎ᠡ ᠪᠠᠨ ᠨᠠᠮ ᠤᠨᠠᠭᠰᠠᠨ ᠲᠤᠯᠠ ᠥᠪᠡᠷ ᠤᠨ ᠭᠡᠰᠡᠨ ᠬᠥᠮᠥᠰ ᠠᠴᠠ | ᠦᠵᠡᠵᠦ ᠬᠠᠷᠠᠭᠰᠠᠨ ᠨᠢ ᠨᠢᠭᠡ ᠴᠤ ᠦᠭᠡᠢ᠃ | - ᠲᠠᠨ ᠤ ᠬᠥᠮᠥᠨ ᠲᠷᠠᠺᠲ᠋ᠣᠷ ᠬᠤᠯᠠᠭᠠᠶᠢᠯᠠᠭᠠᠳ ᠣᠰᠣᠯ ᠡᠭᠦᠳᠦᠭᠰᠡᠨ ᠬᠡᠮᠡᠨ ᠨᠥᠭᠦᠭᠡ ᠬᠥᠮᠥᠰ ᠨᠢ ᠠᠮᠠ ᠪᠠᠨ | ᠵᠠᠭᠤᠵᠠᠢ᠃ | ᠶᠡᠷᠦ ᠨᠢ ᠠᠵᠢᠯᠴᠢᠨ ᠢ ᠬᠠᠮᠵᠢᠵᠤ ᠪᠠᠶᠢᠭᠠᠳ ᠯᠠ ᠠᠳᠡᠭᠰᠡᠨ ᠬᠡᠮᠡᠨ ᠨᠤᠲᠠᠯᠠᠭᠤᠯᠬᠤ ᠭᠡᠵᠦ ᠮᠠᠨ ᠤ ᠬᠢᠨ | ᠶᠡᠭᠡ ᠪᠠᠷ ᠵᠢᠳᠬᠦᠭᠰᠡᠨ ᠪᠤᠯᠪᠠᠴᠤ ᠲᠠᠯᠠᠭᠠᠷ ᠪᠣᠯᠪᠠ᠃ ᠳᠡᠭᠡᠷ᠎ᠡ ᠭᠠᠵᠠᠷ ᠠᠴᠠ ᠢᠷᠡᠭᠰᠡᠨ ᠣᠰᠣᠯ ᠠᠳᠡᠯ ᠢ | ᠰᠢᠯᠭᠠᠭᠴᠢ ᠠᠴᠠ ᠴᠣᠬᠤᠮ ᠶᠠᠮᠠᠷ ᠤᠴᠢᠷ ᠪᠣᠯᠤᠭᠰᠠᠨ ᠢ ᠲᠣᠳᠣᠯᠠᠵᠤ ᠴᠢᠳᠠᠭᠰᠠᠨ ᠬᠥᠮᠥᠨ ᠠᠯᠠᠭ᠎ᠠ ᠭᠡᠬᠦ ᠠᠴᠠ | ᠲᠣᠳᠣᠯᠠᠴᠢᠬᠠᠬᠤ ᠶᠢ ᠶᠡᠭᠡ ᠬᠦᠰᠡᠭᠰᠡᠨ ᠬᠥᠮᠥᠨ ᠴᠤ ᠦᠭᠡᠢ ᠪᠠᠶᠢᠭᠰᠠᠨ ᠪᠤᠯᠣᠯᠲᠠᠢ᠃ | ᠠᠩᠬᠠᠨ ᠤ ᠮᠥᠷᠳᠡᠯᠲᠡ ᠪᠠᠷ ᠢᠶᠠᠨ ᠲᠠᠯᠶᠢᠬᠴᠢ ᠶᠢ ︽ᠠᠬ᠎ᠠ ᠳᠡᠭᠦᠦ ᠬᠡᠳᠦᠭᠦᠯᠡ ᠪᠤᠢ︖︾ ᠭᠡᠳᠡᠭ ᠢ | ᠲᠣᠳᠣᠷᠠᠭᠤᠯᠵᠤ᠂ ᠠᠶᠢᠯ ᠤᠨ ᠭᠠᠭᠴᠠ ᠬᠦᠦ ᠪᠢᠰᠢ ᠪᠣᠯᠬᠤᠷ ᠠᠯᠢᠪᠠ ᠠᠰᠠᠭᠤᠳᠠᠯ ᠠᠮᠠᠷᠬᠠᠨ ᠬᠡᠮᠡᠨ ᠥᠭᠦᠯᠡᠵᠡᠢ᠃ | ᠦᠷᠡᠭᠳᠡᠭᠰᠡᠨ ᠪᠠᠭᠠᠲᠤᠷ ᠲᠤ ᠣᠯᠭᠤᠬᠤ ᠲᠥᠯᠥᠪᠦᠷᠢ ᠮᠥᠩᠭᠦ ᠨᠢ ᠡᠩ ᠤᠨ ᠦᠬᠦᠯ ᠠᠴᠠ ᠪᠦᠷ ᠪᠠᠭ᠎ᠠ ᠪᠠᠶᠢᠯ᠎ᠠ ᠴᠤ | ᠠᠯᠳᠠᠷ ᠨᠡᠷ᠎ᠡ ᠶᠢᠨ ᠬᠤᠪᠢ ᠳᠤ ᠲᠡᠭᠷᠢ ᠭᠠᠵᠠᠷ ᠤᠨ ᠵᠥᠷᠢᠶ᠎ᠡ ᠲᠠᠢ᠃ ᠮᠥᠩᠭᠦ ᠳᠡᠪᠢᠰᠬᠡᠷᠲᠦ ᠪᠠᠷ ᠠᠷᠭᠠᠯᠠᠵᠤ ᠪᠤᠯᠳᠠᠭ | ᠪᠦᠭᠦᠨ ᠠᠰᠠᠭᠤᠳᠠᠯ ᠪᠢᠰᠢ᠃ ᠬᠠᠮᠤᠭ ᠤᠨ ᠭᠤᠣᠯ ᠨᠢ ᠲᠡᠷᠡ ᠮᠥᠩᠭᠦ ᠶᠢ ︽ᠪᠠᠶᠢᠴᠠᠭᠠᠭᠴᠢ ᠲᠦᠰᠢᠮᠡᠯ︾ ᠠᠴᠠ | ᠥᠪᠡᠷ ᠤᠨ ᠬᠢᠨᠢ ᠲᠦᠷᠡᠶᠢᠪᠴᠢ ᠠᠴᠠ ᠪᠠᠨ ᠰᠤᠭᠤᠯᠳᠠᠭ ᠦᠭᠡᠢ ᠰᠢᠤ᠃ | ᠢᠩᠭᠢᠭᠡᠳ ᠯᠠ ᠮᠠᠨ ᠤ ᠬᠢᠨ ᠠᠴᠠ ᠲᠥᠷᠥᠭᠦ ᠶᠣᠰᠣᠲᠠᠢ ᠪᠠᠶᠢᠭᠰᠠᠨ ︽ᠪᠠᠭᠠᠲᠤᠷ︾ ᠳᠣᠷᠭᠤᠨ ᠪᠣᠯᠵᠤ᠂ ︽ | ᠠᠶᠤᠯᠭᠦᠢ ᠶᠢᠨ ᠠᠯᠳᠠᠭ᠎ᠠ ᠭᠠᠷᠭᠠᠭᠰᠠᠨ︾ ᠭᠡᠬᠦ ᠲᠣᠮᠣ ᠮᠠᠯᠠᠭᠠᠢ ᠪᠠᠷ ᠳᠠᠷᠤᠭᠤᠯᠵᠤ ᠪᠢᠯᠡ᠃ | ᠰᠠᠶᠢᠨ ᠮᠠᠭᠤ ᠬᠤᠶᠠᠷ ᠲᠠᠯ᠎ᠠ ᠲᠠᠢ᠂ ᠰᠠᠭᠠᠭ ᠰᠢᠭ᠋ ᠭᠤᠷᠪᠠᠳᠤᠭᠠᠷ ᠲᠠᠯ᠎ᠠ ᠪᠠᠶᠢᠳᠠᠭ ᠦᠭᠡᠢ᠃ ᠶᠡᠷᠦ ᠨᠢ ᠬᠡᠪᠯᠡᠯ | ᠮᠡᠳᠡᠭᠡᠯᠡᠯ ᠤᠨ ᠬᠢᠨ ᠳᠤ ᠬᠡᠯᠡᠵᠦ᠂ ᠶᠠᠮᠠᠷ ᠨᠢᠭᠡᠨ ᠤᠬᠠᠭᠤᠯᠭ᠎ᠠ ᠶᠢᠨ ᠠᠷᠭ᠎ᠠ ᠬᠡᠮᠵᠢᠶ᠎ᠡ ᠠᠪᠤᠭᠰᠠᠨ ᠪᠣᠯ ᠠᠷᠠᠢ ᠰᠠᠶᠢᠨ | ᠪᠠᠶᠢᠭᠰᠠᠨ ᠴᠤ ᠪᠣᠯ ᠦᠦ︖ ᠬᠡᠮᠡᠨ ᠬᠡᠷᠡᠭ ᠤᠨ ᠬᠤᠶᠢᠨ᠎ᠠ ᠪᠢ ᠪᠠᠶᠢᠩᠭᠤ ᠪᠤᠳᠤᠵᠤ ᠰᠠᠭᠤᠳᠠᠭ᠃ ᠤᠯᠠᠨ ᠤ | ᠠᠮᠠᠨ ᠳᠤ ᠣᠪᠣᠭ᠎ᠠ ᠬᠥᠳᠡᠯᠦᠨ᠎ᠡ ᠭᠡᠳᠡᠭ ᠪᠢᠵᠡ︖ | ᠦᠷᠡᠭᠳᠡᠭᠰᠡᠨ ᠪᠦᠭᠦᠨ ᠪᠠᠭᠠᠲᠤᠷ ᠪᠤᠯᠳᠠᠭ ᠦᠭᠡᠢ᠂ ᠡᠷᠭᠦᠵᠦ ᠪᠠᠰᠠ ᠮᠠᠭᠲᠠᠬᠤ ᠬᠥᠮᠥᠨ ᠬᠡᠷᠡᠭ ᠲᠠᠢ᠃ ᠦᠵᠡᠨ | ᠶᠠᠳᠠᠬᠤ᠂ ᠥᠰᠢᠶ᠎ᠡ ᠬᠤᠨᠵᠢᠩ ᠭᠡᠬᠦ ᠰᠡᠳᠬᠢᠴᠡ ᠶᠢᠨ ᠬᠥᠳᠡᠯᠭᠡᠭᠡᠨ ᠪᠠᠶᠢᠳᠠᠭ᠂ ᠤᠭ ᠬᠡᠷᠡᠭ ᠢ ᠮᠥᠷᠳᠡᠭᠴᠢ ᠨᠠᠷ ᠢ | ᠠᠬᠠᠯᠠᠭᠰᠠᠨ ᠨᠥᠬᠦᠷ ᠨᠢ ᠮᠠᠨ ᠤ ᠬᠤᠷᠢᠶᠠᠨ ᠳᠠᠷᠤᠭ᠎ᠠ ᠲᠠᠢ ︽ᠮᠠᠭᠤᠳᠠᠯᠴᠠᠭᠰᠠᠨ︾ ᠥᠩᠭᠡᠷᠡᠯᠲᠡ ᠲᠠᠢ ᠤᠴᠢᠷ | ᠰᠢᠪᠰᠢᠭ ᠢ ᠨᠢ ᠲᠣᠭᠠᠴᠢᠵᠤ᠂ ᠰᠢ ᠪᠣᠯᠭᠠᠨ ᠦᠵᠡᠬᠦ ᠶᠢ ᠬᠦᠰᠡᠭᠰᠡᠨ ᠬᠡᠮᠡᠨ ᠬᠤᠵᠢᠮ ᠤᠨ ᠬᠥᠮᠥᠰ ᠳᠠᠩᠳᠠ ᠶᠠᠷᠢᠳᠠᠭ | ᠃ ᠬᠠᠮᠠᠭᠠᠯᠠᠯᠲᠠ ᠶᠢᠨ ᠱᠤᠭᠤᠮ ᠨᠢ ᠤᠷᠲᠤ ᠴᠤ ᠬᠠᠮᠠᠭᠠᠯᠠᠯᠲᠠ ᠶᠢᠨ ᠡᠭᠦᠷᠭᠡ ᠨᠢ ᠴᠢᠬᠤᠯᠠ ᠪᠢᠰᠢ ᠭᠡᠵᠦ | ᠣᠨᠴᠠᠯᠠᠭᠳᠠᠭᠰᠠᠨ ᠲᠤᠯᠠ ᠬᠠᠷᠠᠭᠠᠯᠵᠠᠵᠤ ᠪᠠᠰᠠ ᠲᠡᠳᠬᠦᠬᠦ ᠬᠥᠮᠥᠰ ᠨᠢ ᠴᠥᠭᠡᠨ ᠲᠤᠯᠠ ᠠᠷᠭ᠎ᠠ ᠦᠭᠡᠢ᠃ | ᠬᠢᠯᠢ ᠶᠢᠨ ᠮᠠᠨᠠᠭ᠎ᠠ ᠭᠡᠵᠦ ᠵᠠᠯᠠᠭᠤᠴᠤᠳ ᠤᠨ ᠴᠤᠭᠯᠠᠷᠠᠯ᠂ ᠡᠵᠢ ᠠᠪᠤ ᠶᠢᠨ ᠬᠡᠦᠬᠡᠳ᠂ ᠪᠠᠰᠠ ᠡᠷ᠎ᠡ ᠨᠥᠬᠦᠷ᠂ | ᠡᠴᠢᠭᠡ ᠬᠥᠮᠥᠨ ᠪᠣᠯᠣᠭᠴᠢ᠂ ᠡᠩᠬᠡ ᠲᠥᠷᠥ ᠶᠢᠨ ᠴᠠᠭ ᠦᠶ᠎ᠡ ᠳᠤ ︽ᠦᠷᠡᠭᠳᠡᠭᠰᠡᠨ ᠪᠠᠭᠠᠲᠤᠷ︾ ᠪᠤᠯᠬᠤ ᠶᠢ | ᠬᠡᠨ ᠨᠢ ᠴᠤ ᠬᠦᠰᠡᠳᠡᠭ ᠦᠭᠡᠢ ᠨᠢ ᠮᠡᠳᠡᠭᠡᠵᠢ᠃ ᠬᠢᠯᠢ ᠶᠢᠨ ᠱᠤᠭᠤᠮ ᠭᠡᠵᠦ ᠡᠭᠡᠭᠡ ᠯᠠ ᠡᠬᠡ ᠣᠷᠣᠨ ᠤ ᠮᠢᠨᠢ | ᠨᠤᠲᠤᠭ ᠢ ᠱᠠᠭᠯᠠᠵᠤ ᠣᠶᠣᠭᠰᠠᠨ ᠤᠲᠠᠰᠤ ᠰᠢᠭ᠋᠂ ᠬᠢᠯᠢᠴᠢᠳ ᠨᠢ ᠲᠡᠷᠡ ᠣᠶᠣᠳᠠᠯ ᠢ ᠨᠢ ᠬᠠᠭᠵᠠᠷᠠᠴᠢᠬᠠᠬᠤ ᠠᠴᠠ | ᠬᠠᠮᠠᠭᠠᠯᠠᠵᠤ ᠪᠠᠶᠢᠭ᠎ᠠ ᠠᠵᠢᠯ ᠠᠯᠪᠠ᠃ ᠲᠡᠳᠡ ᠪᠦᠭᠦᠳᠡ ᠪᠠᠭᠠᠲᠤᠷᠴᠤᠳ᠂ ᠣᠯᠠᠩᠬᠢ ᠨᠢ ᠨᠡᠷ᠎ᠡ ᠪᠠᠨ ᠪᠢᠰᠢ | ᠮᠥᠷ ᠢᠶᠠᠨ ᠦᠯᠡᠳᠡᠭᠡᠭᠡᠳ ᠯᠠ ᠳᠠᠭᠤ ᠦᠭᠡᠢ ᠬᠠᠯᠠᠭᠳᠠᠳᠠᠭ᠃ | ᠠᠮᠢᠳᠤ ᠶᠢᠨ ᠪᠠᠭᠠᠲᠤᠷᠴᠤᠳ ᠵᠥᠩᠳᠡᠭᠡᠨ ᠪᠠᠶᠢᠭ᠎ᠠ ᠲᠡᠷᠡ ᠶᠡᠭᠡ ᠬᠢᠵᠠᠭᠠᠷ ᠠᠴᠠ ︽ᠦᠷᠡᠭᠳᠡᠭᠰᠡᠨ ᠪᠠᠭᠠᠲᠤᠷ︾ | ᠤᠨ ᠲᠤᠬᠠᠢ ᠦᠯᠢᠭᠡᠷ ᠳᠣᠮᠤᠭ ᠢ ᠦᠨᠡᠨ ᠳᠡᠭᠡᠨ ᠬᠡᠨ ᠴᠤ ᠰᠣᠨᠣᠰᠬᠤ ᠶᠢ ᠤᠬᠲᠤ ᠬᠦᠰᠡᠬᠦ ᠦᠭᠡᠢ ᠪᠠᠶᠢᠯᠭᠦᠢ ᠁ | | ᠣᠷᠴᠢᠭᠤᠯᠤᠭᠴᠢ᠄ |