ᠨᠤᠲᠤᠭ ᠤᠨ ᠨᠠᠮᠤᠷ
ᠨᠡᠶᠢᠲᠡᠯᠡᠭᠰᠡᠨ ᠴᠠᠭ᠄
2024/10/18
    ᠣᠯᠠᠭᠠᠨᠨᠠᠭᠤᠷ ᠤᠨ ᠬᠤᠨ    ᠤᠷᠤᠭᠰᠢ ᠬᠤᠶᠢᠰᠢ ᠪᠠᠨ ᠭᠠᠩᠭᠠᠨᠠᠯᠳᠤᠵᠤ    ᠤᠶᠠᠭᠠᠨ ᠳᠡᠭᠡᠷᠡᠬᠢ ᠮᠣᠷᠢᠳ    ᠰᠦᠷᠦᠭ ᠤᠨ ᠬᠤᠶᠢᠨ᠎ᠠ ᠠᠴᠠ ᠢᠨᠴᠠᠭᠠᠯᠳᠤᠵᠤ    ᠣᠪᠣᠭᠠᠨ ᠱᠣᠩ ᠤᠨ ᠲᠤᠷᠳᠤᠩ    ᠥᠩᠭᠡ ᠨᠢ ᠪᠠᠭᠤᠷᠠᠨ ᠰᠡᠮᠡᠷᠡᠵᠦ    ᠣᠭᠲᠠᠷᠭᠤᠢ ᠶᠢᠨ ᠴᠠᠭᠠᠨ ᠡᠭᠦᠯᠡᠰ    ᠤᠶᠢᠳᠬᠠᠷ ᠲᠥᠷᠥᠭᠦᠯᠦᠮ᠎ᠡ ᠨᠡᠭᠦᠯᠳᠤᠵᠤ    ᠬᠤᠯᠠ ᠶᠢᠨ ᠬᠥᠬᠡ ᠠᠭᠤᠯᠠᠰ    ᠰᠢᠩᠭᠡᠨ ᠤᠨᠢᠶᠠᠷ ᠲᠤ ᠪᠦᠳᠡᠭᠢᠷᠡᠵᠦ    ᠬᠤᠯᠪᠤᠭ᠎ᠠ ᠨᠠᠭᠤᠷ ᠤᠨ ᠵᠡᠭᠡᠰᠦ    ᠰᠢᠪᠠᠭᠤᠳ ᠢᠶᠠᠨ ᠦᠭᠡᠶᠢᠯᠡᠨ ᠭᠠᠩᠬᠤᠵᠤ    ᠵᠢᠯᠠᠭ᠎ᠠ ᠶᠢᠨ ᠬᠤᠰᠤᠨ ᠤ ᠨᠠᠪᠴᠢᠰ    ᠰᠢᠷᠭᠠᠯ ᠥᠩᠭᠡ ᠪᠠᠷ ᠰᠣᠯᠢᠭᠳᠠᠵᠤ    ᠵᠢᠷᠭᠢᠭᠡ ᠪᠣᠯᠵᠣᠮᠣᠷ ᠤᠨ ᠬᠤᠰᠢᠭᠤ    ᠮᠦᠢᠯ ᠤᠨ ᠰᠢᠭᠦᠰᠦᠨ ᠳᠤ ᠪᠤᠳᠤᠭᠰᠢᠵᠤ    ᠬᠠᠷᠢ ᠳᠤ ᠮᠣᠷᠳᠠᠬᠤ ᠥᠬᠢᠳ ᠤᠨ    ᠬᠠᠨᠴᠤᠢ ᠨᠢ ᠨᠢᠯᠪᠤᠰᠤᠨ ᠳᠤ ᠳᠡᠪᠲᠦᠵᠦ    ᠬᠤᠷᠢᠮ ᠤᠨ ᠨᠢᠵᠢᠭᠢᠷ ᠪᠠᠶᠠᠷ    ᠬᠤᠭᠤᠷ ᠴᠤᠭᠤᠷ ᠢᠶᠠᠷ ᠡᠭᠡᠰᠢᠭᠷᠡᠵᠤ    ᠨᠠᠶᠢᠷ ᠤᠨ ᠰᠢᠷᠡᠭᠡᠨ ᠤ ᠭᠡᠶᠢᠴᠢᠳ    ᠨᠠᠩᠵᠢᠳ ᠤᠨ ᠳᠡᠭᠡᠵᠢ ᠢᠳᠠᠮᠯᠠᠵᠤ    ᠲᠤᠰᠤᠨ ᠲᠠᠷᠭᠤ ᠲᠠᠢ ᠬᠤᠨᠢᠳ    ᠤᠰᠤᠨ ᠵᠦᠭ ᠭᠦᠶᠦᠯᠳᠦᠵᠦ    ᠳᠤᠨᠳᠠᠭᠤᠷ ᠪᠤᠳᠤᠩ ᠲᠠᠢ ᠰᠢᠷ᠎ᠠ ᠲᠣᠰᠣ    ᠭᠦᠵᠡᠭᠡ ᠤᠷᠤᠭᠤ ᠨᠡᠭᠦᠵᠦ    ᠬᠥᠨᠥᠭ ᠲᠠᠢ ᠰᠢᠷ᠎ᠠ ᠠᠶᠢᠷᠠᠭ    ᠭᠦᠭᠡᠰᠦ ᠬᠤᠷᠢᠶᠠᠨ ᠬᠥᠷᠥᠩᠭᠡᠰᠢᠵᠦ    ᠬᠥᠳᠥᠰᠥᠨ ᠲᠡᠪᠡᠯ ᠤᠨ ᠦᠰᠦᠨ ᠳᠤ    ᠡᠪᠡᠰᠦᠨ ᠤ ᠦᠨᠦᠷ ᠰᠢᠩᠭᠡᠵᠦ    ᠤᠷᠤᠯᠳᠤᠭᠠᠨ ᠮᠣᠷᠢᠳ ᠤᠨ ᠨᠣᠭᠲᠣ    ᠬᠠᠨ᠎ᠠ ᠶᠢᠨ ᠲᠣᠯᠣᠭᠠᠢ ᠳᠤ ᠵᠡᠭᠦᠭᠳᠡᠵᠦ    ᠤᠯᠢᠶᠠᠷᠬᠠᠭ ᠪᠤᠯᠪᠠᠷᠠᠢ ᠬᠡᠦᠬᠡᠳ ᠤᠳ    ᠰᠤᠷᠭᠠᠭᠤᠯᠢ ᠵᠦᠭ ᠢᠶᠠᠨ ᠴᠤᠪᠤᠷᠠᠯᠳᠤᠵᠤ    ᠨᠠᠷᠠᠨ ᠰᠢᠷᠭᠠᠯ ᠲᠠᠯ᠎ᠠ ᠪᠠᠷ    ᠡᠪᠡᠰᠦᠨ ᠳᠠᠪᠠᠯᠭᠠᠨ ᠬᠠᠶᠠᠯᠠᠵᠤ    ᠨᠠᠷᠠᠨ ᠤ ᠪᠣᠷᠣ ᠮᠠᠯᠴᠢᠳ    ᠨᠠᠮᠤᠷ ᠤᠨ ᠠᠵᠢᠯ ᠳᠠᠭᠠᠨ ᠪᠤᠵᠢᠭᠢᠨᠠᠵᠤ    ᠤᠶᠠᠬᠠᠨ ᠬᠤᠩᠭᠤᠷ ᠰᠠᠯᠬᠢ    ᠦᠶ᠎ᠡ ᠦᠶ᠎ᠡ ᠰᠡᠪᠡᠯᠵᠡᠨ    ᠤᠰᠤᠷᠬᠠᠤ ᠬᠦᠢᠲᠡᠨ ᠪᠣᠷᠤᠭ᠎ᠠ    ᠬᠠᠶᠠ ᠨᠢᠭᠡ ᠰᠡᠩᠰᠡᠷᠡᠵᠦ    ᠤᠶᠠᠭᠠᠲᠠᠢ ᠡᠷᠦᠬᠡᠨ ᠣᠭᠤᠰᠣᠷ    ᠳᠡᠭᠡᠪᠦᠷ ᠴᠢᠪᠬᠠᠳᠠᠨ ᠪᠢᠵᠢᠭᠢᠨᠡᠭᠰᠡᠭᠡᠷ    ᠮᠣᠩᠭᠤᠯ ᠨᠤᠲᠤᠭ ᠤᠨ ᠨᠠᠮᠤᠷ    ᠮᠣᠷᠢᠨ ᠤᠶᠠᠭᠠᠨ ᠳᠡᠭᠡᠷ᠎ᠡ ᠢᠷᠡᠴᠢᠬᠡᠯ᠎ᠡ
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号