ᠨᠤᠲᠤᠭ
ᠨᠡᠶᠢᠲᠡᠯᠡᠭᠰᠡᠨ ᠴᠠᠭ᠄
2024/10/1
    ᠡᠷᠲᠡ ᠤᠷᠢᠳᠤ ᠶᠢᠨ ᠬᠠᠭᠤᠴᠢ ᠦᠯᠢᠭᠡᠷ ᠰᠢᠭ    ᠡᠮᠡᠭᠡ ᠠᠭᠤᠯᠠ ᠬᠤᠶᠠᠷ ᠮᠢᠨᠢ ᠬᠥᠲᠥᠯᠥᠭᠰᠡᠨ    ᠣᠨ ᠵᠢᠯ ᠤᠨ ᠪᠤᠭᠤᠷᠤᠯ ᠵᠠᠮ ᠢ ᠡᠪᠬᠡᠬᠦ ᠳᠤ    ᠣᠪᠣᠭᠠᠲᠤ ᠶᠢᠨ ᠬᠥᠨᠳᠡᠢ ᠮᠢᠨᠢ ᠲᠤᠰᠤᠨ᠎ᠠ    ᠠᠭᠤᠯᠠ ᠴᠡᠴᠡᠭ ᠬᠤᠶᠠᠷ ᠤᠨ ᠢᠶᠠᠨ ᠳᠤᠮᠳᠠ ᠭᠦᠶᠦᠨᠡᠮ    ᠲᠣᠷᠦ᠋ᠢᠭ᠌ᠰᠠᠭᠠᠷ ᠬᠤᠴᠣᠷᠤᠭᠰᠠᠨ ᠡᠵᠢ ᠶᠢᠨ ᠮᠢᠨᠢ    ᠲᠣᠷᠮᠦ᠋ᠢᠵᠤ ᠰᠠᠭᠤᠭ᠎ᠠ ᠲᠡᠭᠷᠢ ᠶᠢᠨ ᠦᠷ    ᠲᠤᠷᠳᠤᠩ ᠤᠨ ᠥᠩᠭᠡ ᠪᠠᠷ ᠡᠬᠢᠯᠡᠬᠦ ᠳᠤ    ᠲᠤᠤᠯᠢᠮ᠎ᠠ ᠬᠤᠷᠸ᠎ᠠ ᠬᠠᠳᠠᠭ ᠤᠨ ᠴᠡᠩᠬᠡᠷ ᠨᠠᠮᠢᠷᠠᠨ᠎ᠠ    ᠳᠡᠩᠳᠡᠭᠦᠦ ᠶᠡᠭᠡ ᠠᠴᠢ ᠶᠢ ᠨᠢ ᠰᠠᠨᠠᠬᠤ ᠳᠤ    ᠳᠡᠯᠡᠬᠡᠢ ᠳᠦᠭᠦᠷᠡᠩ ᠬᠠᠶᠢᠷ᠎ᠠ ᠡᠨᠡᠷᠢᠯ ᠦᠷᠭᠦᠯᠵᠢᠯᠡᠨᠡᠮ    ᠳᠤᠲᠠᠭᠤ ᠲᠠᠢ ᠬᠤᠷᠸ᠎ᠠ ᠶᠢᠨ ᠬᠠᠲᠠᠭᠤ ᠶᠢ ᠲᠠᠨᠢᠭᠤᠯᠵᠤ    ᠳᠠᠭᠤᠤ ᠳᠤ ᠯᠡ ᠦᠯᠡᠳᠡᠭᠰᠡᠨ ᠠᠪᠤ ᠪᠠᠨ ᠮᠥᠷᠥᠭᠡᠳᠬᠦᠢ    ᠳᠠᠭᠤᠲᠤ ᠶᠢᠨ ᠪᠣᠷᠣ ᠲᠠᠯ᠎ᠠ ᠵᠡᠭᠦᠳᠦᠨ ᠳᠤ ᠳᠡᠯᠭᠡᠭᠳᠡᠭᠡᠳ    ᠲᠤᠰᠤᠭᠠᠳ ᠤᠭᠲᠤᠳᠠᠭ ᠬᠥᠲᠥᠯ ᠵᠡᠭᠦᠳᠦᠨ ᠳᠤ ᠲᠣᠷᠦ᠋ᠢᠭᠠᠳ    ᠲᠤᠮᠤᠭ ᠤᠨ ᠪᠠᠭᠠᠲᠤᠷ ᠰᠢᠭ᠋ ᠡᠷ᠎ᠡ ᠮᠣᠷᠢᠲᠠᠢ ᠢᠷᠡᠨ ᠪᠠᠭᠤᠵᠤ    ᠲᠣᠰᠣ ᠲᠠᠢ ᠴᠠᠢ ᠤᠤᠭᠤᠵᠤ ᠬᠥᠯᠥᠷᠡᠨ ᠰᠠᠭᠤᠨᠠᠮ    ᠳᠤᠷᠠᠳᠬᠠᠯ ᠪᠢᠳᠡ ᠬᠤᠶᠠᠷ ᠪᠡᠶ᠎ᠡ ᠪᠡᠶ᠎ᠡ ᠳᠡᠭᠡᠨ ᠡᠷᠬᠡᠯᠡᠨᠡᠮ    ᠡᠪᠡᠰᠦᠨ ᠤ ᠲᠣᠯᠣᠭᠠᠢ ᠪᠥᠬᠦᠯᠵᠡᠬᠦ ᠬᠢᠷᠠᠭᠤᠲᠤ ᠥᠷᠯᠥᠭᠡ    ᠡᠭᠦᠯᠡ ᠳᠠᠯᠳᠠᠯᠠᠭᠰᠠᠨ ᠪᠤᠭᠤᠷᠤᠯ ᠤᠳ ᠢᠶᠠᠨ ᠳᠤᠷᠠᠰᠬᠤᠢ    ᠡᠭᠡᠯ ᠦᠭᠡᠢ ᠤᠬᠠᠭᠠᠨᠲᠤ ᠭᠡᠭᠡᠷᠡᠭᠦᠢ ᠶᠢᠨ ᠰᠤᠷᠭᠠᠯ ᠨᠢ    ᠡᠰ ᠪᠦᠭᠦᠨ ᠢ ᠮᠢᠨᠢ ᠢᠪᠡᠭᠡᠨ ᠳᠠᠭᠤᠳᠠᠨᠠᠮ    ᠠᠭᠤᠯᠠᠰ ᠤᠨ ᠢᠶᠠᠨ ᠴᠢᠯᠠᠭᠤ ᠶᠢ ᠥᠭᠡᠳᠡ ᠨᠢ ᠲᠡᠭᠰᠢᠯᠡᠬᠦ    ᠤᠬᠠᠭᠠᠨ ᠤ ᠲᠡᠮ ᠳᠤ ᠦᠷᠡᠰ ᠨᠢ ᠥᠰᠦᠨᠡᠮ    ᠡᠷᠬᠢᠮᠰᠦᠭ ᠭᠤᠸ᠎ᠠ ᠣᠷᠣᠰᠢᠬᠤᠢ ᠳᠤ ᠭᠠᠵᠠᠷ ᠤᠨ ᠠᠮᠢᠰᠬᠤᠭ᠎ᠠ ᠲᠡᠨᠢᠢᠨ    ᠡᠩᠭᠡᠷ ᠤᠨ ᠭᠤᠷᠪᠠᠨ ᠨᠠᠭᠤᠷ ᠢᠷᠭᠤᠢ ᠵᠠᠬᠠᠯᠠᠨ ᠤᠷᠢᠬᠠᠨ ᠬᠠᠪᠤᠷ ᠢᠷᠡᠵᠦ    ᠡᠬᠢᠯᠡᠯ ᠲᠡᠭᠦᠰᠬᠡᠯ ᠢ ᠶᠢᠷᠲᠢᠨᠴᠦ ᠶᠢᠨ ᠴᠢᠨᠠᠳᠤ ᠳᠤ ᠠᠶᠠᠯᠭᠤ ᠲᠦᠷᠢᠨ    ᠢᠷᠦᠭᠡᠯ ᠤᠨ ᠰᠠᠴᠤᠯᠢ ᠲᠠᠢ ᠲᠡᠭᠷᠢ ᠳᠤ ᠨᠠᠮᠤᠷ ᠤᠨ ᠰᠢᠪᠠᠭᠤᠳ ᠪᠤᠴᠠᠭᠰᠠᠭᠠᠷ    ᠶᠢᠰᠦᠨ ᠬᠦᠰᠡᠯ ᠤᠨ ᠡᠬᠡ ᠣᠷᠣᠨ ᠮᠢᠨᠢ ᠦᠷ᠎ᠡ ᠪᠠᠨ ᠪᠠᠷᠠᠯᠠᠨᠠᠮ    ᠡᠩᠭᠡᠰᠬᠡᠲᠦ ᠬᠠᠴᠠᠷ ᠢᠶᠠᠨ ᠥᠭᠴᠦ ᠦᠨᠦᠰᠦᠭᠦᠯᠬᠦ    ᠡᠯᠢᠭᠡᠨ ᠬᠦᠷᠡᠩ ᠠᠭᠤᠯᠠᠰ ᠮᠢᠨᠢ ᠲᠡᠪᠡᠷᠢᠨᠡᠮ᠃
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号