ᠶᠢᠰᠦᠳᠦᠭᠡᠷ ᠰᠠᠷ᠎ᠠ
ᠨᠡᠶᠢᠲᠡᠯᠡᠭᠰᠡᠨ ᠴᠠᠭ᠄
2024/9/25
    ᠲᠥᠭᠡᠨᠡᠳᠡᠭ ᠨᠠᠷᠠᠨ ᠤ ᠳᠣᠣᠭᠤᠷ ᠲᠡᠮᠡᠭᠡ ᠴᠠᠭᠠᠨ ᠡᠭᠦᠯᠡᠰ ᠨᠡᠭᠦᠵᠦ    ᠲᠡᠩᠴᠡᠭᠰᠡᠨ ᠬᠠᠯᠠᠭᠤᠨ ᠰᠡᠷᠢᠭᠦᠨ ᠠᠮᠢᠰᠬᠤᠭ᠎ᠠ ᠡᠳᠦᠷ ᠤᠨ ᠵᠢᠷᠤᠬᠠᠢ ᠲᠠᠲᠠᠨ᠎ᠠ    ᠲᠣᠭᠤᠷᠤᠤ ᠶᠢᠨ ᠲᠠᠭᠤ ᠲᠡᠭᠷᠢ ᠭᠤᠣᠯ ᠢ ᠤᠶᠠᠷᠠᠭᠤᠯᠤᠨ ᠪᠣᠷᠣᠭᠠᠨ ᠪᠤᠯᠭᠠᠵᠦ ᠵᠦᠰᠡᠷᠡᠭᠦᠯᠦᠭᠡᠳ    ᠳᠡᠩᠳᠡᠭᠦᠦ ᠬᠠᠲᠠᠭᠤ ᠣᠷᠴᠢᠯᠠᠩ ᠤᠨ ᠥᠩᠭᠡ ᠶᠢ ᠡᠪᠡᠰᠦᠨ ᠨᠠᠮᠠᠭᠠᠨ ᠳᠡᠭᠡᠷ᠎ᠡ ᠵᠥᠭᠡᠯᠡᠯᠡᠨ᠎ᠡ    ᠰᠢᠨ᠎ᠡ ᠰᠠᠷ᠎ᠠ ᠶᠢ ᠬᠥᠭᠵᠢᠮᠳᠡᠨ ᠪᠠᠭ᠎ᠠ ᠶᠢᠨ ᠮᠥᠷ ᠰᠤᠷᠭᠠᠭᠤᠯᠢ ᠴᠢᠭᠯᠡᠵᠦ ᠣᠲᠣᠭᠠᠳ    ᠰᠢᠯᠦᠭ ᠤᠨ ᠳᠤᠮᠳᠠ ᠵᠠᠯᠠᠭᠤ ᠨᠠᠰᠤ ᠮᠥᠷᠥᠭᠡᠳᠦᠯ ᠤᠨ ᠰᠠᠷᠠ ᠶᠢ ᠵᠢᠷᠤᠭᠯᠠᠨ᠎ᠠ    ᠱᠠᠭᠠᠵᠠᠩ ᠲᠠᠢ ᠡᠬᠡᠭᠦᠨ ᠴᠠᠢ ᠳᠤ ᠢᠳᠡᠷ ᠨᠠᠰᠤ ᠨᠠᠮᠤᠷᠰᠢᠨ ᠬᠠᠯᠭᠢᠯᠠᠭᠠᠳ    ᠰᠢᠷᠭᠠᠯ ᠬᠠᠯᠢᠭᠤᠨ ᠳᠤᠷᠠᠳᠬᠠᠯ ᠤᠨ ᠬᠠᠭᠤᠳᠠᠰᠤ ᠬᠤᠩᠭᠤᠷ ᠰᠠᠯᠬᠢᠨ ᠳᠤ ᠣᠷᠪᠠᠭᠤᠯᠣᠬᠲᠠᠨ᠎ᠠ    ᠬᠤᠯᠠ ᠶᠠᠪᠤᠬᠤ ᠶᠢᠨ ᠬᠦᠰᠡᠯ ᠬᠤᠶᠠᠷ ᠵᠢᠭᠦᠷᠯᠡᠵᠦ᠂ ᠪᠤᠲᠣᠬᠰᠠᠨ ᠵᠦᠭ ᠢᠶᠠᠨ ᠨᠢᠰᠦᠭᠡᠳ    ᠭᠡᠭᠡᠪᠴᠢᠨ ᠤ ᠴᠠᠭᠠᠨ᠎ᠠ ᠭᠡᠰᠡᠷ ᠤᠯᠠᠭᠠᠨ ᠴᠡᠴᠡᠭ ᠤᠨ ᠳᠡᠭᠡᠷ᠎ᠡ ᠡᠷᠪᠡᠬᠡᠢ ᠶᠢᠨ ᠰᠢᠨᠤᠯ ᠨᠣᠭᠤᠭᠠᠷᠠᠨ᠎ᠠ    ᠭᠡᠷ ᠢᠶᠠᠨ ᠰᠠᠨᠠᠬᠤ ᠰᠡᠳᠬᠢᠯ ᠭᠡᠲᠡᠷᠭᠦ ᠡᠷᠭᠢᠨ ᠨᠢᠯᠪᠤᠰᠤ ᠪᠣᠯᠵᠤ ᠮᠡᠯᠲᠡᠭᠡᠨᠡᠭᠡᠳ    ᠭᠢᠩᠰᠢᠵᠦ ᠪᠤᠢ ᠨᠠᠮᠤᠷ ᠤᠨ ᠲᠤᠬᠠᠢ ᠳᠠᠭᠤᠤ ᠳᠡᠭᠡᠷ᠎ᠡ ᠥᠪᠡᠷ ᠤᠨ ᠠᠶᠠᠯᠭᠤ ᠶᠢ ᠨᠡᠮᠡᠨ᠎ᠡ    ᠤᠶᠢᠳᠬᠤ ᠳᠤᠷᠠᠲᠠᠢ ᠤᠯᠢᠶᠠᠰᠤᠨ ᠤ ᠨᠠᠪᠴᠢ ᠶᠢᠰᠦᠳᠦᠭᠡᠷ ᠰᠠᠷ᠎ᠠ ᠳᠤ ᠰᠢᠷᠭᠠᠯᠲᠤᠭᠠᠳ    ᠢᠷᠡᠵᠦ ᠪᠠᠶᠢᠭ᠎ᠠ ᠨᠡᠭᠦᠳᠡᠯ ᠤᠨ ᠲᠣᠭᠤᠰᠣ ᠤᠰᠤ ᠭᠤᠣᠯ ᠤᠨ ᠳᠤᠮᠳᠠ ᠵᠠᠮᠬᠠᠷᠠᠨ᠎ᠠ    ᠤᠬᠠᠭᠠᠨᠲᠤ ᠠᠮᠠᠷᠠᠭ ᠤᠨ ᠢᠶᠠᠨ ᠬᠠᠯᠠᠭᠤᠨ ᠵᠠᠬᠢᠶ᠎ᠠ ᠶᠢ ᠠᠭᠤᠯᠠᠰ ᠳᠠᠮᠨᠠᠭᠤᠯᠤᠨ ᠬᠦᠯᠢᠶᠡᠵᠦ    ᠣᠷᠴᠢᠯᠠᠩ ᠤᠭ ᠠᠴᠠ ᠪᠢᠳᠡ ᠬᠤᠶᠠᠷ ᠤᠨ ᠬᠠᠶᠢᠷ᠎ᠠ ᠶᠢᠨ ᠬᠢ ᠪᠠᠶᠢᠭᠰᠠᠨ ᠢ ᠢᠲᠡᠭᠡᠨ᠎ᠡ
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号