ᠤᠯᠠᠭᠠᠨ ᠪᠦᠴᠡ ᠨᠢ ᠤᠯᠠᠯᠵᠠᠨ᠎ᠠ
ᠨᠡᠶᠢᠲᠡᠯᠡᠭᠰᠡᠨ ᠴᠠᠭ᠄
2023/8/31
     ᠠᠯᠲᠠᠢ ᠬᠦᠦ ᠳᠣᠯᠣᠭᠠᠲᠠᠢ᠃ ᠠᠭᠤᠯᠠᠨ ᠪᠠᠯᠭᠠᠰᠤ ᠶᠢᠨ ᠨᠢᠭᠡᠳᠦᠭᠡᠷ ᠣᠨ ᠳᠤ ᠰᠤᠷᠤᠯᠴᠠᠲᠠᠬ᠃     ᠡᠬᠢᠨ ᠵᠤᠨ ᠤ ᠡᠭᠡᠯᠢᠲᠡᠢ ᠨᠠᠷᠡᠨ ᠦᠷᠤᠨ᠎ᠡ ᠠᠭᠤᠯᠠ ᠶᠢᠨ ᠲᠣᠯᠣᠭᠠᠢ ᠳᠤ ᠲᠣᠭᠯᠠᠬᠤ ᠳᠤ ᠰᠤᠷᠤᠬᠴᠢ ᠲᠤᠰᠬᠤ ᠬᠥᠮᠥᠰ ᠮᠣᠲ᠋ᠣᠷ᠂ ᠮᠠᠰᠢᠨ ᠲᠠᠢ ᠪᠠᠨ ᠰᠤᠷᠭᠠᠭᠤᠯᠢ ᠶᠢᠨ ᠡᠭᠦᠳᠡᠨ ᠳᠤ ᠠᠪᠠᠭᠠᠷᠠᠯᠳᠤᠨ ᠴᠤᠭᠯᠠᠷᠠᠵᠠᠢ᠃ ᠠᠩᠭᠢ ᠨᠢᠭᠡᠴᠢ  ᠪᠠᠷ ᠮᠥᠷᠥᠯᠡᠨ ᠵᠢᠭᠰᠠᠭᠰᠠᠨ ᠰᠤᠷᠤᠬᠴᠢᠳ ᠪᠠᠭᠰᠢ ᠶᠢᠨ ᠢᠶᠠᠨ ᠵᠢᠯᠣᠭᠤᠳᠤᠯᠭ᠎ᠠ ᠪᠠᠷ ᠡᠷᠭᠢᠵᠦ ᠬᠠᠷᠢᠮᠠᠬᠯᠠᠨ ᠡᠪᠰᠢᠶᠡᠨ ᠨᠡᠭᠡᠭᠡᠭᠳᠡᠬᠦ ᠰᠤᠷᠭᠠᠭᠤᠯᠢ ᠶᠢᠨ ᠡᠭᠦᠳᠡᠨ ᠳᠤ ᠢᠷᠡᠭᠰᠡᠨ ᠢᠶᠠᠨ ︽ᠭᠡᠷ ᠤᠨ ᠠᠬᠠᠮᠠᠳ ᠨᠢ ᠢᠷᠡᠭᠰᠡᠨ ᠨᠥᠬᠦᠳ ᠭᠠᠷ ᠢᠶᠠᠨ ᠡᠷᠭᠦ︕︾ ᠭᠡᠬᠦ ᠪᠠᠷ ᠭᠠᠷ ᠡᠷᠭᠦᠯᠴᠡᠨ ᠪᠠᠭᠰᠢ ᠰᠤᠷᠭᠠᠭᠤᠯᠢ ᠠᠴᠠ ᠪᠠᠨ ᠠᠶᠠᠷᠯᠠᠨ ᠭᠡᠷ ᠡᠷᠤᠭᠡ ᠳᠡᠭᠡᠨ ᠪᠤᠴᠠᠵᠠᠭᠠᠨ᠎ᠠ᠃     ᠪᠤᠨᠲᠣᠭᠤᠷ ᠤᠯᠠᠭᠠᠨ ᠬᠠᠴᠠᠷ ᠲᠠᠢ᠂ ᠨᠠᠰᠤ ᠵᠢᠯ ᠳᠡᠭᠡᠨ ᠠᠷᠠᠢ ᠵᠤᠭᠢᠴᠠᠮ᠎ᠠ ᠦᠭᠡᠶᠢᠬᠡᠨ ᠪᠡᠶᠡᠷᠬᠡᠭ ᠨᠢᠭᠡᠨ ᠬᠦᠦ᠂ ᠨᠢᠳᠦᠨ ᠵᠣᠪᠬᠢ ᠮᠠᠩᠨᠠᠢ ᠶᠢ ᠨᠢ ᠲᠠᠭᠠᠭᠠᠳ ᠣᠨ ᠵᠢᠯ ᠤᠨ ᠤᠷᠤᠮ ᠭᠡᠮᠡᠷ ᠮᠡᠳᠡᠭᠳᠡᠬᠦᠶᠢᠴᠡ ᠠᠲᠤᠷᠢᠶ᠎ᠠ ᠰᠠᠭᠤᠭᠰᠠᠨ ᠡᠴᠡᠩᠬᠡᠶᠢᠪᠲᠦᠷ ᠡᠪᠦᠭᠡᠨ ᠤ ᠡᠮᠦᠨ᠎ᠡ ᠲᠥᠪ ᠵᠣᠭᠰᠣᠭᠠᠳ ᠬᠤᠰᠢᠭᠤᠴᠢ ᠠᠩᠭᠢ ᠶᠢᠨ ᠶᠣᠰᠣ ᠬᠢᠵᠦ ᠪᠠᠶᠢᠨ᠎ᠠ᠃ ᠲᠡᠭᠦᠨ ᠤ ᠬᠦᠵᠦᠭᠦᠨ ᠳᠡᠭᠡᠨ ᠵᠡᠭᠦᠭᠰᠡᠨ ᠤᠯᠠᠭᠠᠨ ᠪᠦᠴᠡ ᠪᠣᠯᠣᠨ ᠮᠢᠨᠴᠡᠶᠢᠵᠤ ᠬᠥᠯᠥᠷᠡᠵᠦ᠂ ᠳᠣᠭᠳᠣᠯᠤᠨ ᠪᠠᠶᠠᠷᠯᠠᠭᠰᠠᠨ ᠬᠠᠴᠠᠷ ᠤᠨ ᠬᠢᠨᠢ ᠲᠤᠶᠠᠭ᠎ᠠ ᠭᠡᠭᠡ ᠲᠠᠢ ᠠᠭᠤᠰᠤᠯᠴᠠᠭᠠᠳ ᠣᠨᠴᠠ ᠶᠢᠨ ᠤᠯᠢᠶᠠᠷᠬᠠᠭ ᠬᠥᠭᠡᠷᠦᠬᠦᠨ ᠬᠠᠷᠠᠭᠳᠠᠨ᠎ᠠ᠃ ᠡᠨᠡ ᠬᠦᠦ ᠠᠯᠲᠠᠢ᠃ ᠲᠤᠰᠬᠤ ᠪᠠᠷ ᠢᠷᠡᠭᠰᠡᠨ ᠨᠠᠭᠠᠴᠤ ᠡᠪᠦᠭᠡ ᠳᠡᠭᠡᠨ ︽ᠪᠢ ᠡᠨᠡ ᠡᠳᠦᠷ ᠤᠯᠠᠭᠠᠨ ᠪᠦᠴᠡ ᠵᠡᠭᠦᠵᠦ᠂ ᠬᠤᠰᠢᠭᠤᠴᠢ ᠠᠩᠭᠢ ᠶᠢᠨ ᠭᠡᠰᠢᠭᠦᠨ ᠪᠣᠯᠤᠭᠰᠠᠨ ᠰᠢᠤ︾ ᠭᠡᠳᠡᠭ ᠢᠶᠠᠨ ᠶᠣᠰᠣᠯᠠᠨ ᠦᠵᠡᠭᠦᠯᠵᠦ ᠪᠠᠶᠢᠭ᠎ᠠ ᠨᠢ ᠡᠨᠡ᠃     - ᠮᠢᠨᠤ ᠮᠠᠭᠤ ᠬᠦᠦ ᠴᠢᠨᠢ ᠲᠣᠮᠣ ᠪᠣᠯᠵᠠᠢ ᠰᠢᠳᠡ︕ ᠭᠡᠵᠦ ᠨᠠᠭᠠᠴᠤ ᠡᠪᠦᠭᠡ ᠨᠢ ᠠᠯᠲᠠᠢ ᠬᠦᠦ ᠶᠢᠨ ᠬᠥᠯᠥᠰᠦ ᠲᠠᠢ ᠲᠣᠯᠣᠭᠠᠢ ᠶᠢ ᠦᠭᠦᠭᠡᠷᠳᠤᠨ ᠢᠯᠪᠢᠵᠦ ᠤᠯᠠᠭᠠᠨ ᠪᠦᠴᠡ ᠶᠢ ᠨᠢ ᠲᠡᠮᠲᠡᠷᠬᠢᠯᠡᠨ᠎ᠡ᠃ ᠠᠯᠲᠠᠢ ᠰᠢᠨᠡᠬᠡᠨ ᠤᠯᠠᠭᠠᠨ ᠪᠦᠴᠡ ᠶᠢ ᠮᠢᠨᠢ ᠭᠬᠢᠷᠲᠦᠭᠡᠵᠡᠢ ᠭᠡᠰᠡᠨ ᠤᠬᠠᠭᠠᠨ ᠲᠠᠢ ᠵᠠᠶᠢᠯᠠᠰᠬᠢᠭᠰᠠᠨ ᠢᠶᠠᠨ ᠨᠦᠭᠦᠭᠡ ᠭᠠᠷ ᠲᠠᠭᠠᠨ ᠳᠡᠭᠦᠵᠢᠯᠡᠵᠦ ᠶᠠᠪᠤᠭ᠎ᠠ ᠤᠰᠤᠨ ᠴᠣᠮᠣ ᠪᠠᠨ ᠡᠪᠦᠭᠡ ᠳᠡᠭᠡᠨ ᠭᠠᠷᠳᠠᠭᠤᠯᠪᠠ᠃     - ᠪᠣᠭᠴᠣ ᠪᠠᠨ ᠪᠠᠰᠠ ᠡᠪᠦᠭᠡ ᠳᠡᠭᠡᠨ ᠥᠭᠴᠢᠬᠡ︕ ᠭᠡᠬᠦ ᠳᠤ ᠠᠯᠲᠠᠢ ᠬᠦᠦ ᠥᠭᠭᠦᠭᠰᠡᠨ ᠦᠭᠡᠢ᠃     - ︽ᠥᠪᠡᠷ ᠤᠨ ᠠᠵᠢᠯ ᠢᠶᠠᠨ ᠥᠪᠡᠷ ᠢᠶᠠᠨ ᠬᠢ︾ ᠭᠡᠵᠦ ᠪᠠᠭᠰᠢ ᠬᠡᠯᠡᠭᠰᠡᠨ᠃ ᠨᠡᠩ ᠴᠤ ᠬᠤᠰᠢᠭᠤᠴᠢ ᠠᠩᠭᠢ ᠶᠢᠨ ᠭᠡᠰᠢᠭᠦᠨ ᠪᠣᠯ ᠬᠤᠶᠢᠨ᠎ᠠ ᠶᠠᠪᠤᠳᠠᠭ ᠦᠭᠡᠢ᠂ ᠡᠮᠦᠨ᠎ᠡ ᠨᠢ ᠶᠠᠪᠤᠵᠤ ᠪᠤᠰᠤᠳ ᠬᠥᠮᠥᠰ ᠲᠤ ᠳᠠᠭᠤᠷᠢᠶᠠᠯ ᠪᠤᠯᠬᠤ ᠬᠡᠷᠡᠭᠲᠡᠢ ᠭᠡᠰᠡᠨ᠂ ᠡᠨᠡ ᠡᠳᠦᠷ ᠠᠴᠠ ᠪᠢ ᠥᠪᠡᠷ ᠤᠨ ᠵᠠᠷᠤᠳᠠᠯ ᠬᠡᠷᠡᠭᠰᠡᠯ ᠢᠶᠠᠨ ᠥᠪᠡᠷ ᠢᠶᠠᠨ ᠬᠠᠷᠢᠭᠤᠴᠠᠨ᠎ᠠ᠃ ᠲᠡᠶᠢᠮᠦ ᠪᠢᠰᠢ ᠪᠣᠯ ᠮᠢᠨᠤ ᠤᠯᠠᠭᠠᠨ ᠪᠦᠴᠡᠨ ᠤ ᠥᠩᠭᠡ ᠨᠢ ᠪᠠᠭᠤᠷᠠᠵᠤ ᠮᠡᠳᠡᠨ᠎ᠡ ᠭᠡᠳ ᠪᠦᠳᠦᠭᠦᠨ ᠪᠦᠳᠦᠭᠦᠨ ᠦᠭᠡᠰ ᠢ ᠫᠦᠯᠧᠮᠢᠤᠲ ᠢᠶᠠᠷ ᠰᠦᠷᠴᠢᠬᠦ‍ ᠰᠢᠭ ᠤᠷᠤᠰᠬᠠᠵᠤ ᠭᠠᠷᠤᠭᠰᠠᠨ ᠢᠶᠠᠨ ᠠᠷᠤ ᠳᠠᠭᠠᠨ ᠡᠭᠦᠷᠦᠭᠰᠡᠨ ᠪᠣᠭᠴᠣ  ᠪᠠᠨ ᠯᠠᠪᠳᠠᠭᠤᠯᠤᠨ ᠲᠡᠭᠰᠢᠯᠡᠨ᠎ᠡ᠃    ᠡᠪᠦᠭᠡ ᠨᠢ ᠭᠠᠶᠢᠬᠠᠨ ᠪᠠᠶᠠᠷᠯᠠᠬᠤ ᠰᠡᠳᠬᠢᠯᠭᠡ ᠶᠢᠨ ᠡᠷᠬᠡ ᠪᠠᠷ ᠬᠡᠯᠡᠬᠦ ᠦᠭᠡ ᠪᠠᠨ ᠣᠯᠵᠤ ᠶᠠᠳᠠᠨ᠎ᠠ᠃    - ᠬᠦᠨᠳᠦ ᠪᠣᠭᠴᠣ ᠶᠢ ᠡᠭᠦᠷᠦᠭᠡᠳ ᠲᠡᠶᠢᠯᠭᠦ ᠦᠭᠡᠢ ᠪᠠᠶᠢᠯᠭᠦᠢ︕ ᠡᠪᠦᠭᠡ ᠳᠡᠭᠡᠨ ᠥᠭᠴᠢᠬᠡ ᠭᠡᠬᠦ ᠳᠤ᠂    - ᠪᠠᠭᠰᠢ ᠡᠨᠡ ᠡᠳᠦᠷ ᠬᠤᠰᠢᠭᠤᠴᠢ ᠠᠩᠭᠢ ᠶᠢᠨ ᠭᠡᠰᠢᠭᠦᠨ ᠶᠠᠮᠠᠷ ᠪᠠᠶᠢᠪᠠᠯ ᠵᠣᠬᠢᠬᠤ ᠲᠤᠬᠠᠢ᠂ ᠥᠪᠡᠷ ᠤᠨ ᠪᠡᠶ᠎ᠡ ᠪᠠᠨ ᠥᠪᠡᠷᠲᠡᠭᠡᠨ ᠬᠠᠮᠢᠶᠠᠷᠬᠤ ᠲᠤᠬᠠᠢ ᠤᠯᠡᠨ ᠠᠷᠪᠢᠨ ᠶᠣᠰᠣ ᠤᠴᠢᠷ ᠢ ᠶᠠᠷᠢᠬᠤ ᠳᠠᠭᠠᠨ ᠪᠢᠴᠢᠭ ᠤᠨ ᠪᠣᠭᠴᠣ ᠪᠠᠷ ᠵᠢᠱᠢᠶᠡᠯᠡᠵᠦ ︽ᠡᠭᠦᠷᠴᠦ ᠲᠠᠶᠢᠯᠭᠦ ᠦᠭᠡᠢ ᠪᠣᠯ ᠰᠤᠷᠴᠤ ᠲᠠᠶᠢᠯᠭᠦ ᠦᠭᠡᠢ︾ ᠭᠡᠰᠡᠨ᠃ ᠡᠶᠢᠮᠦ ᠠᠴᠠ ᠪᠢ ᠵᠠᠪᠠᠯ ᠡᠭᠦᠷᠴᠦ ᠲᠡᠶᠢᠯᠤᠨ᠎ᠡ᠂ ᠰᠤᠷᠴᠤ ᠴᠤ ᠲᠠᠶᠢᠯᠤᠨ᠎ᠠ ᠭᠡᠵᠦ ᠠᠯᠲᠠᠢ ᠬᠦᠦ ᠥᠪᠡᠷ ᠤᠨ ᠬᠢ ᠪᠠᠨ ᠪᠠᠷᠢᠮᠲᠠᠯᠠᠯ᠎ᠠ᠃ᠠᠯᠲᠠᠢ ᠬᠦᠦ ᠶᠢᠨ ᠤᠯᠠᠭᠠᠨ ᠪᠦᠴᠡ ᠤᠯᠠᠯᠵᠠᠨ᠎ᠠ᠂ ᠤᠬᠠᠭᠠᠨ ᠪᠤᠳᠤᠯ ᠨᠢ ᠳᠤᠯᠠᠯᠵᠠᠨ᠎ᠠ᠃ ᠲᠡᠷᠡ ᠲᠠᠨᠢᠵᠤ ᠶᠠᠳᠠᠮᠠᠷ ᠦᠰᠦᠳ ᠣᠨᠳᠣᠣ ᠨᠢᠭᠡ ᠬᠥᠮᠥᠨ ᠪᠣᠯᠴᠢᠬᠠᠵᠠᠢ᠃ ᠤᠷᠢᠳᠤ ᠶᠢᠨ ᠲᠡᠷᠡ ᠬᠦ ᠠᠭᠤᠯᠵᠠᠮᠠᠭᠴᠠ ᠯᠠ ᠪᠢᠴᠢᠭ ᠤᠨ ᠪᠣᠭᠴᠣ ᠪᠠᠨ ᠡᠪᠦᠭᠡ ᠳᠡᠭᠡᠨ ᠥᠭᠴᠢᠬᠡᠭᠡᠳ ᠠᠩᠭᠢ ᠶᠢᠨ ᠨᠥᠬᠦᠳ ᠲᠠᠢ ᠪᠠᠨ ᠠᠯᠢᠶᠠᠯᠠᠨ ᠲᠣᠭᠯᠠᠳᠠᠭ ᠪᠥᠭᠡᠳ ᠪᠤᠰᠤᠳ ᠬᠡᠦᠬᠡᠳ ᠶᠠᠭᠤᠮ᠎ᠠ ᠢᠳᠡᠬᠦ ᠶᠢ ᠬᠠᠷᠠᠭᠠᠳ ᠢᠳᠡᠬᠦ ᠤᠤᠭᠤᠬᠤ ᠶᠠᠭᠤᠮ᠎ᠠ ᠠᠪᠬᠤ ᠭᠡᠳ ᠡᠪᠦᠭᠡ ᠪᠠᠨ ᠳᠡᠩᠰᠡᠯᠭᠡᠳᠡᠭ ᠠᠯᠲᠠᠢ ᠬᠦᠦ ᠵᠠᠮ ᠲᠤᠷᠰᠢ ᠡᠪᠦᠭᠡ ᠳᠡᠭᠡᠨ ᠠᠩᠭᠢ ᠶᠢᠨ ᠬᠢᠨᠢ ᠲᠠᠪᠢᠨ ᠬᠥᠮᠥᠨ ᠠᠴᠠ ᠡᠨᠡ ᠤᠳᠠᠭ᠎ᠠ ᠠᠷᠪᠠᠨ ᠲᠠᠪᠤᠨ ᠬᠥᠮᠥᠨ ᠤᠯᠠᠭᠠᠨ ᠪᠦᠴᠡ ᠵᠡᠭᠦᠭᠰᠡᠨ᠂ ᠬᠤᠰᠢᠭᠤᠴᠢ ᠠᠩᠭᠢ ᠶᠢᠨ ᠲᠤᠭ ᠨᠢ ᠶᠠᠮᠠᠷ᠂ ᠰᠦᠯᠳᠡ ᠨᠢ ᠶᠠᠮᠠᠷ ᠪᠠᠶᠢᠳᠠᠭ ᠤᠨ ᠲᠤᠬᠠᠢ ᠱᠤᠯᠤᠭᠠᠨᠠᠭᠰᠠᠭᠠᠷ ᠬᠤᠷᠢᠶᠠᠯᠠᠯ ᠤᠨ ᠡᠭᠦᠳᠡᠨ ᠤ ᠳᠡᠯᠭᠡᠭᠦᠷ ᠲᠤ ᠭᠦᠷᠪᠠ᠂ ᠡᠪᠦᠭᠡ ᠨᠢ ᠣᠮᠪᠣᠯᠣ ᠳᠠᠭᠠᠨ ᠤᠷᠮᠠᠰᠢᠭᠤᠯᠤᠯ ᠪᠤᠯᠭᠠᠬᠤ ᠭᠡᠵᠦ ᠲᠡᠭᠦᠨ ᠤ ᠬᠠᠮᠤᠭ ᠠᠴᠠ ᠳᠤᠷᠠᠲᠠᠢ ᠡᠭᠡᠳᠡᠭᠰᠡᠨ ᠰᠦ᠂ ᠰᠦᠨ ᠮᠦᠰᠦᠮᠠᠨᠵᠢ ᠵᠡᠷᠭᠡ ᠶᠢ ᠠᠪᠴᠤ ᠥᠭᠬᠦ ᠳᠤ ︽ᠪᠠᠶᠠᠷᠯᠠᠯ᠎ᠠ︾ ᠭᠡᠵᠦ ᠶᠣᠰᠣᠷᠬᠠᠨ ᠲᠠᠯᠠᠷᠬᠠᠭᠰᠠᠨ ᠪᠥᠭᠡᠳ ᠥᠩᠭᠡᠷᠡᠭᠰᠡᠨ ᠤ ᠠᠳᠠᠯᠢ ᠪᠤᠯᠢᠶᠠᠵᠤ ᠳᠡᠭᠡᠷᠡᠮᠳᠡᠵᠦ ᠪᠠᠶᠢᠬᠤ ᠰᠢᠭ᠋ ᠪᠠᠷᠢᠨ ᠳᠣᠣᠷ᠎ᠠ ᠨᠢ ᠵᠠᠳᠠᠯᠵᠤ᠂ ᠪᠠᠭᠯᠠᠭ᠎ᠠ ᠪᠣᠭᠤᠳᠠᠯ ᠢ ᠨᠢ ᠡᠪᠦᠭᠡ ᠳᠡᠭᠡᠨ ᠠᠳᠬᠤᠭᠤᠯᠬᠤ ᠪᠤᠶᠤ ᠬᠥᠰᠡᠷ᠎ᠡ ᠬᠠᠶᠠᠭᠰᠠᠨ ᠦᠭᠡᠢ᠂     - ᠭᠡᠷ ᠲᠡᠭᠡᠨ ᠬᠠᠷᠢᠭᠠᠳ ᠢᠳᠡᠶ᠎ᠡ ᠭᠡᠵᠦ ᠪᠠᠶᠠᠷᠲᠠᠶᠢᠬᠠᠨ ᠬᠡᠯᠡᠨ᠎ᠡ᠃     - ᠭᠠᠳᠠᠨ᠎ᠠ ᠶᠠᠭᠤᠮ᠎ᠠ ᠢᠳᠡᠵᠦ ᠪᠤᠯᠬᠤ ᠦᠭᠡᠢ ᠭᠡᠵᠦ ᠪᠠᠭᠰᠢ ᠬᠡᠯᠡᠵᠦ ᠪᠠᠶᠢᠨ᠎ᠠ᠃ ᠡᠪᠡᠳᠴᠢᠨ ᠤ ᠪᠠᠺᠲ᠋ᠧᠷᠢ ᠠᠮᠠ ᠪᠠᠷ ᠣᠷᠣᠨ᠎ᠠ ᠭᠡᠰᠡᠨ ᠭᠡᠳ ᠶᠡᠭᠡ ᠶᠣᠰᠣ ᠤᠴᠢᠷ ᠶᠠᠷᠢᠬᠤ ᠳᠤ ᠡᠪᠦᠭᠡ ᠨᠢ ᠤᠯᠠᠮ ᠭᠠᠶᠢᠬᠠᠵᠠᠢ᠃     ᠡᠭᠦᠳᠡ ᠨᠡᠭᠡᠭᠡᠭᠡᠳ ᠣᠷᠣᠵᠤ ᠣᠴᠢᠬᠤ ᠳᠤ ᠡᠵᠢ ᠶᠢᠨ ᠬᠢᠨᠢ ᠠᠯᠤᠰ ᠬᠤᠲᠠᠨ ᠠᠴᠠ ᠠᠭᠠᠷ ᠤᠲᠠᠰᠤ ᠪᠠᠷ ᠳᠠᠭᠤᠳᠠᠨ ᠵᠠᠬᠢᠶᠠᠯᠠᠵᠤ ᠬᠦᠷᠭᠡᠯᠭᠡᠭᠰᠡᠨ ᠬᠤᠱᠤᠤᠷ᠂ ᠰᠢᠷᠠᠭᠰᠠᠨ ᠲᠡᠭᠢᠶ᠎ᠡ ᠵᠡᠷᠭᠡ ᠠᠮᠲᠠᠲᠠᠢ ᠢᠳᠡᠭᠡᠨ᠂ ᠰᠢᠮᠡᠲᠡᠢ ᠤᠮᠳᠠᠭᠠᠨ ᠰᠢᠷᠡᠭᠡ ᠳᠦᠭᠦᠷᠡᠩ ᠦᠷᠦᠭᠳᠡᠭᠰᠡᠨ ᠪᠠᠶᠢᠵᠠᠢ᠃     ᠠᠯᠲᠠᠢ ᠨᠠᠭᠠᠴᠤ ᠡᠮᠡᠭᠡ ᠶᠢᠨ ᠢᠶᠠᠨ ᠡᠮᠦᠨ᠎ᠡ ᠲᠥᠪ ᠵᠣᠭᠰᠣᠵᠤ ᠬᠤᠰᠢᠭᠤᠴᠢ ᠶᠢᠨ ᠠᠩᠭᠢ ᠶᠣᠰᠣ ᠬᠢᠭᠡᠳ᠂ ᠲᠣᠯᠢᠨ ᠤ ᠡᠮᠦᠨ᠎ᠡ  ᠵᠣᠭᠰᠣᠵᠤ ᠤᠯᠠᠭᠠᠨ ᠪᠦᠴᠡ ᠵᠡᠭᠦᠭᠰᠡᠨ ᠥᠪᠡᠷ ᠤᠨ ᠪᠡᠶ᠎ᠡ ᠪᠠᠨ ᠨᠢᠭᠡᠨ ᠵᠡᠷᠭᠡ ᠲᠣᠯᠢᠳᠠᠨ ᠰᠢᠨᠵᠢᠭᠰᠡᠨ ᠢᠶᠠᠨ ᠤᠷᠢᠳᠤ ᠶᠢᠨ ᠠᠳᠠᠯᠢ ᠶᠠᠷᠢᠵᠤ ᠶᠠᠩᠰᠢᠭᠤᠯᠤᠯ ᠦᠭᠡᠢ ᠤᠬᠠᠮᠰᠠᠷ ᠠᠴᠠ ᠪᠠᠨ ᠤᠨᠲᠠᠯᠭ᠎ᠠ ᠶᠢᠨ ᠥᠷᠥᠭᠡᠨ ᠳᠡᠭᠡᠨ ᠣᠷᠣᠵᠤ ᠱᠠᠬᠠᠢ ᠭᠤᠳᠤᠯ᠂ ᠬᠤᠪᠴᠠᠰᠤ ᠬᠤᠨᠠᠷ ᠢᠶᠠᠨ ᠰᠣᠯᠢᠭᠠᠳ ᠤᠬᠢᠶᠠᠯᠭ᠎ᠠ ᠶᠢᠨ ᠭᠡᠷ ᠲᠡᠭᠡᠨ ᠣᠷᠣᠵᠤ ᠨᠢᠭᠤᠷ ᠭᠠᠷ ᠢᠶᠠᠨ ᠤᠬᠢᠶᠠᠪᠠ᠃    ᠠᠯᠲᠠᠢ ᠤᠯᠡᠨ ᠠᠮᠲᠠᠲᠠᠢ ᠢᠳᠡᠭᠡᠨ ᠢ ᠢᠳᠡᠬᠦ ᠭᠡᠵᠦ ᠶᠠᠭᠠᠷᠠᠭᠰᠠᠨ ᠦᠭᠡᠢ᠃    - ᠳᠠᠰᠬᠠᠯ ᠢᠶᠠᠨ ᠬᠢᠵᠦ ᠳᠠᠭᠤᠰᠤᠭᠠᠳ ᠢᠳᠡᠶ᠎ᠡ ᠭᠡᠵᠦ ᠡᠮᠡᠭᠡ ᠳᠡᠭᠡᠨ ᠡᠷᠬᠡᠯᠡᠨ ᠬᠡᠯᠡᠯ᠎ᠡ᠃    - ᠮᠠᠷᠭᠠᠰᠢ ᠴᠢᠨᠢ ᠭᠠᠷᠠᠭ ᠤᠨ ᠠᠮᠠᠷᠠᠯᠲᠠ ᠪᠢᠰᠢ ᠶᠤᠮ ᠤᠤ︖ ᠤᠷᠢᠳ ᠢᠶᠠᠷ ᠢᠳᠡᠴᠢᠬᠡ᠂ ᠬᠦᠢᠲᠡᠨ ᠨᠣᠶᠢᠲᠠᠨ ᠢ ᠢᠳᠡᠪᠡᠯ ᠭᠡᠳᠡᠰᠦ ᠴᠢᠨᠢ ᠡᠪᠡᠳᠦᠨ᠎ᠡ ᠭᠡᠵᠦ ᠨᠠᠭᠠᠴᠤ ᠡᠮᠡᠭᠡ ᠨᠢ ᠠᠷᠭᠠᠳᠠᠯ᠎ᠠ᠃    -  ᠡᠳᠦᠷ ᠤᠨ ᠠᠵᠢᠯ ᠢᠶᠠᠨ ᠡᠳᠦᠷ ᠲᠡᠭᠡᠨ ᠪᠡᠶᠡᠯᠡᠭᠦᠯ ᠭᠡᠵᠦ ᠪᠠᠭᠰᠢ ᠰᠤᠷᠭᠠᠯ᠎ᠠ ᠭᠡᠳ ᠠᠯᠲᠠᠢ ᠬᠦᠦ ᠳᠠᠰᠬᠠᠯ  ᠢᠶᠠᠨ ᠬᠢᠵᠦ ᠡᠬᠢᠯᠡᠯ᠎ᠡ᠃    ᠡᠪᠦᠭᠡ ᠡᠮᠡᠭᠡ ᠨᠢ ᠬᠠᠷᠢᠯᠴᠠᠨ ᠰᠢᠷᠲᠡᠯᠴᠡᠭᠡᠳ ᠦᠭᠡ ᠳᠤᠤᠭᠠᠷᠤᠭᠰᠠᠨ ᠦᠭᠡᠢ ᠪᠤᠯᠪᠠᠴᠤ ᠳᠣᠲᠣᠷ᠎ᠠ ᠳᠣᠲᠣᠷ᠎ᠠ  ᠪᠠᠨ ᠣᠮᠪᠣᠯᠣ ᠶᠢᠨ ᠢᠶᠠᠨ ᠬᠥᠭᠡᠷᠦᠬᠦᠨ ᠢ ᠬᠠᠷᠠᠨ ᠪᠠᠶᠠᠰᠤᠯᠴᠠᠵᠠᠢ᠃ᠬᠤᠭᠤᠯᠠᠨ ᠤ ᠲᠠᠷᠠᠭ᠎ᠠ ᠠᠯᠲᠠᠢ ᠬᠦᠦ ᠠᠯᠤᠰ ᠬᠤᠲᠠᠨ ᠳᠤ ᠪᠠᠶᠢᠭ᠎ᠠ ᠡᠵᠢ ᠳᠡᠭᠡᠨ ᠤᠲᠠᠰᠤᠳᠠᠵᠤ᠂ ᠤᠯᠭᠠᠨ ᠪᠦᠴᠡ ᠣᠯᠣᠭᠰᠠᠨ ᠢᠶᠠᠨ ᠭᠠᠶᠢᠬᠠᠭᠤᠯᠤᠭᠰᠠᠨ ᠪᠥᠭᠡᠳ ᠬᠤᠰᠢᠭᠤᠴᠢ ᠠᠩᠭᠢ ᠭᠡᠳᠡᠭ ᠨᠢ ᠬᠥᠮᠥᠨ ᠤ ᠬᠤᠶᠢᠨ᠎ᠠ ᠶᠠᠪᠤᠳᠠᠭ ᠪᠢᠰᠢ ᠠᠩᠭᠢ ᠨᠢᠭᠡᠴᠢ᠂ ᠨᠠᠶᠢᠵᠢ ᠨᠥᠬᠦᠳ ᠤᠨ ᠢᠶᠠᠨ ᠡᠮᠦᠨ᠎ᠡ ᠶᠠᠪᠤᠵᠤ ᠳᠠᠭᠤᠷᠢᠶᠠᠯ ᠵᠢᠱᠢᠶ᠎ᠡ ᠪᠤᠯᠳᠠᠭ ᠬᠥᠮᠥᠰ ᠢᠶᠠᠷ ᠪᠦᠷᠢᠯᠳᠦᠭᠰᠡᠨ ᠬᠡᠦᠬᠡᠳ ᠪᠠᠭᠠᠴᠤᠳ ᠤᠨ ᠤᠷᠤᠭᠰᠢᠯᠠᠭᠰᠠᠨ ᠵᠣᠬᠢᠶᠠᠨ ᠪᠠᠶᠢᠭᠤᠯᠤᠯᠲᠠ ᠪᠣᠯᠣᠨ᠎ᠠ ᠭᠡᠬᠦ ᠵᠡᠷᠭᠡ ᠶᠢᠨ ᠪᠠᠭᠰᠢ ᠶᠢᠨ ᠶᠠᠷᠢᠭᠰᠠᠨ ᠪᠤᠶᠤ ᠤᠯᠠᠭᠠᠨ ᠪᠦᠴᠡ ᠣᠯᠭᠤᠬᠤ ᠶᠣᠰᠣᠯᠠᠯ ᠳᠡᠭᠡᠷᠡᠬᠢ ᠶᠡᠭᠡ ᠠᠩᠭᠢ ᠶᠢᠨ ᠳᠠᠷᠤᠭ᠎ᠠ ᠶᠢᠨ ᠶᠠᠷᠢᠶ᠎ᠠ ᠠᠴᠠ ᠣᠯᠵᠤ ᠮᠡᠳᠡᠭᠰᠡᠨ᠂ ᠣᠶᠢᠯᠠᠭᠠᠵᠤ ᠤᠬᠠᠭᠠᠷᠠᠭᠰᠠᠨ ᠵᠦᠢᠯᠡᠰ ᠢᠶᠠᠨ ᠠᠮᠠ ᠬᠠᠮᠬᠢᠯ ᠦᠭᠡᠢ ᠶᠠᠷᠢᠭᠰᠠᠭᠠᠷ ᠲᠤᠩ ᠣᠷᠣᠢ ᠪᠣᠯᠣᠭᠠᠳ ᠰᠠᠶ᠋ᠢ ᠤᠨᠲᠠᠵᠠᠢ᠃ᠲᠠᠷᠠᠭ᠎ᠠ ᠥᠷᠯᠥᠭᠡ ᠨᠢ ᠡᠪᠦᠭᠡ ᠡᠮᠡᠭᠡ ᠨᠢ ᠵᠠᠩᠰᠢᠵᠤ ᠵᠤᠷᠰᠢᠭᠰᠠᠨ ᠴᠠᠭ ᠲᠠᠭᠠᠨ ᠪᠣᠰᠴᠤ ᠴᠠᠢ ᠪᠠᠨ ᠴᠢᠨᠠᠭᠰᠠᠨ ᠪᠤᠯᠪᠠᠴᠤ ᠭᠠᠷᠠᠭ ᠤᠨ ᠡᠳᠦᠷ ᠪᠣᠯᠬᠤᠷ ᠣᠮᠪᠣᠯᠣ ᠪᠠᠨ ᠳᠠᠭᠤᠳᠠᠵᠤ ᠰᠡᠷᠢᠭᠡᠭᠰᠡᠨ ᠦᠭᠡᠢ᠃ ᠥᠷᠯᠥᠭᠡ ᠶᠢᠨ ᠨᠠᠷᠠ ᠠᠯᠳᠠ ᠳᠡᠭᠡᠷ᠎ᠡ ᠮᠠᠨᠳᠤᠪᠠ᠃ ᠭᠡᠭᠡᠪᠴᠢ ᠪᠠᠷ ᠲᠤᠰᠬᠤ ᠨᠠᠷᠡᠨ ᠤ ᠭᠡᠷᠡᠯ ᠳᠤ ᠠᠯᠲᠠᠢ ᠬᠦᠦ ᠶᠢᠨ ᠴᠢᠷᠠᠢ ᠵᠡᠭᠦᠵᠦ ᠬᠤᠨᠣᠭᠰᠠᠨ ᠤᠯᠠᠭᠠᠨ ᠪᠦᠴᠡ ᠶᠢᠨ ᠬᠢᠨᠢ ᠭᠢᠯᠪᠠᠭ᠎ᠠ ᠲᠠᠢ ᠬᠤᠣᠰᠯᠠᠭᠠᠳ ᠬᠤᠪᠢ ᠲᠠᠭᠢᠨ ᠪᠤᠯᠪᠠᠷᠠᠢ ᠬᠥᠭᠡᠷᠦᠬᠦᠨ ᠬᠠᠷᠠᠭᠳᠠᠨ᠎ᠠ᠃ 
 
ᠢᠷᠡᠯᠲᠡ᠄ ᠳᠤᠮᠲᠠᠲᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号