ᠣᠷᠴᠢᠮ ᠨᠣᠮ ᠤᠩᠰᠢᠬᠤ ᠲᠤᠬᠠᠢ ᠤᠯᠠᠨ ᠰᠠᠶᠢᠬᠠᠨ ᠶᠠᠷᠢᠯᠴᠠᠭ᠎ᠠ ᠥᠷᠨᠢᠵᠦ ᠪᠤᠢ᠃ ᠬᠡᠳᠦᠨ ᠵᠣᠬᠢᠶᠠᠯ | ᠤᠩᠰᠢᠵᠤ ᠦᠵᠡᠭᠡᠳ ᠤᠯᠠᠨ ᠬᠤᠨᠤᠭ ᠥᠪᠡᠷ ᠤᠨ ᠢᠶᠠᠨ ᠨᠣᠮ ᠤᠩᠰᠢᠭᠰᠠᠨ ᠪᠠᠶᠢᠳᠠᠯ ᠢᠶᠠᠨ ᠰᠢᠭᠦᠵᠦ᠂ ᠨᠠᠷᠢᠨ | ᠲᠤᠩᠭᠠᠨ ᠪᠣᠳᠣᠯᠬᠢᠯᠠᠵᠤ ᠦᠵᠡᠯ᠎ᠡ᠃ ᠤᠷᠢᠳ ᠨᠢ ᠥᠨᠳᠥᠷ ᠲᠤᠮᠳᠠᠳᠤ ᠶᠢᠨ ᠬᠢᠴᠢᠶᠡᠯ ᠳᠡᠭᠡᠷ᠎ᠡ ︽ᠲᠣᠯᠣᠭᠠᠢ︾ ᠭᠡᠰᠡᠨ | ᠰᠠᠶᠢᠬᠠᠨ ᠵᠣᠬᠢᠶᠠᠯ ᠪᠠᠶᠢᠭᠰᠠᠨ᠃ ᠲᠡᠷᠡ ᠬᠦ ᠵᠣᠬᠢᠶᠠᠯ ᠳᠤ ᠬᠡᠵᠢᠶᠡᠳᠡ ᠦᠨᠡᠨ ᠦᠭᠡ ᠬᠡᠯᠡᠵᠦ ᠶᠠᠪᠤᠳᠠᠭ ᠳ᠋ᠦᠩᠭᠡᠷ | ᠠᠪᠤᠭᠠᠢ ᠬᠤᠳᠠᠯᠴᠢ ᠲᠤᠮᠰᠤᠨ ᠳᠤ ᠬᠠᠷᠢᠭᠤᠯᠬᠤ ᠳᠠᠭᠠᠨ᠄︽ᠦᠨᠡᠨ ᠢᠶᠠᠷ ᠨᠢ ᠵᠥᠪ ᠰᠠᠶᠢᠬᠠᠨ ᠪᠢᠴᠢᠪᠡᠯ ᠵᠦᠭᠡᠷ | ᠶᠠᠭᠤᠮ᠎ᠠ ᠪᠤᠯᠬᠤ ᠪᠠᠶᠢᠬ᠎ᠠ︾ ᠭᠡᠰᠡᠨ ᠶᠤᠮ᠃ ᠥᠨᠥ ᠡᠨᠡ ᠦᠭᠡ ᠶᠢ ᠪᠠᠭ᠋ᠠᠨ ᠬᠤᠪᠢᠷᠠᠭᠤᠯᠵᠤ ᠬᠡᠯᠡᠮᠡᠷ ᠪᠠᠶᠢᠨ᠎ᠠ᠄ | ᠦᠨᠡᠨ ᠢᠶᠠᠷ ᠨᠢ ᠵᠥᠪ ᠰᠠᠶᠢᠬᠠᠨ ᠬᠡᠯᠡᠪᠡᠯ ᠨᠣᠮ ᠤᠩᠰᠢᠬᠤ ᠲᠤᠬᠠᠢ ᠪᠠᠭ᠋ᠠᠨ ᠬᠡᠷᠡᠭᠴᠡᠭᠡ ᠲᠠᠢ ᠤᠴᠢᠷ ᠬᠡᠯᠡᠵᠦ | ᠭᠠᠷᠭᠠᠵᠤ ᠮᠡᠳᠡᠨ᠎ᠡ᠃ | ᠡᠩ ᠲᠦᠷᠦᠭᠦᠨ ᠳᠤ ᠪᠢ ᠤᠯᠠᠨ ᠨᠣᠮ ᠤᠩᠰᠢᠭᠰᠠᠨ ᠬᠥᠮᠥᠰ ᠤᠨ ᠲᠣᠭᠠᠨ ᠳᠤ ᠠᠷᠠᠢ ᠪᠠᠭᠲᠠᠬᠤ ᠦᠭᠡᠢ | ᠪᠠᠶᠢᠬ᠎ᠠ ᠭᠡᠰᠡᠨ ᠪᠤᠲᠣᠯ ᠢᠶᠠᠨ ᠬᠡᠯᠡᠶ᠎ᠡ᠃ ᠪᠠᠭᠰᠢᠯᠠᠵᠤ ᠪᠠᠶᠢᠬᠤ ᠳᠠᠭᠠᠨ ᠦᠷᠭᠦᠯᠵᠢ ᠨᠣᠮ ᠤᠩᠰᠢᠳᠠᠭ ᠬᠡᠳᠦᠨ | ᠬᠥᠮᠥᠨ ᠤ ᠨᠥᠯᠥᠭᠡ ᠪᠠᠷ ᠡᠳᠦᠢ ᠲᠡᠳᠦᠢ ᠨᠣᠮ ᠤᠩᠰᠢᠵᠠᠢ᠃ ᠬᠤᠵᠢᠮ ᠨᠢ ᠠᠵᠢᠯ ᠰᠢᠯᠵᠢᠭᠡᠳ ᠡᠯᠳᠡᠪ ᠡᠰᠡᠨ | ᠮᠠᠲ᠋ᠧᠷᠢᠶᠠᠯ ᠡᠷᠢᠶᠡᠴᠢᠵᠦ ᠰᠠᠭᠤᠭᠰᠠᠨ ᠠᠴᠠ ᠬᠤᠶᠢᠰᠢ ᠨᠣᠮ ᠤᠩᠰᠢᠬᠤ ᠴᠠᠭ ᠲᠤᠩ ᠪᠠᠭ᠎ᠠ ᠪᠣᠯᠵᠠᠢ᠃ ᠨᠡᠩ ᠴᠤ | ᠤᠳᠤ ᠪᠣᠯ ᠪᠠᠭ᠎ᠠ ᠰᠠᠭ᠎ᠠ ᠶᠠᠭᠤᠮ᠎ᠠ ᠣᠷᠴᠢᠭᠤᠯᠵᠤ ᠰᠠᠭᠤᠬᠤ ᠠᠴᠠ ᠣᠨᠳᠣᠣ ᠶᠠᠭᠤ ᠴᠤ ᠤᠩᠰᠢᠵᠤ ᠣᠷᠣᠬᠤ ᠦᠭᠡᠢ | ᠪᠣᠯᠪᠠ᠃ | ᠮᠢᠨᠤ ᠨᠣᠮ ᠤᠩᠰᠢᠭᠰᠠᠨ ᠶᠡᠷᠦᠩᠬᠡᠢ ᠪᠠᠶᠢᠳᠠᠯ ᠢᠶᠠᠨ ᠡᠷᠭᠢᠴᠡᠭᠦᠯᠪᠡᠯ᠄ ᠪᠠᠭ᠎ᠠ ᠰᠤᠷᠭᠠᠭᠤᠯᠢ ᠶᠢᠨ ᠱᠠᠲᠤᠨ ᠳᠤ | ᠪᠣᠯ ᠨᠢᠭᠡ ᠬᠡᠳᠦᠨ ᠬᠡᠦᠬᠡᠳ ᠤᠨ ᠵᠢᠷᠤᠭᠲᠤ ᠨᠣᠮ᠂ ︽ᠴᠣᠮᠣᠷᠯᠢᠭ︾ ︽ᠨᠠᠬᠢᠶ᠎ᠠ︾ ᠠᠴᠠ ᠥᠭᠡᠷ᠎ᠡ ᠭᠠᠪᠢᠭᠰᠠᠨ ᠵᠦᠢᠯ | ᠦᠭᠡᠢ᠃ | ᠠᠩᠬ᠎ᠠ ᠲᠤᠮᠳᠠᠳᠦ ᠶᠢᠨ ᠦᠶ᠎ᠡ ᠳᠤ ᠲᠣᠭᠠᠨ ᠤ ᠬᠢᠴᠢᠶᠡᠯ᠂ ᠹᠢᠽᠢᠺ ᠤᠨ ᠬᠢᠴᠢᠶᠡᠯ ᠳᠡᠭᠡᠷ᠎ᠡ ᠨᠢᠭᠤᠵᠤ | ᠵᠡᠪᠰᠡᠭ ᠤᠨ ᠡᠷᠳᠡᠮ ᠤᠨ ᠦᠯᠢᠭᠡᠷ ᠦᠵᠡᠳᠡᠭ ᠪᠠᠶᠢᠯ᠎ᠠ᠃ ᠲᠡᠭᠡᠭᠡᠳ ᠰᠣᠩᠭᠤᠳᠠᠭ ᠨᠣᠮ ᠶᠠᠭᠤ ᠭᠡᠵᠦ ᠳᠡᠮᠡᠢ | ᠴᠡᠭᠡᠵᠢᠯᠡᠭᠰᠡᠨ ᠦᠭᠡᠢ᠃ ᠬᠠᠷᠢᠨ ︽ᠬᠤᠶᠠᠳᠠᠭᠢ ᠠᠭᠤᠯᠵᠠᠯᠲᠠ︾ ︽ᠮᠣᠷᠢ ᠣᠨᠣᠭᠰᠠᠨ ᠲᠣᠯᠣᠭᠠᠢ ᠦᠭᠡᠢ ᠬᠥᠮᠥᠨ︾ | ︽ᠠᠩᠭᠢ ᠶᠢᠨ ᠡᠷᠭᠢᠯᠡᠭᠴᠢ︾ ᠵᠡᠷᠭᠡ ᠶᠢ ᠯᠡ ᠴᠡᠭᠡᠵᠢᠯᠡᠵᠦ ᠪᠠᠶᠢᠨ᠎ᠠ᠃ | ᠥᠨᠳᠥᠷ ᠲᠤᠮᠳᠠᠳᠦ ᠳᠤ ᠣᠷᠣᠭᠠᠳ ᠷᠣᠮᠠᠨᠲ᠋ᠢᠭ ᠬᠠᠶᠢᠷ᠎ᠠ ᠳᠤᠷᠠᠯᠠᠯ ᠤᠨ ᠬᠠᠮᠢᠶ᠎ᠠ ᠲᠠᠢ ᠨᠣᠮ ᠨᠡᠯᠢᠶᠡᠳ | ᠤᠩᠰᠢᠵᠠᠢ᠃ ︽ᠴᠠᠢ ᠶᠢᠨ ᠴᠡᠴᠡᠭᠲᠦ ᠠᠪᠠᠭ᠋ᠠᠢ︾ ︽ᠤᠯᠠᠭᠠᠨ ᠤ ᠬᠢᠨ ᠪᠠ ᠬᠠᠷ᠎ᠠ ᠶᠢᠨ ᠬᠢᠨ︾ ᠁ ᠵᠡᠷᠭᠡ᠃ | ᠢᠩᠭᠢᠭᠡᠳ ᠪᠠᠷᠤᠭ ᠯᠡ ᠬᠡᠢ ᠰᠣᠯᠢᠶ᠎ᠠ ᠣᠷᠣᠭᠰᠠᠨ ᠶᠤᠮ ᠤᠤ ᠡᠰᠡᠬᠦᠯ᠎ᠡ ᠰᠡᠳᠬᠢᠯᠭᠡ ᠶᠢᠨ ᠡᠮᠵᠡᠭᠯᠡᠯ ᠭᠠᠵᠢᠳᠠᠯ | ᠭᠠᠷᠤᠭᠰᠠᠨ ᠴᠤ ᠶᠤᠮ ᠤᠤ︖ ᠪᠤᠤ ᠮᠡᠳᠡ᠃ ᠶᠠᠭᠤ ᠴᠤ ᠭᠡᠰᠡᠨ ᠬᠤᠵᠢᠮ ᠨᠢ ᠢᠨᠠᠭ ᠬᠤᠩᠭᠤᠷ ᠰᠣᠩᠭᠤᠬᠤ ᠪᠤᠶᠤ | ᠠᠮᠢᠳᠤᠷᠠᠯ ᠤᠷᠤᠭ ᠢ ᠠᠳᠠᠪᠠᠰᠢ ᠮᠠᠭᠤᠬᠠᠢ ᠪᠠᠷ ᠨᠥᠯᠥᠭᠡᠯᠡᠵᠡᠢ᠃ ᠲᠡᠭᠡᠭᠦᠯᠡᠷ ᠰᠣᠩᠭᠤᠳᠠᠭ ᠪᠦᠲᠦᠭᠡᠯ ᠪᠦᠭᠦᠨ ᠵᠠᠪᠠᠯ | ᠡᠷᠳᠡᠨᠢ ᠪᠢᠰᠢ᠂ ᠶᠠᠭ ᠰᠠᠶᠢᠨ ᠡᠮ ᠪᠦᠭᠦᠨ ᠢ ᠳᠤᠷ᠎ᠠ ᠪᠠᠷ ᠢᠳᠡᠵᠦ ᠪᠤᠯᠬᠤ ᠦᠭᠡᠢ ᠲᠠᠢ ᠠᠪ ᠠᠳᠠᠯᠢᠬᠠᠨ ᠶᠣᠰᠣ᠃ | ᠰᠤᠷᠤᠬᠴᠢ ᠨᠠᠰᠤᠨ ᠳᠤ ᠪᠠᠭᠰᠢ ᠶᠢᠨ ᠳᠠᠭᠠᠭᠤᠯᠭ᠎ᠠ ᠳᠣᠣᠷ᠎ᠠ᠂ ᠵᠣᠷᠢᠭ ᠡᠷᠴᠢᠯᠡᠬᠦ᠂ ᠰᠡᠳᠬᠢᠯ ᠵᠦᠭᠰᠢᠷᠡᠭᠦᠯᠬᠦ᠂ ᠰᠠᠨᠠᠭ᠎ᠠ | ᠰᠠᠷᠠᠭᠤᠯᠵᠢᠭᠤᠯᠬᠤ ᠡᠳᠦᠢ ᠲᠡᠳᠦᠢ ᠨᠣᠮ ᠤᠩᠰᠢᠪᠠᠯ ᠪᠣᠯᠴᠢᠬᠠᠨ᠎ᠠ᠃ ᠵᠢᠵᠢᠭᠬᠡᠨ ᠬᠡᠷᠡᠭ ᠤᠴᠢᠷ ᠠᠴᠠ ᠠᠮᠢᠳᠤᠷᠠᠯ ᠤᠨ | ᠭᠦᠨ ᠤᠬᠠᠭᠠᠯᠢᠭ ᠶᠣᠰᠣ ᠤᠬᠠᠭᠠᠨ ᠢ ᠰᠡᠷᠡᠬᠦ ᠲᠡᠶᠢᠮᠦᠬᠡᠨ ᠮᠠᠶ᠋ᠢᠭ ᠤᠨ ᠵᠣᠬᠢᠶᠠᠯ ᠲᠣᠬᠢᠷᠠᠨ᠎ᠠ ᠭᠡᠵᠦ ᠪᠤᠳᠤᠨ᠎ᠠ᠃ | ᠡᠷᠢᠶᠡᠨ ᠪᠠᠷᠠᠭᠠᠨ ᠨᠡᠶᠢᠭᠡᠮ᠂ ᠡᠯᠳᠡᠪ ᠡᠰᠡᠨ ᠦᠵᠡᠯ᠂ ᠡᠰᠢ ᠶᠣᠰᠣᠨ ᠤ ᠬᠦᠯᠢᠶᠡᠰᠦ ᠁ ᠭᠡᠳ ᠲᠣᠬᠢᠷᠠᠬᠤ ᠦᠭᠡᠢ | ᠨᠣᠮ ᠵᠠᠬ᠎ᠠ ᠠᠴᠠ ᠪᠠᠨ ᠠᠪᠤᠭᠠᠳ ᠤᠯᠠᠨ᠃ ᠵᠠᠷᠢᠮ ᠨᠣᠮ ᠵᠦᠪᠭᠡᠨ ᠲᠤᠰᠬᠠᠢ ᠬᠠᠨᠳᠤᠰᠢ ᠴᠢᠭᠯᠡᠯ ᠢᠶᠠᠷ ᠤᠩᠰᠢᠳᠠᠭ | ᠬᠥᠮᠥᠨ ᠳᠤ ᠰᠠᠶ᠋ᠢ ᠲᠣᠬᠢᠷᠠᠨ᠎ᠠ᠃ ᠭᠡᠳᠦ ᠡᠷᠲᠡ ᠤᠩᠰᠢᠪᠠᠯ ᠬᠡᠷᠡᠭ ᠲᠦᠪᠡᠭ ᠪᠣᠯᠴᠢᠬᠠᠳᠠᠭ᠃ | ᠶᠡᠭᠡ ᠰᠤᠷᠭᠠᠭᠤᠯᠢ ᠳᠤ ᠣᠷᠣᠭᠠᠳ ᠶᠠᠭᠤ ᠰᠤᠳᠤᠯᠤᠨ᠎ᠠ᠂ ᠶᠠᠮᠠᠷ ᠴᠢᠭᠯᠡᠯ ᠢᠶᠠᠷ ᠠᠵᠢᠯᠯᠠᠨ᠎ᠠ ᠭᠡᠳᠡᠭ ᠰᠠᠨᠠᠭ᠎ᠠ | ᠵᠣᠷᠢᠯᠲᠠ ᠪᠠᠶᠢᠭᠰᠠᠨ ᠦᠭᠡᠢ ᠲᠤᠯᠠ ᠴᠣᠬᠤᠮ ᠰᠠᠨᠠᠭᠠᠨ ᠳᠤᠷ᠎ᠠ ᠪᠠᠷ᠂ ᠬᠠᠨᠳᠤᠯᠭ᠎ᠠ ᠦᠭᠡᠢ ᠪᠠᠷ ᠤᠩᠰᠢᠵᠤ ᠥᠴᠢᠨᠡᠨ | ᠲᠥᠴᠢᠨᠡᠨ ᠴᠠᠭ ᠢ ᠪᠠᠷᠠᠭᠠᠵᠠᠢ᠃ ᠬᠠᠷᠢᠨ ᠰᠠᠨᠠᠭᠠᠨ ᠳᠤ ᠦᠭᠡᠢ ᠪᠠᠷ ᠤᠩᠰᠢᠭᠰᠠᠨ ᠵᠠᠷᠢᠮ ᠨᠣᠮ ᠪᠠᠰᠠ ᠵᠦᠭᠡᠷ | ᠣᠯᠣᠯᠲᠠ ᠲᠥᠷᠥᠭᠳᠡᠯ ᠥᠭᠭᠦᠭᠰᠡᠨ ᠴᠤ ᠪᠤᠢ᠃ ᠡᠭᠦᠨ ᠳᠤ ᠰᠤᠷᠭᠠᠭᠤᠯᠢ ᠶᠢᠨ ᠡᠭᠦᠳᠡᠨ ᠳᠡᠭᠡᠷ᠎ᠡ ᠰᠤᠯᠠ ᠪᠠᠷ | ᠬᠤᠳᠠᠯᠳᠤᠵᠤ ᠪᠠᠶᠢᠭᠰᠠᠨ ᠬᠤᠶᠠᠷ ᠨᠣᠮ ᠨᠠᠳᠠ ᠶᠡᠭᠡ ᠰᠠᠭᠤᠭᠳᠠᠯ ᠲᠠᠢ ᠪᠠᠶᠢᠨ᠎ᠠ᠃ ᠨᠢᠭᠡ ᠨᠢ ᠪᠠᠷᠤᠭ | ᠶᠠ᠊·ᠪᠠᠲᠤᠳᠠᠯᠠᠢ ᠶᠢᠨ ︽ᠲᠡᠭᠷᠢ ᠳᠡᠭᠡᠨ ᠦᠬᠦᠳᠡᠭ ᠰᠢᠪᠠᠭᠤ︾᠂ ᠨᠦᠭᠦᠭᠡ ᠨᠢ ᠠᠨ ᠰᠢᠨ ᠤ ᠪᠢᠴᠢᠭᠰᠡᠨ ︽ᠬᠠᠵᠢᠤᠬᠠᠢ︾ | ᠭᠡᠳᠡᠭ ᠬᠢᠲᠠᠳ ᠰᠢᠯᠦᠭ ᠤᠨ ᠲᠡᠭᠦᠪᠦᠷᠢ ᠪᠠᠶᠢᠯ᠎ᠠ᠃ ᠲᠦᠷᠦᠭᠦᠨ ᠤ ᠨᠣᠮ ᠨᠢ ᠰᠢᠯᠦᠭ ᠭᠡᠳᠡᠭ ᠴᠢᠨᠢ ᠶᠠᠭᠤ ᠶᠢ ᠴᠤ | ᠪᠦᠷ ᠰᠢᠯᠦᠭ ᠪᠤᠯᠭᠠᠵᠦ ᠪᠢᠴᠢᠵᠦ ᠪᠤᠯᠳᠠᠭ ᠶᠤᠮ ᠪᠠᠶᠢᠨ᠎ᠠ ᠭᠡᠳᠡᠭ ᠢ ᠮᠡᠳᠡᠭᠦᠯᠵᠦ᠂ ᠤᠳᠠᠭᠠᠭᠢ ᠨᠣᠮ ᠨᠢ ᠮᠢᠨᠤᠬᠢ | ᠣᠨᠢᠰᠤᠭ᠎ᠠ ᠳᠠᠭᠠᠭᠠᠵᠤ ᠪᠦᠳᠡᠭᠢ ᠰᠢᠯᠦᠭ ᠰᠤᠳᠤᠯᠬᠤ ᠶᠢᠨ ᠡᠭᠢᠯᠡᠯᠲᠡ ᠪᠣᠯᠤᠭᠰᠠᠨ ᠪᠠᠶᠢᠳᠠᠯ ᠲᠠᠢ᠃ ᠡᠨᠡ ᠬᠤᠶᠠᠷ | ᠨᠣᠮ ᠢ ᠨᠢᠭᠡᠨ ᠴᠠᠭ ᠤᠨ ᠬᠡᠶᠢᠷᠬᠡᠯ ᠠᠴᠠ ᠪᠣᠯᠵᠤ᠂ ᠰᠢᠳᠦᠨ ᠵᠠᠪᠰᠠᠷ ᠢᠶᠠᠷ ᠢᠶᠠᠨ ᠠᠷᠪᠢᠯᠠᠭᠰᠠᠨ ᠲᠣᠭᠠᠲᠠᠢ ᠬᠡᠳᠦᠨ | ᠮᠥᠩᠭᠦ ᠪᠠᠷ ᠢᠶᠠᠨ ᠬᠤᠳᠠᠯᠳᠤᠵᠤ ᠠᠪᠤᠭᠰᠠᠨ ᠪᠣᠯᠬᠤᠷ ᠨᠠᠷᠢᠨ ᠤᠩᠰᠢᠭᠰᠠᠨ ᠨᠢ ᠨᠢᠭᠡ ᠰᠢᠯᠲᠠᠭᠠᠨ ᠪᠠᠶᠢᠵᠤ ᠪᠣᠯᠤᠮᠠᠷ᠂ | ᠨᠦᠭᠦᠭᠡ ᠨᠢᠭᠡ ᠨᠢ ᠪᠠᠶᠢᠷᠢ ᠳᠤ ᠠᠪᠠᠴᠢᠭᠠᠳ ᠳᠡᠷᠡ ᠶᠢᠨ ᠬᠠᠵᠠᠭᠤᠳᠠ ᠲᠠᠯᠪᠢᠭᠰᠠᠨ ᠪᠠᠶᠢᠳᠠᠭ ᠢᠶᠠᠷ ᠥᠯᠥᠰᠬᠦᠯᠡᠩ | ᠭᠠᠴᠢᠭ ᠲᠠᠢ ᠡᠳᠦᠷ ᠬᠠᠷᠭᠤᠪᠠᠯ ᠲᠦᠷ ᠴᠠᠭ ᠴᠤ ᠭᠡᠰᠡᠨ ᠮᠠᠷᠲᠠᠬᠤ ᠶᠢ ᠰᠠᠨᠠᠳᠠᠭ ᠢᠶᠠᠷ ᠨᠠᠷᠢᠨ ᠤᠩᠰᠢᠭᠳᠠᠭᠰᠠᠨ | ᠪᠠᠶᠢᠵᠤ ᠮᠠᠭᠠᠳ ᠶᠤᠮ᠃ ᠪᠠᠷᠤᠭ ᠰᠢᠯᠦᠭ ᠪᠦᠷᠢ ᠶᠢ ᠬᠡᠳᠦᠨ ᠤᠳᠠᠭ᠎ᠠ᠂ ᠱᠠᠳ ᠪᠦᠷᠢ ᠶᠢ ᠴᠡᠭᠡᠵᠢᠯᠡᠮᠡᠷ ᠪᠤᠯᠳᠠᠯ᠎ᠠ | ᠤᠩᠰᠢᠵᠤ ᠪᠠᠶᠢᠵᠠᠢ᠃ ᠶᠠᠭᠤ ᠴᠤ ᠭᠡᠰᠡᠨ ᠰᠢᠯᠦᠭ ᠡᠬᠢᠯᠡᠭᠡᠳ ᠤᠩᠰᠢᠭᠰᠠᠨ ᠪᠣᠯᠬᠤᠷ ᠴᠢᠨᠠᠭᠰᠢ ᠨᠢ ᠰᠢᠯᠦᠭ | ᠪᠢᠴᠢᠬᠦ ᠶᠢ ᠰᠠᠨᠠᠵᠤ᠂ ᠰᠢᠯᠦᠭ ᠪᠢᠴᠢᠬᠦ ᠶᠢ ᠰᠠᠨᠠᠭᠰᠠᠨ ᠠᠴᠠ ᠰᠢᠯᠦᠭ ᠪᠢᠴᠢᠳᠡᠭ ᠬᠥᠮᠥᠰ ᠢ ᠪᠠᠭᠰᠢ ᠪᠠᠷᠢᠵᠤ ᠡᠷᠢᠵᠦ | ᠭᠦᠶᠦᠬᠦ ᠪᠣᠯᠵᠠᠢ᠃ | ᠬᠠᠮᠤᠭ ᠲᠦᠷᠦᠭᠦᠨ ᠳᠤ ︽ᠥᠪᠥᠷ ᠮᠣᠩᠭᠤᠯ ᠤᠨ ᠡᠳᠦᠷ ᠤᠨ ᠰᠣᠨᠢᠨ ᠤ ᠬᠤᠷᠢᠶ᠎ᠠ︾ ᠶᠢᠨ ᠲ᠊·ᠰᠡᠴᠡᠨ ᠪᠠᠭᠰᠢ ᠲᠠᠢ | ᠲᠠᠨᠢᠯᠴᠠᠵᠤ᠂ ᠰᠢᠯᠦᠭ ᠪᠢᠴᠢᠬᠦ ᠶᠢ ᠰᠤᠷᠤᠨ᠎ᠠ ᠭᠡᠵᠦ ᠱᠠᠪᠢ ᠣᠷᠣᠬᠤ ᠪᠠᠷ ᠭᠤᠶᠣᠭᠰᠠᠨ ᠪᠠᠶᠢᠨ᠎ᠠ᠃ ᠨᠠ᠊·ᠥᠯᠵᠡᠶᠢᠳᠡᠯᠭᠡᠷ | ᠪᠠᠭᠰᠢ ᠶᠢᠨ ᠤᠷᠤᠰᠤᠮ᠎ᠠ ᠤᠶᠠᠩᠭᠠᠯᠢᠭ ᠰᠢᠯᠦᠭ ᠢᠶᠠᠨ ᠨᠠᠮᠪᠠᠲᠠᠶᠢᠬᠠᠨ ᠤᠩᠰᠢᠵᠤ ᠰᠣᠨᠢᠷᠬᠠᠭᠤᠯᠬᠤ ᠳᠤ ᠶᠡᠭᠡ ᠯᠡ | ᠰᠠᠶᠢᠬᠠᠨ ᠰᠣᠨᠣᠰᠴᠤ᠂ ᠠᠷᠠᠵᠠ ᠬᠤᠷᠠᠵᠠ ᠠᠮᠰᠠᠭᠰᠠᠨ ᠮᠡᠲᠦ ᠠᠭᠠᠭ ᠲᠠᠢ ᠰᠠᠶᠢᠬᠠᠨ ᠰᠠᠨᠠᠭᠳᠠᠵᠤ ᠪᠠᠶᠢᠵᠠᠢ᠃ | ᠲᠡᠭᠡᠲᠡᠯ᠎ᠡ ᠳᠣᠷᠣᠨᠠᠲ᠋ᠡᠭᠷᠢ ᠪᠠᠭᠰᠢ ᠶᠢᠨ ︽ᠠᠩᠬᠢᠯᠤᠮ᠎ᠠ ᠦᠨᠦᠷᠲᠦ ᠴᠠᠭ ᠮᠥᠴᠡ︾ ᠬᠡᠪᠯᠡᠭᠳᠡᠨ ᠭᠠᠷᠴᠤ ᠢᠷᠡᠭᠡᠳ ᠨᠢᠭᠡ | ᠨᠣᠮ ᠣᠯᠣᠭᠰᠠᠨ ᠲᠤᠯᠠ ᠪᠠᠰᠠᠯᠠ ᠳᠡᠷᠡ ᠶᠢᠨ ᠬᠠᠵᠠᠭᠤ ᠳᠠᠭᠠᠨ ᠲᠠᠯᠪᠢᠵᠤ ᠰᠤᠳᠤᠯᠤᠭᠠᠳ ᠡᠬᠢᠯᠡᠵᠡᠢ᠃ ᠡᠳᠡᠭᠡᠷ | ᠰᠢᠯᠦᠭ ᠢ ᠤᠩᠰᠢᠬᠤ ᠳᠤ ᠠᠷᠠᠵᠠ ᠬᠤᠷᠠᠵᠠ ᠰᠠᠨᠠᠭᠳᠠᠭᠰᠠᠨ ᠦᠭᠡᠢ᠂ ᠬᠠᠷᠢᠨ ᠬᠠᠩᠬᠤᠯᠤᠮ᠎ᠠ ᠰᠠᠶᠢᠬᠠᠨ ᠰᠢᠷᠠᠩᠭᠤᠢ | ᠨᠣᠭᠤᠭᠠᠨ ᠯᠦᠩᠵᠢᠩ ᠴᠠᠢ ᠪᠤᠳᠤᠬᠳᠠᠵᠦ᠂ ᠠᠭᠠᠭ ᠲᠡᠰ ᠦᠭᠡᠢ ᠪᠠᠶᠢᠲᠠᠯ᠎ᠠ ᠪᠠᠨ ᠰᠣᠭᠲᠣᠭᠠᠵᠤ ᠪᠠᠶᠢᠮᠠᠷ | ᠰᠠᠨᠠᠭᠳᠠᠭᠤᠯᠵᠠᠢ᠃ ᠤᠯᠠᠨ ᠰᠢᠯᠦᠭ ᠤᠨ ᠳᠡᠪᠲᠡᠷ ᠰᠣᠨᠢᠷᠬᠠᠨ ᠰᠢᠯᠦᠭ ᠪᠢᠴᠢᠵᠦ ᠤᠷᠤᠯᠳᠤᠵᠦ ᠪᠠᠶᠢᠭᠰᠠᠨ | ᠥᠩᠭᠡᠷᠡᠯᠲᠡ ᠨᠢ ᠨᠠᠮᠠᠶᠢ ᠬᠤᠵᠢᠮ ᠨᠢ ᠨᠠᠶᠢᠷᠠᠭᠤᠯᠤᠯ ᠡᠬᠢᠯᠡᠵᠦ ᠪᠢᠴᠢᠬᠦ ᠪᠤᠯᠬᠤ ᠳᠤ ᠦᠭᠡ ᠬᠡᠯᠡᠯᠭᠡ ᠶᠢᠨ | ᠰᠢᠷᠭᠠᠭᠠᠯᠲᠠ ᠶᠢᠨ ᠲᠠᠯ᠎ᠠ ᠪᠠᠷ ᠶᠡᠬᠡᠬᠡᠨ ᠲᠤᠰᠠ ᠲᠡᠮ ᠪᠣᠯᠤᠭᠰᠠᠨ ᠪᠢᠯᠡ᠃ ᠬᠤᠵᠢᠮ ᠨᠢ ᠰᠢᠯᠦᠭ ᠪᠢᠴᠢᠬᠦ ᠲᠤᠳᠤᠮ | ᠪᠡᠶ᠎ᠡ ᠪᠠᠨ ᠭᠤᠯᠣᠳᠠᠭ ᠪᠣᠯᠵᠤ᠂ ᠪᠠᠰᠠ ᠨᠢᠭᠡ ᠬᠠᠮᠲᠤ ᠰᠤᠷᠤᠬᠴᠢ ᠨᠠᠮᠠᠶᠢ ᠰᠦᠯᠵᠢᠶᠡᠨ ᠳᠡᠭᠡᠷ᠎ᠡ ︽ᠴᠢ ᠰᠢᠯᠦᠭ ᠪᠢᠴᠢᠬᠦ | ᠬᠥᠮᠥᠨ ᠪᠢᠰᠢ᠂ ᠬᠠᠷᠢᠨ ᠨᠠᠶᠢᠷᠠᠭᠤᠯᠤᠯ ᠢᠶᠠᠨ ᠰᠠᠶᠢᠬᠠᠨ ᠪᠢᠴᠢᠴᠢᠬᠡ︕︾ ᠭᠡᠰᠡᠨ ᠳᠤ ᠪᠢ ᠴᠢᠨᠢ ᠢᠨᠠᠭ | ᠬᠤᠩᠭᠤᠷ ᠢᠶᠠᠨ ᠨᠠᠶᠢᠵᠢ ᠳᠠᠭᠠᠨ ᠪᠤᠯᠢᠶᠠᠭᠳᠠᠭᠰᠠᠨ ᠰᠢᠭ᠋ ᠵᠣᠪᠠᠵᠤ᠂ ᠠᠷᠭ᠎ᠠ ᠪᠤᠰᠤ ᠰᠢᠯᠦᠭ ᠪᠢᠴᠢᠬᠦ ᠪᠠᠨ ᠵᠣᠭᠰᠣᠵᠠᠢ᠃ | ᠬᠤᠵᠢᠮ ᠨᠢ ᠨᠠ᠊·ᠰᠤᠩᠳᠤᠢ ᠶᠢᠨ ︽ᠬᠠᠶᠢᠷ᠎ᠠ ᠶᠢᠨ ᠰᠢᠭᠦᠳᠡᠷᠢ︾ ᠶᠢ ᠳᠠᠭᠤᠷᠢᠶᠠᠵᠤ᠂ ᠰᠣᠳᠨᠠᠮ ᠪᠠᠭᠰᠢ ᠶᠢᠨ︽ᠨᠠᠷᠠᠨ ᠤ | ᠳᠣᠣᠷ᠎ᠠ︾ ᠶᠢ ᠪᠠᠭ᠋ᠠᠷᠬᠠᠵᠤ ᠪᠠᠶᠢᠭᠰᠠᠭᠠᠷ᠂ ᠨᠠᠶᠢᠷᠠᠭᠤᠯᠤᠯ ᠤᠩᠰᠢᠵᠤ᠂ ᠵᠣᠬᠢᠶᠠᠨ ᠪᠦᠲᠦᠭᠡᠵᠦ ᠡᠬᠢᠯᠡᠵᠡᠢ᠃ | ᠶᠡᠭᠡ ᠰᠤᠷᠭᠠᠭᠤᠯᠢ ᠶᠢᠨ ᠰᠡᠭᠦᠯ ᠤᠨ ᠬᠤᠶᠠᠷ ᠵᠢᠯ ᠨᠣᠮ ᠤᠨ ᠰᠠᠩ ᠳᠤ ᠢᠯᠡᠭᠦᠦ ᠰᠠᠭᠤᠭᠰᠠᠨ ᠭᠡᠳᠡᠭ | ᠪᠤᠯᠪᠠᠴᠤ ᠳᠡᠮᠡᠢ ᠭᠠᠪᠢᠭᠰᠠᠨ ᠠᠵᠤ ᠪᠣᠯᠤᠭ᠎ᠠ ᠦᠭᠡᠢ᠂ ᠵᠦᠭᠡᠷ ᠯᠡ ᠪᠤᠰᠤᠳ ᠰᠠᠯᠪᠤᠷᠢ ᠶᠢᠨ ᠴᠢᠷᠠᠶᠢᠯᠢᠭ ᠥᠬᠢᠳ ᠢ | ᠯᠡ ᠠᠩᠬᠠᠷᠤᠭᠠᠳ ᠪᠠᠶᠢᠭᠰᠠᠨ ᠰᠢᠤᠬᠠᠨ ᠪᠦᠷᠦᠭᠬᠡᠨ ᠡᠷᠭᠢᠴᠡᠭᠦᠯᠦᠯ ᠲᠡᠳᠦᠢ ᠦᠯᠡᠳᠡᠵᠡᠢ᠃ ᠣᠶᠤᠲᠠᠨ ᠤ ᠲᠡᠭᠦᠰᠬᠦ | ᠥᠭᠦᠯᠡᠯ ᠢᠶᠠᠨ ︽ᠮᠣᠩᠭᠤᠯ ᠤᠷᠠᠨ ᠵᠣᠬᠢᠶᠠᠯ ᠤᠨ ᠳᠣᠲᠣᠷᠠᠬᠢ ᠹᠧᠯᠧᠲ᠋ᠤᠨ ᠤ ᠲᠤᠬᠠᠢ ᠰᠢᠨᠵᠢᠯᠡᠯ︾ ᠭᠡᠵᠦ | ᠲᠣᠭᠲᠠᠭᠠᠳ ᠭᠤᠷᠪᠠᠳᠤᠭᠠᠷ ᠣᠨ ᠤ ᠵᠤᠨ ᠤ ᠠᠮᠠᠷᠠᠯᠲᠠ ᠳᠤ ᠳᠠᠷᠤᠢ ᠶᠡᠭᠡ ᠲᠥᠯᠥᠪ ᠪᠢᠴᠢᠭᠡᠳ ᠪᠠᠷᠠᠭᠠᠴᠢᠬᠠᠵᠦ᠂ | ᠳᠥᠷᠪᠡᠳᠦᠭᠡᠷ ᠣᠨ ᠳᠠᠭᠠᠨ ᠬᠢᠲᠠᠳ ᠬᠡᠯᠡᠨ ᠤ ᠰᠠᠯᠪᠤᠷᠢ ᠠᠴᠠ ᠲᠦᠷᠪᠡᠨ ᠬᠢᠴᠢᠶᠡᠯ ᠰᠣᠩᠭᠤᠨ ᠰᠤᠷᠴᠤ ᠪᠠᠶᠢᠵᠠᠢ᠃ | ᠲᠡᠭᠦᠰᠦᠭᠡᠳ ᠠᠵᠢᠯᠯᠠᠵᠤ ᠪᠠᠶᠢᠬᠤ ᠳᠠᠭᠠᠨ ︽ᠹᠧᠯᠧᠲ᠋ᠤᠨ ᠤ ᠰᠣᠩᠭᠤᠮᠠᠯ︾ ᠭᠡᠰᠡᠨ ᠰᠡᠳᠬᠦᠯ ᠵᠠᠬᠢᠶᠠᠯᠠᠵᠤ ᠥᠩᠭᠡᠷᠡᠪᠡ᠃ | ᠢᠩᠭᠢᠭᠡᠳ ᠨᠡᠶᠢᠭᠡᠮ ᠲᠦᠷᠦ ᠶᠢᠨ ᠶᠡᠭᠡ ᠬᠡᠷᠡᠭ ᠢ ᠪᠠᠶᠢᠨ ᠪᠠᠶᠢᠨ ᠬᠠᠯᠠᠮᠵᠢᠯᠠᠬᠤ ᠪᠣᠯᠵᠤ᠂ ᠲᠡᠭᠰᠢ ᠪᠤᠰᠤ ᠵᠦᠢᠯ ᠢ | ᠦᠵᠡᠪᠡᠯ ᠨᠢᠭᠡ ᠶᠠᠭᠤᠮ᠎ᠠ ᠬᠡᠯᠡᠬᠦ ᠶᠢ ᠰᠠᠨᠠᠵᠤ᠂ ᠥᠪᠡᠷ ᠤᠨ ᠮᠢᠨᠢ ᠵᠣᠬᠢᠶᠠᠯ ᠳᠣᠲᠣᠷ᠎ᠠ ᠴᠤ ᠵᠠᠷᠢᠮ ᠲᠤᠰᠬᠠᠯ | ᠭᠠᠷᠤᠭᠰᠠᠨ ᠪᠠᠶᠢᠨ᠎ᠠ᠃ ᠡᠭᠦᠨ ᠢ ᠠᠪᠤ ᠮᠢᠨᠢ ᠮᠡᠳᠡᠴᠢᠬᠡᠭᠡᠳ ᠨᠠᠮᠠᠶᠢ ᠢᠳᠬᠠᠵᠤ᠄ ︽ᠴᠢᠨᠦ ᠵᠣᠬᠢᠶᠠᠯ ᠣᠷᠴᠢᠮ ᠪᠦᠷ | ᠶᠠᠭᠤ ᠶᠢ ᠪᠢᠴᠢᠵᠦ ᠪᠠᠶᠢᠭ᠎ᠠ ᠪᠤᠢ︖ ᠴᠣᠬᠤᠮ ᠰᠠᠪᠠᠭ᠎ᠠ ᠦᠭᠡᠢ ᠶᠠᠭᠤ ᠰᠠᠷ᠎ᠠ ᠶᠢ ᠦᠵᠡᠭᠡᠳ ᠬᠤᠴᠠᠨ᠎ᠠ ᠭᠡᠳᠡᠭ | ᠪᠣᠯᠵᠤ ᠪᠠᠶᠢᠨ᠎ᠠ᠂ ᠪᠠᠭᠰᠢ ᠬᠥᠮᠥᠨ ᠰᠤᠷᠤᠬᠴᠢ ᠳᠠᠭᠠᠨ ᠰᠠᠶᠢᠨ ᠰᠠᠶᠢᠬᠠᠨ ᠢ ᠮᠡᠳᠡᠭᠦᠯᠵᠦ ᠪᠠᠶᠢᠪᠠᠯ ᠪᠣᠯᠣᠯ᠎ᠠ᠂ | ᠨᠡᠶᠢᠭᠡᠮ ᠤᠨ ᠡᠷᠢᠶᠡᠨ ᠪᠠᠷᠠᠭᠠᠨ ᠢ ᠲᠡᠳᠡᠨ ᠳᠤ ᠬᠡᠯᠡᠵᠦ ᠥᠭᠭᠦᠭᠡᠳ ᠪᠠᠷᠠᠨᠠᠤ ᠳ᠋ᠠ︖ ᠴᠢ ᠬᠡᠳᠦᠨ ᠵᠣᠬᠢᠶᠠᠯ | ᠪᠢᠴᠢᠭᠡᠳ ᠴᠣᠬᠤᠮ ᠶᠠᠭᠤ ᠶᠢ ᠬᠤᠪᠢᠷᠠᠭᠤᠯᠵᠤ ᠲᠡᠶᠢᠯᠭᠦ ᠶᠤᠮ ᠪᠤᠢ︖︾ ᠭᠡᠰᠡᠨ ᠠᠴᠠ ᠪᠢ ᠰᠠᠶ᠋ᠢ ᠰᠡᠳᠡᠯᠲᠡ ᠣᠯᠵᠤ᠂ | ᠹᠧᠯᠧᠲ᠋ᠤᠨ ᠤᠩᠰᠢᠬᠤ ᠪᠠᠨ ᠪᠣᠯᠢᠭᠰᠠᠨ ᠠᠴᠠ ᠵᠣᠬᠢᠶᠠᠯ ᠤᠨ ᠠᠭᠤᠯᠭ᠎ᠠ ᠠᠬᠢᠭᠠᠳ ︽ᠨᠠᠷᠠᠯᠠᠭ︾ ᠪᠣᠯᠵᠤ ᠬᠤᠪᠢᠷᠠᠯ᠎ᠠ᠃ | ᠠᠪᠤ ᠮᠢᠨᠢ ᠤᠷᠠᠨ ᠵᠣᠬᠢᠶᠠᠯ ᠤᠨ ᠰᠢᠭᠦᠮᠵᠢᠯᠡᠭᠴᠢ ᠨᠠᠷ ᠤᠨ ᠵᠢᠭᠠᠵᠤ ᠥᠭᠭᠦᠭᠡ ᠦᠭᠡᠢ ᠵᠦᠢᠯ ᠢ ᠬᠦᠦ ᠳᠡᠭᠡᠨ | ᠵᠠᠬᠢᠵᠤ ᠰᠡᠬᠡᠭᠡᠷᠡᠭᠦᠯᠦᠭᠰᠡᠨ ᠮᠡᠷᠭᠡᠨ ᠬᠥᠮᠥᠨ ᠶᠤᠮ ᠠ᠋︕ | ᠪᠠᠭᠰᠢᠯᠠᠭᠰᠠᠨ ᠤ ᠲᠠᠷᠠᠭ᠎ᠠ ᠬᠡᠳᠦᠨ ᠠᠵᠢᠯ ᠨᠢᠭᠡᠲᠡᠨ ᠲᠠᠢ ᠪᠠᠨ ᠪᠠᠶᠢᠩᠭᠤ ᠰᠢᠯᠦᠭ ᠵᠣᠬᠢᠶᠠᠯ ᠬᠡᠯᠡᠯᠴᠡᠨ ᠳᠣᠲᠣᠷ | ᠲᠠᠮᠢᠷ ᠥᠷᠢᠰᠦᠯᠳᠦᠳᠡᠭ ᠪᠠᠶᠢᠭᠰᠠᠨ ᠢᠶᠠᠷ ᠤᠨᠤᠯ ᠰᠢᠭᠦᠮᠵᠢ ᠶᠢᠨ ᠬᠠᠮᠢᠶ᠎ᠠ ᠲᠠᠢ ᠵᠣᠬᠢᠶᠠᠯ ᠡᠬᠢᠯᠡᠵᠦ ᠦᠵᠡᠬᠦ ᠪᠣᠯᠵᠠᠢ᠃ | ᠪᠢ ︽ᠰᠣᠩᠭᠤᠳᠠᠭ ᠪᠦᠲᠦᠭᠡᠯ ᠤᠨ ᠰᠣᠨᠢᠷᠬᠠᠮᠵᠢ︾ ᠭᠡᠳᠡᠭ ᠬᠢᠲᠠᠳ ᠰᠡᠳᠬᠦᠯ ᠵᠠᠬᠢᠶᠠᠯᠠᠵᠤ ᠤᠩᠰᠢᠵᠤ ᠪᠠᠶᠢᠭᠰᠠᠨ ᠨᠢ | ᠮᠠᠰᠢ ᠣᠯᠵᠠᠪᠤᠷᠢ ᠲᠠᠢ ᠪᠠᠶᠢᠵᠤ᠂ ᠨᠢᠭᠡ ᠵᠣᠬᠢᠶᠠᠯ ᠢ ᠬᠡᠳᠦᠨ ᠬᠥᠮᠥᠨ ᠬᠡᠳᠦᠨ ᠲᠠᠯ᠎ᠠ ᠠᠴᠠ ᠰᠢᠭᠦᠮᠵᠢᠯᠡᠨ ᠥᠭᠦᠯᠡᠬᠦ | ᠶᠢᠨ ᠤᠴᠢᠷ ᠮᠠᠰᠢ ᠶᠡᠭᠡ ᠪᠠᠷ ᠰᠡᠳᠡᠯᠲᠡ ᠰᠡᠷᠡᠭᠳᠡᠯ ᠣᠯᠭᠤᠳᠠᠭ ᠪᠠᠶᠢᠯ᠎ᠠ᠃ ᠡᠨᠡ ᠰᠡᠳᠬᠦᠯ ᠠᠴᠠ ᠬᠢᠲᠠᠳ ᠤᠨ ᠬᠡᠳᠦᠨ | ᠨᠡᠷᠡᠲᠦ ᠵᠣᠬᠢᠶᠠᠯᠴᠢ ᠶᠢᠨ ᠥᠭᠦᠯᠡᠯᠭᠡ ᠲᠤᠭᠤᠵᠢ ᠶᠢ ᠤᠩᠰᠢᠭᠠᠳ ᠲᠣᠭᠤᠵᠤ ᠶᠠᠪᠤᠵᠠᠢ᠃ ᠯᠢᠦ ᠴᠢᠩ ᠪᠠᠩ ᠤᠨ | ︽ᠮᠸᠢ ᠨᠢᠦ ᠬᠤᠨᠢ ᠬᠠᠷᠢᠭᠤᠯᠤᠭᠰᠠᠨ︾ ᠢ ᠤᠩᠰᠢᠭᠠᠳ ︽ᠭᠤᠷᠪᠠᠳᠠᠭᠢ ᠠᠭᠤᠯᠵᠠᠯᠲᠠ︾ ᠭᠡᠳᠡᠭ ᠳᠠᠭᠤᠷᠢᠶᠠᠮᠠᠯ | ᠥᠭᠦᠯᠡᠯᠭᠡ ᠪᠢᠴᠢᠵᠦ ᠪᠠᠶᠢᠭᠰᠠᠨ᠃ ᠹᠠᠨ ᠰᠢᠶᠠᠩ ᠯᠢ ᠶᠢᠨ ︽ᠬᠠᠷ᠎ᠠ ᠤᠰᠤ ᠬᠥᠬᠡ ᠨᠣᠭᠤᠭ᠎ᠠ︾ ᠭᠡᠳᠡᠭ ᠵᠣᠬᠢᠶᠠᠯ ᠢ | ᠤᠩᠰᠢᠭᠠᠳ᠂ ︽ᠨᠠᠮᠤᠭᠤᠨ ᠤᠰᠤᠨ ᠳᠣᠲᠣᠷ᠎ᠠ ᠭᠦᠨ ᠴᠡᠭᠡᠯ ᠠᠭᠤᠯᠤᠭᠳᠠᠬᠤ︾ ᠶᠣᠰᠣ ᠶᠢ ᠤᠬᠠᠭᠠᠷᠠᠵᠤ᠂ ᠰᠢᠯᠤᠭᠤᠨ | ᠬᠦᠦᠷᠨᠢᠯ ᠳᠣᠲᠣᠷ᠎ᠠ ᠰᠠᠨᠠᠭ᠎ᠠ ᠨᠢᠭᠤᠬᠤ ᠶᠢ ᠠᠩᠬᠠᠷᠳᠠᠭ ᠪᠣᠯᠣᠯ᠎ᠠ᠃ ᠪᠠᠰᠠ ᡂᠢ ᠽᠢ ᠵᠢᠶᠠᠨ ᠪᠣᠯᠣᠨ ᠭᠧ ᠱᠦᠢ | ᠫᠢᠩ ᠤᠨ ᠵᠣᠬᠢᠶᠠᠯ ᠠᠴᠠ ᠲᠤᠭᠤᠵᠢᠰ ᠤᠨ ᠵᠣᠬᠢᠶᠠᠯ ᠳᠤ ᠦᠨᠳᠦᠰᠦᠲᠡᠨ ᠤ ᠵᠠᠩ ᠠᠭᠠᠯᠢ᠂ ᠰᠣᠶᠣᠯ ᠤᠨ ᠰᠢᠮ᠎ᠡ | ᠲᠤᠨᠳᠠᠰᠤ ᠠᠭᠤᠰᠤᠨ ᠰᠢᠮᠡᠳᠴᠦ ᠪᠠᠶᠢᠪᠠᠯ ᠬᠡᠴᠢᠨᠡᠨ ᠢᠳᠡᠯᠢᠭ ᠪᠠᠶᠢᠳᠠᠭ ᠢ ᠮᠡᠳᠡᠪᠡ᠃ ᠪᠠᠰᠠ ᠨᠢᠭᠡ ᠨᠢ ᠡᠨᠡ ᠬᠦ | ᠰᠡᠳᠬᠦᠯ ᠢ ᠵᠠᠬᠢᠶᠠᠯᠠᠭᠰᠠᠨ ᠠᠴᠠ ᠡᠬᠢᠯᠡᠵᠦ ︽ᠥᠪᠡᠷ ᠪᠢ︾ ᠪᠣᠯᠣᠨ ︽ᠳ᠋ᠠᠯ︾ ᠲᠠᠭᠠᠪᠤᠷᠢ ᠶᠢ ᠵᠠᠷᠤᠵᠤ ᠰᠤᠷᠤᠭᠠᠳ᠂ | ᠤᠷᠠᠨ ᠵᠣᠬᠢᠶᠠᠯ ᠤᠩᠰᠢᠭᠰᠠᠨ ᠲᠥᠷᠥᠭᠳᠡᠯ ᠪᠤᠶᠤ ᠰᠢᠭᠦᠮᠵᠢ ᠮᠠᠶ᠋ᠢᠭ ᠲᠠᠢ ᠵᠦᠢᠯ ᠡᠷᠢᠶᠡᠴᠢᠬᠦ ᠪᠣᠯᠵᠠᠢ᠃ | ᠡᠨᠡ ᠬᠤᠭᠤᠷᠣᠨᠳᠤ ᠰ᠊·ᠡᠷᠳᠡᠨᠢ ᠶᠢᠨ ᠪᠠᠷᠤᠭ ᠪᠦᠷᠢᠨ ᠵᠣᠬᠢᠶᠠᠯ ᠨᠢ ᠰᠢᠨ᠎ᠡ ᠬᠡᠪᠯᠡᠭᠳᠡᠭᠰᠡᠨ ᠣᠯᠳᠠᠵᠤ᠂ ᠮᠠᠰᠢ | ᠪᠠᠭ᠋ᠠᠷᠬᠠᠨ ᠤᠩᠰᠢᠵᠤ ᠪᠠᠶᠢᠭᠰᠠᠨ᠃ ᠣᠨᠴᠠᠭᠠᠶᠢᠯᠠᠨ ︽ᠬᠠᠨ ᠠᠭᠤᠯᠠ ᠶᠢᠨ ᠢᠷᠭᠤᠢ︾ ᠨᠣᠮ ᠢ ᠵᠠᠯᠭᠢᠵᠤ ᠢᠳᠡᠴᠢᠬᠡᠮᠡᠷ | ᠪᠠᠭ᠋ᠠᠷᠬᠠᠵᠤ ᠪᠠᠶᠢᠵᠠᠢ᠃ ᠬᠠᠯᠬ᠎ᠠ ᠶᠢᠨ ᠵᠣᠬᠢᠶᠠᠯ ᠤᠨ ᠬᠡᠯᠡ ᠶᠢ ᠪᠠᠭ᠋ᠠᠷᠬᠠᠵᠤ᠂ ᠬᠡᠴᠢᠨᠡᠨ ᠴᠡᠭᠡᠵᠢᠯᠡᠵᠦ ᠤᠷᠤᠯᠳᠤᠬᠰᠠᠨ | ᠪᠤᠯᠪᠠᠴᠤ ᠪᠣᠯᠤᠭ᠎ᠠ ᠦᠭᠡᠢ᠂ ᠥᠪᠡᠷ ᠤᠨ ᠮᠢᠨᠢ ᠵᠣᠬᠢᠶᠠᠯ ᠡᠬᠢᠯᠡᠨ ᠪᠢᠷ ᠲᠠᠯᠪᠢᠭᠰᠠᠭᠠᠷ ᠯᠡ ᠬᠤᠷᠴᠢᠨ ᠨᠤᠲᠤᠭ ᠤᠨ | ᠳᠠᠪᠤᠰᠤᠯᠠᠭᠰᠠᠨ ᠴᠠᠭᠠᠨ ᠨᠣᠭᠤᠭ᠎ᠠ ᠪᠣᠯᠣᠨ ᠡᠷᠳᠡᠨᠢ ᠰᠢᠰᠢ ᠶᠢᠨ ᠪᠣᠣᠪᠤ ᠶᠢᠨ ᠦᠨᠦᠷ ᠭᠠᠷᠤᠭᠠᠳ ᠪᠤᠯᠳᠠᠭ ᠦᠭᠡᠢ᠃ | ᠠᠮᠲᠠᠯᠠᠪᠠᠯ ᠠᠭᠰᠢᠭᠤᠨ ᠬᠠᠷ᠎ᠠ ᠴᠠᠢ ᠭᠡᠮᠡᠷ ᠭᠠᠪ ᠭᠠᠰᠢᠭᠤᠨ ᠪᠠᠶᠢᠳᠠᠭ ᠴᠤ ᠪᠤᠢ ᠭᠡᠵᠦ ᠵᠣᠪᠠᠨ᠎ᠠ᠃ ᠭᠡᠶ᠎ᠡ ᠶᠠᠭᠠᠬᠢᠬᠤ | ᠪᠤᠢ︖ ︽᠊ᠬᠤᠢ ᠭᠦ᠋ᠢ︾ ᠲᠠᠭᠠᠪᠤᠷᠢ ᠪᠠᠷ ᠪᠠᠷᠤᠭ ᠮᠢᠩᠭᠠᠨ ᠬᠥᠮᠥᠨ ᠲᠦᠮᠡᠨ ᠰᠢᠯᠦᠭ ᠪᠢᠴᠢᠵᠦ ᠪᠣᠯᠵᠤ ᠪᠠᠶᠢᠬᠤ ᠳᠤ᠂ | ᠪᠢ ᠬᠡᠯᠡ ᠶᠠᠳᠠᠭᠤ ᠭᠡᠳ ᠪᠣᠭᠤᠵᠤ ᠦᠬᠦᠭᠡᠳ ᠴᠤ ᠶᠠᠭᠠᠬᠢᠬᠤᠪ ᠳ᠋ᠠ᠃ ︽ᠥᠪᠡᠷ ᠥᠪᠡᠷ ᠤᠨ ᠠᠶ᠎ᠠ ᠪᠠᠷ ᠢᠶᠠᠨ | ᠡᠭᠡᠰᠢᠭᠯᠡᠨ᠎ᠡ ᠳ᠋ᠧ ᠭᠦᠢ︕︾ ᠭᠡᠵᠦ ᠳᠠᠭᠤᠯᠠᠳᠠᠭ ᠪᠠᠶᠢᠭᠰᠠᠨ ᠪᠢᠰᠢᠦ ᠳ᠋ᠠ᠃ | ᠵᠠ᠂ ᠠᠵᠢᠯ ᠠᠯᠪᠠ ᠰᠣᠯᠢᠭᠠᠳ ᠬᠡᠷᠡᠭᠯᠡᠭᠡᠨ ᠤ ᠵᠣᠬᠢᠶᠠᠯ ᠪᠢᠴᠢᠭᠰᠡᠨ ᠬᠡᠳᠦᠨ ᠵᠢᠯ ᠢ ᠴᠤ ᠲᠣᠪᠴᠢᠯᠠᠶ᠎ᠠ ᠳ᠋ᠠ᠃ ᠲᠡᠷᠡ | ᠦᠶ᠎ᠡ ᠳᠤ ᠶᠠᠮᠠᠷ ᠨᠣᠮ ᠤᠩᠰᠢᠬᠤ ᠴᠠᠭ ᠪᠠᠶᠢᠬᠤ ᠪᠤᠢ᠂ ᠵᠦᠭᠡᠷ ᠯᠡ ᠰᠠᠶᠢᠨ ᠠᠵᠢᠯᠯᠠᠪᠠᠯ ᠵᠡᠷᠭᠡ ᠳᠠᠪᠰᠢᠵᠤ ᠮᠠᠭᠠᠳ | ᠭᠡᠵᠦ ᠪᠤᠳᠤᠭᠠᠳ ᠮᠠᠬᠠᠷᠠᠭᠠᠳ ᠯᠡ ᠪᠠᠶᠢᠭᠰᠠᠨ ᠶᠤᠮ ᠴᠢᠨᠢ᠃ ᠳᠠᠷᠤᠭ᠎ᠠ ᠬᠤᠶᠠᠷ ᠬᠠᠭᠤᠳᠠᠰᠤ ᠶᠠᠭᠤᠮ᠎ᠠ ᠠᠪᠬᠤ | ᠰᠠᠨᠠᠭ᠎ᠠ ᠲᠠᠢ ᠵᠠᠬᠢᠬᠤ ᠳᠤᠨᠢ ᠪᠢ ᠰᠠᠶᠢᠨ ᠬᠥᠮᠥᠨ ᠪᠤᠯᠬᠤ ᠭᠡᠵᠦ ᠰᠠᠶᠢᠮᠰᠤᠷᠠᠭᠠᠳ ᠬᠤᠷᠢᠨ ᠨᠢᠭᠤᠷ ᠪᠢᠴᠢᠵᠦ | ᠠᠪᠠᠴᠢᠵᠤ ᠥᠭᠭᠦᠭᠡᠳ ᠬᠡᠴᠢᠨᠡᠨ ᠤᠳᠠᠭ᠎ᠠ ᠵᠠᠩᠨᠠᠭᠳᠠᠭᠰᠠᠨ ᠢ ᠪᠤᠤ ᠮᠡᠳᠡ᠃ ᠬᠥᠮᠥᠨ ᠭᠡᠳᠡᠭ ᠶᠠᠭᠤᠮ᠎ᠠ ᠶᠠᠭ ᠲᠡᠭᠡᠵᠦ | ᠭᠤᠷᠢ ᠦᠭᠡᠢ ᠶᠠᠭᠤᠮᠠᠨ ᠳᠠᠭᠠᠨ ᠯᠡ ᠭᠤᠷᠢ ᠬᠥᠳᠡᠯᠦᠭᠡᠳ ᠪᠠᠶᠢᠳᠠᠭ ᠬᠡᠨᠡᠭᠡ ᠲᠠᠢ ᠶᠤᠮ᠃ ᠲᠦᠭᠦᠭᠡ ᠨᠢ ᠲᠡᠨᠳᠡ ᠪᠠᠨ | ᠦᠭᠡᠢ ᠪᠠᠶᠢᠭᠠᠳ ᠲᠦᠰᠢᠶ᠎ᠡ ᠭᠦᠩ ᠰᠠᠭᠤᠬᠤ ᠰᠠᠨᠠᠭ᠎ᠠ ᠣᠷᠣᠭᠠᠳ ᠯᠡ ᠨᠣᠮ ᠤᠩᠰᠢᠬᠤ ᠴᠠᠭ ᠢ ᠪᠦᠷᠢᠯᠭᠡᠵᠡᠢ᠃ | ᠶᠡᠷᠦ ᠶᠢᠨ ᠦᠭᠡᠨ ᠳᠤ ᠬᠡᠳᠦᠶᠢᠪᠡᠷ ︽ᠪᠢᠴᠢᠭ ᠢ ᠲᠦᠮᠡᠨ ᠪᠣᠳᠢ ᠤᠩᠰᠢᠪᠠᠯ᠂ ᠪᠢᠷ ᠤᠨ ᠦᠵᠦᠭᠦᠷ ᠰᠢᠳᠢ | ᠣᠷᠣᠰᠢᠨ᠎ᠠ︾ ᠭᠡᠵᠦ ᠬᠡᠯᠡᠳᠡᠭ ᠪᠤᠯᠪᠠᠴᠤ᠂ ᠶᠠᠭ ᠦᠨᠡᠬᠡᠷ ᠬᠡᠷᠡᠭ ᠲᠠᠢ ᠬᠡᠷᠡᠭ ᠦᠭᠡᠢ ᠨᠣᠮ ᠢ ᠲᠡᠳᠦᠢ ᠤᠯᠠᠨ | ᠤᠩᠰᠢᠬᠤ ᠳᠤ ᠭᠦᠷᠪᠡᠯ ᠤᠳᠬ᠎ᠠ ᠵᠦᠭ ᠢᠶᠠᠨ ᠠᠯᠳᠠᠵᠤ᠂ ᠣᠯᠪᠣᠭ ᠲᠠᠭᠠᠨ ᠰᠢᠷᠭᠢᠭᠰᠡᠨ ᠮᠤᠩᠬᠠᠭ ᠪᠣᠯᠵᠤ ᠮᠡᠳᠡᠨ᠎ᠡ᠃ | ᠲᠠᠪᠤᠳᠤᠭᠠᠷ ᠨᠠᠭᠠᠴᠤ ᠠᠪᠦ ᠨᠢᠭᠡ ᠤᠳᠠᠭ᠎ᠠ ᠨᠠᠮ᠎ᠠ ᠲᠠᠢ ᠠᠷᠢᠬᠢᠨ ᠰᠢᠷᠡᠭᠡᠨ ᠳᠡᠭᠡᠷ᠎ᠡ ᠵᠣᠭᠤᠭᠳᠠᠵᠤ ᠪᠠᠶᠢᠬᠤ ᠳᠠᠭᠠᠨ | ᠮᠢᠨᠤ ︽ᠡᠩ︖ ᠡᠩ︖︾ ᠭᠡᠳ ᠪᠠᠶᠢᠬᠤ ᠳᠤ ᠥᠷᠥ ᠡᠪᠡᠳᠴᠦ᠄︽ᠡᠨᠡ ᠬᠦᠦ ᠨᠣᠮ ᠵᠣᠬᠢᠶᠠᠯ ᠤᠩᠰᠢᠭᠰᠠᠭᠠᠷ | ᠪᠠᠶᠢᠭᠠᠳ ᠳᠦᠯᠡᠢ ᠪᠣᠯᠴᠢᠬᠠᠭᠰᠠᠨ ᠶᠤᠮ ᠠ᠋ ᠬᠥᠭᠡᠷᠦᠬᠦᠢ︕︾ ᠭᠡᠰᠡᠨ ᠪᠢᠯᠡ᠃ ᠴᠢᠬᠢᠨ ᠰᠠᠯᠠᠭᠠᠨ ᠤ ᠡᠮᠴᠢ ᠪᠠᠰᠠ | ᠡᠶᠢᠮᠦ ᠤᠨᠤᠪᠴᠢᠲᠠᠢ ᠣᠨᠣᠰᠢᠯᠠᠵᠤ ᠴᠢᠳᠠᠬᠤ ᠦᠭᠡᠢ ᠪᠠᠶᠢᠬ᠎ᠠ ᠳ᠋ᠠ ᠭᠡᠵᠦ ᠪᠢ ᠪᠤᠳᠤᠬᠰᠠᠨ ᠪᠢᠯᠡ᠃ | ᠪᠢ ᠪᠠᠰᠠ ︽ᠶᠠᠮᠠᠷ ᠨᠣᠮ ᠤᠩᠰᠢᠳᠠᠭ ᠪᠢᠯᠡ︖︾ ᠭᠡᠵᠦ ᠣᠯᠠᠨᠲᠠ ᠪᠣᠳᠣᠯᠬᠢᠯᠠᠵᠤ ᠰᠠᠨᠠᠭᠠᠰᠢᠷᠠᠵᠤ ᠦᠵᠡᠪᠡ᠃ | ᠮᠦ ᠰᠢᠨ ᠤ ᠲᠠᠪᠤᠨ ᠵᠢᠯ ᠶᠠᠷᠢᠭᠰᠠᠨ ᠶᠠᠷᠢᠶ᠎ᠠ ᠶᠢ ᠠᠯᠳᠠᠷᠲᠤ ᠵᠢᠷᠤᠭᠴᠢᠨ ᠡᠷᠳᠡᠮᠲᠡᠨ ᠴᠧᠨ ᠳ᠋ᠠᠨ ᠴᠢᠩ ᠤᠨ | ᠲᠡᠮᠳᠡᠭᠯᠡᠭᠰᠡᠨ ︽ᠤᠷᠠᠨ ᠵᠣᠬᠢᠶᠠᠯ ᠤᠨ ᠡᠷᠭᠢᠴᠡᠭᠦᠯᠦᠯ︾ ᠨᠣᠮ ᠢ ᠴᠢᠳᠠᠬᠤ ᠶᠢᠨ ᠬᠢᠷᠢ ᠪᠠᠷ ᠣᠯᠵᠤ ᠤᠩᠰᠢᠭᠠᠷᠠᠢ ᠭᠡᠵᠦ | ᠰᠠᠨᠠᠭᠤᠯᠤᠶ᠎ᠠ᠃ ᠴᠡᠪᠡᠷ ᠶᠠᠳᠠᠭᠤ ᠪᠢ ᠴᠢᠨᠢ ᠶᠠᠳᠠᠭᠤ ᠶᠢ ᠲᠡᠳᠬᠦᠬᠦ ᠪᠠᠷ ᠭᠠᠴᠠᠭ᠎ᠠ ᠳᠤ ᠭᠤᠷᠪᠠᠨ ᠵᠢᠯ ᠭᠠᠷᠤᠢ | ᠰᠠᠭᠤᠬᠤ ᠳᠠᠭᠠᠨ ᠡᠨᠡ ᠨᠣᠮ ᠢᠶᠠᠷ ᠥᠪᠡᠷ ᠤᠨ ᠢᠶᠠᠨ ᠤᠶᠤᠨ ᠤ ᠶᠠᠳᠠᠭᠤ ᠪᠠᠨ ᠲᠡᠳᠬᠦᠭᠰᠡᠨ ᠪᠢᠯᠡ᠃ ︽ᠳᠡᠯᠡᠬᠡᠢ ᠶᠢᠨ | ᠤᠷᠠᠨ ᠵᠣᠬᠢᠶᠠᠯ ᠤᠨ ᠨᠡᠪᠲᠡᠷᠬᠡᠢ ᠲᠡᠦᠬᠡ ᠶᠢᠨ ᠠᠭᠰᠢᠭᠠᠮᠠᠯ︾ ᠭᠡᠵᠦ ᠪᠣᠯᠣᠨ᠎ᠠ᠃ ᠬᠥᠮᠥᠨ ᠪᠦᠭᠦᠨ ᠤ ᠦᠵᠡᠯᠲᠡ | ᠲᠠᠨᠢᠯᠲᠠ ᠠᠳᠠᠯᠢ ᠦᠭᠡᠢ ᠭᠡᠳᠡᠭ ᠪᠤᠯᠪᠠᠴᠤ᠂ ᠪᠠᠰᠠ ᠮᠦ ᠰᠢᠨ ᠤ ᠬᠡᠯᠡᠭᠰᠡᠨ ᠪᠦᠭᠦᠨ ᠢ ᠵᠥᠪ ᠭᠡᠵᠦ ᠬᠡᠨ ᠴᠤ | ᠨᠤᠲᠠᠯᠠᠵᠤ ᠴᠢᠳᠠᠬᠤ ᠦᠭᠡᠢ ᠪᠤᠯᠪᠠᠴᠤ᠂ ᠮᠦ ᠰᠢᠨ ᠴᠢᠮᠠᠳᠤ ᠴᠣ ᠰᠢᠨ᠎ᠡ ᠦᠵᠡᠯᠲᠡ ᠲᠠᠨᠢᠯᠲᠠ ᠬᠡᠯᠡᠵᠦ ᠦᠭᠳᠡᠭ | ᠪᠣᠯᠬᠤᠷ ᠲᠣᠭᠤᠷᠢᠭᠤ ᠵᠠᠮ ᠳᠤᠲᠠᠭᠤ ᠭᠦᠶᠦᠬᠦ ᠨᠢ ᠯᠠᠪᠲᠠᠢ᠃ | ᠬᠠᠮᠤᠭ ᠤᠨ ᠰᠡᠭᠦᠯ ᠳᠤ ᠬᠡᠯᠡᠬᠦ᠂ ᠬᠠᠮᠤᠭ ᠴᠢᠬᠤᠯᠠ ᠦᠭᠡ ᠨᠢ ᠲᠠ ᠬᠡᠷᠪᠡ ᠨᠠᠳᠠ ᠰᠢᠭ᠋ ᠬᠥᠮᠥᠨ ᠤ ᠬᠡᠯᠡᠭᠰᠡᠨ ᠢ | ᠭᠡᠳᠦ ᠢᠲᠡᠭᠡᠵᠦ ᠪᠠᠷᠢᠮᠲᠠᠯᠠᠪᠠᠯ ᠮᠥᠨ ᠨᠢᠭᠡ ᠬᠡᠨᠡᠭᠡ ᠪᠣᠯᠣᠨ᠎ᠠ ᠳ᠋ᠠ᠃ ᠮᠠᠨ ᠤ ᠭᠡᠷ ᠤᠨ ᠬᠥᠮᠥᠰ ᠭᠦᠷᠳᠡᠯ᠎ᠡ ᠪᠦᠷ ᠮᠢᠨᠤ | ᠦᠭᠡ ᠶᠢ ᠢᠲᠡᠭᠡᠳᠡᠭ ᠦᠭᠡᠢ ᠶᠤᠮ᠃ ᠭᠤᠴᠢᠨ ᠵᠢᠯ ᠤᠨ ᠡᠮᠦᠨ᠎ᠡ ᠪᠥᠭᠡᠯᠵᠢᠵᠦ ᠪᠠᠶᠢᠬᠤ ᠳᠠᠭᠠᠨ ᠠᠷᠢᠬᠢ ᠵᠣᠭᠰᠣᠨ᠎ᠠ | ᠭᠡᠬᠦ ᠳᠤ ᠡᠵᠢ ᠮᠢᠨᠢ ᠤᠷᠲᠦ ᠰᠡᠭᠦᠷᠡᠰᠦᠯᠡᠭᠡᠳ ᠳᠤᠤᠭᠠᠷᠤᠭᠰᠠᠨ ᠦᠭᠡᠢ᠃ ᠬᠤᠷᠢᠨ ᠵᠢᠯ ᠤᠨ ᠡᠮᠦᠨ᠎ᠡ ᠢᠩᠭᠢᠵᠦ | ᠬᠡᠯᠡᠬᠦ ᠳᠤ ᠡᠬᠡᠨᠡᠷ ᠮᠢᠨᠢ ᠨᠢᠭᠡ ᠭᠥᠯᠢᠢᠭᠡᠳ ᠬᠠᠷᠢᠭᠤ ᠳᠤᠤᠭᠠᠷᠤᠭᠰᠠᠨ ᠦᠭᠡᠢ᠂ ᠠᠷᠪᠠᠨ ᠵᠢᠯ ᠤᠨ ᠡᠮᠦᠨ᠎ᠡ ᠮᠥᠨ | ᠢᠩᠭᠢᠵᠦ ᠬᠡᠯᠡᠬᠦ ᠳᠤ ᠦᠷ᠎ᠡ ᠶᠢᠨ ᠭᠠᠭᠴᠠ ᠥᠬᠢᠨ ᠮᠢᠨᠢ ᠵᠤᠤᠮᠠᠯᠵᠠᠭᠠᠳ ᠳᠤᠤᠭᠠᠷᠤᠭᠰᠠᠨ ᠦᠭᠡᠢ᠂ ᠥᠴᠥᠭᠡᠳᠦᠷ | ᠡᠮᠡᠭᠲᠡᠢ ᠳᠠᠷᠤᠭ᠎ᠠ ᠳᠠᠭᠠᠨ ᠪᠠᠰᠠ ᠢᠩᠭᠢᠵᠦ ᠬᠡᠯᠡᠬᠦ ᠳᠤ᠂ ᠴᠢ ᠦᠳᠡ ᠳᠤ ᠰᠢᠷ᠎ᠠ ᠲᠠᠶᠢᠯᠬᠤ ᠪᠠᠷ ᠭᠠᠷᠬᠤ ᠰᠠᠨᠠᠭ᠎ᠠ ᠲᠠᠢ | ᠪᠠᠶᠢᠪᠠᠯ ᠦᠳᠡ ᠶᠢᠨ ᠬᠤᠶᠢᠨ᠎ᠠ ᠪᠢᠲᠡᠭᠡᠢ ᠪᠠᠶᠢᠭᠤᠯᠭ᠎ᠠ ᠳᠤ ᠢᠷ᠎ᠡ ᠳ᠋ᠠ ᠭᠡᠪᠡ᠃ | ᠵᠠ᠂ ᠮᠢᠨᠤ ᠦᠭᠡ ᠶᠢ ᠢᠲᠡᠭᠡᠳᠡᠭ ᠶᠤᠮ ᠪᠣᠯ ᠲᠠ ᠴᠣᠬᠤᠮ ᠰᠠᠶᠢᠨ ᠬᠥᠮᠥᠨ᠃ ᠤᠴᠢᠷ ᠨᠢ᠂ ᠮᠡᠳᠡᠳᠡᠭ ᠬᠥᠮᠥᠨ | ᠡᠰᠡᠷᠭᠦ ᠠᠴᠠ ᠴᠢᠨᠢ ᠠᠢ ᠳ᠋ᠠ︕ ᠰᠣᠭᠲᠣᠭᠤ ᠬᠥᠮᠥᠨ ᠤ ᠦᠭᠡ ᠶᠢ ᠪᠠᠰᠠ ᠢᠲᠡᠭᠡᠭᠡᠳ ᠪᠠᠶᠢᠳᠠᠭ ᠨᠢ ᠴᠣᠬᠤᠮ ᠠᠮᠠᠷ | ᠦᠭᠡᠢ ᠠ᠋︕ ᠭᠡᠵᠦ ᠬᠡᠯᠡᠬᠦ ᠪᠣᠯᠣᠨ᠎ᠠ᠃ | |