ᠰᠢᠪᠠᠭᠤᠳ ᠵᠢᠷᠭᠢᠬᠦ ᠪᠠᠷ ᠪᠣᠰᠴᠤ᠂ ᠠᠷᠤ ᠰᠢᠯᠢ ᠶᠢᠨ ᠤᠢ ᠶᠢᠨ ᠵᠥᠷᠢᠭ ᠢᠶᠠᠷ ᠰᠠᠨᠠᠭᠠᠨ ᠤ ᠠᠶ᠎ᠠ ᠪᠠᠷ | ᠠᠯᠬᠤᠬᠤ ᠳᠤ ᠦᠷ ᠤᠨ ᠰᠡᠪᠡᠯᠵᠡᠭᠰᠡᠨ ᠵᠢᠪᠠᠷ ᠰᠡᠪᠡᠯᠭᠡ ᠶᠢ ᠮᠢᠨᠢ ᠢᠯᠢᠵᠦ ᠠᠷᠢᠭᠤᠨ ᠲᠤᠩᠭᠠᠯᠠᠭ ᠠᠭᠠᠷ᠂ | ᠠᠮᠢᠰᠬᠤᠯ ᠢᠶᠠᠷ ᠳᠣᠲᠣᠭᠰᠢᠯᠠᠭᠠᠳ ᠰᠡᠳᠬᠢᠯ ᠳᠤ ᠲᠠᠭᠠᠲᠠᠢ ᠪᠥᠭᠡᠳ ᠵᠢᠷᠭᠠᠯᠲᠠᠢ᠃ ᠡᠨᠡ ᠦᠶ᠎ᠡ ᠳᠤ ᠪᠢ ᠥᠪᠡᠷ ᠤᠨ | ᠡᠷᠬᠡ ᠦᠭᠡᠢ ︽ᠬᠤᠷᠸ᠎ᠠ ᠶᠢᠨ ᠪᠠᠭ᠋ᠠᠷᠬᠠᠯ᠂ ᠬᠠᠶᠢᠷ᠎ᠠ ᠶᠢᠨ ᠪᠦᠷᠢᠯᠸ᠎ᠠ ᠤᠢ ᠮᠣᠳᠣ ᠶᠤᠮ ᠳ᠋ᠠ︕︾ ᠭᠡᠵᠦ ᠪᠤᠳᠤᠬᠤ ᠳᠤ | ᠰᠡᠷᠪᠡᠯᠵᠡᠨ ᠭᠠᠩᠬᠤᠬᠤ ᠨᠠᠪᠴᠢᠰ᠂ ᠰᠠᠵᠢᠯᠠᠨ ᠳᠣᠬᠢᠯᠵᠠᠬᠤ ᠰᠠᠯᠠᠭ᠎ᠠ ᠨᠠᠮᠠᠭ᠎ᠠ ᠨᠢ ᠬᠠᠷᠠᠭᠠᠨ ᠳᠤ ᠢᠷᠠᠭᠤ ᠨᠠᠶᠢᠷᠠᠭ ᠤᠨ | ᠣᠩᠭᠤᠳ ᠰᠢᠭ᠋ ᠤᠳᠬ᠎ᠠ ᠭᠦᠨᠵᠡᠭᠡᠢ ᠰᠠᠨᠠᠭᠳᠠᠨ᠎ᠠ᠃ | ᠤᠷᠭᠤᠬᠤ ᠶᠢᠨ ᠬᠦᠰᠡᠯ᠂ ᠣᠷᠣᠰᠢᠬᠤᠢ ᠶᠢᠨ ᠤᠬᠠᠭᠠᠨ ᠤᠢ ᠮᠣᠳᠣ ᠮᠢᠨᠢ ᠠ᠋᠃ ᠳᠡᠯᠡᠬᠡᠢ ᠪᠠᠨ ᠭᠡᠰᠡᠨ ᠴᠢᠨᠦ | ᠠᠷᠢᠭᠤᠨ ᠴᠠᠭᠠᠨ ᠪᠤᠳᠤᠯ ᠳᠤ ᠬᠥᠮᠥᠨ ᠠᠮᠢᠳᠠᠨ᠂ ᠠᠷᠢᠶᠠᠲᠠᠨ ᠵᠢᠭᠦᠷᠲᠡᠨ᠂ ᠥᠴᠥᠬᠡᠨ ᠰᠢᠪᠠᠵᠢ ᠭᠦᠷᠳᠡᠯ᠎ᠡ ᠨᠢᠳᠦᠨ ᠤ | ᠴᠢᠨᠢ ᠴᠡᠴᠡᠭᠡᠢ᠂ ᠵᠢᠷᠦᠬᠡᠨ ᠤ ᠴᠢᠨᠢ ᠰᠤᠳᠠᠰᠤ ᠭᠡᠮᠡᠷ ᠬᠠᠶᠢᠷᠠᠯᠠᠯᠲᠠᠢ ᠪᠠᠶᠢᠳᠠᠭ ᠴᠦ ᠶᠤᠮ ᠤᠤ︖ | ᠤᠷᠢᠨ ᠬᠠᠪᠤᠷ ᠢ ᠤᠭᠲᠤᠨ ᠳᠡᠯᠭᠡᠷᠡᠬᠦ ᠨᠠᠪᠴᠢ ᠪᠣᠯᠭᠠᠨ ᠠᠴᠠ ᠴᠢᠨᠢ ᠨᠠᠷᠠᠨ ᠤ ᠭᠡᠷᠡᠯ ᠰᠠᠴᠤᠷᠠᠨ᠎ᠠ᠃ ᠲᠡᠷᠡ | ᠬᠦ ᠰᠦᠨ ᠴᠠᠭᠠᠨ ᠭᠡᠷᠡᠯ ᠰᠡᠳᠬᠢᠯ ᠳᠤ ᠴᠢᠨᠢ ᠰᠢᠩᠭᠡᠭᠰᠡᠨ ᠠᠴᠠ ᠪᠢᠯᠢᠦ︖ᠡᠰᠡᠬᠦᠯ᠎ᠡ ᠴᠢᠨᠦ ᠰᠡᠳᠬᠢᠯ ᠨᠠᠷᠠᠨ ᠤ | ᠭᠡᠷᠡᠯ ᠰᠢᠭ ᠲᠤᠩᠭᠠᠯᠠᠭ ᠭᠡᠭᠡᠨ ᠪᠠᠶᠢᠳᠠᠭ ᠠᠴᠠ ᠪᠣᠯᠪᠠ ᠤᠤ︖ᠥᠩᠭᠡ ᠪᠦᠷᠢ ᠶᠢᠨ ᠰᠢᠪᠠᠭᠤᠳ ᠡᠭᠡᠨᠡᠭᠰᠢᠨ | ᠬᠤᠷᠭᠤᠳᠠᠵᠤ ᠰᠠᠯᠠᠭᠠᠨ ᠳᠤ ᠴᠢᠨᠢ ᠡᠭᠦᠷᠯᠡᠭᠡᠳ ᠥᠪᠡᠷ ᠥᠪᠡᠷ ᠤᠨ ᠲᠠᠭᠤ ᠬᠤᠭᠤᠯᠠᠢ ᠪᠠᠷ ᠢᠶᠠᠨ ᠵᠢᠷᠭᠢᠬᠦ ᠳᠤ | ᠠᠯᠢᠶ᠎ᠠ ᠰᠠᠷᠮᠠᠭᠴᠢᠨ ᠤ ᠰᠣᠨᠢᠭᠤᠴᠢ ᠵᠠᠩ ᠨᠢ ᠬᠥᠳᠡᠯᠵᠦ᠂ ᠰᠠᠯᠠᠭᠠᠨ ᠳᠡᠭᠡᠷ᠎ᠡ ᠴᠢᠨᠢ ᠳᠡᠭᠦᠵᠢᠯᠡᠴᠢᠬᠡᠭᠡᠳ ᠤᠷᠠᠨ | ᠠᠪᠢᠶᠠᠰ ᠢᠶᠠᠨ ᠭᠠᠶᠢᠬᠠᠭᠤᠯᠤᠨ᠎ᠠ᠃ ᠬᠡᠭᠡᠷ᠎ᠡ ᠶᠢᠨ ᠭᠠᠭ᠋ᠠᠢ ᠰᠦᠷᠦᠭᠯᠡᠨ ᠭᠥᠷᠥᠭᠡᠰᠦ ᠶᠢᠨ ᠰᠦᠷᠦᠭ ᠬᠤᠶᠢᠯᠠᠷᠠᠨᠠ᠃ | ᠪᠤᠭᠤ ᠶᠢᠨ ᠤᠷᠤᠮᠳᠠᠯ ᠳᠤ ᠴᠢᠨ᠋ᠸ᠎ᠠ ᠰᠣᠴᠢᠭᠰᠠᠨ ᠰᠢᠭ᠋ ᠪᠣᠯᠵᠤ ᠬᠡᠪᠲᠡᠷᠢ ᠠᠴᠠ ᠪᠠᠨ ᠪᠣᠰᠣᠭᠠᠳ ᠲᠦᠷᠪᠡᠨ ᠵᠦᠭ ᠢ | ᠰᠡᠷᠡᠮᠵᠢᠲᠡᠶᠢᠬᠡᠨ ᠠᠵᠢᠨ᠎ᠠ᠃ ᠬᠡᠷᠡᠮᠦ ᠲᠡᠷᠡ ᠪᠦᠭᠦᠨ ᠢ ᠠᠵᠢᠶᠠᠷᠠᠬᠤ ᠦᠭᠡᠢ᠃ ᠨᠠᠭᠠᠰᠢ ᠴᠠᠭᠠᠰᠢ ᠰᠦᠯᠵᠢᠯᠳᠦᠭᠡᠳ | ᠬᠥᠭᠡᠷᠦᠬᠦᠨ ᠭᠡᠳᠡᠭ ᠨᠢ ᠠᠷᠭ᠎ᠠ ᠦᠭᠡᠢ ᠁ ᠰᠠᠨᠠᠬᠤ ᠳᠤ ᠤᠢ ᠮᠣᠳᠣ ᠮᠢᠨᠢ᠂ ᠵᠢᠭᠦᠷᠲᠡᠨ ᠠᠷᠢᠶᠠᠲᠠᠨ ᠤ | ᠴᠡᠩᠭᠡᠯ ᠤᠨ ᠣᠷᠣᠨ ᠪᠠᠶᠢᠵᠤ ᠲᠠᠭᠠᠷᠠᠨ᠎ᠠ᠃ ᠤᠷᠭᠤᠬᠤ ᠲᠤᠳᠤᠮ ᠢᠶᠠᠨ ᠨᠣᠭᠤᠭᠠᠷᠠᠬᠤ ᠮᠥᠴᠢᠷ ᠴᠢᠨᠢ | ᠳᠣᠭᠳᠣᠯᠬᠤ ᠶᠢᠨ ᠡᠷᠬᠡᠨ ᠳᠤ ᠬᠡᠭᠡᠷ᠎ᠡ ᠶᠢᠨ ᠰᠠᠯᠬᠢᠨ ᠳᠤ ᠶᠠᠭᠤ ᠨᠢᠭᠡ ᠶᠢ ᠰᠢᠪᠡᠨᠡᠭᠰᠡᠨ ᠨᠢᠭᠤᠴᠠᠬᠠᠨ ᠦᠭᠡ | ᠲᠡᠷᠭᠡᠳᠡᠭᠦᠷ ᠴᠢᠨᠢ ᠤᠷᠤᠰᠬᠤ ᠴᠡᠩᠬᠡᠷ ᠭᠤᠷᠤᠬ᠎ᠠ ᠶᠢᠨ ᠰᠢᠷᠤᠩᠬᠠᠢ ᠲᠠᠢ ᠭᠦᠭ ᠨᠡᠶᠢᠯᠡᠭᠡᠳ ᠡᠷᠲᠡᠨ ᠤ ᠨᠢᠭᠡᠨ | ᠰᠣᠳᠣᠨ ᠠᠶᠠᠯᠭᠤ ᠮᠡᠲᠦ ᠤᠶᠠᠩᠭᠠᠷᠠᠨ᠎ᠠ᠃ | ︽ᠪᠢᠳᠡ ᠪᠣᠯ ᠤᠢ ᠶᠢᠨ ᠢᠷᠭᠡᠳ ᠶᠤᠮ︾ ᠭᠡᠰᠡᠨ ᠡᠪᠦᠭᠡ ᠶᠢᠨ ᠠᠮᠢᠳᠤ ᠰᠡᠷᠡᠭᠦᠨ ᠪᠠᠶᠢᠬᠤ ᠳᠠᠭᠠᠨ ᠦᠷᠭᠦᠯᠵᠢ | ᠶᠠᠷᠢᠳᠠᠭ ᠦᠭᠡ ᠶᠢ ᠤᠳᠤ ᠠᠬᠢᠨ ᠲᠠᠭᠢᠨ ᠲᠤᠩᠭᠠᠬᠤ ᠳᠤ ᠬᠢᠩᠭᠠᠨ ᠳᠠᠪᠠᠭᠠᠨ ᠤ ᠶᠡᠭᠡ ᠤᠢ ᠠᠴᠠ ᠬᠥᠯᠥᠨ | ᠪᠤᠶᠢᠷ ᠤᠨ ᠲᠠᠯ᠎ᠠ ᠨᠤᠲᠤᠭ ᠲᠤ ᠠᠵᠤ ᠲᠦᠷᠦᠵᠦ ᠠᠮᠢᠳᠤᠷᠠᠵᠤ ᠶᠠᠪᠤᠭ᠎ᠠ ᠡᠸᠡᠩᠬᠢ ᠶᠠᠰᠤᠳᠠᠨ ᠤ ᠭᠠᠷᠤᠯ ᠲᠡᠦᠬᠡ ᠤᠢ | ᠤᠬᠠᠭᠠᠨ ᠳᠤ ᠡᠷᠭᠢᠯᠳᠦᠵᠦ ︽ᠡᠪᠦᠭᠡ ᠳᠡᠭᠡᠳᠦᠰ ᠮᠢᠨᠢ ᠠᠯᠢ ᠡᠷᠲᠡ ᠤᠢ ᠳᠤ ᠠᠮᠢᠳᠤᠷᠠᠵᠤ ᠪᠠᠶᠢᠭᠰᠠᠨ ᠪᠢᠵᠡ︾ | ᠭᠡᠰᠡᠨ ᠪᠤᠳᠤᠯ ᠰᠡᠳᠬᠢᠯ ᠤᠨ ᠬᠥᠷᠥᠰᠥᠨ ᠠᠴᠠ ᠤᠷᠭᠤᠨ᠎ᠠ᠃ | ᠤᠢ - ᠨᠠᠶᠢᠷᠠᠯ ᠬᠥᠭᠵᠢᠮ ᠤᠨ ᠡᠬᠢ᠂ ᠠᠮᠢᠳᠠᠨ ᠭᠤᠣᠯᠲᠠᠨ ᠤ ᠥᠯᠥᠭᠡᠢ᠂ ᠬᠤᠷ᠎ᠠ ᠪᠣᠷᠣᠭᠠᠨ ᠤ ᠬᠤᠷᠤᠢ᠂ | ᠬᠥᠭᠵᠢᠯ ᠤᠨ ᠪᠣᠰᠤᠭ᠎ᠠ ᠬᠡᠶᠢᠮᠣᠷᠢ ᠠ᠋︕ | ︽ᠵᠤᠨ︾ ᠬᠡᠮᠡᠬᠦ ᠵᠢᠷᠤᠭ ᠤᠨ ᠢᠷᠠᠭᠤ ᠪᠣᠯ ᠮᠥᠨ ᠴᠦ ᠤᠢ ᠮᠣᠳᠣ ᠶᠤᠮᠰᠠᠨ᠃ ᠥᠭᠡᠳᠡ ᠪᠠᠨ ᠲᠡᠮᠡᠦᠯᠵᠦ | ᠤᠷᠭᠤᠬᠤ ᠪᠠᠷ ᠢᠶᠠᠨ ᠴᠢᠮ᠎ᠠ ᠳᠤ ᠴᠡᠩᠬᠡᠷ ᠲᠡᠭᠷᠢ ᠶᠢᠨ ᠪᠤᠳᠤᠭ ᠰᠢᠩᠭᠡᠴᠢᠬᠡᠭᠰᠡᠨ ᠪᠤᠯᠤᠯᠳᠠᠢ ᠨᠠᠪᠴᠢ ᠴᠢᠨᠢ ᠴᠡᠯ | ᠨᠣᠭᠤᠭᠠᠨ᠂ ᠨᠠᠮᠠᠭ᠎ᠠ ᠴᠢᠨᠢ ᠴᠦ ᠴᠡᠯ ᠨᠣᠭᠤᠭᠠᠨ᠃ ᠴᠠᠪ ᠴᠠᠭᠠᠨ ᠪᠡᠶ᠎ᠡ ᠮᠠᠬᠠᠪᠤᠳ ᠢᠶᠠᠨ ᠴᠢᠮᠡᠭᠰᠡᠨ ᠭᠠᠳᠠᠷ | ᠬᠤᠪᠴᠠᠰᠤ ︵ᠬᠠᠯᠢᠰᠤ︶ ᠴᠢᠨᠢ ᠴᠠᠯ ᠨᠣᠭᠤᠭᠠᠨ᠂ ᠬᠥᠷᠥᠰᠥᠨ ᠳᠤ ᠭᠦᠨ ᠬᠠᠳᠬᠤᠭᠰᠠᠨ ᠦᠨᠳᠦᠰᠦ ᠪᠦᠭᠦᠨ ᠴᠢᠨᠢ | ᠴᠦ ᠴᠡᠯ ᠨᠣᠭᠤᠭᠠᠨ᠃ ᠴᠢᠨᠦ ᠨᠣᠭᠤᠭᠠᠨ ᠠᠮᠢᠰᠬᠤᠯ ᠢᠶᠠᠷ ᠡᠭᠦᠯᠡ ᠬᠤᠷᠠᠵᠤ ᠪᠣᠷᠣᠭᠠᠨ ᠨᠠᠭᠠᠰᠢᠯᠠᠳᠠᠭ᠃ ᠭᠡᠬᠦ ᠳᠡᠭᠡᠨ | ᠤᠢ ᠲᠠᠢ ᠭᠠᠵᠠᠷ ᠪᠣᠷᠣᠭᠠᠨ ᠡᠯᠪᠡᠭ ᠭᠡᠰᠡᠨ ᠵᠦᠩ ᠰᠤᠪᠢᠩ ᠲᠠᠢ ᠮᠡᠷᠭᠡᠨ ᠦᠭᠡ ᠪᠤᠢ ᠪᠣᠯᠤᠭᠰᠠᠨ ᠪᠠᠶᠢᠬ᠎ᠠ᠃ | ᠨᠠᠮ᠎ᠠ ᠶᠢ ᠪᠠᠭ᠎ᠠ ᠪᠠᠶᠢᠬᠤ ᠳᠤ ᠡᠪᠦᠭᠡ ᠡᠭᠦᠳᠡᠨ ᠡᠮᠦᠨᠡᠬᠢ ᠮᠣᠳᠣᠨ ᠤ ᠰᠡᠭᠦᠳᠡᠷ ᠲᠠᠬᠢ ᠬᠥᠬᠡ ᠴᠢᠯᠠᠭᠤᠨ | ᠳᠡᠭᠡᠷ᠎ᠡ ᠰᠠᠭᠤᠴᠢᠬᠠᠭᠠᠳ ᠦᠳᠡᠰᠢ ᠪᠣᠯᠭᠠᠨ ᠦᠯᠢᠭᠡᠷ ᠶᠠᠷᠢᠵᠤ ᠦᠭᠳᠡᠭ ᠪᠠᠶᠢᠯ᠎ᠠ᠃ | ᠬᠥᠷᠰᠢ ᠶᠢᠨ ᠬᠡᠳᠦᠨ ᠦᠶ᠎ᠡ ᠬᠤᠷᠠᠭ ᠲᠠᠢ ᠪᠠᠨ ᠪᠢ ᠡᠪᠦᠭᠡ ᠶᠢᠨ ᠡᠷᠡᠦ ᠥᠭᠡᠳᠡ ᠨᠢᠳᠦ ᠴᠠᠪᠴᠢᠯ ᠦᠭᠡᠢ | ᠬᠠᠷᠠᠵᠤ ᠦᠯᠢᠭᠡᠷ ᠰᠣᠨᠣᠰᠴᠤ ᠰᠠᠭᠤᠬᠤ ᠳᠤ ᠰᠠᠭᠰᠠᠭᠠᠷ ᠮᠣᠳᠣᠨ ᠤ ᠨᠠᠪᠴᠢ ᠴᠦ ᠦᠯᠢᠭᠡᠷ ᠲᠤ ᠤᠷᠮᠠᠰᠢᠭᠰᠠᠨ | ᠪᠤᠯᠤᠯᠳᠠᠢ ᠨᠠᠮ ᠳᠤᠭᠤᠢ ᠪᠤᠯᠬᠤ ᠪᠠᠷ ᠨᠢ ᠲᠤᠩ ᠭᠠᠶᠢᠬᠠᠵᠤ ︽ᠮᠣᠳᠣᠨ ᠤ ᠨᠠᠪᠴᠢ ᠪᠠᠰᠠ ᠦᠯᠢᠭᠡᠷ ᠲᠤ ᠳᠤᠷᠠᠲᠠᠢ | ᠶᠤᠮ ᠪᠠᠶᠢᠨ᠎ᠠ︾ ᠭᠡᠬᠦ ᠳᠤ ᠡᠪᠦᠭᠡ ᠮᠢᠨᠢ ᠬᠥᠬᠦᠷᠡᠨ ᠢᠨᠢᠶᠡᠴᠢᠬᠡᠭᠡᠳ ︽ᠮᠣᠳᠣᠨ ᠳᠤ ᠬᠥᠮᠥᠨ ᠤ ᠮᠡᠳᠡᠷᠡᠮᠵᠢ ᠲᠠᠢ ᠶᠤᠮ | ᠴᠢᠨᠢ ᠁︾ ᠭᠡᠪᠡ᠃ ᠲᠡᠷᠡ ᠦᠶ᠎ᠡ ᠳᠤ ᠪᠢ ᠬᠡᠦᠬᠡᠳ ᠪᠠᠶᠢᠭᠰᠠᠨ ᠪᠣᠯᠬᠤᠷ ᠡᠪᠦᠭᠡ ᠶᠢᠨ ᠦᠭᠡ ᠶᠢ ᠰᠣᠨᠣᠰᠤᠭᠠᠳ | ᠯᠡ ᠥᠩᠭᠡᠷᠡᠪᠡ᠃ ᠤᠳᠤ ᠪᠤᠳᠤᠬᠤ ᠳᠤ ᠮᠠᠰᠢ ᠤᠳᠬ᠎ᠠ ᠤᠴᠢᠷ ᠲᠠᠢ ᠪᠠᠶᠢᠵᠠᠢ᠃ | ᠲᠠᠪᠤᠨ ᠵᠢᠯ ᠤᠨ ᠡᠮᠦᠨ᠎ᠡ᠂ ᠪᠠᠷᠠᠭᠤᠨ ᠭᠡᠷ ᠤᠨ ᠲᠠᠷᠮ᠎ᠠ ᠡᠪᠦᠭᠡ ᠨᠠᠰᠤ ᠪᠠᠷᠠᠭᠰᠠᠨ ᠳᠤ ᠠᠷᠠᠴᠢᠯᠠᠵᠤ | ᠤᠷᠭᠤᠭᠤᠯᠤᠬᠰᠠᠨ ᠵᠢᠮᠢᠰ ᠤᠨ ᠮᠣᠳᠣ ᠨᠢ ᠴᠦ ᠪᠦᠷ ᠲᠠᠭᠠᠵᠦ ᠦᠬᠦᠭᠰᠡᠨ ᠢ ᠨᠢᠳᠦ ᠪᠠᠷ ᠢᠶᠠᠨ ᠬᠠᠷᠠᠭᠠᠳ ᠪᠢ ᠮᠠᠯ | ᠭᠠᠶᠢᠬᠠᠭᠰᠠᠨ᠃ | ︽ᠵᠢᠷᠤᠮ ᠦᠭᠡᠢ ᠬᠡᠦᠬᠡᠳ ᠠᠴᠠ ᠵᠢᠮᠢᠰ ᠤᠨ ᠮᠣᠳᠣ ᠳᠡᠭᠡᠷ᠎ᠡ ᠁︾ ᠭᠡᠵᠦ ᠠᠶᠢᠯ ᠤᠨ ᠪᠤᠭᠤᠷᠤᠯᠴᠤᠳ | ᠬᠤᠭᠤᠷᠣᠨᠳᠤ ᠪᠠᠨ ᠶᠠᠷᠢᠯᠴᠠᠬᠤ ᠶᠢ ᠰᠤᠨᠤᠰᠬᠤ ᠶᠢᠨ ᠳᠠᠭᠠᠤ ︽ᠮᠠᠭᠤ ᠬᠥᠮᠥᠨ ᠳᠤ ᠮᠣᠳᠣ ᠬᠡᠷᠡᠭ ᠲᠠᠢ︾ ᠭᠡᠰᠡᠨ | ᠦᠭᠡ ᠶᠢ ᠰᠠᠨᠠᠵᠤ᠂ ᠲᠡᠷᠡ ᠡᠳᠦᠷ ᠠᠴᠠ ᠡᠬᠢᠯᠡᠵᠦ ᠤᠢ ᠮᠣᠳᠣᠨ ᠳᠤ ᠨᠡᠩ ᠰᠣᠨᠢᠷᠬᠠᠯ ᠲᠠᠢ ᠪᠣᠯᠤᠭᠰᠠᠨ ᠢᠶᠠᠷ ᠪᠠᠷᠠᠬᠤ | ᠦᠭᠡᠢ ᠬᠠᠶᠢᠷᠠᠯᠠᠵᠤ ᠬᠠᠮᠠᠭᠠᠯᠠᠬᠤ ᠰᠡᠳᠬᠢᠯᠭᠡ ᠨᠡᠮᠡᠭᠳᠡᠵᠡᠢ᠃ | ᠮᠣᠳᠣᠨ ᠳᠤ ᠬᠥᠮᠥᠨ ᠠᠴᠠ ᠳᠠᠪᠠᠭᠰᠠᠨ ᠤᠬᠠᠮᠰᠠᠷ ᠲᠠᠢ ᠶᠢ ᠪᠢ ᠬᠤᠵᠢᠮ ᠨᠢ ᠤᠬᠠᠭᠠᠷᠠᠯ᠎ᠠ᠃ ᠬᠥᠮᠥᠨ | ᠲᠥᠷᠥᠯᠬᠢᠲᠡᠨ ᠳᠤ ᠠᠯᠢᠪᠠ ᠪᠠᠨ ᠬᠠᠷᠠᠮ ᠦᠭᠡᠢ ᠡᠷᠭᠦᠬᠦ ᠳᠡᠭᠡᠨ ᠤᠢ ᠮᠣᠳᠣ ᠮᠢᠨᠢ ᠬᠠᠷᠢᠭᠤ ᠶᠠᠭᠤ ᠴᠦ ᠰᠠᠨᠠᠵᠤ | ᠰᠠᠷᠪᠠᠶᠢᠳᠠᠭ ᠦᠭᠡᠢ᠃ ᠣᠭᠲᠣᠯᠵᠤ ᠤᠨᠠᠭᠠᠭᠰᠠᠨ ᠴᠦ ᠲᠠᠭ ᠳᠤᠭᠤᠢ ᠪᠠᠶᠢᠳᠠᠭ ᠨᠢ ᠲᠡᠭᠦᠨ ᠤ ᠬᠥᠮᠥᠨ ᠵᠤᠨ ᠳᠤ | ᠳᠤᠷ᠎ᠠ ᠲᠠᠢ ᠦᠢᠯᠡᠴᠢᠯᠡᠬᠦ ᠭᠡᠰᠡᠨ ᠲᠥᠷᠥᠯᠬᠢ ᠵᠠᠩ ᠴᠢᠨᠠᠷ᠂ ᠠᠮᠠᠨ ᠲᠠᠩᠭᠠᠷᠢᠭ ᠨᠢ ᠪᠠᠶᠢᠬ᠎ᠠ᠃ ᠬᠥᠮᠥᠨ ᠲᠥᠷᠥᠯᠬᠢᠲᠡᠨ | ᠮᠣᠳᠣᠨ ᠠᠴᠠ ᠬᠡᠵᠢᠶᠡᠳᠡ ᠰᠠᠯᠵᠤ ᠴᠢᠳᠠᠳᠠᠭ ᠦᠭᠡᠢ ᠨᠢ ᠦᠨᠡᠨ ᠠ᠋︕ᠭᠡᠷ ᠪᠠᠷᠢᠯᠭ᠎ᠠ᠂ ᠲᠡᠷᠭᠡ ᠬᠥᠰᠬᠡ᠂ ᠡᠭᠦᠳᠡ | ᠴᠣᠩᠬᠤ᠂ ᠠᠪᠳᠠᠷ᠎ᠠ ᠬᠤᠷᠭᠤ᠂ ᠣᠷᠴᠢᠯᠠᠩ ᠳᠤ ᠵᠠᠶᠠᠭᠠᠬᠤ ᠪᠠᠷ ᠬᠡᠪᠲᠡᠳᠡᠭ ᠥᠯᠥᠭᠡᠢ᠂ ᠠᠶᠠᠷᠯᠠᠬᠤ ᠳᠠᠭᠠᠨ | ᠨᠣᠶᠢᠷᠰᠤᠳᠠᠭ ᠠᠪᠰᠠ ᠳᠤ ᠭᠦᠷᠳᠡᠯ᠎ᠡ ᠮᠣᠳᠣ ᠬᠡᠷᠡᠭᠰᠡᠨ᠎ᠡ᠃ | ᠮᠣᠳᠣᠨ ᠤ ᠲᠦᠷᠦᠯ ᠤᠭᠰᠠᠭ᠎ᠠ ᠲᠤᠩ ᠤᠯᠠᠨ ᠴᠦ ᠤᠩᠭᠤᠨ ᠪᠠᠶᠢᠭᠠᠯᠢ ᠪᠠᠨ ᠭᠤᠶᠣᠯᠠᠵᠤ᠂ ᠣᠷᠴᠢᠯᠠᠩ ᠤᠨ | ᠬᠥᠮᠥᠨ ᠠᠮᠢᠳᠠᠨ ᠳᠤ ᠠᠴᠢ ᠲᠤᠰᠠ ᠬᠦᠷᠭᠡᠳᠡᠭ ᠨᠢ ᠲᠡᠳᠡᠨ ᠤ ᠬᠠᠮᠲᠤ ᠶᠢᠨ ᠠᠷᠠᠨᠰᠢᠨ ᠶᠤᠮ᠃ | ᠭᠦᠪᠡᠭᠡ ᠬᠢᠵᠠᠭᠠᠷ ᠨᠢ ᠬᠠᠷᠠᠭᠳᠠᠬᠤ ᠦᠭᠡᠢ ᠭᠦᠨ ᠴᠡᠩᠬᠡᠷ ᠣᠭᠲᠠᠷᠭᠤᠢ ᠶᠢ ᠰᠢᠷᠳᠡᠭᠦ ᠳᠡᠭᠡᠨ ᠤᠢ ᠮᠣᠳᠣᠨ ᠤ | ᠰᠡᠳᠬᠢᠯ ᠲᠡᠶᠢᠮᠦ ᠯᠡ ᠠᠭᠤᠳᠠᠮ ᠪᠠᠭᠲᠠᠭᠠᠮᠵᠢᠲᠠᠢ ᠪᠣᠯᠤᠭᠰᠠᠨ ᠪᠢᠯᠢᠦ︖ | ︽ᠮᠣᠳᠣᠳ ᠤᠨ ᠨᠢᠳᠦᠨ ᠳᠤ ᠳᠡᠯᠡᠬᠡᠢ ᠡᠷᠭᠢᠯᠳᠦᠬᠦ ᠪᠠᠷ ᠨᠠᠮ ᠲᠤᠩᠭᠠᠯᠠᠭ᠂ ᠡᠶ᠎ᠡ ᠨᠠᠶᠢᠷᠰᠠᠭ᠂ ᠡᠩᠬᠡ ᠲᠠᠶᠢᠪᠤᠩ | ᠪᠠᠶᠢᠳᠠᠭ ᠨᠢ ᠲᠡᠭᠦᠨ ᠤ ᠥᠭᠭᠢᠶᠡᠮᠦᠷ ᠠᠷᠢᠭᠤᠨ ᠪᠤᠳᠤᠯ ᠲᠠᠢ ᠨᠢ ᠰᠢᠭᠤᠳ ᠬᠤᠯᠪᠤᠭ᠎ᠠ ᠲᠠᠢ᠃ ᠲᠠᠳ᠋ᠨ ᠬᠥᠮᠥᠨ | ᠲᠥᠷᠥᠯᠬᠢᠲᠡᠨ ᠤ ᠬᠦᠰᠡᠵᠦ ᠮᠥᠷᠥᠭᠡᠳᠳᠡᠭ ᠡᠪ ᠬᠠᠮᠲᠤ ᠶᠢᠨ ᠨᠡᠶᠢᠭᠡᠮ ᠳᠤ ᠬᠡᠵᠢᠶᠡᠨᠡᠢ ᠲᠠᠪᠰᠢᠨ ᠣᠷᠣᠴᠢᠬᠠᠭᠠᠳ | ᠭᠡᠳᠡᠷᠭᠦ ᠪᠠᠨ ᠬᠥᠮᠥᠰ ᠢ ᠲᠡᠷᠡ ᠵᠦᠭ ᠲᠡᠭᠡᠨ ᠤᠷᠢᠶᠠᠯᠠᠨ ᠳᠠᠭᠤᠳᠠᠭ᠎ᠠ ᠴᠦ ᠶᠤᠮ ᠤᠤ︖︾ ᠭᠡᠵᠦ ᠪᠢ ᠦᠷᠭᠦᠯᠵᠢ | ᠪᠤᠳᠤᠲᠠᠬ᠃ ᠮᠣᠳᠣᠳ ᠤᠨ ᠱᠤᠤᠭᠢᠶᠠᠨ ᠢ ᠴᠢᠩᠨᠠᠵᠤ ᠵᠤᠬᠰᠤᠬᠤ ᠳᠤ ︽ᠬᠥᠮᠥᠰ ᠢ ᠰᠡᠬᠡᠭᠡᠷᠡᠭᠦᠯᠵᠦ ᠬᠤᠷᠸ᠎ᠠ ᠶᠢ | ᠭᠡᠭᠡᠷᠡᠭᠦᠯᠭᠦ ᠪᠣᠯ ᠪᠢᠳᠡ ᠪᠦᠭᠦᠨ ᠤ ᠡᠭᠦᠷᠭᠡ ᠬᠠᠷᠢᠭᠤᠴᠠᠯᠭ᠎ᠠ︾ ᠭᠡᠵᠦ ᠳᠣᠲᠣᠷ᠎ᠠ ᠵᠠᠭᠤᠷ᠎ᠠ ᠪᠠᠨ ᠵᠣᠭᠤᠭᠳᠠᠬᠤ ᠰᠢᠭ᠋ | ᠪᠤᠳᠤᠬᠳᠠᠬᠤ ᠬᠤᠷᠣᠮ ᠰᠢᠪᠠᠭᠤᠳ ᠤᠨ ᠴᠢᠯᠦᠭᠡᠲᠡᠢ ᠵᠢᠷᠭᠢᠭᠡ ᠤᠢ ᠶᠢᠨ ᠭᠦᠨ ᠠᠴᠠ ᠴᠤᠤᠷᠢᠶᠠᠲᠤᠨ᠎ᠠ᠃ ᠰᠢᠪᠠᠭᠤ | ᠤᠢ ᠶᠢᠨ ᠬᠡᠯᠡ ᠪᠠᠷ ᠵᠢᠷᠭᠢᠳᠡᠭ ᠴᠦ ᠪᠣᠯᠪᠠ ᠤᠤ︖ | ᠨᠢᠳᠤᠨᠤᠨ ᠡᠪᠦᠯ ᠪᠢ ᠨᠤᠲᠤᠭ ᠲᠠᠭᠠᠨ ᠬᠠᠷᠢᠵᠤ ᠬᠢᠩᠭᠠᠨ ᠳᠠᠪᠠᠭᠠᠨ ᠤ ᠤᠢ ᠰᠢᠭᠤᠢ ᠳᠤ ᠠᠵᠢᠯᠯᠠᠵᠤ | ᠪᠠᠶᠢᠭᠰᠠᠨ ᠬᠠᠮᠲᠤ ᠰᠤᠷᠤᠯᠭᠠᠲᠠᠨ ᠨᠠᠰᠤᠲᠤ ᠭᠤᠸᠠᠢ ᠲᠠᠢ ᠠᠭᠤᠯᠵᠠᠪᠠ᠃ ᠲᠡᠷᠡ ᠮᠣᠳᠣᠨ ᠤ ᠲᠤᠬᠠᠢ ᠮᠠᠰᠢ | ᠣᠶᠢᠯᠠᠭᠠᠨ᠎ᠠ᠃ | ︽ᠮᠣᠳᠣᠨ ᠳᠤ ᠰᠦᠨᠡᠰᠦ ᠲᠠᠢ ᠪᠠᠶᠢᠵᠤ ᠮᠡᠳᠡᠨ᠎ᠡ᠃ ᠪᠢᠳᠡ ᠬᠢᠩᠭᠠᠨ ᠳᠠᠪᠠᠭᠠᠨ ᠤ ᠨᠢᠭᠡᠨ ᠨᠠᠷᠠᠰᠤᠨ ᠮᠣᠳᠣ ᠶᠢ | ᠬᠡᠳᠦᠢ ᠬᠢᠷᠦᠭᠡᠳᠡᠭᠰᠡᠨ ᠴᠦ ᠤᠨᠠᠬᠤ ᠦᠭᠡᠢ᠃ ᠣᠪ ᠤᠯᠠᠭᠠᠨ ᠴᠢᠰᠤ ᠰᠠᠳᠠᠭᠠᠨᠠᠭᠠᠳ ᠁ ᠲᠡᠷᠡ ᠦᠶ᠎ᠡ ᠳᠤ᠂ | ᠬᠠᠰᠢᠷ ᠲᠤᠷᠰᠢᠯᠭ᠎ᠠ ᠲᠠᠢ ᠨᠢᠭᠡᠨ ᠠᠬᠠᠮᠠᠳ ᠠᠵᠢᠯᠴᠢᠨ ᠮᠠᠯᠠᠭᠠᠢ ᠪᠠᠨ ᠠᠪᠴᠤ ᠨᠢᠭᠡᠨ ᠵᠦᠭ ᠰᠢᠳᠡᠭᠰᠡᠨ ᠴᠢᠨᠢ ᠮᠣᠳᠣ | ᠲᠡᠶᠢᠰᠢ ᠪᠠᠨ ᠤᠨᠠᠪᠠ᠃ ᠭᠡᠲᠡᠯ᠎ᠡ ᠤᠨᠠᠬᠤ ᠦᠶ᠎ᠡ ᠶᠢᠨ ᠲᠠᠭᠤ ᠨᠢ ᠣᠨᠴᠠ ᠶᠢᠨ ᠤᠶᠠᠷᠠᠯᠲᠠᠢ ᠭᠡᠳᠡᠭ ᠢ ᠶᠠᠭᠠᠬᠢᠨ᠎ᠠ︾ | ᠬᠡᠮᠡᠨ ᠬᠤᠶᠢᠬ᠎ᠠ ᠶᠢᠨ ᠦᠰᠦ ᠪᠣᠰᠣᠮ᠎ᠠ ᠶᠠᠷᠢᠵᠤ ᠭᠠᠷᠪᠠ᠃ ᠪᠢ ᠲᠡᠭᠦᠨ ᠠᠴᠠ ᠨᠠᠷᠢᠨ ᠨᠢᠭᠤᠴᠠ ᠶᠢ ᠨᠢ ᠠᠰᠠᠭᠤᠯ᠎ᠠ᠃ | ︽ᠡᠨᠡ ᠦᠵᠡᠭᠳᠡᠯ ᠢ ᠰᠢᠨᠵᠢᠯᠡᠬᠦ ᠤᠬᠠᠭᠠᠨ ᠢᠶᠠᠷ ᠴᠦ ᠲᠠᠶᠢᠯᠪᠤᠷᠢᠯᠠᠵᠤ ᠴᠢᠳᠠᠭᠠᠳᠤᠢ ᠁︾ ᠭᠡᠵᠦ ᠨᠠᠰᠤᠲᠤ | ᠭᠤᠸᠠᠢ ᠲᠤᠬᠤ ᠪᠠᠨ ᠮᠠᠭᠠᠵᠢᠭᠰᠠᠨ ᠢᠶᠠᠨ ︽ᠮᠣᠳᠣ ᠶᠢ ᠪᠢ ᠣᠨᠢᠰᠤᠭ᠎ᠠ ᠰᠢᠭ᠋ ᠨᠢᠭᠡᠨ ᠣᠷᠴᠢᠯᠠᠩ ᠭᠡᠵᠦ | ᠲᠥᠰᠥᠭᠡᠯᠡᠳᠡᠭ︾ ᠭᠡᠪᠡ᠃ | ᠪᠢ ᠲᠡᠭᠦᠨ ᠤ ᠦᠭᠡ ᠶᠢ ᠤᠷᠮ᠎ᠠ ᠲᠠᠢ ᠰᠣᠨᠣᠰᠴᠤ ᠰᠠᠭᠤᠬᠤ ᠳᠠᠭᠠᠨ ᠥᠪᠡᠷ ᠤᠨ ᠡᠷᠬᠡ ᠦᠭᠡᠢ ᠰᠡᠳᠬᠢᠯ | ᠳᠣᠭᠳᠣᠯᠵᠤ ᠴᠣᠮᠣ ᠲᠠᠢ ᠴᠠᠢ ᠪᠠᠨ ᠵᠢᠭᠠᠵᠤ ︽ᠢᠯᠠᠮ᠎ᠠ ᠶᠢᠨ ᠮᠣᠳᠣ ᠪᠠᠶᠢᠭᠰᠠᠨ ᠠᠴᠠ ᠴᠢᠰᠤ ᠰᠢᠩᠭᠡᠷᠡᠭᠦᠯᠬᠦ᠂ | ᠳᠣᠲᠣᠷ᠎ᠠ ᠪᠥᠭᠡᠷ᠎ᠡ ᠶᠢᠨ ᠲᠠᠮᠢᠷ ᠨᠥᠬᠦᠪᠦᠷᠢᠯᠡᠳᠡᠭ ᠡᠨᠡ ᠴᠠᠢ ᠶᠢ ᠪᠢᠳᠡ ᠣᠯᠵᠤ ᠡᠳ᠋ᠯᠡᠳᠡᠭ ᠪᠢᠰᠢᠦ︾ ᠭᠡᠬᠦ ᠳᠤ | ᠨᠠᠰᠤᠲᠤ ᠭᠤᠸᠠᠢ ᠵᠤᠤᠮᠠᠰᠬᠢᠨ ᠢᠨᠢᠶᠡᠭᠡᠳ᠄ ︽ᠮᠣᠳᠣ ᠦᠭᠡᠢ ᠪᠣᠯ ᠳᠡᠯᠡᠬᠡᠢ ᠲᠠᠴᠢᠷᠳᠠᠨᠠ᠃ ᠠᠮᠢᠳᠤᠷᠠᠯ ᠭᠠᠴᠢᠭᠳᠠᠨ᠎ᠠ ᠁ | ︾ ᠭᠡᠰᠡᠨ ᠢᠶᠠᠨ ︽ᠨᠤᠲᠤᠭ ᠤᠨ ᠮᠢᠨᠢ ᠠᠷᠤ ᠰᠢᠯᠢ ᠶᠢ ᠪᠦᠷᠬᠦᠭᠰᠡᠨ ᠤᠢ ᠮᠣᠳᠣ ᠴᠣᠬᠤᠮ ᠬᠡᠴᠢᠨᠡᠨ ᠵᠢᠯ ᠪᠣᠯᠵᠤ | ᠪᠠᠶᠢᠭ᠎ᠠ ᠶᠢ ᠲᠣᠳᠣᠷᠬᠠᠢ ᠮᠡᠳᠡᠬᠦ ᠬᠥᠮᠥᠨ ᠠᠯᠠᠭ᠎ᠠ᠃ ᠡᠪᠦᠭᠡᠴᠦᠦᠯ ᠤᠨ ᠬᠡᠯᠡᠬᠦ ᠪᠠᠷ ︿ᠥᠪᠡᠷ ᠢᠶᠠᠨ ᠤᠷᠭᠤᠭᠰᠠᠨ ᠪᠠᠯᠠᠷ | ᠤᠢ﹀ ᠭᠡᠳᠡᠭ᠃ ᠵᠡᠭᠦᠨ ᠬᠥᠲᠥᠯ ᠤᠨ ᠡᠩᠭᠡᠷ ᠲᠤ ᠥᠨᠥᠴᠢᠨ ᠭᠠᠭᠴᠠᠭᠠᠷ ᠢᠶᠠᠨ ᠵᠣᠭᠰᠤᠭ᠎ᠠ ᠬᠠᠶᠢᠯᠠᠰᠤᠨ ᠮᠣᠳᠣ ᠶᠢ | ᠨᠠᠢᠮᠠᠨ ᠵᠠᠭᠤᠨ ᠵᠢᠯ ᠤᠨ ᠡᠮᠦᠨᠡᠬᠢ ᠠᠮᠢᠳᠤ ᠰᠤᠳᠤᠷ ᠭᠡᠪᠡ ᠤᠤ︖ ᠤᠬᠠᠮᠰᠠᠷ ᠨᠢ ᠪᠡᠶ᠎ᠡ ᠠᠴᠠ ᠪᠠᠨ ᠥᠨᠳᠥᠷ | ᠮᠣᠳᠣᠳ ᠤᠨ ᠨᠠᠰᠤᠨ ᠬᠤᠲᠤᠭ ᠨᠢ ᠴᠦ ᠥᠨᠳᠥᠷ ᠠ᠋ ᠁︾ ᠭᠡᠵᠦ ᠶᠠᠷᠢᠬᠤ ᠲᠤᠳᠤᠮ ᠲᠠᠭᠤ ᠨᠢ ᠴᠢᠩᠭᠠᠷᠠᠵᠤ | ᠪᠠᠶᠢᠪᠠ᠃ ᠲᠡᠶᠢᠮᠦ ᠠ᠋᠂ ᠮᠣᠳᠣᠳ ᠤᠨ ᠨᠠᠪᠴᠢᠰ ᠨᠠᠮᠤᠷ ᠢᠶᠠᠷ ᠦᠨᠳᠦᠰᠦ ᠤᠷᠤᠭᠤ ᠪᠠᠨ ᠨᠢᠰᠦᠨ᠎ᠡ᠃ ᠴᠢ ᠨᠠᠷᠢᠨ | ᠠᠵᠢᠭᠯᠠᠪᠠᠯ ᠥᠨᠥᠴᠢᠨ ᠭᠠᠭᠴᠠ ᠨᠠᠪᠴᠢ ᠨᠢ ᠴᠦ ᠪᠤᠷᠬᠠᠨ ᠰᠢᠭ᠋ ᠦᠵᠡᠭᠳᠡᠨ᠎ᠡ᠃ ᠮᠣᠳᠣᠳ ᠡᠪᠦᠯ ᠤᠨ ᠲᠡᠰᠭᠢᠮᠠ | ᠬᠦᠢᠲᠡᠨ ᠳᠤ ᠠᠵᠢᠭ ᠴᠦ ᠦᠭᠡᠢ ᠨᠢᠴᠦᠭᠦᠨ ᠵᠤᠬᠰᠤᠬᠤ ᠨᠢ ᠲᠤᠤᠯᠢᠰ ᠤᠨ ᠪᠠᠭᠠᠲᠤᠷ ᠢ ᠰᠠᠨᠠᠭᠳᠠᠭᠤᠯᠤᠨ᠎ᠠ ᠁ | ᠵᠡᠭᠦᠨᠰᠢ ᠮᠤᠷᠤᠶᠢᠭᠰᠠᠨ ᠤᠢ ᠶᠢᠨ ᠨᠠᠷᠢᠬᠠᠨ ᠵᠥᠷᠢᠭ ᠢᠶᠠᠷ ᠠᠯᠬᠤᠨ ᠣᠷᠣᠲᠠᠯ᠎ᠠ ᠨᠢᠭᠡᠨ ᠴᠠᠭᠠᠨ ᠲᠠᠤᠯᠠᠢ | ᠰᠣᠴᠢᠮᠠᠭ ᠪᠣᠰᠴᠤ᠂ ᠴᠠᠭᠠᠰᠢ ᠲᠠᠯᠲᠠᠷᠢᠪᠠ᠃ ᠤᠢ ᠶᠢ ᠤᠶᠢᠳᠬᠠᠷ ᠤᠨ ᠮᠠᠨᠠᠨ ᠪᠦᠷᠬᠦᠵᠦ ᠴᠢᠳᠠᠬᠤ ᠦᠭᠡᠢ᠃ ᠲᠡᠨᠳᠡ | ᠨᠠᠷᠠ ᠬᠤᠷᠭᠤᠳᠠᠵᠤ ᠰᠠᠷ᠎ᠠ ᠬᠤᠨᠣᠳᠠᠭ ᠠᠴᠠ ᠭᠡᠷᠡᠯ ᠭᠡᠭᠡ ᠳᠤᠲᠠᠬᠤ ᠦᠭᠡᠢ᠃ ᠨᠠᠷᠠᠨ ᠰᠠᠷᠠᠨ ᠤ ᠭᠡᠷᠡᠯ ᠢᠶᠠᠷ | ᠪᠡᠶ᠎ᠡ ᠪᠠᠨ ᠴᠡᠨᠡᠭᠯᠡᠭᠰᠡᠨ ᠤᠢ ᠮᠣᠳᠣᠳ ᠥᠨᠢ ᠣᠮᠤᠭ ᠰᠦᠷ ᠲᠠᠢ ᠰᠡᠬᠦᠶᠢᠨ᠎ᠡ᠃ ᠭᠡᠬᠦ ᠳᠡᠭᠡᠨ ᠠᠮᠢᠳᠠᠨ ᠵᠢᠷᠭᠤᠭᠠᠨ | ᠵᠦᠢᠯ ᠤᠢ ᠮᠣᠳᠣᠨ ᠳᠤ ᠰᠡᠳᠬᠢᠯᠭᠡ ᠲᠠᠢ ᠪᠠᠶᠢᠵᠤ᠂ ᠰᠠᠯᠤᠰᠢ ᠦᠭᠡᠢ ᠡᠭᠡᠨᠡᠭᠰᠢᠨ ᠬᠤᠷᠭᠤᠳᠠᠳᠠᠭ ᠨᠢ ᠲᠡᠷᠡ ᠠ᠋︕ | ᠤᠷᠳᠤ ᠴᠠᠭᠠᠨ ᠰᠠᠬᠠᠯ ᠨᠢ ᠡᠩᠭᠡᠷ ᠲᠤᠨᠢ ᠬᠥᠪᠦᠭᠰᠡᠨ ᠡᠪᠦᠭᠡᠨ ᠰᠢᠭ ᠪᠤᠭᠤᠷᠤᠯ ᠱᠠᠩᠰᠢ ᠶᠢᠨ ᠰᠠᠯᠠᠭ᠎ᠠ | ᠨᠠᠮᠠᠭ᠎ᠠ ᠭᠠᠵᠠᠷ ᠤᠨ ᠬᠥᠷᠥᠰᠥ ᠶᠢ ᠰᠢᠭᠦᠷᠴᠦ ᠰᠡᠬᠦᠶᠢᠨ ᠰᠦᠨᠳᠡᠷᠯᠡᠭᠡᠳ ᠶᠣᠰᠣᠲᠠᠢ ᠰᠦᠵᠢᠭ ᠤᠨ ᠰᠠᠬᠢᠭᠤᠰᠤ ᠭᠡᠮᠡᠷ᠃ | ᠡᠨᠡ ᠵᠢᠯ ᠤᠨ ᠬᠠᠪᠤᠷ ᠤᠨ ᠡᠬᠢ ᠪᠠᠷ ᠨᠤᠲᠤᠭ ᠮᠢᠨᠢ ᠭᠠᠩᠳᠠᠬᠤ ᠪᠠᠷ ᠠᠶᠢᠯ ᠤᠨ ᠡᠪᠦᠭᠡᠳ ᠭᠠᠭ᠋ᠠᠢ᠂ ᠲᠠᠭᠢᠶ᠎ᠠ | ᠨᠢᠲᠤᠯᠵᠤ ᠰᠢᠳᠦᠨ ᠳᠠᠬᠢᠭᠰᠠᠨ ᠠᠴᠠ ᠡᠳᠦᠷ ᠥᠨᠵᠢᠯ ᠦᠭᠡᠢ ᠪᠣᠷᠣᠭᠠᠨ ᠴᠢᠳᠬᠤᠯᠠᠭᠰᠠᠨ ᠭᠡᠳᠡᠭ᠃ ᠮᠣᠳᠣ | ᠲᠡᠭᠷᠢ ᠲᠠᠢ ᠦᠭᠡ ᠨᠡᠪᠲᠡᠷᠡᠳᠡᠭ ᠠᠴᠠ ᠶᠤᠮ ᠤᠤ︖ᠡᠰᠡᠬᠦᠯ᠎ᠡ ᠬᠤᠷ᠎ᠠ ᠪᠣᠷᠣᠭᠠᠨ ᠢ ᠳᠠᠭᠤᠳᠠᠨ ᠠᠪᠴᠢᠷᠠᠳᠠᠭ | ᠨᠢᠭᠤᠴᠠ ᠤᠪᠠᠳᠢᠰ ᠲᠠᠢ ᠴᠦ ᠶᠤᠮ ᠤᠤ︖ᠬᠥᠮᠥᠨ ᠪᠠᠶᠢᠭᠠᠯᠢ ᠡᠶ᠎ᠡ ᠨᠠᠶᠢᠷᠰᠠᠭ ᠢᠶᠠᠷ ᠬᠠᠮᠲᠤ ᠣᠷᠣᠰᠢᠬᠤ ᠶᠢᠨ | ᠠᠨᠢᠰᠤ ᠲᠡᠷᠡ ᠪᠣᠯᠪᠠᠤ᠃ | ︽ᠤᠢ ᠮᠣᠳᠣ ᠭᠡᠵᠦ ᠦᠨᠡᠬᠡᠷ ᠨᠢᠭᠤᠴᠠ ᠶᠢᠨ ᠳᠣᠲᠣᠷᠠᠬᠢ ᠨᠢᠭᠤᠴᠠ︾ ᠭᠡᠵᠦ ᠠᠮᠠᠨ ᠳᠠᠭᠠᠨ ᠳᠦᠳᠦᠨᠡᠬᠦ ᠶᠢᠨ | ᠵᠠᠭᠤᠷ᠎ᠠ ᠠᠷᠤ ᠰᠢᠯᠢ ᠶᠢᠨ ᠤᠢ ᠶᠢᠨ ᠵᠥᠷᠢᠭ ᠢᠶᠠᠷ ᠠᠯᠬᠤᠵᠤ ᠪᠠᠶᠢᠭ᠎ᠠ ᠪᠢᠰᠢ᠂ ᠬᠠᠷᠢᠨ ᠠᠮᠤᠷ ᠠᠮᠤᠭᠤᠯᠠᠩ ᠤᠨ | ᠣᠨᠢᠰᠤᠭ᠎ᠠ ᠰᠢᠭ᠋ ᠣᠷᠴᠢᠯᠠᠩ ᠢᠶᠠᠷ ᠠᠶᠠᠯᠠᠵᠤ ᠪᠠᠶᠢᠭ᠎ᠠ ᠭᠡᠮᠡᠷ ᠰᠠᠨᠠᠭᠳᠠᠯ᠎ᠠ᠃ |