ᠮᠢᠨᠤ ᠨᠤᠲᠤᠭ ᠤᠯᠠᠭᠠᠨᠳᠤᠬᠤᠢ ᠶᠢᠨ ᠵᠡᠭᠦᠨ ᠡᠮᠦᠨ᠎ᠡ ᠵᠠᠬ᠎ᠠ ᠳᠤ ᠰᠦᠨᠳᠡᠷᠯᠡᠵᠦ ᠪᠠᠶᠢᠳᠠᠭ ᠬᠥᠮᠥᠨ ᠳᠦᠷᠰᠦᠲᠦ | ᠬᠠᠳᠠ ᠪᠠᠨ ᠨᠤᠲᠤᠭ ᠤᠨ ᠬᠥᠮᠥᠰ ᠬᠠᠮᠵᠢᠶ᠎ᠠ ᠬᠠᠳᠠ ᠭᠡᠵᠦ ᠳᠣᠲᠣᠨᠣᠴᠢᠯᠠᠨ ᠳᠠᠭᠤᠳᠠᠳᠠᠭ᠃ ᠬᠠᠮᠵᠢᠶ᠎ᠠ ᠬᠠᠳᠠ ᠮᠢᠨᠢ | ᠮᠠᠨᠳᠤᠬᠤ ᠨᠠᠷᠠᠨ ᠤ ᠪᠤᠮᠠᠨ ᠰᠠᠴᠤᠷᠠᠭ ᠲᠤ ᠲᠦᠩᠬᠦ᠋ᠢᠨ ᠭᠢᠯᠠᠯᠵᠠᠵᠤ᠂ ᠤᠷᠤᠰᠬᠠᠯᠲᠤ ᠴᠤᠤᠯ ᠤᠨ ᠤᠶᠠᠬᠠᠨ | ᠡᠭᠡᠰᠢᠭ ᠲᠤ ᠪᠠᠶᠠᠰᠤᠨ ᠬᠠᠨᠠᠶᠢᠵᠤ᠂ ᠡᠬᠡ ᠨᠤᠲᠤᠭ ᠤᠨ ᠢᠶᠠᠨ ᠬᠥᠮᠥᠨ ᠠᠷᠠᠳ ᠠᠮᠢᠳᠠᠨ ᠭᠤᠣᠯᠲᠠᠨ ᠢ ᠥᠷᠥᠰᠢᠶᠡᠨ | ᠢᠪᠡᠭᠡᠵᠦ᠂ ᠬᠡᠰᠢᠭ ᠪᠤᠶᠠᠨ ᠥᠯᠵᠡᠢ ᠵᠢᠷᠭᠠᠯ ᠢ ᠰᠣᠶᠣᠷᠬᠠᠨ ᠬᠦᠷᠲᠡᠭᠡᠳᠡᠭ ᠠᠴᠠ ᠡᠩᠭᠡᠷ ᠳᠠᠷᠤᠵᠤ ᠬᠤᠷᠮᠣᠢ | ᠬᠥᠪᠡᠭᠡᠳᠡᠵᠦ ᠰᠠᠭᠤᠭᠰᠠᠨ ᠨᠤᠲᠤᠭ ᠤᠨ ᠬᠥᠮᠥᠰ ᠤᠨ ᠢᠶᠠᠨ ᠰᠦᠰᠦᠭ ᠪᠢᠰᠢᠷᠡᠯ ᠤᠨ ᠰᠢᠲᠦᠭᠡᠨ ᠪᠣᠯᠵᠤ ᠢᠷᠡᠭᠰᠡᠨ | ᠶᠤᠮ᠃ ᠪᠢ ᠪᠠᠭ᠎ᠠ ᠨᠠᠰᠤᠨ ᠠᠴᠠ ᠪᠠᠨ ᠰᠤᠮᠤ ᠬᠤᠰᠢᠭᠤ ᠶᠢᠨ ᠰᠤᠷᠭᠠᠭᠤᠯᠢ ᠪᠠᠷ ᠶᠠᠪᠤᠨ ᠰᠣᠶᠣᠯ ᠪᠢᠴᠢᠭ ᠤᠨ ᠮᠥᠷ | ᠬᠥᠭᠡᠭᠡᠵᠦ᠂ ᠡᠪᠦᠯ ᠵᠤᠨ ᠤ ᠠᠮᠠᠷᠠᠯᠲᠠ ᠪᠠᠷ ᠡᠷᠤᠭᠡ ᠭᠡᠷ ᠲᠡᠭᠡᠨ ᠬᠠᠷᠢᠵᠤ ᠢᠷᠡᠬᠦ ᠪᠣᠯᠭᠠᠨ᠂ ᠬᠤᠵᠢᠮ ᠨᠢ ᠶᠡᠭᠡ | ᠰᠤᠷᠭᠠᠭᠤᠯᠢ ᠠᠴᠠ ᠲᠡᠭᠦᠰᠦᠭᠡᠳ ᠠᠵᠢᠯ ᠠᠯᠪᠠᠨ ᠤ ᠰᠢᠯᠲᠠᠭ ᠢᠶᠠᠷ ᠭᠠᠳᠠᠭᠰᠢ ᠭᠠᠷᠴᠤ᠂ ᠬᠤᠷᠠᠯ ᠪᠣᠯᠪᠠᠰᠤᠷᠠᠯ ᠳᠤ | ᠶᠠᠪᠤᠬᠤ ᠪᠣᠯᠭᠠᠨ᠂ ᠨᠤᠲᠤᠭ ᠤᠨ ᠤᠩᠭᠤᠨ ᠰᠠᠬᠢᠭᠤᠰᠤ ᠬᠠᠮᠵᠢᠶ᠎ᠠ ᠬᠠᠳᠠ ᠵᠦᠭ ᠢᠶᠠᠨ ᠬᠠᠨᠳᠤᠨ ᠵᠠᠯᠪᠠᠷᠢᠵᠤ᠂ ᠠᠮᠤᠷ | ᠲᠦᠪᠰᠢᠨ ᠠᠯᠢᠪᠠ ᠰᠠᠶᠢᠨ ᠢᠶᠠᠨ ᠵᠥᠩᠨᠡᠨ ᠳᠠᠭᠠᠳᠬᠠᠳᠠᠭ᠃ ᠬᠠᠮᠵᠢᠶ᠎ᠠ ᠬᠠᠳᠠ ᠮᠢᠨᠢ ᠶᠠᠭ ᠮᠢᠨᠤ ᠠᠴᠢᠲᠤ ᠠᠪᠤ ᠰᠢᠭ᠋ | ᠰᠡᠳᠬᠢᠯ ᠤᠨ ᠪᠠᠲᠤ ᠲᠦᠰᠢᠭ ᠪᠣᠯᠣᠨ ᠰᠠᠨᠠᠭᠳᠠᠵᠤ᠂ ᠠᠯᠢᠪᠠ ᠮᠠᠭᠤ ᠮᠠᠭᠤᠬᠠᠢ ᠵᠦᠢᠯᠡᠰ ᠠᠴᠠ ᠵᠠᠶᠢᠯᠠᠭᠤᠯᠵᠤ᠂ | ᠰᠠᠶᠢᠨ ᠰᠠᠶᠢᠬᠠᠨ ᠤ ᠰᠤᠪᠢᠩ ᠵᠦᠭ ᠬᠥᠲᠥᠯᠳᠡᠭ ᠢᠲᠡᠭᠡᠯ ᠤᠨ ᠭᠡᠭᠡᠨ ᠴᠠᠮᠬᠠᠭ ᠰᠢᠭ᠋ ᠭᠡᠷᠡᠯᠳᠦᠳᠡᠭ ᠪᠢᠯᠡ᠃ | ᠠᠴᠢᠲᠤ ᠠᠪᠤ ᠮᠢᠨᠢ 2024 ᠣᠨ ᠤ 5 ᠰᠠᠷ᠎ᠠ ᠶᠢᠨ 3 ᠤ 21 ᠴᠠᠭ ᠭᠠᠷᠤᠢ ᠳᠤ᠂ ᠡᠩᠬᠦᠷᠡᠶᠢᠯᠡᠵᠦ | ᠰᠠᠨᠠᠭᠰᠠᠨ ᠲᠠᠪᠤᠨ ᠬᠡᠦᠬᠡᠳ ᠤᠨ ᠢᠶᠠᠨ ᠭᠡᠷ ᠪᠦᠯᠢ ᠶᠢ ᠬᠠᠶᠠᠵᠤ᠂ ᠡᠷᠲᠡ ᠬᠠᠯᠢᠭᠰᠠᠨ ᠡᠵᠢ ᠲᠠᠢ ᠮᠢᠨᠢ | ᠤᠴᠠᠷᠠᠬᠤ ᠪᠠᠷ ᠦᠨᠡᠨ ᠤ ᠵᠠᠮ ᠢᠶᠠᠨ ᠬᠥᠭᠡᠭᠡᠴᠢᠬᠡᠭᠰᠡᠨ ᠶᠤᠮ᠃ ᠦᠷ᠎ᠡ ᠬᠡᠦᠬᠡᠳ ᠨᠢ ᠡᠮᠭᠡᠨᠢᠯ ᠤᠨ ᠨᠢᠯᠪᠤᠰᠤ ᠪᠠᠷ | ᠡᠩᠭᠡᠷ ᠢᠶᠠᠨ ᠳᠡᠪᠲᠦᠭᠡᠵᠦ᠂ ᠡᠪᠬᠡᠷᠡᠯ ᠤᠨ ᠰᠡᠳᠬᠢᠯᠭᠡ ᠪᠠᠷ ᠡᠪᠴᠢᠭᠦᠦ ᠪᠠᠨ ᠮᠠᠨᠠᠨᠲᠤᠭᠤᠯᠵᠤ ᠶᠠᠪᠤᠭᠰᠠᠨ ᠴᠤ ᠡᠷᠭᠢᠵᠦ | ᠢᠷᠡᠳᠡᠭ ᠦᠭᠡᠢ ᠨᠢ ᠶᠢᠷᠲᠢᠨᠴᠦ ᠶᠢᠨ ᠦᠨᠡᠨ ᠤᠴᠢᠷ ᠪᠣᠯᠵᠠᠢ᠃ | ᠠᠴᠢᠲᠤ ᠠᠪᠤ ᠮᠢᠨᠢ ᠬᠠᠮᠵᠢᠶ᠎ᠠ ᠬᠠᠳᠠᠨ ᠤ ᠡᠩᠭᠡᠷ ᠲᠤ ᠨᠤᠲᠤᠭᠰᠢᠭᠠᠳ ᠳᠠᠯᠠᠨ ᠨᠠᠢᠮᠠᠨ ᠬᠠᠪᠤᠷ ᠨᠠᠮᠤᠷ ᠢ | ᠳᠤᠭᠤᠯᠤᠬᠰᠠᠨ ᠬᠥᠮᠥᠨ᠂ ᠬᠠᠮᠵᠢᠶ᠎ᠠ ᠬᠠᠳᠠ ᠲᠠᠢ ᠪᠠᠨ ᠬᠠᠪᠢ ᠦᠭᠡᠢ ᠪᠠᠷᠢᠯᠳᠤᠯᠭ᠎ᠠ ᠲᠠᠢ ᠶᠠᠪᠤᠭᠰᠠᠨ ᠤᠯᠠᠭᠠᠨᠳᠤᠬᠤᠢ | ᠠᠶᠢᠯ ᠤᠨ ᠤᠤᠭᠠᠯ᠃ ᠦᠨᠡᠨᠳᠡᠭᠡᠨ ᠮᠢᠨᠤ ᠠᠪᠤ ᠶᠢᠨ ᠳᠡᠭᠡᠳᠦ ᠶᠢᠨ ᠨᠤᠲᠤᠭ ᠪᠣᠯ ᠵᠣᠰᠣᠲᠤ ᠶᠢᠨ ᠴᠢᠭᠤᠯᠭᠠᠨ ᠤ | ᠬᠠᠷᠠᠴᠢᠨ ᠳ᠋ᠠ ᠸᠠᠩ ᠤᠨ ᠬᠤᠰᠢᠭᠤ ᠪᠣᠯᠣᠨ᠎ᠠ᠃ 1931 ᠣᠨ ᠳᠤ ᠡᠯᠦᠨᠴᠡ ᠡᠪᠦᠭᠡ ᠵᠠᠩ ᠳᠡᠯᠭᠡᠷ ᠨᠠᠰᠤᠲᠠᠨ | ᠵᠡᠭᠦᠨᠰᠢ ᠪᠠᠨ ᠨᠡᠭᠦᠵᠦ ᠳᠠᠷᠢᠴᠢ ᠶᠢᠨ ᠤᠯᠠᠭᠠᠨ ᠵᠤᠤ ᠳᠤ ᠬᠡᠳᠦᠨ ᠵᠢᠯ ᠰᠠᠭᠤᠭᠠᠳ ᠳᠠᠭᠢᠨ ᠳᠠᠮᠨᠠᠭᠤᠷ ᠢᠶᠠᠨ ᠳᠠᠮᠨᠠᠵᠤ | ᠂ ᠳᠡᠭᠡᠭᠰᠢ ᠪᠠᠨ ᠥᠭᠡᠳᠡᠯᠡᠭᠡᠳ ᠪᠠᠳᠠᠷᠠᠬᠤ ᠨᠤᠲᠤᠭ ᠤᠨ ᠭᠤᠣᠯ ᠤᠨ ᠤᠯᠠᠭᠠᠨᠳᠤᠬᠤᠢ ᠳᠤ ᠰᠠᠭᠤᠷᠢᠰᠢᠨ ᠨᠤᠲᠤᠭᠰᠢᠪᠠ | ᠃ ᠵᠠᠩ ᠳᠡᠯᠭᠡᠷ ᠨᠠᠰᠤᠲᠠᠨ ᠠᠴᠠ ᠭᠤᠷᠪᠠᠨ ᠬᠦᠦ ᠨᠢᠭᠡ ᠥᠬᠢᠨ ᠲᠠᠢ᠂ ᠮᠢᠨᠤ ᠡᠪᠦᠭᠡ ᠪᠣᠯ ᠬᠦᠦ ᠶᠢᠨ ᠬᠢᠨᠢ | ᠬᠤᠶᠠᠳᠤᠭᠠᠷ᠂ ᠭᠡᠷ ᠤᠨ ᠰᠢᠶᠠᠨᠱᠧᠩ ᠠᠴᠠ ᠬᠢᠲᠠᠳ ᠪᠢᠴᠢᠭ ᠰᠤᠷᠴᠤ᠂ ︽ᠲᠦᠷᠪᠡᠨ ᠪᠢᠴᠢᠭ ᠲᠠᠪᠤᠨ ᠱᠠᠰᠲᠢᠷ︾ ᠢ | ᠨᠢᠳᠦᠯᠡᠨ ᠤᠩᠰᠢᠬᠤ ᠬᠡᠮᠵᠢᠶ᠎ᠡ ᠲᠠᠢ ᠪᠣᠯᠵᠤ᠂ ᠪᠢᠴᠢᠭ ᠨᠣᠮ ᠢ ᠤᠯᠠᠨ ᠤᠩᠰᠢᠪᠠᠯ ᠶᠢᠷᠲᠢᠨᠴᠦ ᠳᠡᠯᠡᠬᠡᠢ ᠶᠢ ᠭᠦᠨ | ᠲᠠᠨᠢᠬᠤ ᠤᠴᠢᠷ ᠤᠬᠠᠭᠠᠨ ᠢ ᠣᠶᠢᠯᠠᠭᠠᠨ ᠮᠡᠳᠡᠵᠡᠢ᠃ ᠮᠢᠨᠤ ᠠᠪᠤ ᠡᠪᠦᠭᠡ ᠶᠢᠨ ᠨᠥᠯᠥᠭᠡ ᠶᠢ ᠶᠡᠬᠡᠯ᠎ᠡ ᠭᠥᠷᠳᠡᠭᠰᠡᠨ | ᠤᠤᠭᠠᠨ ᠬᠥᠪᠡᠭᠦᠨ ᠨᠢ ᠶᠤᠮ᠃ ᠶᠣᠰᠣ ᠬᠠᠲᠠᠭᠤ ᠰᠤᠷᠲᠠᠯ ᠴᠢᠩᠭ᠎ᠠ ᠭᠡᠷ ᠤᠨ ᠬᠥᠮᠦᠵᠢᠯ ᠨᠢ ᠠᠪᠤ ᠶᠢᠨ ᠰᠠᠶᠢᠨ ᠡᠷ᠎ᠡ | ᠪᠣᠯᠵᠤ ᠬᠥᠮᠥᠵᠢᠬᠦ ᠠᠩᠬᠠᠨ ᠤ ᠰᠠᠭᠤᠷᠢ ᠶᠢ ᠲᠠᠯᠪᠢᠵᠤ᠂ ᠥᠷᠥᠭᠡᠯ ᠪᠤᠰᠤᠳ ᠲᠤ ᠦᠨᠡᠨᠴᠢ ᠲᠤᠰᠠᠷᠬᠠᠭ ᠬᠠᠨᠳᠤᠬᠤ | ᠰᠤᠷᠲᠠᠯ ᠲᠣᠭᠲᠠᠵᠤ᠂ ᠡᠷᠳᠡᠮ ᠨᠣᠮ ᠢ ᠥᠯᠥᠰᠴᠦ ᠤᠮᠳᠠᠭᠠᠰᠤᠭᠰᠠᠨ ᠰᠢᠭ᠋ ᠰᠤᠷᠳᠠᠭ ᠵᠠᠩ ᠲᠠᠢ ᠪᠣᠯᠤᠭᠰᠠᠨ ᠠᠴᠠ | ᠪᠠᠭ᠎ᠠ ᠰᠤᠷᠭᠠᠭᠤᠯᠢ ᠠᠴᠠ ᠪᠠᠨ ᠰᠤᠷᠤᠯᠭ᠎ᠠ ᠶᠢᠨ ᠬᠢᠷᠢ ᠬᠡᠮᠵᠢᠶ᠎ᠡ ᠨᠢ ᠤᠯᠠᠨ ᠠᠴᠠ ᠣᠷᠦ᠋ᠢᠯᠠᠵᠤ᠂ ᠪᠠᠳᠠᠷᠠᠬᠤ | ᠳᠤᠮᠳᠠᠳᠤ ᠰᠤᠷᠭᠠᠭᠤᠯᠢ ᠳᠤ ᠰᠢᠯᠤᠭᠤᠳᠬᠠᠨ ᠰᠢᠯᠭᠠᠭᠤᠯᠵᠤ ᠣᠷᠣᠭᠠᠳ᠂ 1963 ᠣᠨ ᠤ ᠨᠠᠮᠤᠷ ᠤᠯᠠᠭᠠᠨᠬᠤᠲᠠ | ᠬᠤᠶᠠᠳᠤᠭᠠᠷ ᠳᠤᠮᠳᠠᠳᠤ ᠰᠤᠷᠭᠠᠭᠤᠯᠢ ᠳᠤ ᠤᠭᠢ ᠬᠢᠷᠢ ᠪᠦᠳᠦᠮᠵᠢ ᠪᠠᠷ ᠳᠠᠪᠰᠢᠨ ᠰᠤᠷᠤᠯᠴᠠᠪᠠ᠃ ︽ᠭᠠᠢ ᠭᠠᠵᠠᠷ | ᠳᠣᠣᠷ᠎ᠠ ᠠᠴᠠ︾ ᠭᠡᠳᠡᠭᠴᠢᠯᠡᠨ᠂ 1966 ᠣᠨ ᠤ ᠬᠠᠪᠤᠷ ᠳᠡᠭᠡᠳᠦ ᠳᠤᠮᠳᠠᠳᠤ ᠪᠠᠨ ᠤᠳᠠᠯ ᠦᠭᠡᠢ ᠲᠡᠭᠦᠰᠬᠡᠮᠡᠷ | ᠪᠠᠶᠢᠬᠤ ᠦᠶᠡᠰ᠂ ᠡᠮᠡᠭᠡ ᠡᠵᠢ ᠮᠢᠨᠤ ᠪᠠᠭ᠎ᠠ ᠠᠪᠠᠭ᠎ᠠ ᠠᠪᠤ ᠶᠢ ᠬᠥᠩᠭᠡᠵᠢᠭᠡᠳ ᠳᠡᠮᠡᠢ ᠤᠳᠠᠯ ᠦᠭᠡᠢ ᠭᠠᠰᠢᠭᠤᠨ | ᠬᠤᠴᠢᠯᠭ᠎ᠠ ᠪᠠᠷ ᠭᠤᠴᠢᠨ ᠬᠤᠶᠠᠷᠲᠠᠢ ᠨᠠᠰᠤ ᠪᠠᠷᠠᠵᠠᠢ᠃ ᠡᠪᠦᠭᠡ ᠮᠢᠨᠢ ᠡᠪᠡᠳᠴᠢᠨ ᠲᠠᠬᠤᠯ ᠲᠠᠢ ᠰᠢᠯᠲᠠᠭᠠᠨ ᠢᠶᠠᠷ | ᠪᠠᠷᠢᠭᠠᠳᠠ ᠳᠤ ᠭᠦᠳᠡᠯᠮᠤᠷᠢ ᠬᠦᠴᠦ ᠶᠠᠪᠤᠵᠤ ᠳᠡᠶᠢᠯᠭᠦ ᠦᠭᠡᠢ ᠶᠢᠨ ᠳᠡᠭᠡᠷ᠎ᠡ ᠠᠪᠤ ᠶᠢᠨ ᠬᠤᠶᠠᠷ ᠳᠡᠭᠦᠦ ᠨᠢ ᠬᠦᠴᠦ | ᠴᠢᠳᠠᠯ ᠪᠦᠷᠢᠳᠴᠦ ᠴᠢᠳᠠᠭ᠎ᠠ ᠦᠭᠡᠢ ᠪᠠᠶᠢᠭᠰᠠᠭᠠᠷ ᠲᠤᠯᠠ ︽ᠡᠨᠡ ᠭᠡᠷ ᠠᠴᠠ ᠡᠮᠡᠭᠲᠡᠢ ᠬᠥᠮᠥᠨ ᠤ ᠳᠠᠭᠤ ᠶᠢ ᠣᠯᠵᠤ | ᠰᠤᠨᠤᠰᠬᠤ ᠦᠭᠡᠢ︾ ᠪᠣᠯᠤᠭᠰᠠᠨ ᠤᠴᠢᠷ᠂ ᠠᠴᠢᠲᠤ ᠠᠪᠤ ᠮᠢᠨᠢ ᠡᠪᠴᠢᠭᠦᠦ ᠳᠦᠭᠦᠷᠡᠩ ᠪᠡᠭᠲᠡᠷᠡᠯ ᠲᠠᠢ᠂ ᠡᠩᠭᠡᠷ | ᠳᠦᠭᠦᠷᠡᠩ ᠨᠢᠯᠪᠤᠰᠤ ᠲᠠᠢ ᠪᠠᠷ ᠠᠷᠤ ᠭᠡᠷ ᠲᠡᠭᠡᠨ ᠬᠠᠷᠢᠵᠤ ᠢᠷᠡᠭᠡᠳ᠂ ᠠᠳᠬᠤᠭᠰᠠᠨ ᠪᠢᠷ ᠢᠶᠠᠨ ᠠᠷᠠᠯ ᠤᠨ | ᠦᠬᠡᠷ ᠤᠨ ᠲᠠᠰᠢᠭᠤᠷ ᠢᠶᠠᠷ ᠰᠣᠯᠢᠭᠰᠠᠨ ᠶᠤᠮ᠃ | ᠠᠴᠢᠲᠤ ᠠᠪᠤ ᠮᠢᠨᠢ ᠡᠷ᠎ᠡ ᠶᠢᠨ ᠴᠢᠳᠠᠯ ᠳᠠᠭᠠᠨ ᠬᠦᠷᠴᠦ᠂ ᠡᠭᠡᠮ ᠤᠨ ᠶᠠᠰᠤ ᠬᠠᠲᠠᠭᠤᠷᠠᠵᠤ ᠡᠬᠢᠯᠡᠭᠰᠡᠨ ᠪᠣᠯᠬᠤᠷ | ᠪᠠᠷᠢᠭᠠᠳᠠ ᠶᠢᠨ ᠲᠠᠷᠢᠶᠠᠨ ᠠᠵᠢᠯ ᠤᠨ ᠠᠯᠢ ᠲᠦᠷᠦᠯ ᠵᠦᠢᠯ ᠳᠤ ᠴᠤ ᠴᠠᠯᠠᠭᠠᠶᠢᠳᠠᠵᠤ ᠬᠤᠴᠣᠷᠤᠭᠰᠠᠨ ᠤᠴᠢᠷ | ᠦᠭᠡᠢ᠂ ᠴᠥᠬᠦᠷᠡᠵᠦ ᠬᠤᠶᠢᠰᠢᠯᠠᠭᠰᠠᠨ ᠤᠳᠠᠭ᠎ᠠ ᠦᠭᠡᠢ᠂ ᠬᠦᠵᠦᠭᠦᠦ ᠰᠤᠩᠭᠠᠨ ᠠᠵᠢᠯᠯᠠᠭᠰᠠᠨ ᠠᠴᠠ ᠲᠠᠪᠤ | ᠭᠤᠷᠪᠠᠭ᠋ᠠᠨ ᠵᠢᠯ ᠪᠣᠯᠣᠮᠠᠭᠴᠠ ᠰᠠᠶᠢᠨ ᠲᠠᠷᠢᠶᠠᠴᠢᠨ ᠰᠢᠯᠢᠳᠡᠭ ᠬᠥᠳᠡᠯᠮᠦᠷᠢᠴᠢᠨ ᠤ ᠲᠣᠭᠠᠨ ᠳᠤ ᠵᠢᠭᠰᠠᠵᠤ᠂ | ᠭᠦᠳᠡᠯᠮᠤᠷᠢ ᠬᠦᠴᠦᠨ ᠤ ᠲᠤᠭ᠎ᠠ ᠨᠤᠷᠮ᠎ᠠ ᠪᠠᠨ ᠨᠡᠮᠡᠭᠳᠡᠭᠦᠯᠵᠦ᠂ ᠬᠦᠴᠢᠷᠲᠡᠢ ᠠᠮᠢᠳᠤᠷᠠᠯ ᠤᠨ ᠳᠦᠷᠰᠦ ᠪᠠᠶᠢᠳᠠᠯ ᠢᠶᠠᠨ | ᠬᠤᠪᠢᠷᠠᠭᠤᠯᠤᠨ᠂ ᠠᠶᠢᠯ ᠪᠦᠯᠢ ᠪᠠᠶᠢᠭᠤᠯᠵᠤ᠂ ᠠᠮᠢᠳᠤᠷᠠᠯ ᠤᠨ ᠠᠯᠳᠠᠨ ᠵᠢᠯᠣᠭᠤ ᠪᠠᠨ ᠰᠤᠩᠭᠠᠵᠤ ᠡᠬᠢᠯᠡᠵᠡᠢ᠃ ︽ | ᠡᠵᠡᠨ ᠬᠢᠴᠢᠶᠡᠪᠡᠯ ᠵᠠᠶᠠᠭ᠎ᠠ ᠬᠢᠴᠢᠶᠡᠳᠡᠭ︾᠃ 1978 ᠣᠨ ᠳᠤ ᠠᠪᠤ ᠮᠢᠨᠢ ᠠᠷᠠᠳ ᠠᠴᠠ ᠡᠷᠭᠢᠯᠡᠭᠰᠡᠨ ᠪᠠᠭᠰᠢ | ᠪᠤᠯᠬᠤ ᠣᠯᠳᠠᠰᠢ ᠦᠭᠡᠢ ᠳᠤᠭᠢᠶᠠᠯ ᠢᠶᠠᠷ ᠠᠶᠢᠯ ᠳᠠᠭᠠᠨ ᠪᠠᠭᠰᠢᠯᠠᠨ᠂ ᠠᠩᠬ᠎ᠠ ᠡᠬᠢᠯᠡᠩᠭᠦᠲᠡ ᠠᠩᠬ᠎ᠠ ᠳᠤᠮᠳᠠᠳᠤ ᠶᠢᠨ | ᠠᠯᠭᠧᠪᠷᠠ ᠶᠢᠨ ᠬᠢᠴᠢᠶᠡᠯ ᠢ ᠵᠢᠭᠠᠵᠤ᠂ ᠵᠢᠭᠠᠨ ᠰᠤᠷᠭᠠᠯᠲᠠ ᠶᠢᠨ ᠡᠭᠦᠷᠭᠡ ᠬᠦᠨᠳᠦᠬᠡᠨ ᠪᠥᠭᠡᠳ ᠲᠤᠯᠭᠠᠮ ᠰᠢᠭ᠋ | ᠰᠠᠨᠠᠭᠳᠠᠭᠰᠠᠨ ᠪᠤᠯᠪᠠᠴᠤ ᠯᠠᠪᠳᠠᠭᠤᠨ ᠴᠢᠷᠮᠠᠶᠢᠵᠤ ᠬᠢᠴᠢᠶᠡᠩᠭᠦᠢ ᠰᠤᠳᠤᠯᠤᠨ ᠵᠣᠷᠢᠭᠲᠠᠢ ᠤᠷᠤᠯᠳᠤᠬᠰᠠᠨ ᠠᠴᠠ | ᠵᠢᠭᠠᠬᠤ ᠠᠷᠭ᠎ᠠ ᠮᠡᠷᠭᠡᠰᠢᠯ ᠨᠢ ᠦᠳᠲᠡᠷ ᠲᠦᠷᠭᠡᠨ ᠳᠡᠭᠡᠭᠰᠢᠯᠡᠵᠦ ᠢᠷᠡᠪᠡ᠃ 1980 ᠣᠨ ᠳᠤ ᠵᠠᠯᠠᠶᠢᠳ | ᠬᠤᠰᠢᠭᠤᠨ ᠤ ᠠᠷᠠᠳ ᠠᠴᠠ ᠡᠷᠭᠢᠯᠡᠭᠰᠡᠨ ᠪᠠᠭᠰᠢ ᠶᠢ ᠵᠢᠩᠬᠢᠨᠢᠴᠢᠯᠡᠬᠦ ᠰᠢᠯᠭᠠᠯᠲᠠ ᠳᠤ ᠬᠢᠷᠢ ᠪᠦᠳᠦᠮᠵᠢ ᠭᠦᠢᠴᠡᠵᠦ᠂ | ᠤᠯᠤᠰ ᠤᠨ ᠳᠠᠩᠰᠠᠨ ᠳᠤ ᠨᠡᠷ᠎ᠡ ᠪᠠᠨ ᠲᠡᠮᠳᠡᠭᠯᠡᠭᠦᠯᠦᠨ᠂ ᠰᠠᠷ᠎ᠠ ᠶᠢᠨ ᠰᠠᠷ᠎ᠠ ᠳᠠᠭᠠᠨ ᠴᠠᠯᠢᠩ ᠬᠥᠯᠥᠰᠦ ᠣᠯᠵᠤ | ᠢᠳᠡᠳᠡᠭ ︽ᠠᠯᠪᠠᠨ ᠪᠠᠭᠰᠢ︾ ᠪᠣᠯᠵᠠᠢ᠃ 1985 ᠣᠨ ᠤ ᠪᠦᠭᠦ ᠬᠤᠰᠢᠭᠤᠨ ᠤ ᠰᠤᠷᠭᠠᠨ ᠬᠥᠮᠦᠵᠢᠯ ᠤᠨ | ᠰᠢᠰᠲ᠋ᠧᠮ ᠤᠨ ᠳᠣᠲᠣᠭᠠᠳᠤ ᠳᠠᠬᠢ ᠥᠭᠡᠷᠡᠴᠢᠯᠡᠯᠲᠡ ᠪᠠᠷ ᠳᠠᠮᠵᠢᠵᠤ᠂ ᠤᠯᠠᠭᠠᠨᠳᠤᠬᠤᠢ ᠰᠤᠷᠭᠠᠭᠤᠯᠢ ᠶᠢᠨ ᠢᠶᠠᠨ | ᠵᠠᠬᠢᠷᠤᠯ ᠤᠨ ᠲᠤᠰᠢᠶᠠᠯ ᠢ ᠬᠠᠷᠢᠭᠤᠴᠠᠵᠤ᠂ ᠳᠠᠷᠠᠭ᠎ᠠ ᠵᠢᠯ ᠳᠤᠨᠢ ᠳᠤᠮᠳᠠᠳᠤ ᠤᠯᠤᠰ ᠤᠨ ᠡᠪ ᠬᠠᠮᠲᠤ ᠨᠠᠮ ᠤᠨ | ᠭᠡᠰᠢᠭᠦᠨ ᠢᠶᠠᠷ ᠡᠯᠰᠡᠭᠳᠡᠪᠡ᠃ ᠵᠠᠬᠢᠷᠤᠯ ᠤᠨ ᠬᠤᠭᠤᠴᠠᠭᠠᠨ ᠳᠠᠭᠠᠨ ︽ᠰᠤᠷᠭᠠᠭᠤᠯᠢ ᠶᠢᠨ ᠬᠢᠴᠢᠶᠡᠯᠯᠡᠭᠴᠢ | ᠪᠠᠭᠰᠢᠨᠠᠷ ᠤᠨ ᠬᠢᠷᠢ ᠭᠡᠮ ᠢ ᠴᠢᠩᠭᠠᠳᠬᠠᠨ᠂ ᠬᠢᠴᠢᠶᠡᠯᠯᠡᠬᠦ ᠤᠷ᠎ᠠ ᠮᠡᠷᠭᠡᠰᠢᠯ ᠢ ᠰᠠᠶᠢᠵᠢᠷᠠᠭᠤᠯᠤᠨ᠂ ᠵᠢᠭᠠᠨ | ᠰᠤᠷᠭᠠᠯᠲᠠ ᠶᠢᠨ ᠶᠠᠰᠤ ᠴᠢᠨᠠᠷ ᠢ ᠳᠡᠭᠡᠭᠰᠢᠯᠡᠭᠦᠯᠦᠨ᠂ ᠪᠦᠭᠦ ᠰᠤᠮᠤᠨ ᠤ ᠭᠠᠴᠠᠭ᠎ᠠ ᠳᠡᠰ ᠤᠨ ᠰᠤᠷᠭᠠᠭᠤᠯᠢ ᠳᠠᠭᠠᠨ | ᠲᠡᠷᠢᠭᠦᠯᠡᠬᠦ︾ ᠰᠤᠷᠭᠠᠭᠤᠯᠢ ᠡᠷᠭᠢᠯᠡᠭᠦ ᠰᠠᠨᠠᠯ ᠵᠣᠷᠢᠯᠭ᠎ᠠ ᠪᠠᠨ ᠭᠠᠴᠠᠭᠠᠨ ᠤ ᠵᠥᠪᠯᠡᠯ ᠢᠶᠠᠷ ᠵᠥᠪᠰᠢᠶᠡᠷᠡᠭᠦᠯᠦᠨ᠂ | ᠰᠤᠷᠭᠠᠭᠤᠯᠢ ᠶᠢᠨ ᠲᠠᠷᠢᠶᠠᠨ ᠭᠠᠵᠠᠷ ᠢᠶᠠᠨ ᠨᠡᠮᠡᠭᠳᠡᠭᠦᠯᠵᠦ᠂ ᠮᠣᠳᠣᠨ ᠳᠠᠷᠢᠶ᠎ᠠ ᠭᠠᠷᠭᠠᠨ᠂ ᠰᠤᠷᠭᠠᠭᠤᠯᠢ ᠡᠷᠭᠢᠯᠡᠭᠦ | ᠵᠠᠷᠤᠳᠠᠯ ᠤᠨ ᠳᠠᠷᠤᠭᠠᠰᠤ ᠶᠢ ᠠᠯᠢ ᠴᠢᠳᠠᠬᠤ ᠪᠠᠷ ᠬᠥᠩᠭᠡᠯᠡᠵᠡᠢ᠃ ᠪᠠᠰᠠ ᠰᠤᠷᠬᠤ ᠠᠴᠠ ᠡᠮᠦᠨᠡᠬᠢ ᠨᠠᠰᠤᠨ ᠤ | ᠰᠤᠷᠭᠠᠨ ᠬᠥᠮᠦᠵᠢᠯ᠂ ᠡᠩ ᠤᠨ ᠰᠤᠷᠭᠠᠨ ᠬᠥᠮᠦᠵᠢᠯ᠂ ᠲᠣᠮᠣᠴᠤᠤᠯ ᠤᠨ ᠰᠤᠷᠭᠠᠨ ᠬᠥᠮᠦᠵᠢᠯ ᠭᠡᠬᠦ ︽ᠭᠤᠷᠪᠠᠨ | ᠲᠠᠯ᠎ᠠ ᠶᠢᠨ ᠰᠤᠷᠭᠠᠨ ᠬᠥᠮᠦᠵᠢᠯ︾ ᠤᠨ ᠠᠵᠢᠯ ᠤᠨ ᠬᠦᠴᠦᠨ ᠢ ᠴᠢᠩᠭᠠᠷᠠᠭᠤᠯᠵᠤ᠂ ᠠᠷᠭ᠎ᠠ ᠠᠪᠴᠠᠯ ᠢᠶᠠᠨ | ᠰᠠᠶᠢᠵᠢᠷᠠᠭᠤᠯᠤᠭᠰᠠᠨ ᠠᠴᠠ ᠢᠯᠡᠳᠲᠡ ᠪᠦᠳᠦᠮᠵᠢ ᠭᠠᠷᠴᠤ᠂ ᠪᠠᠳᠠᠷᠠᠬᠤ ᠰᠤᠮᠤ ᠶᠢᠨ ᠭᠤᠣᠯ ᠪᠠᠭ᠎ᠠ ᠰᠤᠷᠭᠠᠭᠤᠯᠢ ᠪᠠ | ᠬᠤᠰᠢᠭᠤᠨ ᠤ ᠰᠤᠷᠭᠠᠨ ᠬᠥᠮᠦᠵᠢᠯ ᠤᠨ ᠲᠣᠪᠴᠢᠶ᠎ᠠ ᠶᠢᠨ ᠱᠠᠩᠨᠠᠯ ᠬᠥᠬᠢᠭᠦᠯᠦᠯ ᠢ ᠵᠢᠯ ᠳᠠᠷᠠᠭᠠᠯᠠᠨ ᠳᠤᠰᠪᠠ᠃ | 1989 ᠣᠨ ᠤ 3 ᠰᠠᠷ᠎ᠠ ᠳᠤ ᠠᠵᠢᠯ ᠤᠨ ᠬᠡᠷᠡᠭᠴᠡᠭᠡ ᠪᠠᠷ ᠪᠠᠳᠠᠷᠠᠬᠤ ᠭᠤᠣᠯ ᠪᠠᠭ᠎ᠠ ᠰᠤᠷᠭᠠᠭᠤᠯᠢ ᠳᠤ ᠳᠡᠳ᠋ | ᠵᠠᠬᠢᠷᠤᠯ ᠢᠶᠠᠷ ᠲᠣᠮᠢᠯᠠᠭᠳᠠᠵᠤ᠂ ᠤᠷᠢᠳ ᠬᠤᠵᠢᠳ ᠵᠢᠭᠠᠨ ᠰᠤᠷᠭᠠᠯᠲᠠ ᠶᠢᠨ ᠠᠵᠢᠯ᠂ ᠠᠷᠤ ᠲᠠᠯ᠎ᠠ ᠶᠢᠨ ᠠᠵᠢᠯ ᠪᠠ | ᠨᠠᠮ ᠤᠨ ᠵᠣᠬᠢᠶᠠᠨ ᠪᠠᠶᠢᠭᠤᠯᠤᠯᠲᠠ ᠶᠢᠨ ᠠᠵᠢᠯ ᠢ ᠬᠠᠷᠢᠭᠤᠴᠠᠨ᠂ ᠪᠠᠳᠠᠷᠠᠬᠤ ᠰᠤᠮᠤ ᠶᠢᠨ ᠶᠢᠰᠦᠳᠦᠭᠡᠷ᠂ ᠠᠷᠪᠠᠳᠤᠭᠠᠷ | ᠤᠳᠠᠭ᠎ᠠ ᠶᠢᠨ ᠨᠠᠮ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ ᠪᠠᠷ ᠰᠣᠩᠭᠤᠭᠳᠠᠵᠤ | ᠥᠩᠭᠡᠷᠡᠭᠰᠡᠨ ᠪᠥᠭᠡᠳ 1992 ᠣᠨ ᠳᠤ ᠰᠤᠮᠤ ᠬᠤᠰᠢᠭᠤ ᠳᠡᠰ ᠤᠨ ᠵᠢᠱᠢᠶᠡᠴᠢ ᠨᠠᠮ ᠤᠨ ᠭᠡᠰᠢᠭᠦᠨ ᠢᠶᠠᠷ | ᠬᠥᠬᠢᠭᠦᠯᠦᠭᠳᠡᠨ ᠱᠠᠩᠨᠠᠭᠳᠠᠵᠠᠢ᠃ 1995 ᠣᠨ ᠤ ᠵᠤᠨ᠂ ᠪᠦᠭᠦ ᠬᠤᠰᠢᠭᠤᠨ ᠤ ᠳᠤᠮᠳᠠᠳᠤ ᠪᠠᠭ᠎ᠠ | ᠰᠤᠷᠭᠠᠭᠤᠯᠢ ᠶᠢᠨ ︽ᠮᠣᠷᠠᠯ ᠤᠨ ᠬᠥᠮᠦᠵᠢᠯ ᠤᠨ ᠲᠡᠷᠢᠭᠦᠨ ᠤ ᠠᠵᠢᠯᠲᠠᠨ︾ ᠢᠶᠠᠷ ᠦᠨᠡᠯᠡᠭᠳᠡᠨ᠂ ᠲᠤᠷᠰᠢᠯᠭ᠎ᠠ | ᠰᠣᠯᠢᠯᠴᠠᠬᠤ ᠬᠤᠷᠠᠯ ᠳᠤ ᠤᠷᠤᠯᠴᠠᠵᠤ᠂ ᠪᠠᠳᠠᠷᠠᠬᠤ ᠰᠤᠮᠤ ᠶᠢᠨ ᠠᠯᠪᠠᠨ ᠵᠢᠷᠤᠮ ᠤᠨ ᠰᠤᠷᠭᠠᠨ ᠬᠥᠮᠦᠵᠢᠯ ᠢ | ᠲᠦᠭᠡᠮᠡᠯᠵᠢᠭᠦᠯᠬᠦ ᠰᠢᠪᠲᠤᠯᠤᠯᠲᠠ ᠶᠢᠨ ᠠᠵᠢᠯ ᠳᠤ ᠬᠤᠶᠢᠰᠢ ᠤᠬᠤᠷᠢᠯ ᠦᠭᠡᠢ ᠵᠢᠳᠬᠦᠨ ᠠᠵᠢᠯᠯᠠᠭᠠᠳ᠂ ᠪᠠᠳᠠᠷᠠᠬᠤ | ᠰᠤᠮᠤ ᠶᠢᠨ ᠳᠡᠭᠡᠳᠦ ᠱᠠᠲᠤᠨ ᠤ ᠬᠢᠨᠠᠨ ᠪᠠᠶᠢᠴᠠᠭᠠᠯᠲᠠ ᠶᠢ ᠰᠢᠭᠤᠳ ᠰᠢᠯᠤᠭᠤᠨ ᠳᠤᠭᠤᠯᠬᠤ ᠳᠤ ᠥᠪᠡᠷ ᠤᠨ ᠬᠦᠴᠦ | ᠬᠥᠯᠥᠰᠦ ᠪᠠᠨ ᠬᠠᠷᠠᠮ ᠦᠭᠡᠢ ᠨᠡᠮᠡᠷᠢᠯᠡᠵᠡᠢ᠃ 2003 ᠣᠨ ᠠᠴᠠ ᠠᠵᠢᠯ ᠤᠨ ᠠᠮᠠᠷᠠᠯᠲᠠ ᠪᠠᠨ ᠠᠪᠴᠤ | ᠰᠠᠭᠤᠭᠰᠠᠨ ᠴᠤ ᠨᠤᠲᠤᠭ ᠤᠰᠤᠨ ᠤ ᠪᠠᠨ ᠥᠩᠭᠡᠷᠡᠭᠰᠡᠨ ᠲᠡᠦᠬᠡ ᠶᠢᠨ ᠮᠠᠲ᠋ᠧᠷᠢᠶᠠᠯ ᠢ ᠡᠷᠢᠨ ᠰᠤᠷᠠᠵᠤ᠂ ᠨᠠᠰᠤᠲᠠᠨ | ᠲᠣᠮᠣᠭᠠᠲᠠᠨ ᠢ ᠰᠤᠷᠪᠤᠯᠵᠢᠯᠠᠨ᠂ ᠠᠷᠠᠳ ᠤᠨ ᠵᠠᠩ ᠦᠢᠯᠡ ᠶᠢ ᠡᠮᠬᠢᠳᠬᠡᠨ ᠲᠡᠮᠳᠡᠭᠯᠡᠵᠦ᠂ 2012 ᠣᠨ ᠤ ᠡᠪᠦᠯ | ᠠᠬᠠᠮᠠᠳ ᠬᠥᠪᠡᠭᠦᠨ ᠲᠠᠢ ᠪᠠᠨ ᠬᠠᠮᠲᠤᠷᠠᠨ ︽ᠤᠯᠠᠭᠠᠨᠳᠤᠬᠤᠢ ᠶᠢᠨ ᠵᠠᠭᠤᠨ ᠵᠢᠯ︾ ᠬᠡᠮᠡᠬᠦ ᠭᠠᠴᠠᠭᠠᠨ ᠤ | ᠣᠶᠢᠯᠠᠯᠭ᠎ᠠ ᠶᠢ ᠨᠠᠶᠢᠷᠠᠭᠤᠯᠤᠨ ᠬᠡᠪᠯᠡᠭᠦᠯᠵᠡᠢ᠃ | ᠠᠴᠢᠲᠤ ᠠᠪᠤ ᠶᠢᠨ ᠮᠢᠨᠢ ᠦᠷ᠎ᠡ ᠬᠡᠦᠬᠡᠳ ᠲᠡᠭᠡᠨ ᠦᠯᠡᠳᠡᠭᠡᠵᠦ ᠥᠭᠭᠦᠭᠰᠡᠨ ᠥᠪ ᠬᠥᠷᠥᠩᠭᠡ ᠪᠣᠯ ᠦᠯᠡᠮᠵᠢ | ᠵᠤᠵᠠᠭᠠᠨ ᠡᠳ᠋ ᠮᠥᠩᠭᠦ ᠪᠢᠰᠢ᠂ ᠬᠠᠷᠢᠨ ︽ᠴᠢᠩ ᠰᠡᠳᠬᠢᠯ ᠴᠢᠬᠡᠴᠢ ᠵᠢᠷᠤᠮ︾ ᠪᠣᠯᠣᠨ᠎ᠠ᠃ ᠠᠪᠤ ᠮᠢᠨᠢ ᠨᠢᠭᠡ | ᠨᠠᠰᠤᠨ ᠳᠠᠭᠠᠨ ᠡᠨᠡ ᠬᠦ ᠪᠠᠷᠢᠮᠵᠢᠶ᠎ᠠ ᠪᠠᠷ ᠦᠷ᠎ᠡ ᠬᠡᠦᠬᠡᠳ ᠢᠶᠠᠨ ᠰᠤᠷᠭᠠᠨ ᠱᠠᠭᠠᠷᠳᠠᠭᠰᠠᠭᠠᠷ ᠢᠷᠡᠭᠰᠡᠨ ᠶᠤᠮ᠃ | ᠳᠡᠷᠡ ᠦᠭᠡ ᠶᠢ ᠴᠥᠭᠡᠨ ᠬᠡᠯᠡᠵᠦ ᠤᠴᠢᠷ ᠢ ᠢᠯᠡᠭᠦᠦ ᠬᠢᠵᠦ ᠪᠦᠲᠦᠭᠡᠬᠦ ᠪᠠᠷ ᠴᠢᠷᠮᠠᠶᠢᠨ ᠵᠢᠳᠬᠦᠵᠦ ᠶᠠᠪᠤᠭᠰᠠᠨ | ᠬᠥᠮᠥᠨ ᠤ ᠨᠢᠭᠡᠨ᠃ ᠪᠠᠷᠢᠭᠠᠳᠠ ᠶᠢᠨ ᠦᠶ᠎ᠡ ᠳᠤ ᠦᠬᠡᠷ ᠲᠡᠷᠭᠡᠨ ᠤ ᠭᠦᠯᠭᠡᠴᠢᠨ ᠪᠠᠶᠢᠬᠤ ᠦᠶᠡᠰ ᠲᠡᠭᠡᠨ ᠤᠨᠤᠭ᠎ᠠ | ᠭᠦᠯᠦᠭ ᠲᠡᠭᠡᠨ ᠬᠠᠶᠢᠷᠠᠲᠠᠢ᠂ ᠤᠰᠤᠯᠠᠵᠤ ᠢᠳᠡᠭᠦᠯᠬᠦ ᠠᠮᠠᠷᠠᠭᠠᠵᠤ ᠰᠤᠯᠠᠯᠠᠬᠤ ᠶᠢ ᠠᠩᠬᠠᠷᠳᠠᠭ᠃ ᠠᠵᠢᠯ | ᠭᠦᠳᠡᠯᠮᠤᠷᠢ ᠳᠡᠭᠡᠨ ᠡᠷᠲᠡ ᠪᠣᠰᠴᠤ ᠣᠷᠣᠢ ᠪᠤᠴᠠᠳᠠᠭ᠃ ᠳᠠᠷᠢᠶ᠎ᠠ ᠲᠠᠩᠨᠠᠬᠤ ᠳᠠᠭᠠᠨ ᠭᠦᠨ ᠰᠢᠭᠢᠳᠦᠭᠦᠯᠵᠦ ᠵᠢᠭᠳᠡᠬᠡᠨ | ᠶᠠᠪᠤᠭᠤᠯᠵᠤ᠂ ᠳᠠᠯᠠᠩ ᠤᠨ ᠴᠢᠬᠢ ᠶᠢ ᠭᠡᠮᠲᠦᠭᠡᠬᠦ ᠠᠴᠠ ᠬᠡᠷᠰᠡᠦᠯᠡᠳᠡᠭ᠃ ᠪᠣᠭᠤᠵᠢ ᠲᠠᠢ ᠳᠠᠷᠢᠶ᠎ᠠ ᠲᠡᠭᠡᠭᠡᠬᠦ ᠳᠡᠭᠡᠨ | ᠭᠤᠤᠷᠰᠤ ᠲᠠᠢ ᠦᠵᠦᠭᠦᠷ ᠢ ᠪᠤᠰᠤᠳ ᠤᠨ ᠵᠦᠭ ᠬᠠᠶᠠᠳᠠᠭ ᠦᠭᠡᠢ᠂ ᠲᠡᠭᠰᠢᠬᠡᠨ ᠲᠡᠭᠡᠭᠡᠵᠦ ᠲᠡᠭᠡᠭᠡᠰᠢ ᠶᠢᠨ ᠬᠦᠨᠳᠦ | ᠬᠥᠩᠭᠡᠨ ᠢ ᠲᠣᠬᠢᠷᠠᠭᠤᠯᠳᠠᠭ᠃ ᠦᠲᠦᠷᠮ᠎ᠡ ᠠᠪᠬᠤ ᠳᠠᠭᠠᠨ ᠦᠬᠡᠷ ᠤᠨ ᠪᠤᠯᠤ ᠶᠢᠨ ᠭᠦᠶᠦᠳᠡᠯ ᠢ ᠲᠡᠩᠨᠡᠭᠦᠯᠵᠦ᠂ | ᠡᠰᠢ ᠰᠦᠷᠡᠯ ᠢ ᠴᠢᠩᠭ᠎ᠠ ᠨᠢᠴᠠᠷᠠᠭᠤᠯᠵᠤ᠂ ᠰᠢᠷᠬᠡᠭ ᠠᠮᠤ ᠶᠢ ᠴᠤ ᠰᠦᠢᠳᠬᠡᠵᠦ ᠭᠡᠭᠡᠭᠦ ᠠᠴᠠ ᠬᠢᠴᠢᠶᠡᠳᠡᠭ ᠶᠤᠮ᠃ | ᠭᠠᠴᠠᠭᠠᠨ ᠤ ᠰᠤᠷᠭᠠᠭᠤᠯᠢ ᠳᠤ ᠪᠠᠭᠰᠢᠯᠠᠵᠤ ᠪᠠᠶᠢᠬᠤ ᠳᠤ᠂ ᠵᠠᠯᠠᠭᠤ ᠪᠠᠭᠰᠢ ᠨᠠᠷ ᠦᠷᠭᠦᠯᠵᠢ ᠭᠡᠷ ᠲᠤ ᠢᠷᠡᠵᠦ | ᠠᠪᠤ ᠪᠠᠷ ᠲᠣᠭᠠᠨ ᠤ ᠤᠬᠠᠭᠠᠨ ᠤ ᠬᠢᠴᠢᠶᠡᠯ ᠨᠥᠬᠦᠪᠦᠷᠢᠯᠡᠭᠦᠯᠵᠦ᠂ ᠰᠥᠨᠢᠵᠢᠨ ᠳᠤᠰᠤᠨ ᠳ᠋ᠧᠩ ᠤᠨ ᠳᠣᠣᠷ᠎ᠠ | ᠬᠠᠮᠠᠷ ᠤᠨ ᠦᠵᠦᠭᠦᠷ ᠢᠶᠠᠨ ᠬᠠᠷᠠᠯᠠᠲᠠᠯ᠎ᠠ ᠵᠢᠭᠠᠨ ᠵᠢᠯᠣᠭᠤᠳᠪᠠᠴᠤ ᠶᠠᠳᠠᠷᠠᠵᠤ ᠵᠦᠳᠡᠷᠡᠯ᠎ᠡ ᠭᠡᠵᠦ ᠶᠠᠷᠢᠳᠠᠭ ᠦᠭᠡᠢ | ᠲᠡᠪᠴᠢᠶᠡᠷᠢ ᠳᠠᠭᠠᠭᠠᠪᠤᠷᠢ ᠲᠠᠢ ᠪᠠᠷ ᠵᠠᠯᠠᠭᠤ ᠪᠠᠭᠰᠢ ᠨᠠᠷ ᠢᠶᠠᠨ ᠬᠠᠪᠰᠤᠷᠤᠨ ᠳᠡᠮᠵᠢᠳᠡᠭ᠃ ᠭᠠᠴᠠᠭᠠᠨ ᠤ ︽ | ᠰᠣᠶᠣᠯ ᠤᠨ ᠪᠠᠯᠠᠢ ᠶᠢ ᠠᠷᠢᠯᠭᠠᠬᠤ︾ ᠠᠵᠢᠯ ᠳᠤ ᠰᠣᠬᠤᠷ ᠵᠣᠭᠤᠰ ᠤᠨ ᠬᠠᠷᠠᠮᠵᠢ ᠦᠭᠡᠢ ᠦᠢᠯᠡᠴᠢᠯᠡᠵᠦ᠂ ᠡᠷᠲᠡ | ᠣᠷᠣᠢ ᠶᠢᠨ ᠴᠠᠭ ᠢ ᠰᠢᠬᠠᠵᠤ᠂ ᠤᠨᠲᠠᠵᠤ ᠠᠮᠠᠷᠠᠬᠤ ᠪᠠᠨ ᠪᠠᠭᠠᠰᠬᠠᠵᠤ ᠪᠠᠶᠢᠭᠠᠳ ᠬᠢᠴᠢᠶᠡᠯ ᠣᠷᠣᠵᠤ ᠳᠠᠰᠬᠠᠯ | ᠵᠠᠰᠠᠵᠤ ᠰᠢᠯᠭᠠᠯᠲᠠ ᠬᠢᠨᠠᠳᠠᠭ᠃ ᠤᠯᠠᠭᠠᠨᠳᠤᠬᠤᠢ ᠭᠠᠴᠠᠭ᠎ᠠ ᠪᠦᠭᠦ ᠣᠷᠣᠨ ᠤ ᠲᠡᠷᠢᠭᠦᠨ ᠤ ᠨᠢᠭᠡᠴᠢ ᠪᠠᠷ | ᠬᠥᠬᠢᠭᠦᠯᠦᠭᠳᠡᠬᠦ ᠳᠤ ᠠᠪᠤ ᠶᠢᠨ ᠮᠢᠨᠢ ᠪᠡᠶ᠎ᠡ ᠶᠢᠨ ᠬᠦᠴᠦ᠂ ᠵᠢᠷᠦᠬᠡᠨ ᠤ ᠲᠠᠮᠢᠷ ᠰᠢᠩᠭᠡᠭᠰᠡᠨ ᠨᠢ ᠮᠠᠷᠭᠤᠰᠢ ᠦᠭᠡᠢ | ᠤᠴᠢᠷ ᠶᠤᠮ᠃ | ᠭᠠᠴᠠᠭᠠᠨ ᠤ ᠰᠤᠷᠭᠠᠭᠤᠯᠢ ᠶᠢᠨ ᠵᠠᠬᠢᠷᠤᠯ ᠤᠨ ᠲᠤᠰᠢᠶᠠᠯ ᠳᠤ ᠪᠠᠶᠢᠬᠤ ᠦᠶᠡᠰ ᠪᠠᠳᠠᠷᠠᠬᠤ ᠭᠤᠣᠯ ᠪᠠᠭ᠎ᠠ | ᠰᠤᠷᠭᠠᠭᠤᠯᠢ ᠠᠴᠠ ᠡᠷᠭᠢᠯᠡᠭᠰᠡᠨ ︽ᠡᠯ᠎ᠡ ᠭᠠᠴᠠᠭ᠎ᠠ ᠰᠤᠷᠭᠠᠭᠤᠯᠢ ᠶᠢᠨ ᠵᠢᠭᠠᠨ ᠰᠤᠷᠭᠠᠯᠲᠠ ᠶᠢᠨ ᠶᠠᠰᠤ ᠴᠢᠨᠠᠷ ᠤᠨ | ᠠᠳᠠᠯᠢᠳᠬᠠᠨ ᠰᠢᠯᠭᠠᠷᠠᠭᠤᠯᠤᠯᠲᠠ︾ ᠳᠤ ᠰᠢᠯᠢᠳᠡᠭ ᠬᠢᠷᠢ ᠪᠦᠳᠦᠮᠵᠢ ᠣᠯᠬᠤ ᠶᠢᠨ ᠲᠥᠯᠥᠭᠡ ᠲᠤᠭ᠎ᠠ᠂ ᠭᠡᠯᠡ᠂ | ᠬᠢᠲᠠᠳ ᠭᠤᠷᠪᠠᠨ ᠬᠢᠴᠢᠶᠡᠯ ᠤᠨ ᠲᠤᠰᠬᠠᠢ ᠵᠢᠯᠣᠭᠤᠳᠤᠯᠭ᠎ᠠ ᠶᠢᠨ ᠪᠣᠯᠪᠠᠰᠤᠷᠠᠯ ᠡᠷᠭᠢᠯᠡᠵᠦ᠂ ᠥᠪᠡᠷ ᠤᠨ | ᠪᠡᠶ᠎ᠡ ᠪᠠᠷ ᠢᠶᠠᠨ ᠲᠣᠭᠠᠨ ᠤ ᠬᠢᠴᠢᠶᠡᠯ ᠤᠨ ᠵᠢᠯᠣᠭᠤᠳᠤᠭᠴᠢ ᠪᠠᠭᠰᠢ ᠪᠣᠯᠵᠤ᠂ ᠥᠷᠯᠥᠭᠡ ᠦᠳᠡᠰᠢ ᠶᠢᠨ ᠬᠤᠶᠠᠷ | ᠴᠠᠭ ᠤᠨ ᠳᠠᠪᠲᠠᠯᠭ᠎ᠠ ᠪᠣᠯᠪᠠᠰᠤᠷᠠᠯ ᠨᠡᠭᠡᠭᠡᠵᠦ᠂ ᠪᠤᠰᠤᠳ ᠪᠠᠭᠰᠢ ᠨᠠᠷ ᠲᠠᠢ ᠬᠠᠮᠲᠤ ᠡᠷᠲᠡᠯᠡᠵᠦ ᠣᠷᠦ᠋ᠢᠯᠠᠨ ᠨᠠᠷᠢᠨ | ᠪᠤᠯᠪᠠᠰᠤᠷᠠᠭᠤᠯᠵᠤ᠂ ᠨᠢᠮᠪᠠᠢ ᠵᠢᠯᠣᠭᠤᠳᠤᠭᠰᠠᠨ ᠠᠴᠠ ᠨᠢᠭᠡᠳᠦᠯᠲᠡᠢ ᠰᠢᠯᠭᠠᠷᠠᠭᠤᠯᠤᠯᠲᠠ ᠳᠤ ᠰᠢᠯᠢᠳᠡᠭ ᠬᠢᠷᠢ | ᠪᠦᠳᠦᠮᠵᠢ ᠣᠯᠵᠤ᠂ ᠲᠣᠭᠠᠨ ᠤ ᠬᠢᠴᠢᠶᠡᠯ ᠤᠨ ᠬᠢᠷᠢ ᠪᠦᠳᠦᠮᠵᠢ ᠭᠤᠣᠯ ᠪᠠᠭ᠎ᠠ ᠰᠤᠷᠭᠠᠭᠤᠯᠢ ᠶᠢᠨ | ᠰᠤᠷᠤᠬᠴᠢᠳ ᠠᠴᠠ ᠣᠷᠦ᠋ᠢᠯᠠᠵᠤ᠂ ᠪᠦᠭᠦ ᠰᠤᠮᠤ ᠳᠤ ᠳᠣᠷᠭᠢᠯᠲᠠ ᠭᠠᠷᠭᠠᠵᠤ ᠥᠩᠭᠡᠷᠡᠭᠰᠡᠨ ᠶᠤᠮ᠃ | ᠰᠤᠷᠭᠠᠭᠤᠯᠢ ᠶᠢᠨ ᠵᠠᠷᠤᠳᠠᠯ ᠮᠥᠩᠭᠦ ᠪᠠᠨ ᠠᠷᠪᠢᠯᠠᠬᠤ ᠶᠢᠨ ᠲᠥᠯᠥᠭᠡ ᠪᠡᠶ᠎ᠡ ᠪᠠᠷ ᠢᠶᠠᠨ ᠪᠠᠭᠰᠢᠨᠠᠷ ᠢ ᠳᠠᠭᠠᠭᠤᠯᠤᠨ | ᠳᠠᠷᠢᠶ᠎ᠠ ᠲᠥᠮᠥᠰᠥ ᠳᠠᠷᠢᠬᠤ᠂ ᠰᠤᠷᠭᠠᠭᠤᠯᠢ ᠶᠢᠨ ᠭᠡᠷ ᠤᠨ ᠣᠷᠣᠢ ᠰᠢᠪᠠᠭ᠋ᠤ᠂ ᠬᠤᠰᠢᠭᠤ ᠣᠷᠣᠵᠤ ᠮᠤᠬᠰᠢᠭᠠ | ᠬᠤᠳᠠᠯᠳᠤᠬᠤ᠂ ᠰᠤᠷᠭᠠᠭᠤᠯᠢ ᠶᠢᠨ ᠴᠢᠯᠠᠭᠤ ᠰᠢᠷᠣᠢ ᠶᠢᠨ ᠬᠡᠷᠡᠮ ᠪᠠᠬᠢᠯᠡᠬᠦ᠂ ᠬᠠᠨᠠᠭᠤᠷ ᠡᠭᠦᠳᠡ ᠵᠣᠬᠢᠶᠠᠬᠤ ᠵᠡᠷᠭᠡ | ᠠᠵᠢᠯ ᠢ ᠬᠢᠵᠦ᠂ ᠥᠷᠭᠡᠨ ᠤᠯᠠᠨ ᠪᠠᠭᠰᠢ ᠰᠤᠷᠤᠬᠴᠢᠳ ᠪᠠ ᠠᠶᠢᠯ ᠠᠶᠢᠮᠠᠭ ᠤᠨ ᠢᠶᠠᠨ ᠪᠢᠰᠢᠷᠡᠯ ᠬᠦᠨᠳᠦᠳᠬᠡᠯ ᠢ | ᠬᠦᠷᠲᠡᠵᠦ ᠶᠠᠪᠤᠵᠠᠢ᠃ | ᠠᠴᠢᠲᠤ ᠠᠪᠤ ᠮᠢᠨᠢ ᠡᠭᠡᠯ ᠵᠢᠷ ᠤᠨ ᠨᠢᠭᠡ ᠨᠠᠰᠤᠨ ᠳᠠᠭᠠᠨ ᠡᠪ ᠲᠦᠢ᠂ ᠡᠶ᠎ᠡ ᠨᠠᠶᠢᠷ᠂ ᠡᠨᠡᠷᠢᠯ ᠵᠢᠷᠤᠮ ᠢ | ᠥᠪᠯᠡᠵᠦ ᠶᠠᠪᠤᠭᠠᠳ᠂ ᠡᠯᠳᠡᠩ ᠬᠤᠷᠸ᠎ᠠ ᠶᠢᠨ ᠵᠢᠮ᠎ᠡ ᠪᠠᠷ ᠦᠷ᠎ᠡ ᠬᠤᠶᠢᠴᠢᠰ ᠲᠠᠭᠠᠨ ᠥᠪᠯᠡᠵᠦ | ᠵᠠᠯᠭᠠᠮᠵᠢᠯᠠᠭᠤᠯᠤᠭᠰᠠᠨ ᠨᠢ ᠡᠷᠳᠡᠨᠢ ᠬᠠᠰ ᠠᠴᠠ ᠴᠤ ᠦᠨᠡᠲᠡᠢ ᠪᠣᠯᠵᠠᠢ᠃ ᠡᠨᠡ ᠬᠦ ᠳᠤᠷᠠᠳᠬᠠᠯ ᠢᠶᠠᠨ ᠪᠢᠴᠢᠵᠦ | ᠳᠠᠭᠤᠰᠬᠠᠬᠤ ᠦᠶᠡᠰ ᠶᠠᠭ ᠦᠷ ᠤᠨ ᠭᠡᠭᠡ ᠰᠤᠪᠤᠷᠠᠵᠤ᠂ ᠥᠷᠯᠥᠭᠡ ᠶᠢᠨ ᠨᠠᠷᠠ ᠠᠯᠭᠤᠷ ᠳᠡᠭᠡᠭᠰᠢᠯᠡᠵᠦ ᠪᠠᠶᠢᠯ᠎ᠠ᠃ | ᠪᠢ ᠴᠣᠩᠬᠤᠨ ᠤᠷᠭᠢᠭᠤᠯ ᠢᠶᠠᠨ ᠰᠡᠬᠦᠵᠦ᠂ ᠤᠳᠠᠲᠠᠯ᠎ᠠ ᠨᠠᠮ ᠵᠣᠭᠰᠣᠭᠠᠳ ᠨᠤᠲᠤᠭ ᠤᠨ ᠰᠦᠯᠳᠡ ᠰᠠᠬᠢᠭᠤᠰᠤ | ᠪᠣᠯᠤᠭᠰᠠᠨ ᠬᠠᠮᠵᠢᠶ᠎ᠠ ᠬᠠᠳᠠ ᠵᠦᠭ ᠢᠶᠠᠨ ᠬᠠᠨᠳᠤᠵᠤ᠂ ᠠᠴᠢᠲᠤ ᠠᠪᠤ ᠶᠢᠨ ᠢᠶᠠᠨ ᠡᠨᠡ ᠬᠦ ᠨᠠᠰᠤᠨ ᠳᠠᠭᠠᠨ ᠦᠷ᠎ᠡ | ᠵᠤᠯᠵᠠᠭ᠎ᠠ ᠭᠡᠵᠦ ᠦᠢᠯᠡ ᠲᠠᠮᠤ ᠪᠠᠨ ᠪᠠᠷᠠᠭᠰᠠᠨ ᠠᠴᠢ ᠡᠨᠡᠷᠢᠯ ᠳᠤᠨᠢ ᠠᠬᠢᠨᠲᠠ ᠤᠶᠠᠷᠠᠨ ᠳᠣᠭᠳᠣᠯᠵᠤ᠂ ᠡᠷᠭᠢᠬᠦ | ᠵᠠᠶᠠᠭ᠎ᠠ ᠪᠠᠶᠢᠳᠠᠭ ᠶᠤᠮ ᠪᠣᠯ ᠠᠬᠢᠵᠤ ᠠᠪᠤ ᠡᠵᠢ ᠳᠡᠭᠡᠨ ᠦᠷ᠎ᠡ ᠨᠢ ᠪᠣᠯᠵᠤ ᠵᠠᠶᠠᠭᠠᠬᠤ ᠶᠢᠰᠦᠨ ᠴᠠᠭᠠᠨ ᠬᠦᠰᠡᠯ ᠢᠶᠠᠨ | ᠳᠠᠭᠠᠳᠬᠠᠨ ᠵᠠᠯᠪᠠᠷᠢᠯ᠎ᠠ︕ | ᠬᠠᠮᠵᠢᠶ᠎ᠠ ᠬᠠᠳᠠᠨ ᠤ ᠪᠠᠷ᠎ᠠ ᠮᠢᠨᠢ᠂ ᠬᠠᠨ ᠲᠦᠰᠢᠭ ᠠᠪᠤ ᠮᠢᠨᠢ ᠠ᠋︕ |