ᠨᠠᠷᠠ ᠦᠨᠦᠰᠦᠭᠡᠳ ᠪᠤᠰᠬᠤ ᠳᠤ ᠨᠠᠪᠴᠢ ᠴᠡᠴᠡᠭ ᠨᠢ ᠮᠦᠰᠢᠶᠡᠳᠡᠭ ᠳᠡᠯᠭᠡᠭᠰᠡᠨ ᠰᠤᠳᠤᠷ ᠰᠢᠭ᠋ ᠡᠷᠲᠡᠨ ᠤ | ᠬᠡᠭᠡᠷ᠎ᠡ ᠲᠠᠯ᠎ᠠ ᠮᠢᠨᠤ᠃ ᠬᠢᠵᠠᠭᠠᠷ ᠤᠨ ᠬᠤᠯᠠ ᠠᠴᠠ ᠰᠡᠪᠡᠯᠵᠡᠨ ᠢᠷᠡᠬᠦ ᠲᠡᠭᠷᠢ ᠶᠢᠨ ᠰᠠᠯᠬᠢᠨ ᠴᠢᠨᠢ ᠬᠠᠴᠠᠷ ᠨᠢᠭᠤᠷ ᠢ | ᠢᠯᠪᠢᠭᠡᠳ ᠥᠩᠭᠡᠷᠡᠬᠦ ᠳᠤ ᠪᠡᠶ᠎ᠡ ᠰᠡᠳᠬᠢᠯ ᠬᠥᠩᠭᠡᠷᠡᠵᠦ᠂ ᠥᠪᠡᠷ ᠤᠨ ᠡᠷᠬᠡ ᠦᠭᠡᠢ ᠬᠥᠭᠰᠡᠨ ᠳᠣᠭᠳᠣᠯᠤᠨᠠᠮ᠃ | ︽ᠭᠠᠯᠪᠠ ᠲᠠᠢ ᠴᠢ ᠨᠠᠰᠤ ᠰᠠᠴᠠᠭᠤ ᠴᠦ ᠶᠤᠮ ᠤᠤ︖ ᠭᠡᠵᠦ ᠪᠤᠳᠤᠬᠤ ᠳᠤ | ᠭᠠᠨᠳᠢᠭ ᠴᠠᠭᠠᠨ ᠴᠢᠯᠠᠭᠤ ᠴᠢᠨᠢ ᠣᠪᠣᠯᠵᠠᠬᠤ ᠶᠢᠨ ᠡᠷᠬᠡᠨ ᠳᠤ ᠭᠦᠳᠦᠰᠭᠢᠨ ᠬᠥᠳᠡᠯᠦᠨᠡᠮ | ᠭᠠᠯᠠᠭᠤ ᠭᠦᠷᠳᠡᠯ᠎ᠡ ᠲᠤᠭᠤᠯᠵᠦ ᠲᠡᠶᠢᠯᠭᠦ ᠦᠭᠡᠢ ᠠᠭᠤᠳᠠᠮ ᠳ᠋ᠠ ᠭᠡᠵᠦ ᠰᠠᠨᠠᠬᠤ ᠳᠤ | ᠭᠠᠵᠠᠷ ᠤᠨ ᠮᠡᠯᠮᠡᠢ ᠴᠡᠩᠬᠡᠷ ᠨᠠᠭᠤᠷ ᠴᠢᠨᠢ ᠲᠡᠭᠷᠢ ᠶᠢᠨ ᠢᠶᠠᠨ ᠥᠩᠭᠡ ᠪᠠᠷ ᠬᠥᠬᠡᠷᠡᠨᠡᠮ | ᠭᠠᠩᠭᠠᠩ ᠬᠠᠷ᠎ᠠ ᠶᠢᠨ ᠲᠤᠭᠤᠷᠠᠢ ᠶᠢᠨ ᠲᠠᠮᠠᠭ᠎ᠠ ᠲᠠᠢ ᠡᠷᠲᠡᠨ ᠤ ᠬᠡᠭᠡᠷ᠎ᠡ ᠲᠠᠯ᠎ᠠ ᠮᠢᠨᠤ︕︾ ᠬᠡᠮᠡᠬᠦ ᠬᠡᠳᠦᠨ | ᠵᠢᠯ ᠤᠨ ᠡᠮᠦᠨ᠎ᠡ ᠨᠡᠶᠢᠲᠡᠯᠡᠭᠦᠯᠦᠭᠰᠡᠨ ᠨᠢᠭᠡᠨ ᠪᠠᠳᠠᠭ ᠰᠢᠯᠦᠭ ᠰᠡᠷᠡᠯ ᠳᠤ ᠴᠠᠭᠢᠯᠤᠨ ᠵᠢᠷᠦᠬᠡᠨ ᠳᠤ ᠪᠠᠭᠤᠨ᠎ᠠ ᠪᠢᠯᠡ᠃ | ᠬᠥᠬᠡᠷᠡᠵᠦ ᠰᠡᠬᠦᠶᠢᠭᠰᠡᠨ ᠲᠡᠷᠲᠡᠭᠡ ᠤᠢ ᠶᠢᠨ ᠴᠡᠯ ᠨᠣᠭᠤᠭᠠᠨ ᠨᠠᠪᠴᠢᠰ ᠭᠡᠷᠡᠯ ᠤᠨ ᠲᠤᠰᠤᠯᠲᠠ ᠳᠤ ᠡᠷᠬᠡᠯᠡᠵᠦ | ᠰᠢᠪᠠᠭᠤ ᠲᠠᠢ ᠪᠠᠨ ᠬᠤᠣᠰᠯᠠᠨ ᠵᠢᠷᠭᠢᠭᠡᠳ ᠪᠤᠭᠤᠷᠤᠯ ᠡᠷᠲᠡᠨ ᠤ ᠶᠠᠮᠠᠷ ᠨᠢᠭᠡᠨ ᠰᠣᠳᠣᠨ ᠡᠭᠡᠰᠢᠭ ᠮᠡᠲᠦ ᠡᠷᠭᠢ ᠶᠢᠨ | ᠴᠤᠤᠷᠢᠶ᠎ᠠ ᠲᠠᠢ ᠭᠦᠭ ᠨᠡᠶᠢᠯᠡᠭᠡᠳ ᠠᠯᠤᠰ ᠤᠨ ᠠᠯᠤᠰ ᠤᠶᠠᠩᠭᠠᠷᠠᠨ ᠲᠡᠯᠡᠷᠡᠬᠦ ᠨᠢ ᠶᠠᠭᠠᠬᠢᠭᠰᠠᠨ ᠭᠤᠶᠤ ᠪᠤᠢ︖ | ᠲᠡᠷᠡ ᠬᠦ ᠠᠮᠢᠳᠤ ᠴᠣᠪᠣᠭᠤᠯᠢᠭ᠂ ᠪᠠᠶᠢᠭᠠᠯᠢᠯᠢᠭ ᠥᠩᠭᠡ ᠦᠵᠡᠮᠵᠢ᠂ ᠲᠠᠶᠢᠯᠪᠤᠷᠢᠯᠠᠬᠤ ᠶᠢᠨ ᠠᠷᠭ᠎ᠠ ᠦᠭᠡᠢ ᠭᠦᠨ | ᠨᠢᠭᠤᠴᠠ ᠠᠶᠠᠯᠭᠤ ᠬᠥᠭᠵᠢᠮ ᠳᠤ ᠪᠢ ᠰᠣᠭᠲᠣᠭᠤᠷᠠᠬᠤ ᠳᠠᠭᠠᠨ ᠠᠭᠤᠰᠴᠤ ᠰᠢᠩᠭᠡᠮᠡᠷ ᠳᠤᠷᠠᠯᠠᠬᠤ ᠶᠢ ᠶᠠᠭᠤ ᠬᠡᠯᠡᠨ᠎ᠡ︖ | | ᠠᠷᠤ ᠭᠤᠪᠢ ᠪᠠᠨ ᠠᠮᠢᠯᠠᠲᠠᠯ᠎ᠠ ᠦᠦᠷᠰᠡᠨ ᠢᠨᠴᠠᠭᠠᠬᠤ ᠠᠳᠤᠭᠤᠳ ᠤᠨ ᠤᠩᠭᠤᠨ ᠪᠣᠰᠤᠭ᠎ᠠ ᠲᠡᠯ ᠵᠢᠪᠠᠷ ᠤᠨ | ᠠᠶ᠎ᠠ ᠪᠠᠷ ᠨᠠᠮᠢᠷᠠᠭᠠᠳ ᠬᠠᠷᠠᠭᠠᠨ ᠰᠡᠷᠡᠯ ᠳᠤ ᠲᠤᠭ ᠰᠢᠭ᠋ ᠦᠵᠡᠭᠳᠡᠨ᠎ᠡ᠃ ᠨᠡᠩ ᠴᠦ ᠡᠬᠡ ᠶᠢᠨ ᠢᠶᠠᠨ ᠬᠤᠶᠢᠭᠤᠷ | ᠤᠷᠳᠤᠭᠤᠷ ᠡᠷᠭᠢᠴᠡᠨ ᠲᠣᠭᠯᠠᠬᠤ ᠤᠨᠠᠭ᠎ᠠ ᠰᠠᠷᠪᠠ ᠶᠢ ᠬᠠᠷᠠᠬᠤ ᠠᠴᠠ ︽ᠡᠵᠢ ᠲᠠᠢ ᠳᠡᠭᠡᠨ ᠡᠨᠡ ᠬᠤᠷᠸ᠎ᠠ ᠡᠷᠬᠡ | ᠲᠠᠩᠭᠢ︾ ᠭᠡᠰᠡᠨ ᠪᠤᠳᠤᠯ ᠵᠢᠷᠦᠬᠡᠨ ᠠᠴᠠ ᠤᠷᠭᠤᠨ᠎ᠠ᠃ | ᠪᠢ ᠴᠦ ᠪᠠᠭ᠎ᠠ ᠳᠠᠭᠠᠨ ᠡᠬᠡ ᠪᠠᠨ ᠲᠠᠭᠠᠵᠦ ᠡᠷᠲᠡᠨ ᠤ ᠬᠡᠭᠡᠷ᠎ᠡ ᠲᠠᠯ᠎ᠠ ᠶᠢᠨ ᠬᠠᠯᠠᠭᠤᠨ ᠡᠩᠭᠡᠷ ᠠᠴᠠ ᠠᠷᠭᠠᠯ | ᠲᠡᠭᠦᠵᠦ ᠶᠠᠪᠤᠭᠰᠠᠨ ᠡᠳᠦᠷ ᠬᠤᠨᠤᠭ ᠢᠶᠠᠨ ᠳᠤᠷᠠᠰᠬᠤ ᠪᠠᠷ ᠲᠤᠩ ᠤᠳᠬ᠎ᠠ ᠤᠴᠢᠷ ᠲᠠᠢ ᠰᠠᠨᠠᠭᠳᠠᠨ᠎ᠠ᠃ | ᠪᠤᠭᠤᠷᠤᠯ ᠡᠷᠲᠡᠨ ᠤ ᠬᠡᠭᠡᠷ᠎ᠡ ᠲᠠᠯ᠎ᠠ ᠠᠴᠠ ᠤᠷᠭᠤᠭᠰᠠᠨ ᠰᠠᠭᠠᠷᠠᠯ ᠵᠡᠷᠭᠡᠯᠭᠡᠨ ᠬᠥᠲᠥᠯ ᠲᠣᠯᠣᠭᠠᠳ ᠤᠨ | ᠣᠷᠣᠢ ᠪᠠᠷ ᠵᠢᠷᠪᠢᠯᠵᠡᠨ ᠳᠠᠪᠬᠢᠭᠠᠳ ᠮᠢᠨᠤ ᠠᠩᠬᠠᠷᠤᠯ ᠢ ᠶᠠᠭᠠᠬᠢᠬᠤ ᠶᠢᠨ ᠠᠷᠭ᠎ᠠ ᠦᠭᠡᠢ ᠲᠠᠲᠠᠨ᠎ᠠ᠃ ᠪᠢ ᠲᠡᠭᠦᠨ ᠢ | ᠪᠠᠷᠢᠵᠤ ᠠᠪᠬᠤ ᠭᠡᠵᠦ ᠨᠠᠭᠠᠰᠢ ᠴᠠᠭᠠᠰᠢ ᠠᠮᠢ ᠲᠡᠮᠡᠴᠡᠨ ᠭᠦᠶᠦᠨ᠎ᠡ᠃ ᠡᠵᠢ ᠮᠢᠨᠢ ᠨᠠᠮᠠᠶᠢ ᠬᠠᠷᠠᠵᠤ ᠵᠣᠭᠰᠣᠭᠠᠳ | ᠲᠡᠰᠬᠡᠯ ᠦᠭᠡᠢ ︽ᠫᠦᠰ︾ ᠬᠢᠲᠡᠯ᠎ᠡ ᠢᠨᠢᠶᠡᠴᠢᠬᠡᠭᠡᠳ ︽ᠬᠡᠦᠬᠡᠳ ᠭᠡᠵᠦ ᠦᠨᠡᠬᠡᠷ ᠱᠤᠭ ᠲᠠᠢ᠂ ᠤᠷᠭᠠᠨ ᠳᠤ ᠣᠷᠣᠳᠠᠭ | ᠦᠭᠡᠢ ᠤᠩᠭᠤᠨ ᠵᠡᠷᠭᠡᠯᠭᠡᠨ ᠢ ᠪᠠᠷᠢᠵᠤ ᠳᠡᠶᠢᠯᠳᠡᠭ ᠶᠤᠮ ᠤᠤ︖︾ ᠭᠡᠪᠡ᠃ | ︽ᠪᠢ ᠯᠠᠪ ᠪᠠᠷᠢᠵᠤ ᠲᠡᠶᠢᠯᠦᠨ᠎ᠡ︾ ᠭᠡᠵᠦ ᠨᠠᠷᠢᠨ ᠪᠤᠷᠭᠠᠰᠤ ᠠᠳᠬᠤᠭᠠᠳ ᠰᠠᠪᠠᠵᠦ ᠭᠤᠶᠠᠳᠠᠭᠠᠳ | ᠬᠤᠶᠢᠨ᠎ᠠ ᠠᠴᠠ ᠨᠢ ᠬᠠᠭᠠᠰ ᠡᠳᠦᠷ ᠨᠡᠬᠡᠭᠡᠳ ᠲᠠᠮᠢᠷ ᠬᠦᠴᠦ ᠪᠠᠨ ᠪᠠᠷᠠᠭᠰᠠᠨ ᠪᠤᠯᠪᠠᠴᠦ ᠦᠨᠡᠬᠡᠷ ᠪᠠᠷᠢᠬᠤ ᠨᠢ | ᠪᠠᠶᠢᠲᠤᠭᠠᠢ᠂ ᠬᠠᠪᠢᠳᠠᠵᠤ ᠴᠦ ᠳᠡᠶᠢᠯᠦᠭᠰᠡᠨ ᠦᠭᠡᠢ᠃ ᠬᠥᠯ ᠬᠥᠰᠢᠭᠡᠳ ᠨᠠᠭᠤᠷ ᠤᠨ ᠬᠥᠪᠡᠭᠡᠨ ᠳᠤ ᠨᠤᠭᠤᠰᠤ | ᠭᠠᠯᠠᠭᠤ ᠶᠢ ᠬᠠᠷᠠᠵᠤ ᠰᠠᠭᠤᠪᠠ᠃ | ᠬᠥᠬᠡ ᠲᠡᠭᠷᠢ ᠨᠠᠭᠤᠷ ᠤᠨ ᠤᠰᠤᠨ ᠳᠤ ᠲᠤᠶᠠᠭᠠᠷᠠᠨ᠎ᠠ᠃ ᠨᠠᠷᠠ ᠴᠦ ᠳᠡᠭᠡᠷ᠎ᠡ ᠨᠢ ᠭᠦᠪᠭᠦ ᠰᠢᠭ ᠦᠵᠡᠭᠳᠡᠨ᠎ᠡ᠃ | ᠬᠠᠶᠠ ᠬᠠᠶᠠ ᠵᠢᠭᠠᠰᠤ ᠴᠣᠯᠭᠢᠬᠤ ᠪᠠᠷ ᠤᠰᠤ ᠨᠢ ᠠᠷ ᠲᠠᠲᠠᠭᠠᠳ ᠲᠡᠭᠷᠢ ᠨᠠᠷᠠ ᠲᠠᠢ ᠪᠠᠨ ᠬᠥᠳᠡᠯᠬᠦ ᠰᠢᠭ ᠪᠣᠯᠣᠨ᠎ᠠ᠃ | ᠲᠡᠷᠡ ᠦᠶ᠎ᠡ ᠳᠤ ᠤᠷᠠᠨ ᠬᠠᠵᠢᠨ ᠰᠢᠪᠠᠭᠤ ᠳᠥᠬᠦᠵᠦ ᠢᠷᠡᠬᠦ ᠪᠠᠷ ︽ᠬᠤᠰᠢᠭᠤ ᠪᠠᠷ ᠢᠶᠠᠨ ᠳᠣᠶ᠋ᠢᠪᠠᠯ ᠪᠠᠷᠠᠯ᠎ᠠ︾ | ᠭᠡᠵᠦ ᠪᠢ ᠰᠠᠨᠳᠤᠷᠪᠠ᠃ ᠭᠡᠲᠡᠯ᠎ᠡ ᠢᠯᠴᠢ ᠭᠡᠷᠡᠯ ᠢ ᠨᠢ ᠭᠥᠷᠳᠡᠭᠰᠡᠨ ᠰᠢᠪᠠᠭᠤᠳ ᠲᠡᠶᠢᠮᠦ ᠪᠢᠰᠢ᠂ ᠪᠠᠶᠠᠰᠬᠤ ᠳᠠᠭᠠᠨ | ᠨᠠᠭᠤᠷ ᠢᠶᠠᠨ ᠵᠢᠷᠭᠠᠲᠠᠯ᠎ᠠ ᠨᠤᠷᠭᠢᠯᠳᠤᠨᠠ᠃ ︽ᠲᠡᠳᠡᠨ ᠳᠤ ᠭᠦᠨ ᠵᠤᠵᠠᠭᠠᠨ ᠬᠠᠶᠢᠷ᠎ᠠ ᠰᠡᠳᠬᠢᠯᠭᠡ᠂ ᠡᠶ᠎ᠡ ᠨᠠᠶᠢᠷ᠂ | ᠬᠤᠷᠴᠠ ᠰᠡᠷᠭᠡᠭ ᠮᠡᠳᠡᠷᠡᠮᠵᠢ ᠲᠠᠢ ᠪᠠᠶᠢᠵᠤ ᠮᠡᠳᠡᠨ᠎ᠡ︾ ᠭᠡᠰᠡᠨ ᠲᠠᠭᠠᠮᠠᠭᠯᠠᠯ ᠲᠡᠷᠡ ᠦᠶ᠎ᠡ ᠠᠴᠠ ᠭᠦᠪᠦᠷᠡᠭᠰᠡᠨ | ᠪᠠᠶᠢᠵᠤ ᠳ᠋ᠠ︕ ᠭᠡᠲᠡᠯ᠎ᠡ ᠨᠢᠭᠡᠨ ᠤᠳᠠᠭᠠᠨ ᠤ ᠮᠣᠭᠠᠢ ᠠᠴᠠ ᠠᠶᠤᠭᠰᠠᠨ ᠢᠶᠠᠨ ᠪᠤᠳᠤᠬᠤ ᠪᠣᠯᠭᠠᠨ ᠵᠢᠷᠦᠬᠡ ᠴᠡᠴᠡᠷᠡᠨ᠎ᠡ᠃ | ᠠᠷᠤ ᠶᠢᠨ ᠮᠠᠩᠬᠠᠨ ᠳᠤ ᠰᠠᠭᠤᠭᠠᠳ ᠲᠣᠭᠯᠠᠵᠤ ᠪᠠᠶᠢᠲᠠᠯ᠎ᠠ ︽ᠮᠡᠷᠭᠡᠨ ᠠ᠋᠂ ᠠᠷᠤ ᠠᠴᠠ ᠴᠢᠨᠢ ᠁︾ ᠭᠡᠵᠦ ᠡᠵᠢ | ᠰᠣᠴᠢᠵᠤ ᠦᠷᠭᠦᠭᠰᠡᠨ ᠥᠨᠳᠥᠷ ᠲᠠᠭᠤᠨ ᠢᠶᠠᠷ ᠬᠠᠰᠬᠢᠷᠬᠤ ᠰᠣᠨᠣᠰᠳᠠᠪᠠ᠃ ᠡᠷᠭᠢᠨ ᠬᠠᠷᠠᠪᠠᠯ ᠠᠷᠤ ᠳᠤ ᠬᠠᠷ᠎ᠠ | ᠡᠷᠢᠶᠡᠨ ᠨᠢᠭᠡᠨ ᠮᠣᠭᠠᠢ ᠭᠡᠯᠡ ᠪᠠᠨ ᠭᠤᠯᠪᠠᠯᠵᠠᠭᠤᠯᠤᠨ ᠭᠡᠨᠡᠳᠡᠭᠦᠯᠦᠨ ᠲᠠᠭᠠᠷᠢᠬᠤ ᠬᠠᠷᠠᠭᠳᠠᠪᠠ᠃ | ︽ᠡᠵᠢ ᠠ᠋︕︾ ᠭᠡᠵᠦ ᠠᠶᠤᠬᠤ ᠳᠠᠭᠠᠨ ᠪᠢ ᠣᠷᠣᠨ ᠠᠴᠠ ᠪᠠᠨ ᠬᠥᠳᠡᠯᠬᠦ ᠲᠡᠩᠬᠡᠭᠡ ᠠᠯᠠᠭ᠎ᠠ ᠪᠣᠯᠵᠤ ᠡᠬᠡᠷ | ᠲᠠᠲᠠᠪᠠ᠃ | ︽ᠬᠦᠦ ᠮᠢᠨᠢ᠂ ᠪᠤᠤ ᠠᠶᠤ︕︾ ᠭᠡᠵᠦ ᠡᠵᠢ ᠬᠡᠯᠡᠬᠦ ᠶᠢᠨ ᠳᠠᠭᠠᠤ ᠭᠦᠶᠦᠵᠦ ᠢᠷᠡᠭᠡᠳ ᠮᠠᠯ ᠤᠨ | ᠲᠠᠰᠢᠭᠤᠷ ᠠᠴᠠ ᠤᠷᠳᠦ ᠪᠥᠭᠡᠳ ᠪᠦᠳᠦᠭᠦᠨ ᠲᠡᠷᠡ ᠮᠣᠭᠠᠢ ᠶᠢ ᠪᠠᠵᠠᠶᠢᠳᠠᠯᠠ ᠠᠳᠬᠤᠵᠤ ᠠᠪᠤᠭᠠᠳ ᠴᠢᠨᠠᠭᠰᠢ | ᠰᠢᠳᠠᠨ ᠶᠠᠪᠤᠭᠤᠯᠤᠭᠰᠠᠨ ᠢᠶᠠᠨ ᠨᠠᠮᠠᠶᠢ ᠡᠯᠢᠭᠡᠨ ᠳᠡᠭᠡᠨ ᠴᠢᠩᠭ᠎ᠠ ᠲᠡᠪᠡᠷᠢᠵᠦ ︽ᠬᠦᠦ ᠮᠢᠨᠢ᠂ ᠡᠵᠢ ᠳᠡᠭᠡᠨ ᠢᠷ᠎ᠡ︕ | ᠪᠤᠤ ᠠᠶᠤ︾ ᠭᠡᠵᠦ ᠬᠡᠯᠡᠭᠰᠡᠨ ᠦᠭᠡ ᠪᠠᠨ ᠠᠬᠢᠨ ᠲᠠᠭᠢᠨ ᠨᠣᠷᠱᠣᠬᠤ ᠳᠤ ᠬᠤᠭᠤᠯᠠᠢ ᠨᠢ ᠴᠡᠴᠡᠷᠡᠭᠡᠳ ᠵᠢᠷᠦᠬᠡ ᠨᠢ | ︽ᠲᠦᠭ ᠲᠦᠭ︾ ᠴᠣᠬᠢᠯᠠᠬᠤ ᠨᠢ ᠮᠡᠳᠡᠭᠳᠡᠵᠦ ᠪᠠᠶᠢᠯ᠎ᠠ᠃ | ︽ᠦᠷ᠎ᠡ ᠶᠢᠨ ᠢᠶᠠᠨ ᠲᠥᠯᠥᠭᠡ ᠦᠬᠦᠬᠦ ᠠᠴᠠ ᠠᠶᠤᠬᠤ ᠦᠭᠡᠢ︾ ᠭᠡᠳᠡᠭ ᠦᠭᠡᠨ ᠤ ᠦᠨᠡᠨ ᠢ ᠪᠢ ᠲᠡᠷᠡ | ᠴᠠᠭ ᠠᠴᠠ ᠤᠬᠠᠭᠠᠷᠠᠪᠠ᠃ ᠦᠨᠡᠨ ᠢ ᠬᠡᠯᠡᠪᠡᠯ ᠮᠢᠨᠤ ᠡᠵᠢ ᠶᠡᠷᠦ ᠶᠢᠨ ᠦᠶ᠎ᠡ ᠳᠡᠭᠡᠨ ᠳᠡᠭᠡᠰᠦᠨ ᠤ ᠲᠠᠰᠤᠷᠬᠠᠢ᠂ | ᠪᠥᠰ ᠤᠨ ᠥᠭᠡᠳᠡᠰᠦ ᠶᠢ ᠭᠦᠷᠳᠡᠯ᠎ᠡ ︽ᠮᠣᠭᠠᠢ︾ ᠭᠡᠵᠦ ᠠᠳᠡᠭᠦᠷᠡᠨ ᠪᠠᠯᠠᠭ ᠠᠯᠳᠠᠲᠠᠯ᠎ᠠ ᠠᠶᠤᠵᠤ ᠳᠤᠲᠠᠭᠠᠳᠠᠭ | ᠶᠤᠮᠰᠠᠨ᠃ ︽ᠲᠡᠷᠡ ᠡᠳᠦᠷ ᠶᠠᠭᠠᠬᠢᠭᠠᠳ ᠠᠶᠤᠵᠤ ᠡᠮᠢᠶᠡᠬᠦ ᠪᠠᠨ ᠲᠠᠭ ᠤᠮᠠᠷᠲᠠᠭᠠᠳ ᠰᠢᠭᠦᠷᠡᠨ ᠠᠪᠤᠮᠠᠭᠴᠠ ᠰᠢᠳᠠᠨ | ᠶᠠᠪᠤᠭᠤᠯᠤᠭᠰᠠᠨ ᠪᠤᠢ︖︾ ᠭᠡᠵᠦ ᠡᠷᠭᠢᠴᠡᠭᠦᠯᠦᠨ ᠰᠠᠨᠠᠬᠤ ᠠᠴᠠ ᠬᠥᠭᠡᠷᠦᠬᠦᠢ ᠡᠵᠢ ᠮᠢᠨᠢ ᠬᠠᠮᠤᠭ ᠤᠨ ᠠᠭᠤᠤ ᠶᠡᠭᠡ | ᠬᠥᠮᠥᠨ ᠪᠣᠯᠵᠤ ᠰᠡᠳᠬᠢᠯ ᠢ ᠭᠡᠷᠡᠯᠳᠦᠭᠦᠯᠦᠨ᠎ᠡ᠃ | ᠡᠳᠦᠷ ᠪᠣᠯᠭᠠᠨ ᠰᠢᠨ᠎ᠡ ᠦᠯᠢᠭᠡᠷ ᠲᠠᠢ᠂ ᠡᠵᠢ ᠶᠢᠨ ᠬᠠᠶᠢᠷ᠎ᠠ ᠲᠠᠢ ᠡᠷᠲᠡᠨ ᠤ ᠬᠡᠭᠡᠷ᠎ᠡ ᠲᠠᠯ᠎ᠠ᠂ ᠨᠠᠷᠠ ᠰᠠᠷ᠎ᠠ | ᠬᠤᠶᠠᠷ ᠡᠭᠡᠯᠵᠢᠯᠡᠨ ᠭᠡᠷᠡᠯᠳᠦᠭᠦᠯᠦᠭᠰᠡᠨ᠂ ᠨᠣᠮ ᠰᠤᠳᠤᠷ ᠰᠢᠭ᠋ ᠭᠦᠨᠵᠡᠭᠡᠢ ᠲᠠᠯ᠎ᠠ ᠮᠢᠨᠢ︕ | ︽ᠬᠥᠶ᠋ᠢ᠂ ᠡᠷᠲᠡᠨ ᠤ ᠬᠡᠭᠡᠷ᠎ᠡ ᠲᠠᠯ᠎ᠠ ᠶᠢᠨ ᠮᠥᠬᠦᠯᠢᠭ ᠴᠢᠯᠠᠭᠤᠨ ᠳᠤ ᠴᠦ ᠠᠮᠢ ᠲᠠᠢ᠂ ᠮᠡᠳᠡᠷᠡᠮᠵᠢ ᠲᠠᠢ ᠰᠢᠦ︕︾ | ᠭᠡᠵᠦ ᠠᠪᠤ ᠶᠢᠨ ᠦᠭᠡ ᠪᠤᠳᠤᠬᠳᠠᠨ᠎ᠠ᠃ ᠲᠡᠶᠢᠮᠦ ᠠ᠋᠂ ᠠᠳᠤᠭᠤᠨ ᠤ ᠪᠡᠯᠴᠢᠭᠡᠷ ᠲᠤ ᠤᠷᠭᠤᠭᠰᠠᠨ ᠲᠡᠷᠡ ᠤᠯᠠᠨ | ᠥᠩᠭᠡ ᠪᠦᠷᠢ ᠶᠢᠨ ᠴᠢᠯᠠᠭᠤᠳ ᠢ ᠰᠣᠨᠢᠷᠬᠠᠵᠤ ᠰᠠᠭᠤᠬᠤ ᠳᠤ ᠣᠨ ᠵᠢᠯ ᠤᠨ ᠤᠯᠠᠨ ᠠᠷᠪᠢᠨ ᠦᠯᠢᠭᠡᠷ ᠬᠦᠦᠷᠨᠢᠬᠦ | ᠰᠢᠭ ᠰᠠᠨᠠᠭᠳᠠᠬᠤ ᠪᠠᠷ ᠮᠥᠩᠬᠡ ᠶᠢᠨ ᠰᠤᠳᠤᠷ ᠪᠣᠯᠵᠤ ᠬᠠᠷᠠᠭᠠᠨ ᠡᠮᠦᠨ᠎ᠡ ᠳᠡᠯᠭᠡᠭᠳᠡᠨ᠎ᠡ᠃ | ᠡᠷᠲᠡᠨ ᠤ ᠬᠡᠭᠡᠷ᠎ᠡ ᠲᠠᠯ᠎ᠠ ᠶᠢᠨ ᠶᠠᠭᠤ ᠪᠦᠭᠦᠨ ᠨᠠᠮ᠎ᠠ ᠳᠤ ᠲᠥᠪ ᠶᠡᠬᠡᠮᠰᠦᠭ᠂ ᠲᠤᠩᠭᠠᠯᠠᠭ ᠭᠡᠭᠡᠨ᠂ ᠲᠣᠳᠣ | ᠬᠠᠯᠠᠭᠤᠮᠰᠤᠭ ᠪᠠᠶᠢᠳᠠᠭ ᠨᠢ ᠬᠠᠶᠢᠷᠠᠯᠠᠵᠤ ᠬᠠᠷᠠᠮᠨᠠᠳᠠᠭ ᠵᠠᠩ ᠴᠢᠨᠠᠷ ᠠᠴᠠ ᠮᠢᠨᠢ ᠪᠣᠯᠤᠭᠰᠠᠨ ᠴᠦ ᠪᠢᠯᠢᠦ︖ | ᠴᠢᠯᠠᠭᠤᠳ ᠨᠢ ᠲᠡᠰᠪᠦᠷᠢ ᠲᠡᠪᠴᠢᠶᠡᠷᠢ ᠪᠣᠯᠵᠤ ᠨᠠᠮᠠᠶᠢ ᠢᠷᠯᠡᠨᠡ᠃ ᠬᠤᠪᠢᠷᠠᠰᠢ ᠦᠭᠡᠢ ᠪᠠᠲᠤ ᠵᠣᠭᠰᠣᠯᠲᠠ ᠨᠢ | ᠵᠣᠷᠢᠭ ᠢ ᠮᠢᠨᠢ ᠬᠤᠷᠴᠠᠯᠠᠨ᠎ᠠ᠃ ᠬᠤᠷᠠᠵᠤ ᠨᠡᠶᠢᠯᠡᠬᠦ ᠪᠠᠷ ᠠᠭᠤᠯᠠ ᠪᠣᠯᠵᠤ᠂ ᠬᠠᠲᠠᠭᠤᠷᠠᠵᠤ ᠳᠤᠭᠤᠶᠢᠷᠠᠬᠤ ᠪᠠᠷ ᠭᠦᠨ | ᠤᠬᠠᠭᠠᠨ ᠪᠤᠯᠳᠠᠭ ᠢ ᠨᠢ ᠪᠢ ᠲᠤᠩ ᠪᠢᠰᠢᠷᠡᠨ᠎ᠡ᠃ ᠬᠠᠶᠠ ᠨᠢᠭᠡ ᠰᠥᠨᠢ ᠵᠡᠭᠦᠳᠦᠯᠡᠭᠡᠳ ᠰᠡᠷᠡᠬᠦ ᠳᠤ ᠮᠥᠩᠭᠦᠨ | ᠰᠠᠷᠠᠨ ᠠᠴᠠ ᠲᠠᠰᠤᠷᠠᠵᠦ ᠪᠠᠭᠤᠭᠰᠠᠨ ᠰᠢᠭ᠋ ᠭᠡᠷᠡᠯᠳᠦᠵᠦ ᠰᠠᠴᠤᠷᠠᠨ᠎ᠠ᠃ | ᠡᠪᠦᠭᠡ ᠳᠡᠭᠡᠳᠦᠰ ᠴᠢᠯᠠᠭᠤᠨ ᠳᠤ ᠬᠢᠵᠠᠭᠠᠷ ᠦᠭᠡᠢ ᠬᠠᠶᠢᠷᠠᠲᠠᠢ ᠪᠠᠶᠢᠭᠰᠠᠨ ᠨᠢ ᠦᠨᠡᠨ᠃ ᠮᠥᠩᠬᠡ ᠶᠢᠨ | ᠬᠤᠲᠤᠭ᠂ ᠮᠥᠰᠥ ᠴᠢᠨᠠᠷ ᠢ ᠨᠢ ᠪᠠᠭ᠋ᠠᠷᠬᠠᠵᠤ ᠦᠰᠦᠭ ᠪᠢᠴᠢᠭ ᠢᠶᠠᠨ ᠳᠡᠭᠡᠷ᠎ᠡ ᠨᠢ ᠰᠠᠶᠢᠯᠵᠦ ᠲᠡᠮᠳᠡᠭᠯᠡᠭᠡᠳ | ︽ᠴᠢᠯᠠᠭᠤᠨ ᠰᠤᠳᠤᠷ︾ ᠬᠡᠮᠡᠨ ᠨᠡᠷᠡᠶᠢᠳᠦᠭᠰᠡᠨ ᠨᠢ ᠴᠠᠭᠠᠨ᠎ᠠ ᠪᠠᠨ ᠪᠠᠰᠠ ᠨᠢᠭᠤᠴᠠ ᠲᠠᠢ ᠴᠦ ᠮᠠᠭᠠᠳ ᠠ᠋⁈ | ᠬᠠᠳᠠᠨ ᠪᠢᠴᠢᠭ᠂ ᠠᠭᠤᠢ ᠶᠢᠨ ᠵᠢᠷᠤᠭ᠂ ᠴᠢᠯᠠᠭᠤᠨ ᠪᠢᠴᠢᠭ ᠁ ᠵᠡᠷᠭᠡ ᠠᠴᠠ ᠰᠢᠨᠵᠢᠬᠦ ᠳᠤ ᠥᠪᠡᠷ ᠥᠪᠡᠷ ᠤᠨ | ᠣᠨᠴᠠᠯᠢᠭ ᠰᠢᠨᠵᠢ ᠪᠠᠨ ᠬᠠᠳᠠᠭᠠᠯᠠᠵᠤ᠂ ᠦᠶ᠎ᠡ ᠦᠶ᠎ᠡ ᠶᠢᠨ ᠬᠥᠮᠥᠰ ᠤᠨ ᠬᠠᠷᠠᠭ᠎ᠠ ᠬᠤᠵᠢᠷᠯᠠᠵᠤ ᠤᠶᠤᠨ ᠰᠠᠨᠠᠭ᠎ᠠ ᠶᠢ | ᠭᠡᠶᠢᠭᠦᠯᠦᠨ᠎ᠡ᠃ | ︽ᠴᠢᠯᠠᠭᠤ ᠲᠠᠢ ᠭᠠᠵᠠᠷ ᠭᠡᠷ ᠢᠶᠠᠨ ᠪᠠᠷᠢᠵᠤ᠂ ᠴᠢᠨ᠋ᠸ᠎ᠠ ᠲᠠᠢ ᠭᠠᠵᠠᠷ ᠮᠠᠯ ᠢᠶᠠᠨ ᠪᠡᠯᠴᠢᠭᠡᠷᠯᠡᠭᠦᠯ︾ ᠭᠡᠰᠡᠨ | ᠪᠤᠭᠤᠷᠤᠯ ᠳᠡᠭᠡᠳᠦᠰ ᠤᠨ ᠮᠡᠷᠭᠡᠨ ᠦᠭᠡ ᠠᠯᠳ᠋ᠨ ᠠᠴᠠ ᠦᠨ᠎ᠡ ᠲᠠᠢ ᠪᠠᠶᠢᠵᠤ ᠳ᠋ᠠ︕ | ᠪᠢ ᠡᠷᠲᠡᠨ ᠤ ᠬᠡᠭᠡᠷ᠎ᠡ ᠲᠠᠯ᠎ᠠ ᠶᠢᠨ ᠡᠪᠡᠰᠦᠨ ᠳᠡᠭᠡᠨ ᠨᠡᠩ ᠬᠠᠶᠢᠷᠠᠲᠠᠢ᠃ ᠪᠤᠬᠢᠨᠢᠳᠤᠯ ᠭᠠᠭᠴᠠᠭᠠᠷᠳᠠᠯ ᠢ ᠮᠡᠳᠡᠬᠦ | ᠦᠭᠡᠢ ᠶᠤᠮ ᠰᠢᠭ᠋ ᠭᠠᠵᠠᠷ ᠪᠦᠷᠬᠦᠲᠡᠯ᠎ᠡ ᠬᠥᠬᠡᠷᠡᠵᠦ ᠤᠷᠭᠤᠭᠠᠳ ᠲᠠᠯᠠᠢ ᠶᠢᠨ ᠤᠰᠤᠨ ᠰᠢᠭ᠋ ᠬᠠᠯᠢᠭᠤᠷᠠᠬᠤ ᠪᠠᠷ | ᠢᠷᠠᠭᠤ ᠨᠠᠶᠢᠷᠠᠭ ᠤᠨ ᠣᠩᠭᠤᠳ ᠬᠤᠪᠢᠯᠵᠤ ᠰᠡᠷᠡᠯ ᠢ ᠭᠦᠨᠳᠡᠨ᠂ ᠤᠷᠮ᠎ᠠ ᠶᠢ ᠬᠥᠭᠵᠢᠭᠡᠨ᠎ᠡ᠃ | ᠲᠠᠪᠤᠨ ᠬᠤᠰᠢᠭᠤ ᠮᠠᠯ ᠰᠦᠷᠦᠭ ᠤᠨ ᠲᠠᠷᠭᠤ ᠬᠦᠴᠦᠨ - ᠡᠪᠡᠰᠦ ᠮᠢᠨᠢ ᠠ᠋︕ ᠬᠠᠳᠤᠵᠤ ᠬᠢᠷᠭᠠᠭᠰᠠᠨ ᠴᠦ | ᠦᠬᠦᠳᠡᠭ ᠦᠭᠡᠢ᠂ ᠬᠠᠩᠬᠤᠯᠲᠠᠯ᠎ᠠ ᠲᠠᠭᠢᠵᠦ ᠤᠷᠭᠤᠳᠠᠭ ᠴᠢᠨᠦ ᠡᠷᠡᠰᠭᠡᠨ ᠠᠭᠠᠯᠢ᠂ ᠦᠨᠡᠨᠴᠢ ᠬᠠᠶᠢᠷ᠎ᠠ ᠳᠤ ᠴᠢᠨᠢ | ᠦᠭᠡ ᠬᠡᠯᠡᠵᠦ ᠴᠢᠳᠠᠬᠤ ᠦᠭᠡᠢ᠂ ᠦᠬᠡᠷ ᠴᠦ ᠳᠣᠭᠳᠣᠯᠬᠤ ᠳᠠᠭᠠᠨ ᠮᠥᠭᠡᠷᠡᠨ᠎ᠡ ᠭᠡᠳᠡᠭ᠃ ᠦᠨᠡᠨ - ᠲᠡᠶᠢᠮᠦ ᠤᠤ⁈ | ᠪᠤᠭᠤ ᠰᠤᠭᠤ᠂ ᠵᠡᠭᠡᠷ᠎ᠡ ᠬᠤᠯᠠᠨ᠂ ᠲᠠᠤᠯᠠᠢ᠂ ᠠᠯᠠᠭᠳᠠᠭ᠎ᠠ᠂ ᠬᠤᠷᠣᠬᠠᠢ ᠁ ᠪᠦᠭᠦᠳᠡ ᠶᠢᠨ ᠠᠮᠢᠨ ᠲᠡᠵᠢᠭᠡᠯ | ᠪᠤᠯᠬᠤ ᠳᠠᠭᠠᠨ ᠭᠠᠪᠢᠶᠠᠷᠬᠠᠳᠠᠭ ᠦᠭᠡᠢ᠃ ᠶᠡᠭᠡ ᠪᠠᠭ᠎ᠠ ᠭᠡᠵᠦ ᠢᠯᠭᠠᠳᠠᠭ ᠴᠦ ᠦᠭᠡᠢ᠃ ᠤᠷᠭᠤᠬᠤ ᠪᠠᠷ ᠢᠶᠠᠨ | ᠤᠷᠭᠤᠵᠦ᠂ ᠦᠷᠡᠯᠡᠬᠦ ᠪᠠᠷ ᠢᠶᠠᠨ ᠦᠷᠡᠯᠡᠨ᠎ᠡ᠃ | ᠵᠢᠪᠠᠷ ᠲᠠᠢ ᠦᠳᠡᠰᠢ ᠶᠢᠨ ᠰᠢᠪᠡᠨᠡᠭᠡ ᠶᠢ ᠴᠢᠨᠢ ᠰᠤᠨᠤᠰᠬᠤ ᠠᠴᠠ ᠠᠵᠢᠯ ᠠᠮᠢᠳᠤᠷᠠᠯ ᠤᠨ ᠠᠯᠵᠢᠶᠠᠯ ᠲᠠᠶᠢᠯᠤᠭᠳᠠᠵᠤ | ᠪᠡᠶ᠎ᠡ ᠲᠠᠶᠢᠳᠬᠤᠷᠠᠨᠠ᠃ ᠲᠠᠨ ᠳᠤ ᠤᠶᠢᠳᠬᠠᠷ ᠭᠡᠵᠦ ᠪᠠᠶᠢᠳᠠᠭ ᠦᠭᠡᠢ᠃ ᠭᠤᠨᠢᠭ ᠴᠦ ᠪᠠᠶᠢᠳᠠᠭ ᠦᠭᠡᠢ᠃ ᠪᠠᠶᠠᠷ | ᠪᠠᠶᠠᠰᠤᠯ᠂ ᠬᠦᠰᠡᠯ ᠡᠷᠡᠮᠡᠯᠵᠡᠯ ᠲᠠᠨ ᠤ ᠬᠢ ᠪᠠᠶᠢᠵᠠᠢ᠃ ᠵᠤᠨ ᠤ ᠥᠷᠯᠥᠭᠡ᠂ ᠨᠠᠪᠴᠢᠨ ᠤ ᠴᠢᠨᠢ ᠳᠡᠭᠡᠷ᠎ᠡ ᠪᠥᠮᠪᠥᠷᠢᠬᠦ | ᠰᠢᠭᠦᠳᠡᠷᠢ ᠶᠢᠨ ᠰᠠᠶᠢᠬᠠᠨ ᠢ ᠶᠠᠭᠠᠬᠢᠨ᠎ᠠ︖ ᠶᠠᠭᠤ ᠨᠢᠭᠡ ᠶᠢ ᠨᠠᠳᠠ ᠳᠤ ᠬᠡᠯᠡᠬᠦ ᠰᠢᠭ ᠥᠭᠡᠳᠡ ᠠᠴᠠ ᠰᠤᠪᠤᠳ ᠱᠢᠷᠦ | ᠰᠢᠭ ᠭᠢᠯᠲᠠᠭᠠᠨᠠᠭᠠᠳ ᠪᠠᠶᠢᠳᠠᠭ ᠢ ᠴᠢᠨᠢ ᠨᠡᠩ ᠶᠠᠭᠠᠬᠢᠨ᠎ᠠ⁈ | ᠰᠢᠬᠢᠷ ᠡᠪᠡᠰᠦ᠂ ᠵᠡᠭᠡᠷᠭᠡᠨ᠎ᠡ ᠁ ᠤᠯᠠᠨ ᠵᠦᠢᠯ ᠤᠨ ᠡᠪᠡᠰᠦ ᠤᠷᠭᠤᠮᠠᠯ ᠡᠮ ᠪᠣᠯᠵᠤ ᠬᠥᠮᠥᠨ | ᠲᠥᠷᠥᠯᠬᠢᠲᠡᠨ ᠢ ᠡᠪᠡᠳᠴᠢᠨ ᠡᠮᠭᠡᠭ ᠤᠨ ᠵᠤᠪᠠᠯᠠᠩ ᠠᠴᠠ ᠵᠠᠶᠢᠯᠠᠭᠤᠯᠤᠨ᠎ᠠ᠃ ᠲᠠᠨ ᠠᠴᠠ ᠠᠮᠢᠳᠠᠨ ᠭᠤᠣᠯᠲᠠᠨ | ᠬᠡᠵᠢᠶᠡᠳᠡ ᠰᠠᠯᠵᠤ ᠴᠢᠳᠠᠬᠤ ᠦᠭᠡᠢ᠃ ᠸᠣᠯᠲ ᠸᠧᠢᠲᠮᠠᠨ ᠴᠦ ᠴᠢᠮ᠎ᠠ ᠳᠤ ᠬᠠᠶᠢᠷᠠᠲᠠᠢ ᠪᠠᠶᠢᠭᠰᠠᠨ ᠠᠴᠠ ︽ᠡᠪᠡᠰᠦ | ᠨᠠᠪᠴᠢᠨ ᠤ ᠲᠡᠭᠦᠪᠦᠷᠢ︾ ᠭᠡᠬᠦ ᠰᠢᠯᠦᠭ ᠢᠶᠠᠷ ᠢᠶᠠᠨ ᠳᠡᠯᠡᠬᠡᠢ ᠳᠤ ᠠᠯᠳᠠᠷᠰᠢᠭᠰᠠᠨ᠃ | ᠳᠡᠯᠭᠡᠭᠰᠡᠨ ᠰᠤᠳᠤᠷ ᠰᠢᠭ᠋ ᠡᠷᠲᠡᠨ ᠤ ᠬᠡᠭᠡᠷ᠎ᠡ ᠲᠠᠯ᠎ᠠ ᠮᠢᠨᠤ︕ ᠳᠡᠭᠡᠳᠦᠰ ᠤᠨ ᠮᠢᠨᠢ ᠣᠷᠣᠰᠢᠵᠤ | ᠠᠮᠢᠳᠤᠷᠠᠭᠰᠠᠨ ᠨᠤᠲᠤᠭ ᠤᠰᠤᠨ ᠮᠢᠨᠤ︕ | ᠲᠤᠷᠤᠨ᠎ᠠ ᠵᠦᠭ ᠲᠡᠮᠡᠦᠯᠦᠨ ᠵᠢᠳᠬᠦᠬᠦ ᠭᠤᠣᠯ ᠭᠤᠷᠤᠬ᠎ᠠ ᠶᠢᠨ ᠴᠢᠨᠢ ᠤᠶᠠᠩᠭ᠎ᠠ ᠲᠠᠢ ᠰᠢᠷᠤᠩᠬᠠᠢ ᠶᠢ | ᠴᠢᠩᠨᠠᠵᠤ ᠵᠤᠬᠰᠤᠬᠤ ᠳᠠᠭᠠᠨ ᠪᠢ ᠤᠷᠳᠤ ᠶᠢᠨ ᠳᠠᠭᠤᠤ ᠪᠠᠨ ᠰᠠᠨᠠᠵᠤ ᠥᠪᠡᠷ ᠤᠨ ᠡᠷᠬᠡ ᠦᠭᠡᠢ ᠭᠢᠩᠰᠢᠵᠦ ᠭᠠᠷᠳᠠᠭ᠃ | ᠤᠷᠤᠰᠬᠤ ᠪᠠᠷ ᠴᠡᠪᠡᠷᠰᠢᠵᠦ᠂ ᠤᠶᠢᠯᠰᠤᠬᠤ ᠪᠠᠷ ᠲᠤᠩᠭᠠᠯᠠᠭᠰᠢᠭᠠᠳ ᠣᠨ ᠵᠢᠯ ᠤᠨ ᠠᠩᠭᠠᠯ ᠲᠠᠶᠢᠯᠵᠦ ᠢᠷᠡᠭᠰᠡᠨ | ᠭᠡᠭᠡᠨ ᠲᠡᠦᠬᠡ ᠶᠢ ᠴᠢᠨᠢ ᠬᠥᠮᠥᠨ ᠠᠮᠢᠳᠠᠨ ᠪᠦᠷ ᠮᠡᠳᠡᠨ᠎ᠡ᠃ | ᠭᠠᠳᠠᠭᠰᠢ ᠤᠷᠤᠰᠤᠭᠰᠠᠨ ᠴᠦ ᠳᠣᠲᠣᠭᠰᠢ ᠪᠠᠨ ᠴᠢᠳᠬᠤᠯᠠᠳᠠᠭ ᠭᠤᠣᠯ ᠭᠤᠷᠤᠬ᠎ᠠ ᠪᠠᠨ ᠬᠠᠷᠠᠬᠤ ᠳᠤ | ᠡᠬᠡ ᠶᠢᠨ ᠴᠠᠭᠠᠨ ᠰᠦ ᠪᠣᠯᠵᠤ ᠴᠢᠰᠤᠨ ᠰᠤᠳᠠᠰᠤ ᠪᠦᠭᠦᠨ ᠢᠶᠠᠷ ᠨᠡᠪᠳᠡᠷᠡᠨ᠎ᠡ᠃ ᠳᠡᠭᠳᠡᠭᠡᠬᠡᠢ ᠪᠠᠨ ᠳᠠᠭᠠᠭᠤᠯᠵᠤ | ᠱᠤᠮᠪᠠᠭ᠋ᠤ ᠬᠥᠭᠡᠷᠦᠬᠦᠨ ᠴᠠᠭᠠᠨ ᠬᠤᠨ᠂ ᠴᠡᠩᠬᠡᠷ ᠤᠰᠤᠨ ᠤ ᠴᠢᠨᠢ ᠳᠡᠭᠡᠷ᠎ᠡ ᠬᠠᠶᠢᠷ᠎ᠠ ᠶᠢᠨ ᠠᠮᠢᠳᠤ ᠵᠢᠷᠤᠭ ᠲᠠᠲᠠᠯᠠᠵᠤ | ᠥᠩᠭᠡᠷᠡᠨ᠎ᠡ᠃ ᠴᠢ ᠬᠠᠶᠢᠷ᠎ᠠ ᠶᠢᠨ ᠳᠡᠯᠡᠬᠡᠢ ᠪᠠᠶᠢᠵᠤ ᠳ᠋ᠠ⁈ ᠡᠷᠲᠡᠨ ᠤ ᠬᠡᠭᠡᠷ᠎ᠡ ᠲᠠᠯ᠎ᠠ ᠮᠢᠨᠢ ᠠ᠋︕ | ︽ᠲᠤᠩᠭᠤᠰ᠂ ᠲᠤᠩᠭᠤᠰ︾ ᠭᠦᠶᠦᠳᠡᠭ ᠲᠠᠤᠯᠠᠢ ᠶᠢᠨ ᠪᠥᠵᠥᠩ ᠴᠦ ᠴᠢᠮ᠎ᠠ ᠠᠴᠠ ᠬᠤᠯᠠᠳᠠᠬᠤ ᠦᠭᠡᠢ᠃ ᠬᠥᠮᠥᠨ | ᠬᠠᠷ᠎ᠠ ᠠᠴᠠ ᠡᠮᠢᠶᠡᠨ ᠳᠤᠲᠠᠭᠠᠭᠰᠠᠨ ᠴᠦ ᠡᠷᠭᠢᠭᠡᠳ ᠯᠡ ᠴᠢᠮ᠎ᠠ ᠳᠡᠭᠡᠷ᠎ᠡ ᠪᠠᠨ ᠢᠷᠡᠨ᠎ᠡ᠃ ᠲᠣᠷᠭᠠᠨ ᠵᠠᠮ ᠢ | ᠨᠡᠭᠡᠭᠡᠭᠰᠡᠨ ᠲᠡᠮᠡᠭᠡᠳ ᠴᠢᠨᠢ ᠬᠢᠯᠢ ᠳᠠᠪᠠᠭᠰᠠᠨ ᠴᠦ ᠪᠤᠶᠢᠯᠠᠨ ᠪᠤᠶᠢᠯᠠᠬᠰᠠᠭᠠᠷ ᠴᠢᠮ᠎ᠠ ᠳᠠᠭᠠᠨ ᠢᠷᠡᠨ᠎ᠡ᠃ ᠲᠠᠳᠠᠨ ᠤ | ᠨᠢᠳᠦᠨ ᠳᠤ ᠴᠢ ᠪᠣᠯ ᠥᠮᠥᠭ ᠲᠦᠰᠢᠭ᠂ ᠥᠨᠢᠳᠡ ᠣᠷᠣᠰᠢᠬᠤ ᠶᠢᠨ ᠠᠮᠤᠭᠤᠯᠠᠩ ᠣᠷᠣᠨ ᠵᠠᠢ ᠨᠢ ᠶᠤᠮ᠃ | ᠲᠡᠭᠷᠢ ᠲᠦᠰᠢᠭᠰᠡᠨ ᠠᠭᠤᠯᠠᠰ ᠢ ᠴᠢᠨᠢ ᠪᠠᠷᠠᠯᠠᠬᠤ ᠪᠠᠷ ᠪᠢ ᠰᠡᠬᠡᠭᠡᠷᠡᠨᠡ᠃ ᠡᠷᠲᠡᠨ ᠤ ᠬᠡᠭᠡᠷ᠎ᠡ ᠲᠠᠯ᠎ᠠ ᠮᠢᠨᠢ︕ | ᠵᠢᠷᠦᠬᠡ ᠪᠠᠨ ᠬᠤᠯᠪᠣᠭᠰᠠᠨ ᠲᠡᠳᠡᠭᠡᠷ ᠤᠯᠠᠨ ᠴᠢᠯᠠᠭᠤᠳ ᠴᠢᠨᠢ ᠣᠷᠣᠨ ᠪᠠᠶᠢᠷᠢ ᠪᠠᠨ ᠰᠠᠬᠢᠭᠠᠳ ᠣᠪᠣᠷ ᠭᠡᠵᠦ ᠴᠦ | ᠭᠦᠳᠡᠯᠳᠡᠭ ᠦᠭᠡᠢ᠃ ᠣᠯᠠᠭᠤᠯᠠ ᠪᠠᠨ ᠢᠵᠢᠯᠰᠢᠨ ᠨᠢᠭᠡᠳᠴᠦ ᠤᠷᠭᠢᠯ ᠢᠶᠠᠨ ᠡᠷᠭᠦᠭᠡᠳ ᠰᠦᠷ ᠭᠡᠷᠡᠯ ᠲᠠᠢ ᠰᠡᠬᠦᠶᠢᠨ᠎ᠡ᠃ | | ᠪᠦᠷᠭᠦᠳ ᠴᠢᠮ᠎ᠠ ᠳᠡᠭᠡᠷ᠎ᠡ ᠰᠠᠭᠤᠵᠤ ᠦᠳᠦ ᠰᠣᠳᠣ ᠪᠠᠨ ᠰᠡᠯᠪᠢᠳᠡᠭ ᠨᠢ ᠳᠣᠲᠣᠷ᠎ᠠ ᠠᠴᠠ ᠪᠠᠨ ᠭᠡᠷᠡᠯᠳᠦᠭᠦ ᠴᠢᠯᠠᠭᠤ | ᠪᠦᠭᠦᠨ ᠤ ᠴᠢᠨᠢ ᠢᠯᠴᠢ ᠭᠡᠷᠡᠯ ᠢ ᠰᠢᠩᠭᠡᠭᠡᠵᠦ᠂ ᠥᠨᠳᠥᠷ ᠨᠢᠰᠬᠦ ᠪᠠᠷ ᠪᠡᠯᠡᠳᠬᠡᠵᠦ ᠪᠠᠶᠢᠭ᠎ᠠ ᠪᠢᠵᠡ︖ ᠬᠦᠢᠲᠡᠨ | ᠰᠢᠭᠤᠷᠭ᠎ᠠ ᠲᠠᠢ ᠡᠪᠦᠯ ᠤᠨ ᠰᠥᠨᠢ᠃ ᠵᠡᠭᠡᠷ᠎ᠡ ᠶᠢᠨ ᠰᠦᠷᠦᠭ ᠳᠤᠯᠠᠭᠠᠨ ᠡᠩᠭᠡᠷ ᠲᠤ ᠴᠢᠨᠢ ᠳᠠᠪᠬᠢᠨ ᠢᠷᠡᠳᠡᠭ ᠢ ᠴᠦ | ᠪᠢ ᠣᠯᠠᠨᠲᠠ ᠬᠠᠷᠠᠯ᠎ᠠ᠃ ᠭᠠᠵᠠᠷ ᠠᠴᠠ ᠤᠷᠭᠤᠭᠰᠠᠨ ᠠᠭᠤᠯᠠ ᠭᠡᠵᠦ ᠬᠥᠮᠥᠨ ᠠᠮᠢᠳᠠᠨ ᠤ ᠥᠮᠥᠭ ᠲᠦᠰᠢᠭ ᠴᠦ | ᠶᠤᠮ ᠤᠤ︖ | ᠲᠠᠭᠤ ᠦᠭᠡᠢ ᠨᠢ ᠳᠤᠤᠭᠠᠷᠬᠤ ᠠᠴᠠ ᠪᠠᠨ ᠬᠦᠴᠦᠲᠡᠢ ᠭᠡᠵᠦ ᠠᠭᠤᠯᠠ ᠴᠢ ᠶᠡᠷᠦ ᠳᠡᠭᠡᠨ ᠳᠤᠭᠤᠢ᠃ ᠭᠡᠲᠡᠯ᠎ᠡ | ᠭᠠᠭᠴᠠᠬᠠᠨ ᠳᠤᠤᠭᠠᠷᠬᠤ ᠪᠠᠷ ᠭᠠᠵᠠᠷ ᠲᠡᠭᠷᠢ ᠲᠤᠷᠭᠢᠵᠦ᠂ ᠭᠠᠯᠪᠠ ᠶᠢᠷᠲᠢᠨᠴᠦ ᠳᠣᠯᠭᠢᠰᠤᠨᠠ ᠳ᠋ᠠ᠃ ᠠᠭᠤᠯᠠ ᠮᠢᠨᠢ᠂ | ᠴᠢᠨᠦ ᠮᠡᠳᠡᠷᠡᠮᠵᠢ ᠶᠢ ᠪᠢ ᠬᠠᠮᠤᠭ ᠠᠴᠠ ᠲᠣᠭᠤᠨ᠎ᠠ᠃ ᠴᠢᠨᠦ ᠠᠷᠢᠭᠤᠨ ᠴᠠᠭᠠᠨ ᠰᠠᠨᠠᠭ᠎ᠠ ᠶᠢ ᠲᠤᠶᠢᠯ ᠢᠶᠠᠷ ᠪᠢᠰᠢᠷᠡᠨ᠎ᠡ᠃ | ᠴᠢᠮ᠎ᠠ ᠶᠢ ᠲᠦᠰᠢᠵᠦ ᠪᠢ ᠬᠥᠯ ᠳᠡᠭᠡᠷ᠎ᠡ ᠪᠠᠨ ᠲᠣᠭᠲᠠᠭᠰᠠᠨ ᠰᠠᠨ᠃ | ᠲᠥᠭᠡᠷᠢᠬᠦ ᠳᠤ ᠵᠠᠮᠴᠢ ᠪᠣᠯᠤᠭᠰᠠᠨ ᠠᠴᠢᠲᠠᠨ᠂ ᠲᠦᠪᠡᠭᠳᠡᠬᠦ ᠳᠤ ᠲᠤᠰᠠᠯᠠᠵᠤ ᠳᠡᠮᠵᠢᠭᠰᠡᠨ ᠭᠠᠪᠢᠶᠠᠲᠠᠨ᠃ | ᠪᠦᠳᠦᠷᠢᠬᠦ ᠳᠤ ᠡᠷᠭᠦᠵᠦ ᠪᠣᠰᠬᠠᠭᠰᠠᠨ ᠡᠴᠢᠭᠡ᠂ ᠪᠤᠷᠤᠭᠤᠳᠠᠬᠤ ᠳᠤ ᠵᠥᠪᠲᠥᠭᠡᠵᠦ ᠰᠡᠬᠡᠭᠡᠷᠡᠭᠦᠯᠦᠭᠰᠡᠨ ᠡᠵᠢ ᠲᠠ | ᠪᠠᠶᠢᠵᠠᠢ᠃ ︽ᠪᠦᠯᠬᠦᠮᠳᠡᠯ ᠤᠨ ᠰᠦᠭ᠂ ᠳᠡᠯᠡᠬᠡᠢ ᠬᠠᠷᠠᠭᠤᠯᠤᠭᠰᠠᠨ ᠨᠢᠳᠦ︾ ᠬᠡᠮᠡᠨ ᠪᠢ ᠬᠠᠮᠢᠭ᠎ᠠ ᠭᠦᠷᠦᠭᠰᠡᠨ ᠴᠦ | ᠳᠠᠭᠤᠯᠠᠵᠤ ᠰᠢᠯᠦᠭᠯᠡᠬᠦ ᠪᠠᠨ ᠵᠤᠬᠰᠤᠬᠤ ᠦᠭᠡᠢ᠃ | ᠤᠩᠰᠢᠵᠤ ᠳᠠᠭᠤᠰᠬᠤ ᠦᠭᠡᠢ ᠮᠥᠩᠬᠡ ᠶᠢᠨ ᠨᠣᠭᠤᠭᠠᠨ ᠰᠤᠳᠤᠷ - ᠡᠷᠲᠡᠨ ᠤ ᠬᠡᠭᠡᠷ᠎ᠡ ᠲᠠᠯ᠎ᠠ ᠮᠢᠨᠤ᠃ | ᠮᠣᠷᠢ ᠪᠠᠷ ᠳᠠᠪᠬᠢᠭᠤᠯᠬᠤ ᠳᠤ ᠪᠤᠭᠤᠷᠤᠯ ᠲᠡᠦᠬᠡ ᠦᠭᠡᠶᠢᠯᠡᠭᠳᠡᠨ᠎ᠡ᠃ ᠮᠠᠨᠳᠤᠬᠤ ᠨᠠᠷᠠ ᠶᠢ ᠤᠭᠲᠤᠬᠤ ᠳᠤ ᠢᠷᠡᠭᠡᠳᠦᠢ | ᠮᠢᠨᠢ ᠦᠵᠡᠭᠳᠡᠨ᠎ᠡ᠃ ᠠᠭᠤᠳᠠᠯᠵᠤ ᠪᠠᠷᠠᠬᠤ ᠦᠭᠡᠢ ᠥᠪ ᠰᠣᠶᠣᠯ᠂ ᠥᠮᠴᠢᠷᠬᠡᠵᠦ ᠥᠭᠡᠳᠡᠯᠡᠬᠦ ᠬᠡᠶᠢᠮᠣᠷᠢ ᠰᠦᠯᠳᠡ | ᠮᠢᠨᠢ ᠠ᠋⁈ | |