ᠦᠯᠢᠭᠡᠷ ᠲᠤᠮᠤᠭ ᠰᠢᠭ᠋ ᠪᠠᠭ᠎ᠠ ᠶᠢᠨ ᠳᠤᠷᠠᠰᠤᠮᠵᠢ
ᠨᠡᠶᠢᠲᠡᠯᠡᠭᠰᠡᠨ ᠴᠠᠭ᠄
2024/6/3
     ᠪᠢ 1953 ᠣᠨ ᠠᠴᠠ 1955 ᠣᠨ ᠳᠤ ᠠᠶᠢᠯ ᠠᠴᠠ ᠪᠠᠨ ᠬᠤᠷᠢᠨ ᠭᠠᠵᠠᠷ ᠵᠠᠶᠢᠲᠠᠢ ᠶᠡᠭᠡᠶᠤᠯᠤ ᠳᠠᠬᠢ ᠪᠦᠷᠢᠨ ᠪᠠᠭ᠎ᠠ ᠰᠤᠷᠭᠠᠭᠤᠯᠢ ᠳᠤ ᠣᠴᠢᠵᠤ ᠰᠤᠷᠤᠯᠴᠠᠬᠰᠠᠨ ᠪᠢᠯᠡ᠃ ᠪᠠᠶᠢᠷᠢ ᠳᠤ ᠰᠠᠭᠤᠭᠰᠠᠨ ᠲᠤᠯᠠ ᠢᠳᠡᠬᠦ ᠪᠤᠳᠠᠭ᠎ᠠ ᠪᠠᠨ ᠭᠡᠷ ᠠᠴᠠ ᠪᠠᠨ ᠠᠪᠠᠴᠢᠨ᠎ᠠ᠂ ᠬᠠᠭᠠᠰ ᠵᠢᠯ ᠤᠨ ᠨᠣᠭᠤᠭ᠎ᠠ ᠶᠢᠨ ᠵᠣᠭᠤᠰ ᠬᠤᠶᠠᠷ ᠲᠥᠭᠦᠷᠢᠭ ᠬᠠᠭᠠᠰ ᠬᠤᠷᠢᠶᠠᠬᠤ ᠪᠠ ᠨᠢᠭᠡ ᠵᠢᠯ ᠤᠨ ᠲᠦᠯᠡᠭᠡ ᠵᠠᠭᠤ ᠬᠤᠷᠢᠨ ᠪᠣᠭᠤᠵᠢ ᠠᠪᠳᠠᠭ᠃ ᠬᠤᠶᠠᠷ ᠲᠥᠭᠦᠷᠢᠭ ᠬᠠᠭᠠᠰ ᠤᠨ ᠨᠣᠭᠤᠭ᠎ᠠ ᠶᠢᠨ ᠰᠦᠢᠳᠬᠡᠯ ᠢᠶᠠᠨ ᠳᠥᠩᠭᠡᠭᠡᠳ ᠠᠷᠭᠠᠴᠠᠴᠢᠬᠠᠳᠠᠭ ᠪᠤᠯᠪᠠᠴᠤ ᠪᠤᠳᠠᠭ᠎ᠠ᠂ ᠲᠦᠯᠡᠭᠡᠨ ᠳᠤ ᠶᠡᠭᠡ ᠬᠦᠴᠢᠷᠳᠡᠳᠡᠭ᠃     ᠲᠡᠷᠡ ᠬᠤᠶᠠᠷ ᠵᠢᠯ ᠡᠵᠢ ᠡᠪᠡᠳᠴᠢᠯᠡᠭᠡᠳ ᠭᠡᠷ ᠤᠨ ᠢᠳᠡᠬᠦ ᠪᠤᠳᠠᠭ᠎ᠠ ᠪᠠᠨ ᠴᠤ ᠳᠥᠩᠭᠡᠨ ᠳᠠᠩᠭᠠᠨ ᠪᠠᠭ᠎ᠠ ᠪᠠᠭ᠎ᠠ ᠪᠠᠷ ᠴᠠᠶᠢᠯᠭᠠᠵᠤ ᠪᠠᠶᠢᠭᠰᠠᠨ ᠪᠥᠭᠡᠳ ᠮᠠᠨ ᠤ ᠬᠢᠨ ᠲᠡᠷᠭᠡ ᠦᠭᠡᠢ ᠲᠤᠯᠠ ᠲᠦᠯᠡᠭᠡ ᠬᠦᠷᠭᠡᠵᠦ ᠴᠢᠳᠠᠬᠤ ᠦᠭᠡᠢ ᠭᠠᠴᠢᠭᠳᠠᠯ᠎ᠠ᠃ ᠨᠢᠭᠡ ᠭᠠᠷᠠᠭ ᠤᠨ ᠡᠳᠦᠷ ᠨᠠᠮᠠᠶᠢ ᠬᠠᠷᠢᠵᠤ ᠢᠷᠡᠬᠦᠯᠡᠷ ᠪᠠᠷᠠᠭᠤᠨ ᠠᠶᠢᠯ ᠳᠤ ᠪᠠᠶᠢᠳᠠᠭ ᠭᠤᠷᠪᠠᠳᠤᠭᠠᠷ ᠠᠪᠠᠭ᠎ᠠ ᠡᠭᠡᠴᠢ᠄︽ᠴᠢ ᠡᠨᠡ ᠰᠥᠨᠢ ᠳᠡᠭᠡᠨ ᠬᠠᠷ᠎ᠠ ᠪᠤᠳᠠᠭ᠎ᠠ ᠪᠠᠨ ᠠᠪᠤᠭᠠᠳ ᠢᠷ᠎ᠡ᠂ ᠪᠢ ᠰᠥᠨᠢ ᠳᠡᠭᠡᠨ ᠴᠠᠶᠢᠯᠭᠠᠵᠤ ᠪᠠᠷᠠᠪᠠᠯ ᠮᠠᠷᠭᠠᠰᠢ ᠥᠷᠯᠥᠭᠡ ᠰᠤᠷᠭᠠᠭᠤᠯᠢ ᠳᠠᠭᠠᠨ ᠠᠪᠤᠭᠠᠳ ᠶᠠᠪᠤ︾ ᠭᠡᠯ᠎ᠡ᠃ᠬᠤᠭᠤᠯᠠ ᠪᠤᠳᠠᠭ᠎ᠠ ᠢᠳᠡᠵᠦ ᠪᠠᠷᠠᠲᠠᠯ᠎ᠠ ᠬᠠᠷᠠᠩᠭᠤᠢ ᠪᠣᠯᠤᠭᠰᠠᠨ ᠪᠥᠭᠡᠳ ᠠᠪᠤ ᠲᠠᠷᠢᠶᠠᠨ ᠠᠴᠠ ᠪᠠᠨ ᠬᠠᠷᠢᠵᠤ ᠢᠷᠡᠳᠡᠯ᠎ᠡ ᠲᠤᠩ ᠣᠷᠣᠢ ᠪᠣᠯᠵᠠᠢ᠃ ᠠᠪᠦ‍ ᠨᠢᠭᠡ ᠬᠡᠦᠳᠡᠢ ᠬᠠᠷ᠎ᠠ ᠪᠤᠳᠠᠭ᠎ᠠ ᠰᠠᠪᠠᠯᠠᠵᠤ ᠡᠯᠵᠢᠭᠡᠨ ᠳᠤ ᠠᠴᠢᠵᠤ ᠥᠭᠪᠡ᠃ ᠪᠢ ᠡᠯᠵᠢᠭᠡ ᠪᠠᠨ ᠡᠮᠦᠨ᠎ᠡ ᠪᠠᠨ ᠬᠥᠭᠡᠭᠡᠵᠦ ᠶᠠᠪᠤᠬᠤ ᠳᠤ ᠡᠯᠵᠢᠭᠡ  ᠮᠢᠨᠤ ᠰᠠᠨᠠᠭ᠎ᠠ ᠪᠠᠷ ᠶᠠᠪᠤᠬᠤ ᠦᠭᠡᠢ᠂ ᠬᠥᠲᠥᠯᠵᠦ ᠶᠠᠪᠤᠬᠤ ᠳᠤ ᠮᠥᠨ ᠬᠡᠦᠳᠡᠢ ᠲᠠᠢ ᠪᠤᠳᠠᠭ᠎ᠠ ᠪᠠᠨ ᠤᠨᠠᠭᠠᠬᠤ ᠠᠴᠠ ᠪᠠᠨ ᠠᠶᠤᠨ᠎ᠠ᠂ ᠬᠡᠷᠪᠡ ᠬᠡᠦᠳᠡᠢ ᠲᠠᠢ ᠪᠤᠳᠠᠭ᠎ᠠ ᠪᠠᠨ ᠤᠨᠠᠭᠠᠪᠠᠯ ᠪᠢ ᠲᠠᠭᠢᠨ ᠠᠴᠢᠶᠠᠯᠠᠵᠤ ᠲᠡᠶᠢᠯᠭᠦ ᠦᠭᠡᠢ ᠪᠣᠯᠬᠤᠷ ᠴᠤᠯᠪᠤᠭᠤᠷ ᠠᠴᠠ ᠨᠢ ᠪᠠᠷᠢᠵᠤ ᠬᠠᠵᠠᠭᠤ ᠪᠠᠷ ᠨᠢ ᠶᠠᠪᠤᠬᠤ ᠶᠢᠨ ᠳᠠᠭᠠᠤ᠂ ᠨᠦᠭᠦᠭᠡ ᠭᠠᠷ ᠢᠶᠠᠷ ᠢᠶᠠᠨ ᠬᠡᠦᠳᠡᠢ ᠪᠠᠨ ᠲᠦᠰᠢᠬᠦ ᠬᠡᠷᠡᠭᠲᠡᠢ᠃     ᠵᠣᠨ ᠤ ᠰᠥᠨᠢ ᠡᠭᠦᠯᠡ ᠦᠭᠡᠢ ᠪᠤᠯᠪᠠᠴᠤ ᠰᠠᠷᠠ ᠦᠭᠡᠢ ᠲᠤᠯᠠ ᠫᠠᠳ ᠬᠠᠷᠠᠩᠭᠤᠢ᠂ ᠲᠠᠯ᠎ᠠ ᠶᠢᠨ ᠳᠤᠮᠳᠠᠭᠤᠷ ᠡᠪᠡᠰᠦ ᠥᠯᠥᠩ ᠶᠡᠭᠡ ᠪᠥᠭᠡᠳ ᠤᠤᠯ ᠠᠴᠠ ᠪᠠᠨ ᠲᠡᠷᠡ ᠬᠡᠰᠡᠭ ᠭᠠᠵᠠᠷ ᠡᠷᠢᠶᠡᠨ ᠲᠠᠢ ᠭᠡᠬᠦ ᠬᠡᠯᠡᠯᠴᠡᠭᠡ ᠪᠠᠶᠢᠳᠠᠭ᠂ ᠪᠤᠳᠤᠪᠠᠯ ᠡᠷᠢᠶᠡᠨ ᠲᠠᠢ ᠭᠡᠳᠡᠭ ᠨᠢ ᠴᠢᠳᠬᠦᠷ ᠲᠠᠢ ᠭᠡᠰᠡᠨ ᠦᠭᠡ ᠪᠠᠶᠢᠬᠤ ᠠ᠋᠂ ᠭᠡᠪᠡᠴᠦ ᠪᠢ ᠴᠢᠳᠬᠦᠷ ᠲᠠᠢ ᠭᠡᠳᠡᠭ ᠢ  ᠨᠢ ᠢᠲᠡᠭᠡᠬᠦ ᠦᠭᠡᠢ᠂ ᠬᠠᠷᠢᠨ ᠠᠶᠤᠳᠠᠭ ᠨᠢ ᠴᠢᠨ᠋ᠸ᠎ᠠ ᠪᠢᠯᠡ᠃ ᠰᠥᠨᠢ ᠶᠢᠨ ᠬᠠᠷᠠᠩᠭᠤᠢ ᠳᠤ ᠡᠯᠵᠢᠭᠡ ᠯᠡ ᠬᠥᠮᠥᠨ ᠢ ᠠᠶᠤᠯᠭᠠᠳᠠᠭ ᠶᠤᠮ ᠪᠠᠶᠢᠨ᠎ᠠ᠃ ᠠᠶᠢᠯ ᠠᠴᠠ ᠪᠠᠭ᠎ᠠ ᠵᠠᠶᠢᠳᠠᠭᠤ ᠪᠤᠯᠬᠤ ᠳᠤ  ᠪᠠᠶᠢᠨ ᠲᠠᠭᠢᠨ ᠴᠢᠬᠢ ᠪᠠᠨ ᠭᠤᠷᠣᠯᠵᠠᠭᠤᠯᠤᠨ ᠰᠢᠯᠤᠭᠤᠬᠠᠨ ᠶᠠᠪᠤᠬᠤ ᠦᠭᠡᠢ ᠪᠤᠶᠤ ᠵᠠᠷᠢᠮ ᠳᠠᠭᠠᠨ ᠵᠣᠭᠰᠣᠴᠢᠬᠠᠭᠠᠳ ᠴᠢᠬᠢ ᠪᠠᠨ ᠬᠤᠶᠢᠰᠢ ᠰᠣᠯᠪᠢᠴᠠᠭᠤᠯᠤᠨ ᠭᠤᠷᠣᠯᠵᠠᠭᠤᠯᠬᠤ ᠪᠤᠶᠤ ᠬᠠᠮᠠᠷ ᠢᠶᠠᠨ ᠳᠣᠷᠭᠢᠭᠤᠯᠤᠨ᠎ᠠ᠃ ᠬᠡᠷᠪᠡ ᠲᠡᠷᠡ ᠦᠶ᠎ᠡ ᠳᠤ ᠡᠯᠵᠢᠭᠡ  ᠦᠷᠭᠦᠵᠦ ᠳᠤᠲᠠᠭᠠᠬᠤ ᠶᠤᠮ ᠦᠦ᠂ ᠡᠰᠡᠬᠦᠯ᠎ᠡ ᠨᠠᠳᠬᠤᠭᠠᠳ ᠬᠡᠦᠳᠡᠢ ᠲᠠᠢ ᠪᠤᠳᠠᠭ᠎ᠠ ᠶᠢ ᠤᠨᠠᠭᠠᠭᠰᠠᠨ ᠪᠣᠯ ᠪᠢ ᠠᠷᠭ᠎ᠠ ᠦᠭᠡᠢ ᠪᠤᠯᠬᠤ ᠶᠤᠮ᠃     ᠪᠠᠷᠠᠭᠤᠨ ᠠᠶᠢᠯ ᠣᠶᠢᠷᠠᠲᠤᠵᠤ ᠪᠠᠶᠢᠬᠤ ᠳᠤ ᠡᠯᠵᠢᠭᠡ ᠭᠡᠨᠡᠳᠲᠡ ᠵᠣᠭᠰᠣᠭᠠᠳ ᠴᠢᠬᠢ ᠪᠠᠨ ᠠᠰ ᠡᠮᠦᠨᠡᠰᠢ ᠬᠠᠨᠳᠤᠭᠤᠯᠤᠨ ᠪᠠᠶᠢᠨ ᠪᠠᠶᠢᠨ ᠬᠠᠮᠠᠷ ᠳᠣᠷᠭᠢᠭᠤᠯᠤᠨ᠎ᠠ᠂ ᠪᠢ ᠠᠶᠤᠬᠤ ᠳᠠᠭᠠᠨ ᠴᠤᠯᠪᠤᠭᠤᠷ ᠢ ᠨᠢ ᠣᠶᠢᠷᠠᠬᠠᠨ ᠪᠠᠷᠢᠵᠤ ᠴᠢᠩᠭ᠎ᠠ ᠠᠳᠬᠤᠨ ᠡᠮᠦᠨᠡᠰᠢ ᠬᠠᠷᠠᠬᠤ ᠳᠤ ᠶᠠᠭᠤ ᠴᠤ ᠬᠠᠷᠠᠭᠳᠠᠬᠤ ᠦᠭᠡᠢ᠂ ᠭᠡᠲᠡᠯ᠎ᠡ ᠯᠠᠪᠯᠠᠨ ᠴᠢᠩᠨᠠᠪᠠᠯ ᠶᠠᠮᠠᠷ ᠨᠢᠭᠡ ᠴᠢᠮᠡᠭᠡ ᠭᠠᠷᠬᠤ ᠰᠢᠭ᠋ ᠪᠤᠯᠬᠤ ᠳᠤ ᠨᠡᠩ ᠶᠡᠭᠡ ᠠᠶᠢᠳᠠᠰ ᠬᠦᠷᠴᠦ ᠪᠦᠭᠦ ᠪᠡᠶ᠎ᠡ ᠴᠡᠴᠡᠷᠬᠢᠯᠡᠨ᠎ᠡ᠃ ᠪᠢ ᠲᠤᠩ ᠶᠡᠭᠡ ᠪᠠᠴᠢᠮᠳᠠᠨ ᠪᠠᠶᠢᠬᠤ ᠳᠤ ᠡᠯᠵᠢᠭᠡ ᠬᠠᠷᠢᠨ ᠲᠠᠶᠢᠪᠤᠭᠤ ᠪᠣᠯᠤᠭᠰᠠᠨ ᠮᠠᠶ᠋ᠢᠭᠲᠠᠢ ᠪᠣᠯᠪᠠ᠂ ᠪᠢ ᠭᠡᠨᠡᠳᠲᠡ ᠨᠢᠭᠡᠨ ᠤᠬᠠᠭᠠᠨ ᠣᠷᠣᠵᠤ᠂ ᠣᠴᠣᠶᠢᠨ ᠰᠠᠭᠤᠭᠠᠳ ᠬᠠᠷᠠᠩᠭᠤᠢ ᠳᠣᠲᠣᠷ᠎ᠠ ᠠᠵᠢᠭᠯᠠᠬᠤ ᠳᠤ ᠡᠮᠦᠨ᠎ᠡ ᠠᠴᠠ ᠬᠡᠳᠦᠨ ᠪᠠᠷᠠᠭᠠᠨ ᠰᠡᠭᠦᠳᠡᠷ ᠪᠥᠷᠲᠥᠯᠵᠡᠨ ᠬᠠᠷᠠᠭᠳᠠᠬᠤ ᠪᠥᠭᠡᠳ ᠤᠯᠠᠮ ᠢᠶᠠᠷ ᠣᠶᠢᠷᠠᠲᠤᠯ᠎ᠠ᠂ ᠤᠳᠠᠯ ᠦᠭᠡᠢ ᠬᠥᠮᠥᠰ ᠤᠨ ᠶᠠᠷᠢᠯᠴᠠᠬᠤ ᠲᠠᠭᠤᠨ ᠭᠠᠷᠴᠤ ᠭᠤᠷᠪᠠᠨ ᠬᠥᠮᠥᠨ ᠥᠭᠡᠳᠡ ᠠᠴᠠ ᠬᠦᠷᠴᠦ ᠢᠷᠡᠪᠡ᠃ ᠲᠡᠳᠡ ᠨᠠᠮᠠᠶᠢ ᠦᠵᠡᠭᠡᠳ ᠤᠴᠢᠷ ᠶᠠᠪᠤᠳᠠᠯ ᠢ ᠠᠰᠠᠭᠤᠵᠤ ᠮᠠᠰᠢ ᠶᠡᠭᠡ ᠪᠢᠰᠢᠷᠡᠭᠰᠡᠨ ᠪᠠᠶᠢᠳᠠᠯ ᠲᠠᠢ᠂ ᠡᠨᠡ ᠬᠦᠦ ᠦᠨᠡᠬᠡᠷ ᠬᠡᠴᠡᠭᠦᠦ ᠪᠠᠶᠢᠨ᠎ᠠ ᠭᠡᠵᠡᠭᠡᠨ᠎ᠡ᠃ ᠪᠢ ᠪᠤᠳᠠᠭ᠎ᠠ ᠪᠠᠨ ᠬᠦᠷᠭᠡᠵᠦ ᠭᠦᠷᠦᠭᠰᠡᠨ ᠳᠤ ᠠᠪᠠᠭ᠎ᠠ ᠡᠭᠡᠴᠢ ᠪᠤᠳᠠᠭ᠎ᠠ ᠴᠠᠶᠢᠯᠭᠠᠬᠤ ᠪᠡᠯᠡᠳᠬᠡᠯ ᠢᠶᠠᠨ ᠬᠢᠵᠦ ᠪᠠᠷᠠᠭᠠᠳ ᠨᠠᠮᠠᠶᠢ ᠤᠨᠲᠠ ᠭᠡᠪᠡ᠃ ᠨᠠᠳᠠ ᠳᠤ ᠲᠠᠪᠤᠨ ᠠᠪᠠᠭ᠎ᠠ ᠡᠭᠡᠴᠢ ᠲᠠᠢ ᠪᠤᠯᠪᠠᠴᠤ ᠬᠠᠮᠤᠭ ᠠᠴᠠ ᠣᠶᠢᠷᠠᠲᠤᠳᠠᠭ  ᠨᠢ ᠭᠤᠷᠪᠠᠳᠤᠭᠠᠷ ᠠᠪᠠᠭ᠎ᠠ ᠡᠭᠡᠴᠢ ᠪᠢᠯᠡ᠂ ᠢᠯᠠᠩᠭᠤᠶ᠎ᠠ ᠨᠠᠮᠠᠶᠢ ᠪᠦᠷᠢᠨ ᠪᠠᠭ᠎ᠠ ᠰᠤᠷᠭᠠᠭᠤᠯᠢ ᠳᠤ ᠣᠴᠢᠭᠰᠠᠨ ᠠᠴᠠ ᠬᠤᠶᠢᠰᠢ᠂ ᠤᠳᠠᠭ᠎ᠠ ᠪᠦᠷᠢ ᠰᠤᠷᠭᠠᠭᠤᠯᠢ ᠳᠤ ᠶᠠᠪᠤᠬᠤ ᠪᠠ ᠬᠠᠷᠢᠵᠤ ᠢᠷᠡᠬᠦ ᠳᠡᠭᠡᠨ ᠪᠦᠷ ᠠᠪᠠᠭ᠎ᠠ ᠡᠭᠡᠴᠢ ᠶᠢᠨ ᠳᠤ ᠪᠠᠭᠤᠳᠠᠭ᠂ ᠪᠢ ᠠᠪᠠᠭ᠎ᠠ ᠡᠭᠡᠴᠢ ᠪᠠᠨ ᠶᠡᠷᠦ ᠡᠵᠢ ᠲᠠᠢ ᠪᠠᠨ ᠠᠳᠠᠯᠢ ᠦᠵᠡᠵᠦ᠂ ᠠᠪᠠᠭ᠎ᠠ ᠡᠭᠡᠴᠢ ᠴᠤ ᠨᠠᠮᠠᠶᠢ ᠬᠦᠦ ᠲᠠᠢ ᠪᠠᠨ ᠠᠳᠠᠯᠢ ᠡᠩᠬᠦᠷᠡᠶᠢᠯᠡᠨ ᠰᠠᠨᠠᠳᠠᠭ ᠶᠤᠮ᠃  ᠭᠦᠭᠡᠬᠤᠲᠠ ᠳᠤ ᠢᠷᠡᠬᠦ ᠠᠴᠠ ᠪᠠᠨ ᠡᠮᠦᠨ᠎ᠡ᠂ ᠪᠢ  ᠠᠪᠠᠭ᠎ᠠ ᠡᠭᠡᠴᠢ ᠳᠡᠭᠡᠨ ᠰᠠᠯᠬᠤ ᠶᠣᠰᠣ ᠬᠢᠬᠦ ᠪᠠᠷ ᠣᠴᠢᠬᠤ ᠳᠤ᠂ ᠬᠦᠦ ᠮᠢᠨᠢ ᠰᠤᠷᠭᠠᠭᠤᠯᠢ ᠳᠠᠭᠠᠨ ᠣᠴᠢᠪᠠᠯ ᠡᠵᠢ ᠠᠪᠤ ᠳᠠᠭᠠᠨ ᠦᠷᠭᠦᠯᠵᠢ ᠵᠠᠬᠢᠳᠠᠯ ᠢᠷᠡᠭᠦᠯᠵᠦ ᠪᠠᠢ᠂ ᠰᠤᠷᠭᠠᠭᠤᠯᠢ ᠳᠠᠭᠠᠨ ᠬᠤᠨᠣᠵᠤ ᠬᠡᠪᠲᠡᠬᠦ ᠠᠴᠠ ᠢᠳᠡᠵᠦ ᠤᠤᠭᠤᠵᠤ ᠪᠠᠶᠢᠭ᠎ᠠ ᠪᠠᠶᠢᠳᠠᠯ ᠳᠠᠭᠠᠨ ᠭᠦᠷᠳᠡᠯ᠎ᠡ ᠬᠡᠯᠡᠵᠦ ᠥᠭ᠂ ᠡᠵᠢ ᠠᠪᠤ ᠴᠢᠨᠢ ᠮᠡᠳᠡᠪᠡᠯ ᠪᠠᠶᠠᠷᠯᠠᠬᠤ ᠶᠤᠮ ᠰᠢᠦ ᠭᠡᠵᠦ ᠰᠤᠷᠭᠠᠵᠤ ᠪᠠᠶᠢᠭᠰᠠᠨ ᠪᠢᠯᠡ᠃ ᠪᠢ ᠬᠡᠳᠦᠶᠢᠪᠡᠷ ᠠᠪᠠᠭ᠎ᠠ ᠡᠭᠡᠴᠢ ᠶᠢᠨ ᠬᠡᠯᠡᠭᠰᠡᠨ ᠶᠣᠰᠣᠭᠠᠷ ᠬᠢᠭᠰᠡᠨ ᠪᠤᠯᠪᠠᠴᠤ ᠨᠠᠷᠢᠨ ᠤᠴᠢᠷ ᠢ ᠭᠦᠨ ᠮᠡᠳᠡᠭᠰᠡᠨ ᠦᠭᠡᠢ᠃ ᠬᠠᠷᠢᠨ ᠭᠤᠴᠢᠨ ᠵᠢᠯ ᠤᠨ ᠲᠠᠷᠠᠭ᠎ᠠ ᠮᠢᠨᠤ ᠬᠦᠦ᠂ ᠬᠡᠦᠬᠡᠨ ᠭᠠᠳᠠᠨ᠎ᠠ ᠭᠠᠵᠠᠷ ᠶᠡᠭᠡ ᠰᠤᠷᠭᠠᠭᠤᠯᠢ ᠳᠤ ᠰᠤᠷᠤᠯᠴᠠᠵᠤ ᠪᠠᠶᠢᠬᠤ ᠳᠤᠨᠢ ᠡᠳᠦᠷᠵᠢᠨ ᠵᠠᠬᠢᠳᠠᠯ ᠴᠢᠮᠡᠭᠡ ᠶᠢ ᠨᠢ ᠬᠦᠰᠡᠵᠦ ᠪᠠᠶᠢᠭᠰᠠᠨ ᠪᠠ ᠵᠠᠬᠢᠳᠠᠯ ᠢ ᠨᠢ ᠦᠵᠡᠪᠡᠯ ᠪᠠᠶᠠᠷᠯᠠᠬᠤ ᠳᠠᠭᠠᠨ ᠠᠪᠠᠭ᠎ᠠ ᠡᠭᠡᠴᠢ ᠶᠢᠨ ᠮᠢᠨᠢ ᠲᠤᠬᠠᠢ ᠶᠢᠨ ᠦᠶ᠎ᠡ ᠳᠤ ᠬᠡᠯᠡᠵᠦ ᠰᠤᠷᠭᠠᠵᠤ ᠪᠠᠶᠢᠭᠰᠠᠨ ᠦᠭᠡᠨ ᠤ ᠭᠦᠨ ᠤᠳᠬ᠎ᠠ ᠶᠢ  ᠣᠶᠢᠯᠠᠭᠠᠭᠰᠠᠨ ᠪᠢᠯᠡ᠃     ᠲᠡᠷᠡ ᠰᠥᠨᠢ ᠪᠢ ᠬᠤᠶᠠᠷ ᠪᠦᠯᠦ ᠳᠡᠭᠦᠦ ᠲᠠᠢ ᠪᠠᠨ ᠤᠨᠲᠠᠵᠤ᠂  ᠨᠣᠶᠢᠷ ᠬᠤᠯᠵᠢᠭᠰᠠᠨ ᠪᠤᠯᠪᠠᠴᠤ ᠶᠠᠳᠠᠭᠰᠠᠨ ᠤ ᠡᠷᠬᠡᠨ ᠳᠤ ᠬᠡᠳᠦᠢ ᠳᠤ ᠪᠤᠳᠠᠭ᠎ᠠ ᠴᠠᠶᠢᠯᠭᠠᠵᠤ ᠪᠠᠷᠠᠭᠰᠠᠨ ᠢ ᠮᠡᠳᠡᠭᠰᠡᠨ ᠦᠭᠡᠢ᠂ ᠨᠢᠭᠡ ᠮᠡᠳᠡᠬᠦ ᠳᠤ ᠠᠪᠠᠭ᠎ᠠ ᠡᠭᠡᠴᠢ ᠨᠠᠮᠠᠶᠢ ᠳᠠᠭᠤᠳᠠᠨ ᠰᠡᠷᠡᠭᠡᠵᠦ ᠪᠤᠳᠠᠭ᠎ᠠ ᠢᠳᠡ ᠭᠡᠪᠡ᠃ ᠪᠣᠰᠣᠭᠠᠳ ᠦᠵᠡᠭᠰᠡᠨ ᠴᠢᠨᠢ ᠠᠪᠠᠭ᠎ᠠ ᠡᠭᠡᠴᠢ ᠮᠠᠨᠢ ᠴᠠᠶᠢᠯᠭᠠᠭᠰᠠᠨ ᠪᠤᠳᠠᠭ᠎ᠠ ᠪᠠᠨ ᠬᠡᠦᠳᠡᠢ ᠳᠤ ᠰᠠᠪᠠᠯᠠᠭᠠᠳ ᠪᠡᠯᠡᠨ ᠪᠤᠯᠭᠠᠬᠰᠠᠨ ᠪᠠᠶᠢᠵᠠᠢ᠃ ᠪᠢ ᠲᠡᠷᠡ ᠥᠷᠯᠥᠭᠡ ᠳᠡᠭᠡᠨ ᠴᠠᠭᠠᠨ ᠪᠤᠳᠠᠭ᠎ᠠ ᠪᠠᠨ ᠡᠯᠵᠢᠭᠡᠨ ᠳᠡᠭᠡᠨ ᠠᠴᠢᠭᠠᠳ ᠰᠤᠷᠭᠠᠭᠤᠯᠢ ᠪᠠᠨ ᠴᠢᠭᠯᠡᠪᠡ᠂ ᠦᠳᠡ ᠶᠢᠨ ᠬᠤᠶᠢᠨ᠎ᠠ ᠨᠢ ᠪᠣᠷᠣ ᠮᠥᠷ ᠢᠶᠠᠷ ᠢᠶᠠᠨ ᠡᠷᠭᠢᠵᠦ ᠭᠡᠷ ᠵᠦᠭ ᠲᠡᠭᠡᠨ ᠭᠡᠯᠳᠦᠷᠢᠵᠡᠢ᠃ ᠮᠠᠷᠭᠠᠰᠢ ᠥᠷᠯᠥᠭᠡ ᠨᠢ ᠭᠡᠭᠡ ᠣᠷᠣᠬᠤ ᠠᠴᠠ ᠡᠮᠦᠨ᠎ᠡ ᠪᠣᠰᠣᠭᠠᠳ ᠰᠤᠷᠭᠠᠭᠤᠯᠢ ᠵᠦᠭ ᠲᠡᠭᠡᠨ ᠭᠦᠶᠦᠭᠰᠡᠭᠡᠷ ᠲᠦᠷᠦᠭᠦᠦ ᠬᠢᠴᠢᠶᠡᠯ ᠣᠷᠣᠬᠤ ᠠᠴᠠ ᠡᠮᠦᠨ᠎ᠡ ᠳᠥᠩᠭᠡᠵᠦ ᠭᠦᠷᠪᠡ᠃ ᠠᠶᠤᠵᠤ ᠰᠣᠴᠢᠭᠰᠠᠨ ᠠᠴᠠ ᠶᠤᠮ ᠦᠦ᠂ ᠡᠰᠡᠬᠦᠯ᠎ᠡ ᠬᠤᠶᠠᠷ ᠭᠤᠷᠪᠠᠨ ᠡᠳᠦᠷ ᠤᠨ ᠰᠢᠷᠦᠭᠦᠨ ᠶᠠᠪᠤᠭᠰᠠᠨ ᠠᠴᠠ ᠶᠤᠮ ᠦᠦ᠂ ᠪᠡᠶ᠎ᠡ ᠨᠡᠯᠢᠶᠡᠳ ᠶᠠᠳᠠᠷᠠᠭᠰᠠᠨ ᠪᠠᠶᠢᠳᠠᠯ ᠲᠠᠢ ᠪᠣᠯᠵᠤ ᠴᠢᠷᠠᠢ ᠬᠤᠵᠢᠢᠬᠰᠠᠨ ᠳᠤ ᠨᠥᠬᠦᠳ ᠮᠢᠨᠢ ᠨᠠᠮᠠᠶᠢ ᠡᠪᠡᠳᠴᠢᠯᠡᠭᠰᠡᠨ ᠪᠠᠶᠢᠨ᠎ᠠ ᠭᠡᠵᠦ ᠬᠠᠭᠠᠰ ᠡᠳᠦᠷ ᠤᠨ ᠴᠢᠯᠦᠭᠡ ᠭᠤᠶᠤᠵᠤ ᠠᠮᠠᠷᠠᠴᠢᠬ᠎ᠠ ᠭᠡᠵᠡᠭᠡᠵᠦ ᠪᠠᠶᠢᠭᠰᠠᠨ ᠪᠢᠯᠡ᠃     ᠲᠦᠯᠡᠰᠢ ᠶᠢᠨ ᠠᠰᠠᠭᠤᠳᠠᠯ ᠬᠠᠮᠤᠭ ᠠᠴᠠ ᠬᠡᠴᠡᠭᠦᠦ ᠪᠠᠶᠢᠯ᠎ᠠ᠃ ᠪᠠᠷᠤᠭ ᠳᠥᠷᠪᠡᠳᠦᠭᠡᠷ ᠣᠨ ᠤ ᠲᠦᠯᠡᠰᠢᠨ ᠳᠡᠭᠡᠨ ᠵᠣᠭᠤᠰ ᠪᠤᠳᠤᠵᠤ ᠥᠭᠭᠦᠭᠰᠡᠨ ᠪᠠᠶᠢᠬᠤ ᠠ᠋᠃ ᠲᠠᠪᠤᠳᠤᠭᠠᠷ ᠣᠨ ᠤ ᠨᠢᠭᠡ ᠵᠢᠯ ᠤᠨ ᠲᠦᠯᠡᠭᠡ ᠪᠠᠨ ᠪᠢ ᠥᠪᠡᠷ ᠢᠶᠠᠨ ᠰᠢᠢᠳᠪᠦᠷᠢᠯᠡᠪᠡ᠃ ᠰᠤᠷᠭᠠᠭᠤᠯᠢ ᠶᠢᠨ ᠠᠷᠤ ᠶᠢᠨ ᠮᠠᠩᠬ᠎ᠠ ᠪᠠᠷ ᠡᠷᠮ᠎ᠡ  ᠥᠨᠳᠥᠷ ᠤᠷᠭᠤᠭᠰᠠᠨ ᠪᠠᠶᠢᠪᠠ᠃  ᠵᠤᠨ ᠤ ᠠᠮᠠᠷᠠᠯᠲᠠ ᠳᠤ ᠪᠢ ᠬᠤᠶᠠᠷ ᠡᠳᠦᠷ ᠲᠤ ᠵᠠᠭᠤ ᠵᠢᠷᠠᠭᠠᠳ ᠪᠣᠭᠤᠵᠢ ᠬᠠᠳᠤᠪᠠ᠂ ᠬᠠᠳᠤᠭᠰᠠᠨ ᠡᠷᠮ᠎ᠡ ᠪᠠᠨ ᠪᠣᠭᠤᠵᠢᠯᠠᠨ ᠳᠡᠯᠭᠡᠵᠦ ᠲᠠᠯᠪᠢᠭᠠᠳ᠂ ᠰᠤᠷᠭᠠᠭᠤᠯᠢ ᠡᠬᠢᠯᠡᠪᠡᠯ ᠬᠠᠮᠲᠤ ᠰᠤᠷᠤᠬᠴᠢᠳ ᠢᠶᠠᠨ ᠭᠤᠶᠤᠵᠤ ᠰᠤᠷᠭᠠᠭᠤᠯᠢ ᠳᠤ ᠵᠥᠭᠡᠭᠡᠵᠦ ᠣᠷᠣᠭᠤᠯᠤᠨ᠂ ᠪᠦᠭᠦᠳᠡ ᠶᠢ ᠨᠢ ᠵᠠᠭᠤ ᠬᠤᠷᠢᠨ ᠪᠣᠭᠤᠵᠢ ᠪᠠᠷ ᠪᠤᠳᠤᠵᠤ ᠥᠭᠬᠦ ᠪᠠᠷ ᠪᠡᠯᠡᠳᠬᠡᠪᠡ᠃ ᠲᠡᠷᠡ ᠵᠢᠯ ᠳᠤᠨᠢ ᠰᠤᠷᠭᠠᠭᠤᠯᠢ ᠡᠬᠢᠯᠡᠩᠭᠦᠲᠡ ᠲᠦᠯᠡᠰᠢ ᠲᠤᠲᠠᠭᠳᠠᠵᠤ ᠪᠠᠶᠢᠭᠰᠠᠨ ᠪᠥᠭᠡᠳ ᠠᠮᠢᠳᠤᠷᠠᠯ ᠬᠠᠮᠢᠶᠠᠷᠤᠭᠴᠢ ᠪᠤᠷᠵᠤᠤ ᠪᠠᠭᠰᠢ ᠮᠢᠨᠤ ᠲᠦᠯᠡᠭᠡ ᠬᠠᠳᠤᠭᠰᠠᠨ ᠢ ᠮᠡᠳᠡᠭᠰᠡᠨ ᠪᠠᠶᠢᠵᠠᠢ᠂ ᠤᠴᠢᠷ ᠨᠢ ᠨᠠᠮᠠᠶᠢ ᠡᠷᠮ᠎ᠡ ᠬᠠᠳᠤᠵᠤ ᠪᠠᠶᠢᠬᠤ ᠳᠤ ᠰᠤᠷᠭᠠᠭᠤᠯᠢ ᠶᠢᠨ ᠲᠣᠭᠤᠭᠠᠴᠢ ᠠᠪᠤ ᠬᠠᠷᠠᠭᠰᠠᠨ ᠶᠤᠮ᠃ ᠪᠤ ᠪᠠᠭᠰᠢ ᠨᠠᠮᠠᠶᠢ ᠳᠠᠭᠤᠳᠠᠨ ᠪᠠᠶᠢᠳᠠᠯ ᠢ ᠠᠰᠠᠭᠤᠯ᠎ᠠ᠃ ᠪᠢ ᠡᠷᠮ᠎ᠡ ᠬᠠᠳᠤᠭᠰᠠᠨ ᠢᠶᠠᠨ ᠦᠨᠡᠨ ᠢᠶᠠᠷ ᠢᠶᠠᠨ ᠬᠡᠯᠡᠭᠡᠳ ᠪᠦᠭᠦᠳᠡ ᠶᠢ ᠵᠠᠭᠤ ᠬᠤᠷᠢᠨ ᠪᠣᠭᠤᠵᠢ ᠪᠠᠷ ᠪᠤᠳᠤᠭᠠᠳ ᠥᠭᠬᠦ ᠳᠤ ᠪᠣᠯᠣᠨ᠎ᠠ ᠦᠦ︖ ᠭᠡᠬᠦ ᠳᠤ ᠪᠤ ᠪᠠᠭᠰᠢ ᠢᠨᠢᠶᠡᠭᠡᠳ ︽ᠪᠤᠯᠬᠤ ᠦᠭᠡᠢ᠂ ᠴᠢᠨᠦ ᠵᠠᠭᠤ ᠵᠢᠷᠠᠨ ᠪᠣᠭᠤᠵᠢ ᠶᠢ ᠪᠢ ᠶᠠᠭᠤᠨ ᠳᠤ ᠵᠠᠭᠤ ᠬᠤᠷᠢᠨ ᠪᠣᠭᠤᠵᠢ ᠳᠤ ᠪᠤᠳᠤᠵᠤ ᠪᠤᠯᠬᠤ ᠪᠤᠢ᠂ ᠢᠯᠡᠭᠦᠦ ᠭᠠᠷᠤᠭᠰᠠᠨ ᠬᠡᠰᠡᠭ ᠢ ᠨᠢ ᠦᠨ᠎ᠡ ᠬᠠᠩᠰᠢ ᠪᠠᠷ ᠨᠢ ᠪᠤᠳᠤᠵᠤ ᠨᠣᠭᠤᠭ᠎ᠠ ᠶᠢᠨ ᠵᠣᠭᠤᠰᠤᠨ ᠳᠤ ᠴᠢᠨᠢ ᠰᠠᠭᠤᠯᠭᠠᠵᠤ ᠦᠭᠭᠦᠶ᠎ᠡ︾ ᠭᠡᠵᠡᠢ᠃ ᠦᠨᠡᠨ ᠳᠡᠭᠡᠨ ᠪᠣᠯ ᠪᠢ ᠡᠷᠮ᠎ᠡ ᠬᠠᠳᠤᠭᠠᠳ ᠡᠭᠦᠨ ᠢ ᠲᠦᠯᠡᠰᠢᠨ ᠳᠤ ᠪᠤᠳᠤᠵᠤ ᠠᠪᠬᠤ ᠡᠰᠡᠬᠦ ᠶᠢ ᠮᠡᠳᠡᠬᠦ ᠦᠭᠡᠢ ᠳᠣᠲᠣᠷ᠎ᠠ ᠮᠢᠨᠢ ᠲᠦᠭ ᠲᠠᠭ ᠲᠠᠢ ᠪᠠᠶᠢᠭᠰᠠᠨ ᠮᠥᠷᠲᠡᠭᠡᠨ ᠢᠯᠠᠩᠭᠤᠶ᠎ᠠ ᠪᠤᠣ ᠪᠠᠭᠰᠢ ᠶᠢᠨ ᠦᠭᠡ ᠡᠬᠢᠯᠡᠩᠭᠦᠲᠡ︽ᠪᠤᠯᠬᠤ ᠦᠭᠡᠢ︾ ᠭᠡᠰᠡᠨ ᠢ ᠰᠣᠨᠣᠰᠤᠭᠠᠳ ᠳᠣᠲᠣᠷ᠎ᠠ ᠮᠢᠨᠢ ᠠᠭᠵᠠᠰᠬᠢᠵᠦ ᠠᠪᠤᠪᠠ᠂ ᠭᠡᠲᠡᠯ᠎ᠡ ᠪᠤ ᠪᠠᠭᠰᠢ ᠮᠢᠨᠢ ᠪᠦᠷ ᠲᠤᠭ᠎ᠠ ᠶᠣᠰᠣᠭᠠᠷ ᠨᠢ ᠪᠤᠳᠤᠬᠰᠠᠨ ᠢᠶᠠᠷ ᠪᠠᠷᠠᠬᠤ ᠦᠭᠡᠢ᠂ ᠮᠢᠨᠤ ᠢᠩᠭᠢᠵᠦ ᠬᠢᠭᠰᠡᠨ ᠢ ᠥᠪᠡᠷ ᠤᠨ ᠬᠦᠴᠢᠷ ᠢᠶᠠᠨ ᠥᠪᠡᠷ ᠢᠶᠠᠨ ᠰᠢᠢᠳᠪᠦᠷᠢᠯᠡᠭᠰᠡᠨ ᠵᠥᠪ ᠠᠵᠢᠯᠯᠠᠭ᠎ᠠ ᠮᠥᠨ ᠭᠡᠵᠦ ᠰᠠᠶᠢᠰᠢᠶᠠᠭᠰᠠᠨ ᠨᠢ ᠨᠠᠳᠠ ᠳᠤ ᠶᠡᠭᠡ ᠵᠣᠷᠢᠭᠵᠢᠭᠤᠯᠤᠯ ᠪᠣᠯᠵᠠᠢ᠃ ᠡᠭᠦᠨ ᠠᠴᠠ ᠪᠣᠯᠵᠤ ᠦᠷᠭᠦᠯᠵᠢᠯᠡᠨ ᠰᠤᠷᠤᠯᠴᠠᠬᠤ ᠳᠤ ᠨᠡᠩ ᠢᠲᠡᠭᠡᠯ ᠲᠠᠢ᠂ ᠨᠡᠩ ᠵᠣᠷᠢᠭ ᠲᠡᠭᠦᠯᠳᠡᠷ ᠪᠣᠯᠤᠭᠰᠠᠨ ᠢᠶᠠᠷ ᠪᠠᠷᠠᠬᠤ ᠦᠭᠡᠢ᠂ ᠬᠦᠴᠢᠷ ᠪᠡᠷᠬᠡᠰᠢᠶᠡᠯ ᠲᠤᠯᠭᠠᠷᠠᠪᠠᠯ ᠠᠷᠭ᠎ᠠ ᠰᠦᠪᠡᠭᠴᠢᠯᠡᠨ ᠪᠡᠶ᠎ᠡ ᠪᠠᠨ ᠳᠠᠭᠠᠭᠠᠵᠤ ᠰᠤᠷᠤᠯᠴᠠᠬᠤ᠂ ᠪᠡᠶ᠎ᠡ ᠪᠠᠨ ᠳᠠᠭᠠᠭᠠᠵᠤ ᠳᠠᠪᠠᠵᠤ ᠲᠤᠭᠤᠯᠬᠤ ᠵᠣᠷᠢᠭ ᠢ ᠬᠥᠪᠴᠢᠯᠡᠭᠰᠡᠨ ᠶᠤᠮ᠃ 
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号