ᠡᠨᠡ ᠡᠳᠦᠷ ᠪᠣᠯ ᠡᠬᠡᠴᠦᠦᠯ ᠤᠨ ᠪᠠᠶᠠᠷ ᠤᠨ ᠡᠳᠦᠷ᠃ ᠮᠥᠨ ᠴᠦ ᠡᠳᠦᠢ ᠲᠡᠳᠦᠢ ᠥᠨᠥᠴᠢᠨ ᠥᠷᠥᠭᠡᠰᠦᠨ | ᠬᠤᠴᠣᠷᠤᠭᠰᠠᠳ ᠤᠨ ᠡᠵᠢ ᠪᠠᠨ ᠳᠤᠷᠠᠰᠬᠤ ᠳᠤᠷᠠᠰᠤᠮᠵᠢ ᠶᠢᠨ ᠡᠳᠦᠷ᠃ ᠮᠠᠨ ᠤ ᠡᠮᠡᠭᠲᠡᠶᠢᠴᠦᠳ ᠬᠥᠮᠥᠨ ᠤ | ᠠᠮᠢᠳᠤᠷᠠᠯ ᠤᠨ ᠵᠠᠮ ᠵᠢᠷᠤᠮ ᠢᠶᠠᠷ ᠠᠶᠢᠯ ᠡᠷᠦᠭᠡ ᠪᠣᠰᠬᠠᠨ᠂ ᠦᠷ᠎ᠡ ᠶᠢᠨ ᠵᠤᠯᠠᠢ ᠦᠨᠦᠷᠯᠡᠨ᠂ ᠠᠮᠢᠳᠤᠷᠠᠯ ᠤᠨ ᠤᠷᠳᠤ | ᠠᠶᠠᠨ ᠳᠤ ᠥᠪᠡᠷ ᠥᠪᠡᠷ ᠤᠨ ᠵᠠᠶᠠᠭ᠎ᠠ ᠲᠥᠭᠡᠷᠭᠡ ᠪᠠᠷ ᠢᠶᠠᠨ ᠲᠦᠷᠦᠭᠰᠡᠨ ᠡᠵᠢ᠂ ᠬᠤᠶᠢᠲᠤ ᠡᠵᠢ᠂ ᠡᠷᠭᠦᠯᠲᠡ ᠡᠵᠢ | ᠨᠠᠷ ᠤᠨ ᠠᠯᠢ ᠨᠢᠭᠡᠨ ᠤ ᠬᠢᠨᠢ ᠠᠮᠢᠳᠤᠷᠠᠯ ᠤᠨ ᠲᠠᠶᠢᠵᠠᠨ ᠳᠤ ︽ᠲᠣᠭᠯᠠᠭᠴᠢ ᠪᠠᠷ ᠤᠷᠢᠭᠳᠠᠨ︾᠂ ᠠᠯᠳᠠᠬᠤ ᠳᠠᠭᠠᠨ | ᠠᠯᠳᠠᠵᠤ᠂ ᠤᠨᠤᠬᠤ ᠳᠠᠭᠠᠨ ᠤᠨᠤᠨ ᠠᠮᠢᠳᠤᠷᠠᠯ ᠲᠠᠢ ᠲᠤᠯᠤᠯᠳᠤᠨ ᠲᠤᠯᠤᠯᠳᠤᠭᠰᠠᠭᠠᠷ ᠨᠠᠰᠤ ᠶᠢ ᠡᠯᠡᠭᠡᠳᠡᠭ᠃ | ᠬᠥᠮᠥᠨ ᠤ ᠨᠢᠭᠡ ᠨᠡᠰᠦᠨ ᠳᠤ ᠲᠦᠷᠦᠭᠰᠡᠨ ᠡᠵᠢ ᠭᠠᠭᠴᠠᠬᠠᠨ ᠵᠠᠶᠠᠭᠠᠨ᠎ᠠ᠃ ᠲᠦᠷᠦᠭᠰᠡᠨ ᠡᠵᠢ ᠮᠢᠨᠢ ᠠᠮᠢᠳᠤ | ᠰᠡᠷᠡᠭᠦᠨ ᠪᠠᠶᠢᠭᠰᠠᠨ ᠰᠠᠨ ᠪᠣᠯ ᠡᠨᠡ ᠵᠢᠯ ᠨᠠᠶᠠᠨ ᠲᠠᠪᠤᠨ ᠤ ᠬᠢᠨᠢ ᠵᠢᠯ ᠢ ᠣᠷᠣᠭᠤᠯᠤᠨ ᠠᠪᠤ ᠡᠵᠢ᠂ ᠠᠬ᠎ᠠ ᠳᠡᠭᠦᠦ | ᠨᠠᠷ ᠲᠠᠢ ᠪᠠᠨ ᠬᠠᠮᠲᠤ ᠪᠠᠶᠠᠰᠤᠯᠴᠠᠬᠤ ᠪᠠᠶᠢᠯ᠎ᠠ᠃ ᠬᠠᠷᠠᠰᠠᠯᠲᠠᠢ ᠨᠢ ᠣᠭᠤᠰᠣᠷ ᠪᠦᠴᠡ ᠦᠭᠡᠢ ᠣᠷᠴᠢᠯᠠᠩ ᠬᠠᠨᠢ | ᠨᠥᠬᠦᠷ᠂ ᠦᠷ᠎ᠡ ᠬᠡᠦᠬᠡᠳ ᠢ ᠨᠢ ᠭᠠᠰᠢᠭᠤᠳᠠᠯ ᠤᠨ ᠮᠠᠨᠠᠨ ᠳᠤ ᠵᠢᠪᠦᠭᠦᠯᠵᠦ ᠤᠷᠭᠢᠭᠠᠳ ᠬᠤᠷᠢᠨ ᠳᠣᠯᠣᠭᠠᠬᠠᠨ | ᠨᠠᠰᠤ ᠲᠠᠢ ᠡᠵᠢ ᠶᠢ ᠮᠢᠨᠢ ᠠᠪᠤᠭᠠᠳ ᠶᠠᠪᠤᠴᠢᠬᠠᠭᠰᠠᠨ ᠶᠤᠮ᠃ ᠬᠤᠷᠸ᠎ᠠ ᠭᠡᠭᠴᠢ ᠬᠠᠲᠠᠭᠤ ᠳᠠᠭᠠᠨ ᠬᠠᠲᠠᠭᠤ᠃ | ᠠᠶᠢᠷᠠᠭ ᠪᠦᠯᠢᠭᠰᠡᠨ ᠡᠵᠢ ᠶᠢᠨ ᠲᠤᠩ ᠤᠨ ᠠᠮᠠᠰᠠᠷ ᠢᠶᠠᠷ ᠴᠠᠯᠭᠢᠭᠰᠠᠨ ᠠᠶᠢᠷᠠᠭ ᠢ ᠨᠢ ᠬᠤᠷᠤᠭᠤ ᠪᠠᠷ ᠢᠶᠠᠨ | ᠳᠣᠯᠢᠶᠠᠭᠠᠳ ᠵᠣᠭᠰᠣᠵᠤ ᠪᠠᠶᠢᠬᠰᠠᠨ; ᠰᠢᠷ᠎ᠠ ᠲᠣᠰᠣ ᠰᠢᠷᠭᠠᠭᠠᠵᠤ ᠰᠠᠭᠤᠭ᠎ᠠ ᠡᠵᠢ ᠶᠢᠨ ᠢᠶᠠᠨ ᠳᠡᠷᠭᠡᠳᠡ | ᠴᠥᠴᠥᠭᠡᠢ ᠢᠳᠡᠬᠦ ᠪᠠᠷ ᠠᠶᠠᠭ᠎ᠠ ᠪᠠᠷᠢᠨ ᠲᠣᠭᠤᠭ᠎ᠠ ᠥᠩᠭᠡᠶᠢᠵᠦ ᠬᠦᠯᠢᠶᠡᠵᠦ ᠵᠤᠬᠰᠤᠬᠰᠠᠨ᠃ ᠰᠠᠯᠬᠢ ᠲᠠᠢ ᠡᠳᠦᠷ | ᠭᠠᠯ ᠠᠪᠤᠯᠴᠠᠨ ᠭᠠᠳᠠᠭᠰᠢ ᠳᠤᠲᠠᠭᠠᠭᠰᠠᠨ ᠠᠬ᠎ᠠ ᠶᠢᠨ ᠠᠷᠤ ᠠᠴᠠ ᠬᠥᠯ ᠬᠦᠨᠳᠦ ᠲᠠᠢ ᠡᠵᠢ ᠮᠢᠨᠢ ᠨᠡᠷ᠎ᠡ ᠪᠠᠷ ᠨᠢ | ᠳᠠᠭᠤᠳᠠᠨ ᠤᠨᠠᠵᠤ ᠲᠤᠰᠤᠨ ᠭᠦᠶᠦᠵᠦ ᠪᠠᠶᠢᠬᠰᠠᠨ᠃ ᠲᠤᠶᠢᠯ ᠤᠨ ᠬᠠᠯᠠᠭᠤᠨ ᠳᠤ ᠮᠣᠷᠢᠨ ᠬᠠᠰᠠᠭ ᠲᠤ ᠲᠡᠭᠡᠭᠡᠭᠳᠡᠨ | ᠵᠡᠭᠦᠨ ᠨᠢᠷᠤᠭᠤᠨ ᠳᠡᠭᠡᠭᠦᠷ ᠳᠠᠪᠠᠵᠤ ᠣᠲᠣᠭᠰᠠᠨ ᠡᠴᠦᠰ ᠤᠨ ᠪᠠᠷ᠎ᠠ ᠁ ᠮᠢᠨᠤ ᠲᠦᠷᠦᠭᠰᠡᠨ ᠡᠵᠢ ᠲᠠᠢ ᠪᠠᠨ | ᠪᠠᠶᠢᠬᠤ ᠶᠢᠨ ᠭᠡᠭᠡᠨ ᠳᠤᠷᠠᠰᠤᠮᠵᠢ ᠶᠡᠷᠦᠳᠡᠭᠡᠨ ᠯᠡ ᠡᠳᠦᠶᠢᠬᠡᠨ᠃ ᠭᠠᠷ ᠤᠨ ᠳᠥᠷᠪᠡᠬᠡᠨ ᠬᠤᠷᠤᠭᠤᠨ ᠳᠤ ᠪᠠᠭᠲᠠᠬᠤ | ᠲᠡᠳᠦᠶᠢᠬᠡᠨ ᠳᠤᠷᠠᠰᠤᠮᠵᠢ ᠯᠠ ᠨᠠᠮᠠᠶᠢ ︽ᠪᠢ ᠴᠢᠨᠢ ᠦᠷ᠎ᠡ ᠳᠡᠭᠡᠨ ᠬᠠᠶᠢᠷᠠᠲᠠᠢ ᠡᠵᠢ ᠶᠢᠨ ᠥᠬᠢᠨ ᠰᠢᠤ ᠳ᠋ᠠ︕︾ ᠭᠡᠬᠦ | ᠢᠲᠡᠭᠡᠯ ᠵᠢᠳᠬᠦᠯ ᠢ ᠡᠪᠦᠷᠯᠡᠨ ᠪᠡᠶ᠎ᠡ ᠳᠡᠭᠡᠨ ᠡᠷᠴᠢ ᠬᠦᠴᠦ ᠥᠭᠴᠦ ᠰᠡᠳᠬᠢᠯ ᠤᠨ ᠲᠡᠩᠬᠡᠭᠡ ᠲᠠᠢ ᠶᠠᠪᠤᠵᠤ ᠢᠷᠡᠯ᠎ᠡ᠃ | ᠭᠡᠲᠡᠯ᠎ᠡ ᠲᠦᠷᠦᠭᠰᠡᠨ ᠡᠵᠢ ᠶᠢᠨ ᠬᠠᠶᠢᠷ᠎ᠠ ᠬᠠᠯᠠᠮᠵᠢ ᠳᠡᠭᠡᠷ᠎ᠡ ᠪᠥᠮᠪᠥᠷᠢᠵᠦ ᠥᠰᠦᠭᠰᠡᠨ ᠬᠥᠮᠥᠨ᠂ ᠡᠬᠡ ᠶᠢᠨ | ᠬᠠᠶᠢᠷ᠎ᠠ ᠶᠢᠨ ᠠᠭᠤᠤ ᠶᠡᠭᠡ ᠶᠢ ᠲᠡᠳᠦᠢ ᠯᠡ ᠰᠠᠨᠠᠭᠠᠨ ᠳᠠᠭᠠᠨ ᠠᠪᠳᠠᠭ ᠦᠭᠡᠢ ᠨᠢ ᠳᠠᠩᠴᠤ ᠬᠠᠷᠠᠮᠰᠠᠯᠲᠠᠢ᠃ | ᠨᠢᠭᠡ ᠡᠳᠦᠷ ᠪᠢ ᠨᠠᠶᠢᠵᠠ ᠨᠠᠷ ᠤᠨ ᠢᠶᠠᠨ ᠬᠠᠮᠲᠤ ᠬᠤᠭᠤᠯᠠᠨ ᠭᠡᠷ ᠲᠤ ᠶᠠᠷᠢᠵᠤ ᠵᠣᠭᠤᠭᠳᠠᠨ ᠨᠠᠷᠭᠢᠯᠳᠤᠵᠤ | ᠰᠠᠭᠤᠯ᠎ᠠ᠃ | ᠬᠠᠵᠠᠭᠤ ᠶᠢᠨ ᠰᠢᠷᠡᠭᠡᠨ ᠳᠤ ᠬᠡᠰᠡᠭ ᠵᠠᠯᠠᠭᠤᠴᠤᠳ ᠪᠠᠰᠠ ᠨᠠᠭᠠᠳᠴᠤ ᠨᠠᠷᠭᠢᠵᠠᠭᠠᠨᠠ᠃ ᠲᠡᠭᠡᠲᠡᠯ᠎ᠡ ᠨᠢᠭᠡ | ᠥᠬᠢᠨ ᠤ ᠭᠠᠷ ᠤᠲᠠᠰᠤ ᠳᠤᠤᠭᠠᠷᠪᠠ᠃ | - ᠬᠠᠷᠢᠨ᠎ᠠ᠂ ᠬᠠᠷᠢᠨ᠎ᠠ᠃ ᠤᠳᠠᠬᠤ ᠦᠭᠡᠢ ᠬᠠᠷᠢᠨ᠎ᠠ︕ ᠲᠠ ᠤᠷᠢᠳ ᠢᠶᠠᠷ ᠤᠨᠲᠠᠵᠤ ᠪᠠᠢ︕ ᠭᠡᠵᠦ | ᠰᠢᠷᠦᠭᠦᠬᠡᠨ ᠳᠤᠤᠭᠠᠷᠤᠭᠠᠳ ᠭᠠᠷ ᠤᠲᠠᠰᠤ ᠪᠠᠨ ᠬᠠᠭᠠᠪᠠ᠃ ᠬᠠᠵᠠᠭᠤ ᠶᠢᠨ ᠥᠬᠢᠨ᠄ ︽ᠡᠵᠢ ᠴᠢᠨᠢ ᠤᠤ︖ ᠡᠶᠢᠮᠦ | ᠲᠣᠮᠣ ᠪᠣᠯᠴᠢᠬᠠᠭᠰᠠᠨ ᠥᠬᠢᠨ ᠢᠶᠠᠨ ᠪᠠᠰᠠ ᠯᠠ ᠴᠡᠴᠡᠷᠯᠢᠭ ᠤᠨ ᠬᠡᠦᠬᠡᠳ ᠰᠢᠭ ᠬᠠᠮᠢᠶᠠᠷᠤᠭᠰᠠᠭᠠᠷ ᠤᠤ︖ ᠶᠠᠮᠠᠷ | ᠶᠠᠳᠠᠷᠠᠭᠠᠨ ᠲᠠᠢ ᠶᠤᠮ︾ ᠭᠡᠵᠦ ᠡᠪᠡᠷ ᠲᠠᠢ ᠲᠠᠤᠯᠠᠢ ᠦᠵᠡᠭᠰᠡᠨ ᠰᠢᠭ ᠡᠭᠳᠡᠭᠦᠦ ᠲᠠᠢ ᠳᠤᠤᠭᠠᠷᠪᠠ᠃ | - ᠮᠢᠨᠤ ᠠᠪᠤ ᠡᠵᠢ ᠨᠠᠮᠠᠶᠢ ᠠᠯᠢ ᠬᠡᠳᠦᠶᠢᠨ ᠬᠠᠮᠢᠶᠠᠷᠬᠤ ᠪᠠᠨ ᠪᠠᠶᠢᠴᠢᠬᠠᠭᠰᠠᠨ᠃ ᠲᠠᠭᠢᠭᠠᠳ ᠤᠲᠠᠰᠤᠳᠠᠪᠠᠯ | ᠪᠢᠲᠡᠭᠡᠢ ᠲᠤᠰ︕ | - ᠪᠤᠯᠬᠤ ᠦᠭᠡᠢ ᠪᠣᠯ ᠤᠲᠠᠰᠤ ᠪᠠᠨ ᠨᠠᠮ ᠲᠠᠭᠤᠨ ᠳᠡᠭᠡᠷ᠎ᠡ ᠨᠢ ᠲᠠᠭᠠᠷᠠᠭᠤᠯᠴᠢᠭ᠋ᠠ︕ ᠨᠢᠭᠡᠮᠦᠰᠦᠨ | ᠬᠠᠭᠠᠭᠰᠠᠨ ᠴᠦ ᠶᠠᠭᠠᠬᠢᠳᠠᠭ ᠶᠤᠮ︖ | - ᠪᠡᠶ᠎ᠡ ᠳᠡᠭᠡᠨ ᠡᠵᠡᠨ ᠰᠠᠭᠤᠭᠰᠠᠨ ᠴᠢᠮᠠᠶᠢ ᠪᠠᠰᠠ ᠯᠠ ᠰᠡᠭᠦᠯᠳᠡᠭᠰᠡᠭᠡᠷ ᠤᠤ︖ ᠬᠡᠮᠡᠨ ᠲᠠᠯ᠎ᠠ ᠲᠠᠯ᠎ᠠ ᠠᠴᠠ ᠨᠢ | ᠡᠵᠢ ᠶᠢ ᠨᠢ ᠪᠤᠷᠤᠭᠤᠳᠬᠠᠨ ᠶᠠᠭᠠᠬᠢᠵᠤ ᠲᠡᠷᠰᠯᠡᠬᠦ ᠲᠤᠬᠠᠢ ︽ᠬᠥᠮᠥᠵᠢᠭᠦᠯᠵᠦ︾ ᠭᠠᠷᠤᠯ᠎ᠠ᠃ | - ᠮᠠᠨ ᠤ ᠡᠵᠢ ᠴᠦ ᠥᠲᠡᠯᠬᠦ ᠲᠤᠰᠤᠮ ᠶᠠᠩᠰᠢᠬᠤ ᠨᠢ ᠠᠷᠪᠢᠳᠤᠭᠠᠳ᠂ ᠵᠠᠷᠢᠮ ᠦᠶ᠎ᠡ ᠳᠤ ᠦᠬᠦᠭᠰᠡᠨ ᠴᠦ | ᠪᠣᠯᠣᠭᠠᠰᠠᠢ ᠭᠡᠬᠦ ᠪᠤᠳᠤᠯ ᠳᠦᠷᠦᠳᠡᠭ︕ ᠭᠡᠳ ᠨᠢᠭᠡ ᠵᠠᠯᠠᠭᠤ ᠬᠤᠨᠳᠠᠭᠠᠨ ᠳᠠᠭᠠᠨ ᠠᠷᠢᠬᠢ ᠨᠡᠮᠡᠵᠦ ᠪᠠᠶᠢᠨ᠎ᠠ᠃ | ︽ᠣᠴᠢᠵᠤ ᠣᠴᠢᠵᠤ ᠲᠦᠷᠦᠭᠰᠡᠨ ᠡᠵᠢ ᠠᠴᠠ ᠪᠠᠨ ᠤᠶᠢᠳᠬᠤ ᠪᠣᠯᠵᠤ᠃ ᠶᠣᠰᠣᠲᠠᠢ ᠬᠠᠷ᠎ᠠ ᠨᠢᠯᠬ᠎ᠠ ᠪᠠᠷ ᠨᠢ | ᠥᠨᠥᠴᠢᠷᠡᠭᠦᠯᠵᠦ ᠪᠠᠶᠢᠯᠲᠠᠢ ᠲᠤᠷᠤᠰᠬ᠎ᠠ ᠪᠤᠢ︕︾ ᠭᠡᠰᠡᠨ ᠬᠠᠷᠢᠶᠠᠯ ᠵᠦᠬᠡᠯ ᠤᠨ ᠰᠢᠨᠵᠢ ᠲᠠᠢ ᠬᠠᠴᠢᠨ ᠪᠤᠳᠤᠯ᠂ | ᠰᠡᠳᠬᠢᠯ ᠳᠤ ᠣᠭᠰᠢᠭᠠᠳ ᠶᠠᠪᠤᠴᠢᠬᠠᠪᠠ᠃ ︽ᠡᠵᠢ ᠬᠥᠮᠥᠨ ᠤ ᠰᠡᠳᠬᠢᠯ ᠳᠤ ᠡᠶᠢᠮᠦ ᠪᠤᠳᠤᠯ ᠶᠠᠭᠠᠬᠢᠵᠤ ᠪᠠᠭᠲᠠᠪᠠ︕︾ | ᠬᠡᠮᠡᠨ ᠪᠢ ᠥᠪᠡᠷ ᠢᠶᠠᠨ ᠥᠪᠡᠷ ᠢ ᠪᠠᠨ ᠵᠢᠮᠡᠯᠡᠵᠦ᠂ ᠲᠣᠯᠣᠭᠠᠢ ᠡᠪᠡᠳᠴᠦ ᠪᠠᠶᠢᠬᠤ ᠪᠠᠷ ᠰᠢᠯᠲᠠᠨ᠂ ᠬᠤᠭᠤᠯᠠᠨ | ᠰᠢᠷᠡᠭᠡᠨ ᠠᠴᠠ ᠰᠠᠯᠤᠯ᠎ᠠ᠃ | ᠣᠴᠢᠵᠤ ᠣᠴᠢᠵᠤ ᠲᠦᠷᠦᠭᠰᠡᠨ ᠡᠵᠢ ᠠᠴᠠ ᠪᠠᠨ ᠤᠶᠢᠳᠤᠨᠠ ᠭᠡᠨ᠎ᠡ ᠰᠢᠤ︕ ᠳᠤᠲᠠᠵᠤ ᠳᠤᠨᠳᠠᠷᠠᠨ | ᠶᠠᠳᠠᠷᠠᠵᠤ ᠲᠤᠶᠢᠯᠳᠠᠬᠤ᠂ ᠠᠵᠢᠯ ᠦᠢᠯᠡᠰ ᠠᠬᠢᠴᠠ ᠦᠭᠡᠢ ᠪᠤᠯᠬᠤ ᠁ ᠭᠡᠳ ᠲᠠᠭ᠎ᠠ ᠦᠭᠡᠢ ᠶᠠᠪᠤᠳᠠᠯ | ᠲᠣᠬᠢᠶᠠᠯᠳᠤᠬᠤ ᠶᠢᠨ ᠴᠠᠭ ᠲᠤ ᠡᠵᠢ ᠳᠡᠭᠡᠨ ᠣᠴᠢᠭᠠᠳ ᠰᠡᠳᠬᠢᠯ ᠢᠶᠠᠨ ᠠᠭᠤᠵᠢᠷᠠᠲᠠᠯ᠎ᠠ ᠤᠭᠢᠯᠠᠴᠢᠬᠠᠬᠤ ᠶᠤᠮᠰᠠᠨ | ᠭᠡᠵᠦ ᠭᠠᠴᠢᠭᠳᠠᠬᠤ ᠦᠶ᠎ᠡ ᠲᠠᠭᠠᠷᠠᠳᠠᠭ ᠯᠠ ᠶᠤᠮ᠃ ᠮᠠᠭᠲᠠᠭᠠᠯ ᠰᠠᠶᠢᠰᠢᠶᠠᠯ᠂ ᠱᠠᠩᠨᠠᠯ ᠬᠥᠬᠢᠭᠦᠯᠦᠯ ᠣᠯᠴᠢᠬᠠᠭᠠᠳ | ᠠᠵᠠ ᠵᠢᠷᠭᠠᠯ ᠢᠶᠠᠨ ᠬᠡᠨ ᠨᠢᠭᠡᠨ ᠲᠠᠢ ᠬᠤᠪᠢᠶᠠᠯᠴᠠᠬᠤ ᠶᠤᠮᠰᠠᠨ ᠭᠡᠵᠦ ᠬᠥᠭᠰᠡᠬᠦ ᠦᠶ᠎ᠡ ᠴᠦ ᠪᠤᠢ᠃ ᠲᠡᠷᠡ | ᠲᠤᠰᠤᠮ ᠢᠶᠠᠨ ᠬᠡᠦᠬᠡᠨ ᠥᠬᠢᠨ ᠬᠥᠮᠥᠨ ᠬᠠᠨᠢ ᠢᠵᠢᠯᠢ ᠲᠠᠢ ᠪᠤᠯᠬᠤ ᠭᠡᠵᠦ ᠪᠠᠶᠢᠭ᠎ᠠ ᠠᠩᠬᠠᠨ ᠤ ᠬᠠᠶᠢᠷ᠎ᠠ ᠶᠢᠨ | ᠪᠠᠶᠠᠰᠤᠯᠳᠤ ᠤᠴᠠᠷᠠᠯ ᠢᠶᠠᠨ ᠬᠠᠮᠤᠭ ᠠᠩᠬ᠎ᠠ ᠬᠡᠨ ᠳᠤ ᠰᠢᠪᠡᠨᠡᠬᠦ ᠪᠤᠢ︖ ᠡᠳᠡᠭᠡᠷ ᠨᠢ ᠬᠥᠮᠥᠨ ᠤ ᠠᠮᠢᠳᠤᠷᠠᠯ ᠤᠨ | ᠶᠡᠷᠦᠳᠡ ᠶᠢᠨ ᠲᠣᠬᠢᠶᠠᠯᠳᠤᠯ ᠴᠦ ︽ᠲᠦᠷᠦᠭᠰᠡᠨ ᠡᠬᠡ ᠶᠢᠨ ᠬᠠᠶᠢᠷ᠎ᠠ ᠶᠢᠨ ᠠᠷᠭᠠᠮᠵᠢᠶ᠎ᠠ︾ ᠠᠴᠠ ᠠᠯᠳᠠᠷᠠᠵᠤ | ᠬᠤᠴᠣᠷᠤᠭᠰᠠᠨ ᠥᠨᠥᠴᠢᠨ ᠬᠥᠮᠥᠨ ᠳᠤ ᠠᠪᠴᠤ ᠬᠡᠯᠡᠪᠡᠯ ᠬᠠᠮᠤᠭ ᠤᠨ ᠡᠮᠵᠡᠭ ᠠᠰᠠᠭᠤᠳᠠᠯ᠃ | ᠵᠠᠯᠠᠭᠤᠴᠤᠳ ᠠ᠋︕ ︽ᠵᠢᠷᠭᠠᠯ ᠵᠤᠪᠠᠯᠠᠩ ᠢᠶᠠᠨ ᠬᠤᠪᠢᠶᠠᠯᠴᠠᠬᠤ ᠬᠠᠮᠤᠭ ᠤᠨ ᠢᠲᠡᠭᠡᠯ ᠲᠠᠢ ᠬᠥᠮᠥᠨ ᠪᠣᠯ | ᠡᠵᠢ ᠴᠢᠨᠢ ᠰᠢᠤ︕︾ ᠭᠡᠳᠡᠭ ᠢ ᠰᠠᠨᠠᠵᠤ ᠶᠠᠪᠤᠬᠤ ᠳᠤ ᠢᠯᠡᠭᠦᠳᠡᠬᠦ ᠦᠭᠡᠢ᠃ | ᠪᠠᠰᠠ ᠨᠢᠭᠡ ᠤᠳᠠᠭ᠎ᠠ ᠮᠠᠨ ᠤ ᠵᠡᠷᠭᠡᠯᠡᠳᠡᠭᠡ ᠠᠰᠠᠷ ᠤᠨ ᠵᠠᠯᠠᠭᠤᠬᠠᠨ ᠡᠵᠢ ᠨᠠᠳᠠ᠄ ︽ᠮᠠᠨ ᠤ ᠬᠠᠳᠠᠮ ᠡᠵᠢ | ᠪᠠᠰᠠ ᠯᠠ ᠬᠥᠳᠡᠭᠡ ᠮᠠᠯ ᠳᠡᠭᠡᠷ᠎ᠡ ᠪᠠᠨ ᠭᠡᠳ ᠶᠠᠪᠤᠭᠠᠳ ᠥᠭᠭᠦᠭᠰᠡᠨ᠃ ᠲᠦᠷᠦᠭᠰᠡᠨ ᠬᠦᠦ ᠶᠢᠨ ᠢᠶᠠᠨ ᠬᠡᠦᠬᠡᠳ ᠢ | ᠬᠠᠷᠠᠬᠤ ᠠᠴᠠ ᠬᠠᠯᠠᠰᠢᠷᠠᠨ᠎ᠠ᠃ ᠥᠲᠡᠯᠦᠭᠰᠡᠨ ᠬᠤᠶᠢᠨ᠎ᠠ ᠪᠠᠨ ᠠᠰᠠᠷᠠᠭᠤᠯᠬᠤ ᠪᠠᠨ ᠮᠠᠷᠲᠠᠭᠰᠠᠨ ᠶᠤᠮ ᠪᠠᠶᠢᠯᠭᠦᠢ︕︾ | ᠭᠡᠵᠦ ᠪᠠᠶᠢᠨ᠎ᠠ᠃ | ︽ᠡᠪᠦᠭᠡ ᠡᠮᠡᠭᠡ ᠨᠢ ᠣᠮᠪᠣᠯᠣ ᠳᠣᠮᠪᠣᠯᠤ ᠪᠠᠨ ᠰᠠᠭᠠᠲᠠᠭᠤᠯᠵᠤ ᠥᠰᠬᠡᠬᠦ ᠶᠢ ᠬᠥᠭᠰᠢᠷᠡᠭᠰᠡᠨ ᠬᠤᠶᠢᠨ᠎ᠠ ᠪᠠᠨ | ᠥᠪᠡᠷ ᠢ ᠪᠠᠨ ᠠᠰᠠᠷᠠᠭᠤᠯᠵᠤ ᠰᠤᠪᠢᠯᠠᠭᠤᠯᠬᠤ ᠭᠡᠰᠡᠨ ᠠᠷᠠᠯᠵᠢᠶ᠎ᠠ ᠮᠠᠶᠢᠮᠠᠢ ᠶᠢᠨ ᠬᠠᠷᠢᠯᠴᠠᠭ᠎ᠠ ᠲᠣᠭᠲᠠᠯᠴᠠᠭ᠎ᠠ ᠪᠠᠷ | ᠣᠶᠢᠯᠠᠭᠠᠳᠠᠭ ᠪᠠᠶᠢᠬᠤ ᠨᠢ ᠁︾ ᠭᠡᠵᠦ ᠪᠤᠳᠤᠮᠠᠷ ᠬᠠᠴᠢᠨ ᠶᠠᠭᠤᠮ᠎ᠠ ᠶᠠᠷᠢᠯ᠎ᠠ᠃ | ︽ᠲᠠᠨ ᠤ ᠠᠪᠤ ᠡᠵᠢ ᠠᠯᠢ ᠵᠡᠷᠭᠡ ᠶᠠᠭᠠᠷᠠᠤ ᠶᠤᠮ ᠪᠣᠯ ᠳ᠋ᠠ︖︾ ᠭᠡᠰᠡᠨ ᠳᠤ ︽ᠮᠢᠨᠤ ᠬᠦᠦ ᠮᠠᠷᠢᠶ᠎ᠠ ᠲᠠᠢ᠃ | ᠲᠡᠷᠡ ᠬᠤᠶᠠᠷ ᠳᠠᠭᠠᠭᠠᠬᠤ ᠦᠭᠡᠢ︕︾ ᠭᠡᠵᠦ ᠪᠠᠶᠢᠨ᠎ᠠ᠃ ᠡᠨᠡ ᠪᠡᠷᠢ ᠶᠢᠨ ᠨᠢᠳᠦᠨ ᠳᠤ ᠬᠠᠳᠠᠮ ᠡᠵᠢ ᠨᠢ ᠡᠪᠦᠳᠦᠭ | ᠰᠢᠷᠤᠶᠢᠳᠠᠵᠤ ᠦᠵᠡᠭᠡ ᠦᠭᠡᠢ ᠠᠪᠤᠷᠭᠤ ᠪᠥᠬᠡᠴᠢᠨ ᠰᠢᠭ ᠬᠠᠷᠠᠭᠳᠠᠳᠠᠭ ᠪᠠᠶᠢᠬᠤ ᠨᠢ᠃ | ︽ᠠᠮᠢᠳᠤ ᠪᠤᠷᠬᠠᠨ ᠯᠠ ᠪᠢᠰᠢ ᠶᠤᠮ ᠪᠣᠯ ᠡᠶᠢᠮᠦ ᠰᠠᠨᠠᠭ᠎ᠠ ᠪᠤᠳᠤᠯ ᠲᠠᠢ ᠪᠡᠷᠢ ᠶᠢᠨ ᠰᠢᠨᠠᠭᠠᠨ ᠳᠣᠣᠷ᠎ᠠ ᠠᠶᠠᠭ᠎ᠠ | ᠲᠤᠰᠴᠤ᠂ ᠡᠳᠦᠷ ᠬᠤᠨᠤᠭ ᠢ ᠥᠩᠭᠡᠷᠡᠭᠡᠨ᠂ ᠣᠮᠪᠣᠯᠣ ᠪᠠᠨ ᠰᠠᠭᠠᠲᠠᠭᠤᠯᠬᠤ ᠭᠡᠭᠴᠢ ᠬᠡᠴᠡᠭᠦᠦ ᠯᠠ ᠪᠠᠶᠢᠳᠠᠭ ᠪᠠᠶᠢᠯᠭᠦᠢ︕ | ︾ ᠭᠡᠵᠦ ᠪᠤᠳᠤᠭᠠᠳ ᠬᠡᠯᠡᠬᠦ ᠦᠭᠡ ᠴᠦ ᠣᠯᠳᠠᠭᠰᠠᠨ ᠦᠭᠡᠢ᠃ | ᠨᠢᠭᠡ ᠡᠳᠦᠷ ᠰᠤᠷᠤᠬᠴᠢᠳ ᠤᠨ ᠢᠶᠠᠨ ᠵᠣᠬᠢᠶᠠᠯ ᠢ ᠬᠢᠨᠠᠵᠤ ᠰᠠᠭᠤᠲᠠᠯ᠎ᠠ ︽ᠦᠷ᠎ᠡ ᠪᠠᠨ ᠭᠤᠯᠣᠭᠰᠠᠨ ᠡᠵᠢ︾ | ᠭᠡᠰᠡᠨ ᠭᠠᠷᠴᠠᠭ ᠲᠠᠢ ᠵᠣᠬᠢᠶᠠᠯ ᠭᠠᠷᠴᠤ ᠢᠷᠡᠪᠡ᠃ ᠲᠦᠷᠦᠭᠰᠡᠨ ᠡᠵᠢ ᠨᠢ ᠠᠪᠤ ᠲᠠᠢ ᠨᠢ ᠤᠷᠤᠭ ᠰᠠᠯᠤᠭᠠᠳ | ᠥᠭᠡᠷ᠎ᠡ ᠬᠥᠮᠥᠨ ᠲᠠᠢ ᠬᠤᠷᠢᠮᠯᠠᠨ ᠭᠠᠭᠴᠠ ᠤᠳᠠᠭ᠎ᠠ ᠴᠦ ᠲᠡᠭᠦᠨ ᠢ ᠡᠷᠭᠢᠵᠦ ᠢᠷᠡᠭᠰᠡᠨ ᠦᠭᠡᠢ᠃ ᠭᠡᠰᠡᠨ ᠴᠦ | ᠪᠢᠳᠠ ᠬᠤᠶᠠᠷ ᠨᠢᠭᠤᠴᠠ ᠪᠣᠯᠵᠤᠭ᠎ᠠ ᠲᠠᠢ ᠁ ᠭᠡᠬᠦ ᠮᠡᠲᠦ ᠶᠢᠨ ᠡᠮᠭᠡᠨᠢᠯ ᠲᠠᠢ ᠮᠥᠷᠲᠡᠭᠡᠨ ᠬᠠᠴᠢᠷᠬᠠᠯ ᠲᠠᠢ | ᠶᠠᠪᠤᠳᠠᠯ ᠢ ᠪᠢᠴᠢᠵᠡᠢ᠃ ︽ᠪᠢᠴᠢᠬᠠᠨ ᠵᠣᠬᠢᠶᠠᠭᠴᠢ︾ ᠶᠢᠨ ᠢᠶᠠᠨ ᠪᠠᠶᠢᠷᠢ ᠶᠢᠨ ᠠᠮᠢᠳᠤᠷᠠᠯ ᠢ ᠣᠶᠢᠯᠠᠭᠠᠬᠤ ᠪᠠᠷ | ᠠᠰᠠᠷᠠᠭᠴᠢ ᠲᠠᠢ ᠨᠢ ᠠᠭᠤᠯᠵᠠᠪᠠ᠃ | ᠠᠪᠤ ᠡᠵᠢ ᠲᠠᠢ ᠨᠢ ᠪᠢ ᠨᠢᠭᠡ ᠬᠤᠩᠬᠤᠷ ᠲᠤ ᠥᠰᠦᠭᠰᠡᠨ᠃ ᠠᠪᠤ ᠨᠢ ᠨᠣᠮᠣᠬᠠᠨ ᠯᠡ ᠬᠡᠦᠬᠡᠳ ᠪᠠᠶᠢᠭᠰᠠᠨ | ᠶᠤᠮᠳᠠᠭ᠃ ᠰᠠᠷᠬᠤᠳ ︽ᠵᠣᠭᠤᠭᠯᠠᠭᠠᠳ︾ ᠯᠠ ᠡᠬᠡᠨᠡᠷ ᠢᠶᠠᠨ ᠵᠣᠳᠣᠳᠠᠭ ᠬᠠᠴᠢᠨ ᠭᠠᠵᠢᠭ ᠰᠦᠭᠯᠡᠭᠰᠡᠨ ᠶᠤᠮ ᠪᠠᠶᠢᠬᠤ᠃ | ᠡᠬᠡᠨᠡᠷ ᠨᠢ ᠬᠥᠭᠡᠷᠦᠬᠦᠢ᠂ ᠵᠣᠳᠣᠭᠤᠷ ᠢ ᠨᠢ ᠳᠠᠭᠠᠭᠠᠬᠤ ᠦᠭᠡᠢ ᠬᠤᠶᠠᠷ ᠵᠢᠯ ᠤᠨ ᠡᠮᠦᠨ᠎ᠡ ᠰᠠᠯᠴᠢᠬᠠᠭᠰᠠᠨ᠃ | ᠪᠤᠰᠤᠳ ᠤᠨ ᠦᠢᠯᠡ ᠯᠠᠢ ᠶᠢ ᠬᠠᠵᠠᠭᠤ ᠶᠢᠨ ᠬᠥᠮᠥᠨ ᠬᠡᠷᠬᠢᠨ ᠣᠶᠢᠯᠠᠭᠠᠬᠤ ᠪᠤᠢ ᠳ᠋ᠠ᠃ ᠬᠥᠮᠥᠨ ᠤ ᠡᠵᠢ ᠪᠣᠯᠤᠭᠰᠠᠨ | ᠬᠤᠶᠢᠨ᠎ᠠ ᠬᠡᠦᠬᠡᠳ ᠢᠶᠠᠨ ᠰᠠᠨᠠᠳᠠᠭ ᠯᠠ ᠪᠠᠶᠢᠯᠭᠦᠢ᠃ ᠬᠠᠶᠠ ᠮᠢᠨᠤ ᠠᠯᠪᠠᠨ ᠭᠡᠷ ᠲᠤ ᠢᠷᠡᠭᠡᠳ ᠬᠦᠦ ᠶᠢᠨ ᠢᠶᠠᠨ | ᠨᠠᠭᠠᠳᠴᠤ ᠲᠣᠭᠯᠠᠬᠤ᠂ ᠭᠠᠷᠴᠤ ᠣᠷᠣᠬᠤ ᠶᠢ ᠴᠣᠩᠬᠤ ᠪᠠᠷ ᠬᠠᠷᠠᠨ ᠤᠬᠢᠯᠠᠵᠤ ᠤᠭᠢᠯᠠᠭᠠᠳ ᠶᠠᠪᠤᠳᠠᠭ ᠰᠠᠨ᠃ | ︽ᠠᠭᠤᠯᠵᠠᠭᠠᠳ ᠶᠠᠪᠤᠪᠠᠯ ᠶᠠᠭᠠᠬᠢᠭᠰᠠᠨ ᠶᠤᠮ︖︾ ᠭᠡᠬᠦᠯᠡᠷ ︽ᠬᠤᠶᠠᠷ ᠤᠨ ᠬᠤᠭᠤᠷᠣᠨᠳᠤ ᠬᠡᠦᠬᠡᠳ ᠤᠨ ᠰᠠᠨᠠᠭ᠎ᠠ ᠶᠢ | ᠬᠤᠪᠢᠶᠠᠬᠳᠠᠭᠤᠯᠤᠭᠠᠳ ᠶᠠᠭᠠᠬᠢᠬᠤ ᠪᠤᠢ︕︾ ᠭᠡᠨ᠎ᠡ᠃ ︽ᠲᠡᠶᠢᠮᠦ ᠯᠡ ᠶᠤᠮ ᠪᠠᠶᠢᠯᠭᠦᠢ︕︾ ᠭᠡᠵᠦ ᠪᠤᠳᠤᠭᠠᠳ ᠪᠢ | ᠴᠦ ᠰᠠᠨᠠᠭᠠᠨ ᠳᠠᠭᠠᠨ ᠠᠪᠤᠭᠰᠠᠨ ᠦᠭᠡᠢ᠃ ᠬᠡᠵᠢᠶ᠎ᠡ ᠬᠤᠶᠢᠨ᠎ᠠ ᠨᠢ ︽ᠬᠦᠦ ᠨᠢ ᠡᠵᠢ ᠲᠠᠢ ᠪᠠᠨ ᠠᠭᠤᠯᠵᠠᠭᠰᠠᠨ ᠢ | ᠰᠣᠨᠣᠰᠪᠠᠯ ᠬᠦᠦ ᠪᠠᠨ ᠪᠠᠷᠢᠵᠤ ᠵᠣᠳᠣᠬᠤ ᠪᠠᠷ ᠪᠠᠷᠠᠬᠤ ᠦᠭᠡᠢ ︿ᠡᠵᠢ ᠪᠠᠨ ᠰᠠᠨᠠᠵᠤ ᠪᠠᠶᠢᠨ᠎ᠠ﹀ ᠭᠡᠵᠦ ᠬᠡᠯᠡᠬᠦ ᠶᠢ ᠴᠦ | ᠵᠥᠪᠰᠢᠶᠡᠷᠡᠳᠡᠭ ᠦᠭᠡᠢ ᠭᠡᠨ᠎ᠡ︾ ᠭᠡᠵᠦ ᠨᠤᠲᠤᠭ ᠤᠨ ᠬᠥᠮᠥᠰ ᠠᠴᠠ ᠰᠣᠨᠣᠰᠤᠭᠠᠳ᠂ ᠪᠢ ᠡᠵᠢ ᠲᠠᠢ ᠨᠢ | ᠵᠥᠪᠳᠡᠯᠴᠡᠨ ᠡᠵᠢ ᠬᠦᠦ ᠬᠤᠶᠠᠷ ᠢ ᠳᠠᠯᠳᠠᠭᠤᠷ ᠠᠭᠤᠯᠵᠠᠭᠤᠯᠳᠠᠭ ᠪᠣᠯᠤᠭᠰᠠᠨ ᠶᠤᠮ᠃ | ᠤᠯᠠᠨ ᠤ ᠤᠯᠠᠨ ᠳᠤ ᠶᠠᠮᠠᠷᠴᠤ ᠠᠭᠠᠰᠢ ᠠᠷᠠᠨᠰᠢᠨ ᠲᠠᠢ ᠬᠥᠮᠥᠨ ᠪᠠᠶᠢᠬᠤ ᠶᠤᠮ᠃ ᠰᠠᠨᠠᠭ᠎ᠠ ᠰᠡᠳᠬᠢᠯ | ᠲᠠᠭᠠᠷᠠᠯᠴᠠᠬᠤ ᠦᠭᠡᠢ ᠰᠠᠯᠵᠤ ᠪᠤᠳᠠᠷᠠᠯᠠ ᠴᠦ ᠭᠡᠰᠡᠨ ᠬᠡᠦᠬᠡᠳ ᠲᠤ ᠶᠠᠮᠠᠷ ᠪᠤᠷᠤᠭᠤ ᠪᠠᠶᠢᠬᠤ ᠪᠤᠢ᠃ ᠠᠰ | ᠠᠰ ᠤᠨ ᠢᠶᠠᠨ ᠵᠠᠮ ᠢ ᠬᠥᠭᠡᠭᠡᠭᠰᠡᠨ ᠴᠦ ᠦᠯᠡᠳᠡᠵᠦ ᠬᠤᠴᠣᠷᠤᠭᠰᠠᠨ ᠦᠷ᠎ᠡ ᠬᠡᠦᠬᠡᠳ ᠲᠡᠭᠡᠨ ᠬᠠᠯᠠ | ᠠᠮᠰᠠᠭᠤᠯᠤᠭᠰᠠᠨ ᠤ ᠬᠡᠷᠡᠭ ᠶᠠᠭᠤ ᠪᠢᠯᠡ᠃ ᠬᠦᠦ ᠪᠠᠨ ᠦᠵᠡᠬᠦ ᠪᠠᠷ ᠡᠵᠢ ᠶᠢ ᠨᠢ ᠬᠤᠷᠣᠰᠤᠭᠠᠳ ᠪᠠᠶᠢᠳᠠᠭ ᠶᠤᠮ ᠪᠣᠯ | ᠨᠢᠭᠡᠮᠦᠰᠦᠨ ᠡᠵᠢ ᠳᠤᠨᠢ ᠥᠭᠴᠢᠬᠡᠬᠦ ᠶᠢ ᠬᠦᠷᠬᠦ ᠦᠭᠡᠢ᠃ ᠬᠡᠯᠡᠬᠦ ᠠᠴᠠ ᠬᠤᠶᠢᠲᠤ ᠠᠪᠤ ᠨᠢ ᠶᠠᠮᠠᠷ ᠰᠢᠤᠬᠠᠨ ᠠᠪᠤ | ᠲᠠᠭᠠᠷᠠᠬᠰᠠᠨ ᠶᠤᠮ ᠪᠣᠯ ᠳ᠋ᠠ᠂ ᠬᠥᠭᠡᠷᠦᠬᠦᠢ︕ | ᠬᠤᠶᠢᠲᠤ ᠠᠪᠤ ᠭᠡᠰᠡᠨ ᠠᠴᠠ ᠪᠢ ᠴᠢᠨᠢ ᠬᠤᠶᠢᠲᠤ ᠡᠵᠢ ᠲᠠᠢ ᠬᠥᠮᠥᠨ᠃ ᠬᠤᠷᠢ ᠴᠦ ᠭᠦᠷᠦᠭᠡ ᠦᠭᠡᠢ | ᠬᠤᠶᠢᠲᠤ ᠡᠵᠢ ᠮᠢᠨᠢ᠂ ᠭᠤᠷᠪᠠ ᠶᠢᠨ ᠭᠤᠷᠪᠠᠨ ᠥᠨᠥᠴᠢᠨ ᠬᠡᠦᠬᠡᠳ ᠳᠠᠭᠠᠭᠤᠯᠤᠭᠰᠠᠨ ᠠᠪᠤ ᠲᠠᠢ ᠮᠢᠨᠢ ᠲᠣᠯᠣᠭᠠᠢ | ᠬᠤᠯᠪᠣᠭᠰᠠᠨ ᠳ᠋ᠠ᠂ ᠬᠥᠭᠡᠷᠦᠬᠦᠢ︕ | ᠬᠤᠶᠢᠲᠤ ᠡᠵᠢ ᠮᠢᠨᠢ᠂ ᠮᠠᠨ ᠤ ᠠᠬ᠎ᠠ ᠳᠡᠭᠦᠦ ᠬᠡᠳᠦᠭᠦᠯᠡ ᠳᠤ ᠲᠦᠷᠦᠭᠰᠡᠨ ᠡᠵᠢ ᠠᠴᠠ ᠴᠦ ᠬᠠᠶᠢᠷᠠᠲᠠᠢ | ᠪᠠᠶᠢᠭᠰᠠᠨ ᠪᠣᠯᠬᠤᠷ ︽ᠬᠤᠶᠢᠲᠤ︾ ᠭᠡᠬᠦ ᠲᠣᠳᠣᠳᠬᠠᠯ ᠢ ᠬᠡᠷᠡᠭᠯᠡᠵᠦ ᠶᠡᠷᠦᠳᠡᠭᠡᠨ ᠥᠩᠭᠡᠷᠡᠭᠡ ᠦᠭᠡᠢ᠃ ᠶᠠᠳᠠᠭᠤ | ᠲᠠᠷᠴᠢᠭ ᠲᠤᠬᠠᠢ ᠶᠢᠨ ᠣᠷᠴᠢᠨ ᠳᠤ ᠮᠠᠨ ᠤ ᠠᠬ᠎ᠠ ᠳᠡᠭᠦᠦ ᠬᠡᠳᠦᠭᠦᠯᠡ ᠰᠤᠷᠭᠠᠭᠤᠯᠢ ᠠᠴᠠ ᠪᠠᠨ ᠪᠦᠭᠡᠰᠦ | ᠬᠢᠭᠤᠷᠰᠤ ᠶᠢ ᠦᠨ᠎ᠡ ᠲᠥᠯᠥᠪᠦᠷᠢ ᠦᠭᠡᠢ ᠶᠠᠭᠤᠮ᠎ᠠ ᠭᠡᠰᠡᠨ ᠰᠢᠭ ᠡᠭᠦᠷᠦᠭᠡᠳ ᠢᠷᠡᠳᠡᠭ ᠪᠠᠶᠢᠵᠤ ᠪᠢᠯᠡ᠃ ᠣᠷᠣᠵᠤ | ᠢᠷᠡᠩᠭᠦᠲᠡ ᠡᠵᠢ ᠮᠢᠨᠢ ᠬᠠᠮᠤᠭ ᠬᠤᠪᠴᠠᠰᠤ ᠬᠤᠨᠠᠷ ᠢ ᠬᠠᠤ ᠲᠠᠳᠠᠨ ᠠᠪᠤᠭᠠᠳ ᠵᠤᠨ ᠤ ᠴᠠᠭ ᠲᠤ ᠬᠠᠯᠠᠭᠤᠨ | ᠤᠰᠤᠨ ᠳᠤ ᠰᠢᠯᠵᠠᠯᠠᠵᠤ᠂ ᠡᠪᠦᠯ ᠤᠨ ᠬᠦᠢᠲᠡᠨ ᠳᠤ ᠭᠠᠳᠠᠭ᠎ᠠ ᠬᠥᠯᠳᠡᠭᠡᠨ ᠤᠰᠠᠳᠬᠠᠨ᠎ᠠ᠃ ᠬᠠᠭᠠᠷᠬᠠᠢ ᠴᠤᠭᠤᠷᠬᠠᠢ ᠶᠢ | ᠨᠥᠬᠦᠵᠦ ᠴᠤᠶᠢᠯᠳᠦᠨ᠂ ᠬᠤᠭᠤᠯᠠ ᠴᠠᠢ ᠪᠡᠯᠡᠳᠬᠡᠨ ᠶᠠᠭᠠᠷᠠᠳᠠᠭ ᠰᠠᠨ᠃ ᠠᠪᠤ ᠡᠵᠢ ᠶᠢᠨ ᠠᠯᠢ ᠠᠯᠢ ᠨᠢ ᠠᠵᠢᠯᠰᠠᠭ | ᠤᠯᠤᠰ ᠤᠳ ᠪᠠᠶᠢᠭᠰᠠᠨ ᠪᠣᠯᠬᠤᠷ ᠮᠠᠨ ᠤ ᠠᠮᠢᠳᠤᠷᠠᠯ ᠲᠡᠳᠦᠢ ᠯᠡ ᠲᠠᠷᠳᠠᠭ ᠲᠠᠭᠠᠨ ᠲᠤᠯᠵᠤ ᠪᠠᠶᠢᠭ᠎ᠠ ᠦᠭᠡᠢ᠃ | ᠰᠤᠷᠭᠠᠭᠤᠯᠢ ᠶᠢᠨ ᠬᠦᠷᠢᠶᠡᠨ ᠳᠤ ᠡᠳᠦᠢ ᠲᠡᠳᠦᠢ ᠬᠡᠦᠬᠡᠳ ᠤᠳ ᠰᠠᠯᠲᠠᠭ᠎ᠠ ᠨᠢ ᠳᠡᠯᠭᠡᠭᠰᠡᠨ ᠥᠮᠥᠳᠦ᠂ ᠴᠤᠭᠤᠷᠬᠠᠢ | ᠱᠠᠬᠠᠢ ᠲᠠᠢ ᠭᠦᠶᠦᠯᠴᠡᠵᠦ ᠪᠠᠶᠢᠬᠤ ᠳᠤ᠂ ᠬᠠᠷᠢᠨ ᠮᠠᠨ ᠤ ᠠᠬ᠎ᠠ ᠳᠡᠭᠦᠦ ᠬᠡᠳᠦᠭᠦᠯᠡ ᠨᠥᠬᠦᠭᠡᠰᠦ ᠲᠠᠢ ᠪᠤᠯᠪᠠᠴᠤ | ᠬᠠᠯᠠᠵᠤ ᠰᠣᠯᠢᠬᠤ ᠬᠤᠪᠴᠠᠰᠤ ᠲᠠᠢ ᠭᠦᠶᠦᠯᠳᠦᠳᠡᠭ ᠪᠠᠶᠢᠯ᠎ᠠ᠃ | ᠡᠵᠢ ᠮᠢᠨᠢ ᠭᠠᠷ ᠤᠷᠠᠨ᠂ ᠠᠪᠬᠠᠯᠵᠢ ᠰᠠᠶᠢᠲᠠᠢ ᠬᠥᠮᠥᠨ ᠪᠠᠶᠢᠭᠰᠠᠨ᠃ ᠬᠠᠭᠤᠴᠢᠷᠠᠭᠰᠠᠨ ᠬᠤᠳᠠᠯᠳᠤᠭ᠎ᠠ | ᠱᠠᠬᠠᠢ ᠶᠢ ᠰᠠᠶᠢᠬᠠᠨ ᠬᠠᠭᠵᠠᠯᠠᠵᠤ ᠤᠬᠢᠶᠠᠭᠠᠳ ᠬᠠᠮᠠᠷ᠂ ᠵᠤᠯᠤᠭ ᠢᠶᠠᠷ ᠨᠢ ᠰᠠᠯᠭᠠᠨ ᠴᠠᠭᠠᠰᠤᠨ ᠳᠡᠭᠡᠷ᠎ᠡ ᠲᠠᠯᠪᠢᠵᠤ | ᠬᠠᠷᠠᠨᠳᠠ ᠪᠠᠷ ᠬᠡᠪ ᠵᠠᠭᠪᠤᠷ ᠢ ᠨᠢ ᠵᠢᠷᠤᠵᠤ ᠠᠪᠤᠭᠠᠳ ᠲᠡᠭᠦᠨ ᠢᠶᠠᠷ ᠢᠶᠠᠨ ᠦᠯᠢᠭᠡᠷᠯᠡᠨ ᠮᠠᠨᠤᠰ ᠲᠤ ᠱᠠᠬᠠᠢ | ᠣᠶᠣᠳᠠᠭ᠃ ᠶᠡᠭᠡ ᠪᠠᠭ᠎ᠠ ᠦᠭᠡᠢ ᠳᠤᠯᠠᠭᠠᠨ ᠲᠠᠭᠠᠯᠠᠮᠵᠢᠲᠠᠢ᠂ ᠪᠠᠷᠤᠭ ᠲᠠᠢ ᠤᠷᠠᠭᠳᠠᠳᠠᠭ ᠦᠭᠡᠢ᠂ ᠬᠤᠳᠠᠯᠳᠤᠭ᠎ᠠ | ᠱᠠᠬᠠᠢ ᠠᠴᠠ ᠬᠤᠵᠢᠭᠳᠠᠬᠤ ᠦᠭᠡᠢ ᠣᠶᠣᠮᠠᠯ ᠱᠠᠬᠠᠢ ᠪᠠᠷ ᠲᠠᠪᠠᠷᠠᠭᠠᠨᠠ᠃ ᠮᠢᠨᠤ ᠬᠠᠷ᠎ᠠ ᠱᠠᠬᠠᠢ ᠶᠢᠨ ᠬᠠᠮᠠᠷ ᠳᠡᠭᠡᠷ᠎ᠡ | ᠶᠠᠭᠠᠨ ᠬᠤᠸᠠᠷ ᠬᠠᠳᠬᠤᠭᠠᠳ ᠤᠯᠠᠮ ᠴᠦ ᠪᠦᠷ ᠬᠥᠭᠡᠷᠦᠬᠦᠨ ᠪᠣᠯᠭᠠᠨ᠎ᠠ᠃ ᠲᠡᠭᠡᠭᠡᠳ ᠯᠡ ᠡᠬᠢᠨ ᠤ ᠬᠡᠳᠦᠨ ᠡᠳᠦᠷ | ᠰᠢᠷᠣᠢ ᠲᠣᠭᠤᠰᠣ ᠨᠠᠭᠠᠯᠳᠤᠬᠤ ᠠᠴᠠ ᠬᠢᠴᠢᠶᠡᠨ ᠬᠥᠩᠭᠡᠨ ᠱᠦᠩᠭᠡᠨ ᠠᠯᠬᠤᠵᠤ ᠭᠢᠰᠬᠢᠨ᠎ᠡ᠃ ᠣᠷᠪᠣᠭ ᠪᠤᠳᠠ ᠶᠢ | ᠲᠣᠭᠤᠷᠢᠵᠤ ᠭᠠᠷᠤᠨ᠎ᠠ᠃ ᠬᠡᠦᠬᠡᠳ ᠤᠨ ᠲᠡᠪᠴᠢᠶᠡᠷᠢ ᠬᠡᠳᠦᠶᠢᠬᠡᠨ ᠪᠠᠶᠢᠬᠤ ᠪᠤᠢ᠃ ᠨᠢᠭᠡ ᠯᠡ ᠮᠡᠳᠡᠬᠦ ᠳᠤ ᠬᠠᠷ᠎ᠠ᠂ | ᠶᠠᠭᠠᠨ ᠨᠢ ᠢᠯᠭᠠᠷᠠᠭᠰᠠᠨ ᠥᠨᠥ ᠭᠤᠶᠤ ᠱᠠᠬᠠᠢ ᠴᠦ ᠪᠣᠷᠣ ᠰᠠᠭᠠᠷᠠᠯ ᠶᠠᠭᠤᠮ᠎ᠠ ᠪᠣᠯᠴᠢᠬᠠᠭᠰᠠᠨ ᠪᠠᠶᠢᠨ᠎ᠠ᠃ | ᠠᠷᠪᠠᠨ ᠰᠠᠷ᠎ᠠ ᠶᠢᠨ ᠴᠢᠯᠦᠭᠡ ᠪᠠᠷ ᠰᠤᠷᠭᠠᠭᠤᠯᠢ ᠠᠴᠠ ᠪᠠᠨ ᠭᠦᠶᠦᠯᠴᠡᠨ ᠢᠷᠡᠬᠦ ᠳᠤ᠂ ᠡᠵᠢ ᠮᠢᠨᠢ ᠤᠳᠬᠤᠨ | ᠳᠡᠭᠦᠦ ᠶᠢ ᠡᠭᠦᠷᠦᠭᠡᠳ ᠨᠠᠮᠤᠷ ᠤᠨ ᠰᠢᠷ᠎ᠠ ᠨᠠᠷᠠᠨ ᠳᠤ ᠬᠤᠨᠢ ᠪᠠᠨ ᠬᠠᠷᠢᠭᠤᠯᠤᠨ ᠶᠠᠪᠤᠵᠤ ᠪᠠᠶᠢᠭᠰᠠᠨ ᠳᠦᠷᠢ ᠵᠢᠷᠤᠭ | ᠨᠢ ᠰᠠᠨᠠᠭᠠᠨ ᠠᠴᠠ ᠶᠡᠷᠦ ᠭᠠᠷᠳᠠᠭ ᠦᠭᠡᠢ᠃ ᠬᠥᠭᠡᠷᠦᠬᠦᠢ ᠡᠵᠢ ᠮᠢᠨᠢ ᠵᠤᠨ ᠤ ᠬᠠᠯᠠᠭᠤᠨ᠂ ᠬᠠᠪᠤᠷ ᠤᠨ ᠰᠢᠭᠤᠷᠭ᠎ᠠ᠂ | ᠡᠪᠦᠯ ᠤᠨ ᠬᠠᠬᠢᠷ ᠬᠦᠢᠲᠡᠨ ᠢ ᠬᠠᠶᠢᠬᠤᠷᠤᠯ ᠦᠭᠡᠢ ᠬᠡᠦᠬᠡᠳ ᠢᠶᠠᠨ ᠡᠭᠦᠷᠦᠨ ᠮᠠᠯ ᠢᠶᠠᠨ ᠬᠠᠷᠢᠭᠤᠯᠵᠤ ᠶᠠᠳᠠᠷᠠᠵᠤ | ᠵᠦᠳᠡᠷᠡᠭᠰᠡᠨ ᠴᠦ ᠮᠠᠨ ᠤ ᠠᠬ᠎ᠠ ᠳᠡᠭᠦᠦ ᠬᠡᠳᠦᠭᠦᠯᠡ ᠶᠢᠨ ᠠᠯᠢ ᠶᠢ ᠨᠢ ᠴᠦ ᠰᠤᠷᠭᠠᠭᠤᠯᠢ ᠠᠴᠠ ᠳᠤᠲᠠᠭᠤ ᠲᠤᠷᠭᠤᠨ | ᠵᠣᠭᠰᠣᠭᠠᠭᠠ ᠦᠭᠡᠢ᠃ | ᠠᠷᠪᠠ ᠭᠦᠷᠦᠭᠰᠡᠨ ᠪᠢ ᠶᠠᠳᠠᠵᠤ ᠭᠤᠯᠢᠷ ᠵᠢᠭᠤᠷᠠᠴᠢᠬᠠᠵᠤ ᠴᠢᠳᠠᠳᠠᠭ ᠦᠭᠡᠢ᠂ ᠤᠷᠤᠭᠰᠢ ᠨᠢ | ᠲᠠᠰᠤᠷᠠᠴᠢᠬᠠᠭᠰᠠᠨ ᠠᠮᠢᠳᠠᠨ ᠪᠠᠶᠢᠯ᠎ᠠ᠃ ᠭᠠᠯ ᠲᠣᠭᠤᠭᠠᠨ ᠤ ᠠᠵᠢᠯ ᠳᠤ ᠬᠠᠮ ᠲᠠᠮ ᠪᠤᠯᠬᠤ ᠶᠢ ᠪᠤᠳᠤᠳᠠᠭ ᠦᠭᠡᠢ | ᠶᠠᠪᠤᠭᠰᠠᠨ ᠤ ᠮᠢᠨᠢ ᠭᠠᠢ᠃ ᠬᠡᠦᠬᠡᠳ ᠢᠶᠠᠨ ᠭᠡᠰᠡᠨ ᠡᠬᠡ ᠶᠢᠨ ᠬᠠᠶᠢᠷ᠎ᠠ ᠳᠤ ᠶᠠᠮᠠᠷ ᠪᠤᠷᠤᠭᠤ ᠪᠠᠶᠢᠬᠤ ᠪᠤᠢ᠃ ᠭᠤᠣᠯ ᠨᠢ | ᠵᠢᠷᠭᠠᠯ ᠳᠤ ᠲᠠᠰᠢᠭᠤᠷᠠᠬᠰᠠᠨ ᠮᠢᠨᠤ ᠯᠠ ᠬᠤᠬᠢ ᠶᠤᠮ ᠳ᠋ᠠ᠃ | ᠤᠳᠬᠤᠨ ᠳᠡᠭᠦᠦ ᠮᠢᠨᠢ ᠡᠵᠢ ᠶᠢᠨ ᠨᠢᠭᠤᠷᠤᠨ ᠠᠴᠠ ᠪᠦᠷᠢᠨ ᠪᠠᠭᠤᠵᠤ ᠵᠠᠪᠳᠤᠭ᠎ᠠ ᠦᠭᠡᠢ ᠨᠢᠯᠬ᠎ᠠ ᠪᠠᠷ ᠢᠶᠠᠨ | ᠰᠢᠬᠠᠮ ᠡᠵᠢ ᠠᠴᠠ ᠪᠠᠨ ᠥᠨᠥᠴᠢᠷᠡᠭᠰᠡᠨ ᠳ᠋ᠠ᠂ ᠵᠠᠶᠢᠯᠠᠭᠤᠯ︕ ᠡᠵᠢ ᠠᠴᠠ ᠬᠤᠶᠢᠰᠢ ᠮᠠᠨ ᠤ ᠠᠬ᠎ᠠ ᠳᠡᠭᠦᠦ ᠭᠡᠳᠦ | ᠤᠳᠬᠤᠨ ᠳᠡᠭᠦᠦ ᠳᠡᠭᠡᠨ ᠬᠠᠶᠢᠷ᠎ᠠ ᠬᠠᠯᠠᠮᠵᠢ ᠪᠠᠨ ᠢᠯᠡᠭᠦᠬᠡᠨ ᠲᠠᠯᠪᠢᠳᠠᠭ ᠪᠠᠶᠢᠯ᠎ᠠ᠃ ᠲᠥᠯ ᠮᠠᠯ ᠲᠤᠰᠬᠤ᠂ ᠬᠤᠨᠢ | ᠬᠠᠷᠢᠭᠤᠯᠬᠤ᠂ ᠬᠤᠷᠤᠭ᠎ᠠ ᠬᠤᠳᠠ ᠨᠤᠷᠠᠯᠠᠬᠤ᠂ ᠬᠤᠳᠳᠤᠭ ᠤᠨ ᠮᠥᠰᠥ ᠴᠤᠭᠤᠯᠬᠤ ᠁ ᠮᠡᠲᠦ ᠶᠢᠨ ᠡᠳᠦᠷ | ᠲᠤᠳᠤᠮ ᠤᠨ ᠰᠤᠨᠵᠢᠷᠠᠭᠰᠠᠨ ᠠᠵᠢᠯ ᠠᠴᠠ ᠭᠠᠳᠠᠨ᠎ᠠ ᠬᠤᠩᠬᠤᠷᠯᠠᠵᠤ ᠬᠤᠷᠠᠭᠰᠠᠨ ᠴᠠᠰᠤ ᠮᠥᠰᠥ ᠶᠢ ᠬᠤᠯᠠᠳᠠᠭᠤᠯᠬᠤ᠂ | ᠣᠪᠣᠭᠠᠷᠠᠨ ᠵᠤᠵᠠᠭᠠᠷᠠᠭᠰᠠᠨ ᠬᠥᠷᠵᠡᠩ ᠬᠤᠷᠤᠭ᠎ᠠ ᠭᠢᠰᠬᠢᠬᠦ ᠁ ᠭᠡᠳ ᠬᠦᠨᠳᠦ ᠬᠦᠴᠢᠷ ᠬᠥᠳᠡᠭᠡ ᠶᠢᠨ ᠬᠠᠷ᠎ᠠ | ᠪᠣᠷᠣ ᠠᠵᠢᠯ ᠳᠤ ᠠᠪᠤ ᠶᠢᠨ ᠳᠠᠭᠠᠭᠤᠯᠭ᠎ᠠ ᠪᠠᠷ ᠠᠬ᠎ᠠ ᠳᠡᠭᠦᠦ ᠬᠡᠳᠦᠭᠦᠯᠡ ᠪᠠᠨ ᠭᠦᠷᠡᠶᠢᠳᠡᠭ ᠪᠠᠶᠢᠭᠰᠠᠨ ᠴᠦ ᠠᠯᠢ | ᠪᠤᠯᠬᠤ ᠪᠠᠷ ᠤᠳᠬᠤᠨ ᠳᠡᠭᠦᠦ ᠪᠠᠨ ᠨᠢᠯᠬ᠎ᠠ ᠶᠤᠮ ᠭᠡᠳ ᠬᠢᠷᠢ ᠪᠠᠷᠤᠭ ᠤᠨ ᠠᠵᠢᠯ ᠳᠤ ᠣᠷᠣᠯᠴᠠᠭᠤᠯᠳᠠᠭ ᠦᠭᠡᠢ᠃ | ᠲᠡᠭᠡᠭᠰᠡᠭᠡᠷ ᠪᠠᠶᠢᠵᠤ ᠪᠦᠷ ᠵᠠᠩᠰᠢᠴᠢᠬᠠᠭᠠᠳ ᠮᠠᠯ ᠤᠨ ᠠᠷᠤ ᠠᠴᠠ ᠶᠠᠪᠤᠬᠤ ᠮᠠᠰᠢ ᠳᠤᠷ᠎ᠠ ᠦᠭᠡᠢ ᠬᠡᠦᠬᠡᠳ ᠪᠣᠯᠵᠤ | ᠬᠥᠮᠥᠵᠢᠭᠳᠡᠭᠰᠡᠨ ᠶᠤᠮ᠃ | ᠨᠢᠷᠤᠭᠤ ᠴᠢᠩᠭ᠎ᠠ᠂ ᠭᠦᠳᠡᠯᠮᠦᠷᠢᠴᠢ ᠠᠪᠤ ᠶᠢᠨ ᠮᠢᠨᠢ ᠠᠷᠤ ᠳᠤ᠂ ᠮᠠᠨ ᠤ ᠭᠡᠷ ᠪᠦᠯᠢ ᠶᠢᠨ ᠬᠢᠨ ᠢ ᠲᠠᠶᠢᠴᠢᠯᠠᠨ | ᠵᠠᠬᠢᠷᠳᠠᠭ ᠡᠮᠡᠭᠡ ᠡᠵᠢ ᠪᠠᠶᠢᠯ᠎ᠠ᠃ ᠲᠡᠮᠡᠭᠡ ᠮᠠᠯ ᠴᠤᠭᠯᠠᠭᠤᠯᠬᠤ᠂ ᠬᠠᠮᠲᠤ ᠶᠢᠨ ᠭᠦᠳᠡᠯᠮᠦᠷᠢ ᠳᠤ ᠣᠷᠤᠯᠴᠠᠬᠤ ᠁ | ᠭᠡᠳ ᠡᠷ᠎ᠡ ᠪᠦᠰᠡᠲᠡᠢ ᠬᠥᠮᠥᠨ ᠳᠤ ᠭᠠᠳᠠᠭᠰᠢ ᠭᠠᠷᠬᠤ ᠶᠠᠪᠤᠳᠠᠯ ᠮᠤᠩᠳᠠᠬᠤ ᠦᠭᠡᠢ᠃ ᠲᠡᠭᠡᠭᠡᠳ ᠯᠡ ᠨᠠᠰᠤᠨ | ᠥᠨᠳᠥᠷ ᠪᠣᠯᠤᠭᠰᠠᠨ ᠡᠮᠡᠭᠡ ᠮᠢᠨᠢ ᠬᠠᠷᠢᠭᠤᠯᠤᠭᠰᠠᠨ ᠮᠠᠯ ᠢᠶᠠᠨ ᠬᠠᠮᠲᠤ ᠳᠤ ᠲᠤᠰᠢᠶᠠᠨ᠂ ᠲᠤᠯᠭᠠᠨ ᠤ ᠵᠡᠭᠦᠨ ᠵᠠᠬ᠎ᠠ | ᠡᠵᠡᠭᠦᠶᠢᠷᠡᠭᠰᠡᠨ ᠮᠠᠨ ᠤ ᠳᠤ ᠢᠷᠡᠵᠦ᠂ ᠡᠵᠢ ᠶᠢᠨ ᠣᠷᠣᠨ ᠳᠤ ᠡᠵᠢ ᠪᠣᠯᠣᠨ᠂ ᠬᠥᠯ ᠨᠢ ᠬᠦᠷᠬᠦ ᠦᠭᠡᠢ ᠭᠠᠵᠠᠷ ᠲᠤ | ᠠᠮᠠ ᠨᠢ ᠬᠦᠷᠴᠦ᠂ ᠪᠢᠳᠡᠨ ᠢ ᠵᠢᠭᠠᠵᠤ ᠵᠠᠬᠢᠷᠤᠨ ᠵᠥᠪ ᠰᠠᠶᠢᠬᠠᠨ ᠬᠥᠮᠥᠵᠢᠭᠦᠯᠦᠭᠰᠡᠨ ᠳ᠋ᠠ᠃ | ᠠᠪᠤ ᠶᠢᠨ ᠤᠶᠢᠭ᠎ᠠ ᠦᠭᠡᠢ ᠴᠢᠷᠮᠠᠶᠢᠯᠭ᠎ᠠ᠂ ᠡᠮᠡᠭᠡ ᠶᠢᠨ ᠴᠢᠩᠭ᠎ᠠ ᠰᠤᠷᠭᠠᠯ ᠢᠶᠠᠷ ᠮᠠᠨ ᠤ ᠠᠬ᠎ᠠ ᠳᠡᠭᠦᠦ ᠭᠡᠳᠦ | ᠪᠠᠶᠠᠷᠯᠠᠬᠤ ᠳᠠᠭᠠᠨ ᠪᠠᠶᠠᠷᠯᠠᠨ᠂ ᠵᠣᠪᠠᠭ᠋ᠤ ᠳᠠᠭᠠᠨ ᠵᠣᠪᠠᠵᠤ ᠬᠥᠮᠥᠨ ᠤ ᠠᠮᠢᠳᠤᠷᠠᠯ ᠤᠨ ᠬᠦᠨᠳᠦ ᠬᠡᠴᠡᠭᠦᠦ ᠶᠢ ᠵᠠᠬ᠎ᠠ | ᠵᠤᠬ᠎ᠠ ᠠᠴᠠ ᠨᠢ ᠣᠶᠢᠯᠠᠭᠠᠨ ᠡᠷ᠎ᠡ ᠶᠢᠨ ᠴᠡᠭᠡᠯ ᠳᠤ ᠬᠦᠷᠴᠦ᠂ ᠠᠶᠢᠯ ᠡᠷᠦᠭᠡ ᠪᠣᠰᠬᠠᠨ᠂ ᠠᠰ ᠠᠰ ᠤᠨ ᠢᠶᠠᠨ | ᠵᠠᠮ ᠢᠶᠠᠷ ᠠᠮᠢᠳᠤᠷᠠᠯ ᠤᠨ ᠵᠡᠮ ᠢᠶᠠᠨ ᠡᠯᠭᠦᠭᠰᠡᠨ ᠴᠦ ᠬᠠᠶᠠ ᠬᠤᠷᠠᠨ ᠴᠤᠭᠯᠠᠵᠤ᠂ ᠪᠠᠭ᠎ᠠ ᠶᠢᠨ ᠭᠦᠭ ᠱᠤᠮᠲᠠᠢ | ᠤᠴᠠᠷᠠᠯ ᠢᠶᠠᠨ ᠳᠤᠷᠠᠰᠤᠨ ᠶᠠᠷᠢᠵᠤ ᠪᠠᠶᠠᠰᠤᠯᠴᠠᠳᠠᠭ ᠰᠠᠨ᠃ | ᠶᠠᠮᠠᠷ ᠰᠠᠶᠢᠨ ᠳᠠᠭᠠᠨ ᠮᠠᠨ ᠤ ᠠᠬ᠎ᠠ ᠳᠡᠭᠦᠦ ᠭᠡᠳᠦ ᠦᠷ᠎ᠡ ᠬᠡᠦᠬᠡᠳ᠂ ᠠᠴᠢ ᠵᠢᠭᠡ ᠨᠠᠷ ᠢᠶᠠᠨ ᠳᠠᠭᠠᠭᠤᠯᠤᠨ | ᠤᠳᠬᠤᠨ ᠳᠡᠭᠦᠦ ᠪᠠᠭᠠᠲᠤᠷ ᠤᠨ ᠳᠤ ᠴᠤᠭᠯᠠᠨ ᠨᠠᠷᠭᠢᠯᠳᠤᠪᠠ᠃ | ᠣᠳᠬᠠᠨ ᠳᠡᠭᠦᠦ ᠮᠢᠨᠢ᠄ ︽ᠪᠢ ᠮᠠᠯ ᠳᠤ ᠳᠤᠷ᠎ᠠ ᠦᠭᠡᠢ ᠬᠠᠴᠢᠨ ᠬᠡᠦᠬᠡᠳ ᠪᠠᠶᠢᠭᠰᠠᠨ ᠶᠤᠮ᠃ ᠡᠮᠡᠭᠡ ᠡᠵᠢ᠄ | ︿ᠵᠡ᠂ ᠪᠠᠭᠠᠲᠤᠷ ᠴᠠᠢ ᠤᠮᠳᠠ ᠤᠤᠭᠤ︕﹀ ᠭᠡᠬᠦ ᠲᠠᠢ ᠵᠡᠷᠭᠡ ᠯᠡ ᠨᠢᠳᠦᠨ ᠳᠤ ᠨᠢᠯᠪᠤᠰᠤ ᠬᠤᠷᠠᠨ᠂ ᠬᠥᠯ | ᠬᠦᠨᠳᠦᠷᠡᠭᠡᠳ ᠶᠠᠪᠤᠴᠢᠬᠠᠳᠠᠭ᠃ ᠲᠡᠷᠡ ᠴᠢᠨᠢ ᠦᠳᠡ ᠶᠢᠨ ᠬᠤᠶᠢᠨ᠎ᠠ ᠶᠢᠨ ᠮᠠᠯ ᠰᠢᠤ ᠳ᠋ᠠ᠂ ᠬᠡᠳᠦᠶᠢᠬᠡᠨ ᠯᠡ ᠬᠤᠯᠠ | ᠶᠠᠪᠤᠬᠤ ᠪᠤᠢ︕ ᠪᠢ ᠶᠡᠷᠦ ᠨᠢ ᠶᠡᠭᠡ ᠵᠠᠯᠬᠠᠭᠤ ᠬᠡᠦᠬᠡᠳ ᠪᠠᠶᠢᠭᠰᠠᠨ ᠯᠠ ᠳ᠋ᠠ︕ ᠠᠬ᠎ᠠ ᠡᠭᠡᠴᠢ ᠨᠠᠷ ᠬᠤᠲᠠᠨ ᠳᠤ | ᠮᠠᠯ ᠬᠤᠢ ᠲᠡᠵᠢᠭᠡᠭᠡᠳ ᠶᠠᠭᠠᠷᠠᠵᠤ ᠪᠠᠶᠢᠬᠤ ᠳᠤ᠂ ᠪᠢ ᠳᠤᠯᠠᠭᠠᠬᠠᠨ ᠭᠡᠷ ᠲᠡᠭᠡᠨ ᠮᠤᠤᠷ ᠲᠠᠢ ᠪᠠᠨ ᠲᠣᠭᠯᠠᠨ | ᠬᠤᠴᠣᠷᠤᠨ᠎ᠠ᠃ ᠡᠮᠡᠭᠡ᠄ ︿ᠭᠠᠷ︕ ᠭᠠᠳᠠᠭ᠎ᠠ ᠭᠠᠷᠴᠤ᠂ ᠴᠠᠭᠠᠲᠤ ᠠᠬ᠎ᠠ ᠡᠭᠡᠴᠢ ᠪᠠᠨ ᠬᠠᠪᠰᠤᠷᠴᠤ ᠮᠠᠯ ᠬᠤᠢ | ᠲᠡᠵᠢᠭᠡᠯᠴᠡ︕ ᠮᠤᠤᠷ ᠰᠢᠭ᠋ ᠬᠠᠯᠠᠭᠤᠨ ᠬᠠᠨᠵᠤᠨ ᠳᠡᠭᠡᠷ᠎ᠡ ᠴᠠᠭᠠᠷᠢᠭᠯᠠᠵᠤ ᠬᠡᠪᠲᠡᠭᠡᠳ᠃ ᠭᠦᠳᠡᠯᠮᠦᠷᠢ ᠰᠤᠷᠪᠠᠯ | ᠥᠪᠡᠷ ᠲᠤ ᠴᠢᠨᠢ ᠯᠡ ᠲᠤᠰᠠᠲᠠᠢ︕ ᠪᠢ ᠶᠠᠮᠠᠷ ᠠᠪᠤᠭᠠᠳ ᠦᠬᠦᠨ᠎ᠡ ᠤᠤ︖﹀ ᠭᠡᠵᠦ ᠵᠠᠩᠨᠠᠨ᠎ᠠ᠃ ᠲᠡᠭᠡᠭᠡᠳ ᠠᠷᠭ᠎ᠠ | ᠪᠤᠰᠤ ᠮᠠᠯᠠᠭᠠᠢ ᠪᠦᠴᠡᠯᠡᠨ ᠳᠠᠬᠤ ᠨᠥᠮᠥᠷᠦᠭᠡᠳ ᠬᠤᠳᠠ ᠤᠷᠤᠭᠤ ᠣᠴᠢᠨ᠎ᠠ᠃ ᠲᠡᠭᠡᠲᠡᠯ᠎ᠡ ᠬᠡᠨ ᠨᠢᠭᠡ ᠨᠢ ︿ᠬᠠᠷ᠎ᠠ | ᠬᠦᠢᠲᠡᠨ ᠳᠤ ᠶᠠᠭᠤ ᠬᠢᠵᠦ ᠢᠷᠡᠭᠰᠡᠨ ᠶᠤᠮ᠃ ᠬᠠᠷᠢ᠂ ᠴᠠᠭᠠᠰᠢ ᠪᠠᠨ ᠁﹀ ᠭᠡᠨ᠎ᠡ᠃ ᠶᠠᠭ ᠯᠠ ᠡᠨᠡ ᠦᠭᠡ ᠶᠢ ᠨᠢ | ᠬᠦᠯᠢᠶᠡᠵᠦ ᠪᠠᠶᠢᠭᠰᠠᠨ ᠶᠤᠮ ᠰᠢᠭ᠋ ᠪᠤᠴᠠᠭᠠᠳ ᠭᠤᠰ︕︾ ᠭᠡᠵᠦ ᠬᠡᠯᠡᠨ ᠨᠢᠭᠡ ᠭᠡᠷ ᠬᠥᠮᠥᠰ ᠢ ᠡᠯᠢᠭᠡ ᠶᠢ ᠨᠢ | ᠬᠥᠰᠢᠲᠡᠯ᠎ᠡ ᠢᠨᠢᠶᠡᠯᠭᠡᠪᠡ᠃ | ᠠᠬ᠎ᠠ ᠡᠭᠡᠴᠢ ᠨᠠᠷ ᠤᠨ ᠢᠶᠠᠨ ᠬᠠᠶᠢᠷ᠎ᠠ ᠬᠠᠯᠠᠮᠵᠢ᠂ ᠠᠴᠢ ᠭᠠᠪᠢᠶ᠎ᠠ ᠶᠢ ᠢᠯᠡᠷᠡᠭᠦᠯᠬᠦ ᠭᠡᠵᠦ ᠥᠪᠡᠷ ᠤᠨ ᠢᠶᠠᠨ | ᠠᠯᠳᠠᠭ᠎ᠠ ᠣᠰᠣᠯ ᠢ ᠢᠨᠢᠶᠡᠳᠦᠮ ᠤᠨ ᠵᠦᠴᠦᠭᠡ ᠰᠢᠭ ᠶᠠᠭᠤᠮ᠎ᠠ ᠪᠣᠯᠭᠠᠨ ᠶᠠᠷᠢᠵᠤ ᠪᠠᠶᠢᠭ᠎ᠠ ᠶᠢ ᠨᠢ ᠭᠡᠶᠢᠳᠡᠯᠡ | ᠮᠡᠳᠡᠭᠰᠡᠨ ᠪᠢ ᠳᠣᠲᠣᠷ᠎ᠠ ᠪᠠᠨ᠄ ︽ᠠᠴᠢ ᠵᠢᠭᠡ᠂ ᠣᠮᠪᠣᠯᠣ ᠳᠣᠮᠪᠣᠯᠤ ᠶᠢᠨ ᠢᠶᠠᠨ ᠬᠠᠵᠠᠭᠤ ᠳᠤ ᠥᠪᠡᠷ ᠤᠨ ᠢᠶᠠᠨ | ︿ᠮᠠᠭᠤ ᠮᠠᠭᠤᠬᠠᠢ﹀ ᠶᠢ ᠵᠠᠷᠯᠠᠵᠤ ᠪᠠᠶᠢᠳᠠᠭ ᠨᠢ ᠴᠦ ᠶᠠᠭᠤ ᠪᠤᠢ ᠳ᠋ᠠ︕︾ ᠭᠡᠵᠦ ᠥᠬᠦᠭᠡᠷᠳᠡᠨ ᠪᠤᠳᠤᠭᠠᠳ | ᠦᠨᠦᠰᠦᠭᠡᠳ ᠠᠪᠤᠮᠠᠷ ᠰᠠᠨᠠᠭᠳᠠᠪᠠ᠃ ᠦᠨᠡᠨ ᠳᠡᠭᠡᠨ ᠡᠵᠢ ᠶᠢᠨ ᠬᠢᠨᠢ ᠬᠢᠭᠰᠡᠨ ᠪᠤᠶᠠᠨ ᠯᠠ ᠬᠦᠦ ᠶᠢ ᠨᠢ ᠢᠪᠡᠭᠡᠭᠰᠡᠨ | ᠬᠡᠷᠡᠭ᠃ | ᠡᠳᠡᠭᠡᠷ ᠪᠦᠭᠦᠨ ᠢ ᠡᠷᠭᠢᠴᠡᠭᠦᠯᠦᠨ ᠪᠤᠳᠤᠬᠤ ᠪᠠᠷ ᠡᠵᠢ ᠲᠠᠢ ᠪᠠᠶᠢᠬᠤ ᠶᠢᠨ ᠠᠵᠠ ᠲᠠᠢ ᠠᠮᠢᠳᠤᠷᠠᠯ ᠪᠢᠳᠡᠨ ᠳᠤ | ᠡᠭᠦᠯᠡᠨ ᠴᠢᠯᠦᠭᠡᠨ ᠤ ᠨᠠᠷᠠ ᠰᠢᠭ᠋ ᠯᠠ ᠥᠩᠭᠡᠷᠡᠭᠰᠡᠨ ᠳ᠋ᠠ᠃ ︽ᠬᠥᠮᠥᠨ ᠤ ᠰᠦᠨᠡᠰᠦ ᠦᠷ᠎ᠡ ᠬᠤᠶᠢᠴᠢᠰ ᠲᠠᠭᠠᠨ | ᠪᠤᠴᠠᠵᠤ ᠬᠥᠮᠥᠨ ᠤ ᠲᠦᠷᠦᠯ ᠣᠯᠳᠠᠭ︾ ᠭᠡᠬᠦ ᠬᠠᠭᠤᠴᠢ ᠶᠠᠷᠢᠶ᠎ᠠ ᠪᠠᠶᠢᠳᠠᠭ᠃ ᠬᠤᠶᠠᠷ ᠤᠨ ᠬᠤᠶᠠᠷ ᠡᠵᠢ ᠮᠢᠨᠢ᠂ | ᠮᠠᠨ ᠤ ᠠᠬ᠎ᠠ ᠳᠡᠭᠦᠦ ᠬᠡᠳᠦᠭᠦᠯᠡ ᠶᠢᠨ ᠠᠯᠢ ᠨᠢᠭᠡᠨ ᠤ ᠬᠢᠨᠢ ᠦᠷ᠎ᠡ ᠰᠠᠳᠤ ᠪᠣᠯᠵᠤ ᠬᠥᠮᠥᠨ ᠤ ᠲᠦᠷᠦᠯ ᠣᠯᠬᠤ | ᠪᠣᠯᠣᠭᠠᠰᠠᠢ︕ ᠭᠡᠵᠦ ᠵᠠᠯᠪᠠᠷᠢᠭᠰᠠᠭᠠᠷ᠃ | | | |