ᠪᠢᠲᠡᠭᠦᠨ ᠤ ᠡᠳᠦᠷ ᠫᠤᠤᠵᠢᠩ ᠤᠨ ᠳᠠᠭᠤᠨ ᠬᠥᠳᠡᠭᠡ ᠨᠤᠲᠤᠭ ᠤᠨ ᠨᠠᠮ ᠬᠥᠮ ᠢ ᠡᠪᠳᠡᠵᠦ᠂ ᠵᠢᠯ ᠴᠠᠭᠠᠨ | ᠰᠠᠷ᠎ᠠ ᠪᠣᠯᠵᠤ ᠪᠠᠶᠢᠭ᠎ᠠ ᠶᠢ ᠮᠥᠴᠡ ᠪᠣᠯᠭᠠᠨ ᠳᠤ ᠮᠡᠳᠡᠭᠳᠡᠨ᠎ᠡ᠃ ᠣᠯᠵᠠ ᠲᠠᠢ ᠬᠤᠷᠢᠶᠠᠯᠲᠠ ᠲᠠᠢ ᠨᠢᠭᠡ ᠨᠢ ᠨᠢᠷᠤᠭᠤ | ᠭᠡᠳᠡᠭᠡᠷ ᠰᠢᠨᠡᠯᠡᠬᠦ ᠳᠤ ᠤᠷᠤᠯᠭ᠎ᠠ ᠮᠠᠭᠤᠲᠠᠢ ᠬᠥᠷᠥᠩᠭᠡ ᠪᠠᠭ᠎ᠠ ᠲᠠᠢ ᠨᠢᠭᠡ ᠨᠢ ᠵᠠᠷᠤᠯᠭ᠎ᠠ ᠪᠣᠯᠭᠠᠨ ᠠᠴᠠ | ᠲᠠᠲᠠᠭᠠᠯᠵᠠᠵᠤ᠂ ᠰᠢᠨᠡᠯᠡᠬᠦ ᠶᠢᠨ ᠪᠠᠶᠠᠷ ᠠᠴᠠ ᠰᠢᠷᠭᠢᠭᠰᠡᠨ ᠳᠡᠭᠡᠷ᠎ᠡ ᠨᠢ ᠰᠢᠷᠭᠢᠨ᠎ᠡ᠃ | ︽ᠮᠢᠬ᠎ᠠ ᠦᠭᠡᠢ ᠪᠠᠷ ᠶᠠᠭᠠᠬᠢᠵᠤ ᠰᠢᠨᠡᠯᠡᠬᠦ ᠪᠤᠢ︖ ᠨᠢᠭᠡ ᠬᠤᠨᠢ ᠵᠠᠷᠤᠴᠢᠬᠠᠶᠠ︾ ᠭᠡᠵᠦ ᠪᠢᠯᠢᠭ ᠤᠨ ᠪᠠᠷᠢᠬᠤ | ᠭᠠᠷ ᠤᠲᠠᠰᠤᠨ ᠠᠴᠠ ᠨᠢᠭᠡ ᠨᠢ ᠶᠠᠷᠢᠨ᠎ᠠ᠃ | ︽ᠬᠠᠷᠢᠨ ᠲᠡᠶᠢᠮᠦ ᠪᠠᠶᠢᠨ᠎ᠠ ᠰᠢᠦ︕ ᠰᠢᠨ᠎ᠡ ᠶᠢᠨ ᠨᠢᠭᠡᠨ ᠪᠣᠯᠭᠠᠨ ᠰᠢᠨᠡᠯᠡᠨ᠎ᠡ ᠦᠦ ᠳ᠋ᠠ ᠭᠡᠳᠡᠭ ᠰᠢᠭ ᠢᠶᠠᠷ ᠵᠢᠯ | ᠳᠡᠭᠡᠨ ᠨᠢᠭᠡ ᠯᠡ ᠤᠳᠠᠭ᠎ᠠ ᠬᠠᠮᠲᠤ ᠪᠠᠷ ᠰᠢᠨᠡᠯᠡᠵᠤ ᠪᠠᠶᠢᠬᠤ ᠳᠤ ᠠᠷᠪᠢᠯᠠᠨ᠎ᠠ ᠭᠡᠰᠡᠨ ᠤ ᠬᠡᠷᠡᠭ ᠦᠭᠡᠢ︾ ᠭᠡᠵᠦ | ᠪᠠᠰᠠ ᠨᠢᠭᠡ ᠨᠢ ᠵᠥᠪᠰᠢᠶᠡᠷᠡᠯ᠎ᠡ᠃ | ᠪᠢᠯᠢᠭ ᠳᠠᠭᠤ ᠦᠭᠡᠢ ᠢᠨᠢᠶᠡᠵᠦ᠂ ︽ᠵᠥᠪ ᠠ᠋᠂ ᠵᠥᠪ︾ ᠭᠡᠳᠡᠭ ᠦᠰᠦᠭ ᠲᠠᠢ ᠵᠢᠷᠤᠭ ᠶᠠᠪᠤᠭᠤᠯᠪᠠ᠃ | ︽ᠣᠶᠢᠷ᠎ᠠ ᠳᠤ ᠬᠠᠮᠢᠭ᠎ᠠ ᠣᠴᠢᠪᠠᠴᠤ ᠪᠦᠷ ᠯᠡ ᠮᠢᠬ᠎ᠠ᠂ ᠪᠣᠯᠣᠨ᠎ᠠ ᠰᠢᠳᠡ︕ ᠡᠪᠲᠡᠢ ᠬᠡᠳᠦᠨ ᠬᠠᠭᠤᠷᠤᠯᠭ᠎ᠠ | ᠨᠣᠭᠤᠭ᠎ᠠ ᠵᠠᠬᠢᠶᠠᠯᠠᠪᠠᠯ ᠪᠤᠯᠴᠢᠬᠠᠭ᠋ᠠ ᠦᠭᠡᠢ ᠦᠦ︖︾ ᠭᠡᠵᠦ ᠨᠢᠭᠡ ᠨᠢ ᠪᠠᠰᠠ ᠬᠡᠯᠡᠯ᠎ᠡ᠃ | ᠢᠩᠭᠢᠵᠦ ᠰᠢᠨᠡᠯᠡᠬᠦ ᠰᠢᠷᠡᠭᠡᠨ ᠤ ᠳᠡᠰ ᠳᠠᠪᠬᠤᠷᠭ᠎ᠠ ᠶᠢᠨ ᠲᠤᠬᠠᠢ ᠦᠢᠮᠡᠯᠳᠦᠬᠦ ︽ᠠᠯᠳᠠ ᠪᠠᠷ ᠰᠣᠯᠢᠬᠤ ᠦᠭᠡᠢ | ᠠᠬ᠎ᠠ ᠳᠡᠭᠦᠦ︾ ᠨᠡᠷ᠎ᠡ ᠲᠠᠢ ᠵᠢᠷᠭᠢᠶᠡᠨ ᠤ ᠬᠤᠯᠪᠤᠭ᠎ᠠ ᠪᠣᠯ ᠪᠢᠯᠢᠭ ᠤᠨ ᠠᠪᠤ ᠶᠢᠨ ᠲᠠᠯ᠎ᠠ ᠶᠢᠨ ᠰᠠᠳᠤᠨ ᠲᠦᠷᠦᠯ | ᠤᠨ ᠬᠤᠯᠪᠤᠭ᠎ᠠ ᠪᠣᠯᠣᠨ᠎ᠠ᠃ ᠪᠤᠷᠬᠠᠨ ᠪᠣᠯᠤᠭᠰᠠᠨ ᠪᠢᠯᠢᠭ ᠤᠨ ᠠᠪᠤ ᠠᠬ᠎ᠠ ᠳᠡᠭᠦᠦ ᠳᠣᠯᠣᠭᠤᠯᠠ ᠶᠤᠮᠰᠠᠨ᠃ ᠠᠬ᠎ᠠ | ᠳᠡᠭᠦᠦ ᠳᠣᠯᠣᠭᠤᠯᠠ ᠠᠴᠠ ᠤᠳᠤ ᠬᠤᠶᠠᠷᠬᠠᠨ ᠬᠡᠦᠬᠡᠨ ᠳᠡᠭᠦᠦ ᠨᠢ ᠨᠠᠷᠠᠳᠤ ᠳᠤ ᠦᠯᠡᠳᠡᠵᠦ ᠪᠠᠶᠢᠭ᠎ᠠ ᠴᠦ ᠠᠬ᠎ᠠ | ᠳᠡᠭᠦᠦ ᠳᠣᠯᠣᠭᠤᠯᠠ ᠶᠢᠨ ᠬᠡᠦᠬᠡᠳ ᠠᠴᠢ ᠨᠠᠷ ᠭᠡᠵᠦ ᠬᠠᠮᠲᠤ ᠶᠢᠨ ᠵᠢᠷᠤᠭ ᠠᠪᠬᠤ ᠪᠠᠷ ᠨᠢᠭᠡ ᠬᠥᠰᠢᠭᠡᠨ ᠳᠤ | ᠪᠠᠭᠲᠠᠵᠤ ᠶᠠᠳᠠᠮᠠᠷ ᠤᠯᠠᠨ ᠪᠣᠯᠵᠠᠢ᠃ ᠬᠤᠯᠠ ᠣᠶᠢᠷ᠎ᠠ ᠰᠠᠭᠤᠵᠤ ᠪᠠᠶᠢᠬᠤ ᠶᠢᠨ ᠳᠡᠭᠡᠷ᠎ᠡ᠂ ᠠᠶᠢᠯᠴᠢᠯᠠᠵᠤ ᠵᠣᠯᠭᠠᠬᠤ | ᠶᠤᠮ ᠪᠣᠯ ᠪᠥᠬᠦᠳᠡᠨ ᠲᠠᠢ ᠨᠢ ᠤᠴᠠᠷᠠᠵᠤ ᠴᠢᠳᠠᠬᠤ ᠦᠭᠡᠢ ᠶᠢᠨ ᠤᠴᠢᠷ ᠡᠳᠡᠨ ᠤ ᠰᠠᠳᠤᠨ ᠢᠶᠠᠷ ᠢᠶᠠᠨ ᠬᠠᠮᠲᠤ ᠶᠢᠨ | ᠵᠣᠯᠭᠠᠯᠲᠠ ᠬᠢᠵᠦ ᠨᠢᠭᠡᠨᠲᠡ ᠲᠠᠪᠤᠨ ᠵᠢᠯ ᠤᠨ ᠨᠢᠭᠤᠷ ᠦᠵᠡᠵᠡᠢ᠃ | ︽ᠳᠡᠭᠡᠷ᠎ᠡ ᠵᠢᠯ ᠡᠷᠦᠭᠡ ᠪᠠᠷ ᠵᠣᠭᠤᠰ ᠪᠤᠳᠤᠬᠰᠠᠨ ᠪᠢᠵᠡ︖ ᠪᠢᠳᠡ ᠬᠤᠶᠠᠷᠬᠠᠨ ᠢᠶᠠᠨ ᠭᠤᠷᠪᠠᠨ ᠵᠠᠭᠤᠨ | ᠲᠥᠭᠦᠷᠢᠭ ᠥᠭᠭᠦᠨ᠎ᠡ ᠰᠢᠦ︕ᠥᠭᠡᠷ᠎ᠡ ᠠᠶᠢᠯ ᠨᠢ ᠪᠣᠯ ᠲᠦᠷᠪᠡᠭᠦᠯᠡ ᠲᠠᠪᠤᠭᠤᠯᠠ ᠪᠠᠨ ᠣᠴᠢᠨ᠎ᠠ᠃ ᠪᠠᠰᠠ ᠮᠢᠬ᠎ᠠ | ᠨᠣᠭᠤᠭ᠎ᠠ ᠠᠴᠠ ᠨᠢ ᠤᠭᠤᠲᠠᠯᠠᠨᠠ᠃ ᠭᠡᠶ᠎ᠡ ᠰᠢᠨᠡᠯᠡᠬᠦ ᠦᠭᠡᠢ ᠭᠡᠵᠦ ᠶᠠᠭᠠᠬᠢᠵᠤ ᠬᠡᠯᠡᠨ᠎ᠡ ᠳ᠋ᠠ︾ ᠭᠡᠵᠦ ᠪᠢᠯᠢᠭ ᠤᠨ | ᠡᠵᠢ ᠭᠠᠷᠪᠤ ᠬᠥᠭᠰᠢᠨ ᠬᠤᠯᠪᠣᠭᠠᠨ ᠤ ᠦᠢᠮᠡᠭᠡᠨ ᠢ ᠰᠣᠨᠣᠰᠤᠭᠠᠳ ᠰᠠᠨᠠᠨ ᠰᠠᠨᠠᠨ ᠰᠠᠨᠠᠭ᠎ᠠ ᠠᠯᠳᠠᠨ᠎ᠠ᠃ | ᠵᠢᠷᠭᠢᠶ᠎ᠡ ᠶᠢᠨ ᠬᠤᠯᠪᠣᠭᠠᠨ ᠳᠡᠭᠡᠷ᠎ᠡ ᠨᠢᠭᠡ ᠵᠡᠷᠭᠡ ᠦᠢᠮᠡᠭᠡᠨ ᠪᠣᠯᠵᠤ᠂ ᠬᠠᠮᠤᠭ ᠰᠡᠭᠦᠯ ᠳᠤ ᠪᠠᠶᠠᠨ ᠳᠠᠩᠰᠤᠭ | ᠠᠮᠢᠳᠤᠷᠠᠯ ᠲᠠᠢ ᠲᠦᠮᠡᠨᠪᠠᠶᠠᠷ ᠭᠡᠳᠡᠭ ᠠᠬ᠎ᠠ ᠨᠢ ᠰᠢᠷᠡᠭᠡᠨ ᠤ ᠬᠦᠨᠳᠦ ᠶᠢ ᠡᠵᠡᠨ ᠮᠡᠳᠡᠨ ᠲᠣᠭᠲᠠᠭᠠᠵᠤ᠂ ᠤᠯᠠᠨ ᠢᠶᠠᠷ | ᠢᠶᠠᠨ ᠳᠠᠭᠤ ᠦᠭᠡᠢ ᠵᠥᠪᠰᠢᠶᠡᠷᠡᠯ᠎ᠡ᠃ | ︽ᠰᠢᠨ᠎ᠡ ᠶᠢᠨ ᠬᠤᠶᠠᠷ ᠤᠨ ᠣᠷᠣᠢ ᠶᠢᠨ ᠲᠠᠪᠤᠨ ᠴᠠᠭ ᠲᠤ ᠴᠤᠭᠯᠠᠷᠠᠶ᠎ᠠ︕︾ᠭᠡᠵᠦ ᠵᠢᠷᠭᠢᠶ᠎ᠡ ᠶᠢᠨ | ᠬᠤᠯᠪᠣᠭᠠᠨ ᠠᠴᠠ ᠮᠡᠳᠡᠭᠳᠡᠯ᠎ᠡ᠃ | ︽ᠡᠨᠡ ᠵᠢᠯ ᠮᠠᠯ ᠤᠨ ᠦᠨ᠎ᠡ ᠡᠳᠦᠢ ᠪᠠᠭᠤᠷᠠᠵᠤ᠂ ᠵᠠᠷᠤᠯᠭ᠎ᠠ ᠨᠡᠮᠡᠭᠳᠡᠬᠦ ᠠᠴᠠ ᠪᠢᠰᠢ ᠤᠷᠤᠯᠭ᠎ᠠ ᠨᠡᠮᠡᠭᠳᠡᠬᠦ | ᠦᠭᠡᠢ ᠪᠠᠶᠢᠬᠤ ᠳᠤ᠂ ᠡᠳᠡ ᠪᠠᠰᠠ ᠰᠠᠶᠢᠨ ᠠᠷᠢᠬᠢ ᠤᠤᠭᠤᠨ᠎ᠠ ᠭᠡᠵᠦ ᠯᠠᠷᠵᠢᠶ᠎ᠠ ᠲᠠᠲᠠᠭᠠᠳ᠁︾ᠭᠡᠵᠦ ᠭᠠᠷᠪᠤ | ᠬᠥᠭᠰᠢᠨ ᠬᠤᠪᠢᠨ ᠳᠠᠭᠠᠨ ᠶᠠᠷᠢᠨ᠎ᠠ᠃ | ᠪᠢᠯᠢᠭ᠄ ︽ᠡᠵᠢ ᠣᠴᠢᠬᠤ ᠦᠭᠡᠢ ᠭᠡᠵᠦ ᠪᠠᠶᠢᠨ᠎ᠠ ᠭᠡᠨ᠎ᠡ ᠦᠦ︖︾ ᠭᠡᠵᠦ ᠱᠣᠭᠯᠠᠨ ᠶᠠᠷᠢᠪᠠ᠃ | ᠡᠵᠢ ᠨᠢ᠄ ︽ᠬᠥᠶ᠋ᠢ᠂ ᠤᠳᠤ ᠪᠣᠯᠵᠠᠢ ᠭᠤᠯᠤᠤ᠃ ᠣᠴᠢᠬᠤ ᠦᠭᠡᠢ ᠪᠣᠯᠣᠨ᠎ᠠ ᠦᠦ ᠳ᠋ᠠ︕︾ ᠭᠡᠵᠦ ᠰᠠᠨᠳᠤᠷᠤᠯᠠ ᠁ | | ︽ᠠᠯᠳᠠ ᠪᠠᠷ ᠰᠣᠯᠢᠬᠤ ᠦᠭᠡᠢ ᠠᠬ᠎ᠠ ᠳᠡᠭᠦᠦ︾ ᠶᠢᠨ ᠬᠤᠯᠪᠣᠭᠠᠨ ᠤ ᠬᠠᠮᠲᠤ ᠶᠢᠨ ᠵᠣᠯᠭᠠᠯᠲᠠ ᠳᠤ ᠵᠠᠪᠠᠯ | ᠣᠴᠢᠬᠤ ᠬᠥᠮᠥᠨ ᠪᠠᠶᠢᠨ᠎ᠠ ᠭᠡᠬᠦ ᠳᠤ ᠣᠴᠢᠬᠤ ᠦᠭᠡᠢ ᠭᠡᠵᠦ ᠳᠠᠰᠤ ᠪᠤᠳᠤᠵᠤ ᠪᠠᠶᠢᠬᠤ ᠨᠢ ᠪᠠᠰᠠ ᠪᠠᠶᠢᠨ᠎ᠠ᠃ | ᠪᠢᠲᠡᠭᠦᠨ ᠤ ᠪᠠᠩᠰᠢ ᠪᠠᠷᠢᠵᠤ ᠪᠠᠶᠢᠭᠰᠠᠨ ᠴᠡᠴᠡᠭ ᠭᠤᠯᠢᠷ ᠲᠠᠢ ᠭᠠᠷ ᠢᠶᠠᠷ ᠢᠶᠠᠨ ᠤᠲᠠᠰᠤ ᠲᠤᠰᠤᠯ᠎ᠠ᠃ | ︽ᠳᠡᠭᠡᠷ᠎ᠡ ᠵᠢᠯ ᠨᠠᠭᠠᠴᠤ ᠪᠠᠷ ᠢᠶᠠᠨ ᠰᠢᠨᠡᠯᠡᠬᠦ ᠳᠤ᠂ ᠪᠢᠳᠡᠨ ᠢ ᠣᠴᠢᠬᠤ ᠳᠤ ᠨᠣᠭᠤᠭ᠎ᠠ ᠴᠠᠭ᠎ᠠ ᠨᠢ ᠪᠦᠷ | ᠢᠳᠡᠭᠡᠳ ᠪᠠᠷᠠᠴᠢᠬᠠᠭᠰᠠᠨ ᠶᠤᠮ᠃ ᠲᠡᠭᠡᠭᠡᠳ ᠠᠳᠠᠯᠢᠬᠠᠨ ᠭᠤᠷᠪᠠᠨ ᠵᠠᠭᠤᠨ ᠲᠥᠭᠦᠷᠢᠭ ᠦᠭᠭᠦᠯ᠎ᠡ᠃ ᠡᠨᠡ ᠵᠢᠯ ᠴᠦ | ᠪᠣᠯᠵᠠᠢ᠃ ᠪᠢᠳᠡ ᠣᠷᠤᠯᠴᠠᠬᠤ ᠦᠭᠡᠢ ᠯᠠᠢ︾ ᠭᠡᠵᠦ ᠴᠡᠴᠡᠭ ᠳᠡᠭᠦᠦ ᠲᠠᠢ ᠪᠠᠨ ᠭᠠᠷ ᠤᠲᠠᠰᠤ ᠪᠠᠷ ᠶᠠᠷᠢᠨ᠎ᠠ᠃ | ᠴᠠᠭᠠᠨ᠎ᠠ ᠠᠴᠠ ᠨᠢ ᠣᠷᠤᠯᠴᠠᠬᠤ ᠶᠢ ᠢᠳᠬᠠᠭᠰᠠᠨ ᠪᠤᠯᠤᠯᠳᠠᠢ᠃ ᠴᠡᠴᠡᠭ ᠪᠠᠭ᠎ᠠ ᠠᠭᠤᠷ ᠲᠠᠢ ᠪᠠᠷ᠄ ︽ᠪᠢᠳᠡ | ᠬᠠᠮᠲᠤ ᠶᠢᠨ ᠵᠣᠯᠭᠠᠯᠲᠠ ᠳᠤ ᠣᠷᠣᠯᠴᠠᠭᠠᠳ ᠳᠠᠭᠢᠭᠠᠳ ᠪᠠᠰᠠ ᠠᠶᠢᠯ ᠲᠣᠭᠤᠷᠢᠨ᠎ᠠ ᠰᠢᠦ︕ ᠠᠬᠠᠮᠠᠳ ᠨᠠᠰᠤᠲᠠᠢ | ᠳᠤᠨᠢ ᠣᠴᠢᠵᠤ ᠵᠣᠯᠭᠠᠬᠤ ᠦᠭᠡᠢ ᠦᠦ︖ᠪᠠᠰᠠ ᠲᠠᠪᠤ ᠵᠢᠷᠭᠤᠭᠠᠨ ᠠᠶᠢᠯ ᠲᠣᠭᠤᠷᠢᠨ᠎ᠠ︾ ᠭᠡᠵᠦ ᠴᠢᠩᠭ᠎ᠠ ᠶᠠᠷᠢᠨ᠎ᠠ᠃ | ᠴᠠᠭᠠᠲᠤᠬᠢ ᠨᠢ ᠵᠥᠪᠰᠢᠶᠡᠷᠡᠭᠰᠡᠨ ᠪᠤᠯᠤᠯᠳᠠᠢ᠃ ᠴᠡᠴᠡᠭ ᠨᠢᠭᠡ ᠤᠷᠳᠤ ᠠᠮᠢᠰᠬᠤᠭ᠎ᠠ ᠠᠪᠤᠭᠠᠳ᠄︽ᠲᠡᠶᠢᠮᠦ ᠰᠢᠦ︕ | ᠡᠨᠡ ᠵᠢᠯ ᠵᠢᠯ ᠣᠷᠣᠬᠤ ᠬᠥᠮᠥᠨ ᠪᠠᠰᠠ ᠠᠷᠪᠢᠨ᠃ ᠨᠠᠳᠠᠳᠤ ᠬᠡᠳᠦᠨ ᠵᠠᠭᠤᠨ ᠲᠥᠭᠦᠷᠢᠭ ᠴᠢᠨᠢ ᠠᠮᠠᠷ ᠦᠭᠡᠢ᠃ | ᠠᠷᠪᠢᠯᠠᠵᠤ ᠲᠡᠶᠢᠯᠪᠡᠯ ᠠᠷᠪᠢᠯᠠᠵᠤ ᠪᠠᠶᠢᠶ᠎ᠠ︾ ᠭᠡᠳ ᠬᠡᠰᠡᠭ ᠶᠠᠷᠢᠯᠴᠠᠭᠰᠠᠨ ᠢᠶᠠᠨ ᠤᠲᠠᠰᠤ ᠪᠠᠨ ᠲᠠᠯᠪᠢᠯ᠎ᠠ᠃ | ︽ᠡᠨᠡ ᠭᠠᠶᠢᠬᠠᠯ ᠤᠳ ᠪᠠᠰᠠ ᠯᠠ ᠶᠡᠭᠡ ᠪᠠᠷ ᠠᠪᠤᠨ᠎ᠠ ᠭᠡᠵᠦ ᠪᠠᠶᠢᠨ᠎ᠠ ᠦᠦ︖︾ ᠭᠡᠵᠦ ᠴᠡᠴᠡᠭ ᠤᠨ ᠨᠥᠬᠦᠷ | ᠠᠮᠤᠷ ᠠᠰᠠᠭᠤᠯ᠎ᠠ᠃ | ︽ᠦᠯᠦ ᠳ᠋ᠧ︕ ᠵᠣᠭᠤᠰ ᠲᠠᠢ ᠬᠥᠮᠥᠰ ᠤᠳ ᠴᠢᠳᠠᠯ ᠦᠭᠡᠢ ᠪᠢᠳᠡᠨ ᠤ ᠵᠤᠪᠠᠯᠠᠩ ᠢ ᠮᠡᠳᠡᠨ᠎ᠡ ᠦᠦ ᠳ᠋ᠠ︕︾ | ᠭᠡᠵᠦ ᠴᠡᠴᠡᠭ ᠶᠠᠷᠢᠨ᠎ᠠ᠃ | ︽ᠵᠠ᠂ ᠭᠡᠷ ᠭᠡᠷ ᠠᠴᠠ ᠬᠡᠳᠦᠨ ᠬᠥᠮᠥᠨ ᠣᠷᠤᠯᠴᠠᠬᠤ ᠪᠠᠨ ᠶᠠᠷᠢ︕ ᠰᠢᠷᠡᠭᠡ ᠪᠠᠨ ᠵᠠᠬᠢᠶᠠᠯᠠᠶᠠ︕︾ ᠭᠡᠵᠦ | ᠭᠠᠷ ᠤᠲᠠᠰᠤᠨ ᠠᠴᠠ ᠨᠢᠭᠡ ᠨᠢ ᠶᠠᠷᠢᠪᠠ᠃ | ᠭᠠᠷ ᠤᠲᠠᠰᠤᠨ ᠳᠡᠭᠡᠷ᠎ᠡ ︽3᠂ 4᠁︾ ᠭᠡᠰᠡᠨ ᠲᠤᠭ᠎ᠠ ᠴᠤᠪᠤᠷᠠᠯᠠ᠃ | ᠭᠡᠨᠡᠳᠲᠡ ᠨᠢᠭᠡ ᠨᠢ᠄ ︽ᠬᠥᠶ᠋ᠢ ᠰᠠᠮᠠᠭ᠎ᠠ ᠪᠡᠷᠭᠡᠨ ᠲᠠᠨ ᠤ ᠬᠢᠨ ᠰᠠᠶ᠋ᠢ ᠬᠤᠶᠠᠷᠬᠠᠨ ᠬᠥᠮᠥᠨ ᠣᠷᠣᠯᠴᠠᠨ᠎ᠠ ᠦᠦ︖ | ︾ ᠭᠡᠯᠡ᠃ | ᠰᠠᠮᠠᠭ᠎ᠠ᠄ ︽ᠲᠡᠭᠡᠪᠡᠯ ᠳᠥᠷᠪᠡ ᠭᠡᠳ ᠲᠠᠯᠪᠢᠴᠢᠬ᠎ᠠ ᠳ᠋ᠠ︾ᠭᠡᠵᠦ ᠢᠨᠢᠶᠡᠳᠦ ᠲᠠᠢ ᠳᠤᠤᠭᠠᠷᠪᠠ᠃ | ᠤᠳᠠᠯ ᠦᠭᠡᠢ ᠰᠢᠨ᠎ᠡ ᠶᠢᠨ ᠬᠤᠶᠠᠷ ᠤᠨ ᠣᠷᠣᠢ ᠪᠣᠯᠵᠤ ᠨᠠᠷᠭᠢᠵᠤ ᠰᠢᠨᠡᠯᠡᠭᠰᠡᠨ ᠵᠢᠷᠤᠭ ᠰᠡᠭᠦᠳᠡᠷ ᠵᠢᠷᠭᠢᠶᠡᠨ ᠤ | ᠬᠤᠯᠪᠣᠭᠠᠨ ᠳᠡᠭᠡᠷ᠎ᠡ ᠴᠤᠪᠤᠷᠠᠭᠰᠠᠨ ᠳᠡᠭᠡᠷ᠎ᠡ ᠴᠤᠪᠤᠷᠠᠯᠠ᠃ ᠰᠢᠷᠡᠭᠡ ᠳᠦᠭᠦᠷᠡᠩ ᠦᠷᠦᠭᠦ ᠮᠢᠬ᠎ᠠ ᠨᠣᠭᠤᠭᠠᠨ ᠤ | ᠥᠩᠭᠡ ᠢᠯᠭᠠᠷᠠᠭᠰᠠᠨ ᠭᠡᠵᠦ ᠬᠡᠯᠡᠬᠦ ᠶᠢᠨ ᠭᠠᠵᠠᠷ ᠦᠭᠡᠢ᠂ ᠰᠢᠷᠡᠭᠡ ᠪᠣᠯᠭᠠᠨ ᠳᠤ ᠲᠠᠯᠪᠢᠭᠰᠠᠨ ᠪᠣᠯᠣᠷ ᠲᠤᠩᠭᠠᠯᠠᠭ | ᠰᠢᠯ ᠯᠣᠩᠬᠤ ᠲᠠᠢ ᠠᠷᠢᠬᠢ ᠶᠢ ᠨᠢ ᠦᠵᠡᠪᠡᠴᠦ ᠦᠨ᠎ᠡ ᠬᠠᠩᠰᠢ ᠨᠢ ︽ᠲᠡᠭᠷᠢ ᠭᠠᠯᠪᠠ︾ ᠶᠢᠨ ᠮᠠᠶ᠋ᠢᠭ ᠲᠠᠢ᠃ ᠭᠡᠶ᠎ᠡ᠂ | ᠬᠥᠭᠰᠢᠨ ᠨᠠᠰᠤᠲᠠᠢ ᠨᠢ ᠬᠡᠦᠬᠡᠳ ᠠᠴᠢ ᠨᠠᠷ ᠢᠶᠠᠨ ᠬᠠᠷᠠᠭᠠᠳ ᠪᠠᠶᠠᠰᠤᠨ᠎ᠠ᠃ ᠬᠡᠦᠬᠡᠳ ᠰᠢᠤᠬᠠᠳ ᠨᠢ ᠦᠶ᠎ᠡ ᠬᠤᠷᠠᠭ | ᠤᠨ ᠬᠢ ᠲᠠᠢ ᠪᠠᠨ ᠠᠭᠤᠯᠵᠠᠭᠠᠳ ᠬᠥᠯ ᠨᠢ ᠭᠠᠵᠠᠷ ᠬᠦᠷᠬᠦ ᠦᠭᠡᠢ ᠨᠠᠭᠠᠳᠤᠨ ᠭᠦᠶᠦᠯᠳᠦᠨ᠎ᠡ᠃ ᠠᠪᠠᠭᠠᠢ | ᠪᠦᠰᠡᠭᠦᠶᠢᠴᠦᠳ ᠨᠢ ᠦᠢᠯᠡ ᠣᠶᠣᠳᠠᠯ ᠬᠤᠪᠴᠠᠰᠤ ᠵᠠᠰᠠᠯ ᠭᠡᠵᠦ ᠵᠣᠭᠤᠭ ᠡᠭᠦᠰᠬᠡᠵᠦ ᠠᠪᠤᠨ᠎ᠠ᠃ ᠠᠬ᠎ᠠ ᠳᠡᠭᠦᠦ | ᠲᠦᠷᠦᠯ ᠭᠡᠵᠦ ᠡᠷᠡᠭᠲᠡᠶᠢᠴᠦᠳ ᠨᠢ ᠬᠤᠨᠳᠠᠭ᠎ᠠ ᠮᠥᠷᠭᠦᠭᠦᠯᠵᠦ ᠡᠬᠢᠯᠡᠯ᠎ᠡ᠃ ᠭᠤᠷᠪᠠᠨ ᠨᠣᠬᠠᠢ ᠭᠤᠳᠤᠶᠢᠳᠠᠯᠠ | ᠬᠤᠭᠤᠯᠠᠨ ᠭᠡᠷ ᠤᠨ ᠴᠣᠩᠬᠤᠨ ᠠᠴᠠ ᠳ᠋ᠧᠩ ᠤᠨ ᠭᠡᠷᠡᠯ ᠳᠤᠸᠠᠯᠠᠵᠤ᠂ ︽ᠬᠤᠨᠣᠭᠤᠲᠠ ᠥᠨᠵᠢᠭᠦᠲᠡ ᠨᠠᠶᠢᠷᠯᠠᠨ | ᠰᠠᠭᠤᠶ᠎ᠠ ᠭᠦ᠋ ᠁︾ ᠭᠡᠬᠦ ᠨᠠᠶᠢᠷ ᠤᠨ ᠰᠢᠷᠡᠭᠡᠨ ᠤ ᠠᠶ᠎ᠠ ᠳᠠᠭᠤᠤ ᠬᠤᠯᠠ ᠠᠴᠠ ᠰᠣᠨᠣᠷᠳᠠᠨᠠ᠃ | ᠰᠢᠨ᠎ᠡ ᠶᠢᠨ ᠭᠤᠷᠪᠠᠨ ᠤ ᠥᠷᠯᠥᠭᠡ᠂ ᠥᠴᠥᠭᠡᠳᠦᠷ ᠤᠨ ᠠᠷᠢᠬᠢ ᠶᠢ ᠭᠡᠳᠦ ᠪᠠᠯᠭᠤᠭᠰᠠᠨ ᠤ ᠤᠴᠢᠷ ᠠᠴᠠ | ᠪᠣᠯᠪᠠᠤ︖ ᠡᠰᠡᠪᠡᠯ ᠳᠠᠭᠤᠤ ᠬᠡᠲᠦᠷᠬᠡᠢ ᠬᠠᠩᠭᠢᠨᠠᠭᠤᠯᠤᠭᠰᠠᠨ ᠤ ᠴᠦ ᠪᠣᠯᠪᠠᠤ ︖ ᠶᠠᠭᠤ ᠴᠦ ᠭᠡᠰᠡᠨ ᠰᠠᠮᠠᠭ᠎ᠠ ᠶᠢᠨ | ᠲᠣᠯᠣᠭᠠᠢ ᠲᠦᠷᠦᠭᠦᠦ ᠨᠢ ᠡᠪᠡᠳᠴᠦ᠂ ᠬᠤᠭᠤᠯᠠᠢ ᠨᠢ ᠬᠤᠷᠣᠰᠴᠤ᠂ ᠴᠢᠷᠠᠢ ᠮᠠᠭᠤᠲᠠᠢ ᠣᠷᠣᠨ ᠳᠠᠭᠠᠨ ᠬᠡᠪᠲᠡᠨ᠎ᠡ᠃ | ᠵᠢᠷᠭᠢᠶ᠎ᠡ ᠶᠢᠨ ᠬᠤᠯᠪᠤᠭ᠎ᠠ ᠪᠠᠨ ᠨᠡᠭᠡᠭᠡᠭᠡᠳ ᠦᠵᠡᠪᠡᠯ ᠤᠯᠠᠭᠠᠨ ᠪᠠᠭᠯᠠᠭ᠎ᠠ ᠬᠤᠶᠢᠨ᠎ᠠ ᠬᠤᠶᠢᠨ᠎ᠠ ᠠᠴᠠ ᠪᠠᠨ | ᠴᠤᠪᠤᠷᠠᠨ᠎ᠠ᠃ ᠳᠡᠭᠡᠭᠰᠢ ᠪᠠᠨ ᠤᠷᠪᠠᠭᠤᠯᠵᠤ ᠰᠣᠨᠣᠰᠪᠠᠯ᠄ ︽ᠵᠠ᠂ ᠥᠷᠯᠥᠭᠡᠨ ᠤ ᠮᠡᠨᠳᠦ ᠠ᠋︕ ᠡᠨᠡ ᠵᠢᠯ | ᠤᠷᠤᠯᠴᠠᠬᠰᠠᠨ ᠬᠥᠮᠥᠨ ᠤ ᠲᠤᠭ᠎ᠠ ᠪᠠᠷ ᠵᠣᠭᠤᠰ ᠪᠤᠳᠤᠬᠤ ᠪᠠᠷ ᠪᠣᠯᠣᠯ᠎ᠠ᠃ ᠪᠦᠭᠦᠳᠡᠭᠡᠷ ᠵᠣᠭᠤᠰ ᠢᠶᠠᠨ ᠨᠠᠳᠠᠳᠤ | ᠥᠭᠪᠡᠯ ᠪᠣᠯᠴᠢᠬᠠᠨ᠎ᠠ᠁︾ ᠭᠡᠵᠦ ᠨᠢᠭᠡ ᠨᠢ ᠶᠠᠷᠢᠯ᠎ᠠ᠃ | ᠡᠭᠦᠨ ᠢ ᠰᠣᠨᠣᠰᠤᠭᠰᠠᠨ ᠰᠠᠮᠠᠭ᠎ᠠ ᠭᠤᠰ ᠬᠢᠨ ᠣᠷᠣᠨ ᠠᠴᠠ ᠪᠠᠨ ᠪᠣᠰᠴᠤ ᠰᠠᠭᠤᠭᠠᠳ᠄ ︽ᠬᠥᠶ᠋ᠢ᠂ | ᠶᠠᠭᠠᠬᠢᠭᠠᠳ ᠡᠨᠡ ᠵᠢᠯ ᠡᠷᠦᠭᠡ ᠪᠠᠷ ᠪᠤᠳᠤᠬᠤ ᠦᠭᠡᠢ ᠶᠤᠮ ᠪᠤᠢ︖ ᠡᠷᠦᠭᠡ ᠪᠠᠷ ᠪᠤᠳᠤᠴᠢᠬᠠᠬᠤ ᠦᠭᠡᠢ ᠦᠦ︖︾ | ᠭᠡᠵᠦ ᠰᠢᠷᠠᠳᠠᠬᠰᠠᠨ ᠬᠤᠭᠤᠯᠠᠢ ᠪᠠᠷ ᠰᠠᠨᠳᠤᠷᠤᠨ ᠶᠠᠷᠢᠯ᠎ᠠ᠃ | ︽ᠬᠥᠮᠥᠨ ᠤ ᠲᠤᠭ᠎ᠠ ᠪᠠᠷ ᠠᠪᠬᠤ ᠪᠣᠯᠴᠢᠬᠠᠪᠠ ᠦᠦ︖ ᠨᠢᠭᠡ ᠬᠥᠮᠥᠨ ᠤ ᠬᠡᠳᠦᠢ ᠭᠡᠵᠦ ᠪᠠᠶᠢᠨ᠎ᠠ︖︾ ᠭᠡᠵᠦ | ᠨᠥᠬᠦᠷ ᠨᠢ ᠬᠠᠵᠠᠭᠤ ᠠᠴᠠ ᠨᠢ ᠠᠰᠠᠭᠤᠯ᠎ᠠ᠃ | ︽ᠨᠢᠭᠡ ᠬᠥᠮᠥᠨ ᠤ 120 ᠲᠥᠭᠦᠷᠢᠭ ᠭᠡᠨ᠎ᠡ᠃ ᠪᠢᠳᠡ ᠲᠦᠷᠪᠡᠭᠦᠯᠡ ᠲᠠᠪᠤᠨ ᠵᠠᠭᠤ ᠰᠢᠬᠠᠮ ᠥᠭᠭᠦᠨ᠎ᠡ ᠰᠢᠦ︕ | ᠠᠯᠢ ᠦᠶ᠎ᠡ ᠳᠤᠨᠢ ᠢᠩᠭᠢᠵᠦ ᠰᠢᠨᠡᠯᠡᠵᠤ ᠪᠠᠶᠢᠪᠠ︖︾ᠭᠡᠵᠦ ᠰᠠᠮᠠᠭ᠎ᠠ ᠠᠭᠤᠷᠲᠠᠢ ᠶᠠᠷᠢᠵᠤ᠂ ᠬᠡᠨ ᠨᠢᠭᠡ ᠶᠢ ᠡᠷᠢᠵᠦ | ᠡᠨᠡ ᠬᠦ ᠪᠠᠶᠢᠳᠠᠯ ᠢ ᠬᠤᠪᠢᠷᠠᠭᠤᠯᠬᠤ ᠲᠤᠬᠠᠢ ᠪᠣᠳᠣᠯᠭᠠᠰᠢᠷᠠᠯᠠ ᠁ | ᠢᠩᠭᠢᠵᠦ ᠬᠠᠮᠲᠤ ᠶᠢᠨ ᠵᠣᠯᠭᠠᠯᠲᠠ ᠶᠢᠨ ᠲᠤᠬᠠᠢ ᠦᠢᠮᠡᠭᠡᠨ ᠭᠠᠷ ᠤᠲᠠᠰᠤᠨ ᠤ ᠵᠢᠵᠢᠭ ᠬᠥᠰᠢᠭᠡ ᠪᠠᠷ | ᠳᠠᠮᠵᠢᠨ ᠶᠠᠪᠤᠵᠤ᠂ ᠪᠠᠭ᠎ᠠ ᠭᠠᠷᠭᠠᠭᠰᠠᠨ ᠨᠢ ᠪᠣᠯᠣᠯ᠎ᠠ ᠭᠡᠵᠦ ᠶᠡᠭᠡ ᠭᠠᠷᠭᠠᠭᠰᠠᠨ ᠨᠢᠭᠡ ᠨᠢ ᠬᠤᠨᠵᠢᠭᠳᠠᠯᠠ ᠭᠡᠵᠦ ᠮᠢᠬ᠎ᠠ | ᠲᠠᠢ ᠠᠷᠢᠬᠢ ᠲᠠᠢ᠂ ᠥᠩᠭᠡ ᠲᠠᠢ ᠦᠨ᠎ᠡ ᠲᠠᠢ ᠡᠨᠡ ᠬᠤᠯᠪᠣᠭᠠᠨ ᠤ ᠤᠯᠠᠨ ᠬᠥᠮᠥᠰ ᠨᠢᠭᠡ ᠨᠠᠰᠤ ᠨᠡᠮᠡᠭᠳᠡᠵᠡᠢ᠃ | | |