ᠡᠪᠦᠯ ᠤᠨ ᠤᠶᠠᠩᠭ᠎ᠠ
ᠨᠡᠶᠢᠲᠡᠯᠡᠭᠰᠡᠨ ᠴᠠᠭ᠄
2024/3/13
     ᠰᠥᠨᠢ ᠳᠤᠮᠳᠠ ᠠᠴᠠ ᠡᠷᠴᠢᠮᠯᠡᠭᠰᠡᠨ ᠰᠠᠯᠬᠢ  ᠲᠡᠷᠡ ᠲᠠᠢ ᠲᠡᠷᠡ ᠦᠭᠡᠢ ᠡᠪᠦᠯ ᠤᠨ ᠠᠮᠢᠰᠬᠤᠭ᠎ᠠ ᠶᠢ ᠴᠣᠩᠬᠤᠨ ᠳᠣᠣᠷ᠎ᠠ᠂ ᠡᠭᠦᠳᠡᠨ ᠤ ᠲᠤᠰᠢᠶ᠎ᠠ ᠠᠪᠴᠢᠷᠠᠭᠠᠳ ᠲᠠᠯᠪᠢᠴᠢᠬᠠᠭᠰᠠᠨ ᠪᠠᠶᠢᠯ᠎ᠠ᠃     ᠥᠷᠯᠥᠭᠡ ᠶᠢᠨ ᠵᠢᠬᠡᠭᠦᠨ ᠢ ᠡᠭᠦᠳᠡ ᠡᠰᠡᠷᠭᠦᠯᠡᠨ ᠨᠢᠭᠤᠷᠳᠠᠵᠤ᠂ ᠨᠢᠳᠦ ᠡᠷᠭᠦᠬᠦ ᠳᠤ ᠣᠭᠵᠣᠮ ᠬᠠᠷᠠᠭ᠎ᠠ ᠨᠢᠭᠡᠨᠲᠡ ᠲᠣᠭᠲᠠᠨ᠂ ᠥᠩᠭᠡᠲᠦ ᠬᠡᠷᠡᠰᠬᠡ ᠳᠠᠬᠢ ᠬᠠᠶᠢᠷᠠᠲᠠᠢ ᠴᠡᠴᠡᠭ ᠤᠳ ᠤᠨ ᠬᠢᠷᠠᠭᠤᠳᠠᠵᠤ ᠬᠠᠷᠠᠯᠠᠭᠰᠠᠨ ᠬᠥᠭᠡᠷᠦᠬᠦᠢ ᠲᠥᠷᠬᠦ ᠳᠤ ᠵᠠᠩᠭᠢᠷᠠᠭᠠᠳ ᠵᠣᠭᠰᠣᠪᠠ᠃ᠨᠠᠮᠤᠷ ᠤᠨ ᠨᠤᠬᠤᠴᠠᠭᠠᠨ ᠳᠤ ᠥᠩᠭᠡ ᠪᠤᠳᠤᠭ ᠢᠶᠠᠨ ᠡᠭᠡᠨᠡᠭᠲᠡ ᠴᠢᠩᠭ᠎ᠠ ᠡᠷᠴᠢᠯᠡᠨ᠂ ᠲᠡᠭᠦᠰ ᠦᠵᠡᠰᠭᠦᠯᠡᠩ ᠢ ᠪᠦᠷᠢᠳᠬᠡᠨ ᠴᠢᠳᠠᠭᠰᠠᠨ ᠪᠤᠯᠪᠠᠴᠣ ᠡᠪᠦᠯ ᠤᠨ ᠬᠠᠲᠠᠭᠤ ᠳᠤ ᠶᠠᠭᠠᠬᠢᠨ ᠲᠡᠰᠪᠦᠷᠢᠯᠡᠨ ᠲᠡᠶᠢᠯᠭᠦ ᠠᠵᠢ︖ ᠤᠯᠠᠷᠢᠯ ᠳᠤ ᠤᠶᠠᠰᠬᠤ ᠥᠷᠥ ᠴᠡᠴᠡᠭ ᠤᠳ ᠮᠢᠨᠢ ᠳ᠋ᠧ︕ ᠨᠢᠮᠭᠡᠨ ᠴᠠᠶᠢᠷᠠᠭᠰᠠᠨ ᠬᠢᠷᠠᠭᠤ ᠶᠢ ᠳᠡᠷᠡᠯᠡᠵᠦ᠂ ᠬᠦᠢᠲᠡᠨ ᠬᠠᠲᠠᠭᠤ ᠰᠢᠯᠭᠠᠯᠲᠠ ᠶᠢ ᠭᠡᠨᠡᠳᠬᠡᠨ ᠲᠤᠰᠴᠤ᠂ ᠨᠠᠮᠤᠷ ᠢ ᠦᠳᠡᠵᠦ ᠡᠪᠦᠯ ᠢ ᠤᠷᠢᠨ᠂ ᠴᠡᠴᠡᠭ ᠤᠳ ᠮᠢᠨᠢ ᠵᠢᠭᠳᠡ ᠳᠡᠭᠡᠨ ᠲᠠᠬᠵᠢᠨ ᠴᠡᠴᠡᠷᠬᠢᠯᠡᠵᠦ ᠬᠥᠯᠳᠡᠭᠦᠦ ᠤᠷᠭᠢᠨ᠎ᠡ᠃     ᠨᠢᠭᠡᠨ ᠤᠯᠠᠷᠢᠯ ᠪᠠᠳᠠᠷᠠᠨ ᠳᠡᠯᠭᠡᠷᠡᠵᠦ ᠨᠢᠭᠡ ᠤᠯᠠᠷᠢᠯ ᠰᠡᠩᠭᠢᠨᠡᠨ ᠠᠩᠬᠢᠯᠵᠤ᠂ ᠭᠤᠸ᠎ᠠ ᠰᠠᠶᠢᠬᠠᠨ ᠢᠶᠠᠷ ᠢᠶᠠᠨ ᠡᠷᠭᠦᠯ ᠪᠣᠯᠭᠠᠨ ᠠᠷᠠᠴᠢᠯᠠᠭᠴᠢᠳ ᠤᠨ ᠪᠠᠭ᠋ᠠᠷᠬᠠᠯ᠂ ᠰᠣᠨᠢᠷᠬᠠᠭᠴᠢᠳ ᠤᠨ ᠲᠠᠭᠠᠰᠢᠶᠠᠯ ᠪᠣᠯᠤᠭᠰᠠᠨ᠂ ᠪᠠᠯ ᠰᠢᠬᠢᠷ ᠢᠶᠠᠨ ᠬᠥᠷᠥᠩᠭᠡ  ᠪᠣᠯᠭᠠᠨ ᠭᠦᠳᠡᠯᠮᠦᠷᠢᠴᠢ ᠵᠥᠭᠡᠢ ᠶᠢ ᠬᠥᠳᠡᠯᠮᠦᠷᠢᠯᠡᠭᠦᠯᠵᠦ ᠵᠢᠷᠭᠠᠭᠤᠯᠤᠭᠰᠠᠨ᠂ ᠤᠯᠠᠷᠢᠯ ᠳᠠᠭᠠᠨ ᠥᠩᠭᠡ ᠪᠤᠳᠤᠭ ᠢᠶᠠᠨ ᠰᠣᠯᠣᠩᠭᠠᠷᠠᠭᠤᠯᠵᠤ ᠡᠳᠦᠷ ᠬᠤᠨᠤᠭ ᠢᠶᠠᠨ ᠴᠢᠮᠡᠵᠦ ᠠᠩᠭᠢᠯᠤᠩᠬᠠᠨ ᠠᠮᠢᠳᠤᠷᠠᠭᠰᠠᠨ ᠁    ᠣᠨ ᠣᠨ ᠤ ᠰᠠᠶᠢᠬᠠᠨ ᠴᠡᠴᠡᠭ ᠤᠳ    ᠵᠢᠯ ᠵᠢᠯ ᠤᠨ ᠰᠢᠨ᠎ᠡ ᠳᠠᠭᠤᠯᠠᠯ    ᠣᠷᠴᠢᠯ ᠤᠯᠠᠷᠢᠯ ᠥᠪᠡᠷ ᠤᠨ ᠢᠶᠠᠨ ᠵᠢᠮ᠎ᠡ ᠲᠠᠢ    ᠦᠭᠡᠶᠢᠯᠡᠵᠦ ᠲᠡᠷᠰᠯᠡᠬᠦ ᠮᠢᠨᠤ ᠰᠠᠨᠠᠭ᠎ᠠ ᠪᠤᠰᠤ᠃    ᠰᠢᠨ᠎ᠡ ᠬᠠᠪᠤᠷ ᠢ ᠮᠥᠷᠥᠭᠡᠳᠦᠨ    ᠵᠤᠨ ᠤ ᠰᠠᠶᠢᠬᠠᠨ ᠢ ᠬᠦᠯᠢᠶᠡᠨ᠎ᠡ᠃    ᠡᠷᠭᠢᠴᠡᠬᠦᠯᠡᠷ᠂ ᠡᠪᠦᠭᠡ ᠶᠢᠨ ᠦᠶ᠎ᠡ ᠶᠢᠨ ᠡᠪᠦᠯ ᠰᠦᠷᠡᠬᠡᠢ ᠬᠦᠢᠲᠡᠨ ᠪᠠᠶᠢᠭᠰᠠᠨ᠃ ᠴᠠᠰᠤ ᠨᠠᠮᠤᠭᠤᠬᠠᠨ ᠬᠤᠶᠢᠯᠠᠷᠠᠵᠤ᠂ ᠰᠢᠭᠤᠷᠭ᠎ᠠ ᠵᠥᠭᠡᠯᠡᠨ ᠢᠰᠬᠡᠷᠬᠦ ᠳᠤ ᠴᠠᠭᠠᠨ ᠪᠤᠭᠤᠷᠤᠯ ᠬᠥᠳᠡᠭᠡ ᠶᠢᠨ ᠠᠮᠢᠳᠤᠷᠠᠯ ᠬᠤᠪᠢ ᠶᠢᠨ ᠭᠠᠳᠠᠨ᠎ᠠ ᠴᠡᠪᠡᠷ ᠲᠠᠶᠢᠪᠤᠩ᠃ ᠵᠦᠪᠭᠡᠨ ᠤᠮᠠᠷ᠎ᠠ ᠣᠷᠣᠨ ᠳᠤ ᠢᠯᠡᠷᠡᠳᠡᠭ ᠤᠨᠴᠠᠭᠠᠢ ᠤᠯᠠᠷᠢᠯ - ᠡᠪᠦᠯ ᠤᠨ ᠤᠳᠬ᠎ᠠ᠂ ᠬᠦᠢᠲᠡᠨ ᠤ  ᠤᠶᠠᠩᠭ᠎ᠠ ᠥᠪᠡᠷᠮᠢᠴᠡ ᠭᠤᠶᠢᠳᠠ᠃     ᠪᠠᠭ᠎ᠠ ᠪᠠᠶᠢᠬᠤ ᠳᠠᠭᠠᠨ ᠴᠠᠰᠤ ᠯᠠᠪᠰᠠᠯᠠᠬᠤ ᠪᠠᠷ ᠶᠡᠭᠡ ᠯᠠ ᠬᠥᠭᠡᠷᠦᠯᠳᠦᠳᠡᠭ᠃ ᠴᠠᠰᠤᠨ ᠬᠥᠮᠥᠨ ᠱᠤᠭᠤᠬᠤ᠂ ᠴᠠᠰᠤᠨ ᠪᠠᠶᠢᠯᠳᠤᠭᠠᠨ ᠬᠢᠬᠦ᠂ ᠴᠠᠰᠤ ᠰᠠᠴᠤᠵᠤ ᠮᠥᠰᠥᠨ ᠳᠤ ᠲᠠᠰᠢᠬᠤ ᠨᠢ ᠮᠠᠨ ᠤ ᠦᠶ᠎ᠡ ᠶᠢᠨ ᠬᠢᠨ ᠤ ᠡᠪᠦᠯ ᠤᠨ ᠵᠤᠭ᠎ᠠ ᠪᠠᠶᠢᠯ᠎ᠠ᠃ ᠬᠥᠯ ᠢᠶᠠᠨ ᠬᠥᠯᠳᠡᠭᠡᠵᠦ ᠭᠠᠷ ᠢᠶᠠᠨ ᠬᠠᠭᠠᠷᠢᠭᠤᠯᠳᠠᠭ ᠴᠣ᠋ ᠳᠤᠷᠠᠲᠠᠢ ᠭᠡᠳᠡᠭ ᠢ ᠬᠡᠯᠡᠬᠦ ᠴᠢᠬᠤᠯᠠ ᠦᠭᠡᠢ᠃    ᠡᠪᠦᠭᠡ  ᠮᠢᠨᠢ᠄︽ᠠᠷᠠᠰᠤ ᠮᠢᠬ᠎ᠠ  ᠪᠠᠬᠢᠵᠢᠵᠦ᠂ ᠶᠠᠰᠤ ᠰᠢᠷᠪᠦᠰᠦ  ᠴᠢᠩᠭᠠᠷᠠᠮᠤᠢ︾  ᠭᠡᠵᠦ ᠲᠠᠯ᠎ᠠ ᠦᠭᠳᠡᠭ᠃    ᠳᠤᠷᠠᠲᠠᠶ᠎ᠠ ᠪᠡᠭᠡᠷᠡᠭᠦᠯᠳᠡᠭ ᠭᠤᠣᠯ ᠵᠢᠷᠦᠬᠡ ᠪᠠᠨ ᠬᠤᠪᠣᠩ ᠤᠨ ᠭᠠᠯ ᠳᠤ ᠭᠦᠯᠴᠦᠭᠡᠵᠦ᠂ ᠠᠪᠤ ᠶᠢᠨ ᠬᠠᠯᠠᠭᠠᠭᠰᠠᠨ ᠬᠤᠪᠢᠩᠳᠦ ᠠᠷᠢᠬᠢ ᠶᠢ ᠳᠠᠮᠵᠢᠭᠤᠯᠵᠤ ᠪᠠᠷᠢᠬᠤ ᠳᠠᠭᠠᠨ ᠵᠠᠪᠳᠤᠨ ᠦᠨᠦᠷᠯᠡᠵᠦ᠂ ᠠᠮᠵᠢᠵᠤ ᠰᠢᠮᠡᠬᠦ ᠳᠡᠭᠡᠨ ᠬᠤᠪᠲᠣᠯ ᠤᠶᠤᠨ ᠢᠶᠠᠨ ᠬᠥᠯᠴᠥᠭᠦᠷᠡᠲᠡᠯ᠎ᠡ ᠳᠡᠪᠲᠦᠭᠡᠴᠢᠬᠡᠳᠡᠭ ᠤᠳᠠᠭ᠎ᠠ ᠲᠠᠢ᠃ ᠬᠡᠨ ᠢ ᠰᠠᠨᠠᠨ᠎ᠠ ᠭᠡᠵᠦ ᠦᠯᠦ ᠵᠣᠪᠠᠨ᠂ ᠶᠠᠭᠤ ᠶᠢ ᠳᠠᠭᠤᠯᠠᠬᠤ ᠭᠡᠬᠦ ᠨᠢ ᠪᠦᠷ ᠮᠢᠨᠤᠬᠢ ᠵᠣᠷᠢᠭ ᠪᠠᠶᠢᠭᠰᠠᠨ᠃ ᠬᠡᠦᠬᠡᠳ ᠨᠠᠰᠤ ᠮᠢᠨᠢ ᠭᠡᠨᠡᠨ ᠰᠠᠶᠢᠬᠠᠨ᠃    ᠡᠪᠦᠯ ᠴᠠᠭ ᠤᠨ ᠪᠦᠷᠬᠦᠭ ᠡᠳᠦᠷ ᠤᠨ ᠨᠠᠷᠠ ᠭᠡᠭᠴᠢ ᠭᠡᠷᠡᠯ ᠢᠯᠴᠢ ᠪᠠᠨ ᠠᠯᠳᠠᠭᠠᠳ᠂ ᠠᠭᠤᠯᠠ ᠶᠢᠨ ᠰᠤᠭᠤ ᠪᠠᠷ ᠭᠤᠭᠤᠵᠢᠵᠤ ᠤᠨᠠᠬᠤᠯᠠᠷ ᠲᠠᠬᠢᠶᠠᠨ ᠤ ᠬᠠᠷᠠᠭ᠎ᠠ ᠲᠠᠰᠤᠷᠠᠳᠠᠭ᠃ ᠲᠡᠷᠡ ᠦᠶ᠎ᠡ ᠶᠢᠨ ᠬᠥᠳᠡᠭᠡ ᠲᠤᠰᠬᠤᠨ ᠳᠤ  ᠴᠡᠭᠢᠯᠭᠠᠨ ᠭᠡᠭᠴᠢ ᠶᠢᠨ ᠭᠡᠭᠡᠨ ᠭᠡᠷᠡᠯ ᠪᠠᠶᠢᠭ᠎ᠠ ᠦᠭᠡᠢ᠃     ᠵᠢᠬᠡᠭᠦᠨ ᠰᠥᠨᠢ ᠶᠢᠨ ᠣᠳᠣᠳ ᠨᠢ ᠣᠨᠴᠠ ᠭᠡᠷᠡᠯᠲᠡᠢ᠂ ᠠᠰ ᠠᠰ ᠢᠶᠠᠷ ᠭᠢᠯᠠᠰ ᠭᠢᠯᠠᠰ ᠭᠢᠯᠠᠯᠵᠠᠭᠠᠳ᠂ ᠬᠡᠨ ᠬᠡᠨ ᠳᠡᠭᠡᠨ ᠥᠴᠥᠬᠡᠨ ᠴᠤ ᠢᠯᠳᠠᠷ ᠬᠠᠶᠠᠳᠠᠭ ᠦᠭᠡᠢ ᠨᠢ ᠢᠯᠡᠭᠡᠨ᠃ ᠬᠠᠰ ᠰᠠᠷᠠᠨ ᠤ ᠮᠥᠯᠰᠥᠨ ᠰᠣᠷᠮᠤᠤᠰᠤ ᠠᠴᠠ ᠰᠡᠳᠬᠢᠯ ᠤᠨ ᠵᠠᠢ ᠭᠦᠷᠳᠡᠯ᠎ᠡ ᠴᠠᠩᠲᠤᠭᠰᠠᠨ  ᠴᠤ ᠲᠤᠰᠤᠨ ᠳ᠋ᠧᠩ ᠤᠨ ᠳᠣᠣᠷ᠎ᠠ ᠭᠦᠨᠵᠢᠯᠠ ᠳᠡᠭᠡᠨ ᠠᠲᠤᠷᠢᠨ ᠰᠢᠷᠭᠤᠵᠤ᠂ ᠭᠠᠭᠴᠠ ᠬᠦ ᠴᠢᠬᠢ ᠪᠠᠨ ᠤᠷᠳᠤ ᠰᠤᠩᠭᠠᠨ᠂ ᠡᠮᠡᠭᠡ ᠶᠢᠨ ᠬᠠᠭᠤᠴᠢᠯᠠᠳᠠᠭ ᠦᠯᠢᠭᠡᠷ ᠲᠤ ᠪᠦᠪᠠᠶᠢᠯᠠᠬᠳᠠᠬᠰᠠᠭᠠᠷ᠂ ᠤᠷᠮᠠᠲᠠᠢ ᠰᠠᠶᠢᠬᠠᠨ ᠲᠤᠮᠤᠭ ᠤᠨ ᠶᠢᠷᠲᠢᠨᠴᠦ  ᠵᠦᠭ ᠵᠡᠭᠦᠳᠦᠨ ᠭᠦᠯᠦᠭ ᠲᠡᠭᠡᠨ ᠮᠣᠷᠳᠠᠴᠢᠬᠠᠳᠠᠭ  ᠠ᠋᠃    ᠵᠡᠭᠦᠳᠦ ᠰᠠᠶᠢᠬᠠᠨ᠂ ᠵᠡᠭᠦᠳᠦ ᠡᠷᠬᠡ ᠴᠢᠯᠦᠭᠡ ᠲᠠᠢ᠂ ᠡᠪᠦᠯ ᠤᠨ ᠵᠡᠭᠦᠳᠦ ᠤᠷᠳᠤ ᠠᠴᠠ ᠤᠷᠳᠤ ᠪᠠᠶᠢᠳᠠᠭ ᠪᠣᠯᠬᠤᠷ ᠪᠢ ᠳᠤᠷᠠᠲᠠᠢ᠃     ᠨᠢᠭᠡ ᠯᠠ ᠲᠠᠰᠢᠭᠤᠷ ᠲᠤ ᠡᠳ᠋ᠸᠠ ᠠᠴᠠ ᠡᠬᠢ ᠠᠪᠤᠭᠰᠠᠨ  ᠫᠢᠱᠤᠨ ᠮᠥᠷᠡᠨ ᠤ ᠭᠦᠪᠡᠭᠡ ᠳᠤ ᠬᠦᠷᠴᠦ᠂ ᠬᠠᠸᠢᠯᠠ ᠨᠤᠲᠤᠭ ᠢᠶᠠᠷ ᠰᠠᠶᠢᠨ ᠠᠯᠳᠠ ᠰᠤᠳᠠᠯᠲᠤ ᠮᠠᠨᠤ ᠶᠢ ᠳᠤᠷ᠎ᠠ ᠮᠡᠳᠡᠨ ᠲᠡᠭᠦᠵᠦ ᠁ ᠡᠷᠭᠢᠨ ᠬᠠᠷᠠᠬᠤᠯᠠᠷ ᠨᠤᠸᠸᠶᠠ ᠶᠢᠨ ᠣᠩᠭᠤᠴᠠ ᠶᠢᠨ ᠦᠯᠡᠳᠡᠭᠳᠡᠯ ᠢ ᠣᠯᠵᠤ ᠬᠠᠷᠠᠭᠠᠳ᠂ ᠬᠢᠵᠠᠭᠠᠯᠠᠰᠢ ᠦᠭᠡᠢ ᠦᠨᠡᠲᠦ ᠬᠠᠭᠤᠴᠢ ᠡᠳ᠋ ᠣᠯᠣᠯ᠎ᠠ ᠭᠡᠵᠦ ᠶᠡᠭᠡ ᠲᠠᠭᠤᠨ ᠢᠶᠠᠷ ᠪᠠᠷᠬᠢᠷᠠᠵᠤ ᠁ ᠴᠢᠨᠠᠭᠰᠢᠯᠠᠭᠠᠳ ᠪᠠᠪᠢᠯ ᠴᠠᠮᠬᠠᠭ ᠢ ᠲᠠᠭᠠᠷᠢᠵᠤ᠂ ᠬᠥᠮᠥᠨ ᠲᠥᠷᠥᠯᠬᠢᠲᠡᠨ ᠤᠤᠯ ᠨᠢ ᠨᠢᠭᠡ ᠯᠠ ᠭᠡᠯᠡ ᠲᠠᠢ ᠪᠠᠶᠢᠭᠰᠠᠨ ᠢ ᠬᠡᠷᠬᠢᠨ ᠤᠯᠠᠨ ᠭᠡᠯᠡ ᠲᠠᠢ  ᠪᠤᠯᠭᠠᠬᠰᠠᠨ ᠪᠤᠷᠬᠠᠨ ᠤ ᠰᠠᠨᠠᠭ᠎ᠠ ᠶᠠᠭᠤ ᠪᠠᠶᠢᠬᠤ ᠶᠢ ᠰᠤᠷᠪᠤᠯᠵᠢᠯᠠᠵᠤ ᠁ ᠮᠥᠨ ᠪᠠᠰᠠ ᠬᠤᠷᠧᠪ ᠠᠭᠤᠯᠠᠨ ᠬᠤᠷᠮᠣᠢ ᠳᠤ ᠬᠥᠮᠥᠨ ᠲᠦᠷᠦᠭᠰᠡᠳ ᠤᠨ ᠠᠩᠬᠠᠨ ᠤ ᠬᠠᠤᠯᠢ ᠶᠢ ᠡᠭᠡᠰᠢᠭᠯᠡᠨ ᠡᠭᠡᠰᠢᠭᠯᠡᠨ ᠤᠩᠰᠢᠵᠤ ᠁︽ᠬᠤᠷᠳᠤᠨ ᠪᠣᠰᠴᠤ ᠬᠤᠪᠴᠠᠰᠤ ᠪᠠᠨ ᠡᠮᠦᠰᠴᠦ ᠬᠤᠭᠤᠯᠠ ᠢᠳᠡ︾ ᠭᠡᠬᠦ ᠡᠵᠢ ᠶᠢᠨ ᠳᠠᠭᠤᠳᠠᠯᠭ᠎ᠠ ᠳᠤ ᠰᠣᠴᠢᠨ ᠰᠡᠷᠡᠭᠡᠳ᠂ ᠠᠳᠠᠪᠠᠰᠢ ᠡᠷᠬᠢᠮᠰᠦᠭ ᠭᠤᠶᠤ ᠲᠡᠭᠷᠢ ᠶᠢᠨ ᠣᠷᠳᠣᠨ ᠢ ᠵᠡᠭᠦᠳᠦᠨ ᠳᠡᠭᠡᠨ ᠣᠯᠵᠤ ᠬᠠᠷᠠᠭᠰᠠᠨ ᠢᠶᠠᠷ ᠢᠶᠠᠨ ᠶᠠᠨᠳᠠᠰᠢ ᠦᠭᠡᠢ ᠪᠠᠶᠠᠷ ᠪᠠᠶᠠᠰᠬᠤᠯᠠᠩ ᠲᠠᠢ ᠥᠷᠯᠥᠭᠡ ᠶᠢ  ᠤᠭᠲᠤᠳᠠᠭ ᠠ᠋᠃     ᠡᠪᠦᠯ ᠢᠷᠡᠴᠢᠬᠡᠭᠡᠳ ᠪᠠᠶᠢᠭᠰᠠᠨ ᠴᠤ᠂ ᠡᠵᠢ ᠶᠢᠨ ᠢᠶᠠᠨ ᠳᠡᠷᠭᠡᠳᠡ ᠪᠠᠶᠢᠬᠤ ᠳᠤ ᠲᠣᠪ ᠳᠤᠯᠠᠭᠠᠬᠠᠨ ᠪᠠᠶᠢᠯ᠎ᠠ᠃    ᠬᠤᠯᠠ ᠶᠠᠪᠤᠨ ᠡᠷᠳᠡᠮ ᠰᠤᠷᠴᠤ᠂ ᠠᠵᠢᠯ ᠳᠤ ᠭᠠᠷᠴᠤ ᠬᠠᠷᠢ ᠳᠤ ᠮᠣᠷᠳᠠᠭᠠᠳ᠂ ᠬᠠᠷᠢᠨ ᠪᠠᠰᠠ ᠬᠡᠳᠦᠨ ᠵᠣᠬᠢᠶᠠᠯ ᠡᠷᠢᠶᠡᠴᠢᠬᠦ  ᠪᠣᠯᠤᠭᠰᠠᠨ᠃ ᠵᠣᠬᠢᠶᠠᠯ ᠪᠢᠴᠢᠬᠦ ᠦᠢᠯᠡ ᠶᠢ ᠡᠷᠢᠯᠬᠢᠯᠡᠭᠰᠡᠨ ᠨᠢ ᠠᠯᠢ ᠬᠤᠵᠢᠮ ᠤᠨ ᠤᠴᠢᠷ ᠭᠡᠳᠡᠭ ᠪᠤᠯᠪᠠᠴᠤ ᠭᠦᠭᠡᠭᠡ ᠡᠪᠦᠯ ᠢ ᠤᠳᠬᠠᠴᠢᠯᠠᠨ᠂ ᠭᠦᠷᠯᠡᠭᠦ ᠴᠠᠰᠤ ᠶᠢ ᠤᠶᠠᠩᠭᠠᠯᠠᠨ᠂ ᠰᠠᠨᠠᠭ᠎ᠠ ᠰᠡᠳᠬᠢᠯ ᠢᠶᠠᠨ ᠳᠡᠯᠭᠡᠷᠡᠭᠦᠯᠬᠦᠶ᠎ᠡ ᠡᠷᠡᠮᠡᠬᠡᠢ ᠵᠣᠷᠢᠭ ᠲᠡᠭᠦᠰ ᠲᠥᠬᠦᠷ ᠪᠤᠯᠳᠠᠭ᠃ ᠤᠷᠠᠨ ᠵᠣᠬᠢᠶᠠᠯ ᠳᠤ ᠪᠠᠭ᠋ᠠᠲᠠᠢ᠂ ᠤᠷᠠᠨ ᠪᠢᠴᠢᠯᠭᠡ ᠳᠤ ᠰᠢᠮᠳᠠᠬᠤ᠂ ᠲᠡᠭᠡᠭᠡᠳ ᠤᠷᠠᠨ ᠵᠢᠷᠤᠭ ᠲᠤ ᠪᠠᠰᠠ ᠰᠡᠮᠡᠭᠡᠷ ᠳᠤᠷᠠᠯᠠᠳᠠᠭ ᠨᠢ ᠬᠡᠲᠦᠷᠬᠡᠢ ᠬᠤᠪᠲᠣᠯ ᠪᠠᠶᠢᠪᠠᠤ︖ᠠᠯᠢ ᠠᠯᠢ ᠳᠤᠨᠢ ᠴᠤ ᠦᠵᠦᠭᠦᠷ ᠭᠠᠷᠬᠤ ᠦᠭᠡᠢ ᠭᠡᠵᠦ ᠪᠤᠳᠤᠬᠤᠯᠠᠷ ᠰᠡᠳᠬᠢᠯ ᠶᠡᠭᠡ ᠯᠠ ᠳᠤᠨᠳᠠᠭᠤᠷ᠃ ᠴᠠᠰᠤ ᠴᠠᠭᠠᠨ ᠡᠪᠦᠯ ᠭᠡᠮᠡᠷ ᠁     ᠮᠣᠬᠤᠰᠢ ᠦᠭᠡᠢ ᠭᠠᠶᠢᠬᠠᠯᠲᠠᠢ ᠮᠥᠯᠰᠥᠨ ᠴᠡᠴᠡᠭ ᠠᠭᠠᠷ ᠳᠦᠭᠦᠷᠡᠩ  ᠪᠥᠵᠢᠭᠯᠡᠨ ᠪᠥᠵᠢᠭᠯᠡᠵᠦ ᠯᠠ ᠪᠠᠶᠢᠭᠰᠠᠨ ᠨᠢ ᠤᠳᠤ ᠴᠤ ᠬᠡᠪ ᠢᠶᠠᠷ ᠢᠶᠠᠨ᠃ ᠴᠠᠰᠤ ᠴᠠᠭᠠᠨ ᠮᠥᠯᠰᠥᠨ ᠴᠢᠨᠠᠷ ᠭᠬᠢᠷ ᠪᠤᠷᠲᠠᠭ ᠦᠭᠡᠢ᠃ ᠬᠥᠳᠡᠭᠡ ᠲᠠᠯ᠎ᠠ᠂ ᠬᠥᠬᠡ ᠠᠭᠤᠯᠠᠰ᠂ ᠡᠪᠡᠰᠦ ᠮᠣᠳᠣ ᠬᠠᠰ ᠢᠶᠠᠷ ᠥᠩᠭᠡᠯᠡᠭᠳᠡᠵᠦ᠂ ᠬᠦᠷᠢᠶ᠎ᠡ ᠬᠠᠰᠢᠶ᠎ᠠ ᠭᠡᠷ ᠰᠠᠷᠠᠪᠴᠢ ᠮᠥᠩᠭᠦ ᠪᠠᠷ ᠭᠠᠳᠠᠷᠯᠠᠭᠳᠠᠨ᠎ᠠ᠃ ᠴᠠᠰᠤᠨ ᠳᠤ  ᠬᠤᠴᠢᠭᠳᠠᠭᠰᠠᠨ ᠨᠤᠲᠤᠭ ᠤᠰᠤ ᠮᠢᠨᠢ ᠠᠮᠤᠭᠤᠯᠠᠩ ᠲᠠᠶᠢᠪᠤᠩᠬᠠᠨ᠃     ᠠᠪᠠ ᠳᠤ ᠭᠠᠷᠬᠤ ᠭᠡᠵᠦ ᠶᠡᠭᠡ ᠳᠡᠭᠦᠦ ᠬᠡᠳᠦᠨ ᠲᠠᠶᠢᠭ᠎ᠠ ᠪᠠᠨ ᠳᠠᠭᠠᠭᠤᠯᠴᠢᠬᠠᠳᠠᠭ᠂ ᠠᠷᠭᠤᠮᠠᠭ ᠭᠦᠯᠦᠭ ᠲᠡᠭᠡᠨ ᠠᠯᠠᠪᠬᠢᠨ ᠮᠣᠷᠳᠠᠬᠤ ᠨᠢ ᠤᠷᠮ᠎ᠠ ᠲᠠᠢ᠂  ᠶᠡᠭᠡ ᠯᠠ ᠭᠡᠶᠢᠮᠦᠷᠢᠯᠢᠭ᠃ ᠦᠳᠡᠰᠢ ᠶᠢᠨ ᠲᠣᠯᠦᠩ ᠢᠶᠠᠷ ᠪᠤᠴᠠᠭᠠᠳ ᠢᠷᠡᠬᠦ ᠳᠤ  ᠭᠠᠨᠵᠤᠭ᠎ᠠ ᠳᠦᠭᠦᠷᠡᠩ ᠢ ᠨᠢ ᠦᠵᠡᠭᠡᠳ ᠮᠠᠰᠢ ᠪᠠᠶᠠᠷᠯᠠᠳᠠᠭ ᠪᠠᠶᠢᠭᠰᠠᠨ᠂ ᠲᠡᠷᠡ ᠵᠠᠭᠤᠷ᠎ᠠ ᠭᠡᠷ ᠳᠦᠭᠦᠷᠡᠩ ᠬᠥᠭᠵᠢᠶᠡᠨ ᠲᠠᠢ ᠪᠤᠯᠳᠠᠭ᠃     ᠠᠩ ᠤᠨ ᠪᠣᠷᠣ ᠱᠥᠯᠥ ᠰᠢᠮ᠎ᠡ ᠲᠠᠢ᠂ ᠴᠢᠮᠦᠭᠡ ᠠᠴᠠ ᠴᠢᠨᠢ ᠬᠠᠯᠠᠭᠤ ᠣᠷᠬᠢᠭᠤᠯᠳᠠᠭ ᠤᠴᠢᠷ ᠠᠴᠠ ᠡᠪᠦᠯ ᠤᠨ ᠴᠠᠰᠤ ᠲᠠᠢ ᠡᠳᠦᠷ ᠳᠠᠯᠵᠢ ᠦᠭᠡᠢ᠃    ᠡᠪᠦᠯ ᠢᠷᠡᠴᠢᠬᠡᠭᠰᠡᠨ᠂ ᠡᠪᠦᠯ ᠥᠩᠭᠡᠷᠡᠬᠦ ᠨᠢ ᠬᠤᠷᠳᠤᠨ᠃    ᠴᠠᠰᠤ ᠣᠷᠤᠴᠢᠬᠠᠭᠰᠠᠨ᠂ ᠴᠠᠰᠤ ᠬᠠᠶᠢᠯᠬᠤ ᠨᠢ ᠴᠦ ᠲᠦᠷᠭᠡᠨ᠃ 
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号