ᠪᠦᠰᠡᠭᠦᠢ ᠵᠠᠶᠠᠭᠠᠨ ᠤ ᠲᠤᠤᠯᠢ
ᠨᠡᠶᠢᠲᠡᠯᠡᠭᠰᠡᠨ ᠴᠠᠭ᠄
2024/11/14
       ᠪᠦᠰᠡᠭᠦᠢ ᠵᠠᠶᠠᠭᠠᠨ ᠤ ᠲᠤᠤᠯᠢ        ᠠᠯᠳᠠᠠᠳᠤᠶᠠᠭ᠎ᠠ ︵ᠤᠷᠠᠳ ᠤᠨ ᠲᠤᠮᠳᠠᠳᠤ ᠬᠤᠰᠢᠭᠤᠨ ᠤ ᠭᠠᠭᠴᠠᠮᠤᠳᠤ ᠪᠠᠯᠭᠠᠰᠤᠨ ᠤ ᠪᠠᠶᠠᠠᠴᠠᠭᠠᠨ ᠭᠠᠴᠠᠭ᠎ᠠ︶ ᠠᠯᠳᠠᠨ ᠤᠷᠤᠭ ᠤᠨ ᠨᠠᠷᠠᠨ ᠬᠤᠶᠢᠮᠦᠷ ᠢ ᠭᠡᠷᠡᠯᠳᠦᠭᠦᠯᠭᠦ ᠭᠡᠵᠤ ᠠᠰᠢᠳᠠ ᠶᠢᠨ ᠭᠡᠶᠢᠮᠦᠷᠢ ᠶᠢ ᠪᠠᠶᠠᠨ ᠳᠤ ᠪᠠᠨ ᠰᠢᠩᠭᠡᠵᠤ ᠲᠦᠷᠦᠳᠡᠭ ᠶᠤᠮ ᠡᠴᠢᠭᠡ ᠲᠡᠭᠡᠳᠦᠰ ᠤᠨ ᠠᠯᠳᠠᠷ ᠢ ᠪᠦᠳᠦᠨ ᠡᠷᠭᠦᠵᠤ ᠶᠠᠪᠤᠬᠤ ᠭᠡᠵᠤ ᠡᠩᠭᠡᠷ ᠤᠨ ᠢᠶᠠᠨ ᠰᠢᠯᠪᠢ ᠶᠢ ᠴᠢᠨᠳᠠᠮᠤᠨᠢᠯᠠᠵᠤ ᠤᠷᠠᠯᠠᠳᠠᠭ ᠤᠴᠢᠷ ᠲᠠᠢ ᠰᠠᠭᠠᠯᠢᠴᠢᠨ ᠡᠵᠢ ᠶᠢᠨ ᠢᠶᠠᠨ ᠠᠰᠤᠷᠤᠤ ᠶᠡᠭᠡ ᠤᠬᠠᠭᠠᠨ ᠢ ᠦᠪᠯᠡᠵᠤ ᠰᠠᠷᠠᠨ ᠭᠤᠸ᠎ᠠ ᠦᠵᠡᠰᠭᠦᠯᠡᠩ ᠠᠯᠳᠠᠷ ᠢ ᠰᠡᠶᠢᠯᠦᠭᠦᠯᠦᠭᠰᠡᠨ ᠰᠤᠳᠤᠨ ᠤᠬᠰᠠᠭᠠᠨ ᠤ ᠮᠢᠨᠳᠠᠰᠤ ᠵᠦᠭᠡᠯᠡᠨ ᠦᠷᠭᠦᠯᠵᠢᠯᠡᠯ ᠮᠤᠩᠭᠤᠯ ᠪᠦᠰᠡᠭᠦᠢ ᠶᠢᠨ ᠵᠠᠶᠠᠭᠠᠨ ᠤ ᠲᠤᠤᠯᠢ ᠬᠠᠨ ᠤᠷᠴᠢᠯᠠᠩ ᠤᠨ ᠡᠷᠡᠰᠢᠭᠦᠳ ᠵᠠᠩ ᠢ ᠤᠶᠠᠷᠠᠭᠠᠬᠤ ᠭᠡᠵᠤ ᠬᠠᠷᠠᠬᠠᠨ ᠭᠡᠵᠢᠭᠡ ᠪᠠᠨ ᠬᠠᠭᠠᠯᠬᠤ᠂ ᠬᠠᠷᠢ ᠳᠤ ᠮᠤᠷᠳᠠᠳᠠᠭ ᠲᠠᠪᠢᠯᠠᠩ ᠲᠠᠢ ᠬᠠᠨᠢ ᠶᠢᠨ ᠵᠠᠶᠠᠭ᠎ᠠ ᠲᠦᠰᠢᠵᠤ᠂ ᠪᠦᠳᠦᠨ ᠵᠢᠷᠭᠠᠬᠤ ᠶᠢᠨ ᠤᠴᠢᠷ ᠬᠠᠶᠢᠷ᠎ᠠ ᠶᠢᠨ ᠰᠢᠵᠢᠮ ᠢ ᠨᠢᠭᠤᠴᠠᠯᠠᠵᠤ ᠵᠠᠩᠬᠢᠳᠳᠠᠭ ᠤᠪᠢᠳᠠᠰ ᠴᠡᠴᠡᠭᠡᠰ ᠤᠨ ᠰᠢᠭᠦᠳᠡᠷᠢ ᠶᠢ ᠬᠢᠮᠠᠭᠠᠳᠠᠬᠤ ᠭᠡᠵᠤ ᠴᠡᠮᠴᠡᠭᠡᠷᠭᠡᠨ ᠠᠯᠬᠤᠬᠤ ᠶᠢ ᠬᠢᠴᠢᠶᠡᠳᠡᠭᠴᠢᠩ ᠴᠢᠩ ᠤᠨ ᠨᠢᠯᠪᠤᠰᠤ ᠪᠠᠨ ᠴᠡᠯᠡᠭᠡᠷ ᠲᠠᠯ᠎ᠠ ᠶᠢᠨ ᠵᠦᠭᠡᠯᠡᠨ ᠰᠠᠯᠬᠢ ᠪᠠᠷ ᠠᠷᠭᠠᠳᠠᠭᠤᠯᠵᠤ ᠴᠢᠩ ᠬᠠᠶᠢᠷ᠎ᠠ ᠶᠢᠨ ᠤᠷᠳᠤ ᠠᠴᠠ ᠤᠷᠳᠤ ᠠᠷᠭᠠᠮᠵᠢᠶ᠎ᠠ ᠶᠢ ᠴᠢᠯᠡᠭᠡᠷᠭᠡᠵᠤ ᠲᠦᠪᠡᠭᠰᠢᠶᠠᠯ ᠦᠭᠡᠢ ᠨᠠᠰᠤ ᠪᠠᠷ ᠢᠶᠠᠨ ᠰᠠᠯᠪᠢᠵᠤ ᠴᠠᠰᠤ ᠢᠷᠭᠤᠢ ᠬᠤᠶᠠᠷ ᠤᠨ ᠡᠭᠡᠯᠵᠢᠨ ᠳᠤ ᠴᠠᠩᠳᠠᠵᠤ ᠭᠠᠩᠳᠠᠵᠤ ᠪᠤᠭᠤᠷᠤᠯᠳᠤᠳᠠᠭ ᠶᠤᠮᠰᠠᠨ ᠦᠷ᠎ᠡ ᠶᠢᠨ ᠵᠠᠶᠠᠭ᠎ᠠ ᠲᠤᠬᠳᠠᠬᠤ ᠮᠦᠴᠡ ᠠᠴᠠ ᠡᠪᠡᠳᠭᠦ ᠡᠷᠭᠡ ᠦᠭᠡᠢ ᠲᠠᠪᠴᠢᠶᠠᠷᠢ ᠲᠠᠪᠳᠠᠵᠤ ᠦᠭᠦᠭᠦ ᠡᠷᠭᠡ ᠦᠭᠡᠢ ᠬᠠᠶᠢᠷ᠎ᠠ ᠠᠮᠢᠯᠠᠭᠤᠯᠵᠤ ᠦᠪᠡᠷ ᠢ ᠪᠠᠨ ᠮᠠᠷᠳᠠᠬᠰᠠᠨ ᠵᠢᠷᠭᠠᠯ ᠳᠤ ᠲᠡᠪᠡᠷᠡᠵᠤ ᠦᠷ ᠰᠦᠨᠢ ᠶᠢᠨ ᠬᠦᠢᠳᠡᠨ ᠵᠢᠪᠡᠷ ᠠᠴᠠ ᠦᠮᠦᠭᠯᠡᠵᠤ ᠦᠷ᠎ᠡ ᠪᠠᠨ ᠬᠦᠭᠦᠭᠦᠯᠭᠦ ᠳᠤ ᠪᠠᠨ ᠦᠨᠡᠷᠭᠡᠵᠤ ᠬᠡᠵᠢᠶ᠎ᠡ ᠴᠦ ᠠᠴᠢ ᠶᠢᠨ ᠬᠠᠷᠢᠭᠤ ᠬᠦᠰᠡᠭᠡ ᠦᠭᠡᠢ ᠦᠷᠦᠪᠴᠢᠭᠡᠨ ᠬᠠᠶᠢᠷ᠎ᠠ ᠶᠢᠨ ᠪᠦᠯᠢᠶᠡᠨ ᠰᠦᠨ ᠤ ᠤᠨᠳᠤᠷᠤᠭ᠎ᠠ ᠦᠰᠭᠦ ᠨᠠᠰᠤᠨ ᠠᠴᠠ ᠨᠢ ᠦᠳᠡᠯᠭᠦ ᠳᠤ ᠨᠢ ᠬᠦᠷᠳᠡᠯ᠎ᠡ ᠦᠷ᠎ᠡ ᠶᠢᠨ ᠢᠶᠠᠨ ᠵᠠᠶᠠᠭᠠᠨ ᠳᠤ ᠲᠤᠰᠬᠤ ᠰᠡᠭᠦᠳᠡᠷ ᠢ ᠦᠷᠭᠦᠭᠡᠭᠦ ᠰᠠᠨ ᠭᠡᠵᠤ ᠵᠤᠨ ᠵᠤᠨ ᠤ ᠲᠡᠭᠷᠢ ᠳᠤ ᠰᠠᠭᠠᠯᠢ ᠶᠢᠨ ᠲᠡᠭᠡᠵᠢ ᠪᠠᠨ ᠡᠷᠭᠦᠵᠤ ᠵᠠᠭᠤ ᠨᠠᠰᠤᠯᠠᠬᠤ ᠦᠭᠡᠢ ᠪᠡᠶ᠎ᠡ ᠪᠠᠨ ᠠᠯᠵᠢᠶᠠᠬᠤ ᠶᠢ ᠤᠮᠠᠷᠳᠠᠬᠰᠠᠨ ᠪᠤᠷᠬᠠᠨ ᠵᠠᠶᠠᠭ᠎ᠠ ᠬᠠᠨᠢ ᠪᠠᠨ ᠬᠦᠯᠢᠶᠡᠭᠰᠡᠨ ᠠᠮᠤᠭᠤᠯᠠᠩ ᠦᠳᠡᠰᠢ ᠬᠠᠵᠠᠭᠠᠷ ᠤᠨ ᠴᠢᠮᠡᠭᠡ ᠴᠢᠩᠨᠠᠩᠬᠠᠨ ᠮᠦᠰᠢᠶᠡᠵᠤ ᠤᠳᠤᠳ ᠤᠨ ᠭᠡᠭᠡ ᠲᠠᠢ ᠴᠠᠢ ᠪᠠᠨ ᠪᠦᠯᠢᠶᠡᠯᠡᠵᠤ ᠤᠳᠤᠷ ᠤᠨ ᠵᠤᠨ ᠤ ᠰᠠᠶᠢᠬᠠᠨ ᠢ ᠲᠤᠷᠠᠰᠤᠩᠬᠠᠨ ᠰᠦᠯᠡᠵᠤ ᠬᠠᠷᠢᠬᠤ ᠭᠠᠯᠠᠭᠤᠳ ᠤᠨ ᠡᠭᠡᠭᠦ ᠡᠳᠦᠷ ᠢ ᠲᠦᠰᠦᠭᠡᠯᠡᠵᠤ ᠬᠤᠷᠭᠠᠨ ᠲᠡᠪᠡᠯ ᠢᠶᠠᠨ ᠡᠰᠭᠡᠵᠤ᠂ ᠬᠤᠤᠰ ᠦᠭᠡᠢ ᠵᠢᠷᠭᠠᠯ ᠢᠶᠠᠷ ᠤᠷᠠᠯᠠᠳᠠᠭ ᠤᠶᠠᠬᠠᠨ ᠽᠠᠮᠪᠤᠯᠢᠩ ᠤᠨ ᠭᠡᠭᠡᠨ ᠠᠮᠢᠳᠤᠷᠠᠯ ᠤᠨ ᠲᠤᠤᠯᠢ ᠬᠠᠶᠢᠯᠭᠠᠨ ᠴᠠᠶᠢᠯᠭᠠᠨ ᠪᠦᠰᠡᠭᠦᠢ ᠵᠠᠶᠠᠭᠠᠨ ᠤ ᠲᠤᠤᠯᠢ᠃
 
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号