ᠭᠤᠪᠠᠢ ᠬᠡᠭᠡᠨᠴᠢᠷ ᠵᠢᠵᠢᠭ ᠠᠮᠠᠰᠠᠷᠲᠤ ᠱᠠᠭᠠᠵᠠᠩ ᠯᠣᠩᠬᠤ
ᠨᠡᠶᠢᠲᠡᠯᠡᠭᠰᠡᠨ ᠴᠠᠭ᠄
2024/7/2
    ᠵᠢᠵᠢᠭ ᠠᠮᠠᠰᠠᠷᠲᠤ ᠱᠠᠭᠠᠵᠠᠩ ᠯᠣᠩᠬᠤ    ᠵᠢᠵᠢᠭ ᠠᠮᠠᠰᠠᠷᠲᠤ ᠱᠠᠭᠠᠵᠠᠩ ᠯᠣᠩᠬᠤ ᠶᠢᠨ ᠬᠢᠴᠡ ᠵᠠᠭᠪᠤᠷ ᠨᠢ ᠭᠤᠪᠠᠢ ᠬᠡᠭᠡᠨᠴᠢᠷ ᠪᠣᠯᠬᠤᠷ ᠭᠠᠩᠭᠠᠩ ᠥᠬᠢᠨ ᠰᠢᠭ ᠯᠣᠩᠬᠤ ᠬᠡᠮᠡᠨ ᠠᠯᠳᠠᠷᠰᠢᠭᠠᠳ᠂ ᠳᠤᠮᠳᠠᠳᠤ ᠤᠯᠤᠰ ᠤᠨ ᠡᠷᠲᠡᠨ ᠤ ᠱᠠᠭᠠᠵᠠᠩ ᠰᠠᠪᠠ ᠳᠣᠲᠣᠷᠠᠬᠢ ᠵᠢᠵᠢᠭ ᠠᠮᠠᠰᠠᠷ ᠲᠠᠢ᠂ ᠪᠣᠭᠤᠨᠢ ᠬᠦᠵᠦᠭᠦᠦ ᠲᠠᠢ᠂ ᠪᠥᠮᠪᠥᠭᠡᠷ ᠮᠥᠷᠥ ᠲᠠᠢ᠂ ᠬᠡᠪᠡᠯᠢ ᠲᠡᠶᠢᠰᠢ ᠪᠠᠨ ᠱᠤᠪᠲᠦ᠋ᠢᠵᠤ ᠨᠠᠷᠢᠰᠤᠭᠰᠠᠨ ᠬᠡᠪ ᠵᠠᠭᠪᠤᠷ ᠪᠦᠬᠦᠢ ᠱᠠᠭᠠᠵᠠᠩ ᠯᠣᠩᠬᠤ ᠶᠢᠨ ᠶᠡᠷᠦᠩᠬᠡᠢ ᠨᠡᠷᠡᠶᠢᠳᠦᠯ ᠪᠣᠯᠵᠠᠢ᠂ ᠠᠩᠬᠠᠨ ᠳᠠᠭᠠᠨ ᠠᠷᠢᠬᠢᠨ ᠰᠠᠪᠠ ᠪᠠᠷ ᠬᠡᠷᠡᠭᠯᠡᠭᠳᠡᠵᠦ ᠪᠠᠶᠢᠭᠰᠠᠨ ᠢᠶᠠᠨ ᠰᠡᠭᠦᠯᠡᠷ ᠨᠢ ᠠᠭᠠᠵᠢᠮ ᠢᠶᠠᠷ ᠦᠵᠡᠮᠦᠷᠢ ᠶᠢᠨ ᠵᠦᠢᠯ ᠪᠣᠯᠵᠤ ᠬᠤᠪᠢᠷᠠᠬᠤ ᠶᠢᠨ ᠳᠠᠭᠠᠤ ᠬᠤᠶᠢᠯᠭ᠎ᠠ ᠶᠢᠨ ᠡᠳ᠋ ᠢᠶᠠᠷ ᠴᠦ ᠬᠡᠷᠡᠭᠯᠡᠭᠳᠡᠬᠦ ᠪᠣᠯᠵᠠᠢ᠃ ᠤᠮᠠᠷᠠᠲᠤ ᠰᠦᠩ ᠤᠯᠤᠰ ᠠᠴᠠ ᠡᠮᠦᠨᠡᠬᠢ ᠸᠠᠭᠠᠷ ᠱᠠᠭᠠᠵᠠᠩ ᠰᠠᠪᠠ ᠶᠢᠨ ᠳᠣᠲᠣᠷ᠎ᠠ ᠵᠢᠵᠢᠭ ᠠᠮᠠᠰᠠᠷᠲᠤ ᠱᠠᠭᠠᠵᠠᠩ ᠯᠣᠩᠬᠤᠨ ᠤ ᠬᠡᠪ ᠵᠠᠭᠪᠤᠷ ᠶᠡᠷᠦ ᠲᠣᠬᠢᠶᠠᠯᠳᠤᠭ᠎ᠠ ᠦᠭᠡᠢ᠂ ᠰᠦᠩ ᠤᠯᠤᠰ ᠤᠨ ᠦᠶ᠎ᠡ ᠳᠤ ᠰᠢᠲᠠᠭᠠᠨ ᠦᠢᠯᠡᠳᠴᠦ᠂ ᠬᠤᠷᠠᠯ ᠨᠣᠮ ᠤᠨ ᠳᠠᠶᠢᠯᠠᠯᠭ᠎ᠠ ᠶᠢᠨ ᠠᠷᠢᠬᠢᠨ ᠯᠣᠩᠬᠤ ᠭᠡᠵᠦ ᠳᠠᠭᠤᠳᠠᠵᠤ ᠪᠠᠶᠢᠭᠰᠠᠨ ᠢᠶᠠᠨ ᠮᠢᠩ ᠤᠯᠤᠰ ᠠᠴᠠ ᠰᠡᠭᠦᠯᠡᠷ ᠰᠠᠶ᠋ᠢ ᠡᠶᠢᠮᠦ ᠰᠠᠶᠢᠬᠠᠨ ᠨᠡᠷ᠎ᠡ ᠵᠡᠭᠦᠭᠰᠡᠨ ᠪᠠᠶᠢᠳᠠᠭ᠃ ᠢᠷᠭᠡᠨ ᠤᠯᠤᠰ ᠤᠨ ᠡᠬᠢᠨ ᠤ ᠵᠢᠯ ᠤᠳ ᠲᠤ ᠰᠢᠦᠢ ᡁᠢ ᠾᠧᠩ ︽ᠤᠮᠳᠠᠭᠠᠨ ᠤ ᠬᠡᠷᠡᠭᠰᠡᠯ ᠱᠠᠭᠠᠵᠠᠩ ᠢ ᠲᠠᠶᠢᠯᠪᠤᠷᠢᠯᠠᠬᠤᠢ︾ ᠭᠡᠬᠦ ᠨᠣᠮ ᠳᠠᠭᠠᠨ᠄ ︽ᠠᠮᠠᠰᠠᠷ ᠵᠢᠵᠢᠭᠬᠡᠨ ᠪᠥᠭᠡᠳ ᠬᠦᠵᠦᠭᠦᠦ ᠪᠣᠭᠤᠨᠢ᠂ ᠮᠥᠷᠥ ᠨᠢ ᠮᠠᠰᠢ ᠪᠥᠮᠪᠥᠷᠭᠡᠨ᠂ ᠢᠷᠤᠭᠠᠷ ᠤᠷᠤᠭᠤ ᠪᠠᠨ ᠨᠠᠷᠢᠰᠤᠨ᠂ ᠢᠷᠤᠭᠠᠷ ᠨᠢ ᠵᠢᠭᠠᠬᠠᠨ ᠭᠠᠳᠠᠭᠰᠢ ᠳᠠᠷᠪᠠᠶᠢᠭᠰᠠᠨ ᠪᠠᠶᠢᠳᠠᠭ ᠪᠥᠭᠡᠳ ᠠᠮᠠᠰᠠᠷ ᠤᠨ ᠳ᠋ᠢᠶᠠᠮᠧᠲᠷ ᠨᠢ ᠵᠢᠵᠢᠭᠷᠡᠭᠡᠳ ᠵᠥᠪᠭᠡᠨ ᠲᠡᠷᠢᠭᠦᠯᠡᠭᠴᠢ ᠴᠡᠴᠡᠭ ᠤᠨ ᠡᠰᠢ ᠰᠢᠭ ᠨᠠᠷᠢᠬᠠᠨ ᠲᠤᠯᠠ ᠵᠢᠵᠢᠭ ᠠᠮᠠᠰᠠᠷᠲᠤ ᠯᠣᠩᠬᠤ ᠬᠡᠮᠡᠨ ᠨᠡᠷᠡᠯᠡᠭᠳᠡᠭᠰᠡᠨ ᠪᠦᠯᠦᠭᠡ︾ ᠭᠡᠵᠦ ᠲᠠᠶᠢᠯᠪᠤᠷᠢᠯᠠᠭᠰᠠᠨ ᠪᠠᠶᠢᠳᠠᠭ᠃    ᠪᠠᠷᠠᠭᠤᠨ ᠰᠢᠶᠠ ᠤᠯᠤᠰ ᠪᠣᠯ ᠪᠤᠶᠢᠳᠠ ᠪᠥᠭᠯᠡᠭᠦᠦ ᠭᠠᠵᠠᠷ ᠣᠷᠣᠰᠢᠨ ᠲᠣᠭᠲᠠᠨᠢᠵᠤ ᠪᠠᠶᠢᠭᠰᠠᠨ ᠪᠠᠭᠤᠷᠠᠢ ᠵᠢᠵᠢᠭ ᠤᠯᠤᠰ ᠪᠤᠯᠬᠤ ᠶᠤᠮ᠂ ᠤᠷᠢᠳ ᠬᠤᠵᠢᠳ ᠰᠦᠩ ᠯᠢᠶᠣᠤ ᠤᠯᠤᠰ ᠯᠤᠭ᠎ᠠ 190 ᠵᠢᠯ ᠡᠰᠡᠷᠭᠦᠴᠡᠯᠳᠦᠵᠦ᠂ ᠡᠷᠭᠢᠨ ᠲᠣᠭᠤᠷᠢᠨ ᠤ ᠦᠨᠳᠦᠰᠦᠲᠡᠨ ᠤ ᠰᠣᠶᠣᠯ ᠢ ᠰᠢᠩᠭᠡᠭᠡᠭᠰᠡᠨ ᠰᠠᠭᠤᠷᠢᠨ ᠳᠡᠭᠡᠷ᠎ᠡ ᠥᠪᠡᠷ ᠤᠨ ᠦᠰᠦᠭ ᠪᠢᠴᠢᠭ ᠢᠶᠠᠨ ᠵᠣᠬᠢᠶᠠᠵᠤ᠂ ᠥᠪᠡᠷᠮᠢᠴᠡ ᠣᠨᠴᠠᠯᠢᠭ ᠪᠦᠬᠦᠢ ᠪᠠᠷᠠᠭᠤᠨ ᠰᠢᠶᠠ ᠤᠯᠤᠰ ᠤᠨ ᠰᠣᠶᠣᠯ ᠢ ᠪᠦᠲᠦᠭᠡᠭᠡᠳ᠂ ᠲᠤᠬᠠᠢ ᠶᠢᠨ ᠦᠶ᠎ᠡ ᠶᠢᠨ ᠤᠯᠤᠰ ᠲᠥᠷᠥ᠂ ᠠᠵᠤ ᠠᠬᠤᠢ ᠴᠢᠨᠠᠭᠰᠢᠯᠠᠭᠠᠳ ᠨᠡᠶᠢᠭᠡᠮ ᠤᠨ ᠬᠥᠭᠵᠢᠯᠲᠡ ᠶᠢ ᠭᠦᠨᠵᠡᠭᠡᠢ ᠨᠥᠯᠥᠭᠡᠯᠡᠭᠰᠡᠨ ᠪᠠᠶᠢᠨ᠎ᠠ᠃ ᠪᠤᠭᠤᠷᠤᠯ ᠲᠡᠦᠬᠡ ᠶᠢᠨ ᠤᠷᠲᠤ ᠠᠶᠠᠨ ᠢ ᠲᠤᠭᠤᠯᠬᠤ ᠳᠠᠭᠠᠨ ᠪᠠᠷᠠᠭᠤᠨ ᠰᠢᠶᠠ ᠤᠯᠤᠰ ᠠᠷᠪᠢᠨ ᠲᠡᠦᠬᠡᠨ ᠳᠤᠷᠠᠰᠬᠠᠯᠲᠤ ᠵᠦᠢᠯᠡᠰ ᠦᠯᠡᠳᠡᠭᠡᠭᠰᠡᠨ ᠦᠭᠡᠢ᠃ ᠥᠪᠥᠷ ᠮᠣᠩᠭᠤᠯ ᠤᠨ ᠮᠦᠽᠧᠢ ᠶᠢᠨ ᠬᠦᠷᠢᠶᠡᠯᠡᠩ ᠳᠤ ᠪᠠᠷᠠᠭᠤᠨ ᠰᠢᠶᠠ ᠤᠯᠤᠰ ᠤᠨ ᠦᠶ᠎ᠡ ᠶᠢᠨ ᠬᠠᠶᠢᠲᠠᠩ ᠴᠡᠴᠡᠭ ᠰᠡᠶᠢᠯᠦᠭᠰᠡᠨ ᠵᠢᠵᠢᠭ ᠠᠮᠠᠰᠠᠷᠲᠤ ᠬᠦᠷᠡᠩ ᠱᠠᠭᠠᠵᠠᠩ ᠯᠣᠩᠬᠤ ᠶᠢ ᠬᠠᠳᠠᠭᠠᠯᠠᠵᠤ ᠪᠠᠶᠢᠨ᠎ᠠ᠂ ᠡᠭᠦᠨ ᠢ 1956 ᠣᠨ ᠳᠤ ᠶᠡᠭᠡ ᠵᠤᠤ ᠠᠶᠢᠮᠠᠭ ︵ᠣᠳᠣ ᠶᠢᠨ ᠣᠷᠳᠣᠰ ᠬᠤᠲᠠ︶ ᠤᠨ ᠡᠵᠡᠨ ᠬᠤᠷᠤᠭ᠎ᠠ ᠬᠤᠰᠢᠭᠤᠨ ᠤ ᠮᠡᠩᠭᠡ ᠰᠢᠶᠠᠩ ᠠᠴᠠ ᠢᠯᠡᠷᠡᠭᠦᠯᠵᠡᠢ᠃ ᠵᠢᠵᠢᠭ ᠠᠮᠠᠰᠠᠷᠲᠤ ᠱᠠᠭᠠᠵᠠᠩ ᠯᠣᠩᠬᠤ ᠶᠢᠨ ᠴᠣᠭᠴᠠ ᠭᠡᠯᠪᠡᠷᠢ ᠨᠢ ᠭᠤᠪᠠᠢ ᠬᠡᠭᠡᠨᠴᠢᠷ᠂ ᠰᠡᠶᠢᠯᠪᠦᠷᠢ ᠵᠢᠷᠤᠭᠠᠰᠤ ᠨᠢ ᠤᠷᠤᠰᠤᠮ᠎ᠠ ᠢᠯᠭᠤᠮ᠂ ᠤᠷᠠᠯᠠᠯ ᠴᠢᠮᠡᠭᠯᠡᠯ ᠨᠢ ᠤᠷᠠᠨ ᠬᠠᠪᠤᠯᠢᠭ ᠠᠵᠢ᠃
C:\Users\bch\Desktop\7.02\7.02  历史文化2图1.png
    ᠪᠠᠷᠠᠭᠤᠨ ᠰᠢᠶᠠ ᠤᠯᠤᠰ ᠤᠨ ᠬᠠᠶᠢᠲᠠᠩ ᠴᠡᠴᠡᠭ ᠰᠡᠶᠢᠯᠦᠭᠰᠡᠨ ᠵᠢᠵᠢᠭ ᠠᠮᠠᠰᠠᠷᠲᠤ ᠬᠦᠷᠡᠩ ᠱᠠᠭᠠᠵᠠᠩ ᠯᠣᠩᠬᠤ ᠶᠢᠨ ᠥᠨᠳᠥᠷ ᠨᠢ 37.3ᠰᠠᠨᠲ᠋ᠢᠮᠧᠲᠷ᠂ ᠠᠮᠠᠰᠠᠷ ᠤᠨ ᠳ᠋ᠢᠶᠠᠮᠧᠲᠷ ᠨᠢ 6 ᠰᠠᠨᠲ᠋ᠢᠮᠧᠲᠷ᠂ ᠢᠷᠤᠭᠠᠷ ᠤᠨ ᠳ᠋ᠢᠶᠠᠮᠧᠲᠷ ᠨᠢ 9.7 ᠰᠠᠨᠲ᠋ᠢᠮᠧᠲᠷ ᠪᠠᠶᠢᠳᠠᠭ    ᠵᠢᠵᠢᠭ ᠠᠮᠠᠰᠠᠷᠲᠤ ᠱᠠᠭᠠᠵᠠᠩ ᠯᠣᠩᠬᠤ ᠶᠢᠨ ᠬᠡᠪ ᠵᠠᠭᠪᠤᠷ ᠨᠢ ᠭᠤᠪᠠᠢ ᠬᠡᠭᠡᠨᠴᠢᠷ ᠪᠣᠯᠬᠤᠷ ᠭᠠᠩᠭᠠᠩ ᠥᠬᠢᠨ ᠰᠢᠭ ᠯᠣᠩᠬᠤ ᠬᠡᠮᠡᠨ ᠠᠯᠳᠠᠷᠰᠢᠭᠠᠳ᠂ ᠳᠤᠮᠳᠠᠳᠤ ᠤᠯᠤᠰ ᠤᠨ ᠡᠷᠲᠡᠨ ᠤ ᠱᠠᠭᠠᠵᠠᠩ ᠰᠠᠪᠠ ᠳᠣᠲᠣᠷᠠᠬᠢ ᠵᠢᠵᠢᠭ ᠠᠮᠠᠰᠠᠷ ᠲᠠᠢ᠂ ᠪᠣᠭᠤᠨᠢ ᠬᠦᠵᠦᠭᠦᠦ ᠲᠠᠢ᠂ ᠪᠥᠮᠪᠥᠭᠡᠷ ᠮᠥᠷᠥ ᠲᠠᠢ᠂ ᠬᠡᠪᠡᠯᠢ ᠲᠡᠶᠢᠰᠢ ᠪᠠᠨ ᠱᠤᠪᠲᠦ᠋ᠢᠵᠤ ᠨᠠᠷᠢᠰᠤᠭᠰᠠᠨ ᠬᠡᠪ ᠵᠠᠭᠪᠤᠷ ᠪᠦᠬᠦᠢ ᠱᠠᠭᠠᠵᠠᠩ ᠯᠣᠩᠬᠤ ᠶᠢᠨ ᠶᠡᠷᠦᠩᠬᠡᠢ ᠨᠡᠷᠡᠶᠢᠳᠦᠯ ᠪᠣᠯᠵᠤ᠂ ᠠᠩᠬᠠᠨ ᠳᠠᠭᠠᠨ ᠠᠷᠢᠬᠢᠨ ᠰᠠᠪᠠ ᠪᠠᠷ ᠬᠡᠷᠡᠭᠯᠡᠭᠳᠡᠵᠦ ᠪᠠᠶᠢᠭᠰᠠᠨ ᠢᠶᠠᠨ ᠰᠡᠭᠦᠯᠡᠷ ᠨᠢ ᠠᠭᠠᠵᠢᠮ ᠢᠶᠠᠷ ᠦᠵᠡᠮᠦᠷᠢ ᠶᠢᠨ ᠵᠦᠢᠯ ᠪᠣᠯᠵᠤ ᠬᠤᠪᠢᠷᠠᠬᠤ ᠶᠢᠨ ᠳᠠᠭᠠᠤ ᠬᠤᠶᠢᠯᠭ᠎ᠠ ᠶᠢᠨ ᠡᠳ᠋ ᠢᠶᠠᠷ ᠴᠦ ᠬᠡᠷᠡᠭᠯᠡᠭᠳᠡᠬᠦ ᠪᠣᠯᠵᠠᠢ᠃ ᠤᠮᠠᠷᠠᠲᠤ ᠰᠦᠩ ᠤᠯᠤᠰ ᠠᠴᠠ ᠡᠮᠦᠨᠡᠬᠢ ᠸᠠᠭᠠᠷ ᠱᠠᠭᠠᠵᠠᠩ ᠰᠠᠪᠠ ᠶᠢᠨ ᠳᠣᠲᠣᠷ᠎ᠠ ᠵᠢᠵᠢᠭ ᠠᠮᠠᠰᠠᠷᠲᠤ ᠯᠣᠩᠬᠤᠨ ᠤ ᠬᠡᠪ ᠵᠠᠭᠪᠤᠷ ᠶᠡᠷᠦ ᠲᠣᠬᠢᠶᠠᠯᠳᠤᠭ᠎ᠠ ᠦᠭᠡᠢ᠂ ᠰᠦᠩ ᠤᠯᠤᠰ ᠤᠨ ᠦᠶ᠎ᠡ ᠳᠤ ᠰᠢᠲᠠᠭᠠᠨ ᠦᠢᠯᠡᠳᠴᠦ᠂ ᠬᠤᠷᠠᠯ ᠨᠣᠮ ᠤᠨ ᠳᠠᠶᠢᠯᠠᠯᠭ᠎ᠠ ᠶᠢᠨ ᠠᠷᠢᠬᠢᠨ ᠯᠣᠩᠬᠤ ᠭᠡᠵᠦ ᠳᠠᠭᠤᠳᠠᠵᠤ ᠪᠠᠶᠢᠭᠰᠠᠨ ᠢᠶᠠᠨ ᠮᠢᠩ ᠤᠯᠤᠰ ᠠᠴᠠ ᠰᠡᠭᠦᠯᠡᠷ ᠰᠠᠶ᠋ᠢ ᠡᠶᠢᠮᠦ ᠰᠠᠶᠢᠬᠠᠨ ᠨᠡᠷ᠎ᠡ ᠵᠡᠭᠦᠭᠰᠡᠨ ᠪᠠᠶᠢᠳᠠᠭ᠃ ᠢᠷᠭᠡᠨ ᠤᠯᠤᠰ ᠤᠨ ᠡᠬᠢᠨ ᠤ ᠵᠢᠯ ᠤᠳ ᠲᠤ ᠰᠢᠦᠢ ᡁᠢ ᠾᠧᠩ ︽ᠤᠮᠳᠠᠭᠠᠨ ᠤ ᠬᠡᠷᠡᠭᠰᠡᠯ ᠱᠠᠭᠠᠵᠠᠩ ᠢ ᠲᠠᠶᠢᠯᠪᠤᠷᠢᠯᠠᠬᠤᠢ︾ ᠭᠡᠬᠦ ᠨᠣᠮ ᠳᠠᠭᠠᠨ᠄ ︽ᠠᠮᠠᠰᠠᠷ ᠵᠢᠵᠢᠭᠬᠡᠨ ᠪᠥᠭᠡᠳ ᠬᠦᠵᠦᠭᠦᠦ ᠪᠣᠭᠤᠨᠢ᠂ ᠮᠥᠷᠥ ᠨᠢ ᠮᠠᠰᠢ ᠪᠥᠮᠪᠥᠷᠭᠡᠨ᠂ ᠢᠷᠤᠭᠠᠷ ᠤᠷᠤᠭᠤ ᠪᠠᠨ ᠨᠠᠷᠢᠰᠤᠨ᠂ ᠢᠷᠤᠭᠠᠷ ᠨᠢ ᠵᠢᠭᠠᠬᠠᠨ ᠭᠠᠳᠠᠭᠰᠢ ᠳᠠᠷᠪᠠᠶᠢᠭᠰᠠᠨ ᠪᠠᠶᠢᠳᠠᠭ ᠪᠥᠭᠡᠳ ᠠᠮᠠᠰᠠᠷ ᠤᠨ ᠳ᠋ᠢᠶᠠᠮᠧᠲᠷ ᠨᠢ ᠵᠢᠵᠢᠭᠷᠡᠭᠡᠳ ᠵᠥᠪᠭᠡᠨ ᠲᠡᠷᠢᠭᠦᠯᠡᠭᠴᠢ ᠴᠡᠴᠡᠭ ᠤᠨ ᠡᠰᠢ ᠰᠢᠭ ᠨᠠᠷᠢᠬᠠᠨ ᠲᠤᠯᠠ ᠵᠢᠵᠢᠭ ᠠᠮᠠᠰᠠᠷᠲᠤ ᠯᠣᠩᠬᠤ ᠬᠡᠮᠡᠨ ᠨᠡᠷᠡᠯᠡᠭᠳᠡᠭᠰᠡᠨ ᠪᠦᠯᠦᠭᠡ︾ ᠭᠡᠵᠦ ᠲᠠᠶᠢᠯᠪᠤᠷᠢᠯᠠᠭᠰᠠᠨ ᠪᠠᠶᠢᠳᠠᠭ᠃    ᠵᠢᠵᠢᠭ ᠠᠮᠠᠰᠠᠷᠲᠤ ᠱᠠᠭᠠᠵᠠᠩ ᠯᠣᠩᠬᠤ ᠨᠢ ᠬᠢᠳᠠᠨ ᠶᠠᠰᠤᠲᠠᠨ ᠠᠴᠠ ᠰᠠᠯᠵᠤ ᠴᠢᠳᠠᠬᠤ ᠦᠭᠡᠢ᠃ ᠬᠢᠳᠠᠨᠴᠤᠳ ᠲᠠᠩ ᠤᠯᠤᠰ ᠤᠨ ᠦᠶ᠎ᠡ ᠳᠤ ᠤᠮᠠᠷᠠᠲᠤ ᠶᠢᠨ ᠬᠢᠲᠠᠳ ᠢᠷᠭᠡᠳ ᠲᠠᠢ ᠪᠠᠶᠢᠩᠭᠤ ᠶᠠᠪᠤᠯᠴᠠᠳᠠᠭ᠂ ᠨᠡᠭᠦᠳᠡᠯ ᠠᠮᠢᠳᠤᠷᠠᠯ ᠳᠠᠭᠠᠨ ᠵᠣᠬᠢᠴᠠᠬᠤ ᠶᠢᠨ ᠲᠤᠰᠠᠳᠠ ᠬᠢᠲᠠᠳ ᠢᠷᠭᠡᠳ ᠤᠨ ᠠᠷᠠᠰᠤᠨ ᠲᠤᠯᠤᠮ ᠢ ᠳᠠᠭᠤᠷᠢᠶᠠᠭᠠᠳ᠂ ᠠᠪᠴᠤ ᠶᠠᠪᠤᠬᠤ ᠳᠤ ᠳᠥᠭᠦᠮ ᠰᠡᠨᠵᠢ ᠲᠠᠢ ᠸᠠᠭᠠᠷ ᠱᠠᠭᠠᠵᠠᠩ ᠳᠡᠪᠦᠷ᠎ᠡ ᠶᠢ ᠰᠢᠲᠠᠭᠠᠨ ᠦᠢᠯᠡᠳᠦᠭᠰᠡᠨ ᠪᠠᠶᠢᠳᠠᠭ᠂ ᠡᠭᠦᠨ ᠢᠶᠠᠨ ᠪᠠᠰᠠ ᠳᠥᠷᠥᠭᠡᠨ ᠳᠡᠪᠦᠷ᠎ᠡ ᠪᠤᠶᠤ ᠲᠠᠬᠢᠶᠠᠨ ᠰᠡᠴᠢᠭᠲᠦ ᠳᠡᠪᠦᠷ᠎ᠡ ᠭᠡᠵᠦ ᠨᠡᠷᠡᠯᠡᠬᠦ ᠪᠣᠯᠵᠠᠢ᠃ ᠡᠭᠦᠨ ᠠᠴᠠ ᠭᠠᠳᠠᠨ᠎ᠠ ᠪᠠᠰᠠ ᠳᠡᠭᠡᠭᠦᠷ ᠢᠶᠠᠨ ᠪᠦᠳᠦᠭᠦᠨ ᠳᠣᠭᠤᠤᠷ ᠢᠶᠠᠨ ᠨᠠᠷᠢᠨ᠂ ᠲᠠᠬᠢᠶᠠᠨ ᠬᠥᠯ ᠰᠢᠭ ᠤᠷᠲᠤ ᠬᠡᠪᠡᠯᠢ ᠲᠠᠢ ᠱᠠᠭᠠᠵᠠᠩ ᠯᠣᠩᠬᠤ ᠶᠢ ᠰᠢᠲᠠᠭᠠᠵᠤ ᠦᠢᠯᠡᠳᠦᠭᠡᠳ᠂ ᠤᠰᠤ ᠪᠤᠶᠤ ᠠᠷᠢᠬᠢ ᠰᠠᠪᠠᠯᠠᠵᠤ ᠪᠠᠶᠢᠵᠠᠢ᠂ ᠡᠶᠢᠮᠦ ᠲᠠᠬᠢᠶᠠᠨ ᠬᠥᠯ ᠤᠨ ᠬᠡᠯᠪᠡᠷᠢᠲᠦ ᠯᠣᠩᠬᠤ ᠶᠢ ᠣᠷᠴᠢᠨ ᠦᠶ᠎ᠡ ᠶᠢᠨ ᠮᠠᠰᠢ ᠣᠯᠠᠨ ᠡᠷᠳᠡᠮᠲᠡᠳ ᠵᠢᠵᠢᠭ ᠠᠮᠠᠰᠠᠷᠲᠤ ᠱᠠᠭᠠᠵᠠᠩ ᠯᠣᠩᠬᠤ ᠶᠢᠨ ᠪᠣᠷᠣ ᠲᠥᠯᠥᠪ ᠭᠡᠵᠦ ᠦᠵᠡᠵᠡᠭᠡᠳᠡᠭ᠃ ᠲᠠᠬᠢᠶᠠᠨ ᠬᠥᠯ ᠤᠨ ᠬᠡᠯᠪᠡᠷᠢᠲᠦ ᠯᠣᠩᠬᠤ ᠶᠢᠨ ᠠᠮᠠᠰᠠᠷ ᠨᠢ ᠵᠢᠵᠢᠭ᠂ ᠬᠦᠵᠦᠭᠦᠦ ᠨᠢ ᠪᠣᠭᠤᠨᠢ᠂ ᠭᠦᠨ ᠬᠡᠪᠡᠯᠢ ᠲᠠᠢ᠂ ᠳᠡᠭᠡᠰᠦ ᠪᠠᠷ ᠳᠦᠷᠢᠯᠡᠭᠰᠡᠨ ᠤ ᠳᠠᠷᠠᠭ᠎ᠠ ᠡᠭᠦᠷᠬᠦ ᠳᠤ ᠳᠥᠭᠦᠮ᠂ ᠲᠣᠩᠭᠤᠷᠤᠤ ᠱᠠᠲᠤᠯᠵᠢᠨ ᠭᠡᠯᠪᠡᠷᠢ ᠨᠢ ᠬᠦᠯᠢᠶᠡᠰᠦ ᠶᠢ ᠤᠯᠠᠮ ᠴᠢᠩᠭᠠᠯᠠᠵᠤ᠂ ᠵᠢᠵᠢᠭ ᠠᠮᠠᠰᠠᠷ ᠨᠢ ᠰᠠᠪᠠᠯᠠᠭᠰᠠᠨ ᠤᠰᠤ᠂ ᠠᠷᠢᠬᠢ ᠳᠠᠷᠠᠰᠤᠨ ᠤ ᠴᠠᠯᠭᠢᠵᠤ ᠭᠠᠷᠬᠤ ᠠᠴᠠ ᠵᠠᠶᠢᠯᠠᠰᠬᠢᠨ᠎ᠡ᠃ ᠢᠯᠠᠩᠭᠤᠶ᠎ᠠ ᠠᠷᠢᠬᠢ ᠬᠠᠳᠠᠭᠠᠯᠠᠬᠤ ᠳᠤ ᠠᠷᠢᠬᠢᠨ ᠤ ᠠᠭᠤᠷᠰᠢᠬᠤ ᠶᠢ ᠪᠠᠭᠠᠰᠬᠠᠬᠤ ᠠᠴᠠ ᠭᠠᠳᠠᠨ᠎ᠠ ᠠᠪᠴᠤ ᠶᠠᠪᠤᠬᠤ ᠳᠤ ᠳᠥᠭᠦᠮ ᠪᠠᠶᠢᠳᠠᠭ ᠲᠤᠯᠠ ᠬᠢᠳᠠᠨᠴᠤᠳ ᠤᠨ ᠨᠡᠭᠦᠳᠡᠯ ᠮᠠᠯᠵᠢᠯ᠂ ᠠᠩ ᠭᠥᠷᠥᠭᠡᠨ ᠤ ᠠᠮᠢᠳᠤᠷᠠᠯ ᠳᠤ ᠮᠠᠰᠢ ᠲᠣᠬᠢᠷᠠᠳᠠᠭ᠃
C:\Users\bch\Desktop\7.02\7.02  历史文化2图2.png
    ᠰᠦᠩ ᠤᠯᠤᠰ ᠤᠨ ᠦᠶ᠎ᠡ ᠳᠤ᠂ ᠵᠢᠵᠢᠭ ᠠᠮᠠᠰᠠᠷᠲᠤ ᠱᠠᠭᠠᠵᠠᠩ ᠯᠣᠩᠬᠤ ᠶᠡᠷᠦᠳᠡᠭᠡᠨ ᠮᠥᠭᠦ ᠶᠢᠨ ᠬᠡᠯᠪᠡᠷᠢᠲᠦ ᠠᠮᠠᠰᠠᠷ ᠲᠠᠢ᠂ ᠪᠡᠶ᠎ᠡ ᠨᠢ ᠨᠠᠷᠢᠨ ᠤᠷᠲᠤ ᠪᠠᠶᠢᠳᠠᠭ᠂ ᠶᠤᠸᠠᠨ ᠤᠯᠤᠰ ᠤᠨ ᠦᠶ᠎ᠡ ᠳᠤ ᠰᠦᠩ ᠤᠯᠤᠰ ᠤᠨ ᠳᠦᠷᠢᠮ ᠢ ᠵᠠᠯᠭᠠᠮᠵᠢᠯᠠᠨ᠂ ᠪᠥᠮᠪᠥᠷᠭᠡᠨ ᠭᠡᠯᠪᠡᠷᠢ ᠠᠴᠠ ᠭᠠᠳᠠᠨ᠎ᠠ ᠪᠠᠰᠠ ᠨᠠᠢᠮᠠᠯᠵᠢᠨ ᠭᠡᠯᠪᠡᠷᠢ ᠲᠠᠢ ᠦᠢᠯᠡᠳᠬᠦᠨ ᠪᠤᠢ ᠪᠣᠯᠵᠤ᠂ ᠲᠡᠷᠡ ᠨᠢ ᠲᠡᠭᠰᠢ ᠠᠮᠠᠰᠠᠷ᠂ ᠪᠣᠭᠤᠨᠢ ᠬᠦᠵᠦᠭᠦᠦ ᠲᠠᠢ᠂ ᠳᠡᠭᠡᠭᠦᠷ ᠢᠶᠠᠨ ᠨᠠᠷᠢᠨ ᠳᠣᠣᠭᠤᠷ ᠢᠶᠠᠨ ᠪᠦᠳᠦᠭᠦᠨ᠂ ᠬᠡᠪ ᠵᠠᠭᠪᠤᠷ ᠨᠢ ᠰᠦᠷᠯᠢᠭ ᠡᠷᠬᠢᠮᠰᠦᠭ ᠪᠠᠶᠢᠳᠠᠭ᠃ ᠮᠢᠩ ᠤᠯᠤᠰ ᠠᠴᠠ ᠬᠤᠶᠢᠰᠢ ᠳᠡᠶᠢᠯᠦᠩᠭᠢ ᠨᠢ ᠤᠷᠤᠭᠤᠯ ᠬᠡᠯᠪᠡᠷᠢᠲᠦ ᠠᠮᠠᠰᠠᠷ ᠲᠠᠢ ᠪᠣᠯᠵᠤ᠂ ᠪᠡᠶ᠎ᠡ ᠴᠣᠭᠴᠠ ᠨᠢ ᠴᠦ ᠤᠯᠤᠰ ᠭᠦᠷᠦᠨ ᠤ ᠭᠤᠸ᠎ᠠ ᠲᠠᠭᠠᠰᠢᠶᠠᠯ ᠤᠨ ᠬᠤᠪᠢᠷᠠᠯᠲᠠ ᠠᠴᠠ ᠰᠢᠯᠲᠠᠭᠠᠯᠠᠨ ᠵᠢᠭᠠᠬᠠᠨ ᠢᠯᠭᠠᠭ᠎ᠠ ᠲᠠᠢ ᠪᠣᠯᠤᠭᠰᠠᠨ ᠪᠠᠶᠢᠳᠠᠭ᠃ ᠮᠢᠩ ᠤᠯᠤᠰ ᠤᠨ ᠦᠶ᠎ᠡ ᠳᠤ ᠬᠥᠬᠡ ᠬᠤᠸᠠᠷ ᠲᠠᠢ ᠵᠢᠵᠢᠭ ᠠᠮᠠᠰᠠᠷᠲᠤ ᠱᠠᠭᠠᠵᠠᠩ ᠯᠣᠩᠬᠤ ᠶᠢ ᠪᠠᠰᠠ ᠬᠠᠭᠠᠨ ᠤ ᠤᠭᠰᠠᠭᠠᠲᠠᠨ ᠤ ᠬᠤᠶᠢᠯᠭ᠎ᠠ ᠶᠢᠨ ᠡᠳ᠋ ᠢᠶᠠᠷ ᠲᠣᠭᠲᠠᠭᠠᠭᠰᠠᠨ ᠪᠥᠭᠡᠳ ᠬᠠᠭᠠᠨ ᠳᠤ 4᠂ ᠬᠠᠲᠤᠨ ᠪᠣᠯᠣᠨ ᠲᠠᠲᠠᠪᠤᠷᠢ ᠳᠤ 2᠂ ᠭᠦᠩᠵᠦ ᠪᠣᠯᠣᠨ ᠬᠠᠭᠠᠨ ᠤ ᠬᠦᠦ ᠵᠢᠴᠢ ᠡᠷᠭᠦᠮᠵᠢᠯᠡᠯ ᠭᠥᠷᠳᠡᠭᠰᠡᠨ ᠵᠢᠶᠦ᠋ᠨ ᠸᠠᠩ ᠳᠤ 1 ᠨᠣᠭᠳᠠᠭᠤᠯᠤᠨ᠂ ᠠᠪᠰᠠᠨ ᠤ ᠬᠢᠨᠢ ᠡᠷᠭᠢᠨ ᠲᠣᠭᠤᠷᠢᠨ ᠪᠤᠶᠤ ᠡᠮᠦᠨ᠎ᠡ ᠲᠠᠯ᠎ᠠ ᠳᠤᠨᠢ ᠲᠠᠯᠪᠢᠳᠠᠭ ᠪᠠᠶᠢᠵᠠᠢ᠃ ᠯᠣᠩᠬᠤᠨ ᠳᠤᠨᠢ ᠠᠷᠢᠬᠢ ᠬᠢᠵᠦ᠂ ︽ᠥᠨᠢ ᠡᠭᠦᠷᠢᠳᠡ ᠠᠮᠤᠷ ᠠᠮᠤᠭᠤᠯᠠᠩ︾ ᠢ ᠪᠡᠯᠭᠡᠳᠡᠳᠡᠭ ᠪᠥᠭᠡᠳ ᠯᠣᠩᠬᠤ ᠨᠢ ᠬᠤᠭᠤᠰᠤᠨ ᠪᠣᠯ ︽ᠳᠥᠷᠪᠡᠨ ᠵᠦᠭ ᠲᠤ ᠠᠮᠤᠷ ᠠᠮᠤᠭᠤᠯᠠᠩ︾ ᠢ ᠪᠡᠯᠭᠡᠳᠡᠳᠡᠭ᠃ ᠴᠢᠩ ᠤᠯᠤᠰ ᠤᠨ ᠦᠶ᠎ᠡ ᠪᠤᠯᠬᠤ ᠳᠤ᠂ ᠵᠢᠵᠢᠭ ᠠᠮᠠᠰᠠᠷᠲᠤ ᠱᠠᠭᠠᠵᠠᠩ ᠯᠣᠩᠬᠤ ᠶᠢᠨ ᠬᠡᠪ ᠵᠠᠭᠪᠤᠷ ᠨᠢ ᠵᠣᠬᠢᠬᠤ ᠬᠠᠷᠢᠴᠠᠯ ᠢᠶᠠᠨ ᠠᠯᠳᠠᠵᠤ᠂ ᠮᠢᠩ ᠤᠯᠤᠰ ᠤᠨ ᠦᠶ᠎ᠡ ᠶᠢᠨ ᠨᠠᠷᠢᠯᠢᠭ ᠭᠤᠶᠤ ᠬᠢᠴᠡ ᠵᠠᠭᠪᠤᠷ ᠢ ᠬᠤᠯᠠ ᠭᠦᠢᠴᠡᠬᠦ ᠦᠭᠡᠢ ᠪᠣᠯᠵᠠᠢ᠃    ᠪᠠᠷᠠᠭᠤᠨ ᠰᠢᠶᠠ ᠤᠯᠤᠰ ᠤᠨ ᠱᠠᠭᠠᠵᠠᠩ ᠰᠠᠪᠠ ᠶᠢᠨ ᠦᠢᠯᠡᠳᠪᠦᠷᠢᠯᠡᠯ ᠪᠣᠯ ᠵᠦᠩᠶᠤᠸᠠᠨ ᠣᠷᠣᠨ ᠤ ᠤᠮᠠᠷᠠᠲᠤ ᠣᠷᠣᠨ ᠳᠠᠬᠢ ᠠᠷᠪᠢᠨ ᠤᠭᠤᠷᠬᠠᠢ ᠶᠢᠨ ᠰᠢᠰᠲ᠋ᠧᠮ ᠤᠨ ᠨᠥᠯᠥᠭᠡ ᠪᠠᠷ ᠬᠥᠭᠵᠢᠵᠡᠢ᠂ ᠭᠤᠣᠯ ᠦᠢᠯᠡᠳᠪᠦᠷᠢᠯᠡᠬᠦ ᠭᠠᠵᠠᠷ ᠨᠢ ᠨᠢᠩᠰᠢᠶᠠ ᠶᠢᠨ ᠯᠢᠩ ᠦ᠋ ᠰᠢᠶᠠᠨ ᠤ ᠼᠢ ᠶᠣᠣ ᠪᠤᠣ ᠶᠢᠨ ᠣᠶᠢᠷ᠎ᠠ ᠬᠠᠪᠢ ᠪᠠᠷ ᠪᠠᠶᠢᠪᠠ᠂ ᠡᠭᠦᠨ ᠠᠴᠠ ᠭᠠᠳᠠᠨ᠎ᠠ ᠠᠯᠠᠱᠠ ᠠᠭᠤᠯᠠ ᠶᠢᠨ ᠵᠡᠭᠦᠨ ᠬᠤᠷᠮᠣᠢ᠂ ᠭᠠᠨᠰᠤ ᠶᠢᠨ ᠦ᠋ ᠸᠧᠢ ᠪᠣᠯᠣᠨ ᠣᠷᠳᠣᠰ ᠣᠷᠴᠢᠮ ᠢᠶᠠᠷ ᠴᠤ ᠦᠢᠯᠡᠳᠪᠦᠷᠢᠯᠡᠵᠦ ᠪᠠᠶᠢᠵᠠᠢ᠃ ᠦᠢᠯᠡᠳᠪᠦᠷᠢᠯᠡᠭᠰᠡᠨ ᠱᠠᠭᠠᠵᠠᠩ ᠰᠠᠪᠠ ᠨᠢ ᠰᠦᠩ᠂ ᠯᠢᠶᠣᠤ ᠤᠯᠤᠰ ᠤᠨ ᠦᠶ᠎ᠡ ᠶᠢᠨ ᠬᠢ ᠲᠠᠢ ᠬᠠᠷᠢᠴᠠᠭᠤᠯᠪᠠᠯ᠂ ᠰᠢᠯ ᠪᠤᠳᠤᠭ ᠤᠨ ᠥᠩᠭᠡ᠂ ᠪᠣᠷᠣ ᠴᠣᠭᠴᠠ᠂ ᠰᠢᠲᠠᠭᠠᠵᠤ ᠦᠢᠯᠡᠳᠬᠦ ᠲᠦᠪᠰᠢᠨ᠂ ᠤᠷ᠎ᠠ ᠮᠡᠷᠭᠡᠵᠢᠯ ᠵᠡᠷᠭᠡ ᠲᠠᠯ᠎ᠠ ᠪᠠᠷ ᠵᠣᠬᠢᠬᠤ ᠵᠥᠷᠢᠶ᠎ᠡ ᠲᠠᠢ ᠪᠤᠯᠪᠠᠴᠤ ᠱᠠᠭᠠᠵᠠᠩ ᠰᠠᠪᠠ ᠶᠢᠨ ᠬᠡᠪ ᠵᠠᠭᠪᠤᠷ ᠤᠨ ᠵᠢᠷᠤᠭ ᠲᠥᠯᠥᠪᠯᠡᠭᠡ᠂ ᠬᠡ ᠤᠭᠠᠯᠵᠠ ᠶᠢᠨ ᠰᠡᠳᠦᠪ ᠪᠣᠯᠣᠨ ᠤᠷᠠᠯᠠᠯ ᠴᠢᠮᠡᠭᠯᠡᠯ ᠤᠨ ᠠᠷᠭ᠎ᠠ ᠪᠠᠷᠢᠯ ᠵᠡᠷᠭᠡ ᠲᠠᠯ᠎ᠠ ᠪᠠᠷ ᠴᠥᠮ ᠨᠡᠯᠢᠶᠡᠳ ᠴᠢᠩᠭ᠎ᠠ ᠦᠨᠳᠦᠰᠦᠲᠡᠨ ᠤ ᠬᠡᠪ ᠨᠠᠮᠪᠠ ᠪᠠ ᠣᠨᠴᠠᠯᠢᠭ ᠢ ᠢᠯᠡᠷᠡᠭᠦᠯᠦᠭᠰᠡᠨ ᠪᠠᠶᠢᠳᠠᠭ᠃
C:\Users\bch\Desktop\7.02\7.02  历史文化2图3.png
    ᠬᠠᠶᠢᠲᠠᠩ ᠴᠡᠴᠡᠭ ᠰᠡᠶᠢᠯᠦᠭᠰᠡᠨ ᠵᠢᠵᠢᠭ ᠠᠮᠠᠰᠠᠷᠲᠤ ᠬᠦᠷᠡᠩ ᠱᠠᠭᠠᠵᠠᠩ ᠯᠣᠩᠬᠤ ᠶᠢᠨ ᠥᠪᠴᠢ ᠪᠡᠶ᠎ᠡ ᠨᠢ ᠴᠠᠶᠢᠪᠤᠷ ᠰᠢᠷᠭᠠᠯ ᠥᠩᠭᠡ ᠲᠠᠢ᠂ ᠬᠦᠷᠡᠩ ᠥᠩᠭᠡ ᠶᠢᠨ ᠰᠢᠯ ᠪᠤᠳᠤᠭ ᠰᠠᠭᠤᠯᠭᠠᠨ᠂ ᠠᠮᠠᠰᠠᠷ ᠨᠢ ᠲᠡᠶᠢᠮᠦ ᠶᠡᠭᠡ ᠪᠢᠰᠢ᠂ ᠠᠮᠠᠰᠠᠷ ‍ᠤᠨ‌‍ᠳᠢᠶᠠᠮᠧᠲᠷ ᠨᠢ ᠵᠥᠪᠭᠡᠨ 6 ᠰᠠᠨᠲ᠋ᠢᠮᠧᠲᠷ ᠪᠠᠶᠢᠵᠤ᠂ ᠬᠦᠵᠦᠭᠦᠦ ᠨᠢ ᠪᠣᠭᠤᠨᠢ᠂ ᠬᠡᠪᠡᠯᠢ ᠨᠢ ᠤᠷᠲᠤ ᠳᠡᠭᠡᠷ᠎ᠡ ᠪᠠᠨ ᠵᠢᠭᠠᠬᠠᠨ ᠲᠦᠨᠲᠦ᠋ᠢᠵᠦ᠂ ᠲᠡᠭᠰᠢ ᠢᠷᠤᠭᠠᠷ ᠲᠠᠢ    ᠪᠠᠷᠠᠭᠤᠨ ᠰᠢᠶᠠ ᠤᠯᠤᠰ ᠡᠷᠲᠡᠨ ᠤ ᠲᠣᠷᠭᠠᠨ ᠵᠠᠮ ᠤᠨ ᠬᠦᠢᠰᠦᠨ ᠳᠡᠭᠡᠷ᠎ᠡ ᠣᠷᠣᠰᠢᠵᠤ᠂ ᠸᠠᠭᠠᠷ ᠱᠠᠭᠠᠵᠠᠩ ᠤᠨ ᠤᠭᠤᠷᠬᠠᠢ ᠴᠤ ᠬᠥᠭᠵᠢᠨ ᠴᠡᠴᠡᠭᠯᠡᠭᠰᠡᠨ ᠪᠠᠶᠢᠳᠠᠭ᠂ ᠵᠢᠱᠢᠶᠡᠯᠡᠪᠡᠯ ᠨᠢᠩᠰᠢᠶᠠ ᠶᠢᠨ ᠯᠢᠩ ᠦ᠋ ᠶᠢᠨ ᠤᠭᠤᠷᠬᠠᠢ᠂ ᠬᠤᠲᠣᠩ ᠠᠷᠠᠳ ᠤᠨ ᠭᠤᠳᠤᠮᠵᠢ ᠶᠢᠨ ᠤᠭᠤᠷᠬᠠᠢ ᠵᠡᠷᠭᠡ ᠶᠢ ᠳᠤᠷᠠᠳᠴᠤ ᠪᠣᠯᠣᠨ᠎ᠠ᠃ ᠱᠠᠭᠠᠵᠠᠩ ᠰᠠᠪᠠ ᠶᠢᠨ ᠪᠣᠷᠣ ᠴᠣᠭᠴᠠ ᠨᠢ ᠴᠠᠶᠢᠪᠤᠷ ᠰᠢᠷᠭᠠᠯ᠂ ᠴᠠᠶᠢᠪᠤᠷ ᠵᠡᠷᠭᠡ ᠥᠩᠭᠡ ᠪᠠᠷ ᠵᠣᠩᠬᠢᠯᠠᠵᠤ᠂ ᠴᠢᠮᠡᠭᠯᠡᠯ ᠤᠨ ᠰᠢᠷᠣᠢ ᠪᠠᠷ ᠪᠣᠷᠣ ᠴᠣᠭᠴᠠ ᠶᠢᠨ ᠳᠤᠲᠠᠭᠳᠠᠯ ᠢ ᠴᠢᠮᠡᠭᠯᠡᠵᠦ᠂ ᠰᠡᠶᠢᠯᠬᠦ ᠳᠤ ᠭᠢᠯᠪᠠᠷ ᠪᠠᠶᠢᠳᠠᠭ᠂ ᠡᠶᠢᠮᠦ ᠠᠴᠠ ᠪᠠᠷᠠᠭᠤᠨ ᠰᠢᠶᠠ ᠶᠢᠨ ᠱᠠᠭᠠᠵᠠᠩ ᠤᠨ ᠬᠤᠸᠠᠷ ᠰᠡᠶᠢᠯᠬᠦ ᠤᠷᠠᠯᠠᠯ ᠪᠣᠯ ᠱᠠᠭᠠᠵᠠᠩ ᠰᠠᠪᠠ ᠶᠢᠨ ᠭᠠᠷ ᠤᠷᠠᠯᠠᠯ ᠤᠨ ᠶᠡᠭᠡ ᠤᠭᠰᠠᠭ᠎ᠠ ᠠᠶᠢᠮᠠᠭ ᠪᠣᠯᠣᠨ᠎ᠠ᠂ ᠲᠡᠭᠦᠨ ᠤ ᠪᠣᠯᠪᠠᠰᠤᠷᠠᠩᠭᠤᠢ ᠰᠡᠶᠢᠯᠬᠦ ᠮᠡᠷᠭᠡᠵᠢᠯ᠂ ᠥᠩᠭᠡ ᠪᠤᠳᠤᠭ ᠤᠨ ᠬᠤᠷᠴᠠ ᠲᠣᠳᠣ ᠬᠠᠷᠢᠴᠠᠭᠤᠯᠤᠯ ᠪᠦᠬᠦᠢ ᠬᠡ ᠤᠭᠠᠯᠵᠠ ᠵᠡᠷᠭᠡ ᠨᠢ ᠪᠠᠷᠠᠭᠤᠨ ᠰᠢᠶᠠ ᠶᠢᠨ ᠱᠠᠭᠠᠵᠠᠩ ᠰᠠᠪᠠ ᠳᠤ ᠪᠣᠷᠣᠭᠵᠢᠭᠤᠨ ᠴᠢᠬᠢᠮᠡᠢ᠂ ᠣᠮᠣᠭᠯᠠᠩ ᠵᠢᠪᠬᠤᠭᠠᠯᠢᠭ ᠤᠷᠠᠯᠢᠭ ᠤᠨ ᠣᠨᠴᠠᠯᠢᠭ ᠪᠠ ᠢᠯᠡ ᠲᠣᠳᠣ ᠭᠠᠵᠠᠷ ᠣᠷᠣᠨ ᠤ ᠥᠩᠭᠡ ᠪᠤᠳᠤᠭ ᠢ ᠪᠦᠷᠢᠯᠳᠦᠭᠦᠯᠦᠭᠰᠡᠨ ᠪᠠᠶᠢᠳᠠᠭ᠃    ᠪᠠᠷᠠᠭᠤᠨ ᠰᠢᠶᠠ ᠤᠯᠤᠰ ᠤᠨ ᠬᠠᠶᠢᠲᠠᠩ ᠴᠡᠴᠡᠭ ᠰᠡᠶᠢᠯᠦᠭᠰᠡᠨ ᠵᠢᠵᠢᠭ ᠠᠮᠠᠰᠠᠷᠲᠤ ᠬᠦᠷᠡᠩ ᠱᠠᠭᠠᠵᠠᠩ ᠯᠣᠩᠬᠤ ᠶᠢᠨ ᠬᠤᠸᠠᠷ ᠴᠡᠴᠡᠭ ᠰᠡᠶᠢᠯᠬᠦ ᠤᠷ᠎ᠠ ᠮᠡᠷᠭᠡᠵᠢᠯ ᠪᠣᠯ ᠪᠠᠷᠠᠭᠤᠨ ᠰᠢᠶᠠ ᠶᠢᠨ ᠬᠠᠷ᠎ᠠ ᠬᠦᠷᠡᠩ ᠥᠩᠭᠡ ᠲᠠᠢ ᠰᠢᠯ ᠪᠤᠳᠤᠭᠲᠤ ᠱᠠᠭᠠᠵᠠᠩ ᠡᠳ᠋ᠯᠡᠯ ᠤᠨ ᠳᠣᠲᠣᠷᠠᠬᠢ ᠪᠠᠶᠢᠩᠭᠤ ᠬᠡᠷᠡᠭᠯᠡᠳᠡᠭ ᠠᠷᠭ᠎ᠠ ᠶᠢᠨ ᠨᠢᠭᠡ ᠵᠦᠢᠯ ᠪᠣᠯᠣᠨ᠎ᠠ᠂ ᠡᠭᠦᠨ ᠢ ᠤᠮᠠᠷᠠᠲᠤ ᠰᠦᠩ ᠤᠯᠤᠰ ᠤᠨ ᠼᠢᠵᠧᠦ ᠶᠢᠨ ᠤᠭᠤᠷᠬᠠᠢ ᠠᠴᠠ ᠰᠢᠲᠠᠭᠠᠵᠤ ᠡᠬᠢᠯᠡᠵᠡᠢ᠂ ᠳᠠᠷᠤᠢ ᠰᠠᠪᠠ ᠶᠢᠨ ᠢᠶᠠᠨ ᠲᠦᠭᠦᠬᠡᠢ ᠴᠣᠭᠴᠠ ᠶᠢᠨ ᠭᠠᠳᠠᠭᠤᠷ ᠰᠢᠯ ᠪᠤᠳᠤᠭ ᠪᠤᠶᠤ ᠴᠢᠮᠡᠭᠯᠡᠯ ᠤᠨ ᠰᠢᠷᠣᠢ ᠰᠠᠭᠤᠯᠭᠠᠭᠰᠠᠨ ᠤ ᠳᠠᠷᠠᠭ᠎ᠠ᠂ ᠬᠡ ᠤᠭᠠᠯᠵᠠ ᠶᠢ ᠨᠢ ᠰᠡᠶᠢᠯᠦᠨ ᠵᠢᠷᠤᠵᠤ᠂ ᠬᠡ ᠤᠭᠠᠯᠵᠠ ᠠᠴᠠ ᠪᠤᠰᠤᠳ ᠬᠡᠰᠡᠭ ᠤᠨ ᠰᠢᠯ ᠪᠤᠳᠤᠭ ᠪᠤᠶᠤ ᠴᠢᠮᠡᠭᠯᠡᠯ ᠤᠨ ᠰᠢᠷᠣᠢ ᠶᠢ ᠬᠤᠰᠤᠵᠤ ᠬᠠᠶᠠᠭᠠᠳ᠂ ᠪᠣᠷᠣ ᠴᠣᠭᠴᠠ ᠶᠢ ᠨᠢ ᠭᠠᠷᠭᠠᠨ᠂ ᠰᠢᠯ ᠪᠤᠳᠤᠭ ᠤᠨ ᠥᠩᠭᠡ ᠪᠣᠯᠣᠨ ᠪᠣᠷᠣ ᠴᠣᠭᠴᠠ ᠶᠢᠨ ᠬᠡᠰᠡᠭ ᠨᠢ ᠬᠤᠷᠴᠠ ᠲᠣᠳᠣ ᠬᠠᠷᠢᠴᠠᠭᠤᠯᠤᠯ ᠪᠣᠯᠣᠭᠠᠳ᠂ ᠭᠤᠣᠯ ᠬᠡ ᠤᠭᠠᠯᠵᠠ ᠶᠢᠨ ᠪᠣᠰᠤᠭ᠎ᠠ ᠴᠣᠭᠴᠠᠲᠤ ᠲᠥᠷᠥᠭᠳᠡᠯ ᠢ ᠲᠣᠪᠤᠶᠢᠯᠭᠠᠳᠠᠭ᠃    ︵ᠲᠤᠰ ᠨᠢᠭᠤᠷ ᠤᠨ ᠭᠡᠷᠡᠯ ᠵᠢᠷᠤᠭ ᠢ ᠥᠪᠥᠷ ᠮᠣᠩᠭᠤᠯ ᠤᠨ ᠮᠦᠽᠧᠢ ᠬᠠᠩᠭᠠᠪᠠ︶
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号