ᠮᠢᠩᠭᠠᠨ ᠣᠨ ᠤ ᠪᠤᠭᠤ ᠶᠢᠨ ᠤᠷᠤᠮᠳᠠᠯ
ᠨᠡᠶᠢᠲᠡᠯᠡᠭᠰᠡᠨ ᠴᠠᠭ᠄
2024/7/2
    ᠦᠦᠭᠡ ᠦᠦᠭᠡ ᠲᠡᠦᠬᠡ ᠶᠢ ᠬᠦᠦᠷᠨᠢᠭᠰᠡᠨ ᠬᠦᠷᠡᠯ ᠵᠡᠪᠰᠡᠭ    ᠥᠷᠭᠡᠨ ᠠᠭᠤᠳᠠᠮ ᠡᠸᠦ᠋ᠷᠦᠫᠡ ᠠᠽᠢᠶ᠎ᠠ ᠶᠢᠨ ᠲᠠᠯ᠎ᠠ ᠨᠤᠲᠤᠭ ᠲᠤ ᠮᠠᠰᠢ ᠣᠯᠠᠨ ᠡᠷᠲᠡᠨ ᠤ ᠪᠣᠯᠪᠠᠰᠤᠨ ᠢ ᠪᠤᠢ ᠪᠤᠯᠭᠠᠵᠤ᠂ ᠬᠦᠷᠡᠯ ᠵᠡᠪᠰᠡᠭ ᠤᠨ ᠴᠠᠭ ᠦᠶ᠎ᠡ ᠬᠦᠷᠴᠦ ᠢᠷᠡᠬᠦ ᠶᠢ ᠳᠠᠭᠠᠯᠳᠤᠨ᠂ ᠡᠸᠦ᠋ᠷᠦᠫᠡ ᠠᠽᠢᠶ᠎ᠠ ᠶᠢᠨ ᠲᠠᠯ᠎ᠠ ᠨᠤᠲᠤᠭ ᠲᠤ ᠠᠭᠠᠵᠢᠮ ᠢᠶᠠᠷ ᠵᠡᠭᠦᠨ ᠪᠠᠷᠠᠭᠤᠨ ᠢ ᠬᠤᠯᠪᠣᠭᠰᠠᠨ ︽ᠲᠡᠮᠦᠷᠯᠢᠭ ᠤᠨ ᠵᠠᠮ︾ ᠪᠦᠷᠢᠯᠳᠦᠵᠡᠢ᠃ 19 ᠳ᠋ᠦ᠋ᠭᠡᠷ ᠵᠠᠭᠤᠨ ᠤ ᠰᠡᠭᠦᠯᠴᠢ ᠪᠠᠷ᠂ ᠮᠠᠨ ᠤ ᠤᠯᠤᠰ ᠤᠨ ᠤᠮᠠᠷᠠᠲᠤ ᠣᠷᠣᠨ ᠤ ᠤᠷᠲᠤ ᠴᠠᠭᠠᠨ ᠬᠡᠷᠡᠮ ᠳᠠᠭᠠᠤ ᠣᠷᠣᠨ ᠠᠴᠠ ᠨᠢᠭᠡ ᠬᠡᠰᠡᠭ ᠳᠤᠮᠳᠠᠳᠤ ᠣᠷᠣᠨ ᠤ ᠡᠳ᠋ᠯᠡᠯ ᠬᠡᠷᠡᠭᠰᠡᠯ ᠲᠠᠢ ᠡᠷᠡᠰ ᠣᠨᠳᠣᠣ᠂ ᠲᠠᠯ᠎ᠠ ᠨᠤᠲᠤᠭ ᠤᠨ ᠰᠣᠶᠣᠯ ᠤᠨ ᠨᠡᠶᠢᠲᠡᠯᠢᠭ ᠬᠡᠪ ᠨᠠᠮᠪᠠ ᠲᠠᠢ ᠬᠦᠷᠡᠯ ᠪᠠᠭᠠᠵᠢ ᠶᠢ ᠢᠯᠡᠷᠡᠭᠦᠯᠵᠡᠢ᠃ ᠡᠳᠡᠭᠡᠷ ᠬᠦᠷᠡᠯ ᠵᠡᠪᠰᠡᠭ ᠨᠢ ᠣᠷᠳᠣᠰ ᠲᠠᠬᠢ ᠲᠠᠷᠬᠠᠴᠠ ᠬᠠᠮᠤᠭ ᠤᠨ ᠲᠥᠪᠯᠡᠷᠡᠩᠭᠦᠢ᠂ ᠢᠯᠡᠷᠡᠭᠦᠯᠦᠭᠰᠡᠨ ᠲᠤᠭ᠎ᠠ ᠬᠡᠮᠵᠢᠶ᠎ᠡ ᠬᠠᠮᠤᠭ ᠤᠨ ᠠᠷᠪᠢᠨ ᠪᠥᠭᠡᠳ ᠥᠪᠡᠷᠮᠢᠴᠡ ᠣᠨᠴᠠᠯᠢᠭ ᠲᠠᠢ᠃ ᠬᠠᠭᠤᠴᠢ ᠰᠤᠳᠤᠯᠤᠯ ᠤᠨ ᠡᠲᠡᠭᠡᠳ ᠤᠨ ᠬᠢᠨ ᠰᠢᠨ᠎ᠡ ᠪᠠᠷ ᠢᠯᠡᠷᠡᠭᠦᠯᠦᠭᠰᠡᠨ ᠬᠠᠭᠤᠴᠢ ᠰᠤᠳᠤᠯᠤᠯ ᠤᠨ ᠦᠯᠡᠳᠡᠭᠳᠡᠯ ᠢ ᠠᠩᠬ᠎ᠠ ᠢᠯᠡᠷᠡᠭᠦᠯᠦᠭᠰᠡᠨ ᠭᠠᠵᠠᠷ ᠣᠷᠣᠨ ᠢᠶᠠᠷ ᠨᠡᠷᠡᠶᠢᠳᠬᠦ ᠵᠤᠷᠰᠢᠯ ᠢ ᠦᠨᠳᠦᠰᠦᠯᠡᠨ ᠲᠤᠰ ᠲᠦᠷᠦᠯ ᠤᠨ ᠬᠦᠷᠡᠯ ᠪᠠᠭᠠᠵᠢ ᠶᠢ ︽ᠣᠷᠳᠣᠰ ᠬᠦᠷᠡᠯ ᠪᠠᠭᠠᠵᠢ︾ ᠭᠡᠵᠦ ᠨᠡᠷᠡᠶᠢᠳᠴᠡᠢ᠃ ᠣᠷᠳᠣᠰ ᠬᠦᠷᠡᠯ ᠪᠠᠭᠠᠵᠢ ᠨᠢ ᠱᠠᠩ ᠤᠯᠤᠰ ᠤᠨ ᠦᠶ᠎ᠡ ᠪᠠᠷ ᠪᠤᠢ ᠪᠣᠯᠵᠤ᠂ ᠴᠦᠨ ᠴᠢᠦ ᠪᠠᠶᠢᠯᠳᠤᠭᠠᠨᠲᠤ ᠤᠯᠤᠰ ᠤᠨ ᠦᠶ᠎ᠡ ᠳᠤ ᠥᠷᠭᠡᠵᠢᠨ ᠳᠡᠯᠭᠡᠷᠡᠵᠦ᠂ ᠴᠢᠨ ᠤᠯᠤᠰ ᠬᠠᠨ ᠤᠯᠤᠰ ᠤᠨ ᠦᠶ᠎ᠡ ᠳᠤ ᠤᠷᠭᠢᠯ ᠳᠠᠭᠠᠨ ᠭᠦᠷᠦᠭᠰᠡᠨ ᠶᠤᠮ᠃
C:\Users\bch\Desktop\7.02\7.02  历史文化图.png    ᠪᠠᠶᠢᠯᠳᠤᠭᠠᠨᠲᠤ ᠤᠯᠤᠰ ᠤᠨ ᠡᠪᠡᠷ ᠦᠭᠡᠢ ᠬᠡᠪᠲᠡᠭᠡ ᠬᠦᠷᠡᠯ ᠪᠤᠭᠤ
    ᠥᠨᠳᠥᠷ ᠨᠢ 7.6 ᠰᠠᠨᠲ᠋ᠢᠮᠧᠳ᠋ᠷ᠂ ᠪᠡᠶ᠎ᠡ ᠶᠢᠨ ᠤᠷᠲᠤ ᠨᠢ 15.5 ᠰᠠᠨᠲ᠋ᠢᠮᠧᠳ᠋ᠷ    ᠥᠨᠥᠳᠥᠷ ᠤᠨ ᠣᠷᠳᠣᠰ ᠨᠤᠲᠤᠭ ᠲᠤ᠂ ᠰᠢᠶᠠ ᠤᠯᠤᠰ ᠤᠨ ᠦᠶ᠎ᠡ ᠳᠤ ᠰᠢᠶᠦ᠋ᠨ ᠢᠦᠢ ᠠᠶᠢᠮᠠᠭ ᠤᠨ ᠬᠢᠨ ᠣᠷᠣᠰᠢᠨ ᠠᠮᠢᠳᠤᠷᠠᠵᠤ᠂ ᠴᠦᠨ ᠴᠢᠦ ᠶᠢᠨ ᠦᠶ᠎ᠡ ᠪᠤᠯᠬᠤ ᠳᠤ ᠳᠤᠰ ᠭᠠᠵᠠᠷ ᠢᠶᠠᠷ ᠪᠠᠰᠠ ᠯᠢᠨ ᠬᠤ᠋᠂ ᠯᠧᠦ ᠹᠠᠨ᠂ ᡂᠢ ᠳ᠋ᠢ᠂ ᠪᠠᠢ ᠳ᠋ᠢ ᠵᠡᠷᠭᠡ ᠣᠪᠣᠭ ᠠᠶᠢᠮᠠᠭ ᠤᠳ ᠪᠠᠶᠢᠭᠰᠠᠨ ᠪᠥᠭᠡᠳ ᠰᠡᠭᠦᠯᠡᠷ ᠨᠢ ᠾᠦᠩᠨᠦᠴᠦᠳ ᠳᠠᠯᠠᠨ ᠬᠠᠷ᠎ᠠ ᠠᠭᠤᠯᠠ᠂ ᠪᠣᠷᠣᠳᠣᠬᠤᠢ ᠣᠷᠣᠨ ᠢᠶᠠᠷ ᠬᠥᠭᠵᠢᠨ ᠮᠠᠨᠳᠤᠵᠤ᠂ ᠣᠷᠳᠣᠰ ᠤᠨ ᠥᠨᠳᠦᠷᠯᠢᠭ ᠨᠢ ᠾᠦᠩᠨᠦᠴᠦᠳ ᠤᠨ ᠭᠤᠯᠣᠮᠲᠠ ᠨᠤᠲᠤᠭ ᠪᠣᠯᠤᠭᠰᠠᠨ ᠪᠠᠶᠢᠨ᠎ᠠ᠃    ᠵᠦᠩᠶᠤᠸᠠᠨ ᠣᠷᠣᠨ ᠬᠦᠷᠡᠯ ᠵᠡᠪᠰᠡᠭ ᠤᠨ ᠴᠠᠭ ᠦᠶ᠎ᠡ ᠳᠤ ᠳᠠᠪᠰᠢᠨ ᠣᠷᠣᠬᠤ ᠳᠤ᠂ ᠣᠷᠳᠣᠰ ᠤᠨ ᠥᠨᠳᠦᠷᠯᠢᠭ ᠴᠤ ᠬᠦᠷᠡᠯ ᠵᠡᠪᠰᠡᠭ ᠲᠠᠢ ᠪᠣᠯᠵᠠᠢ᠃ ᠱᠠᠩ ᠤᠯᠤᠰ ᠤᠨ ᠦᠶ᠎ᠡ ᠠᠴᠠ ᠴᠦᠨ ᠴᠢᠦ ᠶᠢᠨ ᠡᠬᠢᠨ ᠤ ᠦᠶ᠎ᠡ ᠪᠤᠯᠲᠠᠯ᠎ᠠ᠂ ᠲᠠᠯ᠎ᠠ ᠨᠤᠲᠤᠭ ᠤᠨ ᠬᠦᠷᠡᠯ ᠪᠠᠭᠠᠵᠢ ᠨᠢ ᠵᠦᠩᠶᠤᠸᠠᠨ ᠣᠷᠣᠨ ᠤ ᠬᠦᠷᠡᠯ ᠬᠠᠶᠢᠯᠤᠭᠤᠯᠬᠤ ᠮᠡᠷᠭᠡᠵᠢᠯ ᠤᠨ ᠨᠥᠯᠥᠭᠡ ᠶᠢ ᠭᠥᠷᠳᠡᠭᠰᠡᠨ ᠠᠴᠠ ᠵᠡᠪᠰᠡᠭ ᠦᠢᠯᠡᠳᠬᠦ ᠲᠦᠪᠰᠢᠨ ᠦᠰᠦᠷᠦᠯᠲᠡ ᠲᠠᠢ ᠪᠣᠯᠵᠤ᠂ ᠲᠤᠬᠠᠢ ᠶᠢᠨ ᠴᠠᠭ ᠦᠶ᠎ᠡ ᠶᠢᠨ ᠨᠡᠶᠢᠲᠡᠯᠢᠭ ᠪᠠᠭᠠᠵᠢ ᠵᠡᠪᠰᠡᠭ ᠲᠤ ᠬᠤᠩᠬᠤᠨ ᠲᠡᠷᠢᠭᠦᠲᠦ ᠪᠤᠶᠤ ᠠᠷᠢᠶᠠᠲᠠᠨ ᠤ ᠲᠡᠷᠢᠭᠦᠲᠦ ᠭᠢᠳᠤᠭ᠎ᠠ ᠰᠡᠯᠡᠮ᠎ᠡ ᠵᠡᠷᠭᠡ ᠨᠢ ᠪᠦᠷ ᠮᠠᠰᠢ ᠳᠣᠷᠪᠢᠯᠢᠭ ᠢᠳᠡᠯᠢᠭ ᠪᠠᠶᠢᠪᠠ᠃ ᠪᠠᠷᠠᠭᠤᠨ ᠵᠧᠦ ᠤᠯᠤᠰ ᠤᠨ ᠰᠡᠭᠦᠯᠴᠢ ᠠᠴᠠ ᠴᠦᠨ ᠴᠢᠦ ᠶᠢᠨ ᠡᠬᠢᠨ ᠤ ᠦᠶ᠎ᠡ ᠭᠦᠷᠲᠡᠯ᠎ᠡ᠂ ᠱᠠᠨ ᠷᠦᠡᠭ ᠠᠶᠢᠮᠠᠭ ᠨᠢ ᠤᠷᠲᠤ ᠴᠠᠭᠠᠨ ᠬᠡᠷᠡᠮ ᠤᠨ ᠵᠡᠭᠦᠨ ᠬᠡᠰᠡᠭ ᠤᠨ ᠭᠠᠵᠠᠷ ᠣᠷᠣᠨ ᠳᠤ ᠨᠡᠯᠢᠶᠡᠳ ᠴᠡᠴᠡᠭᠯᠡᠨ ᠬᠥᠭᠵᠢᠵᠦ᠂ ᠵᠡᠭᠦᠨ ᠬᠡᠰᠡᠭ ᠣᠷᠣᠨ ᠳᠠᠬᠢ ᠬᠦᠷᠡᠯ ᠪᠤᠯᠪᠠᠰᠤᠷᠠᠭᠤᠯᠬᠤ ᠲᠥᠪ ᠢ ᠪᠦᠷᠢᠯᠳᠦᠭᠦᠯᠦᠭᠡᠳ᠂ ᠦᠢᠯᠡᠳᠪᠦᠷᠢᠯᠡᠯ ᠤᠨ ᠠᠷᠭ᠎ᠠ ᠮᠠᠶ᠋ᠢᠭ ᠨᠢ ᠲᠠᠷᠢᠶᠠᠯᠠᠩ᠂ ᠠᠩ ᠠᠩᠨᠠᠯ᠂ ᠮᠠᠯᠵᠢᠯ ᠢ ᠤᠶᠠᠯᠳᠤᠭᠤᠯᠤᠭᠰᠠᠨ ᠦᠢᠯᠡᠳᠪᠦᠷᠢᠯᠡᠯ ᠤᠨ ᠲᠦᠪᠰᠢᠨ ᠨᠢ ᠶᠡᠭᠡ ᠪᠠᠷ ᠬᠥᠭᠵᠢᠵᠦ᠂ ᠲᠡᠳᠡᠨᠡᠷ ᠤᠨ ᠬᠦᠷᠡᠯ ᠪᠠᠭᠠᠵᠢ ᠵᠡᠪᠰᠡᠭ ᠤᠨ ᠰᠣᠶᠣᠯ ᠨᠢ ᠥᠪᠡᠷ ᠤᠨ ᠭᠡᠰᠡᠨ ᠲᠣᠭᠲᠠᠯᠴᠠᠭ᠎ᠠ ᠶᠢ ᠪᠦᠷᠢᠯᠳᠦᠭᠦᠯᠦᠨ᠂ ᠥᠪᠡᠷᠮᠢᠴᠡ ᠰᠣᠶᠣᠯ ᠤᠨ ᠲᠡᠮᠳᠡᠭ ᠲᠠᠢ ᠪᠣᠯᠤᠭᠰᠠᠨ ᠠᠴᠠ ᠡᠨᠡ ᠬᠦ ᠬᠤᠭᠤᠴᠠᠭᠠᠨ ᠳᠠᠬᠢ ᠲᠠᠯ᠎ᠠ ᠨᠤᠲᠤᠭ ᠤᠨ ᠬᠦᠷᠡᠯ ᠪᠠᠭᠠᠵᠢ ᠵᠡᠪᠰᠡᠭ ᠨᠢ ᠴᠡᠴᠡᠭᠯᠡᠨ ᠬᠥᠭᠵᠢᠭᠰᠡᠨ ᠱᠠᠲᠤᠨ ᠳᠤ ᠣᠷᠣᠵᠠᠢ᠃    ᠥᠨᠥᠳᠥᠷ ᠤᠨ ᠣᠷᠳᠣᠰ ᠨᠤᠲᠤᠭ ᠨᠢ ᠪᠠᠶᠢᠯᠳᠤᠭᠠᠨᠲᠤ ᠤᠯᠤᠰ ᠤᠨ ᠦᠶ᠎ᠡ ᠳᠤ ᠡᠯ᠎ᠡ ᠵᠦᠢᠯ ᠤᠨ ᠰᠣᠶᠣᠯ᠂ ᠤᠯᠤᠰ ᠲᠥᠷᠥ ᠶᠢᠨ ᠠᠭᠤᠯᠵᠠᠷ ᠭᠠᠵᠠᠷ ᠪᠣᠯᠵᠤ᠂ ᠠᠷᠠᠯᠵᠢᠶ᠎ᠠ ᠰᠣᠯᠢᠯᠴᠠᠭ᠎ᠠ ᠪᠠᠷ ᠳᠠᠮᠵᠢᠨ ᠲᠤᠬᠠᠢ ᠶᠢᠨ ᠭᠠᠵᠠᠷ ᠤᠨ ᠬᠥᠮᠥᠰ ᠬᠦᠷᠡᠯ ᠪᠠᠭᠠᠵᠢ ᠵᠡᠪᠰᠡᠭ ᠢ ᠣᠶᠢᠯᠠᠭᠠᠬᠤ ᠶᠢᠨ ᠬᠠᠮᠲᠤ᠂ ᠬᠦᠷᠡᠯ ᠪᠠᠭᠠᠵᠢ ᠴᠢᠳᠬᠤᠬᠤ ᠲᠦᠭᠦᠬᠡᠢ ᠮᠠᠲ᠋ᠧᠷᠢᠶᠠᠯ ᠢ ᠡᠵᠡᠮᠰᠢᠨ᠂ ᠬᠦᠷᠡᠯ ᠪᠠᠭᠠᠵᠢ ᠪᠦᠲᠦᠭᠡᠬᠦ ᠳᠡᠭᠡᠨ ᠠᠮᠢᠲᠠᠨ ᠤ ᠳᠦᠷᠰᠦ ᠶᠢ ᠦᠨᠡᠨ ᠮᠥᠨ ᠢᠶᠠᠷ ᠨᠢ ᠵᠢᠷᠤᠭᠯᠠᠨ ᠰᠡᠶᠢᠯᠪᠦᠷᠢᠯᠡᠵᠦ᠂ ᠲᠤᠬᠠᠢ ᠶᠢᠨ ᠦᠶ᠎ᠡ ᠶᠢᠨ ᠬᠥᠮᠥᠰ ᠤᠨ ᠣᠮᠣᠭᠯᠠᠩ ᠪᠠᠶᠢᠭᠠᠯᠢᠯᠢᠭ ᠭᠤᠸ᠎ᠠ ᠰᠠᠶᠢᠬᠠᠨ ᠤ ᠲᠠᠭᠠᠰᠢᠶᠠᠯ ᠢ ᠢᠯᠡᠷᠡᠭᠦᠯᠵᠡᠢ᠃    ᠣᠷᠳᠣᠰ ᠬᠦᠷᠡᠯ ᠪᠠᠭᠠᠵᠢ ᠵᠡᠪᠰᠡᠭ ᠨᠢ ᠳᠤᠮᠳᠠᠳᠤ ᠤᠯᠤᠰ ᠤᠨ ᠡᠷᠲᠡᠨ ᠤ ᠤᠮᠠᠷᠠᠲᠤ ᠶᠢᠨ ᠨᠡᠭᠦᠳᠡᠯᠴᠢᠨ ᠠᠶᠢᠮᠠᠭ ᠤᠨ ᠥᠪᠡᠷᠮᠢᠴᠡ ᠰᠣᠶᠣᠯ ᠤᠨ ᠠᠭᠤᠯᠤᠭᠳᠠᠬᠤᠨ ᠢ ᠠᠴᠢᠶᠠᠯᠠᠵᠤ᠂ ᠬᠤᠵᠢᠮ ᠤᠨ ᠬᠥᠮᠥᠰ ᠣᠷᠳᠣᠰ ᠤᠨ ᠲᠡᠦᠬᠡ ᠪᠣᠯᠣᠨ ᠲᠠᠯ᠎ᠠ ᠨᠤᠲᠤᠭ ᠤᠨ ᠲᠣᠷᠭᠠᠨ ᠵᠠᠮ ᠤᠨ ᠲᠡᠦᠬᠡ ᠶᠢ ᠰᠤᠳᠤᠯᠬᠤ ᠳᠤ ᠡᠷᠬᠢᠮ ᠨᠠᠨᠳᠢᠨ ᠪᠣᠳᠠᠲᠤ ᠮᠠᠲ᠋ᠧᠷᠢᠶᠠᠯ ᠬᠠᠩᠭᠠᠭᠰᠠᠨ ᠪᠠᠶᠢᠨ᠎ᠠ᠃    ᠥᠪᠥᠷ ᠮᠣᠩᠭᠤᠯ ᠤᠨ ᠮᠦᠽᠧᠢ ᠳᠤ ᠬᠠᠳᠠᠭᠠᠯᠠᠵᠤ ᠪᠠᠶᠢᠭ᠎ᠠ ᠪᠠᠶᠢᠯᠳᠤᠭᠠᠨᠲᠤ ᠤᠯᠤᠰ ᠤᠨ ᠡᠪᠡᠷ ᠦᠭᠡᠢ ᠬᠡᠪᠲᠡᠭᠡ ᠬᠦᠷᠡᠯ ᠪᠤᠭᠤ ᠶᠢᠨ ᠥᠯᠢᠭᠡᠷ ᠬᠡᠪ ᠨᠢ ᠥᠨᠳᠥᠷ ᠢᠶᠠᠷ ᠢᠶᠠᠨ 7.6 ᠰᠠᠨᠲ᠋ᠢᠮᠧᠳ᠋ᠷ᠂ ᠪᠡᠶ᠎ᠡ ᠶᠢᠨ ᠤᠷᠲᠤ ᠨᠢ 15.5 ᠰᠠᠨᠲ᠋ᠢᠮᠧᠳ᠋ᠷ᠂ ᠰᠥᠬᠦᠷᠡᠨ ᠬᠡᠪᠲᠡᠵᠦ ᠲᠣᠯᠣᠭᠠᠢ ᠪᠠᠨ ᠭᠡᠳᠡᠶᠢᠯᠭᠡᠵᠦ᠂ ᠬᠤᠶᠠᠷ ᠴᠢᠬᠢ ᠪᠠᠨ ᠰᠡᠷᠲᠡᠶᠢᠯᠭᠡᠨ᠂ ᠨᠢᠷᠤᠭᠤ ᠨᠢ ᠨᠢᠭᠡ ᠵᠤᠷᠪᠤᠰ ᠭᠦᠳᠦᠭᠦᠷ ᠵᠣ ᠲᠠᠢ᠂ ᠬᠡᠪᠡᠯᠢ ᠶᠢᠨ ᠬᠡᠰᠡᠭ ᠨᠢ ᠬᠥᠨᠳᠡᠢ᠃    1962 ᠣᠨ ᠤ 10 ᠰᠠᠷ᠎ᠠ ᠳᠤ᠂ ᠶᠡᠭᠡ ᠵᠤᠤ ᠠᠶᠢᠮᠠᠭ ︵ᠤᠳᠤ ᠶᠢᠨ ᠣᠷᠳᠣᠰ ᠬᠤᠳᠠ︶ ᠤᠨ ᠵᠡᠭᠦᠨᠭᠠᠷ ᠬᠤᠰᠢᠭᠤᠨ ᠤ ᠰᠣᠶᠣᠯ ᠤᠨ ᠣᠷᠳᠣᠨ ᠤ ᠴᠤᠭᠯᠠᠭᠤᠯᠤᠭᠰᠠᠨ ᠨᠢᠭᠡ ᠪᠦᠯᠦᠭ ᠬᠦᠷᠡᠯ ᠪᠠᠭᠠᠵᠢ ᠶᠢ ᠤᠯᠤᠰ ᠴᠢᠯᠦᠭᠡᠯᠡᠭᠳᠡᠭᠰᠡᠨ ᠡᠬᠢᠨ ᠤ ᠦᠶ᠎ᠡ ᠪᠠᠷ ᠲᠤᠰ ᠬᠤᠰᠢᠭᠤᠨ ᠤ ᠰᠦᠵᠢ ᠶᠢᠨ ᠭᠤᠣᠯ ᠲᠤᠰᠬᠤᠨ ᠤ ᠨᠢᠭᠡᠨ ᠢᠷᠭᠡᠨ ᠰᠢᠷᠣᠢ ᠮᠠᠯᠲᠠᠬᠤ ᠶᠠᠪᠤᠴᠠ ᠳᠠᠭᠠᠨ ᠨᠦᠭᠡᠨ ᠭᠡᠷ ᠠᠴᠠ ᠢᠯᠡᠷᠡᠭᠦᠯᠦᠭᠰᠡᠨ ᠶᠤᠮ᠃ ᠨᠦᠭᠡᠨ ᠭᠡᠷ ᠳᠣᠲᠣᠷ᠎ᠠ ᠡᠪᠡᠷ ᠦᠭᠡᠢ ᠬᠡᠪᠲᠡᠭᠡ ᠬᠦᠷᠡᠯ ᠪᠤᠭᠤ ᠠᠴᠠ ᠭᠠᠳᠠᠨ᠎ᠠ ᠪᠠᠰᠠ 5 ᠪᠤᠭᠤᠨ ᠬᠡᠯᠪᠡᠷᠢᠲᠡᠢ ᠵᠠᠰᠠᠯ ᠪᠤᠢ᠄ ᠤᠷᠳᠤ ᠡᠪᠡᠷᠲᠦ 2 ᠵᠣᠭᠰᠤᠭ᠎ᠠ ᠭᠡᠯᠪᠡᠷᠢ ᠶᠢᠨ ᠪᠤᠭᠤ ᠶᠢᠨ ᠥᠨᠳᠥᠷ ᠨᠢ 16.7 ᠰᠠᠨᠲ᠋ᠢᠮᠧᠳ᠋ᠷ᠂ ᠪᠡᠶ᠎ᠡ ᠶᠢᠨ ᠤᠷᠳᠤ ᠨᠢ 9.5 ᠰᠠᠨᠲ᠋ᠢᠮᠧᠳ᠋ᠷ ᠂ ᠲᠣᠯᠣᠭᠠᠢ ᠭᠡᠳᠡᠶᠢᠯᠭᠡᠨ ᠠᠰ ᠤᠷᠤᠭᠰᠢ ᠪᠠᠨ ᠬᠠᠷᠠᠨ ᠵᠣᠭᠰᠣᠵᠤ᠂ ᠬᠤᠶᠠᠷ ᠡᠪᠡᠷ ᠨᠢ ᠬᠤᠶᠢᠰᠢ ᠪᠠᠨ ᠬᠤᠨᠳᠣᠯᠠᠢ ᠳᠤᠨᠢ ᠳᠥᠬᠦᠵᠦ᠂ ᠤᠷᠳᠤ ᠡᠪᠡᠷ ᠨᠢ ᠰᠠᠯᠠᠭ᠎ᠠ ᠤᠯᠠᠨ᠂ ᠳᠦᠷᠰᠦ ᠪᠠᠶᠢᠳᠠᠯ ᠨᠢ ᠮᠠᠰᠢ ᠠᠮᠢᠳᠤᠯᠢᠭ ᠶᠤᠮ ; ᠡᠪᠡᠷ ᠦᠭᠡᠢ 2 ᠵᠣᠭᠰᠤᠭ᠎ᠠ ᠪᠤᠭᠤ ᠶᠢᠨ ᠥᠯᠢᠭᠡᠷ ᠬᠡᠪ ᠨᠢ ᠤᠷᠳᠤ ᠡᠪᠡᠷᠲᠦ ᠵᠣᠭᠰᠤᠭ᠎ᠠ ᠪᠤᠭᠤ ᠲᠠᠢ ᠠᠳᠠᠯᠢᠬᠠᠨ᠂ ᠥᠨᠳᠥᠷ ᠢᠶᠠᠷ ᠢᠶᠠᠨ 12.5 ᠰᠠᠨᠲ᠋ᠢᠮᠧᠳ᠋ᠷ᠂ ᠪᠡᠶ᠎ᠡ ᠶᠢᠨ ᠤᠷᠳᠤ ᠨᠢ 9.3 ᠰᠡᠨᠲ᠋ᠢᠮᠧᠳ᠋ᠷ ; ᠤᠷᠳᠤ ᠡᠪᠡᠷᠲᠦ 1 ᠬᠡᠪᠲᠡᠭᠡ ᠪᠤᠭᠤ ᠶᠢᠨ ᠬᠡᠪ ᠨᠠᠮᠪᠠ ᠨᠢ ᠡᠪᠡᠷ ᠦᠭᠡᠢ ᠬᠡᠪᠲᠡᠭᠡ ᠬᠦᠷᠡᠯ ᠪᠤᠭᠤ ᠲᠠᠢ ᠠᠳᠠᠯᠢᠪᠲᠤᠷ᠂ ᠥᠨᠳᠥᠷ ᠢᠶᠠᠷ ᠢᠶᠠᠨ 7.7 ᠰᠠᠨᠲ᠋ᠢᠮᠧᠳ᠋ᠷ᠂ ᠪᠡᠶ᠎ᠡ ᠶᠢᠨ ᠤᠷᠳᠤ ᠨᠢ 10.1 ᠰᠠᠨᠲ᠋ᠢᠮᠧᠳ᠋ᠷ᠃ ᠡᠭᠦᠨ ᠠᠴᠠ ᠭᠠᠳᠠᠨ᠎ᠠ᠂ ᠲᠣᠭᠤᠷᠤᠤ ᠶᠢᠨ ᠲᠣᠯᠣᠭᠠᠶᠢᠲᠤ ᠴᠠᠮᠴᠤᠭ᠂ 1 ᠬᠤᠨᠢᠨ ᠲᠣᠯᠣᠭᠠᠶᠢᠲᠤ ᠴᠠᠮᠴᠤᠭ᠂ 1 ᠡᠷᠰᠯᠡᠩ ᠬᠡᠯᠪᠡᠷᠢᠲᠦ ᠴᠠᠮᠴᠤᠭ᠂ 1 ᠤᠷᠳᠤ ᠬᠤᠰᠢᠭᠤᠲᠤ ᠲᠣᠭᠤᠷᠤᠤ ᠶᠢᠨ ᠲᠣᠯᠣᠭᠠᠶᠢᠲᠤ ᠴᠠᠮᠴᠤᠭ᠂ 2 ᠬᠥᠯ ᠢᠶᠠᠨ ᠨᠤᠭᠤᠯᠤᠭᠰᠠᠨ ᠮᠣᠷᠢᠨ ᠳᠦᠷᠰᠦᠲᠦ ᠵᠠᠰᠠᠯ ᠂ 1 ᠴᠢᠨ᠋ᠸ᠎ᠠ ᠶᠢᠨ ᠲᠣᠯᠣᠭᠠᠶᠢᠲᠤ ᠵᠠᠰᠠᠯ ᠪᠤᠢ᠃    ᠲᠤᠰᠬᠠᠢ ᠮᠡᠷᠭᠡᠵᠢᠯᠲᠡᠨ ᠤ ᠲᠣᠳᠣᠯᠠᠭᠰᠠᠨ ᠢᠶᠠᠷ᠂ ᠡᠳᠡᠭᠡᠷ ᠭᠡᠯᠪᠡᠷᠢ ᠳᠦᠷᠰᠦ ᠠᠮᠢᠳᠤᠯᠢᠭ ᠰᠠᠶᠢᠬᠠᠨ ᠬᠦᠷᠡᠯ ᠪᠠᠭᠠᠵᠢ ᠬᠡᠷᠡᠭᠰᠡᠯ ᠨᠢ ᠣᠷᠳᠣᠰ ᠬᠦᠷᠡᠯ ᠪᠠᠭᠠᠵᠢ ᠳᠤ ᠬᠠᠷᠢᠶᠠᠯᠠᠭᠳᠠᠵᠤ᠂ ᠨᠡᠯᠢᠶᠡᠳ ᠪᠣᠯᠪᠠᠰᠤᠷᠠᠩᠭᠤᠢ ᠪᠣᠯᠤᠭᠰᠠᠨ ᠣᠷᠳᠣᠰ ᠬᠦᠷᠡᠯ ᠪᠠᠭᠠᠵᠢ ᠶᠢᠨ ᠭᠠᠷ ᠤᠷᠠᠯᠠᠯ ᠤᠨ ᠮᠡᠷᠭᠡᠵᠢᠯ ᠤᠨ ᠬᠢᠷᠢ ᠲᠦᠪᠰᠢᠨ ᠢ ᠲᠥᠯᠥᠭᠡᠯᠡᠭᠰᠡᠨ ᠪᠠᠶᠢᠨ᠎ᠠ᠃ ᠤᠷᠳᠤ ᠡᠪᠡᠷᠲᠦ ᠪᠤᠭᠤ᠂ ᠲᠣᠭᠤᠷᠤᠤ ᠶᠢᠨ ᠲᠣᠯᠣᠭᠠᠶᠢᠲᠤ ᠴᠠᠮᠴᠤᠭ ᠵᠡᠷᠭᠡ ᠨᠢ ᠵᠡᠭᠦᠨᠭᠠᠷ ᠬᠤᠰᠢᠭᠤᠨ ᠤ ᠤᠷᠳᠤ ᠭᠤᠣᠯ ᠠᠴᠠ ᠢᠯᠡᠷᠡᠭᠦᠯᠦᠭᠰᠡᠨ ᠬᠦᠷᠡᠯ ᠪᠠᠭᠠᠵᠢ ᠬᠡᠷᠡᠭᠰᠡᠯ ᠲᠠᠢ ᠠᠳᠠᠯᠢᠪᠲᠤᠷ ᠪᠣᠯᠬᠤᠷ ᠴᠠᠭ ᠦᠶ᠎ᠡ ᠨᠢ ᠪᠠᠶᠢᠯᠳᠤᠭᠠᠨᠲᠤ ᠤᠯᠤᠰ ᠤᠨ ᠰᠡᠭᠦᠯᠴᠢ ᠶᠢᠨ ᠦᠶ᠎ᠡ ᠪᠠᠶᠢᠬᠤ ᠶᠣᠰᠣᠲᠠᠢ᠃ ᠣᠷᠳᠣᠰ ᠤᠨ ᠥᠨᠳᠦᠷᠯᠢᠭ ᠲᠤ ᠲᠤᠬᠠᠢ ᠶᠢᠨ ᠦᠶ᠎ᠡ ᠳᠤ ᠾᠦᠩᠨᠦ ᠠᠶᠢᠮᠠᠭ ᠤᠨ ᠬᠢᠨ ᠠᠮᠢᠳᠤᠷᠠᠨ ᠰᠠᠭᠤᠷᠢᠰᠢᠵᠤ ᠪᠠᠶᠢᠭᠰᠠᠨ ᠪᠠ ᠡᠳᠡᠭᠡᠷ ᠬᠦᠷᠡᠯ ᠪᠠᠭᠠᠵᠢ ᠬᠡᠷᠡᠭᠰᠡᠯ ᠤᠳ ᠨᠢ ᠭᠦᠨ ᠵᠤᠵᠠᠭᠠᠨ ᠨᠡᠭᠦᠳᠡᠯ ᠮᠠᠯᠵᠢᠯ ᠤᠨ ᠠᠮᠢᠳᠤᠷᠠᠯ ᠤᠨ ᠥᠩᠭᠡ ᠪᠤᠳᠤᠭ ᠲᠠᠢ ᠪᠣᠯᠬᠤᠷ᠂ ᠲᠤᠰᠬᠠᠢ ᠮᠡᠷᠭᠡᠵᠢᠯᠲᠡᠨ ᠠᠴᠠ ᠡᠨᠡ ᠪᠦᠯᠦᠭ ᠬᠦᠷᠡᠯ ᠪᠠᠭᠠᠵᠢ ᠬᠡᠷᠡᠭᠰᠡᠯ ᠨᠢ ᠾᠦᠩᠨᠦ ᠲᠠᠢ ᠬᠤᠯᠪᠤᠭ᠎ᠠ ᠲᠠᠢ ᠭᠡᠵᠦ ᠮᠠᠭᠠᠳᠯᠠᠵᠠᠢ᠃    ᠾᠦᠩᠨᠦ ᠪᠣᠯ ᠮᠠᠨ ᠤ ᠤᠯᠤᠰ ᠤᠨ ᠤᠮᠠᠷᠠᠲᠤ ᠶᠢᠨ ᠲᠠᠯ᠎ᠠ ᠨᠤᠲᠤᠭ ᠲᠠᠬᠢ ᠡᠷᠲᠡᠨ ᠤ ᠨᠡᠭᠦᠳᠡᠯᠴᠢᠨ ᠠᠶᠢᠮᠠᠭ ᠮᠥᠨ᠃ ᠨᠡᠶᠢᠳᠡ ᠶᠢᠨ ᠣᠨ ᠲᠣᠭᠠᠯᠠᠯ ᠠᠴᠠ ᠡᠮᠦᠨᠡᠬᠢ 3 ᠳ᠋ᠤᠭᠠᠷ ᠵᠠᠭᠤᠨ ᠳᠤ᠂ ᠾᠦᠩᠨᠦ ᠨᠢ ᠵᠡᠭᠦᠨᠰᠢ ᠪᠠᠨ ᠳ᠋ᠦᠩᠬᠤ ᠶᠢ ᠴᠣᠬᠢᠵᠤ᠂ ᠪᠠᠷᠠᠭᠤᠨᠰᠢ ᠪᠠᠨ ᠿᠤ᠋ ᡁᠢ ᠶᠢ ᠰᠥᠨᠥᠭᠡᠨ᠂ ᠡᠮᠦᠨᠡᠰᠢ ᠪᠠᠨ ᠯᠧᠦ ᠹᠠᠨ᠂ ᠪᠠᠢ ᠶᠠᠩ ᠢ ᠨᠢᠭᠡᠳᠬᠡᠵᠦ᠂ ᠤᠮᠠᠷᠠᠰᠢ ᠪᠠᠨ ᠳ᠋ᠢᠩᠯᠢᠩ ᠢ ᠡᠵᠡᠯᠡᠵᠦ᠂ ᠤᠮᠠᠷᠠᠲᠤ ᠶᠢᠨ ᠲᠠᠯ᠎ᠠ ᠨᠤᠲᠤᠭ ᠢ ᠨᠢᠭᠡᠳᠬᠡᠨ᠂ ᠲᠠᠯ᠎ᠠ ᠨᠤᠲᠤᠭ ᠤᠨ ᠵᠡᠭᠦᠨ ᠪᠠᠷᠠᠭᠤᠨ ᠤ ᠰᠣᠶᠣᠯ ᠤᠨ ᠰᠣᠯᠢᠯᠴᠠᠭ᠎ᠠ ᠶᠢ ᠰᠢᠯᠤᠭᠤᠳᠬᠠᠵᠤ᠂ ᠠᠮᠢᠳᠠᠨ ᠤ ᠬᠡ ᠤᠭᠠᠯᠵᠠ ᠪᠠᠷ ᠣᠨᠴᠠᠯᠢᠭ ᠪᠤᠯᠭᠠᠬᠰᠠᠨ ᠾᠦᠩᠨᠦ ᠶᠢᠨ ᠰᠣᠶᠣᠯ ᠨᠢ ᠪᠦᠭᠦ᠋ᠢᠯᠡ ᠠᠽᠢᠶ᠎ᠠ ᠡᠸᠦ᠋ᠷᠦᠫᠡ ᠶᠢᠨ ᠲᠠᠯ᠎ᠠ ᠨᠤᠲᠤᠭ ᠢ ᠨᠥᠯᠥᠭᠡᠯᠡᠭᠰᠡᠨ ᠪᠠᠶᠢᠨ᠎ᠠ᠃    ᠵᠡᠭᠦᠨᠭᠠᠷ ᠬᠤᠰᠢᠭᠤᠨ ᠤ ᠰᠦᠵᠢ ᠶᠢᠨ ᠭᠤᠣᠯ ᠲᠤᠰᠬᠤᠨ ᠠᠴᠠ ᠢᠯᠡᠷᠡᠭᠦᠯᠦᠭᠰᠡᠨ ᠡᠨᠡ ᠪᠦᠯᠦᠭ ᠬᠦᠷᠡᠯ ᠪᠠᠭᠠᠵᠢ ᠬᠡᠷᠡᠭᠰᠡᠯ ᠨᠢ ᠪᠤᠭᠤ᠂ ᠲᠣᠭᠤᠷᠤᠤ᠂ ᠬᠤᠨᠢ᠂ ᠡᠷᠰᠯᠡᠩ᠂ ᠮᠣᠷᠢ᠂ ᠴᠢᠨ᠋ᠸ᠎ᠠ ᠵᠡᠷᠭᠡ 6 ᠵᠦᠢᠯ ᠤᠨ ᠠᠮᠢᠲᠠᠨ ᠤ ᠳᠦᠷᠰᠦ ᠲᠠᠢ᠂ ᠡᠭᠦᠨ ᠳᠤ ᠪᠤᠭᠤ᠂ ᠲᠣᠭᠤᠷᠤᠤ᠂ ᠬᠤᠨᠢ᠂ ᠴᠢᠨ᠋ᠸ᠎ᠠ ᠵᠡᠷᠭᠡ ᠨᠢ ᠥᠪᠥᠷ ᠮᠣᠩᠭᠤᠯ ᠣᠷᠣᠨ ᠳᠤ ᠠᠩᠬ᠎ᠠ ᠢᠯᠡᠷᠡᠭᠦᠯᠵᠦ ᠪᠠᠶᠢᠭ᠎ᠠ ᠪᠢᠰᠢ᠂ ᠬᠠᠷᠢᠨ ᠡᠷᠰᠯᠡᠩ᠂ ᠰᠥᠬᠦᠷᠡᠵᠦ ᠬᠡᠪᠲᠡᠭᠰᠡᠨ ᠮᠣᠷᠢᠨ ᠳᠦᠷᠰᠦᠲᠦ ᠴᠠᠮᠴᠤᠭ ᠢ ᠠᠩᠬ᠎ᠠ ᠤᠳᠠᠭ᠎ᠠ ᠢᠯᠡᠷᠡᠭᠦᠯᠦᠭᠰᠡᠨ ᠶᠤᠮ᠃ ᠲᠡᠳᠡᠭᠡᠷ ᠨᠢ ᠪᠦᠷ ᠬᠡᠪ ᠢᠶᠠᠷ ᠴᠢᠳᠬᠤᠬᠤ ᠠᠷᠭ᠎ᠠ ᠪᠠᠷᠢᠯ ᠢ ᠬᠡᠷᠡᠭᠯᠡᠵᠡᠢ᠂ ᠵᠢᠱᠢᠶᠡᠯᠡᠪᠡᠯ ᠪᠤᠭᠤ ᠶᠢᠨ ᠨᠢᠷᠤᠭᠤᠨ ᠤ ᠬᠡᠰᠡᠭ ᠢᠶᠠᠷ ᠵᠠᠭᠠᠭ ᠵᠠᠯᠭᠠᠰᠤ ᠲᠠᠢ᠂ ᠡᠪᠡᠷ ᠢ ᠨᠢ ᠲᠤᠰᠠᠭᠠᠷ ᠨᠢ ᠴᠢᠳᠬᠤᠭᠰᠠᠨ ᠤ ᠳᠠᠷᠠᠭ᠎ᠠ ᠳᠠᠭᠢᠨ ᠪᠡᠶ᠎ᠡ ᠳᠡᠭᠡᠷ᠎ᠡ ᠨᠢ ᠤᠭᠰᠠᠷᠠᠵᠤ ᠲᠠᠯᠪᠢᠭᠰᠠᠨ ᠶᠤᠮ ; ᠵᠢᠭᠦᠷᠳᠡᠨ ᠭᠥᠷᠥᠭᠡᠰᠦ ᠨᠢ ᠪᠦᠷ ᠬᠤᠣᠰᠯᠠᠭᠰᠠᠨ ᠪᠠᠶᠢᠵᠤ᠂ ᠡᠪᠡᠷ ᠲᠠᠢ ᠨᠢ ᠲᠤᠷᠤᠭ ᠪᠤᠭᠤ᠂ ᠡᠪᠡᠷ ᠦᠭᠡᠢ ᠨᠢ ᠮᠠᠷᠠᠯ ᠪᠤᠭᠤ ᠪᠣᠯᠣᠨ᠎ᠠ᠃    ᠴᠢᠳᠬᠤᠭᠰᠠᠨ ᠠᠮᠢᠲᠠᠳ ᠤᠨ ᠳᠦᠷᠰᠦ ᠨᠢ ᠵᠣᠭᠰᠤᠭ᠎ᠠ ᠪᠤᠶᠤ ᠰᠥᠬᠦᠷᠡᠵᠦ ᠬᠡᠪᠲᠡᠭᠰᠡᠨ᠂ ᠠᠯᠢ ᠡᠰᠡᠬᠦᠯ᠎ᠡ ᠲᠣᠯᠣᠭᠠᠢ ᠪᠠᠨ ᠪᠥᠬᠦ᠋ᠢᠯᠭᠡᠭᠰᠡᠨ ᠪᠤᠶᠤ ᠭᠡᠳᠡᠶᠢᠯᠭᠡᠭᠰᠡᠨ᠂ ᠠᠮᠠ ᠪᠠᠨ ᠬᠠᠮᠬᠢᠭᠰᠠᠨ ᠪᠤᠶᠤ ᠠᠩᠭᠠᠶᠢᠭᠰᠠᠨ ᠁ ᠨᠢᠭᠡ ᠨᠢᠭᠡ ᠪᠠᠷ ᠢᠶᠠᠨ ᠶᠠᠭ ᠯᠠ ᠠᠮᠢᠳᠤ ᠶᠤᠮ ᠰᠢᠭ᠋᠂ ᠠᠮᠢᠲᠠᠨ ᠤ ᠮᠢᠬ᠎ᠠ ᠰᠢᠷᠪᠦᠰᠦᠨ ᠤ ᠬᠠᠷᠢᠴᠠᠯ ᠢ ᠨᠢ ᠴᠤ ᠵᠦᠢ ᠵᠣᠬᠢᠰᠲᠠᠢ ᠰᠢᠢᠳᠪᠦᠷᠢᠯᠡᠭᠰᠡᠨ ᠪᠠᠶᠢᠳᠠᠭ᠃ ᠡᠳᠡᠭᠡᠷ ᠠᠮᠢᠲᠠᠳ ᠠᠴᠠ ᠬᠤᠨᠢ᠂ ᠮᠣᠷᠢ ᠪᠣᠯ ᠨᠡᠭᠦᠳᠡᠯᠴᠢᠨ ᠠᠶᠢᠮᠠᠭ ᠤᠨ ᠭᠡᠷ ᠤᠨ ᠲᠡᠵᠢᠭᠡᠪᠦᠷᠢ᠂ ᠪᠤᠭᠤ ᠪᠣᠯ ᠡᠳᠦᠷ ᠳᠣᠳᠣᠮ ᠤᠨ ᠠᠪᠠ ᠶᠢᠨ ᠠᠮᠢᠲᠠᠨ᠂ ᠲᠣᠭᠤᠷᠤᠤ ᠪᠣᠯ ᠦᠷᠭᠦᠯᠵᠢ ᠲᠣᠬᠢᠶᠠᠯᠳᠤᠳᠠᠭ ᠵᠢᠭᠦᠷᠲᠡᠨ ᠮᠥᠨ᠃ ᠡᠶᠢᠮᠦ ᠪᠠᠷ ᠢᠶᠠᠨ᠂ ᠡᠷᠡᠭᠴᠢᠨ ᠡᠮᠡᠭᠴᠢᠨ ᠠᠮᠢᠲᠠᠳ ᠨᠢᠭᠡ ᠨᠢᠭᠡᠨ ᠢᠶᠠᠨ ᠡᠷᠢᠨ ᠬᠥᠭᠡᠭᠡᠴᠡᠯᠳᠦᠬᠦ ᠨᠢ ᠲᠠᠯ᠎ᠠ ᠨᠤᠲᠤᠭ ᠤᠨ ᠡᠩ ᠤᠨ ᠵᠢᠷᠤᠭᠯᠠᠯ᠂ ᠡᠨᠡ ᠪᠦᠭᠦᠨ ᠨᠢ ᠲᠤᠬᠠᠢ ᠶᠢᠨ ᠦᠶ᠎ᠡ ᠶᠢᠨ ᠤᠮᠠᠷᠠᠲᠤ ᠶᠢᠨ ᠲᠠᠯ᠎ᠠ ᠨᠤᠲᠤᠭ ᠲᠠᠬᠢ ᠾᠦᠩᠨᠦᠴᠦᠳ ᠤᠨ ᠠᠮᠢᠳᠤᠷᠠᠯ ᠤᠨ ᠠᠬᠤᠢ ᠦᠵᠡᠭᠳᠡᠯ ᠪᠤᠯᠬᠤ ᠶᠤᠮ᠃    ᠾᠦᠩᠨᠦ ᠶᠢᠨ ᠰᠣᠶᠣᠯ ᠤᠨ ᠨᠡᠶᠢᠲᠡᠯᠢᠭ ᠣᠨᠴᠠᠯᠢᠭ ᠪᠣᠯ ᠳᠠᠷᠤᠢ ᠡᠯ᠎ᠡ ᠲᠥᠷᠥᠯ ᠤᠨ ᠡᠳ᠋ ᠬᠡᠷᠡᠭᠰᠡᠯ ᠳᠡᠭᠡᠷ᠎ᠡ ᠠᠮᠢᠲᠠᠨ ᠤ ᠬᠡ ᠤᠭᠠᠯᠵᠠ ᠰᠡᠶᠢᠯᠪᠦᠷᠢᠯᠡᠵᠦ᠂ ᠡᠨᠡ ᠨᠢ ᠲᠠᠯ᠎ᠠ ᠨᠤᠲᠤᠭ ᠤᠨ ᠠᠮᠢᠳᠤᠷᠠᠯ ᠠᠬᠤᠢ ᠶᠢ ᠬᠠᠷᠠᠭᠤᠯᠤᠭᠰᠠᠨ ᠢᠶᠠᠷ ᠪᠠᠷᠠᠬᠤ ᠦᠭᠡᠢ ᠲᠤᠬᠠᠢ ᠶᠢᠨ ᠦᠶ᠎ᠡ ᠶᠢᠨ ᠠᠵᠤ ᠠᠬᠤᠢ ᠶᠢᠨ ᠭᠡᠯᠪᠡᠷᠢ ᠶᠢ ᠴᠦ ᠲᠤᠰᠬᠠᠭᠰᠠᠨ ᠪᠠᠶᠢᠳᠠᠭ᠃ ᠾᠦᠩᠨᠦᠴᠦᠳ ᠤᠷᠳᠦ ᠬᠤᠭᠤᠴᠠᠭᠠᠨ ᠤ ᠪᠠᠯᠠᠷᠯᠢᠭ ᠠᠶᠢᠮᠠᠭ ᠪᠦᠯᠦᠭ ᠤᠨ ᠠᠮᠢᠳᠤᠷᠠᠯ ᠢ ᠥᠩᠭᠡᠷᠡᠭᠡᠵᠦ᠂ ᠮᠠᠯ ᠠᠵᠤ ᠠᠬᠤᠢ ᠪᠣᠯᠣᠨ ᠠᠩ ᠠᠩᠨᠠᠯ ᠤᠨ ᠠᠵᠢᠯᠯᠠᠭ᠎ᠠ ᠡᠷᠭᠢᠯᠡᠨ᠂ ᠠᠮᠢᠳᠠᠨ ᠤᠷᠭᠤᠮᠠᠯ ᠨᠢ ᠲᠡᠳᠡᠨᠡᠷ ᠤᠨ ᠣᠷᠣᠰᠢᠨ ᠲᠣᠭᠲᠠᠨᠢᠯ ᠤᠨ ᠡᠬᠢ ᠪᠠᠶᠠᠯᠢᠭ ᠪᠣᠯᠣᠨ᠎ᠠ᠃ ᠨᠡᠶᠢᠭᠡᠮ ᠤᠨ ᠦᠢᠯᠡᠳᠪᠦᠷᠢᠯᠡᠯ ᠤᠨ ᠬᠢᠷᠢ ᠬᠡᠮᠵᠢᠶ᠎ᠡ ᠳᠡᠮᠡᠢ ᠥᠨᠳᠥᠷ ᠪᠢᠰᠢ ᠨᠥᠬᠦᠴᠡᠯ ᠳᠣᠣᠷ᠎ᠠ᠂ ᠡᠬᠡ ᠪᠠᠶᠢᠭᠠᠯᠢ ᠶᠢᠨ ᠠᠩ ᠠᠮᠢᠲᠠᠳ ᠢ ᠪᠠᠷᠢᠬᠤ ᠪᠠ ᠨᠣᠮᠣᠬᠠᠳᠬᠠᠨ ᠲᠡᠵᠢᠭᠡᠬᠦ ᠨᠢ ᠭᠢᠯᠪᠠᠷ ᠶᠠᠪᠤᠳᠠᠯ ᠪᠢᠰᠢ ᠪᠥᠭᠡᠳ ᠾᠦᠩᠨᠦᠴᠦᠳ ᠤᠨ ᠨᠡᠭᠦᠳᠡᠯ ᠠᠮᠢᠳᠤᠷᠠᠯ ᠤᠨ ᠭᠡᠯᠪᠡᠷᠢ ᠠᠴᠠ ᠪᠣᠯᠵᠤ ᠠᠩ ᠠᠮᠢᠲᠠᠳ ᠲᠤ ᠲᠦᠰᠢᠭᠯᠡᠬᠦ ᠪᠣᠯᠵᠤ᠂ ᠡᠭᠦᠨ ᠢᠶᠠᠨ ᠤᠷᠠᠯᠢᠭ ᠤᠨ ᠭᠡᠯᠪᠠᠷᠢ ᠪᠠᠷ ᠢᠯᠡᠷᠡᠭᠦᠯᠬᠦ ᠪᠣᠯᠵᠠᠢ᠃    ᠰᠦᠵᠢ ᠶᠢᠨ ᠭᠤᠣᠯ ᠲᠤᠰᠬᠤᠨ ᠠᠴᠠ ᠣᠯᠳᠠᠭᠰᠠᠨ ᠡᠳᠡᠭᠡᠷ ᠣᠷᠳᠣᠰ ᠬᠦᠷᠡᠯ ᠵᠠᠰᠠᠯ ᠴᠢᠮᠡᠭᠯᠡᠯ ᠤᠨ ᠭᠡᠯᠪᠡᠷᠢ ᠪᠠᠶᠢᠳᠠᠯ ᠨᠢ ᠠᠮᠢᠳᠤᠯᠢᠭ᠂ ᠣᠨᠴᠠᠯᠢᠭ ᠨᠢ ᠲᠣᠳᠤᠷᠠᠭᠤᠨ᠂ ᠤᠳᠬ᠎ᠠ ᠰᠠᠨᠠᠭ᠎ᠠ ᠨᠢ ᠡᠴᠢᠨ᠎ᠡ ᠭᠦᠨ᠂ ᠲᠤᠬᠠᠢ ᠶᠢᠨ ᠦᠶ᠎ᠡ ᠶᠢᠨ ᠣᠷᠳᠣᠰ ᠤᠨ ᠥᠨᠳᠦᠷᠯᠢᠭ ᠤᠨ ᠥᠷᠭᠡᠨ ᠠᠭᠤᠳᠠᠮ ᠲᠠᠯ᠎ᠠ ᠨᠤᠲᠤᠭ ᠤᠨ ᠦᠵᠡᠮᠵᠢ ᠵᠢᠷᠤᠭᠯᠠᠯ ᠢ ᠠᠮᠢᠳᠤᠯᠢᠭ ᠢᠶᠠᠷ ᠬᠠᠷᠠᠭᠤᠯᠵᠤ᠂ ᠤᠮᠠᠷᠠᠲᠤ ᠶᠢᠨ ᠲᠠᠯ᠎ᠠ ᠨᠤᠲᠤᠭ ᠤᠨ ᠨᠡᠭᠦᠳᠡᠯ ᠮᠠᠯᠵᠢᠯ ᠤᠨ ᠠᠶᠢᠮᠠᠭ ᠤᠭᠰᠠᠭᠠᠲᠠᠨ ᠤ ᠪᠣᠳᠠᠰ ᠤᠨ ᠰᠣᠶᠣᠯ ᠢ ᠰᠤᠳᠤᠯᠬᠤ ᠳᠤ ᠮᠠᠲ᠋ᠧᠷᠢᠶᠠᠯ ᠬᠠᠩᠭᠠᠭᠰᠠᠨ ᠢᠶᠠᠷ ᠪᠠᠷᠠᠬᠤ ᠦᠭᠡᠢ᠂ ᠲᠤᠮᠳᠠᠳᠤ ᠣᠷᠣᠨ ᠤ ᠰᠣᠶᠣᠯ ᠪᠠ ᠤᠮᠠᠷᠠᠲᠤ ᠶᠢᠨ ᠨᠡᠭᠦᠳᠡᠯ ᠮᠠᠯᠵᠢᠯ ᠤᠨ ᠰᠣᠶᠣᠯ ᠤᠨ ᠰᠣᠯᠢᠯᠴᠠᠭ᠎ᠠ ᠪᠠ ᠨᠥᠯᠥᠭᠡ ᠶᠢ ᠰᠤᠳᠤᠯᠬᠤ ᠳᠤ ᠪᠠᠰᠠ ᠵᠣᠬᠢᠬᠤ ᠦᠨ᠎ᠡ ᠦᠷᠳᠡᠭ ᠲᠠᠢ ᠶᠤᠮ᠃    ︵ᠮᠠ ᠰᠢᠶᠣᠣ ᠵᠢᠶᠠᠩ ᠡᠮᠬᠢᠳᠬᠡᠪᠡ︶    ︵ᠳᠤᠰ ᠨᠢᠭᠤᠷ ᠤᠨ ᠭᠡᠷᠡᠯ ᠵᠢᠷᠤᠭ ᠢ ᠥᠪᠥᠷ ᠮᠣᠩᠭᠤᠯ ᠤᠨ ᠮᠦᠽᠧᠢ ᠬᠠᠩᠭᠠᠪᠠ︶
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号