ᠬᠠᠳᠠᠨ ᠵᠢᠷᠤᠭ ᠪᠣᠯ ᠲᠣᠮᠣ ᠴᠢᠯᠠᠭᠤᠨ ᠳᠡᠭᠡᠷ᠎ᠡ ᠰᠡᠶᠢᠯᠦᠭᠳᠡᠭᠰᠡᠨ ᠲᠣᠲ᠋ᠧᠮ᠂ ᠬᠠᠳᠠᠨ ᠵᠢᠷᠤᠭ ᠪᠣᠯ ᠡᠷᠲᠡᠨ ᠤ | ᠬᠥᠮᠥᠨ ᠤ ᠠᠮᠢᠳᠤᠷᠠᠯ ᠤᠨ ᠵᠢᠷᠤᠭᠯᠠᠯ᠂ ᠬᠠᠳᠠᠨ ᠵᠢᠷᠤᠭ ᠪᠣᠯ ᠴᠠᠭ ᠮᠥᠴᠡ ᠶᠢᠨ ᠡᠯᠡᠭᠡᠯᠲᠡ ᠳᠤ ᠲᠡᠭᠷᠢ ᠶᠢᠨ | ᠦᠵᠡᠭᠳᠡᠯ ᠮᠡᠲᠦ ᠵᠢᠷᠤᠭ ᠤᠨ ᠬᠡᠯᠡ᠂ ᠬᠠᠳᠠᠨ ᠵᠢᠷᠤᠭ ᠪᠣᠯ ᠣᠨ ᠵᠢᠯ ᠤᠨ ᠣᠷᠴᠢᠯᠲᠠ ᠳᠤ ᠬᠤᠷᠠᠮᠳᠤᠭᠰᠠᠨ | ᠭᠠᠶᠢᠬᠠᠮᠰᠢᠭᠲᠤ ᠲᠤᠤᠯᠢᠰ ᠪᠤᠯᠬᠤ ᠶᠤᠮ᠃ ᠪᠣᠷᠣᠳᠣᠬᠤᠢ ᠶᠢᠨ ᠡᠷᠲᠡᠨ ᠪ᠊ ᠪᠣᠯᠪᠠᠰᠤᠨ ᠪ᠊ ᠮᠢᠩᠭᠠᠨ ᠭᠠᠵᠠᠷ ᠤᠨ | ᠵᠢᠷᠤᠭ ᠤᠨ ᠬᠤᠩᠭᠢᠯ ᠳᠤ ᠣᠷᠣᠪᠠᠯ ᠮᠤᠨᠠ ᠠᠭᠤᠯᠠ ᠶᠢᠨ ᠬᠠᠳᠠᠨ ᠵᠢᠷᠤᠭ ᠤᠨ ᠬᠢᠵᠠᠭᠠᠯᠠᠰᠢ ᠦᠭᠡᠢ ᠷᠢᠳᠢ ᠰᠢᠳᠢ ᠶᠢ | ᠮᠡᠳᠡᠷᠡᠬᠦ ᠪᠣᠯᠣᠨ᠎ᠠ᠃ | ᠮᠤᠨᠠ ᠠᠭᠤᠯᠠ ᠶᠢᠨ ᠬᠠᠲᠠᠨ ᠵᠢᠷᠤᠭ ᠪᠣᠯ ᠳᠤᠮᠳᠠᠳᠤ ᠶᠢᠨ ᠦᠨᠳᠦᠰᠦᠲᠡᠨ ᠤ ᠰᠣᠶᠣᠯ ᠤᠨ ᠥᠪ ᠤᠨ | ᠴᠢᠬᠤᠯᠠ ᠪᠦᠷᠢᠯᠳᠦᠭᠦᠨ ᠬᠡᠰᠡᠭ᠂ ᠪᠣᠷᠣᠳᠣᠬᠤᠢ ᠶᠢᠨ ᠰᠣᠶᠣᠯ ᠤᠨ ᠴᠢᠬᠤᠯᠠ ᠰᠣᠶᠣᠯ ᠤᠨ ᠡᠯᠧᠮᠧᠨ᠋ᠲ᠂ | ᠪᠣᠷᠣᠳᠣᠬᠤᠢ ᠶᠢᠨ ᠰᠣᠶᠣᠯ ᠤᠨ ᠪᠠᠯᠠᠷ ᠡᠷᠲᠡᠨ ᠤ ᠲᠡᠦᠬᠡ ᠶᠢᠨ ᠬᠠᠮᠤᠭ ᠤᠨ ᠰᠠᠶᠢᠨ ᠭᠡᠷᠡᠴᠢ ᠮᠥᠨ᠂ ᠪᠠᠰᠠ ᠴᠤ | ᠮᠠᠨ ᠤ ᠤᠯᠤᠰ ᠤᠨ ᠡᠷᠲᠡᠨ ᠤ ᠤᠮᠠᠷᠠᠲᠤ ᠶᠢᠨ ᠦᠨᠳᠦᠰᠦᠲᠡᠨ ᠨᠦᠭᠦᠳ ᠤᠨ ᠪᠣᠯᠪᠠᠰᠤᠨ ᠤ ᠲᠡᠦᠬᠡ ᠶᠢ ᠲᠤᠰᠬᠠᠭᠰᠠᠨ | ᠮᠢᠩᠭᠠᠨ ᠭᠠᠵᠠᠷ ᠤᠨ ᠵᠢᠷᠤᠭᠲᠤ ᠬᠤᠩᠭᠢᠯ ᠪᠤᠯᠬᠤ ᠶᠤᠮ᠃ ᠮᠤᠨᠠ ᠠᠭᠤᠯᠠ ᠶᠢᠨ ᠬᠠᠲᠠᠨ ᠵᠢᠷᠤᠭ ᠤᠷᠲᠤ ᠤᠳᠠᠭᠠᠨ | ᠲᠡᠦᠬᠡ ᠲᠠᠢ ᠪᠥᠭᠡᠳ ᠭᠦᠨ ᠵᠤᠵᠠᠭᠠᠨ ᠰᠣᠶᠣᠯ ᠤᠨ ᠠᠭᠤᠯᠤᠭᠳᠠᠬᠤᠨ ᠲᠠᠢ᠂ ᠲᠡᠷᠡ ᠨᠢ ᠡᠴᠢᠨ᠎ᠡ ᠨᠢᠭᠤᠴᠠᠭᠠᠢ | ᠲᠥᠷᠥᠭᠳᠡᠯ ᠥᠭᠴᠦ᠂ ᠭᠤᠶᠢᠳᠠ ᠰᠠᠶᠢᠬᠠᠨ ᠤᠷᠠᠯᠢᠭ ᠢᠶᠠᠷ ᠢᠶᠠᠨ ᠳᠡᠯᠡᠬᠡᠢ ᠳᠤ ᠠᠯᠳᠠᠷᠰᠢᠵᠤ᠂ ᠲᠤᠶᠢᠯ ᠤᠨ ᠥᠨᠳᠥᠷ | ᠡᠷᠳᠡᠮ ᠰᠢᠨᠵᠢᠯᠡᠭᠡᠨ ᠤ ᠰᠤᠳᠤᠯᠭᠠᠨ ᠤ ᠦᠨ᠎ᠡ ᠥᠷᠲᠡᠭ ᠲᠠᠢ ᠪᠠᠶᠢᠵᠤ᠂ ᠳᠡᠯᠡᠬᠡᠢ ᠶᠢᠨ ᠬᠠᠲᠠᠨ ᠵᠢᠷᠤᠭ ᠤᠨ ᠲᠡᠦᠬᠡᠨ | ᠳᠡᠭᠡᠷ᠎ᠡ ᠮᠠᠰᠢ ᠴᠢᠬᠤᠯᠠ ᠪᠠᠶᠢᠷᠢ ᠰᠠᠭᠤᠷᠢ ᠶᠢ ᠡᠵᠡᠯᠡᠵᠦ ᠪᠠᠶᠢᠳᠠᠭ᠃ | | | ᠮᠤᠨᠠ ᠠᠭᠤᠯᠠ ᠶᠢᠨ ᠬᠠᠳᠠᠨ ᠵᠢᠷᠤᠭ ᠤᠨ ᠬᠠᠮᠠᠭᠠᠯᠠᠯᠲᠠ ᠶᠢᠨ ᠣᠷᠣᠨ ᠢ ᠨᠢᠰᠬᠡᠯ ᠢᠶᠠᠷ ᠰᠡᠭᠦᠳᠡᠷᠯᠡᠭᠰᠡᠨ ᠵᠢᠷᠤᠭ | | | ᠮᠤᠨᠠ ᠠᠭᠤᠯᠠ ᠶᠢᠨ ᠬᠠᠳᠠᠨ ᠵᠢᠷᠤᠭ ᠤᠨ ᠭᠠᠶᠢᠬᠠᠮᠰᠢᠭ | ᠠᠯᠳᠠᠷᠲᠤ ᠬᠠᠭᠤᠴᠢ ᠰᠤᠳᠤᠯᠤᠭᠴᠢ ᠪᠥᠭᠡᠳ ᠬᠠᠳᠠᠨ ᠵᠢᠷᠤᠭ ᠤᠨ ᠰᠤᠳᠤᠯᠭᠠᠲᠠᠨ ᠭᠧ ᠱᠠᠨ ᠯᠢᠨ᠄ ︽ᠪᠢᠳᠡ | ᠬᠠᠳᠠᠨ ᠵᠢᠷᠤᠭ ᠲᠠᠢ ᠠᠤᠭ᠎ᠠ ᠶᠡᠭᠡ ᠴᠢᠯᠠᠭᠤᠨ ᠬᠠᠳᠠ ᠶᠢᠨ ᠡᠮᠦᠨ᠎ᠡ ᠵᠣᠭᠰᠣᠭᠠᠳ᠂ ᠠᠮᠢᠵᠢᠷᠠᠯ ᠤᠨ ᠬᠦᠴᠦᠨ ᠢᠶᠠᠷ | ᠪᠢᠯᠬᠠᠭᠰᠠᠨ ᠵᠢᠷᠤᠭ ᠳᠦᠷᠰᠦ ᠶᠢ ᠬᠠᠷᠠᠬᠤ ᠳᠤ ᠶᠠᠭ ᠲᠦᠮᠡᠨ ᠭᠠᠵᠠᠷ ᠤᠨ ᠤᠷᠳᠤ ᠴᠠᠭᠠᠨ ᠬᠡᠷᠡᠮ᠂ ᠳ᠋ᠦᠨᠬᠤᠸᠠᠩ ᠤᠨ | ᠮᠦᠸᠧ ᠭᠤᠤ ᠠᠭᠤᠢ᠂ ᠴᠢᠨ ᠤᠯᠤᠰ ᠤᠨ ᠴᠡᠷᠢᠭ ᠮᠣᠷᠢᠨ ᠤ ᠬᠡᠦᠬᠡᠯᠳᠡᠢ ᠶᠢᠨ ᠡᠮᠦᠨ᠎ᠡ ᠵᠣᠭᠰᠣᠵᠤ ᠪᠠᠶᠢᠭ᠎ᠠ ᠰᠢᠭ᠋ | ᠰᠠᠨᠠᠭᠳᠠᠨ᠎ᠠ᠃ ᠲᠡᠭᠦᠨ ᠤ ᠠᠤᠭ᠎ᠠ ᠶᠡᠭᠡ ᠰᠦᠷ ᠬᠦᠴᠦᠨ᠂ ᠡᠯᠪᠡᠭ ᠪᠠᠶᠠᠯᠢᠭ ᠰᠣᠶᠣᠯ ᠤᠨ ᠠᠭᠤᠯᠤᠭᠳᠠᠬᠤᠨ᠂ | ᠥᠪᠡᠷᠮᠢᠴᠡ ᠤᠷᠠᠯᠢᠭ ᠤᠨ ᠷᠢᠳᠢ ᠰᠢᠳᠢ ᠨᠢ ᠮᠠᠨ ᠤ ᠰᠡᠳᠬᠢᠯ ᠤᠨ ᠬᠥᠪᠴᠢ ᠶᠢ ᠳᠣᠷᠭᠢᠭᠤᠯᠤᠨ᠎ᠠ᠃ ᠭᠦᠭ | ᠠᠶᠢᠵᠠᠮ ᠲᠠᠢ ᠵᠢᠷᠤᠭᠠᠰᠤ᠂ ᠪᠣᠷᠣᠭᠵᠢᠭᠤᠨ ᠶᠡᠷᠦᠮᠳᠡᠭ ᠳᠦᠷᠢ᠂ ᠠᠪᠰᠠᠷ ᠪᠣᠯᠪᠠᠰᠤᠷᠠᠩᠭᠤᠢ ᠳᠦᠷᠰᠦ ᠨᠢ ᠡᠷᠬᠡ ᠦᠭᠡᠢ | ᠭᠠᠶᠢᠬᠠᠰᠢ ᠠᠯᠳᠠᠭᠤᠯᠤᠨ᠎ᠠ︾ ᠭᠡᠵᠦ ᠮᠤᠨᠠ ᠠᠭᠤᠯᠠ ᠶᠢᠨ ᠬᠠᠳᠠᠨ ᠵᠢᠷᠤᠭ ᠢ ᠦᠨᠡᠯᠡᠭᠰᠡᠨ ᠪᠠᠶᠢᠳᠠᠭ᠃ ᠠᠮᠧᠷᠢᠺᠠ ᠶᠢᠨ | ᠬᠠᠲᠠᠨ ᠵᠢᠷᠤᠭ ᠤᠨ ᠨᠡᠶᠢᠭᠡᠮᠯᠢᠭ ᠤᠨ ᠣᠨᠴᠠ ᠡᠯᠴᠢ᠂ ᠣᠯᠠᠨ ᠤᠯᠤᠰ ᠤᠨ ᠬᠠᠲᠠᠨ ᠵᠢᠷᠤᠭ ᠤᠨ ᠨᠠᠷᠠᠲᠤ ᠲᠤᠰᠬᠠᠢ | ᠮᠡᠷᠭᠡᠵᠢᠯᠲᠡᠨ ᠵᠢᠶᠠᠨ ᠠᠪᠠᠭᠠᠢ᠄ ︽ᠪᠢ ᠳᠡᠯᠡᠬᠡᠢ ᠳᠡᠭᠡᠷᠡᠬᠢ ᠮᠠᠰᠢ ᠣᠯᠠᠨ ᠬᠠᠲᠠᠨ ᠵᠢᠷᠤᠭ ᠢ ᠦᠵᠡᠵᠦ ᠥᠩᠭᠡᠷᠡᠭᠰᠡᠨ᠂ | ᠮᠤᠨᠠ ᠠᠭᠤᠯᠠ ᠶᠢᠨ ᠬᠠᠲᠠᠨ ᠵᠢᠷᠤᠭ ᠨᠢᠭᠡᠪᠦᠷᠢ ᠨᠢ ᠴᠥᠮ ᠥᠪᠡᠷᠮᠢᠴᠡ ᠣᠨᠴᠠᠯᠢᠭ ᠲᠠᠢ᠂ ᠨᠢᠭᠡ ᠱᠤᠭᠤᠮ᠂ ᠨᠢᠭᠡ | ᠴᠡᠭ ᠨᠢ ᠴᠥᠮ ᠮᠠᠰᠢ ᠭᠠᠶᠢᠬᠠᠮᠰᠢᠭᠲᠠᠢ ᠲᠠᠢ︾ ᠭᠡᠵᠦ ᠮᠠᠭᠲᠠᠭᠰᠠᠨ ᠪᠠᠶᠢᠳᠠᠭ᠃ | | | ᠮᠤᠨᠠ ᠠᠭᠤᠯᠠ ᠶᠢᠨ ᠬᠠᠳᠠᠨ ᠵᠢᠷᠤᠭ ᠤᠨ ᠬᠠᠮᠠᠭᠠᠯᠠᠯᠲᠠ ᠶᠢᠨ ᠣᠷᠣᠨ | | | ᠪᠠᠶᠠᠨᠨᠠᠭᠤᠷ ᠬᠤᠲᠠ ᠶᠢᠨ ᠥᠪᠥᠷ ᠮᠣᠩᠭᠤᠯ ᠤᠨ ᠪᠣᠷᠣᠳᠣᠬᠤᠢ ᠶᠢᠨ ᠰᠣᠶᠣᠯ ᠤᠨ ᠮᠦᠽᠧᠢ ᠳᠤ ᠬᠠᠲᠠᠨ | ᠵᠢᠷᠤᠭ ᠤᠨ ᠭᠤᠣᠯ ᠰᠡᠳᠦᠪᠲᠦ ᠦᠵᠡᠭᠦᠯᠭᠡ ᠶᠢᠨ ᠲᠣᠮᠣ ᠲᠢᠩᠬᠢᠮ ᠪᠠᠶᠢᠳᠠᠭ᠂ ᠠᠳᠡ ᠬᠡᠭᠡᠷ᠎ᠡ ᠭᠠᠳᠠᠨ᠎ᠠ ᠠᠴᠠ | ᠰᠢᠯᠵᠢᠭᠦᠯᠵᠦ ᠠᠪᠴᠢᠷᠠᠭᠰᠠᠨ ᠪᠠ ᠠᠷᠠᠳ ᠤᠨ ᠳᠤᠮᠳᠠ ᠠᠴᠠ ᠡᠯᠰᠡᠨ ᠴᠤᠭᠯᠠᠭᠤᠯᠤᠭᠰᠠᠨ ᠬᠠᠲᠠᠨ ᠵᠢᠷᠤᠭ ᠢ ᠳᠡᠯᠭᠡᠨ | ᠦᠵᠡᠭᠦᠯᠭᠦ ᠠᠴᠠ ᠭᠠᠳᠠᠨ᠎ᠠ᠂ ᠪᠠᠰᠠ ᠭᠡᠷᠡᠯ ᠵᠢᠷᠤᠭ᠂ ᠳᠠᠷᠤᠮᠠᠯ ᠵᠦᠢᠯ᠂ ᠬᠠᠭᠤᠯᠪᠤᠷᠢ ᠵᠢᠷᠤᠭ᠂ ᠸᠢᠳᠢᠤ᠋ ᠵᠡᠷᠭᠡ ᠪᠠᠷ ᠮᠤᠨᠠ | ᠠᠭᠤᠯᠠ ᠶᠢᠨ ᠬᠠᠲᠠᠨ ᠵᠢᠷᠤᠭ ᠤᠨ ᠪᠦᠭᠦ ᠪᠠᠶᠢᠳᠠᠯ ᠢ ᠳᠡᠯᠭᠡᠨ ᠦᠵᠡᠭᠦᠯᠦᠭᠰᠡᠨ ᠪᠠᠶᠢᠨ᠎ᠠ᠃ ᠠᠳᠡ ᠠᠩ ᠠᠩᠨᠠᠯ ᠤᠨ | ᠵᠢᠷᠤᠭ᠂ ᠲᠡᠶᠢᠨ ᠪᠠᠶᠢᠯᠳᠤᠭᠠᠨ ᠤ ᠵᠢᠷᠤᠭ᠂ ᠬᠥᠮᠥᠨ ᠤ ᠨᠢᠭᠤᠷ ᠤᠨ ᠵᠢᠷᠤᠭ᠂ ᠪᠥᠵᠢᠭ ᠤᠨ ᠵᠢᠷᠤᠭ᠂ ᠲᠠᠭᠢᠯᠭ᠎ᠠ ᠶᠢᠨ | ᠵᠢᠷᠤᠭ᠂ ᠨᠠᠷᠠ ᠰᠠᠷ᠎ᠠ ᠣᠳᠣᠨ ᠮᠡᠴᠢᠳ᠂ ᠣᠪᠣᠬᠠᠢ ᠮᠠᠶᠢᠬᠠᠨ᠂ ᠪᠠᠷᠰ ᠢᠷᠪᠢᠰ ᠴᠢᠨ᠋ᠸ᠎ᠠ ᠪᠤᠭᠤ᠂ ᠲᠡᠮᠡᠭᠡ ᠮᠣᠷᠢ ᠦᠬᠡᠷ | ᠬᠤᠨᠢ ᠵᠡᠷᠭᠡ ᠡᠯᠪᠡᠭ ᠪᠠᠶᠠᠯᠢᠭ ᠠᠭᠤᠯᠭ᠎ᠠ ᠪᠦᠬᠦᠢ ᠬᠠᠳᠠᠨ ᠵᠢᠷᠤᠭ ᠢ ᠲᠣᠭᠤᠷᠢᠵᠤ ᠦᠵᠡᠬᠦᠶ᠎ᠡ ᠤᠯᠤᠰ ᠤᠨ | ᠳᠣᠲᠣᠭᠠᠳᠤ ᠭᠠᠳᠠᠭᠠᠳᠤ ᠶᠢᠨ ᠮᠡᠷᠭᠡᠵᠢᠯᠲᠡᠳ ᠤᠨ ᠰᠣᠴᠢᠨ ᠭᠠᠶᠢᠬᠠᠵᠠᠭᠠᠵᠤ ᠪᠠᠶᠢᠭᠰᠠᠨ ᠢ ᠣᠶᠢᠯᠠᠭᠠᠵᠤ ᠪᠤᠯᠤᠨ᠎ᠠ; | ᠬᠠᠷᠠᠭᠠᠴᠢ᠂ ᠨᠢᠭᠡ ᠰᠦᠷᠦᠭ ᠳᠣᠬᠰᠢᠨ ᠪᠠᠷᠰ ᠬᠢᠯᠢᠩ ᠲᠦᠷᠦᠵᠦ᠂ ᠠᠮᠠ ᠪᠠᠨ ᠠᠩᠭᠠᠶᠢᠯᠭᠠᠭᠠᠳ᠂ ᠶᠠᠭ ᠯᠠ | ᠬᠦᠷᠬᠢᠷᠡᠵᠦ ᠪᠠᠶᠢᠬᠤ ᠰᠢᠭ᠋᠂ ᠲᠡᠳᠡᠨ ᠤ ᠪᠡᠶ᠎ᠡ ᠨᠢ ᠣᠷᠳᠣ ᠪᠣᠭᠤᠨᠢ ᠪᠠ ᠪᠦᠳᠦᠭᠦᠨ ᠨᠠᠷᠢᠨ ᠨᠢ ᠠᠳᠠᠯᠢ ᠪᠤᠰᠤ ᠮᠤᠷᠤᠢ | ᠱᠤᠭᠤᠮ ᠢᠶᠠᠷ ᠪᠦᠲᠦᠵᠦ᠂ ᠵᠢᠷᠤᠭᠠᠰᠤ ᠶᠢ ᠦᠵᠡᠬᠦ ᠳᠤ ᠲᠥᠭᠦᠮ ᠪᠤᠯᠪᠠᠴᠤ ᠮᠠᠰᠢ ᠪᠣᠳᠠᠲᠠᠢ ᠳᠦᠷᠰᠦᠯᠡᠵᠦ᠂ ᠪᠠᠷᠰ ᠤᠨ | ᠢᠯᠡ ᠲᠣᠳᠣ ᠣᠨᠴᠠᠯᠢᠭ ᠢ ᠳᠣᠪᠤᠶᠢᠯᠭᠠᠬᠰᠠᠨ ᠪᠠᠶᠢᠳᠠᠭ᠂ ᠡᠳᠡᠭᠡᠷ ᠬᠠᠲᠠᠨ ᠵᠢᠷᠤᠭ ᠤᠨ ᠤᠷᠠᠯᠢᠭ ᠤᠨ ᠷᠢᠳᠢ | ᠰᠢᠳᠢ ᠶᠢ ᠭᠠᠶᠢᠬᠠᠬᠤ ᠦᠭᠡᠢ ᠪᠠᠶᠢᠬᠤ ᠶᠢᠨ ᠠᠷᠭ᠎ᠠ ᠦᠭᠡᠢ᠃ | ᠥᠪᠥᠷ ᠮᠣᠩᠭᠤᠯ ᠤᠨ ᠪᠣᠷᠣᠳᠣᠬᠤᠢ ᠶᠢᠨ ᠰᠣᠶᠣᠯ ᠤᠨ ᠮᠦᠽᠧᠢ ᠶᠢᠨ ᠬᠦᠷᠢᠶᠡᠯᠡᠩ ᠤᠨ ᠳᠠᠷᠤᠭ᠎ᠠ ᠵᠦ ᠮᠢᠩ | ᠵᠧ ᠶᠢᠨ ᠲᠠᠨᠢᠯᠴᠠᠭᠤᠯᠤᠭᠰᠠᠨ ᠢ ᠦᠨᠳᠦᠰᠦᠯᠡᠪᠡᠯ᠂ ᠪᠠᠶᠠᠨᠨᠠᠭᠤᠷ ᠬᠤᠲᠠ ᠶᠢᠨ ᠬᠢᠯᠢ ᠳᠣᠲᠣᠷ᠎ᠠ ᠠᠴᠠ ᠮᠤᠨᠠ | ᠠᠭᠤᠯᠠ ᠶᠢᠨ ᠬᠠᠲᠠᠨ ᠵᠢᠷᠤᠭ ᠤᠨ ᠲᠠᠷᠬᠠᠯᠲᠠ ᠶᠢᠨ ᠴᠡᠭ ᠢ 156᠂ ᠨᠡᠯᠢᠶᠡᠳ ᠲᠥᠪᠯᠡᠷᠡᠭᠰᠡᠨ ᠭᠠᠵᠠᠷ ᠢ 19 | ᠢᠯᠡᠷᠡᠭᠦᠯᠵᠦ᠂ ᠨᠡᠶᠢᠲᠡ 5 ᠲᠦᠮᠡ ᠭᠠᠷᠤᠢ ᠬᠤᠪᠢ ᠵᠢᠷᠤᠭ ᠪᠤᠶ᠂ ᠡᠭᠦᠨ ᠳᠤ ᠨᠦᠬᠡᠯᠡᠬᠦ᠂ ᠦᠷᠦᠭᠦ᠂ ᠰᠡᠶᠢᠯᠬᠦ᠂ | ᠱᠦᠷᠭᠦᠭᠡᠬᠦ᠂ ᠰᠡᠶᠢᠯᠬᠦ ᠵᠡᠷᠭᠡ ᠣᠯᠠᠨ ᠵᠦᠢᠯ ᠤᠨ ᠵᠢᠷᠤᠬᠤ ᠠᠷᠭ᠎ᠠ ᠶᠢ ᠬᠠᠮᠤᠷᠴᠠᠢ᠃ ᠮᠤᠨᠠ ᠠᠭᠤᠯᠠ ᠶᠢᠨ ᠬᠠᠲᠠᠨ | ᠵᠢᠷᠤᠭ ᠤᠨ ᠲᠠᠷᠬᠠᠯᠲᠠ ᠶᠢᠨ ᠭᠠᠵᠠᠷ ᠨᠢ ᠥᠷᠭᠡᠨ ᠠᠭᠤᠳᠠᠮ᠂ ᠭᠤᠣᠯᠳᠠᠭᠤ ᠪᠠᠶᠠᠨᠨᠠᠭᠤᠷ ᠬᠤᠲᠠ ᠶᠢᠨ ᠳ᠋ᠧᠩᠺᠸᠤ | ᠰᠢᠶᠠᠨ᠂ ᠤᠷᠠᠳ ᠤᠨ ᠡᠮᠦᠨᠡᠲᠦ ᠬᠤᠰᠢᠭᠤ᠂ ᠤᠷᠠᠳ ᠤᠨ ᠳᠤᠮᠳᠠᠳᠤ ᠬᠤᠰᠢᠭᠤ᠂ ᠤᠷᠠᠳ ᠤᠨ ᠬᠤᠶᠢᠲᠤ | ᠬᠤᠰᠢᠭᠤᠨ ᠤ ᠬᠢᠯᠢ ᠳᠣᠲᠣᠷᠠᠬᠢ ᠮᠤᠨᠠ ᠠᠭᠤᠯᠠ ᠶᠢᠨ ᠭᠤᠤ ᠭᠠᠩᠭ᠎ᠠ ᠶᠢᠨ ᠬᠠᠳᠠ ᠴᠢᠯᠠᠭᠤᠨ ᠳᠡᠭᠡᠷ᠎ᠡ ᠲᠥᠪᠯᠡᠷᠡᠵᠦ᠂ | ᠵᠡᠭᠦᠨᠰᠢ ᠪᠠᠷᠠᠭᠤᠨᠰᠢ ᠪᠠᠷᠤᠭ 220 ᠺᠢᠯᠣᠮᠧᠲᠷ᠂ ᠡᠮᠦᠨᠡᠰᠢ ᠤᠮᠠᠷᠠᠰᠢ ᠪᠠᠷᠤᠭ 60 - 120 ᠺᠢᠯᠣᠮᠧᠲᠷ ᠤᠨ | ᠬᠡᠪᠴᠢᠶᠡᠨ ᠳᠤ ᠲᠠᠷᠬᠠᠵᠤ᠂ ᠲᠡᠯᠡᠶ ᠶᠢᠨ ᠲᠦᠪᠰᠢᠨ ᠠᠴᠠ ᠪᠠᠷᠤᠭ 1800 - 2100 ᠮᠧᠲᠷ ᠡᠷᠭᠦᠭᠳᠡᠵᠦ ᠪᠠᠶᠢᠳᠠᠭ᠃ | ᠠᠮᠢᠲᠠᠨ᠂ ᠬᠥᠮᠥᠨ᠂ ᠵᠢᠭᠦᠷᠲᠡᠨ ᠤ ᠵᠢᠷᠤᠭ ᠵᠢᠴᠢ ᠠᠩ ᠠᠩᠨᠠᠯ᠂ ᠤᠨᠤᠭ᠎ᠠ ᠬᠥᠯᠦᠰᠢ᠂ ᠮᠠᠯ ᠬᠠᠷᠢᠭᠤᠯᠬᠤ᠂ ᠪᠥᠵᠢᠭ᠂ | ᠳᠠᠶᠢᠨ ᠪᠠᠶᠢᠯᠳᠤᠭᠠᠨ᠂ ᠪᠦᠭᠡ ᠢᠳᠤᠭᠠᠨ᠂ ᠨᠠᠷᠠ ᠰᠠᠷ᠎ᠠ ᠣᠳᠣᠨ ᠮᠡᠴᠢᠳ᠂ ᠲᠡᠮᠳᠡᠭ ᠵᠡᠷᠭᠡ ᠰᠡᠳᠦᠪ ᠪᠤᠶ᠃ | ᠮᠤᠨᠠ ᠠᠭᠤᠯᠠ ᠶᠢᠨ ᠬᠠᠲᠠᠨ ᠵᠢᠷᠤᠭ ᠤᠨ ᠬᠠᠮᠤᠭ ᠤᠨ ᠡᠷᠲᠡᠨ ᠤ ᠲᠡᠮᠳᠡᠭᠯᠡᠯ ᠨᠡᠶᠢᠲᠡ ᠶᠢᠨ ᠣᠨ | ᠲᠣᠭᠠᠯᠠᠯ ᠤᠨ 5 ᠳ᠋ᠤᠭᠠᠷ ᠵᠠᠭᠤᠨ ᠳᠤ ᠢᠯᠡᠷᠡᠭᠰᠡᠨ ᠶᠤᠮ᠂ ᠤᠮᠠᠷᠠᠲᠤ ᠸᠧᠢ ᠤᠯᠤᠰ ᠤᠨ ᠭᠠᠵᠠᠷ ᠵᠦᠢᠴᠢ ᠯᠢ ᠳ᠋ᠣᠣ | ᠶᠤᠸᠠᠨ ᠮᠤᠨᠠ ᠠᠭᠤᠯᠠ ᠶᠢᠨ ᠬᠠᠲᠠᠨ ᠵᠢᠷᠤᠭ ᠢ ᠲᠡᠮᠳᠡᠭᠯᠡᠭᠰᠡᠨ ᠪᠠᠶᠢᠳᠠᠭ᠃ 20 ᠳ᠋ᠤᠭᠠᠷ ᠵᠠᠭᠤᠨ ᠤ ᠭᠤᠴᠢᠭᠠᠳ | ᠣᠨ ᠳᠤ ᠤᠯᠤᠰ ᠤᠨ ᠳᠣᠲᠣᠭᠠᠳᠤ ᠭᠠᠳᠠᠭᠠᠳᠤ ᠶᠢᠨ ᠡᠷᠳᠡᠮᠲᠡᠳ ᠤᠨ ᠬᠤᠯᠪᠤᠭᠠᠯᠠᠨ ᠪᠠᠶᠢᠭᠤᠯᠤᠭᠰᠠᠨ ᠪᠠᠷᠠᠭᠤᠨ | ᠬᠤᠶᠢᠲᠤ ᠶᠢᠨ ᠰᠢᠨᠵᠢᠯᠡᠬᠦ ᠤᠬᠠᠭᠠᠨ ᠤ ᠪᠠᠶᠢᠴᠠᠭᠠᠯᠲᠠ ᠶᠢᠨ ᠪᠦᠯᠭᠦᠮ ᠮᠤᠨᠠ ᠠᠭᠤᠯᠠᠨ ᠠᠴᠠ ᠪᠠᠭ᠎ᠠ ᠬᠡᠮᠵᠢᠶᠡᠨ ᠤ | ᠬᠠᠲᠠᠨ ᠵᠢᠷᠤᠭ ᠤᠨ ᠦᠯᠡᠳᠡᠭᠳᠡᠯ ᠢ ᠢᠯᠡᠷᠡᠭᠦᠯᠪᠡ᠃ 1976 ᠣᠨ ᠳᠤ ᠭᠧ ᠱᠠᠨ ᠯᠢᠨ ᠬᠡᠭᠡᠷ᠎ᠡ ᠶᠢᠨ ᠪᠠᠶᠢᠴᠠᠭᠠᠯᠲᠠ | ᠬᠢᠬᠦ ᠦᠶᠡᠰ ᠠᠩᠬ᠎ᠠ ᠤᠳᠠᠭ᠎ᠠ ᠮᠤᠨᠠ ᠠᠭᠤᠯᠠ ᠶᠢᠨ ᠬᠠᠳᠠᠨ ᠵᠢᠷᠤᠭ ᠢ ᠣᠯᠵᠤ ᠦᠵᠡᠭᠡᠳ᠂ ᠬᠤᠵᠢᠮ ᠨᠢ ᠮᠤᠨᠠ | ᠠᠭᠤᠯᠠ ᠶᠢᠨ ᠬᠠᠳᠠᠨ ᠵᠢᠷᠤᠭ ᠲᠤ ᠰᠢᠨᠵᠢᠯᠡᠬᠦ ᠤᠬᠠᠭᠠᠨᠴᠢ᠂ ᠰᠢᠰᠲ᠋ᠧᠮ ᠲᠠᠢ ᠪᠠᠶᠢᠴᠠᠭᠠᠯᠲᠠ ᠰᠤᠳᠤᠯᠤᠯᠲᠠ ᠬᠢᠵᠦ | ᠡᠬᠢᠯᠡᠪᠡ᠃ 2006 ᠣᠨ ᠳᠤ ᠮᠤᠨᠠ ᠠᠭᠤᠯᠠ ᠶᠢᠨ ᠬᠠᠳᠠᠨ ᠵᠢᠷᠤᠭ ᠢ ᠲᠥᠷᠥ ᠶᠢᠨ ᠶᠠᠪᠤᠳᠠᠯ ᠤᠨ ᠬᠤᠷᠢᠶᠠᠨ ᠠᠴᠠ | ᠵᠢᠷᠭᠤᠳᠤᠭᠠᠷ ᠪᠦᠯᠦᠭ ᠤᠨ ᠪᠦᠭᠦ ᠤᠯᠤᠰ ᠤᠨ ᠭᠤᠣᠯᠳᠠᠯᠭ᠎ᠠ ᠲᠠᠢ ᠲᠡᠦᠬᠡ ᠶᠢᠨ ᠳᠤᠷᠠᠰᠬᠠᠯᠲᠤ ᠵᠦᠢᠯᠡᠰ ᠤᠨ | ᠬᠠᠮᠠᠭᠠᠯᠠᠯᠲᠠ ᠶᠢᠨ ᠨᠢᠭᠡᠴᠢ ᠪᠠᠷ ᠨᠡᠶᠢᠲᠡᠯᠡᠪᠡ᠃ 2012 ᠣᠨ ᠳᠤ ᠤᠯᠤᠰ ᠤᠨ ᠲᠡᠦᠬᠡ ᠶᠢᠨ ᠳᠤᠷᠠᠰᠬᠠᠯᠲᠤ | ᠵᠦᠢᠯᠡᠰ ᠤᠨ ᠲᠣᠪᠴᠢᠶ᠎ᠠ ᠠᠴᠠ ᠮᠤᠨᠠ ᠠᠭᠤᠯᠠ ᠶᠢᠨ ᠬᠠᠳᠠᠨ ᠵᠢᠷᠤᠭ ᠢ ︽ᠳᠤᠮᠳᠠᠳᠤ ᠤᠯᠤᠰ ᠤᠨ ᠳᠡᠯᠡᠬᠡᠢ ᠶᠢᠨ | ᠰᠣᠶᠣᠯ ᠤᠨ ᠥᠪ ᠢᠶᠠᠷ ᠮᠡᠳᠡᠭᠦᠯᠬᠦ ᠪᠡᠯᠡᠳᠬᠡᠯ ᠨᠡᠷᠡᠰ ᠤᠨ ᠵᠢᠭᠰᠠᠭᠠᠯᠲᠠ︾ ᠳᠤ ᠣᠷᠣᠭᠤᠯᠪᠠ᠃ | ᠬᠠᠳᠠᠨ ᠳᠡᠭᠡᠷ᠎ᠡ ᠦᠯᠡᠳᠡᠭᠰᠡᠨ ︽ᠰᠤᠳᠤᠷ ᠲᠡᠮᠳᠡᠭᠯᠡᠯ︾ | ᠥᠰᠥᠭ ᠪᠢᠴᠢᠭ ᠠᠴᠠ ᠡᠷᠲᠡ ᠪᠠᠶᠢᠭᠰᠠᠨ ᠪᠠᠯᠠᠷ ᠡᠷᠲᠡᠨ ᠤ ᠬᠠᠷᠠᠭᠠᠨ ᠰᠡᠷᠡᠯ ᠤᠨ ᠬᠡᠯᠡ ᠪᠣᠯᠤᠭᠰᠠᠨ ᠤ | ᠬᠤᠪᠢ ᠳᠤ᠂ ᠬᠠᠲᠠᠨ ᠵᠢᠷᠤᠭ ᠰᠢᠭᠤᠳ ᠬᠠᠷᠠᠭᠳᠠᠬᠤ ᠵᠢᠷᠤᠭ ᠳᠦᠷᠰᠦ ᠪᠠ ᠬᠡᠶᠢᠰᠪᠦᠷᠢ ᠲᠡᠮᠳᠡᠭ ᠢᠶᠠᠷ ᠬᠥᠮᠥᠨ | ᠲᠥᠷᠥᠯᠬᠢᠲᠡᠨ ᠤ ᠦᠵᠡᠯ ᠰᠠᠨᠠᠭ᠎ᠠ ᠤᠬᠠᠮᠰᠠᠷ ᠢ ᠢᠯᠡᠳᠬᠡᠵᠦ᠂ ᠪᠠᠯᠠᠷ ᠡᠷᠲᠡᠨ ᠤ ᠬᠥᠮᠥᠨ ᠲᠥᠷᠥᠯᠬᠢᠲᠡᠨ ᠤ | ᠠᠮᠢᠳᠤᠷᠠᠯ ᠤᠨ ᠬᠤᠷᠢᠶᠠᠩᠭᠤᠢ ᠪᠠ ᠲᠡᠦᠬᠡ ᠶᠢᠨ ᠬᠤᠷᠠᠮᠳᠤᠯ ᠪᠣᠯᠵᠤ᠂ ᠪᠠᠯᠠᠷ ᠡᠷᠲᠡᠨ ᠤ ᠨᠡᠶᠢᠭᠡᠮ ᠤᠨ ᠬᠥᠮᠥᠨ ᠤ | ᠬᠠᠷᠢᠯᠴᠠᠭᠠᠨ ᠤ ︽ᠲᠡᠦᠬᠡᠨ ᠠᠴᠠ ᠡᠮᠦᠨᠡᠬᠢ ᠥᠰᠥᠭ ᠪᠢᠴᠢᠭ︾ ᠪᠠ ᠬᠠᠲᠠᠨ ᠳᠡᠭᠡᠷ᠎ᠡ ᠦᠯᠡᠳᠡᠭᠰᠡᠨ︽ᠰᠤᠳᠤᠷ | ᠲᠡᠮᠳᠡᠭᠯᠡᠯ︾ᠬᠡᠮᠡᠭᠳᠡᠭᠰᠡᠨ ᠪᠠᠶᠢᠨ᠎ᠠ᠃ ᠮᠢᠩᠭ᠎ᠠ ᠲᠦᠮᠡᠨ ᠵᠢᠯ ᠤᠨ ᠰᠠᠯᠬᠢ ᠪᠣᠷᠣᠭᠠᠨ ᠬᠤᠪᠢᠰᠤᠯᠲᠠ ᠤᠯᠠᠷᠢᠯᠲᠠ ᠶᠢ | ᠲᠤᠭᠤᠯᠤᠭᠠᠳ᠂ ᠮᠤᠨᠠ ᠠᠭᠤᠯᠠ ᠶᠢᠨ ᠬᠠᠳᠠᠨ ᠵᠢᠷᠤᠭ ᠠᠴᠠ ᠪᠢᠳᠡ ᠡᠷᠲᠡᠨ ᠤ ᠬᠥᠮᠥᠨ ᠤ ᠬᠡᠰᠡᠭ ᠪᠤᠰᠠᠭ | ᠪᠣᠳᠠᠰ ᠤᠨ ᠪᠠ ᠣᠶᠤᠨ ᠤ ᠠᠮᠢᠳᠤᠷᠠᠯ ᠢ ᠣᠯᠵᠤ ᠬᠠᠷᠠᠨ᠎ᠠ᠃ | | | ᠬᠠᠭᠤᠴᠢ ᠰᠤᠳᠤᠯᠤᠭᠴᠢᠳ ᠲᠥᠪᠡᠳ ᠬᠡᠯᠡᠨ ᠤ ᠬᠠᠳᠠᠨ ᠵᠢᠷᠤᠭ ᠢ ᠢᠯᠡᠷᠡᠭᠦᠯᠪᠡ | | | ︽ᠮᠤᠨᠠ ᠠᠭᠤᠯᠠ ᠶᠢᠨ ᠬᠠᠲᠠᠨ ᠵᠢᠷᠤᠭ ᠪᠣᠯ ᠳᠡᠯᠡᠬᠡᠢ ᠳᠡᠭᠡᠷᠡᠬᠢ ᠬᠠᠮᠤᠭ ᠤᠨ ᠪᠠᠶᠠᠯᠢᠭ ᠬᠠᠲᠠᠨ ᠵᠢᠷᠤᠭ ᠤᠨ | ᠨᠢᠭᠡ ᠪᠣᠯᠣᠨ᠎ᠠ᠂ ᠲᠡᠷᠡ ᠨᠢ ᠳᠤᠮᠳᠠᠳᠤ ᠤᠯᠤᠰ ᠤᠨ ᠤᠮᠠᠷᠠᠲᠤ ᠶᠢᠨ ᠨᠡᠭᠦᠳᠡᠯᠴᠢᠨ ᠦᠨᠳᠦᠰᠦᠲᠡᠨ ᠤ ᠦᠢᠯᠡᠳᠪᠦᠷᠢᠯᠡᠯ | ᠠᠮᠢᠳᠤᠷᠠᠯ ᠤᠨ ᠠᠬᠤᠢ ᠪᠠᠶᠢᠳᠠᠯ ᠪᠠ ᠭᠤᠸ᠎ᠠ ᠲᠠᠭᠠᠰᠢᠶᠠᠯ ᠤᠨ ᠦᠵᠡᠯᠲᠡ ᠶᠢ ᠦᠨᠡᠨ ᠪᠣᠳᠠᠲᠠᠢ ᠲᠡᠮᠳᠡᠭᠯᠡᠵᠡᠢ︾ ᠭᠡᠵᠦ | ᠥᠪᠥᠷ ᠮᠣᠩᠭᠤᠯ ᠤᠨ ᠲᠡᠦᠬᠡ ᠶᠢᠨ ᠳᠤᠷᠠᠰᠬᠠᠯᠲᠤ ᠵᠦᠢᠯᠡᠰ ᠬᠠᠭᠤᠴᠢ ᠰᠤᠳᠤᠯᠤᠯ ᠤᠨ ᠬᠦᠷᠢᠶᠡᠯᠡᠩ ᠤᠨ | ᠰᠤᠳᠤᠯᠤᠭᠴᠢ ᠭᠧ ᡁᠢ ᠶᠦᠩ ᠬᠡᠯᠡᠵᠦ ᠪᠠᠶᠢᠯ᠎ᠠ᠂ ᠮᠤᠨᠠ ᠠᠭᠤᠯᠠ ᠶᠢᠨ ᠬᠠᠲᠠᠨ ᠵᠢᠷᠤᠭ ᠪᠠᠶᠢᠭ᠎ᠠ ᠭᠠᠵᠠᠷ | ᠲᠥᠪᠯᠡᠷᠡᠩᠭᠦᠢ ᠣᠷᠣᠰᠢᠵᠤ᠂ ᠴᠠᠭ ᠦᠶ᠎ᠡ ᠶᠢ ᠰᠤᠨᠳᠠᠯᠠᠭᠰᠠᠨ ᠨᠢ ᠶᠡᠭᠡ᠂ ᠠᠭᠤᠯᠭ᠎ᠠ ᠨᠢ ᠪᠠᠶᠠᠯᠢᠭ᠂ ᠤᠷᠠᠯᠢᠭ ᠤᠨ | ᠣᠨᠴᠠᠯᠢᠭ ᠨᠢ ᠨᠡᠯᠢᠶᠡᠳ ᠪᠣᠷᠣᠭᠵᠢᠭᠤᠨ᠂ ᠠᠮᠢᠳᠤᠯᠢᠭ ᠪᠥᠭᠡᠳ ᠭᠦᠨ ᠵᠤᠵᠠᠭᠠᠨ ᠠᠮᠢᠳᠤᠷᠠᠯ ᠤᠨ ᠠᠭᠤᠷ | ᠠᠮᠢᠰᠬᠤᠯ ᠲᠠᠢ ᠪᠠᠶᠢᠵᠤ᠂ ᠪᠠᠯᠠᠷ ᠡᠷᠲᠡᠨ ᠤ ᠤᠷᠠᠯᠢᠭ ᠤᠨ ᠳᠠᠭᠢᠨ ᠪᠦᠲᠦᠭᠡᠭᠰᠡᠨ ᠣᠨᠴᠠᠯᠢᠭ ᠲᠠᠢ ᠪᠠᠶᠢᠳᠠᠭ᠃ | ᠳᠤᠮᠳᠠᠳᠤ ᠤᠯᠤᠰ ᠤᠨ ᠤᠮᠠᠷᠠᠲᠤ ᠶᠢᠨ ᠨᠡᠭᠦᠳᠡᠯᠴᠢᠨ ᠦᠨᠳᠦᠰᠦᠲᠡᠨ ᠤ ᠠᠮᠢᠳᠤᠷᠠᠯ ᠤᠨ ᠠᠬᠤᠢ ᠪᠠᠶᠢᠳᠠᠯ᠂ | ᠰᠢᠲᠦᠭᠡᠨ ᠪᠢᠰᠢᠷᠡᠯ᠂ ᠦᠢᠯᠡᠳᠪᠦᠷᠢᠯᠡᠯ ᠤᠨ ᠬᠦᠴᠦᠨ ᠤ ᠬᠥᠭᠵᠢᠯᠲᠡ ᠶᠢᠨ ᠬᠢᠷᠢ ᠲᠦᠪᠰᠢᠨ ᠵᠡᠷᠭᠡ ᠶᠢᠨ ᠲᠤᠬᠠᠢ | ᠮᠤᠨᠠ ᠠᠭᠤᠯᠠ ᠶᠢᠨ ᠬᠠᠲᠠᠨ ᠵᠢᠷᠤᠭ ᠠᠴᠠ ᠬᠠᠷᠢᠭᠤᠯᠲᠠ ᠶᠢ ᠨᠢ ᠣᠯᠬᠤ ᠪᠠᠷ ᠲᠤᠷᠰᠢᠵᠤ ᠪᠣᠯᠣᠨ᠎ᠠ᠄ | ᠲᠦᠮᠡ ᠭᠠᠷᠤᠢ ᠵᠢᠯ ᠤᠨ ᠡᠮᠦᠨ᠎ᠡ᠂ ᠮᠤᠨᠠ ᠠᠭᠤᠯᠠ ᠶᠢᠨ ᠣᠷᠣᠨ ᠤ ᠠᠭᠤᠷ ᠠᠮᠢᠰᠬᠤᠯ ᠲᠠᠭᠠᠯᠠᠮᠵᠢᠲᠠᠢ᠂ | ᠬᠠᠲᠤᠨ ᠭᠤᠣᠯ ᠤᠨ ᠤᠷᠤᠰᠬᠠᠯ ᠶᠡᠭᠡ᠂ ᠮᠤᠨᠠ ᠠᠭᠤᠯᠠ ᠶᠢᠨ ᠡᠮᠦᠨ᠎ᠡ ᠬᠤᠷᠮᠣᠢ ᠳᠤ ᠰᠠᠭᠤᠷᠢᠰᠢᠵᠤ ᠪᠠᠶᠢᠭ᠎ᠠ | ᠪᠣᠷᠣᠳᠣᠬᠤᠢ ᠶᠢᠨ ᠬᠥᠮᠥᠰ ᠤᠰᠤ ᠡᠯᠪᠡᠭ ᠪᠡᠯᠴᠢᠭᠡᠷ ᠰᠢᠮᠡᠯᠢᠭ᠂ ᠣᠷᠣᠵᠤ ᠭᠠᠷᠬᠤ ᠳᠤ ᠲᠥᠭᠦᠮ ᠬᠤᠶᠠᠷ ᠪᠣᠭᠳᠠ | ᠠᠭᠤᠯᠠ ᠶᠢᠨ ᠵᠡᠭᠦᠨ ᠬᠡᠰᠡᠭ ᠤᠨ ᠬᠠᠶᠢᠯᠠᠰᠤᠲᠠᠢ᠂ ᠬᠠᠨ ᠠᠭᠤᠯᠠ ᠤᠷᠭᠢᠯ ᠤᠨ ᠣᠷᠴᠢᠮ ︵ᠣᠲᠣ ᠶᠢᠨ ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠠᠶᠠᠨᠨᠠᠭᠤᠷ ᠬᠤᠲᠠ ᠶᠢᠨ ᠦᠶᠤᠸᠠᠨ ᠰᠢᠶᠠᠨ ᠤ ᠰᠢᠶᠠᠨ ᠤ | ᠬᠤᠲᠠ ᠠᠴᠠ ᠪᠠᠷᠠᠭᠤᠨ ᠬᠤᠶᠢᠰᠢ 30 ᠺᠢᠯᠣᠮᠧᠲᠷ︶ ᠪᠠ ᠬᠤᠶᠠᠷ ᠪᠣᠭᠳᠠ ᠠᠭᠤᠯᠠ ᠶᠢᠨ ᠪᠠᠷᠠᠭᠤᠨ ᠲᠥᠪ ᠤᠨ ᠳ᠋ᠡ | ᠪᠠ ᠭᠧᠦ ᠣᠷᠴᠢᠮ ᠠᠮᠢᠳᠤᠷᠠᠵᠤ ᠪᠠᠶᠢᠪᠠ᠃ ᠲᠠᠳᠠ ᠴᠢᠯᠠᠭᠤᠨ ᠪᠠᠭᠠᠵᠢ ᠪᠠᠷ ᠬᠠᠲᠠᠨ ᠳᠡᠭᠡᠷ᠎ᠡ ᠵᠢᠭᠳᠡ ᠪᠤᠰᠤ᠂ ᠬᠡᠰᠡᠭ | ᠪᠤᠰᠠᠭ ᠵᠢᠷᠤᠭᠠᠰᠤ ᠪᠠᠷ ᠳᠦᠷᠰᠦ ᠪᠠᠶᠢᠳᠠᠯ ᠰᠡᠶᠢᠯᠦᠨ᠂ ᠳᠠᠷᠠᠭ᠎ᠠ ᠨᠢ ᠨᠣᠶᠢᠲᠠᠨ ᠡᠯᠡᠰᠦ ᠪᠤᠶᠤ ᠱᠣᠷᠣᠯᠠᠭᠰᠠᠨ | ᠴᠢᠯᠠᠭᠤ ᠪᠠᠷ ᠱᠦᠷᠭᠦᠭᠡᠭᠡᠳ ᠬᠢᠯᠠᠭᠠᠷ ᠪᠤᠯᠭᠠᠵᠤ᠂ ᠶᠠᠩᠭᠢᠷ᠂ ᠲᠠᠬᠢ᠂ ᠬᠤᠯᠠᠨ᠂ ᠵᠡᠭᠡᠷ᠎ᠡ᠂ ᠲᠤᠷᠤᠭ ᠪᠤᠭᠤ᠂ ᠴᠠ ᠪᠤᠭᠤ᠂ | ᠵᠡᠷᠯᠢᠭ ᠦᠬᠡᠷ ᠵᠡᠷᠭᠡ ᠠᠮᠢᠲᠠᠨ ᠢ ᠲᠥᠭᠦᠮ ᠢᠶᠠᠷ ᠬᠠᠳᠠᠨ ᠳᠡᠭᠡᠷ᠎ᠡ ᠰᠡᠶᠢᠯᠦᠭᠰᠡᠨ ᠪᠠᠶᠢᠨ᠎ᠠ᠃ | ᠨᠡᠶᠢᠲᠡ ᠶᠢᠨ ᠣᠨ ᠲᠣᠭᠠᠯᠠᠯ ᠤᠨ 4000 ᠭᠠᠷᠤᠢ ᠵᠢᠯ ᠤᠨ ᠡᠮᠦᠨ᠎ᠡ᠂ ᠲᠠᠳᠠ ᠥᠪᠡᠷ ᠤᠨ ᠳᠦᠷᠢ ᠪᠠᠶᠢᠳᠠᠯ | ᠢᠶᠠᠷ ᠢᠶᠠᠨ ᠨᠡᠷᠡᠨ ᠰᠠᠬᠢᠭᠤᠯᠰᠤᠨ ᠪᠠ ᠰᠠᠷᠠᠨ ᠰᠠᠬᠢᠭᠤᠯᠰᠤᠨ ᠢ ᠪᠦᠲᠦᠭᠡᠭᠡᠳ᠂ ᠨᠦᠬᠡᠯᠡᠬᠦ ᠠᠷᠭ᠎ᠠ ᠪᠠᠷ ᠬᠠᠳᠠᠨ | ᠳᠡᠭᠡᠷ᠎ᠡ ᠤᠨᠤᠪᠴᠢᠲᠠᠢ ᠰᠡᠶᠢᠯᠵᠤ ᠭᠠᠷᠭᠠᠪᠠ᠃ ᠨᠡᠶᠢᠲᠡ ᠶᠢᠨ ᠣᠨ ᠲᠣᠭᠠᠯᠠᠯ ᠤᠨ 3000 ᠭᠠᠷᠤᠢ ᠵᠢᠯ ᠤᠨ ᠡᠮᠦᠨ᠎ᠡ᠂ | ᠨᠤᠮᠤ ᠶᠢ ᠡᠭᠦᠳᠴᠦ ᠬᠡᠷᠡᠭᠯᠡᠭᠰᠡᠨ ᠠᠴᠠ ᠠᠳᠡᠬᠢ ᠠᠩ ᠠᠩᠨᠠᠯ ᠤᠨ ᠦᠢᠯᠡᠰ ᠦᠳᠲᠡᠷ ᠲᠦᠷᠭᠡᠨ ᠬᠥᠭᠵᠢᠭᠰᠡᠨ | ᠪᠠᠶᠢᠨ᠎ᠠ᠃ ᠬᠥᠮᠥᠨ ᠲᠥᠷᠥᠯᠬᠢᠲᠡᠨ ᠣᠷᠳᠣ ᠤᠳᠠᠭᠠᠨ ᠲᠡᠦᠬᠡᠨ ᠬᠤᠭᠤᠴᠠᠭ᠎ᠠ ᠶᠢ ᠳᠠᠮᠵᠢᠭᠠᠳ ᠠᠮᠢᠲᠠᠨ ᠢ | ᠭᠠᠷᠰᠢᠭᠤᠯᠤᠨ ᠲᠡᠵᠢᠭᠡᠵᠡᠢ᠂ ᠲᠠᠳᠠ ᠠᠮᠢᠲᠠᠨ ᠢ ᠭᠠᠷᠰᠢᠭᠤᠯᠵᠤ ᠲᠡᠵᠢᠭᠡᠭᠰᠡᠨ ᠪᠠᠶᠢᠳᠠᠯ ᠢᠶᠠᠨ ᠬᠠᠲᠠᠨ ᠳᠡᠭᠡᠷ᠎ᠡ | ᠰᠡᠶᠢᠯᠦᠭᠰᠡᠨ ᠪᠠᠶᠢᠯ᠎ᠠ᠃ | ᠬᠦᠷᠡᠯ ᠵᠡᠪᠰᠡᠭ ᠤᠨ ᠦᠶ᠎ᠡ ᠳᠤ ᠬᠦᠷᠡᠯ ᠪᠠᠭᠠᠵᠢ ᠶᠢ ᠬᠡᠷᠡᠭᠯᠡᠭᠰᠡᠨ ᠠᠴᠠ ᠮᠤᠨᠠ ᠠᠭᠤᠯᠠ ᠶᠢᠨ ᠡᠮᠦᠨ᠎ᠡ | ᠤᠮᠠᠷ᠎ᠠ ᠶᠢᠨ ᠠᠵᠤ ᠠᠬᠤᠢ ᠳᠤ ᠴᠢᠬᠤᠯᠠ ᠶᠡᠭᠡ ᠬᠤᠪᠢᠷᠠᠯᠲᠠ ᠭᠠᠷᠴᠤ᠂ ᠮᠤᠨᠠ ᠠᠭᠤᠯᠠ ᠶᠢᠨ ᠣᠷᠣᠨ ᠤ ᠮᠠᠯ ᠠᠵᠤ | ᠠᠬᠤᠢ ᠦᠳᠲᠡᠷ ᠲᠦᠷᠭᠡᠨ ᠬᠥᠭᠵᠢᠵᠦ᠂ ᠮᠤᠨᠠ ᠠᠭᠤᠯᠠ ᠶᠢᠨ ᠬᠠᠳᠠᠨ ᠵᠢᠷᠤᠭ ᠤᠨ ᠵᠣᠬᠢᠶᠠᠨ ᠪᠦᠲᠦᠭᠡᠯᠭᠡ ᠴᠦ | ᠣᠷᠭᠢᠯ ᠳᠠᠭᠠᠨ ᠭᠦᠷᠦᠭᠰᠡᠨ ᠪᠠᠶᠢᠨ᠎ᠠ᠃ ᠡᠨᠡ ᠬᠦ ᠬᠤᠭᠤᠴᠠᠭᠠᠨ ᠳᠠᠬᠢ ᠬᠠᠲᠠᠨ ᠵᠢᠷᠤᠭ ᠤᠨ ᠠᠭᠤᠯᠭ᠎ᠠ | ᠪᠠᠶᠠᠯᠢᠭᠵᠢᠭᠠᠳ᠂ ᠠᠮᠢᠲᠠᠨ ᠠᠷᠢᠶᠠᠲᠠᠨ᠂ ᠠᠩ ᠠᠩᠨᠠᠯ᠂ ᠵᠠᠯᠪᠠᠷᠢᠯ ᠳᠠᠭᠠᠳᠬᠠᠯ᠂ ᠳᠠᠭᠤᠤ ᠪᠥᠵᠢᠭ᠂ ᠭᠠᠷᠰᠢᠭᠤᠯᠵᠤ | ᠲᠡᠵᠢᠭᠡᠬᠦ ᠵᠡᠷᠭᠡ ᠵᠢᠷᠤᠭ ᠠᠴᠠ ᠭᠠᠳᠠᠨ᠎ᠠ᠂ ᠪᠠᠰᠠ ᠲᠡᠷᠭᠡ ᠬᠥᠰᠬᠡ᠂ ᠮᠠᠶᠢᠬᠠᠨ᠂ ᠣᠳᠣᠨ ᠴᠣᠭᠴᠠᠰ᠂ ᠤᠯᠠᠷᠢᠯ ᠵᠡᠷᠭᠡ | ᠵᠢᠷᠤᠭ ᠢᠯᠡᠷᠡᠵᠡᠢ᠃ ᠡᠭᠦᠨ ᠤ ᠬᠠᠮᠲᠤ᠂ ᠬᠠᠲᠠᠨ ᠵᠢᠷᠤᠭ ᠤᠨ ᠤᠷᠠᠯᠢᠭ ᠤᠨ ᠣᠨᠴᠠᠯᠢᠭ ᠪᠣᠳᠠᠲᠤ ᠳᠦᠷᠢ ᠨᠢ ᠨᠡᠩ | ᠲᠣᠳᠣ ᠪᠣᠯᠵᠤ᠂ ᠠᠮᠢᠲᠠᠨ ᠤ ᠳᠣᠲᠣᠨᠣᠴᠢᠯᠠᠬᠤ᠂ ᠰᠦᠷᠦᠭᠯᠡᠨ ᠣᠷᠣᠰᠢᠬᠤ᠂ ᠲᠡᠮᠡᠴᠡᠯᠳᠦᠨ ᠢᠳᠡᠰᠢ ᠢᠳᠡᠬᠦ ᠵᠡᠷᠭᠡ | ᠠᠬᠤᠢ ᠪᠠᠶᠢᠳᠠᠯ ᠢᠯᠡᠷᠡᠭᠰᠡᠨ ᠪᠠᠶᠢᠨ᠎ᠠ᠃ ᠣᠯᠠᠩᠬᠢ ᠳᠠᠭᠠᠨ ᠵᠣᠬᠰᠣᠬᠤ᠂ ᠳᠠᠪᠬᠢᠬᠤ᠂ ᠬᠡᠪᠲᠡᠬᠦ ᠵᠡᠷᠭᠡ ᠪᠠᠶᠢᠳᠠᠯ ᠲᠠᠢ | ᠠᠮᠢᠲᠠᠨ ᠤ ᠳᠦᠷᠢ ᠶᠢ ᠪᠦᠲᠦᠭᠡᠭᠰᠡᠨ ᠪᠤᠶᠤ ᠭᠦᠶᠦᠬᠦ ᠳᠡᠭᠡᠨ ᠳᠥᠷᠪᠡᠨ ᠲᠤᠭᠤᠷᠠᠢ ᠪᠠᠨ ᠨᠡᠶᠢᠯᠡᠭᠦᠯᠦᠭᠰᠡᠨ ᠬᠤᠷᠣᠮ | ᠵᠠᠭᠤᠷ᠎ᠠ ᠶᠢ ᠵᠢᠷᠤᠵᠤ᠂ ᠣᠷᠳᠣᠰ ᠤᠨ ᠬᠦᠷᠡᠯ ᠤᠷᠠᠯᠢᠭ ᠲᠠᠢ ᠤᠯᠠᠨ ᠲᠠᠯ᠎ᠠ ᠪᠠᠷ ᠠᠳᠠᠯᠢ ᠲᠠᠯ᠎ᠠ ᠲᠠᠢ ᠪᠠᠶᠢᠵᠠᠢ᠃ | ᠲᠡᠮᠦᠷ ᠪᠠᠭᠠᠵᠢ ᠲᠦᠭᠡᠮᠡᠯᠵᠢᠭᠰᠡᠨ ᠤ ᠳᠠᠷᠠᠭ᠎ᠠ᠂ ᠲᠡᠮᠦᠷᠯᠢᠭ ᠪᠠᠭᠠᠵᠢ ᠪᠠᠷ ᠰᠡᠶᠢᠯᠦᠭᠰᠡᠨ ᠰᠡᠶᠢᠯᠦᠮᠡᠯ | ᠵᠢᠷᠤᠭᠠᠰᠤ ᠲᠠᠢ ᠬᠠᠳᠠᠨ ᠵᠢᠷᠤᠭ ᠢᠯᠡᠷᠡᠪᠡ᠃ ᠤᠮᠠᠷᠠᠲᠤ ᠲᠥᠷᠥ ᠶᠢᠨ ᠦᠶ᠎ᠡ ᠳᠤ ᠤᠮᠠᠷᠠᠲᠤ ᠶᠢᠨ ᠨᠡᠭᠦᠳᠡᠯᠴᠢᠨ | ᠦᠨᠳᠦᠰᠦᠲᠡᠨ ᠤ ᠠᠩᠬᠠᠨ ᠤ ᠥᠰᠥᠭ ᠪᠢᠴᠢᠭ ᠪᠤᠯᠬᠤ ᠲᠦᠷᠭᠦᠳ ᠥᠰᠥᠭ ᠭᠠᠷᠴᠤ ᠢᠷᠡᠬᠦ ᠶᠢ ᠳᠠᠭᠠᠯᠳᠤᠨ᠂ | ᠥᠰᠥᠭ ᠪᠢᠴᠢᠭ ᠢ ᠣᠷᠣᠯᠠᠨ ᠠᠮᠢᠳᠤᠷᠠᠯ ᠢ ᠲᠡᠮᠳᠡᠭᠯᠡᠭᠰᠡᠨ ᠬᠠᠲᠠᠨ ᠵᠢᠷᠤᠭ ᠲᠡᠦᠬᠡᠲᠦ ᠡᠭᠦᠷᠭᠡ ᠪᠠᠨ ᠪᠡᠶᠡᠯᠡᠭᠦᠯᠦᠭᠡᠳ᠂ | ᠬᠤᠵᠢᠮ ᠨᠢ ᠬᠠᠲᠠᠨ ᠵᠢᠷᠤᠭ ᠡᠳᠦᠷ ᠢᠷᠡᠬᠦᠶ᠎ᠡ ᠳᠣᠷᠣᠶᠢᠲᠠᠭᠰᠠᠨ ᠪᠠᠶᠢᠨ᠎ᠠ᠃ | ᠦᠨᠳᠦᠰᠦᠲᠡᠨ ᠨᠦᠭᠦᠳ ᠤᠨ ᠠᠭᠤᠰᠤᠯᠴᠠᠯ ᠬᠥᠭᠵᠢᠯ ᠤᠨ ᠭᠡᠷᠡᠴᠢ | ᠡᠳᠦᠭᠡ ᠬᠥᠮᠥᠰ ᠮᠤᠨᠠ ᠠᠭᠤᠯᠠ ᠶᠢᠨ ᠬᠠᠳᠠᠨ ᠵᠢᠷᠤᠭ ᠢ ᠳᠠᠬᠢᠨᠲᠠ ᠠᠵᠢᠭᠯᠠᠨ ᠰᠢᠨᠵᠢᠵᠦ᠂ ᠲᠡᠭᠦᠨ ᠢ | ︽ᠡᠷᠲᠡᠨ ᠤ ᠤᠮᠠᠷᠠᠲᠤ ᠶᠢᠨ ᠦᠨᠳᠦᠰᠦᠲᠡᠨ ᠨᠦᠭᠦᠳ ᠤᠨ ᠪᠣᠯᠪᠠᠰᠤᠨ ᠤ ᠥᠩᠭᠡᠷᠡᠯᠲᠡ ᠶᠢᠨ ᠮᠢᠩᠭᠠᠨ ᠭᠠᠵᠠᠷ ᠤᠨ | ᠵᠢᠷᠤᠭᠲᠤ ᠬᠤᠩᠭᠢᠯ︾᠂︽ᠪᠣᠷᠣᠳᠣᠬᠤᠢ ᠶᠢᠨ ᠰᠣᠶᠣᠯ ᠤᠨ ᠡᠷᠳᠡᠨᠢᠰ ᠤᠨ ᠰᠠᠩ︾ ᠬᠡᠮᠡᠨ ᠵᠦᠢᠷᠯᠡᠵᠦ ᠪᠠᠶᠢᠳᠠᠭ᠃ | ᠠᠭᠤᠯᠠᠨ ᠭᠦᠨ ᠳᠠᠬᠢ ᠬᠠᠲᠠᠨ ᠵᠢᠷᠤᠭ ᠠᠭᠠᠵᠢᠮ ᠢᠶᠠᠷ ᠰᠡᠷᠭᠦᠵᠦ᠂ ᠬᠥᠮᠥᠨ ᠲᠥᠷᠥᠯᠬᠢᠲᠡᠨ ᠤ ᠪᠣᠯᠪᠠᠰᠤᠨ ᠤ | ᠬᠥᠭᠵᠢᠯᠲᠡ ᠶᠢᠨ ᠲᠡᠦᠬᠡᠨ ᠳᠠᠬᠢ ᠲᠤᠶᠢᠯ ᠤᠨ ᠬᠤᠪᠣᠷ ᠨᠠᠨᠳᠢᠨ ᠡᠳ᠋ ᠬᠥᠷᠥᠩᠭᠡ ᠪᠣᠯᠵᠠᠢ᠃ | ᠬᠠᠭᠤᠴᠢ ᠰᠤᠳᠤᠯᠤᠭᠴᠢ ᠪᠥᠭᠡᠳ ᠬᠠᠲᠠᠨ ᠵᠢᠷᠤᠭ ᠤᠨ ᠰᠤᠳᠤᠯᠭᠠᠲᠠᠨ ᠭᠧ ᠱᠠᠨ ᠯᠢᠨ ᠠᠮᠢᠳᠤ ᠰᠡᠷᠡᠭᠦᠨ | ᠪᠠᠶᠢᠬᠤ ᠳᠠᠭᠠᠨ ᠰᠣᠷᠪᠤᠯᠵᠢᠯᠠᠭ᠎ᠠ ᠬᠦᠯᠢᠶᠡᠬᠦ ᠦᠶᠡᠰ ᠬᠡᠯᠡᠭᠰᠡᠨ ᠨᠢ᠄ 1976 ᠣᠨ ᠤ ᠵᠣᠨ ᠨᠠᠮᠤᠷ ᠤᠨ | ᠠᠭᠤᠯᠵᠠᠷ ᠲᠤ ᠥᠪᠥᠷ ᠮᠣᠩᠭᠤᠯ ᠤᠨ ᠰᠣᠶᠣᠯ ᠤᠨ ᠠᠵᠢᠯ ᠤᠨ ᠠᠩᠭᠢ ︵ᠣᠲᠣ ᠶᠢᠨ ᠥᠪᠥᠷ ᠮᠣᠩᠭᠤᠯ ᠤᠨ | ᠲᠡᠦᠬᠡ ᠶᠢᠨ ᠳᠤᠷᠠᠰᠬᠠᠯᠲᠤ ᠵᠦᠢᠯᠡᠰ ᠬᠠᠭᠤᠴᠢ ᠰᠤᠳᠤᠯᠤᠯ ᠤᠨ ᠬᠦᠷᠢᠶᠡᠯᠡᠩ︶ ᠲᠡᠭᠦᠨ ᠢ ᠪᠠᠶᠠᠨᠨᠠᠭᠤᠷ ᠬᠤᠲᠠ ᠶᠢᠨ | ᠤᠷᠠᠳ ᠤᠨ ᠬᠤᠶᠢᠲᠤ ᠬᠤᠰᠢᠭᠤᠨ ᠳᠤ ᠲᠣᠮᠢᠯᠠᠨ᠂ ᠬᠠᠨ ᠦ᠋ ᠳ᠋ᠢ ᠬᠠᠭᠠᠨ ᠤ ᠦᠶ᠎ᠡ ᠶᠢᠨ ᠣᠷᠳᠣ ᠴᠠᠭᠠᠨ ᠬᠡᠷᠡᠮ ᠢ | ᠰᠢᠨᠵᠢᠯᠡᠨ ᠪᠠᠶᠢᠴᠠᠭᠠᠯᠭᠠᠵᠠᠢ᠂ ᠲᠡᠷᠡ ᠤᠷᠠᠳ ᠤᠨ ᠳᠤᠮᠳᠠᠳᠤ ᠬᠤᠰᠢᠭᠤᠨ ᠤ ᠦᠵᠦᠭᠦᠷ ᠭᠤᠣᠯ ᠰᠢᠶᠠᠩ ᠢᠶᠠᠷ | ᠥᠩᠭᠡᠷᠡᠭᠡᠳ᠂ ᠨᠢᠭᠡ ᠵᠠᠯᠠᠭᠤ ᠶᠢᠨ ᠳᠠᠭᠠᠭᠤᠯᠭ᠎ᠠ ᠪᠠᠷ ᠤᠳᠠᠭᠠᠨ ᠵᠢᠯ ᠡᠷᠢᠵᠦ ᠬᠠᠶᠢᠭᠰᠠᠨ ᠬᠠᠲᠠᠨ ᠵᠢᠷᠤᠭ ᠪᠤᠯᠬᠤ | ᠮᠤᠨᠠ ᠠᠭᠤᠯᠠ ᠨᠢᠷᠤᠭᠤ ᠶᠢᠨ ᠳᠣᠲᠣᠷᠠᠬᠢ ᠮᠠᠰᠢ ᠡᠷᠲᠡᠨ ᠤ᠂ ᠲᠤᠶᠢᠯ ᠤᠨ ᠨᠡᠶᠢᠲᠡᠯᠢᠭ ᠠᠴᠢ ᠬᠤᠯᠪᠣᠭᠳᠠᠯ ᠲᠠᠢ | ᠨᠡᠷᠡᠨ ᠰᠠᠬᠢᠭᠤᠯᠰᠤᠨ ᠪᠠ ᠰᠠᠷᠠᠨ ᠰᠠᠬᠢᠭᠤᠯᠰᠤᠨ ᠤ ᠬᠠᠲᠠᠨ ᠵᠢᠷᠤᠭ ᠢ ᠣᠯᠵᠤ ᠦᠵᠡᠪᠡ᠃ ᠡᠭᠦᠨ ᠠᠴᠠ ᠬᠤᠶᠢᠰᠢ᠂ | ᠭᠧ ᠱᠠᠨ ᠯᠢᠨ ᠪᠠᠯᠠᠷ ᠡᠷᠲᠡᠨ ᠤ ᠵᠢᠷᠤᠭ ᠤᠨ ᠬᠤᠩᠭᠢᠯ ᠲᠠᠢ ᠣᠶᠢᠷᠠᠳᠴᠤ᠂ ᠮᠤᠨᠠ ᠠᠭᠤᠯᠠ ᠶᠢᠨ ᠬᠠᠲᠠᠨ ᠵᠢᠷᠤᠭ ᠴᠦ | ᠭᠦᠨ ᠨᠣᠶᠢᠷ ᠠᠴᠠ ᠪᠠᠨ ᠰᠡᠷᠢᠭᠰᠡᠨ ᠪᠠᠶᠢᠨ᠎ᠠ᠃ | | ᠥᠰᠥᠭ ᠪᠢᠴᠢᠭ ᠤᠨ ᠬᠠᠳᠠᠨ ᠵᠢᠷᠤᠭ | | | | | ᠠᠩ ᠠᠩᠨᠠᠯ ᠤᠨ ᠬᠠᠲᠠᠨ ᠵᠢᠷᠤᠭ | | | ᠮᠤᠨᠠ ᠠᠭᠤᠯᠠ ᠶᠢᠨ ᠬᠠᠳᠠᠨ ᠵᠢᠷᠤᠭ ᠤᠨ ᠣᠷᠣᠰᠢᠵᠤ ᠪᠠᠶᠢᠭ᠎ᠠ ᠪᠣᠷᠣᠳᠣᠬᠤᠢ ᠶᠢᠨ ᠣᠷᠣᠨ ᠪᠣᠯ ᠲᠠᠷᠢᠶᠠᠯᠠᠬᠤ | ᠪᠣᠯᠪᠠᠰᠤᠨ ᠬᠢᠭᠡᠳ ᠨᠡᠭᠦᠳᠡᠯ ᠮᠠᠯᠵᠢᠯ ᠤᠨ ᠪᠣᠯᠪᠠᠰᠤᠨ ᠤ ᠳᠡᠭᠡᠳᠦ ᠬᠡᠮᠵᠢᠶᠡᠨ ᠤ ᠠᠭᠤᠰᠤᠯᠴᠠᠯ ᠤᠨ ᠣᠷᠣᠨ ᠪᠣᠯᠣᠨ᠎ᠠ᠃ | ᠳᠤᠮᠳᠠᠳᠤ ᠤᠯᠤᠰ ᠤᠨ ᠲᠡᠦᠬᠡᠨ ᠳᠡᠭᠡᠷᠡᠬᠢ ᠮᠠᠰᠢ ᠣᠯᠠᠨ ᠦᠨᠳᠦᠰᠦᠲᠡᠨ ᠠᠳᠡ ᠣᠷᠣᠰᠢᠨ ᠠᠮᠢᠳᠤᠷᠠᠵᠤ᠂ ᠡᠨᠡ | ᠭᠠᠵᠠᠷ ᠨᠢ ᠣᠯᠠᠨ ᠦᠨᠳᠦᠰᠦᠲᠡᠨ ᠤ ᠬᠥᠭᠵᠢᠵᠦ ᠪᠠᠳᠠᠷᠠᠭᠰᠠᠨ ᠥᠯᠥᠭᠡᠢ ᠪᠣᠯᠵᠠᠢ᠂ ᠬᠠᠲᠠᠨ ᠵᠢᠷᠤᠭ ᠲᠠᠬᠢ ᠠᠩ | ᠠᠩᠨᠠᠬᠤ᠂ ᠲᠠᠷᠢᠶᠠᠯᠠᠬᠤ᠂ ᠮᠠᠯᠵᠢᠬᠤ᠂ ᠲᠠᠭᠢᠯᠭ᠎ᠠ ᠬᠢᠬᠦ ᠵᠡᠷᠭᠡ ᠠᠭᠤᠯᠭ᠎ᠠ ᠨᠢ ᠳᠠᠷᠤᠢ ᠠᠳᠡ ᠠᠮᠢᠳᠤᠷᠠᠵᠤ ᠪᠠᠶᠢᠭ᠎ᠠ | ᠦᠨᠳᠦᠰᠦᠲᠡᠨ ᠨᠦᠭᠦᠳ ᠤᠨ ᠠᠭᠤᠰᠤᠯᠴᠠᠨ ᠬᠥᠭᠵᠢᠭᠰᠡᠨ ᠤ ᠭᠡᠷᠡᠴᠢ ᠪᠣᠯᠤᠭᠰᠠᠨ ᠪᠠᠶᠢᠨ᠎ᠠ᠃︽ᠲᠡᠦᠬᠡᠨ ᠰᠤᠷᠪᠤᠯᠵᠢ | ᠪᠢᠴᠢᠭ ᠮᠠᠲ᠋ᠧᠷᠢᠶᠠᠯ ᠲᠤᠶᠢᠯ ᠤᠨ ᠬᠤᠪᠣᠷ ᠬᠤᠮᠰᠠ᠂ ᠬᠠᠭᠤᠴᠢ ᠰᠤᠳᠤᠯᠤᠯ ᠤᠨ ᠮᠠᠲ᠋ᠧᠷᠢᠶᠠᠯ ᠴᠤ ᠬᠠᠷᠢᠴᠠᠩᠭᠤᠢ | ᠳᠤᠲᠠᠮᠠᠭ ᠤᠴᠢᠷ ᠠᠴᠠ ᠮᠤᠨᠠ ᠠᠭᠤᠯᠠ ᠶᠢᠨ ᠬᠠᠲᠠᠨ ᠵᠢᠷᠤᠭ ᠡᠲᠡᠭᠡᠷ ᠦᠨᠳᠦᠰᠦᠲᠡᠨ ᠤ ᠠᠮᠢᠳᠤᠷᠠᠯ ᠢ ᠰᠤᠳᠤᠯᠬᠤ | ᠠᠮᠢᠳᠤ ᠴᠢᠯᠠᠭᠤᠵᠢᠮᠠᠯ ᠪᠣᠯᠵᠤ᠂ ᠡᠲᠡᠭᠡᠷ ᠦᠨᠳᠦᠰᠦᠲᠡᠨ ᠤ ᠠᠮᠢᠳᠤᠷᠠᠯ ᠤᠨ ᠪᠠᠶᠢᠳᠠᠯ᠂ ᠣᠶᠤᠨ ᠰᠠᠨᠠᠭᠠᠨ ᠤ | ᠰᠢᠲᠦᠯᠭᠡ ᠶᠢ ᠢᠯᠡᠷᠡᠭᠦᠯᠦᠭᠰᠡᠨ ᠠᠮᠢᠳᠤ ᠵᠦᠴᠦᠭᠡ ᠪᠣᠯᠤᠭᠰᠠᠨ ᠪᠠᠶᠢᠨ᠎ᠠ︾ ᠭᠡᠵᠦ ᠥᠪᠥᠷ ᠮᠣᠩᠭᠤᠯ ᠤᠨ ᠲᠡᠦᠬᠡ ᠶᠢᠨ | ᠳᠤᠷᠠᠰᠬᠠᠯᠲᠤ ᠵᠦᠢᠯᠡᠰ ᠬᠠᠭᠤᠴᠢ ᠰᠤᠳᠤᠯᠤᠯ ᠤᠨ ᠬᠦᠷᠢᠶᠡᠯᠡᠩ ᠤᠨ ᠰᠤᠳᠤᠯᠤᠭᠴᠢ ᠭᠧ ᡁᠢ ᠶᠦᠩ ᠶᠠᠷᠢᠵᠤ ᠪᠠᠶᠢᠪᠠ᠃ | ᠮᠤᠨᠠ ᠠᠭᠤᠯᠠ ᠶᠢᠨ ᠬᠠᠳᠠᠨ ᠵᠢᠷᠤᠭ ᠡᠨᠡ ᠬᠦ ᠨᠤᠲᠤᠭ ᠳᠡᠪᠢᠰᠬᠡᠷ ᠳᠡᠭᠡᠷᠡᠬᠢ ᠦᠨᠳᠦᠰᠦᠲᠡᠨ ᠨᠦᠭᠦᠳ ᠤᠨ | ᠰᠣᠶᠣᠯ ᠤᠨ ᠤᠯᠠᠮᠵᠢᠯᠠᠯ᠂ ᠠᠭᠤᠰᠤᠯᠴᠠᠯ᠂ ᠬᠥᠭᠵᠢᠯᠲᠡ ᠶᠢᠨ ᠲᠡᠦᠬᠡᠨ ᠤᠯᠠ ᠮᠥᠷ ᠢ ᠭᠡᠷᠡᠴᠢᠯᠡᠵᠦ᠂ ᠳᠤᠮᠳᠠᠳᠤ ᠶᠢᠨ | ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠲᠤᠬᠠᠢ ᠴᠢᠬᠤᠯᠠ ᠰᠤᠳᠤᠯᠭᠠᠨ ᠤ | ᠮᠠᠲ᠋ᠧᠷᠢᠶᠠᠯ ᠪᠣᠯᠵᠠᠢ᠃ | | | ᠮᠣᠩᠭᠤᠯ ᠭᠡᠷ ᠤᠨ ᠬᠠᠳᠠᠨ ᠵᠢᠷᠤᠭ | | | ᠪᠠᠷᠰ ᠤᠨ ᠰᠦᠷᠦᠭ ᠤᠨ ᠬᠠᠳᠠᠨ ᠵᠢᠷᠤᠭ | | ᠲᠡᠮᠳᠡᠭ ᠤᠨ ᠬᠠᠳᠠᠨ ᠵᠢᠷᠤᠭ | | | ᠨᠡᠷᠡᠨ ᠰᠠᠬᠢᠭᠤᠯᠰᠤᠨ ᠤ ᠬᠠᠳᠠᠨ ᠵᠢᠷᠤᠭ | | | 2008 ᠣᠨ ᠤ 7 ᠰᠠᠷ᠎ᠠ ᠳᠤ᠂ ᠲᠥᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠳᠤᠮᠳᠠᠳᠤ | ᠤᠯᠤᠰ ᠤᠨ ᠬᠠᠳᠠᠨ ᠵᠢᠷᠤᠭ ᠤᠨ ᠰᠤᠳᠤᠯᠭᠠᠨ ᠤ ᠲᠥᠪ᠂ ᠮᠤᠨᠠ ᠠᠭᠤᠯᠠ ᠶᠢᠨ ᠬᠠᠳᠠᠨ ᠵᠢᠷᠤᠭ᠂ ᠠᠯᠠᠱᠠ | ᠠᠭᠤᠯᠠ ᠶᠢᠨ ᠬᠠᠳᠠᠨ ᠵᠢᠷᠤᠭ᠂ ᠬᠤᠸᠠᠱᠠᠨ ᠤ ᠬᠠᠳᠠᠨ ᠵᠢᠷᠤᠭ ᠵᠡᠷᠭᠡ 8 ᠨᠢᠭᠡᠴᠢ ᠢᠷᠭᠠᠢ ᠬᠤᠳᠠ ᠳᠤ ᠬᠠᠮᠲᠤ ᠪᠠᠷ | ᠵᠥᠪᠯᠡᠯᠴᠡᠭᠡᠷ ᠤᠨ ᠪᠢᠴᠢᠭ ᠲᠤ ᠭᠠᠷ ᠤᠨ ᠦᠰᠦᠭ ᠵᠢᠷᠤᠵᠤ᠂ ᠳᠤᠮᠳᠠᠳᠤ ᠤᠯᠤᠰ ᠤᠨ ᠬᠠᠳᠠᠨ ᠵᠢᠷᠤᠭ ᠢ ᠰᠤᠳᠤᠯᠬᠤ | ᠬᠠᠮᠠᠭᠠᠯᠠᠬᠤ ᠬᠤᠯᠪᠤᠭ᠎ᠠ ᠶᠢ ᠪᠠᠶᠢᠭᠤᠯᠤᠭᠰᠠᠨ ᠪᠥᠭᠡᠳ ︽ᠢᠷᠭᠠᠢ ᠶᠢᠨ ᠬᠠᠮᠲᠤ ᠶᠢᠨ ᠲᠠᠨᠢᠯᠲᠠ︾ ᠶᠢ ᠨᠡᠶᠢᠲᠡᠯᠡᠵᠦ᠂ | ᠬᠠᠳᠠᠨ ᠵᠢᠷᠤᠭ ᠢ ᠬᠠᠮᠠᠭᠠᠯᠠᠵᠤ ᠰᠤᠳᠤᠯᠬᠤ ᠶᠢ ᠤᠯᠠᠮ ᠴᠢᠨᠠᠭᠰᠢᠳᠠ ᠠᠬᠢᠭᠤᠯᠪᠠ᠃ ᠮᠤᠨᠠ ᠠᠭᠤᠯᠠ ᠶᠢᠨ ᠬᠠᠳᠠᠨ | ᠵᠢᠷᠤᠭ ᠪᠦᠭᠦ ᠤᠯᠤᠰ ᠤᠨ ᠭᠤᠣᠯᠳᠠᠯᠭ᠎ᠠ ᠲᠠᠢ ᠲᠡᠦᠬᠡ ᠶᠢᠨ ᠳᠤᠷᠠᠰᠬᠠᠯᠲᠤ ᠵᠦᠢᠯᠡᠰ ᠤᠨ ᠬᠠᠮᠠᠭᠠᠯᠠᠯᠲᠠ ᠶᠢᠨ ᠨᠢᠭᠡᠴᠢ | ᠪᠣᠯᠤᠭᠰᠠᠨ ᠤ ᠳᠠᠷᠠᠭ᠎ᠠ᠂ ᠲᠡᠦᠬᠡ ᠶᠢᠨ ᠳᠤᠷᠠᠰᠬᠠᠯᠲᠤ ᠵᠦᠢᠯᠡᠰ ᠤᠨ ᠠᠮᠤᠷ ᠲᠦᠪᠰᠢᠨ ᠤ ᠠᠵᠢᠯ ᠲᠦᠷᠭᠡᠨ | ᠠᠬᠢᠯᠲᠠ ᠲᠠᠢ ᠪᠣᠯᠵᠤ᠂ 2007 ᠣᠨ ᠳᠤ ᠪᠠᠶᠠᠨᠨᠠᠭᠤᠷ ᠬᠤᠲᠠ ᠶᠢᠨ ᠵᠠᠰᠠᠭ ᠤᠨ ᠣᠷᠳᠣᠨ 3 ᠵᠢᠯ | ᠦᠷᠭᠦᠯᠵᠢᠯᠡᠭᠰᠡᠨ ᠬᠡᠭᠡᠷ᠎ᠡ ᠶᠢᠨ ︽ᠮᠤᠨᠠ ᠠᠭᠤᠯᠠ ᠶᠢᠨ ᠬᠠᠳᠠᠨ ᠵᠢᠷᠤᠭ ᠤᠨ ᠠᠪᠤᠷᠠᠯᠲᠠ ᠶᠢᠨ ᠴᠢᠨᠠᠷᠲᠠᠢ ᠨᠡᠶᠢᠳᠡᠮ | ᠪᠠᠶᠢᠴᠠᠭᠠᠯᠲᠠ︾ ᠶᠢ ᠵᠣᠬᠢᠶᠠᠨ ᠪᠠᠶᠢᠭᠤᠯᠤᠨ ᠥᠷᠨᠢᠭᠦᠯᠪᠡ;2022 ᠣᠨ ᠤ 3 ᠰᠠᠷ᠎ᠠ ᠳᠤ ︽ᠪᠠᠶᠠᠨᠨᠠᠭᠤᠷ | ᠬᠤᠲᠠ ᠶᠢᠨ ᠮᠤᠨᠠ ᠠᠭᠤᠯᠠ ᠶᠢᠨ ᠬᠠᠲᠠᠨ ᠵᠢᠷᠤᠭ ᠢ ᠬᠠᠮᠠᠭᠠᠯᠠᠬᠤ ᠳᠦᠷᠢᠮ︾ ᠢ ᠵᠢᠩᠬᠢᠨᠢ ᠪᠠᠷ ᠬᠡᠷᠡᠭᠵᠢᠭᠦᠯᠦᠭᠡᠳ᠂ | ᠮᠤᠨᠠ ᠠᠭᠤᠯᠠ ᠶᠢᠨ ᠬᠠᠲᠠᠨ ᠵᠢᠷᠤᠭ ᠤᠨ ᠬᠠᠮᠢᠶ᠎ᠠ ᠪᠦᠬᠦᠢ ᠬᠠᠮᠠᠭᠠᠯᠠᠯᠲᠠ ᠶᠢᠨ ᠠᠵᠢᠯ ᠵᠢᠷᠤᠮᠯᠠᠬᠤ ᠬᠠᠤᠯᠢ ᠲᠠᠢ | ᠪᠣᠯᠪᠠ᠃ ᠣᠳᠣᠬᠠᠨ ᠳᠤ ᠮᠤᠨᠠ ᠠᠭᠤᠯᠠ ᠶᠢᠨ ᠬᠠᠲᠠᠨ ᠵᠢᠷᠤᠭ ᠤᠨ ᠭᠤᠣᠯᠳᠠᠯᠭ᠎ᠠ ᠲᠠᠢ ᠲᠠᠷᠬᠠᠯᠲᠠ ᠶᠢᠨ ᠣᠷᠣᠨ ᠢ | ᠬᠦᠷᠢᠶᠡᠯᠡᠵᠦ ᠪᠢᠲᠡᠭᠦᠮᠵᠢᠯᠡᠭᠡᠳ ᠠᠯᠤᠰ ᠠᠴᠠ ᠬᠢᠨᠠᠨ ᠡᠵᠡᠮᠳᠡᠵᠦ᠂ ᠬᠠᠲᠠᠨ ᠵᠢᠷᠤᠭ ᠢ ᠲᠣᠭᠠᠴᠢᠯᠠᠬᠤ ᠠᠵᠢᠯ ᠴᠤ | ᠡᠷᠴᠢᠮᠲᠡᠢ ᠶᠠᠪᠤᠭᠳᠠᠵᠤ ᠪᠠᠶᠢᠨ᠎ᠠ᠃ | ᠣᠯᠠᠨ ᠨᠡᠶᠢᠲᠡ ᠶᠢᠨ ᠲᠡᠦᠬᠡ ᠶᠢᠨ ᠳᠤᠷᠠᠰᠬᠠᠯᠲᠤ ᠵᠦᠢᠯᠡᠰ ᠢ ᠬᠠᠮᠠᠭᠠᠯᠠᠬᠤ ᠤᠬᠠᠮᠰᠠᠷ ᠴᠢᠩᠭᠠᠷᠠᠬᠤ ᠶᠢ | ᠳᠠᠭᠠᠯᠳᠤᠨ᠂ ᠮᠤᠨᠠ ᠠᠭᠤᠯᠠ ᠶᠢᠨ ᠬᠠᠲᠠᠨ ᠵᠢᠷᠤᠭ ᠯᠠᠪᠲᠠᠢ ᠪᠦᠲᠦᠮᠵᠢᠲᠡᠶ ᠬᠠᠮᠠᠭᠠᠯᠠᠭᠳᠠᠨ ᠢᠷᠡᠭᠡᠳᠦᠢ ᠳᠤ | ᠤᠯᠠᠮᠵᠢᠯᠠᠭᠳᠠᠬᠤ ᠪᠣᠯᠣᠨ᠎ᠠ᠃ | | | |