ᠨᠦᠬᠡ ᠲᠠᠢ ᠳᠡᠷ᠎ᠡ᠄  ᠰᠣᠶᠤᠯ ᠣᠷᠠᠯᠢᠭ ᠤᠨ ᠠᠭᠤᠰᠤᠯᠴᠠᠯ  ᠡᠶ᠎ᠡ ᠵᠤᠬᠢᠴᠠᠩᠭᠤᠢ ᠶᠢᠨ ᠪᠡᠯᠭᠡᠳᠡᠯ
ᠨᠡᠶᠢᠲᠡᠯᠡᠭᠰᠡᠨ ᠴᠠᠭ᠄
2024/2/5
     ᠲᠡᠭᠷᠢ ᠭᠠᠵᠠᠷ ᠡᠶ᠎ᠡ ᠵᠣᠬᠢᠴᠠᠩᠭᠤᠢ᠂ ᠵᠠᠮ ᠪᠦᠭᠦᠨ ᠰᠠᠭᠠᠳ ᠦᠭᠡᠢ᠂ ᠳᠡᠯᠡᠬᠡᠢ ᠳ᠋ᠠᠬᠢᠨ ᠳᠤᠷ ᠨᠡᠪᠳᠡᠷᠡᠮᠤᠢ᠃     ᠡᠨᠡ ᠨᠢ ᠨᠦᠬᠡ ᠲᠠᠢ ᠳᠡᠷ᠎ᠡ ᠳᠤ ᠰᠢᠩᠭᠡᠵᠦ ᠪᠠᠶᠢᠭ᠎ᠠ ᠪᠡᠯᠭᠡᠳᠡᠯ ᠰᠠᠨᠠᠭ᠎ᠠ ᠪᠣᠯᠣᠨ᠎ᠠ᠃     ᠥᠪᠡᠷᠲᠡᠭᠡᠨ ᠵᠠᠰᠠᠬᠤ ᠣᠷᠣᠨ ᠤ ᠳᠡᠰ ᠤᠨ ᠪᠣᠳᠠᠰ ᠤᠨ ᠪᠤᠰᠤ ᠰᠣᠶᠣᠯ ᠤᠨ ᠥᠪ ᠪᠣᠯᠤᠭᠰᠠᠨ ᠤ ᠬᠤᠪᠢ ᠳᠤ᠂ ᠨᠦᠬᠡ ᠲᠠᠢ ᠳᠡᠷ᠎ᠡ ᠶᠢᠨ ᠭᠠᠳᠠᠷ ᠪᠠᠶᠢᠳᠠᠯ ᠨᠢ ᠣᠨᠴᠠᠭᠠᠢ᠂ ᠵᠢᠷᠭᠤᠭᠠᠨ ᠲᠠᠯ᠎ᠠ ᠲᠠᠢ᠂ ᠵᠢᠷᠭᠤᠭᠠᠨ ᠨᠦᠬᠡ ᠲᠠᠢ᠂ ᠵᠢᠷᠭᠤᠭᠠᠨ ᠬᠦᠢᠰ ᠴᠡᠴᠡᠭ ᠲᠠᠢ᠂ ᠨᠦᠬᠡ ᠨᠢ ᠬᠠᠷᠢᠯᠴᠠᠨ ᠨᠡᠪᠲᠡᠷᠡᠯᠴᠡᠵᠦ᠂ ᠵᠥᠭᠡᠯᠡᠨ ᠬᠠᠲᠠᠭᠤ ᠨᠢ ᠲᠣᠬᠢᠷᠠᠮᠵᠢᠲᠠᠢ᠂ ᠳᠡᠷᠡᠯᠡᠬᠦ ᠳᠤ ᠴᠢᠬᠢ᠂ ᠬᠠᠴᠠᠷ᠂ ᠳᠤᠬᠤᠨ ᠳᠤ ᠲᠠᠭᠠᠯᠠᠮᠵᠢᠲᠠᠢ᠂ ᠪᠤᠬᠢᠨᠢᠳᠤᠵᠤ᠂ ᠬᠠᠯᠠᠬᠤ ᠲᠥᠷᠥᠭᠳᠡᠯ ᠦᠭᠡᠢ᠂ ᠤᠨᠲᠠᠯᠭ᠎ᠠ  ᠶᠢ ᠰᠠᠶᠢᠵᠢᠷᠠᠭᠤᠯᠬᠤ ᠳᠤ ᠲᠤᠰᠠᠲᠠᠢ ᠶᠤᠮ᠃     ᠵᠠᠭᠤᠨ ᠵᠢᠯ ᠤᠨ ᠲᠡᠦᠬᠡ ᠲᠠᠢ ᠨᠦᠬᠡ ᠲᠠᠢ ᠳᠡᠷ᠎ᠡ ᠤᠤᠯ ᠳᠠᠭᠠᠨ ᠣᠷᠳᠣᠨ ᠠᠴᠠ ᠠᠷᠠᠳ ᠤᠨ ᠳᠤᠮᠳᠠ ᠬᠦᠷᠴᠦ ᠪᠠᠶᠢᠭᠰᠠᠨ ᠪᠣᠯ ᠤᠳᠤ ᠪᠤᠯᠬᠤ ᠳᠤ ᠠᠷᠠᠳ ᠤᠨ ᠳᠤᠮᠳᠠ ᠠᠴᠠ ᠬᠠᠭᠠᠨ ᠤ ᠣᠷᠳᠣᠨ ᠤ ᠮᠦᠽᠧᠢ ᠳᠤ ᠣᠷᠣᠵᠤ᠂ ᠰᠡᠲᠡᠷᠬᠡᠢ ᠵᠡᠭᠦᠦ ᠲᠠᠰᠤᠷᠬᠠᠢ ᠤᠲᠠᠰᠤᠨ ᠳᠤᠨᠢ ᠰᠣᠶᠣᠯ ᠢ ᠤᠯᠠᠮᠵᠢᠯᠠᠭᠰᠠᠨ ᠦᠯᠢᠭᠡᠷ ᠢ ᠬᠡᠯᠬᠢᠵᠦ᠂ ᠳᠤᠮᠳᠠᠳᠤ ᠶᠢᠨ ᠪᠣᠯᠪᠠᠰᠤᠨ ᠤ ᠠᠭᠤᠯᠬᠤᠨ ᠢ ᠭᠦᠢᠴᠡᠳ ᠢᠯᠡᠷᠡᠭᠦᠯᠪᠡ᠃
C:\Users\bch\Desktop\33333333\2.05  文化图1.png
ᠬᠡᠰᠢᠭ ᠬᠤᠷᠤᠶᠢᠯᠠᠬᠤ ᠳᠡᠷ᠎ᠡ     ᠵᠠᠭᠤᠨ ᠵᠢᠯ ᠤᠨ ᠲᠡᠦᠬᠡ ᠪᠡᠶ᠎ᠡ ᠶᠢᠨ ᠭᠠᠷᠤᠯ ᠤᠨ ᠪᠡᠯᠭᠡᠳᠡᠯ     ᠮᠠᠨ ᠤ ᠤᠯᠤᠰ ᠲᠤ ᠢᠯᠡᠷᠡᠭᠦᠯᠦᠭᠰᠡᠨ ᠬᠠᠮᠤᠭ ᠤᠨ ᠡᠷᠲᠡᠨ ᠤ ᠳᠡᠷ᠎ᠡ ᠪᠣᠯ ᠬᠤᠪᠧᠢ ᠮᠤᠵᠢ ᠶᠢᠨ ᠵᠢᠶᠠᠩᠯᠢᠩ ᠬᠤᠲᠠ ᠶᠢᠨ ᠮᠠ ᠱᠠᠨ ᠨᠢᠭᠡᠳᠦᠭᠡᠷ ᠨᠣᠮᠧᠷᠲᠤ ᠴᠦ᠋ ᠤᠯᠤᠰ ᠤᠨ ᠣᠩᠭᠤᠨ ᠠᠴᠠ ᠣᠯᠳᠠᠭᠰᠠᠨ ᠪᠠᠶᠢᠯᠳᠤᠭᠠᠨᠲᠤ ᠤᠯᠤᠰ ᠤᠨ ᠦᠶ᠎ᠡ ᠶᠢᠨ ᠬᠤᠯᠤᠰᠤᠨ ᠳᠡᠷ᠎ᠡ ᠪᠣᠯᠣᠨ᠎ᠠ᠃     ᠬᠠᠭᠤᠴᠢ ᠰᠤᠳᠤᠯᠤᠯ ᠤᠨ ᠡᠷᠳᠡᠮᠲᠡᠳ ᠤᠨ ᠰᠢᠯᠭᠠᠨ ᠨᠤᠲᠠᠯᠠᠭᠰᠠᠨ ᠢ ᠦᠨᠳᠦᠰᠦᠯᠡᠪᠡᠯ᠂ ᠬᠠᠨ ᠤᠯᠤᠰ ᠤᠨ ᠦᠶ᠎ᠡ ᠠᠴᠠ ᠡᠮᠦᠨ᠎ᠡ ᠬᠡᠳᠦᠶᠢᠪᠡᠷ ᠵᠡᠰ ᠳᠡᠷ᠎ᠡ᠂ ᠬᠠᠰ ᠳᠡᠷ᠎ᠡ ᠪᠠᠶᠢᠭᠰᠠᠨ ᠪᠤᠯᠪᠠᠴᠤ ᠳᠡᠷ᠎ᠡ ᠶᠢᠨ ᠣᠯᠠᠩᠬᠢ ᠶᠢ ᠨᠢ ᠬᠤᠯᠤᠰᠤ᠂ ᠮᠣᠳᠣ ᠪᠠᠷ ᠬᠢᠳᠡᠭ ᠪᠠᠶᠢᠵᠠᠢ᠃ ᠪᠠᠷᠠᠭᠤᠨ ᠬᠠᠨ ᠤᠯᠤᠰ ᠤᠨ ᠦᠶ᠎ᠡ ᠳᠤ ᠰᠢᠷᠳᠡᠮᠡᠯ ᠳᠡᠷ᠎ᠡ ᠪᠠ ᠲᠣᠷᠭᠠᠨ ᠨᠡᠬᠡᠮᠡᠯ ᠳᠡᠷ᠎ᠡ ᠢᠯᠡᠷᠡᠵᠦ᠂ ᠪᠠᠶᠢᠭᠠᠯᠢᠯᠢᠭ ᠦᠨᠦᠷᠲᠦ ᠡᠪᠡᠰᠦ ᠶᠢ ᠳᠡᠷ᠎ᠡ ᠶᠢᠨ ᠳᠣᠲᠣᠷ ᠬᠢᠵᠦ ᠪᠠᠶᠢᠪᠠ᠃ ᠲᠠᠩ ᠤᠯᠤᠰ ᠰᠦᠩ ᠤᠯᠤᠰ ᠤᠨ ᠦᠶ᠎ᠡ ᠳᠤ ᠱᠠᠭᠠᠵᠠᠩ ᠳᠡᠷ᠎ᠡ ᠬᠠᠮᠤᠭ ᠠᠴᠠ ᠶᠡᠭᠡ ᠪᠠᠷ ᠳᠡᠯᠭᠡᠷᠡᠵᠦ᠂ ᠮᠢᠩ ᠤᠯᠤᠰ ᠴᠢᠩ ᠤᠯᠤᠰ ᠠᠴᠠ ᠬᠤᠶᠢᠰᠢ᠂ ᠨᠡᠬᠡᠮᠡᠯ ᠢ ᠳᠠᠷᠤᠮᠠᠯᠯᠠᠨ ᠪᠤᠳᠤᠬᠤ ᠦᠢᠯᠡᠰ ᠬᠥᠭᠵᠢᠭᠰᠡᠨ ᠠᠴᠠ ᠳᠡᠷ᠎ᠡ ᠨᠢ ᠨᠠᠩ ᠭᠤᠶᠤ ᠪᠣᠯᠤᠭᠰᠠᠨ ᠪᠠᠶᠢᠨ᠎ᠠ᠃     ᠨᠦᠬᠡ ᠲᠠᠢ ᠳᠡᠷ᠎ᠡ ᠨᠢ ᠴᠢᠩ ᠤᠯᠤᠰ ᠤᠨ ᠪᠠᠳᠠᠷᠠᠨ ᠬᠥᠭᠵᠢᠭᠰᠡᠨ ᠦᠶ᠎ᠡ ᠶᠢᠨ ᠱᠠᠨ ᠰᠢ ᠶᠢᠨ ᠵᠣᠭᠤᠰᠤᠨ ᠫᠦᠰᠡᠨ ᠠᠴᠠ ᠡᠭᠦᠰᠦᠯᠲᠡ ᠲᠠᠢ ᠶᠤᠮ᠃     ᠲᠤᠬᠠᠢ ᠶᠢᠨ ᠦᠶ᠎ᠡ ᠳᠤ ᠿᠢ ᠱᠧᠩ ᠴᠠᠩ ᠵᠣᠭᠤᠰᠤᠨ ᠫᠦᠰᠡᠨ ᠳᠤ ᠠᠵᠢᠯᠯᠠᠵᠤ ᠪᠠᠶᠢᠭᠰᠠᠨ ᠳᠠᠩᠰᠠ ᠪᠠᠷᠢᠭᠴᠢ ᠵᠢᠯ ᠲᠤᠵᠢ ᠶᠠᠭᠠᠷᠠᠤ᠂ ᠡᠳᠦᠷ ᠢᠶᠠᠷ ᠪᠦᠭᠦ ᠪᠡᠶ᠎ᠡ ᠨᠢ ᠲᠠᠮᠢᠷ ᠦᠭᠡᠢ᠂ ᠰᠥᠨᠢ ᠳᠡᠭᠡᠨ ᠵᠡᠭᠦᠳᠦ ᠤᠯᠠᠨ᠂ ᠳᠠᠩᠳᠠ ᠨᠣᠶᠢᠷ ᠬᠤᠯᠵᠢᠳᠠᠭ ᠪᠠᠶᠢᠭᠰᠠᠨ ᠬᠡᠮᠡᠬᠦ ᠤᠯᠠᠮᠵᠢᠯᠠᠯ ᠶᠠᠷᠢᠶ᠎ᠠ ᠲᠠᠢ ᠪᠠᠶᠢᠵᠠᠢ᠃ ᠬᠠᠲᠤᠨ ᠨᠢ ᠲᠡᠭᠦᠨ ᠤ ᠪᠡᠶ᠎ᠡ  ᠶᠢᠨ ᠡᠷᠡᠭᠦᠯ ᠤᠨ ᠲᠥᠯᠥᠭᠡ ᠰᠠᠨᠠᠭ᠎ᠠ ᠪᠣᠯᠵᠤ᠂ ᠡᠳᠦᠷᠵᠢᠨ ᠰᠥᠨᠢᠵᠢᠨ ᠪᠣᠳᠣᠯᠬᠢᠯᠠᠭᠰᠠᠭᠠᠷ ᠪᠠᠶᠢᠵᠤ᠂ ᠰᠠᠯᠬᠢ ᠵᠢᠪᠠᠷ ᠨᠡᠪᠲᠡᠷᠡᠬᠦ ᠵᠢᠷᠭᠤᠭᠠᠨ ᠨᠦᠬᠡ ᠲᠠᠢ ᠳᠡᠷ᠎ᠡ ᠣᠶᠣᠵᠤ ᠥᠭᠴᠡᠢ᠃     ᠵᠢᠷᠭᠤᠭᠠᠨ ᠨᠦᠬᠡ ᠲᠠᠢ ᠳᠡᠷ᠎ᠡ ᠶᠢ ᠳᠡᠷᠡᠯᠡᠭᠰᠡᠨ ᠠᠴᠠ ᠠᠪᠤᠭᠠᠳ ᠳᠠᠩᠰᠠ ᠪᠠᠷᠢᠭᠴᠢ ᠶᠢᠨ ᠴᠢᠬᠢ᠂ ᠬᠠᠴᠠᠷ᠂ ᠳᠤᠬᠤ ᠨᠢ ᠨᠡᠯᠢᠶᠡᠳ ᠬᠥᠩᠭᠡᠷᠡᠭᠰᠡᠨ ᠰᠢᠭ ᠰᠠᠨᠠᠭᠳᠠᠵᠤ᠂ ᠨᠣᠶᠢᠷ ᠨᠢ ᠴᠤ ᠰᠠᠶᠢᠵᠢᠷᠠᠵᠤ᠂ ᠬᠡᠳᠦᠨ ᠰᠥᠨᠢ ᠨᠣᠶᠢᠷ ᠬᠤᠯᠵᠢᠭᠰᠠᠨ ᠦᠭᠡᠢ ᠭᠡᠳᠡᠭ᠃ ᠳᠡᠮᠡᠢ ᠤᠳᠠᠯ ᠦᠭᠡᠢ ᠵᠢᠷᠭᠤᠭᠠᠨ ᠨᠦᠬᠡ ᠲᠠᠢ ᠳᠡᠷ᠎ᠡ ᠶᠢᠨ ᠣᠨᠴᠠᠭᠠᠶ ᠦᠢᠯᠡᠳᠦᠯ ᠨᠢ ᠵᠣᠭᠤᠰᠤᠨ ᠫᠦᠰᠡᠨ ᠳᠤ ᠲᠠᠷᠬᠠᠪᠠ᠃     ᠪᠤᠭᠤᠲᠤ ᠬᠤᠲᠠ ᠪᠠᠷ ᠨᠤᠲᠤᠭ ᠲᠠᠢ 68 ᠨᠠᠰᠤᠲᠠᠢ ᠸᠧᠨ ᠶᠦᠩ ᠬᠤᠸᠠ ᠪᠣᠯ ᠨᠦᠬᠡ ᠲᠠᠢ ᠳᠡᠷ᠎ᠡ ᠶᠢᠨ ᠭᠠᠷ ᠤᠷᠠᠯᠠᠯ ᠤᠨ ᠤᠷ᠎ᠠ ᠮᠡᠷᠭᠡᠵᠢᠯ ᠤᠨ ᠥᠪᠡᠷᠲᠡᠭᠡᠨ ᠵᠠᠰᠠᠬᠤ ᠣᠷᠣᠨ ᠤ ᠲᠠᠰ ᠤᠨ ᠳᠥᠷᠪᠡᠳᠦᠭᠡᠷ ᠦᠶ᠎ᠡ ᠶᠢᠨ ᠲᠥᠯᠥᠭᠡᠯᠡᠬᠦ ᠴᠢᠨᠠᠷᠲᠠᠢ ᠤᠯᠠᠮᠵᠢᠯᠠᠭᠴᠢ ᠶᠤᠮ᠃ᠲᠡᠷᠡ ᠬᠡᠯᠡᠬᠦ ᠳᠡᠭᠡᠨ᠂ ︽ᠵᠢᠷᠭᠤᠭᠠᠨ ᠨᠦᠬᠡ︾ ᠨᠢ ᠲᠣᠰ ᠪᠦᠷᠢ ᠲᠡᠭᠷᠢ᠂ ᠭᠠᠵᠠᠷ᠂ ᠵᠡᠭᠦᠨ᠂ ᠪᠠᠷᠠᠭᠤᠨ᠂ ᠡᠮᠦᠨ᠎ᠡ᠂ ᠤᠮᠠᠷ᠎ᠠ  ᠶᠢ ᠲᠥᠯᠥᠭᠡᠯᠡᠵᠦ᠂ ᠨᠦᠬᠡ ᠪᠣᠯᠭᠠᠨ ᠨᠢ ᠬᠠᠷᠢᠯᠴᠠᠨ ᠨᠡᠪᠲᠡᠷᠡᠯᠴᠡᠨ᠎ᠡ᠂ ᠢᠩᠭᠢᠭᠡᠳ ᠵᠢᠷᠭᠤᠭᠠᠨ ᠨᠦᠬᠡ ᠲᠠᠢ ᠳᠡᠷ᠎ᠡ ᠬᠡᠮᠡᠨ ᠨᠡᠷᠡᠯᠡᠵᠤ᠂ ᠵᠣᠭᠤᠰᠤᠨ ᠫᠦᠰᠡ ᠶᠢᠨ ᠮᠥᠩᠭᠦ ᠳᠡᠯᠡᠬᠡᠢ ᠳ᠋ᠠᠬᠢᠨ ᠳᠤ ᠭᠦᠢᠯᠭᠡᠭᠦ ᠶᠢ ᠪᠡᠯᠭᠡᠳᠡᠵᠦ ᠪᠠᠶᠢᠨ᠎ᠠ ᠭᠡᠵᠡᠢ᠃ ᠵᠢᠷᠭᠤᠭᠠᠨ ᠨᠦᠬᠡ ᠲᠠᠢ ᠳᠡᠷ᠎ᠡ ᠨᠢ ᠲᠤᠬᠠᠢ ᠶᠢᠨ ᠦᠶ᠎ᠡ ᠳᠤ ᠠᠭᠠᠵᠢᠮ ᠢᠶᠠᠷ ᠪᠡᠶ᠎ᠡ ᠶᠢᠨ ᠭᠠᠷᠤᠯ ᠤᠨ ᠪᠡᠯᠭᠡᠳᠡᠯ ᠪᠣᠯᠤᠭᠰᠠᠨ ᠪᠠᠶᠢᠨ᠎ᠠ᠃     ᠠᠷᠠᠳ ᠤᠨ ᠳᠣᠮᠤᠭ ᠲᠤ ᠵᠢᠷᠭᠤᠭᠠᠨ ᠨᠦᠬᠡ ᠲᠠᠢ ᠳᠡᠷ᠎ᠡ ᠨᠢ ᠼᠢ ᠰᠢ ᠲᠠᠶᠢᠬᠡᠦ ᠲᠠᠢ ᠮᠠᠰᠢ ᠶᠡᠭᠡ ᠬᠤᠪᠢ ᠪᠠᠷᠢᠯᠳᠤᠯᠭ᠎ᠠ ᠲᠠᠢ ᠭᠡᠳᠡᠭ᠃     ᠤᠯᠠᠮᠵᠢᠯᠠᠯ ᠶᠠᠷᠢᠶᠠᠨ ᠳᠤ᠂ ᠼᠢ ᠰᠢ ᠣᠷᠳᠣᠨ ᠠᠴᠠ ᠪᠠᠨ ᠭᠠᠷᠴᠤ ᠱᠠᠨ ᠰᠢ ᠶᠢᠨ ᠫᠢᠩᠶᠣᠣ ᠬᠦᠷᠬᠦ ᠳᠤ ᠶᠠᠳᠠᠷᠠᠭᠠᠳ ᠤᠷᠪᠠᠵᠤ ᠬᠥᠷᠪᠡᠭᠡᠳ ᠤᠨᠲᠠᠵᠤ ᠣᠷᠣᠬᠤ ᠪᠠᠨ ᠪᠣᠯᠢᠪᠠ᠂ ᠡᠨᠡ ᠪᠠᠶᠢᠳᠠᠯ ᠢ ᠲᠤᠬᠠᠢ ᠶᠢᠨ ᠭᠠᠵᠠᠷ ᠤᠨ ᠨᠣᠶᠠᠳ ᠲᠦᠰᠢᠮᠡᠳ ᠮᠡᠳᠡᠭᠡᠳ ᠵᠢᠷᠭᠤᠭᠠᠨ ᠨᠦᠬᠡ ᠲᠠᠢ ᠳᠡᠷ᠎ᠡ ᠡᠷᠭᠦᠨ ᠪᠠᠷᠢᠵᠠᠢ᠃ ᠼᠢ ᠰᠢ ᠳᠡᠷᠡᠯᠡᠭᠰᠡᠨ ᠤ ᠪᠠᠨ ᠳᠠᠷᠠᠭ᠎ᠠ ᠰᠠᠶᠢᠨ ᠤᠨᠲᠠᠵᠤ᠂ ᠳᠠᠷᠠᠭ᠎ᠠ ᠡᠳᠦᠷ ᠨᠢ ᠴᠦ ᠰᠡᠳᠬᠢᠯ ᠰᠠᠨᠠᠭ᠎ᠠ ᠰᠡᠷᠭᠦᠵᠦ᠂ ᠴᠤᠭ ᠵᠢᠪᠬᠤᠭᠠᠯᠢᠭ ᠪᠠᠶᠢᠪᠠ᠃ ᠲᠡᠷᠡ ᠵᠢᠷᠭᠤᠭᠠᠨ ᠨᠦᠬᠡ ᠲᠠᠢ ᠳᠡᠷ᠎ᠡ ᠶᠢᠨ ᠪᠡᠯᠭᠡᠳᠡᠯ ᠰᠠᠨᠠᠭ᠎ᠠ ᠶᠢ ᠮᠡᠳᠡᠭᠰᠡᠨ ᠤ ᠳᠠᠷᠠᠭ᠎ᠠ᠄ ︽ᠳᠡᠯᠡᠬᠡᠢ ᠳ᠋ᠠᠬᠢᠨ ᠡᠩᠬᠡ ᠲᠠᠶᠢᠪᠤᠩ᠂ ᠲᠥᠷᠥ ᠲᠦᠪᠰᠢᠨ ᠠᠷᠠᠳ ᠠᠮᠤᠭᠤᠯᠠᠩ︾ ᠭᠡᠵᠦ ᠪᠠᠶᠠᠷᠲᠠᠶᠢᠬᠠᠨ ᠶᠠᠷᠢᠵᠠᠢ᠃ ᠲᠡᠭᠡᠭᠡᠳ ᠵᠢᠷᠭᠤᠭᠠᠨ ᠨᠦᠬᠡ  ᠲᠠᠢ ᠳᠡᠷ᠎ᠡ ᠳᠤ ︽ᠠᠮᠤᠷ ᠠᠮᠤᠭᠤᠯᠠᠩ︾ ᠭᠡᠰᠡᠨ ᠨᠡᠷ᠎ᠡ ᠬᠠᠶᠢᠷᠠᠯᠠᠭᠰᠠᠨ ᠪᠠᠶᠢᠨ᠎ᠠ᠃     ᠢᠩᠭᠢᠵᠦ ᠵᠢᠷᠭᠤᠭᠠᠨ ᠨᠦᠬᠡ ᠲᠠᠢ ᠳᠡᠷ᠎ᠡ ᠣᠷᠳᠣᠨ ᠳᠤ ᠤᠯᠠᠮᠵᠢᠯᠠᠭᠳᠠᠨ ᠣᠷᠣᠵᠤ᠂ ᠴᠢᠩ ᠤᠯᠤᠰ ᠤᠨ ᠰᠡᠭᠦᠯᠴᠢ ᠶᠢᠨ ᠦᠶ᠎ᠡ ᠳᠤ ᠠᠭᠠᠵᠢᠮ ᠢᠶᠠᠷ ᠨᠣᠶᠠᠳ ᠲᠦᠰᠢᠮᠡᠳ ᠤᠨ ᠲᠤᠰᠬᠠᠢ ᠬᠡᠷᠡᠭᠯᠡᠬᠦ ᠳᠡᠷ᠎ᠡ ᠪᠣᠯᠵᠤ᠂ ᠠᠷᠠᠳ ᠤᠨ ᠳᠤᠮᠳᠠ ᠲᠤᠩ ᠴᠥᠭᠡᠨ ᠬᠠᠷᠠᠭᠳᠠᠬᠤ ᠪᠣᠯᠪᠠ᠃     ᠴᠢᠩ ᠤᠯᠤᠰ ᠤᠨ ᠦᠶ᠎ᠡ ᠳᠤ᠂ ᠸᠧᠨ ᠶᠦᠩ ᠬᠤᠸᠠ ᠶᠢᠨ ᠳᠡᠭᠡᠳᠦᠰ ᠨᠢ ᠨᠡᠶᠢᠰᠯᠡᠯ ᠬᠤᠳᠠ ᠶᠢᠨ ᠲᠡᠷᠢᠭᠦᠨ ᠵᠡᠷᠭᠡ ᠶᠢᠨ ᠨᠣᠶᠠᠨ ᠤ ᠭᠡᠷ ᠲᠤ ᠬᠥᠬᠦᠭᠦᠯ ᠡᠵᠢ ᠪᠣᠯᠵᠤ᠂ ᠨᠣᠶᠠᠨ ᠤ ᠭᠡᠷ ᠲᠤ ᠵᠢᠷᠭᠤᠭᠠᠨ ᠨᠦᠬᠡ ᠲᠠᠢ ᠳᠡᠷ᠎ᠡ ᠬᠡᠷᠡᠭᠯᠡᠵᠦ ᠪᠠᠶᠢᠪᠠ᠂ ᠰᠤᠯᠠ ᠰᠡᠯᠡᠭᠦᠦ ᠴᠠᠭ ᠢᠶᠠᠷ ᠢᠶᠠᠨ ᠳᠡᠭᠡᠳᠦᠰ ᠨᠢ ᠪᠤᠰᠤᠳ ᠢᠨᠵᠢ ᠨᠠᠷ ᠲᠠᠢ ᠵᠢᠷᠭᠤᠭᠠᠨ ᠨᠦᠬᠡ  ᠲᠠᠢ ᠳᠡᠷ᠎ᠡ ᠤᠷᠠᠯᠠᠨ ᠬᠢᠬᠦ ᠶᠢ ᠰᠤᠷᠴᠤ᠂ ᠰᠡᠭᠦᠯᠡᠷ ᠨᠢ ᠡᠨᠡ ᠬᠦ ᠭᠠᠷ ᠤᠷᠠᠯᠠᠯ ᠢᠶᠠᠨ ᠦᠷ᠎ᠡ ᠬᠤᠶᠢᠴᠢᠰ ᠲᠠᠭᠠᠨ ᠵᠢᠭᠠᠵᠤ ᠥᠭᠭᠦᠭᠰᠡᠨ ᠲᠡᠦᠬᠡ ᠲᠠᠢ ᠪᠠᠶᠢᠵᠠᠢ᠃
C:\Users\bch\Desktop\33333333\2.05  文化图2.png
︽ᠪᠠᠶᠠᠵᠢᠭᠤᠯᠵᠤ ᠪᠠᠶᠠᠷᠯᠠᠭᠤᠯᠬᠤ︾ ᠳᠡᠷ᠎ᠡ     ᠰᠡᠷᠭᠦᠭᠡᠨ ᠵᠠᠰᠠᠬᠤ ᠤᠷ᠎ᠠ ᠮᠡᠷᠭᠡᠵᠢᠯ ᠬᠠᠭᠠᠨ ᠤ ᠣᠷᠳᠣᠨ ᠳᠤ ᠣᠷᠣᠪᠠ     20 ᠳ᠋ᠤᠭᠠᠷ ᠵᠠᠭᠤᠨ ᠤ ᠳᠥᠴᠢᠭᠡᠳ ᠣᠨ ᠤ ᠦᠶ᠎ᠡ ᠳᠤ᠂ ᠸᠧᠨ ᠶᠦᠩ ᠬᠤᠸᠠ ᠶᠢᠨ ᠨᠠᠭᠠᠴᠤ ᠡᠪᠦᠭᠡ ᠪᠣᠯᠣᠨ ᠨᠠᠭᠠᠴᠤ ᠡᠮᠡᠭᠡ ᠨᠢ ᠭᠡᠷ ᠤᠨ ᠬᠥᠮᠥᠰ ᠢᠶᠠᠨ ᠳᠠᠭᠠᠭᠤᠯᠤᠨ ᠱᠠᠨᠳᠦ᠋ᠩ ᠤᠨ ᠶᠠᠨᠲ᠋ᠠᠢ ᠠᠴᠠ ᠥᠪᠥᠷ ᠮᠣᠩᠭᠤᠯ ᠤᠨ ᠪᠤᠭᠤᠲᠤ ᠬᠤᠳᠠ ᠳᠤ ᠢᠷᠡᠵᠦ ᠨᠤᠲᠤᠭᠰᠢᠵᠤ᠂ ᠳᠡᠭᠡᠳᠦᠰ ᠠᠴᠠ ᠥᠪᠯᠡᠭᠰᠡᠨ ᠬᠥᠬᠡ ᠥᠩᠭᠡᠲᠦ ᠪᠦᠰᠡᠨ ᠤ ᠨᠦᠬᠡ  ᠲᠠᠢ ᠳᠡᠷ᠎ᠡ ᠪᠠᠨ ᠠᠪᠴᠢᠷᠠᠭᠰᠠᠨ ᠪᠠᠶᠢᠨ᠎ᠠ᠃     ︽ᠲᠡᠷᠡ ᠦᠶ᠎ᠡ ᠳᠤ ᠠᠮᠢᠳᠤᠷᠠᠯ ᠶᠠᠳᠠᠷᠠᠭᠤᠬᠠᠨ ᠪᠣᠯᠬᠤᠷ ᠨᠦᠬᠡ ᠲᠠᠢ ᠳᠡᠷ᠎ᠡ ᠬᠢᠬᠦ ᠰᠠᠨᠠᠭ᠎ᠠ ᠦᠭᠡᠢ᠂ ᠠᠪᠳᠠᠷ᠎ᠠ ᠶᠢᠨ ᠢᠷᠤᠭᠠᠷ ᠲᠤ ᠳᠠᠷᠤᠭᠳᠠᠵᠤ ᠯᠠ ᠪᠠᠶᠢᠪᠠ᠂ 20 ᠳ᠋ᠤᠭᠠᠷ ᠵᠠᠭᠤᠨ ᠤ ᠨᠠᠶᠠᠭᠠᠳ ᠣᠨ ᠪᠤᠯᠬᠤ ᠳᠤ ᠡᠵᠢ ᠮᠢᠨᠢ ᠠᠵᠢᠯ ᠠᠴᠠ ᠪᠠᠨ ᠠᠮᠠᠷᠠᠭᠰᠠᠨ ᠤ ᠳᠠᠷᠠᠭ᠎ᠠ ᠴᠠᠭ ᠨᠥᠭᠴᠢᠭᠡᠬᠦ ᠶᠢᠨ ᠲᠥᠯᠥᠭᠡ ᠲᠡᠭᠦᠨ ᠢ ᠠᠪᠳᠠᠷ᠎ᠠ ᠠᠴᠠ ᠪᠠᠨ ᠠᠭᠤᠳᠠᠯᠤᠨ ᠭᠠᠷᠭᠠᠵᠤ ᠲᠡᠷᠡ ᠬᠡᠪ ᠢᠶᠠᠷ ᠨᠢ ᠤᠷᠠᠯᠠᠨ ᠬᠢᠭᠰᠡᠨ ᠪᠥᠭᠡᠳ ᠥᠩᠭᠡ ᠪᠤᠳᠤᠭ ᠨᠢ ᠨᠡᠩ ᠰᠣᠷᠭᠤᠭ᠂ ᠨᠡᠩ ᠭᠤᠶᠣ ᠰᠠᠶᠢᠬᠠᠨ ᠪᠣᠯᠵᠠᠢ︾ ᠭᠡᠵᠦ ᠸᠧᠨ ᠶᠦᠩ ᠬᠤᠸᠠ ᠶᠠᠷᠢᠬᠤ ᠶᠢᠨ ᠳᠠᠭᠠᠤ᠂ ᠡᠵᠢ ᠪᠢᠳᠠ ᠬᠤᠶᠠᠷ ᠢᠩᠭᠢᠵᠦ ᠯᠠ ᠨᠦᠬᠡ ᠲᠠᠢ ᠳᠡᠷ᠎ᠡ ᠤᠷᠠᠯᠠᠨ ᠬᠢᠵᠦ ᠡᠬᠢᠯᠡᠵᠡᠢ ᠭᠡᠪᠡ᠃     ᠸᠧᠨ ᠶᠦᠩ ᠬᠤᠸᠠ ᠶᠢᠨ ᠡᠵᠢ ᠶᠠᠩ ᠼᠦᠢ ᠶᠢᠩ ᠭᠠᠷ ᠤᠷᠠᠨ ᠬᠥᠮᠥᠨ ᠪᠠᠶᠢᠵᠠᠢ᠂ ᠡᠯᠭᠦᠵᠦ ᠤᠷᠠᠯᠠᠬᠤ᠂ ᠨᠡᠬᠡᠵᠦ ᠤᠷᠠᠯᠠᠬᠤ᠂ ᠬᠠᠳᠬᠤᠵᠤ ᠤᠷᠠᠯᠠᠬᠤ ᠵᠡᠷᠭᠡ ᠤᠷ᠎ᠠ ᠮᠡᠷᠭᠡᠵᠢᠯ ᠢᠶᠠᠷ ᠮᠠᠰᠢ ᠨᠠᠷᠢᠯᠢᠭ ᠪᠦᠲᠦᠭᠡᠭᠳᠡᠬᠦᠨ ᠬᠢᠵᠦ ᠭᠠᠷᠭᠠᠳᠠᠭ᠃ ᠡᠵᠢ ᠶᠢᠨ ᠢᠶᠠᠨ ᠨᠥᠯᠥᠭᠡ ᠪᠠᠷ ᠰᠠᠨᠠᠭ᠎ᠠ ᠤᠷᠠᠨ ᠸᠧᠨ ᠶᠦᠩ ᠬᠤᠸᠠ ᠴᠤ ᠬᠠᠷᠠᠬᠠᠨ ᠪᠠᠭ᠎ᠠ ᠠᠴᠠ ᠪᠠᠨ ᠣᠶᠣᠵᠤ ᠬᠠᠶᠢᠴᠢᠯᠠᠬᠤ ᠳᠠᠭᠠᠨ ᠴᠢᠳᠠᠮᠠᠭᠠᠢ ᠪᠠᠶᠢᠪᠠ᠃     ᠡᠬᠢᠨ ᠳᠡᠭᠡᠨ ᠸᠧᠨ ᠶᠦᠩ ᠬᠤᠸᠠ ᠡᠵᠢ ᠲᠠᠢ ᠪᠠᠨ ᠨᠦᠬᠡ ᠲᠠᠢ ᠳᠡᠷ᠎ᠡ ᠤᠷᠠᠯᠠᠵᠤ ᠬᠢᠬᠦ ᠨᠢ ᠵᠥᠪᠭᠡᠨ ᠲᠦᠷᠤᠯ ᠰᠠᠳᠤᠨ ᠤ ᠪᠠᠨ ᠬᠤᠷᠢᠮ ᠳᠤ ᠪᠡᠯᠡᠭ ᠪᠣᠯᠭᠠᠨ ᠬᠦᠷᠭᠡᠬᠦ ᠯᠠ ᠰᠠᠨᠠᠭ᠎ᠠ ᠲᠠᠢ ᠪᠠᠶᠢᠪᠠ᠂ ᠰᠠᠨᠠᠭᠠᠨ ᠠᠴᠠ ᠭᠠᠳᠠᠭᠤᠷ ᠨᠡᠩ ᠣᠯᠠᠨ ᠲᠦᠷᠦᠯ ᠰᠠᠳᠤᠨ ᠨᠠᠶᠢᠵᠠ ᠨᠥᠬᠦᠳ ᠨᠢ ᠣᠯᠵᠤ ᠦᠵᠡᠭᠡᠳ ᠭᠤᠶᠤ ᠪᠠᠶᠢᠨ᠎ᠠ ᠭᠡᠵᠦ ᠲᠡᠳᠡᠨ  ᠠᠴᠠ ᠭᠤᠶᠤᠵᠤ ᠠᠪᠤᠬᠤᠯᠠᠷ᠂ ᠡᠬᠡ ᠥᠬᠢᠨ ᠬᠤᠶᠠᠭᠤᠯᠠ ᠶᠢᠨ ᠨᠦᠬᠡ ᠲᠠᠢ ᠳᠡᠷ᠎ᠡ ᠬᠢᠬᠦ ᠲᠤᠭ᠎ᠠ ᠨᠢ ᠤᠯᠠᠮ ᠣᠯᠠᠰᠢᠷᠠᠪᠠ᠃     2008 ᠣᠨ ᠳᠤ ᠪᠡᠭᠡᠵᠢᠩ ᠤᠨ ᠣᠯᠢᠮᠫᠢᠺ ᠤᠨ ᠲᠠᠮᠢᠷ ᠤᠨ ᠴᠤᠭᠯᠠᠭᠠᠨ ᠠᠴᠠ ᠡᠮᠦᠨᠡᠬᠡᠨ᠂ ᠨᠢᠭᠡᠨ ᠨᠠᠶᠢᠵᠠ  ᠨᠢ ᠸᠧᠨ ᠶᠦᠩ ᠬᠤᠸᠠ ᠶᠢᠨ ᠤᠷᠠᠯᠠᠨ ᠬᠢᠭᠰᠡᠨ ᠳᠡᠷ᠎ᠡ ᠶᠢ ᠪᠡᠭᠡᠵᠢᠩ ᠳᠤ ᠠᠪᠠᠴᠢᠬᠤ ᠳᠤ᠂ ᠲᠤᠬᠠᠢ ᠶᠢᠨ ᠦᠶ᠎ᠡ ᠳᠤ ᠬᠠᠭᠠᠨ ᠤ ᠣᠷᠳᠣᠨ ᠤ ᠮᠦᠽᠧᠢ ᠳᠤ ᠣᠷᠣᠵᠤ ᠰᠠᠭᠤᠭᠰᠠᠨ ᠴᠤᠷ ᠤᠨ ᠭᠠᠭᠴᠠ ᠲᠣᠷᠭ᠎ᠠ ᠳᠤᠷᠳᠤᠩ ᠤᠨ ᠣᠷᠳᠣᠨ ᠤ ᠬᠠᠷᠢᠭᠤᠴᠠᠯᠭᠠᠲᠠᠨ ᠦᠵᠡᠵᠦ ᠲᠣᠭᠤᠭᠠᠳ ᠵᠠᠬᠢᠶᠠᠯᠠᠭ᠎ᠠ ᠬᠢᠵᠡᠢ᠂ ᠲᠡᠭᠡᠭᠡᠳ ᠤᠳᠤ ᠪᠤᠯᠲᠠᠯ᠎ᠠ ᠬᠤᠶᠠᠷ ᠲᠠᠯ᠎ᠠ ᠪᠠᠷ ᠢᠶᠠᠨ ᠬᠠᠮᠲᠤᠷᠠᠨ ᠠᠵᠢᠯᠯᠠᠭᠰᠠᠭᠠᠷ ᠪᠤᠢ᠃     ᠮᠥᠨ ᠲᠣᠰ ᠵᠢᠯ ᠳᠤ ᠭᠠᠷ ᠤᠷᠠᠯᠠᠯ ᠢ ︽ᠬᠤᠯᠠᠭᠠᠶᠢᠯᠠᠵᠤ ᠬᠡᠪᠯᠡᠭᠦᠯᠬᠦ︾ ᠶᠢ ᠰᠡᠷᠭᠡᠶᠢᠯᠡᠬᠦ ᠶᠢᠨ ᠲᠥᠯᠥᠭᠡ᠂ ᠸᠧᠨ ᠶᠦᠩ ᠬᠤᠸᠠ ᠤᠯᠤᠰ ᠤᠨ ᠮᠡᠳᠡᠯᠭᠡ ᠶᠢᠨ ᠥᠮᠴᠢᠯᠡᠬᠦ ᠡᠷᠬᠡ ᠶᠢᠨ ᠲᠣᠪᠴᠢᠶ᠎ᠠ ᠠᠴᠠ ᠨᠦᠬᠡ ᠲᠠᠢ ᠳᠡᠷ᠎ᠡ ᠶᠢᠨ ᠬᠡᠷᠡᠭᠯᠡᠭᠡᠨ ᠤ ᠰᠢᠨ᠎ᠡ ᠭᠡᠯᠪᠡᠷᠢ ᠶᠢᠨ ᠲᠤᠰᠬᠠᠢ ᠠᠰᠢᠭ ᠤᠨ ᠡᠷᠬᠡ ᠶᠢ ᠭᠤᠶᠤᠴᠢᠯᠠᠵᠠᠢ᠃     ᠨᠡᠷ᠎ᠡ ᠠᠯᠳᠠᠷ ᠨᠢ ᠤᠯᠠᠮ ᠳᠠᠭᠤᠷᠢᠰᠬᠤ ᠶᠢ ᠳᠠᠭᠠᠯᠳᠤᠨ᠂ ᠸᠧᠨ ᠶᠦᠩ ᠬᠤᠸᠠ ᠡᠵᠢ ᠲᠠᠢ ᠪᠠᠨ ᠤᠯᠠᠮ ᠶᠠᠭᠠᠷᠠᠤ ᠪᠣᠯᠵᠠᠢ᠂ ᠡᠵᠢ ᠥᠬᠢᠨ ᠬᠤᠶᠠᠭᠤᠯᠠ ᠥᠷᠯᠥᠭᠡ ᠪᠦᠷᠢ ᠲᠠᠪᠤᠨ ᠴᠠᠭ ᠢᠯᠡᠭᠦᠦ ᠳᠤ ᠪᠣᠰᠴᠤ᠂ ᠡᠷᠲᠡ ᠶᠢᠨ ᠬᠤᠭᠤᠯᠠ ᠪᠠᠨ ᠢᠳᠡᠵᠦ ᠪᠠᠷᠠᠮᠠᠭᠴᠠ ᠳᠡᠷ᠎ᠡ ᠪᠠᠨ ᠣᠶᠣᠵᠤ᠂ ᠦᠷᠭᠦᠯᠵᠢ ᠰᠥᠨᠢ ᠶᠢᠨ ᠭᠦᠨ ᠳᠤ ᠰᠠᠶ᠋ᠢ ᠤᠨᠲᠠᠳᠠᠭ᠃     ᠸᠧᠨ ᠶᠦᠩ ᠬᠤᠸᠠ ᠬᠡᠯᠡᠬᠦ ᠳᠡᠭᠡᠨ᠂ ᠨᠦᠬᠡ ᠲᠠᠢ ᠳᠡᠷ᠎ᠡ ᠶᠢ ᠦᠵᠡᠬᠦ ᠳᠤ ᠭᠢᠯᠪᠠᠷᠬᠠᠨ ᠪᠤᠯᠪᠠᠴᠤ ᠦᠨᠡᠨ ᠳᠡᠭᠡᠨ ᠤᠷᠠᠯᠠᠨ ᠬᠢᠬᠦ ᠲᠠᠰ ᠳᠠᠷᠠᠭᠠᠯᠠᠯ ᠨᠢ ᠮᠠᠰᠢ ᠪᠤᠳᠤᠯᠢᠶᠠᠨᠲᠠᠢ᠂ 36 ᠠᠵᠢᠯ ᠤᠨ ᠳᠠᠷᠠᠭᠠᠯᠠᠯ᠂ 3000 ᠭᠠᠷᠤᠢ ᠤᠳᠠᠭ᠎ᠠ ᠵᠡᠭᠦᠯᠡᠵᠦ ᠣᠶᠣᠨ᠎ᠠ᠃ ᠳᠡᠷ᠎ᠡ ᠶᠢᠨ ᠨᠢᠭᠤᠷ ᠲᠠᠯ᠎ᠠ ᠶᠢᠨ ᠪᠦᠰᠡᠨ ᠳᠤ ᠬᠤᠸᠠᠷ ᠬᠠᠳᠬᠤᠬᠤ ᠲᠤᠯᠠ ᠬᠡᠮᠡᠷᠯᠢᠭ ᠲᠣᠷᠭ᠎ᠠ ᠶᠢ ᠰᠣᠩᠭᠤᠵᠤ᠂ ᠨᠦᠬᠡ ᠭᠠᠷᠭᠠᠬᠤ ᠴᠡᠴᠡᠭ ᠤᠨ ᠲᠣᠭᠤᠷᠴᠤᠭ ᠢ ᠨᠢ ᠴᠤᠯᠭᠤᠢ ᠲᠣᠷᠭ᠎ᠠ ᠪᠠᠷ ᠤᠷᠠᠯᠠᠨ ᠬᠢᠵᠦ᠂ ᠬᠤᠶᠠᠷ ᠵᠦᠢᠯ ᠤᠨ ᠪᠥᠰ ᠪᠠᠷᠠᠭ᠎ᠠ ᠶᠢ ᠵᠣᠬᠢᠴᠠᠭᠤᠯᠬᠤ ᠶᠢ ᠡᠷᠬᠢᠮᠯᠡᠵᠦ᠂ ᠥᠩᠭᠡ ᠪᠤᠳᠤᠭ ᠨᠢ ᠨᠠᠩ ᠡᠪᠯᠢᠭ ᠪᠥᠭᠡᠳ ᠭᠤᠶᠣ ᠰᠠᠶᠢᠬᠠᠨ ᠪᠠᠶᠢᠬᠤ ᠬᠡᠷᠡᠭᠲᠡᠢ᠂ ᠲᠡᠷᠡᠴᠢᠯᠡᠨ ᠨᠢᠭᠡ ᠳᠡᠷ᠎ᠡ ᠶᠢᠨ ᠳᠣᠲᠣᠷ ᠢ ᠳᠦᠭᠦᠷᠭᠡᠬᠦ ᠳᠤ ᠭᠤᠷᠪᠠ ᠠᠴᠠ ᠵᠢᠷᠭᠤᠭᠠᠨ ᠴᠠᠭ ᠬᠡᠷᠡᠭᠰᠡᠨ᠎ᠡ᠂ ᠠᠵᠢᠯ ᠤᠨ ᠲᠠᠰ ᠳᠠᠷᠠᠭᠠᠯᠠᠯ ᠨᠢᠭᠡᠪᠦᠷᠢ ᠶᠢ ᠵᠢᠭᠠᠬᠠᠨ ᠴᠦ ᠬᠠᠰᠢ ᠶᠠᠰᠢ ᠬᠢᠵᠦ ᠪᠤᠯᠬᠤ ᠦᠭᠡᠢ᠃
C:\Users\bch\Desktop\33333333\2.05  文化图3.png
ᠲᠦᠰᠢᠯᠭᠡ ᠳᠡᠷ᠎ᠡ     ᠤᠯᠠᠮᠵᠢᠯᠠᠯ ᠢ ᠬᠠᠳᠠᠭᠠᠯᠠᠵᠤ ᠣᠳᠣᠬᠢ ᠲᠠᠢ ᠠᠭᠤᠰᠤᠯᠴᠠᠭᠤᠯᠪᠠ     ︽ᠤᠯᠠᠮᠵᠢᠯᠠᠯᠲᠤ ᠤᠷ᠎ᠠ ᠮᠡᠷᠭᠡᠵᠢᠯ ᠢ ᠬᠠᠳᠠᠭᠠᠯᠠᠵᠤ ᠣᠳᠣᠬᠢ ᠠᠮᠢᠳᠤᠷᠠᠯ ᠳᠤ ᠠᠭᠤᠰᠤᠯᠴᠠᠭᠤᠯᠬᠤ︾ ᠨᠢ ᠸᠧᠨ ᠶᠦᠩ ᠬᠤᠸᠠ ᠶᠢᠨ ᠨᠦᠬᠡ ᠲᠠᠢ ᠳᠡᠷ᠎ᠡ ᠦᠢᠯᠡᠳᠬᠦ ᠵᠣᠷᠢᠯᠲᠠ ᠪᠣᠯᠣᠨ᠎ᠠ᠃     ᠣᠶᠢᠷ᠎ᠠ ᠶᠢᠨ ᠵᠢᠯ ᠤᠳ ᠲᠤ ᠤᠯᠠᠮᠵᠢᠯᠠᠯᠲᠤ ᠭᠠᠷ ᠤᠷᠠᠯᠠᠯ ᠤᠨ ᠤᠷ᠎ᠠ ᠮᠡᠷᠭᠡᠵᠢᠯ ᠢ ᠬᠠᠳᠠᠭᠠᠯᠠᠭᠰᠠᠨ ᠰᠠᠭᠤᠷᠢᠨ ᠳᠡᠭᠡᠷ᠎ᠡ᠂ ᠲᠡᠷᠡ ᠪᠠᠷ ᠬᠡᠳᠦᠨᠲᠡ ᠥᠭᠡᠷᠡᠴᠢᠯᠡᠨ ᠰᠠᠶᠢᠵᠢᠷᠠᠭᠤᠯᠬᠤ ᠪᠠᠷ ᠳᠠᠮᠵᠢᠵᠤ᠂ ᠵᠢᠷᠭᠤᠭᠠᠨ ᠨᠦᠬᠡ ᠲᠠᠢ ᠪᠠᠶᠢᠭᠰᠠᠨ ᠠᠴᠠ ᠨᠢ ᠠᠷᠪᠠᠨ ᠨᠦᠬᠡ᠂ ᠠᠷᠪᠠᠨ ᠳᠦᠷᠪᠡᠨ ᠨᠦᠬᠡ ᠲᠠᠢ ᠪᠣᠯᠭᠠᠨ ᠬᠥᠭᠵᠢᠭᠦᠯᠵᠦ᠂ ᠤᠷᠠᠯᠠᠨ ᠬᠢᠬᠦ ᠳᠤ ᠤᠯᠠᠮ ᠬᠦᠴᠢᠷ ᠪᠣᠯᠵᠤ᠂ ᠬᠡᠷᠡᠭᠯᠡᠬᠦ ᠭᠠᠵᠠᠷ ᠨᠢ ᠴᠤ ᠤᠯᠠᠨ ᠡᠰᠢᠵᠢᠵᠦ᠂ ᠳᠡᠷ᠎ᠡ ᠶᠢᠨ ᠳᠣᠲᠣᠷ ᠢ ᠥᠩᠭᠡᠷᠡᠭᠰᠡᠨ ᠤ ᠬᠠᠪᠲᠠᠭᠠᠢ ᠨᠠᠷᠢᠮᠤ᠂ ᠰᠠᠭᠠᠭ ᠤᠨ ᠬᠠᠯᠢᠰᠤ ᠪᠠᠶᠢᠭᠰᠠᠨ ᠠᠴᠠ ᠭᠠᠰᠢᠭᠤᠨ ᠰᠠᠭᠠᠭ ᠤᠨ ᠬᠠᠯᠢᠰᠤ ᠪᠤᠯᠭᠠᠵᠤ᠂ ᠳᠡᠷᠡᠯᠡᠬᠦ ᠳᠤ ᠨᠡᠩ ᠲᠠᠭᠠᠯᠠᠮᠵᠢᠲᠠᠢ ᠪᠣᠯᠭᠠᠵᠠᠢ᠃     ︽ᠤᠯᠠᠮᠵᠢᠯᠠᠯᠲᠤ ᠨᠦᠬᠡ ᠲᠠᠢ ᠳᠡᠷ᠎ᠡ ᠶᠢᠨ ᠥᠨᠳᠥᠷ ᠨᠢ 14 ᠰᠠᠨᠲ᠋ᠢᠮᠧᠲᠷ᠂ ᠬᠠᠵᠠᠭᠤᠯᠠᠵᠤ ᠤᠨᠲᠠᠬᠤ ᠶᠢ ᠱᠠᠭᠠᠷᠳᠠᠳᠠᠭ᠂ ᠭᠡᠪᠡᠴᠦ ᠣᠳᠣᠬᠢ ᠨᠠᠰᠤᠨ ᠳᠤ ᠭᠦᠷᠦᠭᠰᠡᠳ ᠤᠨ ᠮᠥᠷᠥᠨ ᠤ ᠥᠷᠭᠡᠨ ᠨᠢ ᠳᠤᠮᠳᠠᠴᠢ ᠪᠠᠷ 14 ᠰᠠᠨᠲ᠋ᠢᠮᠧᠲᠷ ᠢ ᠳᠠᠪᠠᠭᠰᠠᠨ ᠪᠠᠶᠢᠨ᠎ᠠ᠂ ᠡᠨᠡ ᠥᠨᠳᠥᠷ ᠤᠨ ᠬᠡᠮᠵᠢᠶ᠎ᠡ ᠲᠠᠢ ᠳᠡᠷ᠎ᠡ ᠨᠢ ᠠᠷᠠᠢ ᠥᠨᠳᠥᠷ ᠮᠥᠷᠲᠡᠭᠡᠨ ᠲᠣᠭᠲᠠᠭᠰᠠᠨ ᠭᠡᠯᠪᠡᠷᠢ ᠲᠠᠢ ᠪᠠᠷ ᠣᠷᠳᠣ ᠬᠤᠭᠤᠴᠠᠭ᠎ᠠ ᠤᠨᠲᠠᠬᠤ ᠶᠤᠮ ᠪᠣᠯ ᠤᠨᠲᠠᠯᠭ᠎ᠠ ᠳᠤ ᠠᠰᠢᠭ ᠦᠭᠡᠢ᠂ ᠢᠩᠭᠢᠭᠡᠳ ᠪᠢ ᠪᠠᠰᠠ ᠲᠠᠩ ᠨᠦᠬᠡ ᠲᠠᠢ ᠳᠡᠷ᠎ᠡ ᠶᠢ ᠰᠢᠨ᠎ᠡ ᠪᠠᠷ ᠡᠭᠦᠳᠴᠦ᠂ ᠪᠠᠶᠠᠷ ᠪᠠᠶᠠᠰᠤᠯᠳᠤ ᠴᠢᠬᠢᠨ ᠳᠡᠷ᠎ᠡ ᠭᠡᠵᠦ ᠨᠡᠷᠡᠶᠢᠳᠴᠡᠢ᠂ ᠲᠡᠷᠡ ᠨᠢ ᠨᠢᠭᠡ ᠨᠢᠳᠤᠷᠭ᠎ᠠ ᠶᠢᠨ ᠬᠢᠷᠢ ᠥᠨᠳᠥᠷ᠂ ᠳᠡᠭᠡᠭᠰᠢ ᠬᠠᠨᠳᠤᠵᠤ ᠤᠨᠲᠠᠵᠤ ᠪᠣᠯᠣᠨ᠎ᠠ᠂ ᠬᠠᠵᠠᠭᠤᠯᠠᠵᠤ ᠤᠨᠲᠠᠵᠤ ᠴᠤ ᠪᠣᠯᠣᠨ᠎ᠠ᠂ ᠳᠡᠷᠡᠯᠡᠬᠦ ᠳᠤ ᠮᠠᠰᠢ ᠲᠠᠭᠠᠲᠠᠢ︾ ᠭᠡᠵᠦ ᠸᠧᠨ ᠶᠦᠩ ᠬᠤᠸᠠ ᠲᠠᠨᠢᠯᠴᠠᠭᠤᠯᠤᠨ᠎ᠠ᠃     ᠰᠡᠭᠦᠯᠡᠷ ᠨᠢ ᠬᠡᠷᠡᠭᠯᠡᠭᠴᠢᠳ ᠤᠨ ᠲᠤᠰᠬᠠᠯ ᠢ ᠦᠨᠳᠦᠰᠦᠯᠡᠵᠦ᠂ ᠸᠧᠨ ᠶᠦᠩ ᠬᠤᠸᠠ ᠪᠠᠰᠠ ᠠᠳᠠᠯᠢ ᠪᠤᠰᠤ ᠰᠠᠭᠤᠳᠠᠯ ᠳᠤ ᠲᠣᠬᠢᠷᠠᠬᠤ ᠨᠦᠬᠡ ᠲᠠᠢ ᠲᠦᠰᠢᠯᠭᠡ ᠳᠡᠷ᠎ᠡ ᠶᠢᠨ ᠰᠢᠨ᠎ᠡ ᠶᠢ ᠡᠭᠦᠳᠴᠦ ᠤᠷᠠᠯᠠᠨ ᠬᠢᠵᠡᠢ᠃
C:\Users\bch\Desktop\33333333\2.05  文化图4.png
ᠲᠡᠷᠭᠡᠨ ᠳᠤ ᠬᠡᠷᠡᠭᠯᠡᠬᠦ ᠬᠦᠵᠦᠭᠦᠨ ᠳᠡᠷ᠎ᠡ ᠪᠠ ᠴᠢᠬᠢᠨ ᠳᠡᠷ᠎ᠡ     ᠭᠠᠳᠠᠨᠠᠬᠢ ᠨᠢ ᠲᠣᠭᠤᠷᠢᠭ ᠳᠣᠲᠣᠷᠠᠬᠢ ᠨᠢ ᠳᠥᠷᠪᠡᠯᠵᠢᠨ ᠲᠦᠰᠢᠯᠭᠡ ᠳᠡᠷ᠎ᠡ ᠨᠢ ᠶᠠᠭ ᠳᠤᠮᠳᠠᠳᠤ ᠤᠯᠤᠰ ᠤᠨ ᠡᠷᠲᠡᠨ ᠤ ᠵᠣᠭᠤᠰ ᠲᠠᠢ ᠠᠳᠠᠯᠢ ᠪᠠᠶᠢᠵᠤ᠂ ᠲᠡᠭᠦᠨ ᠢ ᠵᠠᠷᠤᠬᠤ ᠮᠥᠩᠭᠦ ᠲᠠᠢ ᠭᠡᠮᠡᠳᠡᠭ᠃ ᠡᠷᠳᠡᠨᠢ ᠶᠢᠨ ᠬᠤᠯᠤ ᠮᠠᠶ᠋ᠢᠭ ᠤᠨ ᠲᠦᠰᠢᠯᠭᠡ ᠳᠡᠷ᠎ᠡ ᠶᠢ ᠨᠢᠷᠤᠭᠤᠨ ᠠᠷᠤ ᠳᠠᠭᠠᠨ ᠲᠦᠰᠢᠵᠦ᠂ ᠬᠡᠰᠢᠭ ᠪᠤᠶᠠᠨ ᠬᠤᠣᠰᠯᠠᠭᠰᠠᠨ ᠤᠳᠬ᠎ᠠ ᠶᠢ ᠪᠡᠯᠭᠡᠳᠡᠵᠡᠢ᠃ ᠤᠷᠲᠤ ᠬᠤᠭᠤᠴᠠᠭ᠎ᠠ ᠪᠠᠷ ᠲᠡᠷᠭᠡ ᠵᠢᠯᠣᠭᠤᠳᠳᠠᠭ ᠬᠥᠮᠥᠰ ᠬᠦᠵᠦᠭᠦᠦ ᠰᠡᠭᠡᠷ ᠨᠢ ᠲᠡᠶᠢᠮᠦ ᠰᠠᠶᠢᠨ ᠪᠢᠰᠢ ᠪᠣᠯᠬᠤᠷ ᠶᠤᠸᠠᠮᠪᠤᠤ ᠭᠡᠯᠪᠡᠷᠢ ᠶᠢᠨ ᠬᠦᠵᠦᠭᠦᠨ ᠳᠡᠷ᠎ᠡ ᠪᠤᠢ ᠪᠤᠯᠵᠠᠶ᠃ ᠲᠡᠷᠭᠡᠨ ᠤ ᠠᠷᠤ ᠶᠢᠨ ᠰᠠᠭᠤᠳᠠᠯ ᠳᠤ ᠰᠠᠭᠤᠭᠰᠠᠨ ᠬᠥᠮᠥᠨ ᠤ ᠲᠣᠬᠤᠢ ᠶᠢ ᠲᠠᠭᠠᠯᠠᠮᠵᠢᠲᠠᠢ ᠪᠠᠶᠢᠯᠭᠠᠬᠤ ᠶᠢᠨ ᠲᠥᠯᠥᠭᠡ᠂ ᠠᠷᠪᠠᠨ ᠨᠦᠬᠡ ᠲᠠᠢ ᠲᠣᠬᠤᠢ ᠶᠢᠨ ᠳᠡᠷ᠎ᠡ ᠶᠢ ᠤᠷᠠᠯᠠᠨ ᠬᠢᠵᠦ᠂ ᠳᠡᠭᠡᠷ᠎ᠡ ᠨᠢ ᠡᠭᠦᠯᠡᠨ ᠬᠡ᠂ ᠠᠨᠠᠷ ᠵᠡᠷᠭᠡ ᠥᠯᠵᠡᠶᠢᠲᠦ ᠬᠡ ᠤᠭᠠᠯᠵᠠ ᠶᠢ ᠬᠠᠳᠬᠤᠮᠠᠯᠯᠠᠵᠠᠢ ᠁ ᠡᠳᠡᠭᠡᠷ ᠰᠢᠷᠢᠰ ᠳᠡᠷ᠎ᠡ ᠶᠢᠨ ᠬᠠᠩᠭᠠᠯᠭ᠎ᠠ ᠨᠢ ᠬᠡᠷᠡᠭᠴᠡᠭᠡ ᠳᠡᠭᠡᠨ ᠬᠦᠷᠬᠦ ᠦᠭᠡᠢ ᠪᠣᠯᠵᠠᠢ᠃     2021᠂ 2022᠂ 2023 ᠣᠨ ᠳᠤ ᠭᠤᠷᠪᠠᠨ ᠵᠢᠯ ᠳᠠᠷᠠᠭᠠᠯᠠᠨ᠂ ᠨᠦᠬᠡ ᠲᠠᠢ ᠳᠡᠷ᠎ᠡ ᠶᠢᠨ ᠰᠢᠷᠢᠰ ᠪᠦᠲᠦᠭᠡᠭᠳᠡᠬᠦᠨ ᠳᠤᠮᠳᠠᠳᠤ ᠤᠯᠤᠰ ᠤᠨ ᠵᠢᠭᠤᠯᠴᠢᠯᠠᠯ ᠤᠨ ᠲᠠᠸᠠᠷ ᠤᠨ ᠤᠷᠤᠯᠳᠤᠭᠠᠨ ᠳᠤ ᠱᠠᠩᠨᠠᠯ ᠭᠥᠷᠳᠡᠭᠰᠡᠨ ᠪᠠᠶᠢᠨ᠎ᠠ᠃ ᠡᠳᠦᠭᠡ ᠨᠦᠬᠡ ᠲᠠᠢ ᠳᠡᠷ᠎ᠡ ᠶᠢᠨ ᠰᠢᠷᠢᠰ ᠪᠦᠲᠦᠭᠡᠭᠳᠡᠬᠦᠨ ᠨᠢ ᠨᠡᠩ ᠴᠤ ᠥᠪᠡᠷᠲᠡᠭᠡᠨ ᠵᠠᠰᠠᠬᠤ ᠣᠷᠣᠨ᠂ ᠪᠤᠭᠤᠲᠤ ᠬᠤᠳᠠ᠂ ᠳ᠋ᠦᠩ ᠾᠧ ᠲᠣᠭᠤᠷᠢᠭ ᠤᠨ ᠭᠤᠷᠪᠠᠨ ᠱᠠᠲᠤᠨ ᠤ ᠵᠠᠰᠠᠭ ᠤᠨ ᠣᠷᠳᠣᠨ ᠤ ᠲᠣᠭᠲᠠᠭᠰᠠᠨ ᠪᠡᠯᠡᠭ ᠪᠣᠯᠪᠠ᠃     2015 ᠣᠨ ᠳᠤ ᠪᠤᠭᠤᠲᠤ ᠬᠤᠳᠠ ᠶᠢᠨ ᠡᠮᠡᠭᠲᠡᠶᠢᠴᠦᠳ ᠤᠨ ᠬᠤᠯᠪᠤᠭ᠎ᠠ ᠶᠢᠨ ᠬᠠᠪᠰᠤᠷᠤᠯᠭ᠎ᠠ ᠵᠢᠯᠣᠭᠤᠳᠤᠯᠭ᠎ᠠ ᠪᠠᠷ᠂ ᠸᠧᠨ ᠶᠦᠩ ᠬᠤᠸᠠ ᠨᠦᠬᠡ ᠲᠠᠢ ᠳᠡᠷ᠎ᠡ ᠶᠢᠨ ᠭᠠᠷ ᠦᠢᠯᠡᠳᠬᠡᠯ ᠤᠨ ᠭᠠᠵᠠᠷ ᠢ ᠡᠭᠦᠰᠬᠡᠨ ᠪᠠᠶᠢᠭᠤᠯᠵᠤ᠂ ᠤᠳᠤ ᠪᠤᠯᠬᠤ ᠳᠤ ᠪᠤᠭᠤᠲᠤ ᠬᠤᠳᠠ᠂ ᠭᠦᠭᠡᠬᠤᠲᠠ ᠵᠡᠷᠭᠡ ᠭᠠᠵᠠᠷ ᠤᠨ 2000 ᠭᠠᠷᠤᠢ ᠡᠮᠡᠭᠲᠡᠶᠢᠴᠦᠳ ᠲᠤ ᠪᠣᠯᠪᠠᠰᠤᠷᠠᠯ ᠬᠦᠷᠲᠡᠭᠡᠵᠦ᠂ ᠲᠡᠳᠡᠨᠤᠰ ᠢ ᠭᠡᠷ ᠲᠡᠭᠡᠨ ᠰᠠᠭᠤᠵᠤ ᠪᠠᠶᠢᠭᠠᠳ ᠤᠷᠤᠯᠭ᠎ᠠ ᠣᠯᠬᠤ ᠪᠤᠯᠭᠠᠵᠤ᠂ ᠠᠮᠢᠳᠤᠯᠢᠭ ᠢᠶᠠᠷ ᠠᠵᠢᠯ ᠣᠯᠬᠤ ᠶᠢ ᠪᠡᠶᠡᠯᠡᠭᠦᠯᠵᠡᠢ᠃     ︽ᠨᠦᠬᠡ ᠲᠠᠢ ᠳᠡᠷ᠎ᠡ ᠳᠤᠮᠳᠠᠳᠤ ᠶᠢᠨ ᠰᠣᠶᠣᠯ ᠢ ᠤᠯᠠᠮᠵᠢᠯᠠᠭᠰᠠᠨ ᠢᠶᠠᠷ ᠪᠠᠷᠠᠬᠤ ᠦᠭᠡᠢ᠂ ᠨᠡᠩ ᠴᠢᠬᠤᠯᠠ ᠨᠢ ᠲᠡᠷᠡ ᠨᠢ ᠮᠠᠰᠢ ᠣᠯᠠᠨ ᠬᠥᠮᠥᠰ ᠲᠤ ᠠᠵᠤ ᠠᠬᠤᠢ ᠶᠢᠨ ᠣᠷᠣᠯᠭ᠎ᠠ ᠣᠯᠭᠤᠵᠤ ᠥᠭᠭᠦᠭᠰᠡᠨ ᠶᠤᠮ᠂ ᠡᠨᠡ ᠪᠣᠯ ᠮᠢᠨᠤ ᠬᠠᠮᠤᠭ ᠠᠴᠠ ᠢᠯᠡᠭᠦᠦ ᠪᠠᠶᠠᠷᠯᠠᠵᠤ ᠪᠠᠶᠢᠭ᠎ᠠ ᠶᠠᠪᠤᠳᠠᠯ ᠮᠥᠨ︾ ᠭᠡᠵᠦ ᠸᠧᠨ ᠶᠦᠩ ᠬᠤᠸᠠ ᠰᠡᠳᠬᠢᠯ ᠬᠠᠨᠤᠮᠵᠢᠳᠠᠢ ᠶᠠᠷᠢᠨ᠎ᠠ᠃
C:\Users\bch\Desktop\33333333\2.05  文化图5.png
︵ᠵᠢᠷᠤᠭ ᠤᠳ ᠢ ᠸᠧᠨ ᠶᠦᠩ ᠬᠤᠸᠠ ᠬᠠᠩᠭᠠᠪᠠ︶
 
ᠢᠷᠡᠯᠲᠡ᠄ ᠳᠤᠮᠲᠠᠲᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号