ᠮᠣᠩᠭᠤᠯ ᠭᠡᠷ ᠲᠤ ᠪᠠᠭᠤᠵᠤ ᠰᠠᠭᠤᠬᠤ ᠳᠤ ᠤᠯᠠᠮᠵᠢᠯᠠᠯᠲᠤ ᠶᠣᠰᠣ ᠵᠠᠩᠰᠢᠯ ᠣᠯᠠᠨ ᠪᠠᠶᠢᠳᠠᠭ ᠶᠤᠮ᠃ | ᠮᠣᠩᠭᠤᠯᠴᠤᠳ ᠡᠨᠡᠬᠦ ᠶᠣᠰᠣ ᠵᠠᠩᠰᠢᠯ ᠢᠶᠠᠨ ᠪᠡᠯᠭᠡ ᠳᠡᠮᠪᠡᠷᠢᠯ ᠲᠠᠢ᠂ ᠰᠠᠶᠢᠨ ᠰᠠᠶᠢᠬᠠᠨ ᠭᠡᠵᠤ ᠦᠵᠡᠳᠡᠭ᠃ | ᠡᠶᠢᠮᠦ ᠠᠴᠠ ᠡᠳᠡᠭᠡᠷ ᠵᠠᠩ ᠦᠢᠯᠡ ᠨᠢ ᠮᠣᠩᠭᠤᠯ ᠬᠥᠮᠥᠨ ᠳᠤ ᠬᠠᠯᠠᠭᠤᠨ ᠳᠣᠲᠣᠨᠣ᠂ ᠡᠯᠢᠭᠡᠰᠡᠭ ᠰᠠᠨᠠᠭᠳᠠᠳᠠᠭ᠃ | ᠬᠡᠷᠪᠡ ᠶᠠᠮᠠᠷ ᠨᠢᠭᠡᠨ ᠬᠥᠮᠥᠨ ᠡᠨᠡᠬᠦ ᠶᠣᠰᠣ ᠵᠠᠩᠰᠢᠯ ᠢ ᠡᠪᠳᠡᠬᠦ ᠳᠤ ᠬᠦᠷᠪᠡᠯ ᠲᠡᠷᠡ ᠨᠢ ᠮᠣᠩᠭᠤᠯᠴᠤᠳ ᠤᠨ | ᠡᠭᠳᠡᠭᠦᠦ ᠶᠢ ᠬᠦᠷᠭᠡᠨ᠂ ᠰᠡᠳᠬᠢᠯ ᠢ ᠬᠥᠨᠳᠡᠳᠡᠭ᠃ ᠮᠣᠩᠭᠤᠯ ᠭᠡᠷ ᠲᠤ ᠣᠷᠣᠬᠤ ᠳᠠᠭᠠᠨ ᠢᠰᠡᠭᠡᠢ ᠡᠭᠦᠳᠡ ᠶᠢ ᠨᠢ | ᠵᠡᠭᠦᠨ᠂ ᠪᠠᠷᠠᠭᠤᠨ ᠲᠠᠯ᠎ᠠ ᠠᠴᠠ ᠨᠢ ᠰᠡᠬᠦᠬᠦ ᠪᠣᠯᠣᠮᠵᠢ ᠪᠦᠷ ᠪᠣᠢ᠃ ᠭᠡᠬᠦ ᠳᠡᠭᠡᠨ ᠡᠭᠦᠳᠡᠨ ᠤ ᠵᠡᠭᠦᠨ ᠲᠠᠯ᠎ᠠ ᠶᠢ ︽ | ᠵᠥᠪ︾ ᠲᠠᠯ᠎ᠠ ᠭᠡᠳᠡᠭ ᠪᠣᠯᠬᠤᠷ ᠡᠷᠬᠡᠪᠰᠢ ᠵᠥᠪ ᠲᠠᠯ᠎ᠠ ᠠᠴᠠ ᠨᠢ ᠰᠡᠬᠦᠬᠦ ᠶᠣᠰᠣ ᠲᠠᠢ᠃ ᠪᠤᠷᠤᠭᠤ ᠲᠠᠯ᠎ᠠ ᠠᠴᠠ ᠨᠢ | ᠰᠡᠬᠦᠪᠡᠯ ᠪᠡᠯᠭᠡ ᠳᠡᠮᠪᠡᠷᠢᠯ ᠮᠠᠭᠤᠲᠠᠢ ᠭᠡᠵᠤ ᠳᠤᠷ᠎ᠠ ᠦᠭᠡᠶᠢᠴᠡᠳᠡᠭ᠃ ᠵᠠᠷᠢᠮ ᠳᠠᠭᠠᠨ ᠢᠰᠡᠭᠡᠢ ᠡᠭᠦᠳᠡ ᠶᠢ ᠵᠡᠭᠦᠨ | ᠲᠠᠯ᠎ᠠ ᠠᠴᠠ ᠨᠢ ᠰᠡᠬᠦᠭᠡᠳ ᠲᠣᠲᠣᠭᠤ ᠶᠢᠨ ᠳᠡᠭᠡᠷ᠎ᠡ ᠨᠢ ᠲᠠᠯᠪᠢᠳᠠᠭ ᠶᠣᠰᠣ ᠴᠦ ᠪᠠᠶᠢᠳᠠᠭ᠃ ᠮᠣᠩᠭᠤᠯ ᠭᠡᠷ ᠤᠨ | ᠲᠤᠯᠭ᠎ᠠ᠂ ᠲᠣᠲᠣᠭᠤ᠂ ᠪᠣᠱᠤᠭ᠎ᠠ ᠭᠤᠷᠪᠠ ᠪᠣᠯ ᠳᠠᠷᠬᠠᠨ ᠬᠦᠨᠳᠦᠲᠡᠢ᠂ ᠶᠠᠮᠠᠷ ᠴᠦ ᠬᠥᠮᠥᠨ ᠭᠡᠳ ᠡᠨᠡ ᠭᠤᠷᠪᠠ ᠶᠢ | ᠬᠥᠨᠳᠡᠵᠦ ᠪᠣᠯᠬᠤ ᠦᠭᠡᠢ᠃ ᠬᠡᠷᠪᠡ ᠰᠠᠨᠠᠮᠰᠠᠷ ᠦᠭᠡᠢ ᠭᠠᠷ ᠬᠥᠯ ᠢᠶᠠᠨ ᠬᠦᠷᠭᠡᠬᠦ ᠳᠤ ᠬᠦᠷᠪᠡᠯ ᠭᠡᠷ ᠤᠨ ᠡᠵᠡᠨ ᠢ | ᠳᠣᠷᠣᠮᠵᠢᠯᠠᠭᠰᠠᠨ ᠳᠤ ᠲᠣᠭᠠᠴᠢᠭᠳᠠᠨ᠎ᠠ᠃ ᠡᠶᠢᠮᠦ ᠠᠴᠠ ᠮᠣᠩᠭᠤᠯ ᠭᠡᠷ ᠲᠤ ᠣᠷᠣᠬᠤ ᠳᠤ ᠡᠨᠡ ᠭᠤᠷᠪᠠ ᠳᠤ ᠭᠠᠯ | ᠬᠥᠯ ᠬᠦᠷᠭᠡᠬᠦ ᠠᠴᠠ ᠪᠠᠨ ᠪᠣᠯᠭᠤᠮᠵᠢᠯᠠᠳᠠᠭ᠃ ᠬᠡᠨ ᠴᠦ ᠭᠡᠰᠡᠨ ᠭᠡᠷ ᠲᠤ ᠣᠷᠣᠬᠤ ᠳᠠᠭᠠᠨ ᠲᠣᠯᠣᠭᠠᠢ ᠪᠠᠨ | ᠪᠥᠬᠦ᠋ᠢᠵᠦ ᠪᠠᠶᠢᠳᠠᠭ ᠶᠣᠰᠣᠨ ᠪᠣᠢ᠃ ᠡᠨᠡ ᠨᠢ ᠲᠣᠲᠣᠭᠤ᠂ ᠭᠠᠯ ᠭᠤᠯᠣᠮᠲᠠ᠂ ᠰᠢᠲᠦᠭᠡᠨ ᠪᠤᠷᠬᠠᠨ ᠳᠤᠨᠢ | ᠪᠥᠬᠦ᠋ᠢᠨ ᠶᠣᠰᠣᠯᠠᠵᠤ᠂ ᠭᠡᠷ ᠤᠨ ᠡᠵᠡᠨ ᠢ ᠬᠦᠨᠳᠦᠳᠬᠡᠵᠦ ᠪᠠᠶᠢᠭ᠎ᠠ ᠤᠳᠬ᠎ᠠ ᠲᠠᠢ᠃ ᠵᠠᠷᠢᠮ ᠬᠥᠮᠥᠨ ᠭᠡᠷ ᠲᠤ | ᠣᠷᠣᠬᠤ ᠳᠠᠭᠠᠨ ᠪᠠᠷᠠᠭᠤᠨ ᠭᠠᠷ ᠢᠶᠠᠨ ᠰᠤᠩᠭᠠᠨ ᠲᠣᠲᠣᠭᠤ ᠠᠴᠠ ᠨᠢ ᠠᠳᠢᠰ ᠠᠪᠴᠤ ᠮᠠᠩᠨᠠᠢ ᠳᠠᠭᠠᠨ ᠲᠦᠷᠬᠢᠨ | ᠭᠡᠷ ᠤᠨ ᠡᠵᠡᠨ ᠳᠤ ᠬᠦᠨᠳᠦᠳᠬᠡᠯ ᠳᠡᠪᠰᠢᠭᠦᠯᠦᠨ᠂ ᠭᠡᠷ ᠤᠨ ᠡᠵᠡᠨ ᠢ ᠨᠢ ᠬᠦᠨᠳᠦᠳᠬᠡᠵᠦ ᠪᠠᠶᠢᠭ᠎ᠠ ᠪᠠᠨ ᠢᠯᠡᠳᠬᠡᠳᠡᠭ | ᠃ ᠭᠡᠷ ᠤᠨ ᠪᠣᠱᠤᠭ᠎ᠠ ᠶᠢ ᠠᠯᠬᠤᠬᠤ ᠳᠠᠭᠠᠨ ᠬᠠᠲᠠᠪᠴᠢ ᠳᠤ ᠬᠥᠯ ᠬᠦᠷᠬᠦ ᠠᠴᠠ ᠪᠣᠯᠭᠤᠮᠵᠢᠯᠠᠨ᠂ ᠬᠠᠲᠠᠪᠴᠢ ᠶᠢᠨ | ᠵᠡᠭᠦᠨ ᠬᠠᠭᠠᠰ ᠲᠠᠯ᠎ᠠ ᠪᠠᠷ ᠠᠯᠬᠤᠨ ᠣᠷᠣᠨ᠎ᠠ᠃ ᠥᠨᠳᠥᠷ ᠨᠠᠰᠤᠲᠠᠨ᠂ ᠲᠣᠮᠤᠭ᠎ᠠ ᠲᠠᠢ ᠬᠥᠮᠥᠨ ᠢ ᠬᠠᠲᠠᠪᠴᠢ ᠶᠢᠨ | ᠪᠠᠷᠠᠭᠤᠨ ᠬᠠᠭᠠᠰ ᠲᠠᠯ᠎ᠠ ᠪᠠᠷ ᠤᠷᠢᠨ ᠣᠷᠣᠭᠤᠯᠳᠠᠭ᠃ ᠲᠥᠷᠥ ᠶᠢᠨ ᠶᠡᠭᠡ ᠲᠤᠰᠢᠶᠠᠯᠲᠠᠨ ᠬᠥᠮᠥᠨ ᠢ | ᠤᠷᠢᠬᠤ ᠳᠠᠭᠠᠨ ᠬᠠᠲᠠᠪᠴᠢ ᠶᠢᠨ ᠲᠥᠪ ᠳᠤᠮᠳᠠᠭᠤᠷ ᠠᠯᠬᠤᠨ ᠣᠷᠣᠭᠤᠯᠳᠠᠭ᠃ ᠡᠩ ᠤᠨ ᠦᠶ᠎ᠡ ᠳᠤ ᠪᠠᠷᠠᠭᠤᠨ | ᠬᠠᠲᠠᠪᠴᠢ ᠪᠠᠷ ᠠᠯᠬᠤᠨ ᠣᠷᠣᠭᠰᠠᠳ ᠢ ᠪᠡᠶ᠎ᠡ ᠪᠠᠨ ᠳᠡᠭᠡᠭᠦᠷ ᠦᠵᠡᠵᠦ᠂ ᠭᠡᠷ ᠤᠨ ᠡᠵᠡᠨ ᠢ ᠳᠣᠣᠷ᠎ᠠ ᠦᠵᠡᠨ | ᠳᠣᠷᠣᠮᠵᠢᠯᠠᠭᠰᠠᠨ ᠳᠤ ᠲᠣᠭᠠᠴᠢᠳᠠᠭ᠃ ᠭᠡᠷ ᠲᠤ ᠣᠷᠣᠭᠰᠠᠨ ᠤ ᠳᠠᠷᠠᠭ᠎ᠠ ᠪᠦᠰᠡᠲᠡᠶᠢᠴᠦᠳ ᠲᠤᠯᠭ᠎ᠠ ᠶᠢᠨ | ᠪᠠᠷᠠᠭᠤᠨ ᠢᠶᠠᠷ᠂ ᠪᠦᠰᠡᠭᠦ᠋ᠢᠴᠦᠳ ᠲᠤᠯᠭ᠎ᠠ ᠶᠢᠨ ᠵᠡᠭᠦᠨ ᠢᠶᠠᠷ ᠰᠠᠭᠤᠳᠠᠭ᠃ ᠲᠤᠯᠭ᠎ᠠ ᠵᠤᠤᠬ᠎ᠠ ᠠᠴᠠ ᠵᠠᠶᠢᠲᠠᠢ ᠰᠢᠭ᠋ | ᠪᠠᠶᠢᠵᠤ᠂ ᠬᠤᠷᠮᠣᠢ ᠭᠤᠳᠣᠯ᠂ ᠬᠥᠯ ᠭᠠᠷ ᠢᠶᠠᠨ ᠲᠤᠯᠭ᠎ᠠ ᠵᠤᠤᠬᠠᠨ ᠳᠤ ᠬᠦᠷᠭᠡᠬᠦ ᠠᠴᠠ ᠬᠢᠴᠢᠶᠡᠨ᠎ᠡ᠃ ᠣᠯᠠᠨ | ᠬᠥᠮᠥᠨ ᠬᠠᠮᠲᠤ ᠪᠠᠷ ᠮᠣᠩᠭᠤᠯ ᠭᠡᠷ ᠲᠤ ᠣᠷᠣᠬᠤ ᠳᠤ᠂ ᠬᠠᠮᠤᠭ ᠤᠨ ᠲᠡᠷᠢᠭᠦᠨ ᠳᠤ ᠥᠨᠳᠥᠷ ᠨᠠᠰᠤᠲᠠᠨ ᠢ ᠤᠷᠢᠨ | ᠣᠷᠣᠭᠤᠯᠵᠤ᠂ ᠪᠤᠰᠤᠳ ᠨᠢ ᠨᠠᠰᠤᠨ ᠤ ᠪᠠᠨ ᠳᠠᠷᠠᠭᠠᠯᠠᠯ ᠢᠶᠠᠷ ᠣᠷᠣᠳᠠᠭ ᠶᠣᠰᠣ ᠲᠠᠢ᠃ ᠮᠣᠩᠭᠤᠯ ᠭᠡᠷ ᠠᠴᠠ | ᠭᠠᠷᠬᠤ ᠳᠠᠭᠠᠨ ᠬᠠᠶᠠᠭ᠎ᠠ ᠶᠢ ᠲᠠᠭᠠᠨ ᠭᠠᠷᠳᠠᠭ᠃ ᠲᠤᠯᠭ᠎ᠠ ᠵᠤᠤᠬ᠎ᠠ᠂ ᠲᠣᠭᠤᠭ᠎ᠠ ᠰᠢᠨᠠᠭ᠎ᠠ᠂ ᠡᠷᠭᠢᠨᠡᠭ | ᠳᠠᠮᠵᠢᠭᠤᠷᠭᠠ ᠳᠤ ᠬᠤᠷᠮᠣᠢ ᠭᠤᠳᠣᠯ ᠢᠶᠠᠨ ᠬᠦᠷᠭᠡᠬᠦ ᠶᠢ ᠴᠡᠭᠡᠷᠯᠡᠨ᠎ᠡ᠃ ᠭᠠᠯ ᠤᠨ ᠬᠠᠶᠢᠴᠢ ᠰᠢᠯᠡᠭᠡᠪᠦᠷ ᠳᠡᠭᠡᠷ᠎ᠡ | ᠭᠢᠰᠬᠢᠬᠦ ᠪᠤᠶᠤ ᠳᠡᠭᠡᠭᠦᠷ ᠨᠢ ᠠᠯᠬᠤᠬᠤ ᠶᠢ ᠮᠥᠨ ᠴᠡᠭᠡᠷᠯᠡᠳᠡᠭ᠃ ᠲᠤᠯᠭ᠎ᠠ ᠵᠤᠤᠬ᠎ᠠ ᠶᠢ ᠪᠦᠷᠢᠨ ᠡᠷᠭᠢᠵᠦ ᠭᠠᠷᠳᠠᠭ | ᠦᠭᠡᠢ᠃ ᠪᠠᠭᠠᠴᠤᠳ ᠬᠡᠦᠬᠡᠳ᠂ ᠪᠦᠰᠡᠭᠦ᠋ᠢᠴᠦᠳ ᠤᠷᠢᠳᠠᠪᠠᠷ ᠭᠠᠷᠤᠨ᠎ᠠ᠃ ᠭᠡᠬᠦ ᠳᠡᠭᠡᠨ ᠠᠷᠤ ᠪᠠᠷ ᠢᠶᠠᠨ ᠪᠤᠶᠤ | ᠪᠡᠶ᠎ᠡ ᠪᠠᠨ ᠬᠠᠵᠠᠭᠤᠯᠰᠬᠢᠨ ᠤᠬᠤᠷᠢᠵᠤ ᠭᠠᠷᠳᠠᠭ ᠪᠠᠶᠢᠨ᠎ᠠ᠃ ᠬᠤᠯᠠ ᠵᠠᠮ ᠶᠠᠪᠤᠬᠤ ᠬᠥᠮᠥᠨ ᠪᠤᠶᠤ ᠵᠣᠴᠢᠨ | ᠭᠡᠷ ᠠᠴᠠ ᠭᠠᠷᠬᠤ ᠳᠤ ᠰᠢᠨᠠᠭ᠎ᠠ ᠶᠢ ᠵᠠᠪᠠᠯ ᠲᠣᠭᠤᠭ᠎ᠠ ᠠᠴᠠ ᠰᠠᠯᠭᠠᠬᠤ ᠶᠣᠰᠣ ᠲᠠᠢ ᠡᠰᠡᠪᠡᠯ ᠵᠠᠮ ᠳᠤ ᠰᠠᠭᠠᠳ | ᠭᠠᠷᠤᠨ᠎ᠠ ᠭᠡᠳᠡᠭ᠃ ᠭᠡᠷ ᠠᠴᠠ ᠭᠠᠷᠬᠤ ᠳᠠᠭᠠᠨ ᠪᠡᠯᠭᠡ ᠲᠠᠮᠪᠡᠷᠢᠯ ᠲᠠᠢ ᠦᠭᠡ ᠬᠡᠯᠡᠵᠦ ᠢᠷᠦᠭᠡᠯ ᠲᠠᠯᠪᠢᠳᠠᠭ᠃ | ᠴᠠᠭᠠᠨ ᠢᠳᠡᠭᠡ ᠠᠮᠰᠠᠵᠤ᠂ ︽ᠵᠠᠮ ᠴᠠᠭᠠᠨ ᠪᠣᠯᠲᠤᠭᠠᠢ︕︾ ᠭᠡᠳᠡᠭ᠃ ᠭᠡᠷ ᠤᠨ ᠡᠵᠡᠨ ᠳᠤᠨᠢ ︽ᠲᠠ ᠨᠠᠷ | ᠰᠠᠶᠢᠨ ᠰᠠᠭᠠᠲᠠᠵᠤ ᠪᠠᠶᠢᠭᠠᠷᠠᠢ︕︾ ᠭᠡᠵᠤ ᠬᠡᠯᠡᠭᠡᠳ ᠠᠭᠠᠵᠢᠮ ᠢᠶᠠᠷ ᠠᠶᠠᠷᠯᠠᠨ ᠭᠠᠷᠳᠠᠭ᠃ ︽ᠠᠮᠠᠨ ᠪᠡᠯᠭᠡ | ᠬᠠᠮᠢᠭᠠᠰᠢ ᠪᠠᠨ ᠪᠣᠯ ᠠᠯᠤᠰ ᠤᠨ ᠪᠡᠯᠭᠡ ᠲᠡᠰᠢ ᠪᠠᠨ︾ ᠭᠡᠵᠤ ᠪᠡᠯᠭᠡ ᠳᠡᠮᠪᠡᠷᠢᠯ ᠲᠠᠢ ᠮᠣᠷᠳᠠᠨ ᠭᠠᠷᠬᠤ ᠶᠢ | ᠡᠷᠬᠢᠮᠯᠡᠳᠡᠭ᠃ ︵ᠰᠠᠮᠫᠢᠯᠨᠤᠷᠪᠤ︶ | |