ᠰᠠᠴᠤᠯᠢ ᠡᠷᠭᠦᠬᠦ ᠶᠣᠰᠣᠨ ᠤ ᠲᠤᠬᠠᠢ
ᠨᠡᠶᠢᠲᠡᠯᠡᠭᠰᠡᠨ ᠴᠠᠭ᠄
2023/8/11
     ᠰᠠᠴᠤᠯᠢ ᠡᠷᠭᠦᠬᠦ ᠶᠣᠰᠣᠨ ᠪᠣᠯ ᠮᠣᠩᠭᠤᠯᠴᠤᠳ ᠤᠨ ᠲᠡᠭᠷᠢ᠂ ᠭᠠᠵᠠᠷ᠂ ᠳᠡᠭᠡᠳᠦᠰ ᠲᠠᠢ ᠪᠠᠨ ᠬᠠᠷᠢᠴᠠᠬᠤ ᠬᠠᠷᠢᠯᠴᠠᠭᠠᠨ ᠤ ᠤᠬᠠᠭᠠᠨ ᠪᠠᠶᠢᠵᠤ᠂ ᠰᠠᠴᠤᠯᠢ ᠨᠢ ᠢᠯᠡ ᠲᠠᠯᠳᠠ ᠶᠢᠷᠲᠢᠨᠴᠦ ᠶᠢᠨ ᠬᠤᠯᠪᠣᠭᠠᠰᠤ ᠪᠣᠯᠳᠠᠭ᠃ ᠰᠠᠴᠤᠯᠢ ᠶᠢ ᠬᠥᠬᠡ ᠮᠥᠩᠬᠡ ᠲᠡᠭᠷᠢ ᠡᠴᠢᠭᠡ᠂ ᠬᠥᠷᠥᠰᠥᠲᠦ ᠠᠯᠳᠠᠨ ᠳᠡᠯᠡᠬᠡᠢ ᠡᠲᠦᠭᠡᠨ ᠡᠬᠡ᠂ ᠬᠥᠮᠥᠨ‌‍ᠲ᠋ᠥ᠋ᠷᠥᠯᠬᠢᠲᠡᠨ ᠤ ᠤᠳᠤᠮ ᠤᠭᠰᠠᠭ᠎ᠠ ᠶᠢᠨ ᠥᠨᠳᠥᠷ ᠳᠡᠭᠡᠳᠦᠰ ᠲᠡᠭᠡᠨ ᠥᠴᠢᠨ ᠪᠠᠶᠢᠵᠤ ᠡᠷᠭᠦᠳᠡᠭ᠃ ᠲᠡᠭᠷᠢ ᠪᠣᠯ‌ᠮᠣᠩᠭᠤᠯᠴᠤᠳ ᠤᠨ ᠳᠡᠭᠡᠳᠦ ᠰᠢᠲᠦᠭᠡᠨ ᠶᠤᠮ᠃     ᠮᠣᠩᠭᠤᠯᠴᠤᠳ ᠤᠨ ᠰᠢᠲᠦᠳᠡᠭ ᠲᠡᠭᠷᠢ ᠳᠤ ᠮᠥᠩᠬᠡ ᠲᠡᠭᠷᠢ᠂ ᠬᠥᠬᠡ ᠶᠢᠰᠦᠨ ᠲᠡᠭᠷᠢ᠂ ᠶᠡᠷᠡ ᠶᠢᠰᠦᠨ‌‍ᠲ᠋ᠡᠭᠷᠢ᠂ ᠭᠤᠴᠢᠨ ᠭᠤᠷᠪᠠᠨ ᠬᠤᠷᠮᠣᠰᠳᠠ ᠵᠢᠴᠢ ᠨᠠᠷᠠᠨ ᠰᠠᠷᠠᠨ ᠣᠳᠣᠳ ᠵᠡᠷᠭᠡ ᠣᠷᠴᠢᠯᠠᠩ ᠤᠨ ᠣᠷᠣᠰᠢᠬᠤᠢ ᠪᠠᠭᠲᠠᠳᠠᠭ᠃ ᠮᠣᠩᠭᠤᠯᠴᠤᠳ ︽ᠲᠡᠭᠷᠢ ᠮᠡᠳᠡᠲᠦᠭᠡᠢ︾᠂ ︽ᠲᠡᠭᠷᠢ ᠮᠢᠨᠢ ᠥᠷᠥᠰᠢᠶᠡ︾ ᠭᠡᠳᠡᠭ ᠪᠠᠶᠢᠵᠤ᠂ ︽ᠮᠣᠩᠭᠤᠯ ᠤᠨ ᠨᠢᠭᠤᠴᠠ ᠲᠣᠪᠴᠢᠶᠠᠨ︾ ᠳᠤ ᠶᠡᠭᠡ ᠡᠵᠡᠨ ᠴᠢᠩᠭᠢᠰ ᠬᠠᠭᠠᠨ ᠠᠭᠲᠠ ᠶᠢᠨ ᠵᠢᠯᠣᠭᠤ ᠪᠠᠨ ᠵᠠᠯᠠᠵᠤ᠂ ᠠᠭᠤᠤ ᠲᠦᠷᠦ ᠶᠢ ᠪᠠᠶᠢᠭᠤᠯᠬᠤ ᠳᠠᠭᠠᠨ ︽ᠮᠥᠩᠬᠡ ᠲᠡᠭᠷᠢ ᠶᠢᠨ ᠵᠠᠷᠯᠢᠭ ᠢᠶᠠᠷ︾ ᠭᠦᠢᠴᠡᠳᠬᠡᠵᠦ᠂ ︽ᠮᠥᠩᠬᠡ ᠲᠡᠭᠷᠢ ᠢᠪᠡᠭᠡᠬᠦ ᠪᠣᠯᠲᠤᠭᠠᠢ︾ ᠭᠡᠵᠦ ᠳᠠᠭᠠᠳᠬᠠᠨ᠂ ᠲᠡᠭᠷᠢ ᠪᠠ ᠮᠥᠩᠬᠡ ᠲᠡᠭᠷᠢ ᠶᠢ ᠣᠯᠠᠨ ᠴᠦ ᠤᠳᠠᠭ᠎ᠠ ᠳᠠᠭᠤᠳᠠᠭᠰᠠᠨ ᠪᠠᠶᠢᠳᠠᠭ᠃ ᠶᠡᠭᠡ ᠮᠣᠩᠭᠤᠯ ᠤᠯᠤᠰ ᠤᠨ ᠲᠠᠯᠠᠢ ᠬᠠᠭᠠᠨ ᠤ ᠬᠠᠰᠪᠤᠤ ᠲᠠᠮᠠᠭᠠᠨ ᠳᠡᠭᠡᠷ᠎ᠡ  ︽ᠮᠥᠩᠬᠡ ᠲᠡᠭᠷᠢ ᠶᠢᠨ ᠬᠦᠴᠦᠨ ᠳᠤᠷ ᠮᠣᠩᠭᠤᠯ ᠤᠯᠤᠰ ᠤᠨ ᠲᠠᠯᠠᠢ ᠶᠡᠭᠡ ᠬᠠᠭᠠᠨ ᠤ ᠵᠠᠷᠯᠢᠭ ᠢ ᠢᠯᠡ ᠪᠣᠯᠭᠠᠨ ᠢᠷᠭᠡᠨ ᠳᠤᠷ ᠬᠦᠷᠭᠡᠪᠡᠰᠦ ᠪᠢᠰᠢᠷᠡᠲᠦᠭᠡᠢ ᠠᠶᠤᠲᠤᠭᠠᠢ︾ ᠭᠡᠵᠦ ᠬᠠᠭᠠᠨ ᠤ ᠵᠠᠷᠯᠢᠭ ᠢ ᠤᠯᠠᠮᠵᠢᠯᠠᠪᠠ᠃ ᠢᠩᠭᠢᠵᠦ ᠡᠭᠡᠯ ᠵᠢᠷ ᠤᠨ ᠠᠷᠠᠳ ᠢᠷᠭᠡᠳ ᠠᠴᠠ ᠶᠡᠭᠡ ᠡᠵᠡᠨ ᠴᠢᠩᠭᠢᠰ ᠬᠠᠭᠠᠨ ᠬᠦᠷᠳᠡᠯ᠎ᠡ ᠶᠠᠮᠠᠷᠪᠠ ᠤᠶᠢᠯᠡ ᠶᠢ ᠬᠢᠬᠦ ᠳᠤ ᠮᠥᠩᠬᠡ ᠲᠡᠭᠷᠢ ᠶᠢᠨ ᠢᠪᠡᠭᠡᠯ ᠳᠤ ᠳᠠᠭᠠᠳᠬᠠᠵᠤ᠂ ᠮᠥᠩᠬᠡ ᠲᠡᠭᠷᠢ ᠶᠢᠨ ᠡᠷᠬᠡᠨ ᠳᠤ ᠭᠦᠢᠴᠡᠳᠬᠡᠵᠦ᠂ ᠮᠥᠩᠬᠡ ᠲᠡᠭᠷᠢ ᠶᠢᠨ ᠬᠦᠴᠦᠨ ᠳᠤ ᠲᠠᠯᠠᠷᠬᠠᠳᠠᠭ᠃           ᠮᠣᠩᠭᠤᠯᠴᠤᠳ ᠤᠨ ᠰᠢᠲᠦᠳᠡᠭ ᠡᠨᠡ ᠬᠦ ᠠᠤᠭ᠎ᠠ ᠬᠦᠴᠦᠲᠦ ᠮᠥᠩᠬᠡ ᠲᠡᠭᠷᠢ ᠪᠣᠯ ᠣᠷᠴᠢᠯᠠᠩ ᠤᠨ ᠨᠠᠷᠠ ᠳᠡᠯᠡᠬᠡᠢ ᠳᠡᠭᠡᠷ᠎ᠡ ᠳᠤᠰᠤᠭᠰᠠᠨ ᠭᠡᠷᠡᠯ ᠤᠨ ᠡᠷᠴᠢᠮ ᠬᠦᠴᠦᠨ ᠤ ᠳᠡᠭᠡᠳᠦ ᠨᠢᠭᠡᠳᠦᠯ ᠪᠣᠯᠣᠨ᠎ᠠ᠃ ᠡᠨᠡ ᠨᠢ ᠪᠠᠶᠢᠭᠠᠯᠢ ᠳᠡᠯᠡᠬᠡᠢ᠂ ᠬᠥᠮᠥᠨ᠂ ᠠᠮᠢᠳᠠᠨ᠂ ᠤᠷᠭᠤᠮᠠᠯ ᠪᠦᠬᠦᠨ ᠢ ᠠᠯᠠᠭᠴᠢᠯᠠᠯ ᠦᠭᠡᠢ ᠢᠪᠡᠭᠡᠵᠦ᠂ ᠠᠮᠢ ᠨᠠᠰᠤ ᠣᠯᠭᠤᠵᠤ ᠦᠭᠳᠡᠭ ᠠᠴᠠ ᠮᠣᠩᠭᠤᠯᠴᠤᠳ ᠮᠥᠩᠬᠡ ᠲᠡᠭᠷᠢ ᠶᠢ ᠳᠡᠭᠡᠳᠦᠯᠡᠨ ᠰᠢᠲᠦᠳᠡᠭ ᠮᠥᠷᠲᠡᠭᠡᠨ ᠥᠪᠡᠷ ᠤᠨ ᠵᠦᠩ ᠪᠢᠯᠢᠭ᠂ ᠰᠡᠷᠡᠯ ᠮᠡᠳᠡᠷᠡᠮᠵᠢ᠂ ᠰᠡᠳᠬᠢᠯ ᠵᠢᠷᠦᠬᠡ ᠪᠠᠷ ᠢᠶᠠᠨ ᠲᠡᠭᠷᠢ ᠲᠠᠢ ᠬᠠᠷᠢᠴᠠᠳᠠᠭ᠃ ᠢᠩᠭᠢᠬᠦ ᠳᠡᠭᠡᠨ ᠬᠥᠮᠥᠰ ᠤᠨ ᠦᠭᠡ‌‍ᠬᠡᠯᠡ᠂ ᠤᠶᠢᠯᠡ ᠠᠵᠢᠯᠯᠠᠭ᠎ᠠ᠂ ᠰᠡᠳᠬᠢᠯ ᠰᠠᠨᠠᠭ᠎ᠠ ᠪᠦᠬᠦ ᠵᠦᠢᠯ ᠶᠢᠷᠲᠢᠨᠴᠦ ᠶᠢᠨ ᠵᠢᠮ᠎ᠡ ᠶᠣᠰᠣ ᠲᠠᠢ ᠨᠢᠭᠡᠨ ᠵᠦᠭ᠂ ᠨᠢᠭᠡᠨ ᠴᠢᠭᠯᠡᠯ ᠳᠤ ᠬᠠᠨᠳᠤᠭᠰᠠᠨ ᠦᠶ᠎ᠡ ᠳᠤ ᠣᠷᠴᠢᠯᠠᠩ ᠤᠨ ᠡᠷᠴᠢᠮ ᠬᠦᠴᠦ ᠶᠢ ᠡᠶᠡᠷᠭᠦ ᠪᠠᠷ ᠬᠦᠯᠢᠶᠡᠨ ᠠᠪᠴᠤ᠂ ᠪᠦᠬᠦ ᠵᠦᠢᠯ ᠨᠢ ᠤᠯᠠᠮ ᠳᠡᠭᠵᠢᠷᠡᠨ ᠪᠠᠳᠠᠷᠠᠬᠤ ᠶᠢ ᠮᠣᠩᠭᠤᠯᠴᠤᠳ ᠮᠥᠩᠬᠡ ᠲᠡᠭᠷᠢ ᠳᠤ ᠢᠪᠡᠭᠡᠭᠳᠡᠯ᠎ᠡ ᠭᠡᠳᠡᠭ᠃ᠡᠭᠦᠨ ᠤ ᠡᠰᠡᠷᠭᠦ ᠪᠠᠷ ᠶᠢᠷᠲᠢᠨᠴᠦ ᠶᠢᠨ ᠵᠢᠮ᠎ᠡ ᠶᠣᠰᠣ ᠶᠢ ᠲᠡᠷᠰᠯᠡᠵᠦ᠂ ᠭᠡᠷᠡᠯ ᠤᠨ ᠡᠷᠴᠢᠮ ᠬᠦᠴᠦᠨ ᠤ ᠡᠰᠡᠷᠭᠦ᠂ ᠪᠠᠶᠢᠭᠠᠯᠢ ᠳᠡᠯᠡᠬᠡᠢ ᠶᠢᠨ ᠵᠢᠮ᠎ᠡ ᠶᠣᠰᠣ ᠶᠢ ᠰᠥᠷᠬᠦ ᠲᠣᠳᠣᠮ ᠪᠦᠬᠦ ᠵᠦᠢᠯ ᠨᠢ ᠪᠦᠲᠦᠯ ᠦᠭᠡᠶᠢᠳᠡᠵᠦ ᠡᠴᠦᠰ ᠲᠡᠭᠡᠨ ᠮᠠᠭᠤ ᠦᠷ᠎ᠡ ᠳ᠋ᠦᠩ ᠳᠤ ᠬᠦᠷᠬᠦ ᠶᠢ ᠮᠥᠩᠬᠡ ᠲᠡᠭᠷᠢ ᠶᠢᠨ ᠭᠡᠰᠬᠡᠯ ᠭᠡᠳᠡᠭ᠃ ᠣᠷᠴᠢᠯᠠᠩ ᠤᠨ ᠭᠡᠷᠡᠯ ᠤᠨ ᠡᠷᠴᠢᠮ ᠬᠦᠴᠦ ᠲᠤᠰ ᠲᠤᠰ ᠤᠨ ᠢᠯᠭᠠᠭ᠎ᠠ ᠲᠠᠢ ᠪᠠᠶᠢᠳᠠᠭ ᠠᠴᠠ ᠶᠡᠷᠡ ᠶᠢᠰᠦᠨ ᠲᠡᠭᠷᠢ᠂ ᠭᠤᠴᠢᠨ ᠭᠤᠷᠪᠠᠨ ᠬᠤᠷᠮᠣᠰᠳᠠ᠂ᠬᠥᠬᠡ ᠶᠢᠰᠦᠨ ᠲᠡᠭᠷᠢ ᠭᠡᠵᠦ ᠢᠯᠭᠠᠨ ᠨᠡᠷᠡᠯᠡᠵᠦ᠂ ᠲᠡᠭᠦᠨ ᠲᠠᠢ ᠥᠪᠡᠷ ᠥᠪᠡᠷ ᠤᠨ ᠬᠦᠰᠡᠯ ᠱᠠᠭᠠᠷᠳᠠᠯᠭ᠎ᠠ ᠪᠠᠷ ᠬᠠᠷᠢᠴᠠᠳᠠᠭ ᠠᠵᠢ᠃ ᠢᠩᠭᠢᠵᠦ ᠣᠷᠴᠢᠯᠠᠩ ᠤᠨ ᠭᠡᠷᠡᠯ ᠤᠨ ᠡᠷᠴᠢᠮ ᠬᠦᠴᠦ ᠶᠢ ᠲᠠᠨᠢᠵᠤ᠂ ᠳᠡᠭᠡᠳᠦᠯᠡᠵᠦ᠂ ᠰᠢᠲᠦᠵᠦ᠂ ᠣᠷᠴᠢᠯᠠᠩ ᠤᠨ ᠡᠷᠴᠢᠮ ᠬᠦᠴᠦ ᠪᠠᠷ ᠤᠶᠤᠨ ᠰᠠᠨᠠᠭ᠎ᠠ ᠪᠠᠨ ᠲᠡᠵᠢᠭᠡᠨ ᠲᠡᠳᠬᠦᠬᠦ ᠬᠦᠨᠡᠰᠦ ᠲᠡᠵᠢᠭᠡᠯ ᠪᠣᠯᠭᠠᠨ᠂ ᠣᠷᠴᠢᠯᠠᠩ ᠤᠨ ᠵᠢᠮ᠎ᠡ ᠶᠣᠰᠣᠨ ᠳᠤ ᠵᠣᠬᠢᠴᠠᠨ ᠠᠮᠢᠳᠤᠷᠠᠬᠤ ᠤᠬᠠᠭᠠᠨ ᠢ ᠮᠣᠩᠭᠤᠯᠴᠤᠳ ᠤᠨ ᠲᠡᠭᠷᠢ ᠶᠢᠨ ᠤᠬᠠᠭᠠᠨ ᠪᠤᠶᠤ ᠲᠡᠭᠷᠢ ᠰᠢᠲᠦᠯᠭᠡ ᠭᠡᠵᠦ᠂ ᠲᠡᠭᠷᠢ ᠶᠢᠨ ᠭᠡᠷᠡᠯ ᠤᠨ ᠡᠷᠴᠢᠮ ᠬᠦᠴᠦ ᠪᠠᠷ ᠬᠥᠮᠥᠨ ᠠᠮᠢᠳᠠᠨ᠂ ᠲᠦᠮᠡᠨ ᠪᠣᠳᠠᠰ ᠠᠮᠢ ᠨᠠᠰᠤ ᠶᠢ ᠣᠯᠳᠠᠭ ᠪᠣᠯᠬᠤᠷ ᠲᠡᠭᠷᠢ ᠡᠴᠢᠭᠡ ᠭᠡᠵᠦ᠂ ᠠᠯᠢᠪᠠ ᠪᠦᠬᠦᠨ ᠭᠠᠵᠠᠷ ᠳᠡᠭᠡᠷ᠎ᠡ ᠠᠮᠢᠯᠠᠵᠤ ᠪᠣᠶᠢᠵᠢᠳᠠᠭ ᠪᠣᠯᠬᠤᠷ ᠬᠥᠷᠥᠰᠥᠲᠦ ᠠᠯᠳᠠᠨ ᠳᠡᠯᠡᠬᠡᠢ ᠶᠢ ᠡᠲᠦᠭᠡᠨ ᠡᠬᠡ ᠭᠡᠳᠡᠭ ᠰᠠᠨ᠃        ᠡᠬᠡ ᠳᠡᠯᠡᠬᠡᠢ ᠳᠡᠭᠡᠷ᠎ᠡ ᠠᠮᠢ ᠨᠠᠰᠤ ᠲᠣᠭᠲᠠᠨᠢᠵᠤ᠂ ᠠᠮᠢᠳᠠᠨ ᠤᠷᠭᠤᠮᠠᠯ ᠥᠰᠴᠦ ᠲᠥᠯᠵᠢᠳᠡᠭ ᠪᠣᠯᠬᠤᠷ ᠮᠣᠩᠭᠤᠯᠴᠤᠳ ᠠᠭᠤᠯᠠ ᠬᠠᠶᠢᠷᠬᠠᠳ᠂ ᠭᠤᠣᠯ ᠮᠥᠷᠡᠨ᠂ ᠭᠤᠪᠢ ᠬᠠᠩᠭᠠᠢ᠂ ᠪᠠᠶᠢᠭᠠᠯᠢ ᠠᠬᠤᠢ ᠪᠠᠨ ᠬᠠᠶᠢᠷᠠᠯᠠᠵᠤ᠂ᠬᠠᠮᠠᠭᠠᠯᠠᠵᠤ᠂ ᠨᠤᠲᠤᠭ ᠤᠰᠤᠨ ᠤ ᠡᠵᠡᠨ ᠰᠠᠪᠳᠠᠭ᠂ ᠣᠪᠣᠭ᠎ᠠ ᠱᠠᠩᠰᠢ ᠪᠠᠨ ᠳᠡᠭᠡᠳᠦᠯᠡᠨ ᠰᠢᠲᠦᠵᠦ᠂ ᠲᠡᠷᠡ‌‍ᠪᠦ᠋ᠬᠦᠨ ᠲᠠᠢ ᠡᠪᠯᠡᠨ ᠡᠪᠰᠡᠵᠦ᠂ ᠵᠥᠪ ᠣᠶᠢᠯᠠᠭᠠᠵᠤ᠂ ᠵᠦᠢᠲᠡᠢ ᠬᠠᠷᠢᠴᠠᠵᠤ ᠵᠣᠬᠢᠴᠠᠨ ᠣᠷᠣᠰᠢᠵᠤ ᠨᠡᠭᠦᠳᠡᠯᠯᠡᠨ‌‍ᠶᠠᠪᠤᠳᠠᠭ ᠠᠮᠢᠳᠤᠷᠠᠯ ᠣᠷᠣᠰᠢᠬᠤᠢ ᠶᠢᠨ ᠤᠬᠠᠭᠠᠨ ᠢ ᠨᠡᠭᠦᠳᠡᠯ ᠰᠣᠶᠣᠯ ᠤᠨ ᠤᠬᠠᠭᠠᠨ ᠭᠡᠳᠡᠭ᠃ ᠰᠤᠷᠬᠠᠭᠳᠠᠨᠢ ᠪᠠᠬᠢ ᠴᠠᠴᠠᠨ ᠬᠠᠳᠤᠨ ︽ᠬᠥᠬᠡ ᠮᠣᠩᠭᠤᠯ ᠤᠨ ᠨᠡᠭᠦᠳᠡᠯ ᠰᠣᠶᠣᠯ ᠢᠶᠠᠷ ᠪᠠᠳᠠᠷᠠᠭᠠᠬᠤ ᠶᠡᠭᠡ ᠵᠠᠰᠠᠭ ᠤᠨ ᠠᠯᠳᠠᠨ‌‍ᠲ᠋ᠡᠭᠡᠳᠦ ᠭᠡᠷ᠎ᠡ︾ ᠳᠤ ︽ᠠᠯᠳᠠᠨ ᠳᠡᠭᠡᠳᠦ ᠭᠡᠷ᠎ᠡ ᠨᠢ ᠶᠡᠭᠡ ᠵᠠᠰᠠᠭ ᠤᠨ ᠡᠬᠡ ᠪᠣᠯᠵᠤ᠂ ᠠᠷᠠᠳ ᠲᠦᠮᠡᠨ ᠤ ᠬᠤᠷ᠎ᠠ ᠰᠣᠶᠣᠯ ᠢ ᠴᠢᠩᠭᠢᠰ ᠬᠠᠭᠠᠨ ᠤᠯᠤᠰ ᠤᠨ ᠶᠡᠭᠡ ᠭᠡᠷ᠎ᠡ ᠪᠣᠯᠭᠠᠵᠦ ᠮᠥᠷᠯᠡᠨ ᠪᠠᠶᠢᠵᠤ᠂ ᠶᠢᠰᠦᠨ ᠮᠥᠷᠡᠨ᠂ ᠭᠤᠴᠢᠨ‌ᠭᠤᠷᠪᠠᠨ ᠭᠤᠪᠢ᠂ ᠬᠤᠷᠢ ᠶᠢᠰᠦᠨ ᠬᠠᠩᠭᠠᠢ ᠳᠤ ᠳᠡᠯᠡᠬᠡᠶᠢᠴᠢᠯᠡᠭᠰᠡᠨ ᠲᠡᠦᠬᠡ ᠲᠠᠢ ᠪᠢᠯᠡ︾ ᠭᠡᠵᠦ ᠲᠡᠮᠳᠡᠭᠯᠡᠭᠰᠡᠨ ᠠᠴᠠ ᠦᠵᠡᠪᠡᠯ᠂ ᠶᠢᠰᠦᠨ ᠮᠥᠷᠡᠨ᠂ ᠬᠤᠷᠢ ᠶᠢᠰᠦᠨ ᠬᠠᠩᠭᠠᠢ᠂ ᠭᠤᠴᠢᠨ ᠭᠤᠷᠪᠠᠨ ᠭᠤᠪᠢ ᠵᠢᠴᠢ ᠬᠠᠶᠢᠷᠬᠠᠳ ᠲᠣᠯᠣᠭᠠᠳ ᠣᠪᠣᠭ᠎ᠠ ᠶᠢ ᠪᠠᠭᠲᠠᠭᠠᠭᠰᠠᠨ ᠶᠡᠭᠡ ᠮᠣᠩᠭᠤᠯ ᠤᠨ ᠨᠤᠲᠤᠭ ᠳᠡᠪᠢᠰᠬᠡᠷ ᠢ ᠨᠡᠭᠦᠳᠡᠯ ᠰᠣᠶᠣᠯ ᠤᠨ ᠤᠬᠠᠭᠠᠨ ᠢᠶᠠᠷ ᠳᠡᠯᠡᠬᠡᠶᠢᠴᠢᠯᠡᠨ ᠡᠷᠬᠡᠰᠢᠶᠡᠵᠦ᠂ ᠲᠡᠷᠡ ᠤᠬᠠᠭᠠᠨ ᠢᠶᠠᠨ ᠶᠡᠭᠡ ᠡᠵᠡᠨ ᠴᠢᠩᠭᠢᠰ ᠬᠠᠭᠠᠨ ᠶᠡᠭᠡ ᠵᠠᠰᠠᠭ ᠬᠠᠤᠯᠢ ᠪᠣᠯᠭᠠᠨ ᠬᠡᠷᠡᠭᠵᠢᠭᠦᠯᠵᠦ ᠪᠠᠶᠢᠵᠠᠢ᠃ ᠢᠩᠭᠢᠬᠦ ᠳᠡᠭᠡᠨ ᠮᠣᠩᠭᠤᠯᠴᠤᠳ ᠲᠡᠭᠷᠢ ᠶᠢᠨ ᠭᠡᠷᠡᠯ᠂ᠭᠠᠵᠠᠷ ᠤᠨ ᠰᠢᠨᠵᠢ ᠶᠢ ᠵᠦᠩ ᠪᠢᠯᠢᠭ ᠢᠶᠠᠷ ᠢᠶᠠᠨ ᠰᠢᠨᠵᠢᠵᠦ᠂ ᠲᠡᠭᠷᠢ ᠶᠢᠨ ᠭᠡᠷᠡᠯ᠂ ᠣᠷᠴᠢᠯᠠᠩ ᠤᠨ ᠵᠢᠮ᠎ᠡ᠂ ᠭᠠᠵᠠᠷ ᠤᠨ ᠶᠣᠰᠣᠨ ᠢ ᠡᠪᠳᠡᠬᠦ ᠳᠤ ᠬᠦᠷᠪᠡᠯ ᠵᠣᠪᠠᠯᠠᠩ ᠳᠠᠭᠤᠳᠠᠳᠠᠭ ᠢ ᠤᠬᠠᠳᠠᠭ ᠪᠠᠶᠢᠭᠰᠠᠨ ᠠᠴᠠ ᠨᠡᠭᠦᠳᠡᠯ ᠰᠣᠶᠣᠯ ᠤᠨ ᠤᠬᠠᠭᠠᠨ ᠪᠣᠯ ᠬᠥᠮᠥᠨ ᠠᠮᠢᠳᠠᠨ᠂ ᠤᠷᠭᠤᠮᠠᠯ ᠪᠣᠳᠠᠰ᠂ ᠨᠠᠷᠠ ᠰᠠᠷᠠ᠂ ᠣᠷᠴᠢᠯᠠᠩ ᠳᠡᠯᠡᠬᠡᠢ ᠶᠢ ᠨᠢᠭᠡ ᠴᠣᠭᠴᠠ ᠪᠣᠯᠭᠠᠨ ᠨᠢᠭᠡᠳᠬᠡᠵᠦ᠂ ᠲᠡᠭᠦᠨ ᠤ ᠵᠢᠮ᠎ᠡ ᠶᠣᠰᠣᠨ ᠳᠤ ᠵᠣᠬᠢᠴᠠᠨ ᠣᠷᠣᠰᠢᠬᠤ ᠶᠢ ᠪᠠᠷᠢᠮᠲᠠᠯᠠᠭᠰᠠᠨ ᠡᠴᠠ‌‍ᠰᠠᠴᠤᠯᠢ ᠡᠷᠭᠦᠬᠦ ᠶᠣᠰᠣᠨ ᠶᠠᠭ ᠡᠨᠡ ᠬᠦ ᠤᠬᠠᠭᠠᠨ ᠤ ᠳᠣᠲᠣᠷ᠎ᠠ ᠠᠴᠠ ᠤᠷᠭᠤᠨ ᠭᠠᠷᠴᠠᠢ᠃       ᠡᠶᠢᠨ ᠬᠦ ᠮᠥᠩᠬᠡ ᠲᠡᠭᠷᠢ ᠶᠢᠨ ᠭᠡᠷᠡᠯ᠂ ᠬᠥᠮᠥᠨ ᠳᠤ ᠥᠨᠢ ᠮᠥᠩᠬᠡ ᠶᠢᠨ ᠠᠮᠢᠨ ᠴᠢᠨᠠᠷ ᠰᠦᠨᠡᠰᠦ ᠶᠢ ᠣᠯᠭᠤᠳᠠᠭ᠃ ᠲᠡᠷᠡ ᠭᠡᠭᠡᠨ ᠰᠦᠨᠡᠰᠦ ᠣᠩᠭᠤᠳ ᠲᠡᠭᠷᠢ ᠪᠣᠯᠵᠤ᠂ ᠲᠡᠭᠷᠢ ᠶᠢᠨ ᠣᠷᠣᠨ ᠳᠠᠭᠠᠨ ᠣᠷᠣᠰᠢᠵᠤ᠂ ᠤᠳᠤᠮ ᠤᠭᠰᠠᠭ᠎ᠠ ᠶᠢᠨ ᠦᠷ᠎ᠡ ᠬᠤᠶᠢᠴᠢᠰ ᠲᠠᠢ ᠪᠠᠨ ᠬᠤᠯᠪᠣᠭ᠎ᠠ ᠲᠠᠢ ᠪᠠᠶᠢᠳᠠᠭ ᠭᠡᠵᠦ ᠦᠵᠡᠳᠡᠭ ᠠᠴᠠ ᠲᠡᠳᠡᠭᠡᠷ ᠳᠡᠭᠡᠳᠦ ᠤᠶᠤᠨ ᠤᠬᠠᠭᠠᠨ ᠪᠣᠯᠬᠤ ᠣᠩᠭᠤᠳ ᠢ ᠲᠡᠭᠷᠢ ᠶᠢ ᠤᠯᠠᠭᠠᠴᠢ ᠶᠢᠨ ᠪᠡᠶ᠎ᠡ ᠳᠤ ᠪᠠᠭᠤᠯᠭᠠᠨ ᠢᠷᠡᠭᠦᠯᠬᠦ ᠪᠤᠶᠤ ᠡᠰᠡᠬᠦᠯ᠎ᠡ ᠲᠡᠭᠷᠢ ᠶᠢᠨ ᠣᠷᠣᠨ ᠳᠠᠬᠢ ᠲᠡᠳᠡᠭᠡᠷ ᠳᠡᠭᠡᠳᠦᠰ ᠤᠨ ᠢᠶᠠᠨ ᠤᠶᠤᠨ ᠤᠬᠠᠭᠠᠨ ᠢ ᠬᠦᠨᠳᠦᠯᠡᠵᠦ᠂ ᠳᠡᠭᠡᠳᠦᠯᠡᠵᠦ᠂ ᠲᠠᠶᠢᠯᠵᠦ᠂ ᠲᠠᠬᠢᠵᠦ᠂ ᠪᠠᠶᠠᠰᠬᠠᠵᠤ᠂ ᠬᠠᠷᠠᠵᠤ ᠳᠠᠭᠠᠭᠠᠬᠤ ᠪᠤᠶᠤ ᠢᠪᠡᠭᠡᠯ ᠥᠷᠥᠰᠢᠶᠡᠯ ᠢᠶᠠᠨ ᠬᠦᠷᠲᠡᠭᠡᠬᠦ ᠶᠢ ᠭᠤᠶᠤᠵᠦ ᠳᠠᠭᠠᠳᠬᠠᠨ᠂ ᠥᠪᠡᠷ ᠤᠨ ᠤᠷᠤᠭ ᠤᠳᠤᠮ ᠤᠨ ᠥᠨᠳᠥᠷ ᠳᠡᠭᠡᠳᠦᠰ ᠤᠨ ᠢᠶᠠᠨ ᠤᠬᠠᠭᠠᠨ᠂ ᠤᠶᠤᠨ᠂ ᠵᠦᠩ ᠢ ᠨᠢ ᠤᠯᠠᠮᠵᠢᠯᠠᠨ ᠠᠪᠴᠤ ᠦᠷ᠎ᠡ ᠬᠤᠶᠢᠴᠢᠰ ᠲᠠᠭᠠᠨ ᠵᠠᠯᠭᠠᠮᠵᠢᠯᠠᠭᠤᠯᠵᠤ ᠭᠡᠭᠡᠷᠡᠵᠦ ᠠᠮᠢᠳᠤᠷᠠᠬᠤ ᠶᠢ ᠵᠣᠷᠢᠳᠠᠭ᠃ ᠶᠡᠭᠡ ᠡᠵᠡᠨ ᠴᠢᠩᠭᠢᠰ ᠬᠠᠭᠠᠨ᠂ ᠲᠣᠯᠣᠭᠠᠨ ᠳᠡᠭᠡᠳᠦ ᠡᠴᠢᠭᠡ ᠶᠢᠨ ᠢᠶᠠᠨ ᠨᠠᠢᠮᠠᠨ ᠤᠶᠤᠨ᠂ ᠶᠢᠰᠦᠨ ᠤᠬᠠᠭᠠᠨ᠂ ᠠᠷᠪᠠᠨ ᠬᠤᠶᠠᠷ ᠵᠦᠩ ᠢᠶᠠᠷ ᠭᠡᠭᠡᠷᠡᠵᠦ᠂ ᠮᠠᠨ ᠤ ᠡᠪᠦᠭᠡ ᠳᠡᠭᠡᠳᠦᠰ ᠪᠣᠯᠬᠤ ᠶᠡᠷᠡᠨ ᠲᠠᠪᠤᠨ ᠲᠦᠮᠡᠨ ᠠᠷᠠᠳ ᠢᠷᠭᠡᠳ ᠢᠶᠠᠨ ᠤᠳᠤᠷᠢᠳᠤᠨ ᠣᠷᠣᠰᠢᠬᠤᠢ ᠶᠢᠨ ᠲᠦᠪᠰᠢᠨ ᠰᠠᠶᠢᠬᠠᠨ ᠢ ᠪᠦᠲᠦᠭᠡᠭᠰᠡᠨ ᠶᠤᠮ᠃ ᠶᠡᠭᠡ ᠬᠠᠭᠠᠨ ᠢᠩᠭᠢᠵᠦ ᠥᠨᠳᠥᠷ ᠳᠡᠭᠡᠳᠦᠰ ᠤᠨ ᠢᠶᠠᠨ ᠤᠶᠤᠨ ᠤᠬᠠᠭᠠᠨ ᠢ ᠥᠪᠯᠡᠵᠦ᠂ ᠤᠯᠤᠰ ᠢᠶᠠᠨ ᠵᠠᠰᠠᠳᠠᠭ ᠪᠣᠯ ᠡᠡ᠊ᠩ ᠤᠨ ᠠᠷᠠᠳ ᠢᠷᠭᠡᠳ ᠥᠪᠡᠷ ᠤᠨ ᠲᠣᠯᠣᠭᠠᠨ ᠳᠡᠭᠡᠳᠦ ᠡᠴᠢᠭᠡ ᠶᠢᠨ ᠤᠶᠤᠨ ᠤᠬᠠᠭᠠᠨ᠂ ᠵᠦᠩ ᠪᠢᠯᠢᠭ ᠢᠶᠠᠷ ᠭᠡᠭᠡᠷᠡᠵᠦ ᠭᠡᠷ ᠢᠶᠠᠨ ᠵᠠᠰᠠᠳᠠᠭ ᠪᠠᠶᠢᠪᠠ᠃ ᠢᠩᠭᠢᠵᠦ ᠥᠪᠡᠷ ᠤᠨ ᠤᠳᠤᠮ ᠤᠭᠰᠠᠭ᠎ᠠ ᠶᠢᠨ ᠥᠨᠳᠥᠷ ᠳᠡᠭᠡᠳᠦᠰ ᠲᠡᠭᠡᠨ ᠥᠪᠡᠷ ᠤᠨ ᠪᠦᠬᠦ ᠢᠲᠡᠭᠡᠯ᠂ ᠰᠡᠳᠬᠢᠯ ᠬᠦᠰᠡᠯ ᠢᠶᠠᠨ ᠢᠯᠡᠳᠬᠡᠬᠦ ᠪᠤᠶᠤ ᠲᠡᠳᠡᠨ ᠲᠠᠢ ᠪᠠᠨ ᠬᠤᠯᠪᠣᠭᠳᠠᠬᠤ ᠳᠤ ᠮᠥᠨ ᠰᠠᠴᠤᠯᠢ ᠡᠷᠭᠦᠵᠦ ᠪᠣᠳᠣᠯ ᠢᠶᠠᠨ ᠥᠴᠢᠳᠡᠭ ᠪᠢᠯᠡ᠃ ᠡᠶᠢᠨ ᠬᠦ ᠠᠮᠢ ᠠᠮᠢᠳᠤᠷᠠᠯ ᠢ ᠥᠭᠭᠦᠭᠴᠢ ᠮᠥᠩᠬᠡ ᠲᠡᠭᠷᠢ᠂ ᠠᠬᠤᠢ ᠣᠷᠣᠰᠢᠬᠤᠢ ᠶᠢ ᠪᠣᠢ ᠪᠣᠯᠭᠠᠭᠴᠢ ᠠᠯᠳᠠᠨ ᠳᠡᠯᠡᠬᠡᠢ ᠳᠤ ᠬᠥᠮᠥᠨ ᠤ ᠳᠡᠭᠡᠳᠦ ᠤᠶᠤᠨ ᠤᠬᠠᠭᠠᠨ ᠵᠥᠪ ᠪᠠᠶᠢᠭᠰᠠᠨ ᠦᠶ᠎ᠡ ᠳᠤ ᠠᠮᠢᠳᠤᠷᠠᠯ ᠡᠷᠡᠭᠦᠯ ᠰᠠᠷᠠᠭᠤᠯ ᠵᠥᠪ ᠲᠣᠭᠲᠠᠯᠴᠠᠭ᠎ᠠ ᠶᠢ ᠪᠣᠢ ᠪᠣᠯᠭᠠᠵᠦ᠂ ᠬᠥᠬᠡ ᠮᠥᠩᠬᠡ ᠲᠡᠭᠷᠢ ᠳᠤ ᠢᠪᠡᠭᠡᠭᠳᠡᠵᠦ᠂ ᠬᠥᠷᠥᠰᠥᠲᠦ ᠠᠯᠳᠠᠨ ᠳᠡᠯᠡᠬᠡᠢ ᠳᠤ ᠲᠡᠳᠬᠦᠭᠳᠡᠨ᠂ ᠬᠥᠮᠥᠨ ᠲᠥᠷᠥᠯᠬᠢᠲᠡᠨ ᠤ ᠡᠡ᠊ᠩᠭᠡ ᠠᠮᠤᠭᠤᠯᠠᠩ ᠲᠣᠭᠲᠠᠨᠢᠳᠠᠭ ᠶᠤᠮ᠃     ᠮᠣᠩᠭᠤᠯᠴᠤᠳ ᠤᠨ ᠰᠠᠴᠤᠯᠢ ᠡᠷᠭᠦᠬᠦ ᠶᠣᠰᠣᠨ ᠪᠣᠯ ᠶᠠᠭ ᠡᠨᠡ ᠬᠦ ᠲᠡᠭᠷᠢ᠂ ᠭᠠᠵᠠᠷ᠂ ᠬᠥᠮᠥᠨ ᠭᠤᠷᠪᠠ ᠶᠢ ᠬᠤᠯᠪᠣᠵᠤ ᠪᠠᠶᠢᠭ᠎ᠠ ᠤᠶᠢᠯᠡ ᠪᠣᠯᠣᠨ᠎ᠠ᠃ ᠮᠣᠩᠭᠤᠯ ᠤᠯᠠᠮᠵᠢᠯᠠᠯ ᠳᠤ ᠭᠡᠷ ᠤᠨ ᠡᠵᠡᠭᠲᠡᠢ ᠥᠷᠯᠥᠭᠡ ᠶᠢᠨ ᠴᠠᠢ ᠪᠠᠨ ᠴᠢᠨᠠᠭᠠᠳ ᠳᠡᠭᠡᠵᠢ ᠶᠢ ᠨᠢ ᠠᠪᠴᠤ ︽ᠲᠡᠭᠷᠢ᠂ ᠬᠠᠩᠭᠠᠢ᠂ ᠳᠡᠭᠡᠳᠦᠰ ᠮᠢᠨᠢ︕︾ ᠭᠡᠵᠦ ᠡᠷᠭᠦᠳᠡᠭ ᠪᠠ ᠦᠨᠢᠶ᠎ᠡ ᠪᠠᠨ ᠰᠠᠭᠠᠮᠠᠭᠴᠠ ᠡᠪᠡᠰᠦᠨ ᠲᠣᠯᠣᠭᠠᠢ ᠶᠢ ᠨᠢ ᠠᠪᠤᠭᠠᠳ ᠰᠠᠭᠤᠯᠠᠭ᠎ᠠ ᠲᠠᠢ ᠰᠦ ᠳᠡᠭᠡᠨ ᠲᠦᠷᠦᠵᠦ ᠲᠡᠭᠷᠢ᠂ ᠭᠠᠵᠠᠷ᠂ ᠳᠡᠭᠡᠳᠦᠰ ᠲᠡᠭᠡᠨ ᠡᠷᠭᠦᠳᠡᠭ ᠨᠢ ᠡᠡ᠊ᠩ ᠤᠨ ᠠᠮᠢᠳᠤᠷᠠᠯ ᠤᠨ ᠬᠡᠪᠰᠢᠭᠰᠡᠨ ᠵᠠᠩᠰᠢᠯ ᠶᠤᠮ᠃ ᠡᠭᠦᠨ ᠠᠴᠠ ᠭᠠᠳᠠᠨ᠎ᠠ᠂ ᠠᠯᠢ ᠱᠠᠭᠠᠷᠳᠠᠯᠭ᠎ᠠ ᠲᠠᠢ ᠦᠶ᠎ᠡ ᠳᠡᠭᠡᠨ ᠶᠢᠰᠦᠨ ᠨᠢᠳᠦ ᠲᠠᠢ ᠰᠠᠴᠤᠯᠢ ᠪᠠᠷ ᠰᠠᠴᠤᠯᠢ ᠡᠷᠭᠦᠵᠦ᠂ ᠰᠠᠨᠠᠭᠰᠠᠨ ᠬᠦᠰᠡᠯ ᠢᠶᠠᠨ ᠳᠠᠭᠠᠳᠬᠠᠬᠤ ᠲᠤᠰᠬᠠᠢ ᠤᠶᠢᠯᠡ ᠶᠢ ᠬᠢᠳᠡᠭ ᠪᠠ ᠪᠦᠭᠡ ᠪᠦᠭᠡᠯᠡᠬᠦ᠂ ᠲᠠᠬᠢᠯᠭ᠎ᠠ ᠲᠠᠶᠢᠯᠭ᠎ᠠ ᠬᠢᠬᠦ ᠳᠤ ᠵᠠᠪᠠᠯ ᠤᠷᠢᠳ ᠢᠶᠠᠷ ᠰᠠᠴᠤᠯᠢ ᠡᠷᠭᠦᠳᠡᠭ᠃ ᠶᠠᠮᠠᠷ ᠴᠦ ᠦᠶ᠎ᠡ ᠳᠤ ᠪᠦᠷ ᠠᠳᠠᠯᠢᠬᠠᠨ ᠤᠷᠢᠳ ᠢᠶᠠᠷ ᠬᠥᠬᠡ ᠮᠥᠩᠬᠡ ᠲᠡᠭᠷᠢ᠂ ᠳᠠᠷᠠᠭᠠᠯᠠᠨ ᠬᠥᠷᠥᠰᠥᠲᠦ ᠠᠯᠳᠠᠨ ᠳᠡᠯᠡᠬᠡᠢ᠂ ᠬᠤᠶᠢᠨ᠎ᠠ ᠠᠴᠠ ᠨᠢ ᠤᠳᠤᠮ ᠤᠨ ᠥᠨᠳᠥᠷ ᠳᠡᠭᠡᠳᠦᠰ ᠢᠶᠠᠨ ᠨᠡᠷᠡᠯᠡᠨ ᠳᠠᠭᠤᠳᠠᠵᠤ ᠬᠢᠵᠦ ᠪᠠᠶᠢᠭ᠎ᠠ ᠤᠶᠢᠯᠡ ᠪᠠᠨ ᠥᠭᠦᠯᠡᠵᠦ ᠮᠡᠳᠡᠭᠦᠯᠦᠨ᠂ ᠬᠤᠶᠢᠨ᠎ᠠ ᠠᠴᠠ ᠨᠢ ᠬᠦᠰᠡᠨ ᠭᠤᠶᠤᠵᠦ ᠪᠠᠶᠢᠭ᠎ᠠ ᠪᠦᠬᠦᠨ ᠢᠶᠠᠨ ᠥᠴᠢᠳᠡᠭ ᠨᠢ ᠮᠣᠩᠭᠤᠯᠴᠤᠳ ᠤᠨ ᠰᠠᠴᠤᠯᠢ ᠡᠷᠭᠦᠬᠦ ᠶᠣᠰᠣᠨ ᠪᠢᠯᠡ᠃  
 
ᠢᠷᠡᠯᠲᠡ᠄ ᠰᠢᠯᠢ ᠶᠢᠨ ᠬᠤᠲᠠ ᠶᠢᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号