ᠮᠣᠩᠭᠤᠯᠴᠤᠳ ᠲᠠᠪᠤᠨ ᠬᠤᠰᠢᠭᠤ ᠮᠠᠯ ᠢ ᠠᠷᠠᠴᠢᠯᠠᠨ ᠮᠠᠯᠵᠢᠬᠤ ᠦᠢᠯᠡᠳᠪᠦᠷᠢᠯᠡᠯ ᠬᠥᠳᠡᠯᠮᠦᠷᠢ ᠶᠢᠨ | ᠶᠠᠪᠤᠴᠠ ᠳᠠᠭᠠᠨ ᠮᠠᠯ ᠠᠵᠤ ᠠᠬᠤᠢ ᠶᠢᠨ ᠪᠠᠶᠠᠯᠢᠭ ᠲᠤᠷᠰᠢᠯᠭ᠎ᠠ ᠶᠢ ᠬᠤᠷᠠᠮᠳᠤᠭᠤᠯᠤᠭᠰᠠᠨ ᠶᠤᠮ᠃ ᠲᠠᠪᠤᠨ ᠬᠤᠰᠢᠭᠤ | ᠮᠠᠯ ᠤᠨ ᠠᠳᠠᠯᠢ ᠪᠤᠰᠤ ᠣᠨᠴᠠᠯᠢᠭ ᠪᠣᠯᠤᠨ ᠲᠡᠳᠡᠭᠡᠷ ᠤᠨ ᠴᠠᠭ ᠠᠭᠤᠷ᠂ ᠤᠰᠤ ᠪᠡᠯᠴᠢᠭᠡᠷ ᠤᠨ ᠲᠣᠬᠢᠷᠠᠴᠠ ᠶᠢ | ᠦᠨᠳᠦᠰᠦᠯᠡᠵᠦ ᠳᠥᠷᠪᠡᠨ ᠤᠯᠠᠷᠢᠯ ᠤᠨ ᠠᠭᠤᠷ ᠠᠮᠢᠰᠬᠤᠯ ᠤᠨ ᠪᠠᠶᠢᠳᠠᠯ᠂ ᠬᠤᠷ᠎ᠠ ᠲᠤᠨᠳᠠᠰᠤ᠂ ᠡᠪᠡᠰᠦ | ᠪᠡᠯᠴᠢᠭᠡᠷ ᠤᠨ ᠪᠠᠶᠢᠳᠠᠯ ᠢ ᠦᠨᠳᠦᠰᠦᠯᠡᠵᠦ᠂ ᠤᠯᠠᠷᠢᠯ ᠢᠶᠠᠷ ᠨᠡᠭᠦᠳᠡᠯᠯᠡᠬᠦ ᠶᠢ ᠤᠷᠲᠤ ᠬᠤᠭᠤᠴᠠᠭ᠎ᠠ ᠪᠠᠷ | ᠪᠠᠷᠢᠮᠲᠠᠯᠠᠭᠰᠠᠭᠠᠷ ᠢᠷᠡᠭᠰᠡᠨ ᠶᠤᠮ᠃ ᠢᠩᠭᠢᠵᠦ ᠳᠥᠷᠪᠡᠨ ᠤᠯᠠᠷᠢᠯ ᠢᠶᠠᠷ ᠡᠭᠡᠯᠵᠢᠯᠡᠨ ᠨᠡᠭᠦᠳᠡᠯᠯᠡᠬᠦ ᠶᠢ | ᠬᠠᠪᠤᠷᠵᠢᠶ᠎ᠠ ᠳᠤ ᠭᠠᠷᠬᠤ᠂ ᠵᠤᠰᠠᠯᠠᠩ ᠳᠤ ᠪᠠᠭᠤᠬᠤ᠂ ᠨᠠᠮᠤᠷᠵᠢᠶ᠎ᠠ ᠳᠤ ᠪᠠᠭᠤᠬᠤ᠂ ᠡᠪᠦᠯᠵᠢᠶ᠎ᠡ ᠳᠤ ᠪᠠᠭᠤᠬᠤ ᠭᠡᠳᠡᠭ᠃ | ᠨᠠᠮᠤᠷᠵᠢᠶ᠎ᠠ ᠪᠠᠭᠤᠬᠤ ᠨᠠᠮᠤᠷ ᠤᠨ ᠤᠯᠠᠷᠢᠯ ᠤᠨ ᠨᠡᠭᠦᠳᠡᠯ ᠪᠣᠯ ᠮᠠᠯ ᠰᠦᠷᠦᠭ ᠤᠨ ᠥᠭᠡᠬᠦᠨ ᠲᠠᠷᠭᠤ ᠠᠪᠴᠤ᠂ | ᠠᠷᠠᠰᠤᠨ ᠲᠠᠷᠭᠤ ᠲᠣᠭᠲᠠᠬᠤ ᠳᠤ ᠬᠤᠯᠪᠣᠭᠳᠠᠬᠤ ᠪᠣᠯᠬᠤᠷ᠂ ᠡᠪᠡᠰᠦ ᠪᠡᠯᠴᠢᠭᠡᠷ ᠢ ᠣᠨᠴᠠᠯᠠᠨ ᠠᠩᠬᠠᠷᠳᠠᠭ᠃ | ᠨᠠᠮᠤᠷ ᠤᠨ ᠪᠡᠯᠴᠢᠭᠡᠷ ᠢ ᠰᠢᠮᠡᠲᠦ ᠤᠷᠭᠤᠮᠠᠯ ᠪᠦᠬᠦᠢ ᠰᠡᠷᠢᠭᠦᠨ ᠪᠡᠯᠴᠢᠭᠡᠷ ᠰᠣᠩᠭᠤᠵᠤ᠂ ᠲᠠᠷᠭᠤ ᠬᠦᠴᠦ | ᠲᠣᠭᠲᠠᠬᠤ ᠶᠢ ᠠᠩᠬᠠᠷᠴᠤ᠂ ᠬᠦᠢᠲᠡᠨ ᠳᠤ ᠲᠡᠰᠪᠦᠷᠢᠵᠢᠬᠦ ᠳᠤ ᠨᠢ ᠳᠠᠰᠬᠠᠳᠠᠭ᠃ ᠨᠠᠮᠤᠷ ᠤᠨ ᠰᠡᠭᠦᠯᠴᠢ ᠳᠤ | ᠭᠤᠣᠯ ᠤᠨ ᠵᠦᠯᠭᠡ ᠰᠢᠷᠢᠭᠢ ᠪᠡᠯᠴᠢᠭᠡᠷ ᠨᠢ ᠮᠠᠯ ᠤᠨ ᠠᠷᠠᠰᠤ ᠮᠢᠬᠠᠨ ᠤ ᠵᠠᠪᠰᠠᠷ ᠤᠰᠤ ᠭᠦᠶᠦᠵᠦ᠂ ᠥᠭᠡᠬᠦᠨ | ᠲᠠᠷᠭᠤ ᠪᠠ ᠠᠷᠠᠰᠤᠨ ᠲᠠᠷᠭᠤ ᠠᠪᠬᠤ ᠳᠤ ᠬᠠᠷᠰᠢᠯᠠᠨ᠂ ᠲᠡᠭᠦᠨ ᠤ ᠤᠯᠠᠮ ᠠᠴᠠ ᠬᠦᠢᠲᠡᠨ ᠤ ᠡᠬᠢ ᠪᠠᠷ ᠲᠠᠷᠭᠤ | ᠪᠠᠭᠤᠷᠠᠬᠤ ᠨᠢ ᠲᠦᠷᠭᠡᠨ ᠪᠣᠯᠬᠤᠷ᠂ ᠠᠭᠤᠯᠠᠨ ᠤ ᠰᠢᠮᠡᠲᠦ ᠤᠷᠭᠤᠮᠠᠯ ᠲᠠᠢ ᠪᠡᠯᠴᠢᠭᠡᠷ ᠢ ᠰᠣᠩᠭᠤᠳᠠᠭ᠃ | ᠲᠡᠭᠦᠨᠴᠢᠯᠡᠨ ᠨᠠᠮᠤᠷ ᠤᠨ ᠤᠯᠠᠷᠢᠯ ᠤᠨ ᠨᠡᠭᠦᠳᠡᠯ ᠳᠤ ᠮᠠᠯ ᠤᠨ ᠪᠡᠯᠴᠢᠭᠡᠷ ᠬᠡᠲᠦᠷᠬᠡᠢ ᠬᠤᠯᠠᠳᠠᠪᠠᠯ᠂ ᠮᠠᠯ ᠤᠨ | ᠲᠣᠭᠲᠠᠭᠰᠠᠨ ᠲᠠᠷᠭᠤ ᠬᠠᠶᠢᠯᠵᠤ᠂ ᠲᠣᠰᠣᠨ ᠲᠠᠷᠭᠤ ᠰᠠᠭᠤᠬᠤ ᠶᠢ ᠬᠠᠷᠰᠢᠯᠠᠬᠤ ᠪᠣᠯᠬᠤᠷ᠂ ᠪᠡᠯᠴᠢᠭᠡᠷ ᠤᠨ ᠬᠤᠯᠠ | ᠣᠶᠢᠷ᠎ᠠ ᠶᠢ ᠵᠣᠬᠢᠰᠲᠠᠢ ᠲᠣᠬᠢᠷᠠᠭᠤᠯᠤᠨ ᠰᠣᠩᠭᠤᠬᠤ ᠪᠥᠭᠡᠳ ᠨᠢᠭᠡ ᠨᠤᠲᠤᠭ ᠲᠤ ᠣᠬᠤᠷ ᠬᠤᠭᠤᠴᠠᠭ᠎ᠠ | ᠨᠤᠲᠤᠭᠯᠠᠳᠠᠭ᠃ |