ᠦᠰᠦᠭ ᠢᠶᠡᠷ ᠦᠬᠦᠯᠡᠬᠦᠢ᠄ 8 ᠰᠠᠷ᠎ᠠ ᠶᠢᠨ 22 ᠤᠨ ᠡᠳᠦᠷ ᠲᠦᠮᠡᠳ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠪᠠᠶᠢᠩᠭᠤ ᠶᠢᠨ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄
2024/8/22
    2024 ᠣᠨ ᠤ 8 ᠰᠠᠷ᠎ᠠ ᠶᠢᠨ 22 ᠤᠨ ᠡᠳᠦᠷ ᠤᠨ ᠦᠳᠡ ᠶᠢᠨ ᠡᠮᠦᠨ᠎ᠡ᠂ ᠬᠤᠰᠢᠭᠤᠨ ᠤ ᠨᠠᠮ ᠤᠨ ᠬᠤᠷᠢᠶᠠᠨ ᠤ ᠳᠡᠳ᠋ ᠱᠦᠵᠢ᠂ ᠣᠷᠣᠯᠠᠭᠴᠢ ᠬᠤᠰᠢᠭᠤᠨ ᠳᠠᠷᠤᠭ᠎ᠠ ᠯᠢ ᠷᠦᠢ ᠾᠧᠩ ᠬᠤᠰᠢᠭᠤᠨ ᠤ ᠠᠷᠪᠠᠨ ᠨᠠᠢᠮᠠᠳᠤᠭᠠᠷ ᠬᠤᠭᠤᠴᠠᠭᠠᠨ ᠤ ᠠᠷᠠᠳ ᠤᠨ ᠵᠠᠰᠠᠭ ᠤᠨ ᠣᠷᠳᠣᠨ ᠤ 2024 ᠣᠨ ᠤ 18 ᠳ᠋ᠤᠭᠠᠷ ᠤᠳᠠᠭᠠᠨ ᠤ ᠪᠠᠶᠢᠩᠭᠤ ᠶᠢᠨ ᠬᠤᠷᠢᠶᠠᠨ ᠤ ᠬᠤᠷᠠᠯ ᠢ ᠡᠷᠭᠢᠯᠡᠨ ᠬᠤᠷᠠᠯᠳᠤᠭᠤᠯᠪᠠ᠃    ᠨᠢᠭᠡ᠂ ︽ᠲᠦᠮᠡᠳ ᠵᠡᠭᠦᠨ ᠬᠤᠰᠢᠭᠤᠨ ᠤ ᠪᠠᠷᠢᠯᠭ᠎ᠠ ᠶᠢᠨ ᠡᠯᠡᠰᠦ ᠬᠤᠯᠠᠭᠠᠶᠢᠯᠠᠨ ᠮᠠᠯᠲᠠᠬᠤ ᠲᠤᠰᠬᠠᠶ ᠴᠡᠭᠴᠡᠯᠡᠨ ᠰᠠᠶᠢᠵᠢᠷᠠᠭᠤᠯᠬᠤ ᠠᠵᠢᠯ ᠤᠨ ᠲᠥᠰᠦᠯ︾᠂ ︽ᠲᠦᠮᠡᠳ ᠵᠡᠭᠦᠨ ᠬᠤᠰᠢᠭᠤᠨ ᠤ ᠬᠤᠪᠢ ᠪᠠᠷ ᠢᠶᠠᠨ ᠬᠤᠯᠠᠭᠠᠶᠢᠯᠠᠨ ᠮᠠᠯᠲᠠᠬᠤ ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢᠨ ᠣᠷᠳᠣ ᠬᠤᠭᠤᠴᠠᠭᠠᠨ ᠤ ᠪᠦᠲᠦᠮᠵᠢᠲᠡᠶ ᠲᠣᠭᠲᠠᠴᠠ ᠶᠢ ᠪᠠᠶᠢᠭᠤᠯᠤᠨ ᠪᠦᠷᠢᠨᠰᠢᠬᠦᠯᠬᠦ ᠲᠤᠬᠠᠶ ᠬᠡᠷᠡᠭᠵᠢᠭᠦᠯᠬᠦ ᠲᠥᠰᠦᠯ︾ ᠢ ᠬᠢᠨᠠᠨ ᠵᠥᠪᠯᠡᠪᠡ᠃    ᠬᠤᠷᠠᠯ ᠠᠴᠠ ᠬᠤᠰᠢᠭᠤᠨ ᠤ ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶ᠎ᠠ ᠶᠢᠨ ︽ᠲᠦᠮᠡᠳ ᠵᠡᠭᠦᠨ ᠬᠤᠰᠢᠭᠤᠨ ᠤ ᠪᠠᠷᠢᠯᠭ᠎ᠠ ᠶᠢᠨ ᠡᠯᠡᠰᠦ ᠬᠤᠯᠠᠭᠠᠶᠢᠯᠠᠨ ᠮᠠᠯᠲᠠᠬᠤ ᠲᠤᠰᠬᠠᠶ ᠴᠡᠭᠴᠡᠯᠡᠨ ᠰᠠᠶᠢᠵᠢᠷᠠᠭᠤᠯᠬᠤ ᠠᠵᠢᠯ ᠤᠨ ᠲᠥᠰᠦᠯ︾᠂ ︽ᠲᠦᠮᠡᠳ ᠵᠡᠭᠦᠨ ᠬᠤᠰᠢᠭᠤᠨ ᠤ ᠬᠤᠪᠢ ᠪᠠᠷ ᠢᠶᠠᠨ ᠬᠤᠯᠠᠭᠠᠶᠢᠯᠠᠨ ᠮᠠᠯᠲᠠᠬᠤ ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢᠨ ᠣᠷᠳᠣ ᠬᠤᠭᠤᠴᠠᠭᠠᠨ ᠤ ᠪᠦᠲᠦᠮᠵᠢᠲᠡᠶ ᠲᠣᠭᠲᠠᠴᠠ ᠶᠢ ᠪᠠᠶᠢᠭᠤᠯᠤᠨ ᠪᠦᠷᠢᠨᠰᠢᠬᠦᠯᠬᠦ ᠲᠤᠬᠠᠶ ᠬᠡᠷᠡᠭᠵᠢᠭᠦᠯᠬᠦ ᠲᠥᠰᠦᠯ︾ ᠤᠨ ᠭᠤᠤᠯ ᠠᠭᠤᠯᠭ᠎ᠠ ᠶᠢᠨ ᠲᠤᠬᠠᠶ ᠬᠠᠷᠢᠭᠤ ᠮᠡᠳᠡᠭᠦᠯᠦᠯᠲᠡ ᠶᠢ ᠰᠣᠨᠣᠰᠪᠠ᠃    ᠬᠤᠶᠠᠷ᠂ ︽ᠲᠦᠮᠡᠳ ᠵᠡᠭᠦᠨ ᠬᠤᠰᠢᠭᠤᠨ ᠤ ᠦᠨᠳᠦᠰᠦᠨ ᠱᠠᠲᠤᠨ ᠤ ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠬᠢᠷᠢ ᠲᠦᠪᠰᠢᠨ ᠢ ᠪᠥᠬᠦ ᠲᠠᠯ᠎ᠠ ᠪᠠᠷ ᠳᠡᠭᠡᠭᠰᠢᠯᠡᠭᠦᠯᠬᠦ ᠠᠵᠢᠯᠯᠠᠭ᠎ᠠ ᠶᠢᠨ ᠲᠥᠰᠦᠯ︾ ᠢ ᠬᠢᠨᠠᠨ ᠵᠥᠪᠯᠡᠪᠡ᠃    ᠬᠤᠷᠠᠯ ᠠᠴᠠ ᠬᠤᠰᠢᠭᠤᠨ ᠤ ᠬᠠᠤᠯᠢ ᠴᠠᠭᠠᠵᠠ ᠶᠢᠨ ᠲᠣᠪᠴᠢᠶ᠎ᠠ ᠶᠢᠨ ︽ᠲᠦᠮᠡᠳ ᠵᠡᠭᠦᠨ ᠬᠤᠰᠢᠭᠤᠨ ᠤ ᠦᠨᠳᠦᠰᠦᠨ ᠱᠠᠲᠤᠨ ᠤ ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠬᠢᠷᠢ ᠲᠦᠪᠰᠢᠨ ᠢ ᠪᠥᠬᠦ ᠲᠠᠯ᠎ᠠ ᠪᠠᠷ ᠳᠡᠭᠡᠭᠰᠢᠯᠡᠭᠦᠯᠬᠦ ᠠᠵᠢᠯᠯᠠᠭ᠎ᠠ ᠶᠢᠨ ᠲᠥᠰᠦᠯ︾ ᠤᠨ ᠭᠤᠤᠯ ᠠᠭᠤᠯᠭ᠎ᠠ ᠶᠢᠨ ᠲᠤᠬᠠᠶ ᠬᠠᠷᠢᠭᠤ ᠮᠡᠳᠡᠭᠦᠯᠦᠯᠲᠡ ᠶᠢ ᠰᠣᠨᠣᠰᠪᠠ᠃
 
ᠢᠷᠡᠯᠲᠡ᠄ ᠲᠦᠮᠡᠳ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号