ᠲᠦᠰᠢᠭᠲᠦ ᠪᠢᠳᠠ ᠬᠤᠶᠠᠷ ︽ᠵᠢᠷᠭᠠᠯᠠᠩᠲᠤ︾ ᠪᠠᠷ ᠥᠩᠭᠡᠷᠡᠯ᠎ᠡ᠃ ᠡᠨᠡ ᠰᠠᠶᠢᠬᠠᠨ ᠭᠠᠵᠠᠷ ᠬᠡᠵᠢᠶ᠎ᠡ | ᠶᠠᠵᠢᠶᠠᠨ ᠤ ᠪᠠᠭ᠎ᠠ ᠵᠠᠯᠠᠭᠤ ᠴᠠᠭ ᠤᠨ ᠮᠠᠷᠲᠠᠬᠤ ᠶᠢᠨ ᠠᠷᠭ᠎ᠠ ᠦᠭᠡᠢ ᠳᠤᠷᠠᠯᠠᠯ ᠳᠤᠷᠠᠰᠤᠯ ᠤᠳ ᠢ ᠡᠭᠦᠷᠦᠭᠰᠡᠭᠡᠷ | ᠤᠯᠠᠨ ᠵᠢᠯ ᠢ ᠥᠩᠭᠡᠷᠡᠭᠰᠡᠨ ᠪᠤᠯᠪᠠᠴᠤ ᠡᠷᠭᠢᠭᠡᠳ ᠳᠤᠷᠠᠰᠬᠤ ᠳᠤ ᠶᠠᠭ ᠯᠠ ᠥᠴᠥᠭᠡᠳᠦᠷ ᠤᠨ ᠮᠡᠲᠦ᠃ | ᠢᠳᠡ ᠬᠤᠷᠢᠨ ᠲᠠᠪᠤᠨ ᠨᠠᠰᠤᠨ ᠳᠠᠭᠠᠨ ᠵᠤᠨ ᠤ ᠠᠮᠠᠷᠠᠯᠲᠠ ᠪᠠᠷ ᠬᠤᠯᠠ ᠨᠤᠲᠤᠭ ᠲᠤ ᠪᠦᠯᠦ | ᠡᠭᠡᠴᠢ ᠶᠢᠨ ᠳᠡᠭᠡᠨ ᠮᠠᠯᠵᠢᠬᠤ ᠠᠮᠢᠳᠤᠷᠠᠯ ᠳᠤ ᠭᠦᠨᠵᠡᠭᠡᠶᠢᠷᠡᠨ ᠳᠠᠳᠤᠯᠭ᠎ᠠ ᠬᠢᠬᠦ ᠪᠠᠷ ᠢᠷᠡᠵᠦ ᠪᠢᠯᠡ᠃ ᠲᠡᠭᠡᠭᠦ ᠳᠤ | ᠪᠠᠷᠠᠭᠤᠨ ᠳᠡᠭᠡᠭᠦᠷ ᠢᠶᠠᠨ ᠥᠨᠳᠥᠷ ᠬᠥᠬᠡ ᠰᠢᠯᠢ᠂ ᠰᠢᠯᠢ ᠠᠴᠠ ᠳᠣᠭᠤᠭᠰᠢᠯᠠᠨ ᠨᠣᠭᠤᠭᠠᠨ ᠳᠠᠪᠠᠯᠭᠠᠨ ᠨᠢ | ᠴᠠᠬᠢᠷᠮ᠎ᠠ ᠶᠢᠨ ᠭᠦᠨ ᠴᠡᠩᠬᠡᠷ᠂ ᠬᠤᠩᠭᠤᠷᠵᠤᠯᠠ ᠶᠢᠨ ᠶᠠᠭᠠᠨ᠂ ᠮᠣᠷᠢᠨ ᠪᠤᠶᠠ ᠶᠢᠨ ᠴᠠᠭᠠᠨ ᠴᠡᠴᠡᠭ ᠵᠡᠷᠭᠡ | ᠨᠡᠷ᠎ᠡ ᠶᠢ ᠨᠢ ᠮᠡᠳᠡᠬᠦ᠂ ᠮᠡᠳᠡᠬᠦ ᠦᠭᠡᠢ ᠤᠯᠠᠨ ᠴᠡᠴᠡᠭ ᠢᠶᠠᠷ ᠴᠢᠮᠡᠭᠯᠡᠭᠳᠡᠭᠰᠡᠨ᠂ ᠠᠭᠢ ᠳᠠᠭᠠᠨ᠎ᠠ ᠤᠯᠠᠨ ᠴᠡᠴᠡᠭ ᠤᠨ | ᠰᠣᠳᠣᠨ ᠰᠠᠶᠢᠬᠠᠨ ᠦᠨᠦᠷ ᠬᠤᠯᠢᠯᠳᠤᠨ ᠠᠩᠬᠢᠯᠤᠭᠰᠠᠨ ᠨᠠᠮᠬᠠᠨ ᠲᠣᠯᠣᠭᠠᠳ ᠤᠨ ᠳᠤᠮᠳᠠ ᠡᠪᠦᠭᠡᠨ ᠳᠠᠮᠳᠢᠨ᠂ | ᠡᠮᠡᠭᠡᠨ ᠨᠠᠪᠴᠢ ᠬᠤᠶᠠᠭᠤᠯᠠ ᠥᠲᠡᠯᠬᠦ ᠶᠢᠨ ᠦᠵᠦᠭᠦᠷ ᠣᠯᠣᠭᠰᠠᠨ ᠦᠷ᠎ᠡ ᠶᠢᠨ ᠭᠠᠭᠴᠠ ᠥᠬᠢᠨ | ᠤᠰᠤᠨᠪᠤᠯᠤᠷ ᠲᠠᠢ ᠪᠠᠨ ᠰᠠᠭᠤᠳᠠᠭ ᠠᠶᠢᠯ ᠳᠤ ᠵᠤᠨ ᠤ ᠰᠠᠭᠠᠯᠢ ᠳᠤ ᠬᠠᠪᠰᠤᠷᠴᠤ ᠬᠤᠷᠠᠭ᠎ᠠ ᠢᠰᠢᠭᠡ ᠠᠳᠤᠭᠤᠯᠠᠨ | ᠳᠤᠭᠤᠯ ᠪᠢᠷᠠᠭᠤ ᠲᠠᠲᠠᠵᠤ ᠥᠭ ᠭᠡᠵᠦ ᠪᠦᠯᠦ ᠡᠭᠡᠴᠢ ᠮᠠᠨᠢ ᠨᠠᠮᠠᠶᠢ ᠰᠠᠭᠤᠯᠭᠠᠯ᠎ᠠ᠃ | ᠨᠠᠮᠬᠠᠨ ᠲᠣᠯᠣᠭᠠᠳ ᠠᠴᠠ ᠵᠡᠭᠦᠨᠰᠢᠯᠡᠨ ᠭᠦᠪᠡᠭᠡ ᠨᠢ ᠡᠰᠡ ᠬᠠᠷᠠᠭᠳᠠᠬᠤ ᠳᠠᠷᠠᠰᠤᠲᠠᠢ ᠴᠠᠶᠢᠳᠠᠮ ᠳᠤᠮᠳᠠ ᠪᠠᠨ ︽ | ᠬᠤᠨᠳᠣ︾ ᠭᠡᠳᠡᠭ ᠬᠥᠪᠡᠭᠡᠨ ᠠᠴᠠ ᠳᠣᠲᠣᠭᠰᠢ ᠵᠢᠷᠠ ᠳᠠᠯᠠᠨ ᠠᠯᠳᠠ ᠠᠴᠠ ᠡᠬᠢᠯᠡᠨ ᠮᠣᠷᠢ ᠲᠠᠢ ᠬᠥᠮᠥᠨ ᠣᠷᠣᠭᠠᠳ | ᠬᠠᠷᠠᠭᠳᠠᠬᠤ ᠦᠭᠡᠢ ᠬᠤᠯᠤᠰᠤ ᠲᠠᠢ ᠨᠠᠭᠤᠷ ᠪᠠᠶᠢᠳᠠᠭ᠃ ᠭᠦᠪᠡᠭᠡ ᠪᠠᠷ ᠢᠶᠠᠨ ᠨᠠᠷᠠᠨ ᠤ ᠠᠯᠳᠠᠨ ᠰᠠᠴᠤᠷᠠᠭ | ᠲᠣᠭᠯᠠᠭᠤᠯᠤᠨ ᠭᠢᠯᠠᠯᠵᠠᠵᠤ᠂ ᠦᠳᠡ ᠠᠴᠠ ᠬᠤᠶᠢᠰᠢ ᠪᠣᠷᠤᠭ᠎ᠠ ᠴᠢᠳᠬᠤᠯᠠᠭᠠᠳ ᠥᠩᠭᠡᠷᠡᠬᠦ ᠪᠠᠷ ᠳᠠᠪᠬᠤᠷ | ᠰᠣᠯᠣᠩᠭ᠎ᠠ ᠨᠠᠭᠤᠷ ᠤᠨ ᠬᠤᠶᠢᠲᠤ ᠤᠷᠢᠳᠤ ᠭᠦᠪᠡᠭᠡ ᠶᠢ ᠬᠤᠯᠪᠣᠨ ᠲᠠᠲᠠᠬᠤ ᠨᠢ ᠦᠭᠡ ᠦᠰᠥᠭ ᠢᠶᠠᠷ ᠵᠦᠢᠷᠯᠡᠮ᠎ᠡ | ᠦᠭᠡᠢ ᠭᠤᠴᠣ ᠦᠵᠡᠮᠵᠢ ᠶᠢ ᠪᠥᠷᠢᠯᠳᠦᠭᠦᠯᠳᠡᠭ᠃ | ︽ᠵᠢᠷᠭᠠᠯᠠᠩᠲᠤ︾ ᠭᠡᠳᠡᠭ ᠡᠨᠡ ᠭᠤᠶᠢᠳᠠ ᠨᠤᠲᠤᠭ ᠲᠤ ᠤᠰᠤᠨᠪᠤᠯᠤᠷ ᠭᠡᠬᠦ ᠤᠷᠲᠤᠯᠵᠢᠨ ᠴᠢᠷᠠᠢ ᠳᠠᠭᠠᠨ | ᠨᠠᠷᠢᠨ ᠬᠠᠷ᠎ᠠ ᠬᠥᠮᠥᠰᠬᠡ᠂ ᠣᠨᠴᠠ ᠶᠢᠨ ᠤᠷᠳᠤ ᠰᠣᠷᠮᠤᠤᠰᠤ ᠲᠠᠢ ᠲᠣᠮᠣ ᠳᠠᠪᠬᠤᠷ ᠠᠯᠠᠭ ᠨᠢᠳᠦ᠂ ᠬᠤᠶᠠᠷ | ᠬᠠᠴᠠᠷ ᠲᠠᠭᠠᠨ ᠬᠤᠨᠳᠠᠭ᠎ᠠ ᠲᠠᠢ᠂ ᠨᠢᠮᠭᠡᠨ ᠤᠷᠤᠭᠤᠯ ᠲᠡᠭᠰᠢᠬᠡᠨ ᠤᠷᠳᠤ ᠮᠣᠷᠢᠨ ᠴᠠᠭᠠᠨ ᠰᠢᠳᠤ᠂ ᠨᠠᠷᠢᠬᠠᠨ | ᠪᠡᠯᠬᠡᠭᠦᠰᠦ ᠲᠠᠢ ᠰᠠᠶᠢᠬᠠᠨ ᠥᠬᠢᠨ ᠲᠠᠢ ᠲᠠᠨᠢᠯᠴᠠᠵᠤ ᠳᠠᠰᠤᠯᠴᠠᠬᠤ ᠶᠢᠨ ᠲᠠᠪᠢᠯᠠᠩ ᠵᠠᠶᠠᠭ᠎ᠠ ᠲᠠᠢ ᠪᠠᠶᠢᠵᠠᠢ᠃ ᠡᠨᠡ | ᠰᠠᠶᠢᠬᠠᠨ ᠨᠤᠲᠤᠭ ᠤᠨ ᠡᠭᠡᠯ ᠪᠣᠷᠣᠭᠵᠢᠭᠤᠨ᠂ ᠰᠦ ᠰᠢᠭ ᠴᠠᠭᠠᠨ ᠰᠡᠳᠬᠢᠯ ᠲᠠᠢ᠂ ᠰᠡᠷᠭᠦᠯᠡᠩ ᠬᠤᠶᠠᠷ | ᠨᠢᠳᠦᠨ ᠳᠡᠭᠡᠨ ᠠᠯᠢᠶ᠎ᠠ ᠢᠨᠢᠶᠡᠳᠦ ᠲᠣᠭᠯᠠᠭᠤᠯᠤᠭᠰᠠᠨ ᠬᠥᠭᠡᠷᠦᠬᠦᠨ ᠥᠬᠢᠨ ᠪᠦᠭᠦ ᠨᠠᠰᠤᠨ ᠳᠤ ᠮᠢᠨᠢ ᠬᠥᠮᠥᠨ | ᠪᠤᠯᠬᠤ ᠶᠢᠨ ᠤᠬᠠᠭᠠᠨ ᠳᠦᠭᠦᠭᠡ ᠶᠢ ᠰᠠᠭᠤᠯᠭᠠᠵᠤ᠂ ᠳᠤᠷᠠᠯᠠᠵᠤ ᠳᠤᠷᠠᠰᠬᠤ ᠶᠢᠨ ᠰᠠᠶᠢᠬᠠᠨ ᠢ ᠰᠣᠶᠣᠷᠬᠠᠭᠰᠠᠨ ᠶᠤᠮ᠃ | | ᠬᠤᠨᠳᠣ ᠨᠠᠭᠤᠷ ᠤᠨ ᠬᠥᠪᠡᠭᠡᠨ ᠳᠡᠭᠡᠷ᠎ᠡ ᠤᠰᠤᠨᠪᠤᠯᠤᠷ ᠲᠠᠢ ᠠᠩᠬᠠᠯᠠᠨ ᠳᠠᠰᠤᠯᠴᠠᠵᠤ ᠶᠠᠪᠤᠭᠰᠠᠨ ᠰᠠᠨ᠃ | - ᠡᠨᠡ ᠨᠠᠭᠤᠷ ᠶᠠᠮᠠᠷ ᠨᠡᠷ᠎ᠡ ᠲᠠᠢ ᠰᠠᠨ ᠪᠣᠯ︖ ᠭᠡᠵᠦ ᠨᠠᠮᠠᠶᠢ ᠠᠰᠠᠭᠤᠬᠤ ᠳᠤ ᠤᠰᠤᠨᠪᠤᠯᠤᠷ᠄ | - ᠬᠤᠨᠳᠣ ᠭᠡᠳᠡᠭ ᠶᠤᠮ︕ ᠭᠡᠳ ᠤᠷᠲᠤᠬᠠᠨ ᠰᠠᠨᠠᠭ᠎ᠠ ᠠᠯᠳᠠᠵᠤ ᠬᠤᠯᠤᠰᠤᠨ ᠭᠦᠪᠡᠭᠡ ᠪᠠᠷ ᠭᠦᠪᠪᠦᠭᠦ | ᠭᠠᠭᠴᠠ ᠬᠤᠨ ᠢ ᠰᠢᠷᠳᠡᠨ᠄ | - ᠳᠡᠷᠡ ᠮᠢᠨᠤ ᠬᠤᠨ ᠭᠡᠵᠦ ᠡᠷᠡᠦ ᠪᠠᠷ ᠢᠶᠠᠨ ᠳᠣᠬᠢᠨ ᠬᠡᠯᠡᠬᠦ ᠲᠠᠢ ᠵᠡᠷᠭᠡ ᠠᠯᠠᠭ ᠬᠤᠶᠠᠷ ᠨᠢᠳᠦᠨ ᠠᠴᠠ ᠨᠢ | ᠨᠢᠯᠪᠤᠰᠤᠨ ᠳᠤᠰᠤᠯ᠂ ᠰᠠᠶᠢᠬᠠᠨ ᠴᠠᠭᠠᠨ ᠬᠠᠴᠠᠷ ᠳᠡᠭᠡᠭᠦᠷ ᠨᠢ ᠵᠠᠮ ᠲᠠᠲᠠᠭᠤᠯᠤᠨ ᠤᠷᠤᠰᠬᠤ ᠳᠤ ᠤᠷᠤᠰᠤᠭᠰᠠᠨ | ᠨᠢᠯᠪᠤᠰᠤ ᠪᠠᠨ ᠠᠷᠴᠢᠯ ᠦᠭᠡᠢ ᠦᠭᠡ ᠪᠠᠨ ᠵᠠᠯᠭᠠᠵᠤ᠄ | - ᠳᠡᠭᠦᠦ ᠨᠢ ᠵᠠᠶᠠᠭ᠎ᠠ ᠮᠠᠭᠤ ᠠᠮᠢᠳᠠᠨ᠃ ᠨᠤᠲᠤᠭ ᠤᠨ ᠢᠶᠠᠨ ᠬᠠᠷ᠎ᠠ ᠬᠦᠦ ᠲᠠᠢ ᠰᠠᠶᠢᠨ ᠪᠠᠶᠢᠭᠰᠠᠨ ᠶᠤᠮ᠃ | ᠪᠠᠷᠠᠭᠤᠨ ᠰᠢᠯᠢ ᠠᠴᠠ ᠨᠠᠭᠠᠰᠢᠯᠠᠨ ᠪᠤᠷᠤᠬᠤᠸᠠ ᠶᠢᠨ ᠡᠩᠭᠡᠷ ᠢᠶᠠᠷ ᠠᠳᠤᠭᠤᠨ ᠤ ᠪᠠᠨ ᠠᠷᠤ ᠠᠴᠠ ᠥᠨᠳᠥᠷ | ᠬᠡᠭᠡᠷ ᠤᠨ ᠢᠶᠠᠨ ᠨᠢᠷᠤᠭᠤᠨ ᠳᠡᠭᠡᠷ᠎ᠡ ᠲᠠᠰᠢᠶᠠᠯᠳᠤᠨ ᠰᠠᠭᠤᠵᠤ ᠢᠰᠬᠡᠷᠦᠭᠰᠡᠭᠡᠷ ᠭᠠᠷᠴᠤ ᠢᠷᠡᠬᠦ ᠨᠢ ᠪᠦᠷ ᠰᠠᠶᠢᠬᠠᠨ᠃ | ᠥᠲᠥᠭᠰᠡᠨ ᠭᠡᠭᠦᠦ ᠪᠠᠶᠢᠳᠠᠰᠤ ᠪᠠᠶᠢᠪᠠᠯ ᠨᠠᠭᠤᠷ ᠤᠨ ᠭᠦᠪᠡᠭᠡ ᠤᠷᠤᠭᠤ ᠰᠢᠬᠠᠨ ᠭᠠᠭᠴᠠᠬᠠᠨ ᠳᠠᠭᠠᠷᠢᠵᠤ | ᠳᠠᠯ ᠠᠴᠠ ᠨᠢ ᠰᠢᠭᠦᠷᠭᠦ ᠲᠠᠢ ᠵᠡᠷᠭᠡ ᠮᠣᠷᠢᠨ ᠠᠴᠠ ᠪᠠᠨ ᠦᠰᠥᠷᠤᠨ ᠪᠠᠭᠤᠵᠤ᠂ ᠪᠠᠷᠠᠭᠤᠨ ᠬᠥᠯ ᠢᠶᠠᠨ ᠮᠣᠷᠢᠨ ᠤ | ᠬᠠ ᠶᠢᠨ ᠬᠢᠨᠢ ᠡᠮᠦᠨᠡᠭᠦᠷ ᠳᠡᠪᠢᠰᠴᠦ᠂ ᠨᠦᠭᠦᠭᠡ ᠪᠦᠭᠡ ᠬᠥᠮᠥᠨ ᠤ ᠪᠠᠨ ᠠᠪᠲᠠᠯ ᠢᠶᠠᠷ ᠭᠠᠭᠴᠠᠬᠠᠨ ᠮᠤᠰᠬᠢᠵᠤ | ᠤᠨᠠᠭᠠᠭᠠᠳ ᠪᠦᠰᠡᠯᠡᠭᠰᠡᠨ ᠴᠢᠳᠦᠷ ᠢᠶᠠᠷ ᠴᠢᠳᠦᠷᠯᠡᠵᠦ ᠴᠢᠳᠦᠷ ᠤᠨ ᠰᠤᠮᠤᠨ ᠠᠴᠠ ᠳᠡᠭᠡᠭᠰᠢ ᠲᠠᠲᠠᠴᠢᠬᠠᠭᠠᠳ ᠮᠠᠭᠤ | ᠰᠠᠶᠢᠨ ᠬᠤᠷᠠᠭ᠎ᠠ ᠰᠢᠳᠦᠯᠡᠩ ᠦᠴᠢᠯᠠᠵᠤ ᠪᠠᠶᠢᠭ᠎ᠠ ᠰᠢᠤᠬᠠᠨ ᠦᠴᠢᠯᠠᠵᠤ ᠤᠷᠭᠢᠳᠠᠭ ᠰᠠᠨ᠃ ᠪᠢᠳᠠ ᠬᠤᠶᠠᠷ ᠶᠠᠭ | ᠤᠳᠤ ᠶᠢᠨ ᠬᠤᠶᠠᠭᠤᠯᠠ ᠰᠠᠭᠤᠭ᠎ᠠ ᠡᠨᠡ ᠭᠠᠵᠠᠷ ᠶᠠᠷᠢᠯᠴᠠᠵᠤ ᠰᠠᠭᠤᠬᠤ ᠳᠤᠷᠠᠲᠠᠢ᠂ ᠬᠤᠯᠤᠰᠤᠨ ᠤ ᠡᠨᠡᠲᠡᠭᠡ | ᠭᠦᠪᠦᠳᠡᠭ ᠬᠤᠶᠠᠷ ᠬᠤᠨ ᠢ ᠪᠢᠳᠠ ᠬᠤᠶᠠᠷ ᠳᠤᠰ ᠳᠤᠰ ᠥᠮᠴᠢᠷᠬᠡᠳᠡᠭ ᠪᠠᠶᠢᠯ᠎ᠠ︕ ᠲᠡᠭᠷᠢ ᠶᠢᠨ ᠠᠮᠢᠳᠠᠨ ᠢ | ᠳᠡᠭᠡᠵᠤ ᠥᠮᠴᠢᠷᠬᠡᠵᠦ ᠪᠤᠯᠳᠠᠭ ᠦᠭᠡᠢ ᠶᠤᠮ ᠪᠣᠯᠪᠠᠤ ᠭᠡᠵᠦ ᠬᠤᠵᠢᠮ ᠨᠢ ᠪᠤᠳᠤᠳᠠᠭ ᠪᠣᠯᠤᠭᠰᠠᠨ᠃ ᠨᠢᠭᠡ ᠡᠳᠦᠷ | ᠳᠡᠷᠡ᠄ ︽ᠴᠢᠮᠠᠶᠢ ᠪᠢ ᠦᠨᠦᠰᠴᠢᠬᠡᠵᠦ ᠪᠤᠯᠬᠤ ᠤᠤ︖︾ ᠭᠡᠵᠦ ᠠᠰᠠᠭᠤᠬᠤ ᠳᠤᠨᠢ ᠪᠢ ᠢᠴᠢᠬᠦ ᠳᠡᠭᠡᠨ | ᠨᠢᠭᠤᠷ ᠢᠶᠠᠨ ᠲᠠᠭᠯᠠᠭᠠᠳ ᠭᠦᠶᠦᠭᠡᠳ ᠶᠠᠪᠤᠴᠢᠬᠠᠭᠰᠠᠨ︕ ᠳᠠᠷᠠᠭ᠎ᠠ ᠡᠳᠦᠷ ᠨᠢ ᠳᠡᠷᠡ ᠪᠦᠭᠡ ᠪᠡᠯᠪᠡᠷ ᠲᠠᠢ | ᠪᠠᠯᠭᠤᠭᠠᠳ ᠳᠠᠪᠬᠢᠵᠤ ᠶᠠᠪᠤᠬᠤ ᠳᠠᠭᠠᠨ ᠲᠡᠷᠭᠡᠨ ᠳᠤ ᠳᠠᠭᠠᠷᠢᠬᠳᠠᠭᠠᠳ ᠠᠳᠡᠴᠢᠬᠡᠭᠰᠡᠨ ᠶᠤᠮ᠃ ᠭᠦᠳᠦᠰ ᠰᠢᠯᠤᠭᠤᠨ | ᠵᠠᠩ ᠲᠠᠢ ᠬᠤᠳᠠᠯ ᠬᠡᠯᠡᠳᠡᠭ ᠦᠭᠡᠢ᠂ ᠬᠥᠮᠥᠨ ᠳᠤ ᠲᠤᠰᠠᠴᠢ᠂ ᠭᠢᠷᠪᠢ ᠢᠴᠢᠮᠡᠲᠡᠭᠡᠢ ᠠᠴᠠ ᠪᠢᠰᠢ ᠰᠠᠶᠢᠬᠠᠨ ᠬᠥᠮᠥᠨ | ᠪᠠᠶᠢᠯ᠎ᠠ᠃ ᠳᠠᠷᠠᠭ᠎ᠠ ᠬᠠᠪᠤᠷ ᠨᠢ ᠥᠮᠴᠢᠷᠬᠡᠳᠡᠭ ᠨᠦᠭᠦᠭᠡ ᠬᠤᠨ ᠨᠢ ᠢᠷᠡᠭᠡ ᠦᠭᠡᠢ ᠮᠢᠨᠤ ᠬᠤᠨ ᠭᠠᠭᠴᠠᠭᠠᠷ ᠢᠶᠠᠨ | ᠢᠷᠡᠴᠢᠬᠡᠬᠦ ᠳᠤ ᠳᠣᠲᠣᠷ᠎ᠠ ᠨᠢᠭᠡᠯᠡ ᠡᠵᠡᠭᠦ᠋ᠢᠷᠡᠨ᠂ ᠡᠯᠢᠭᠡ ᠵᠢᠷᠦᠬᠡ ᠮᠢᠨᠢ ᠰᠢᠮᠰᠢᠷᠡᠨ᠂ ᠡᠳᠦᠷᠵᠢᠨ ᠤᠬᠢᠯᠠᠵᠤ | ᠰᠠᠭᠤᠭᠰᠠᠨ᠃ ᠳᠡᠷᠡ ᠡᠳᠦᠷ ᠦᠨᠦᠰᠦᠭᠦᠯᠴᠢᠬᠡᠭᠰᠡᠨ ᠪᠣᠯ ᠳᠡᠷᠡ ᠭᠠᠰᠢᠭᠤᠨ ᠢᠳᠡᠭᠡᠨ ᠢ ᠡᠳ᠋ᠯᠡᠬᠦ ᠦᠭᠡᠢ᠂ ᠠᠳᠡᠬᠦ | ᠦᠭᠡᠢ ᠴᠦ ᠪᠠᠶᠢᠭᠰᠠᠨ ᠪᠣᠯᠪᠠᠤ ᠭᠡᠵᠦ ᠬᠠᠷᠠᠮᠰᠠᠳᠠᠭ᠃ ᠬᠠᠶᠢᠷᠠᠯᠠᠵᠤ ᠰᠠᠨᠠᠭᠰᠠᠨ ᠬᠥᠮᠥᠨ ᠢᠶᠠᠷ ᠢᠶᠠᠨ ᠦᠨᠦᠰᠦᠭᠦᠯᠦᠭᠡ | ᠴᠦ ᠦᠭᠡᠢ ᠠᠯᠳᠠᠵᠤ ᠤᠷᠭᠢᠬᠰᠠᠨ ᠶᠤᠮ ᠳ᠋ᠠ ᠭᠡᠬᠦ ᠤᠷᠳᠤ ᠶᠠᠷᠢᠶᠠᠨ ᠳᠤᠨᠢ ᠪᠢ ᠴᠦ ᠥᠪᠡᠷ ᠤᠨ ᠡᠷᠬᠡ | ᠦᠭᠡᠢ ᠲᠠᠭᠠᠨ ᠮᠡᠯᠮᠡᠷᠡᠭᠦᠯᠵᠦ ᠭᠠᠷᠤᠯ᠎ᠠ᠃ ᠤᠰᠤᠨᠪᠤᠯᠤᠷ ᠨᠠᠮᠠᠶᠢ ᠰᠢᠷᠳᠡᠭᠰᠡᠨ ᠢᠶᠠᠨ ᠤᠶᠠᠬᠠᠨ ᠳᠠᠭᠤᠨ ᠢᠶᠠᠷ᠄ | - ᠳᠡᠭᠦᠦ ᠨᠢ ᠳᠠᠯᠠᠨ ᠪᠤᠯᠴᠢᠷᠬᠠᠢ ᠪᠠᠨ ᠲᠣᠭᠠᠴᠢᠵᠤ ᠲᠠᠨ ᠢ ᠤᠶᠢᠮᠤᠷᠠᠭᠤᠯᠵᠤ ᠤᠷᠭᠢᠯᠠ︕ ᠭᠡᠳ | ᠲᠣᠯᠣᠭᠠᠢ ᠪᠠᠨ ᠴᠡᠭᠡᠵᠢᠨ ᠳᠤ ᠳᠦᠰᠢᠨ ᠨᠠᠯᠠᠵᠤ ᠰᠠᠭᠤᠯ᠎ᠠ᠂ ᠤᠭᠢᠯᠠᠬᠤ ᠪᠠᠰᠠ ᠰᠠᠶᠢᠬᠠᠨ ᠪᠠᠶᠢᠳᠠᠭ ᠪᠠᠶᠢᠵᠠᠢ᠂ | ᠳᠡᠭᠡᠵᠤ ᠤᠰᠤᠨᠪᠤᠯᠤᠷ ᠢ ᠳᠠᠭᠠᠵᠤ ᠮᠡᠯᠮᠡᠷᠡᠭᠦᠯᠦᠭᠡᠳ ᠰᠠᠶᠢᠬᠠᠨ ᠳᠡᠷᠡ ᠥᠬᠢᠨ ᠤ ᠰᠡᠳᠬᠢᠯ ᠢ ᠬᠥᠳᠡᠯᠭᠡᠵᠦ | ᠲᠣᠯᠣᠭᠠᠢ ᠶᠢ ᠨᠢ ᠴᠡᠭᠡᠵᠢᠨ ᠳᠡᠭᠡᠨ ᠨᠠᠭᠠᠯᠳᠤᠭᠤᠯᠤᠨ᠂ ᠨᠠᠷᠠ ᠰᠠᠯᠬᠢᠨ ᠡᠪᠡᠰᠦ ᠨᠣᠭᠤᠭ᠎ᠠ ᠬᠡᠭᠡᠷ᠎ᠡ ᠶᠢᠨ ᠴᠡᠴᠡᠭ᠂ | ᠬᠥᠯᠥᠰᠦᠨ ᠤ ᠬᠢᠨᠢ ᠦᠨᠦᠷ ᠬᠤᠯᠢᠯᠳᠤᠨ ᠠᠩᠬᠢᠯᠤᠭᠰᠠᠨ ᠬᠠᠷᠠᠬᠠᠨ ᠭᠡᠵᠢᠭᠡ ᠶᠢ ᠨᠢ ᠢᠯᠪᠢᠨ ᠦᠨᠦᠰᠴᠦ ᠰᠠᠭᠤᠭᠰᠠᠨ | ᠮᠠᠨᠢ ᠨᠢᠭᠡ ᠶᠣᠰᠣᠨ ᠤ ᠵᠢᠷᠭᠠᠯ ᠪᠠᠶᠢᠯ᠎ᠠ᠃ ᠤᠭᠢᠯᠠᠬᠤ ᠶᠢᠨ ᠰᠠᠶᠢᠬᠠᠨ ᠢ ᠳᠠᠭᠡᠵᠤ ᠲᠠᠨᠢᠭᠰᠠᠨ᠃ ᠳᠠᠶᠢᠮᠤ ᠯᠠ ᠤᠶᠠᠨ | ᠴᠠᠶᠢᠯᠭᠠᠨ ᠠᠮᠢᠳᠠᠨ ᠢ ᠤᠷᠭᠢᠭᠠᠳ ᠶᠠᠪᠤᠭᠰᠠᠨ ᠳᠠᠭᠠᠨ ᠬᠠᠷᠠᠮᠰᠠᠵᠤ ᠶᠠᠪᠤᠳᠠᠭ ᠰᠠᠨ︕ ᠵᠠᠯᠠᠭᠤ ᠽᠠᠨᠳᠠᠨ | ᠪᠠᠶᠢᠬᠤ ᠳᠠᠭᠠᠨ ᠶᠠᠮᠠᠷ ᠬᠡᠴᠡᠭᠦᠦ ᠨᠡᠷᠡᠯᠬᠡᠦ ᠶᠠᠪᠤᠭᠰᠠᠨ ᠢᠶᠠᠨ ᠭᠠᠶᠢᠬᠠᠳᠠᠭ᠂ ᠳᠡᠷᠡ ᠰᠠᠶᠢᠬᠠᠨ ᠥᠬᠢᠨ ᠲᠠᠢ | ᠰᠠᠭᠤᠴᠢᠬᠠᠵᠤ ᠰᠡᠯᠡᠭᠦᠦ ᠰᠠᠶᠢᠬᠠᠨ ᠠᠮᠢᠳᠤᠷᠠᠵᠤ ᠪᠤᠯᠬᠤ ᠯᠠ ᠪᠠᠶᠢᠭᠰᠠᠨ᠂ ᠨᠡᠷ᠎ᠡ ᠳᠦᠷᠥ ᠠᠵᠢᠯ ᠮᠥᠩᠭᠦᠨ ᠤ | ᠠᠷᠤ ᠠᠴᠠ ᠤᠯᠠᠶᠢᠷᠠᠵᠤ ᠶᠠᠪᠤᠭᠠᠳ ᠨᠠᠰᠤ ᠶᠢ ᠪᠠᠷᠠᠬᠤ ᠳᠥᠬᠦᠵᠡᠢ᠃ | ᠬᠥᠭᠡᠷᠦᠬᠦᠢ ᠳᠡᠷᠡ ᠬᠤᠶᠠᠷ ᠪᠤᠭᠤᠷᠤᠯ ᠨᠠᠮᠠᠶᠢ ᠦᠷ᠎ᠡ ᠠᠴᠠ ᠪᠠᠨ ᠥᠭᠡᠷ᠎ᠡ ᠦᠭᠡᠢ ᠰᠠᠨᠠᠵᠤ ᠪᠤᠳᠤᠳᠠᠭ | ᠪᠠᠶᠢᠭᠰᠠᠨ᠃ ᠭᠠᠭᠴᠠᠬᠠᠨ ᠨᠠᠮᠠᠶᠢ ᠴᠦ ᠪᠢᠰᠢ ᠪᠦᠭᠦ ᠵᠢᠷᠭᠠᠯᠠᠩᠲᠤ ᠶᠢᠨ ᠵᠠᠯᠠᠭᠤᠰ ᠢ ᠦᠷ᠎ᠡ ᠬᠡᠦᠬᠡᠳ ᠢᠶᠠᠨ ᠬᠡᠮᠡᠨ | ᠣᠷᠣᠭᠠᠳ ᠢᠷᠡᠬᠦ ᠳᠤ ᠯᠠ ᠡᠪᠦᠭᠡᠨ ᠨᠢ᠄ ︽ᠠᠱᠢ᠂ ᠬᠦᠦ ᠮᠢᠨᠢ ᠬᠠᠯᠠᠭᠰᠠᠨ ᠪᠠᠶᠢᠯᠭᠦᠢ︕ ᠤᠮᠳᠠᠭᠠᠰᠤᠭᠰᠠᠨ | ᠪᠠᠶᠢᠯᠭᠦᠢ︾ ᠭᠡᠬᠦ ᠳᠤ᠂ ᠡᠮᠡᠭᠡᠨ ᠨᠢ ᠪᠠᠶᠢᠳᠠᠭ ᠵᠢᠭᠠᠬᠠᠨ ᠢᠶᠠᠨ ᠲᠡᠮᠲᠡᠷᠢᠨ ᠴᠠᠢ ᠤᠰᠤ ᠬᠢᠵᠦ ᠪᠥᠭᠴᠥᠭᠡᠨᠡᠨᠡ᠃ | ᠡᠪᠦᠭᠡᠨ ᠡᠮᠡᠭᠡᠨ ᠬᠤᠶᠠᠷ ᠮᠡᠳᠡᠬᠦ ᠴᠢᠳᠠᠬᠤ ᠯᠠ ᠪᠦᠭᠦᠨ ᠢᠶᠠᠨ ᠵᠢᠭᠠᠵᠤ ᠳᠣᠬᠢᠵᠤ ᠬᠡᠯᠡᠵᠦ ᠰᠤᠷᠭᠠᠵᠤ ᠬᠦᠴᠦ | ᠴᠢᠳᠠᠯ ᠢᠶᠠᠷ ᠪᠢᠰᠢ ᠴᠦ ᠤᠬᠠᠭᠠᠨ ᠰᠠᠮᠪᠠᠭ᠎ᠠ ᠪᠠᠷ ᠢᠶᠠᠨ ᠬᠡᠨ ᠳᠤ ᠴᠦ ᠲᠤᠰᠠ ᠪᠤᠯᠬᠤ ᠶᠢ ᠳᠡᠭᠡᠳᠦᠯᠡᠬᠦ ᠲᠤᠯᠠ ᠠᠶᠢᠯ | ᠤᠰᠤ ᠪᠠᠷ ᠶᠡᠭᠡ ᠬᠦᠨᠳᠦᠯᠡᠨ᠎ᠡ᠃ ᠬᠡᠨ ᠨᠢᠭᠡᠨ ᠤ ᠬᠢᠨ ᠬᠡᠦᠬᠡᠳ ᠰᠤᠷᠭᠠᠭᠤᠯᠢ ᠰᠣᠶᠣᠯ᠂ ᠴᠡᠷᠢᠭ ᠠᠯᠪᠠᠨ ᠳᠤ | ᠶᠠᠪᠤᠬᠤ ᠳᠤ ᠬᠤᠶᠠᠷ ᠨᠠᠰᠤᠲᠠᠨ ᠳᠤ ᠲᠣᠯᠣᠭᠠᠢ ᠮᠥᠷᠭᠦᠨ ᠢᠷᠦᠭᠡᠯ ᠰᠣᠨᠣᠰᠤᠭᠠᠳ ᠶᠠᠪᠤᠨ᠎ᠠ᠃ ᠬᠤᠶᠠᠷ ᠨᠠᠰᠤᠲᠠᠨ | ᠮᠠᠯ ᠬᠤᠢ ᠵᠠᠷᠤᠵᠤ ᠠᠮᠲᠠᠲᠠᠨ ᠰᠢᠮᠡᠳᠡᠨ ᠢᠶᠠᠨ ᠲᠥᠬᠦᠭᠡᠷᠴᠦ᠂ ᠰᠠᠶᠢᠬᠠᠨ ᠢᠷᠦᠭᠡᠯ ᠬᠡᠯᠡᠵᠦ ᠳᠥᠷᠥᠭᠡᠨ ᠳᠡᠭᠡᠷ᠎ᠡ ᠨᠢ | ᠰᠦ ᠳᠤᠰᠤᠭᠠᠨ ᠮᠣᠷᠳᠠᠭᠤᠯᠳᠠᠭ ᠰᠠᠨ᠃ ᠲᠡᠷᠡ ᠰᠠᠶᠢᠬᠠᠨ ᠨᠤᠲᠤᠭ ᠤᠨ ᠠᠪᠤ ᠡᠵᠢ ᠲᠠᠢ ᠮᠢᠨᠢ ᠠᠳᠠᠯᠢᠬᠠᠨ ᠬᠤᠶᠠᠷ | ᠪᠤᠭᠤᠷᠤᠯ᠂ ᠳᠡᠷᠡ ᠵᠤᠨ ᠤ ᠴᠡᠴᠡᠭᠲᠦ ᠲᠣᠯᠣᠭᠠᠳ᠂ ᠴᠠᠭᠠᠨ ᠳᠠᠷᠠᠰᠤᠨ ᠳᠤᠮᠳᠠ ᠤᠰᠤᠨᠪᠤᠯᠤᠷ ᠲᠠᠢ | ᠥᠩᠭᠡᠷᠡᠭᠦᠯᠦᠭᠰᠡᠨ ᠵᠢᠷᠭᠠᠯ ᠴᠡᠩᠭᠡᠯ ᠳᠤ ᠱᠠᠩᠳᠠᠭᠰᠠᠨ ᠪᠠᠯ ᠪᠤᠷᠠᠮ ᠮᠡᠲᠦ ᠡᠳᠦᠷ ᠬᠤᠨᠤᠭ ᠤᠳ ᠮᠢᠨᠤ ᠰᠡᠳᠬᠢᠯ ᠳᠤ | ᠮᠥᠩᠬᠡ ᠦᠯᠡᠳᠡᠭᠰᠡᠨ᠃ ᠬᠤᠶᠠᠷ ᠪᠤᠭᠤᠷᠤᠯ ᠤᠨ ᠬᠢᠵᠦ ᠶᠠᠪᠤᠵᠤ ᠬᠡᠯᠡᠵᠦ ᠵᠠᠬᠢᠵᠤ ᠪᠠᠶᠢᠭᠰᠠᠨ ᠠᠯᠳᠠᠨ ᠰᠤᠷᠭᠠᠯ᠂ | ᠤᠰᠤᠨᠪᠤᠯᠤᠷ ᠤᠨ ᠡᠷᠡᠰ ᠰᠢᠭᠤᠳᠮᠠᠭ ᠬᠠᠷᠠᠴᠠ᠂ ᠳᠡᠩᠳᠡᠭᠦᠦ ᠤᠶᠠᠬᠠᠨ ᠦᠨᠡᠨᠴᠢ ᠴᠠᠶᠢᠯᠭᠠᠨ ᠵᠠᠩ ᠶᠠᠭᠤᠨ | ᠲᠡᠷᠢᠭᠦᠨ ᠳᠤ ᠪᠤᠳᠤᠬᠳᠠᠭᠠᠳ ᠠᠪᠤᠨ᠎ᠠ᠃ ᠬᠢᠵᠦ ᠪᠤᠢ ᠪᠦᠭᠦ ᠠᠵᠢᠯ ᠤᠨ ᠮᠢᠨᠢ ᠡᠮᠦᠨ᠎ᠡ᠂ ᠡᠨᠡ ᠭᠤᠷᠪᠠᠨ ᠬᠥᠮᠥᠨ ᠤ | ᠦᠭᠡ ᠰᠢᠯᠦᠭ ᠵᠠᠮ ᠳᠡᠪᠢᠰᠦᠭᠡᠳ ᠶᠠᠪᠤᠨ᠎ᠠ᠂ ᠲᠠᠷᠢᠬᠢ ᠵᠢᠷᠦᠬᠡᠨ ᠳᠤ ᠮᠢᠨᠢ᠄ ︽ᠳᠡᠭᠡᠵᠤ ᠪᠤᠯᠬᠤ ᠦᠭᠡᠢ ᠬᠦᠦ ᠮᠢᠨᠢ | ᠂ ᠢᠩᠭᠢᠵᠦ ᠬᠢ︕ ᠨᠠᠰᠤᠨ ᠳᠠᠭᠠᠨ ᠳᠠᠷᠤᠭᠳᠠᠭᠰᠠᠨ ᠬᠥᠮᠥᠨ ᠪᠠᠶᠢᠨ᠎ᠠ ᠢᠯᠡᠭᠦᠦ ᠲᠤᠰᠠ ᠬᠦᠷᠭᠡᠬᠦ ᠶᠢ ᠪᠤᠳᠤ︕ | ᠪᠤᠰᠤᠳ ᠢ ᠤᠷᠢᠳ ᠢᠶᠠᠷ ᠪᠤᠳᠤᠵᠤ ᠪᠡᠶ᠎ᠡ ᠪᠠᠨ ᠳᠠᠷᠠᠭ᠎ᠠ ᠨᠢ ᠪᠤᠳᠤ︕ ᠠᠬ᠎ᠠ ᠮᠢᠨᠢ ᠬᠠᠶᠢᠷ᠎ᠠ ᠰᠡᠳᠬᠢᠯ ᠤᠨ ᠢᠶᠠᠨ | ᠲᠥᠯᠥᠭᠡ ᠪᠡᠶ᠎ᠡ ᠪᠠᠨ ᠪᠠᠷᠢ᠂ ᠰᠠᠶᠢᠬᠠᠨ ᠰᠡᠳᠬᠢᠯ ᠬᠥᠮᠥᠨ ᠳᠤ ᠶᠠᠭᠤ ᠴᠦ ᠥᠭᠴᠦ ᠪᠣᠯᠣᠨ᠎ᠠ ᠰᠢᠦ︾ ᠭᠡᠵᠦ | ᠰᠢᠪᠡᠨᠡᠭᠰᠡᠭᠡᠷ ᠥᠨᠥ ᠬᠦᠷᠴᠡᠢ᠃ | ᠵᠢᠷᠭᠠᠯᠠᠩᠲᠤ ᠠᠴᠠ ᠰᠤᠷᠭᠠᠭᠤᠯᠢ ᠳᠠᠭᠠᠨ ᠪᠤᠴᠠᠭᠠᠳ ᠳᠡᠮᠡᠢ ᠤᠳᠠᠯ ᠦᠭᠡᠢ ᠠᠵᠢᠯ ᠤᠨ ᠬᠤᠪᠢᠶᠠᠷᠢ ᠡᠬᠢᠯᠡᠪᠡ᠃ | ᠡᠬᠢᠯᠡᠪᠡ ᠭᠡᠭᠴᠢ ᠡᠮᠦᠨ᠎ᠡ ᠮᠢᠨᠢ ᠬᠤᠶᠠᠷ ᠵᠠᠮ ᠲᠠᠯᠪᠢᠭᠳᠠᠯ᠎ᠠ ᠭᠡᠪᠡᠯ ᠵᠥᠪ᠃ ᠨᠢᠭᠡᠳᠦᠭᠡᠷ ᠵᠠᠮ ᠨᠢ ᠬᠥᠳᠡᠭᠡ ᠪᠠᠭᠤᠵᠤ | ᠤᠰᠤᠨᠪᠤᠯᠤᠷ ᠲᠠᠢ ᠰᠠᠭᠤᠬᠤ᠂ ᠬᠤᠶᠠᠳᠤᠭᠠᠷ ᠨᠢ ᠰᠤᠷᠭᠠᠭᠤᠯᠢ ᠶᠢᠨ ᠲᠣᠬᠢᠷᠠᠭᠤᠯᠭ᠎ᠠ ᠪᠠᠷ ᠠᠯᠪᠠᠳᠠᠨ ᠪᠤᠯᠬᠤ᠃ ᠳᠡᠷᠡ | ᠬᠠᠲᠠᠭᠤ ᠳᠠᠪᠠᠭᠠᠨ ᠳᠡᠭᠡᠷ᠎ᠡ ᠬᠡᠳᠦᠨ ᠡᠳᠦᠷ ᠪᠤᠳᠤᠯᠢᠭᠠᠳ ᠨᠡᠷᠡᠯᠬᠡᠦ ᠰᠡᠳᠬᠢᠯ ᠮᠢᠨᠢ ᠢᠯᠠᠵᠤ᠂ ᠬᠤᠶᠠᠳᠤᠭᠠᠷ ᠵᠠᠮ ᠢ | ᠰᠣᠩᠭᠤᠭᠠᠳ᠂ ᠦᠭᠡ ᠭᠡᠯᠡ ᠪᠠᠷ ᠵᠦᠢᠷᠯᠡᠬᠦ ᠶᠢᠨ ᠠᠷᠭ᠎ᠠ ᠦᠭᠡᠢ ᠰᠠᠶᠢᠬᠠᠨ ᠰᠡᠳᠬᠢᠯ ᠲᠠᠢ ᠳᠡᠷᠡ ᠰᠠᠶᠢᠬᠠᠨ | ᠥᠬᠢᠨ ᠳᠤ ᠣᠴᠢᠨ᠎ᠠ ᠭᠡᠰᠡᠨ ᠪᠣᠯᠵᠣᠭᠠᠨ ᠠᠴᠠ ᠪᠠᠨ ᠲᠡᠷᠰᠯᠡᠴᠢᠬᠡᠭᠰᠡᠨ᠃ ᠤᠰᠤᠨᠪᠤᠯᠤᠷ ᠬᠤᠨᠳᠣ ᠶᠢᠨ ᠬᠥᠪᠡᠭᠡᠨ | ᠳᠡᠭᠡᠷ᠎ᠡ ᠥᠨᠥᠴᠢᠨ ᠬᠤᠨ ᠢᠶᠠᠨ ᠪᠠᠷᠠᠯᠠᠨ᠂ ᠵᠢᠷᠦᠬᠡ ᠪᠠᠷ ᠢᠶᠠᠨ ᠤᠬᠢᠯᠠᠵᠤ ᠰᠠᠭᠤᠭ᠎ᠠ ᠨᠢ ᠰᠡᠳᠬᠢᠯ ᠳᠤ ᠮᠢᠨᠢ ᠲᠣᠪ | ᠲᠣᠳᠣᠬᠠᠨ ᠬᠠᠷᠠᠭᠳᠠᠳᠠᠭ ᠰᠠᠨ᠃ ᠨᠠᠭᠤᠷ ᠲᠤ ᠴᠢᠯᠠᠭᠤ ᠰᠢᠳᠡᠭᠰᠡᠨ ᠰᠢᠭ ᠥᠨᠥᠴᠢᠨ ᠰᠡᠳᠬᠢᠯ ᠢ ᠨᠢ | ᠥᠨᠳᠡᠯᠵᠡᠭᠦᠯᠦᠨ᠂ ᠬᠠᠶᠢᠷ᠎ᠠ ᠳᠤᠷᠠᠯᠠᠯ ᠤᠨ ᠭᠦᠨ ᠭᠦᠪ ᠲᠤ ᠤᠨᠠᠭᠠᠵᠤ ᠤᠷᠭᠢᠭᠠᠳ ᠪᠤᠴᠠᠵᠤ ᠢᠷᠡᠭᠡ ᠦᠭᠡᠢ | ᠨᠦᠭᠦᠭᠡ ᠬᠤᠨ ᠰᠢᠭ᠋ ᠠᠷᠢᠯᠤᠭᠠᠳ ᠥᠭᠭᠦᠭᠰᠡᠨ ᠬᠠᠷ᠎ᠠ ᠰᠡᠳᠬᠢᠯᠲᠦ ᠠᠮᠢᠳᠠᠨ ᠪᠢ ᠶᠤᠮᠰᠠᠨ᠃ ᠪᠡᠶ᠎ᠡ ᠪᠠᠨ ᠴᠦ | ᠭᠤᠯᠣᠭᠰᠠᠨ᠂ ᠠᠭᠤᠴᠢᠯᠠᠵᠤ ᠪᠣᠯᠣᠰᠢ ᠦᠭᠡᠢ ᠡᠨᠡ ᠠᠯᠳᠠᠭ᠎ᠠ ᠪᠦᠭᠦ ᠨᠠᠰᠤ ᠪᠠᠷ ᠮᠢᠨᠢ ᠶᠠᠯ᠎ᠠ ᠠᠰᠠᠭᠤᠭᠰᠠᠭᠠᠷ ᠥᠨᠥ | ᠭᠦᠷᠥᠭᠰᠡᠨ᠃ ᠬᠥᠮᠥᠨ ᠳᠤ ᠰᠡᠳᠬᠢᠯ ᠤᠨ ᠥᠷᠢ ᠲᠥᠯᠥᠭᠡᠰᠦ ᠭᠡᠵᠦ ᠪᠠᠶᠢᠵᠤ᠂ ᠲᠡᠭᠦᠪᠡᠷ ᠢᠶᠠᠨ | ᠨᠦᠭᠦᠭᠡᠳᠡᠭᠢ ᠶᠢᠨ ᠢᠶᠠᠨ ᠰᠡᠳᠬᠢᠯ ᠢ ᠵᠠᠰᠠᠴᠢᠬᠠᠬᠤ ᠳᠠᠶᠢᠮᠤ ᠰᠢᠳᠢ ᠪᠠᠶᠢᠳᠠᠭ ᠪᠣᠯ ᠪᠢ ᠭᠤᠷᠪᠠ ᠲᠠᠭᠢᠨ ᠰᠢᠨᠠᠯᠬᠤ ᠳᠤ | ᠪᠡᠯᠡᠨ ᠪᠠᠶᠢᠭᠰᠠᠨ᠃ ᠬᠡᠷᠪᠡ ᠳᠠᠭᠡᠵᠤ ᠪᠤᠯᠬᠤ ᠳᠤ ᠭᠦᠷᠪᠡᠯ ᠥᠴᠥᠬᠡᠨ ᠴᠦ ᠪᠣᠯᠤᠭ ᠰᠡᠳᠬᠢᠯ ᠤᠨ ᠲᠠᠶᠢᠳᠬᠤᠷᠠᠯ ᠢ | ᠣᠯᠵᠤ᠂ ᠰᠡᠳᠬᠢᠯ ᠲᠡᠨᠢᠭᠦᠨ ᠬᠡᠳᠦᠨ ᠡᠳᠦᠷ ᠢ ᠥᠩᠭᠡᠷᠡᠭᠡᠵᠦ ᠪᠤᠯᠬᠤ ᠪᠠᠶᠢᠭᠰᠠᠨ ᠪᠢᠯᠡ ᠤᠤ᠃ | ︽ᠬᠤᠶᠠᠷ ᠪᠤᠭᠤᠷᠤᠯ ᠮᠢᠨᠢ ᠲᠠᠨ ᠢ ᠦᠭᠡᠶᠢᠯᠡᠭᠡᠳ ᠯᠠ ᠪᠠᠶᠢᠨ᠎ᠠ᠃ ᠢᠷᠡᠵᠤ ᠤᠴᠠᠷᠠᠨ᠎ᠠ ᠤᠤ︖︾ ᠭᠡᠰᠡᠨ | ᠬᠡᠳᠦᠬᠡᠨ ᠦᠭᠡ ᠶᠢᠨ ᠴᠠᠬᠢᠮ ᠴᠢᠮᠡᠭᠡ ᠢᠯᠡᠭᠡᠭᠰᠡᠨ ᠪᠠᠶᠢᠪᠠ᠃ ᠴᠠᠭᠠᠨ᠎ᠠ ᠨᠢ ᠬᠤᠶᠠᠷ ᠪᠤᠭᠤᠷᠤᠯ ᠢ ᠮᠢᠨᠢ ᠡᠷᠭᠢᠵᠦ | ᠲᠣᠭᠤᠷᠢᠵᠤ ᠪᠠᠶᠢᠬᠤ ᠶᠣᠰᠣᠲᠠᠢ ᠬᠥᠮᠥᠨ ᠭᠡᠵᠦ ᠬᠡᠯᠡᠭᠡᠳ ᠠᠪᠬᠤ ᠰᠢᠤᠬᠠᠨ ᠪᠣᠯᠪᠠ᠃ ᠨᠢᠭᠡ ᠵᠠᠪ ᠢᠶᠠᠷ ᠢᠶᠠᠨ ᠬᠤᠶᠠᠷ | ᠪᠤᠭᠤᠷᠤᠯ ᠢ ᠨᠢᠭᠡ ᠡᠷᠭᠢᠵᠦ ᠶᠠᠭᠤ ᠴᠦ ᠬᠡᠯᠡᠯ ᠦᠭᠡᠢ ᠡᠪᠦᠳᠦᠭ ᠢ ᠨᠢ ᠳᠦᠰᠢᠨ ᠰᠠᠭᠤᠬᠤ ᠰᠠᠨ ᠭᠡᠵᠦ ᠪᠤᠳᠤᠵᠤ | ᠶᠠᠪᠤᠲᠠᠯ᠎ᠠ ︽ᠠᠪᠤ ᠪᠤᠷᠬᠠᠨ ᠪᠣᠯᠴᠢᠬᠠᠭᠰᠠᠨ︾ ᠭᠡᠰᠡᠨ ᠭᠤᠷᠪᠠᠭ᠋ᠠᠨ ᠦᠭᠡ ᠭᠠᠷ ᠤᠲᠠᠰᠤᠨ ᠬᠥᠰᠢᠭᠡᠨ ᠳᠡᠭᠡᠷ᠎ᠡ | ᠢᠯᠡᠷᠡᠪᠡ᠃ ᠳᠡᠷᠡ ᠬᠡᠳᠦᠬᠡᠨ ᠦᠰᠥᠭ ᠶᠠᠮᠠᠷ ᠬᠡᠴᠡᠭᠦᠦ ᠬᠦᠨᠳᠦ ᠪᠠᠶᠢᠭᠰᠠᠨ ᠢ ᠤᠳᠤ ᠪᠤᠳᠤᠬᠰᠠᠨ ᠴᠦ ᠵᠢᠷᠦᠬᠡ | ᠳᠠᠬᠵᠢᠳᠠᠭ ᠰᠠᠨ᠃ | ᠰᠡᠳᠬᠢᠯ ᠵᠢᠷᠦᠬᠡᠨ᠎ᠡ ᠮᠥᠩᠬᠡ ᠣᠷᠣᠰᠢᠬᠤ ᠴᠡᠴᠡᠭ ᠤᠨ ᠳ᠋ᠧᠪᠡᠵᠡᠨ ᠨᠠᠮᠬᠠᠨ ᠲᠣᠯᠣᠭᠠᠳ᠂ ᠭᠦᠪᠡᠭᠡ ᠨᠢ ᠡᠰᠡ | ᠬᠠᠷᠠᠭᠳᠠᠬᠤ ᠴᠠᠭᠠᠨ ᠳᠠᠷᠠᠰᠤᠲᠠᠢ ᠬᠥᠨᠳᠡᠢ᠂ ᠬᠤᠨᠳᠣ ᠨᠠᠭᠤᠷ ᠰᠡᠳᠬᠢᠯ ᠵᠢᠷᠦᠬᠡ ᠶᠢ ᠮᠢᠨᠢ ᠪᠦᠭᠦ ᠨᠠᠰᠤ ᠪᠠᠷ | ᠳᠡᠩᠰᠡᠯᠭᠡᠵᠦ ᠶᠠᠪᠤᠭᠰᠠᠨ ᠪᠠᠭ᠎ᠠ ᠶᠢᠨ ᠰᠠᠶᠢᠬᠠᠨ ᠠᠮᠠᠷᠠᠭ ᠤᠰᠤᠨᠪᠤᠯᠤᠷ ᠮᠢᠨᠢ᠂ ᠲᠠ ᠨᠠᠷ ᠢᠶᠠᠨ ᠪᠢ ᠮᠠᠷᠲᠠᠬᠤ ᠶᠢᠨ | ᠠᠷᠭ᠎ᠠ ᠳᠠᠩᠴᠤ ᠠᠯᠠᠭ᠎ᠠ︕ |