ᠨᠤᠲᠤᠭ ᠲᠤ ᠮᠢᠨᠢ ᠬᠠᠶᠢᠯᠠᠰᠤ ᠤᠯᠠᠨ ᠤᠷᠭᠤᠳᠠᠭ᠂ ᠪᠠᠷᠤᠭ ᠯᠠ ᠬᠠᠶᠢᠯᠠᠰᠤ ᠠᠴᠠ ᠥᠭᠡᠷ᠎ᠡ ᠲᠦᠷᠦᠯ ᠤᠨ | ᠮᠣᠳᠣ ᠭᠡᠵᠦ ᠪᠠᠶᠢᠳᠠᠭ ᠦᠭᠡᠢ᠃ ᠮᠠᠩᠬᠠᠨ ᠤ ᠭᠦᠪᠡᠭᠡ ᠭᠤᠣᠯ ᠤᠨ ᠲᠣᠬᠤᠢ ᠲᠠᠭᠠᠵᠤ ᠬᠠᠶᠠ ᠨᠢᠭᠡ ᠬᠤᠶᠠᠷ | ᠰᠠᠭᠤᠷᠢ ᠤᠳᠠ ᠮᠣᠳᠣ ᠤᠷᠭᠤᠳᠠᠭ ᠴᠤ ᠴᠥᠭᠡᠬᠡᠨ ᠠᠴᠠ ᠴᠥᠭᠡᠨ᠃ | ᠡᠳᠦᠷ ᠲᠤᠳᠤᠮ ᠤᠨ ᠬᠡᠷᠡᠭᠯᠡᠭᠡᠨ ᠳᠤ ᠬᠠᠶᠢᠯᠠᠰᠤᠨ ᠮᠣᠳᠣ ᠴᠢᠬᠤᠯᠠ ᠪᠠᠶᠢᠷᠢ ᠶᠢ ᠡᠵᠡᠯᠡᠨ᠎ᠡ᠂ ᠬᠤᠨᠢ ᠦᠬᠡᠷ ᠤᠨ | ᠫᠧᠩ ᠰᠠᠷᠠᠪᠴᠢ ᠪᠠᠷᠢᠬᠤ ᠳᠤ ᠨᠢᠷᠤᠭᠤ ᠲᠤᠯᠭᠠᠭᠤᠷᠢ ᠪᠣᠯᠭᠠᠨ᠎ᠠ᠂ ᠠᠷᠭᠠᠯ ᠤᠨ ᠬᠠᠰᠢᠶ᠎ᠠ ᠲᠤᠭᠤᠯ ᠤᠨ ᠬᠤᠷᠤᠭ᠎ᠠ | ᠤᠶᠠᠭ᠎ᠠ ᠳᠤ ᠪᠦᠷ ᠯᠠ ᠬᠠᠶᠢᠯᠠᠰᠤ ᠪᠠᠨ ᠬᠡᠷᠡᠭᠯᠡᠨ᠎ᠡ᠂ ᠡᠶᠢᠮᠦ ᠠᠴᠠ ᠪᠢ ᠡᠨᠡ ᠨᠠᠰᠤᠨ ᠳᠠᠭᠠᠨ ᠬᠠᠶᠢᠯᠠᠰᠤ ᠠᠴᠠ | ᠥᠭᠡᠷ᠎ᠡ ᠮᠣᠳᠣ ᠶᠢ ᠲᠠᠨᠢᠳᠠᠭ ᠦᠭᠡᠢ ᠭᠡᠵᠦ ᠬᠡᠯᠡᠭᠰᠡᠨ ᠴᠤ ᠪᠣᠯᠣᠨ᠎ᠠ᠃ | ᠨᠠᠮᠠᠶᠢ ᠪᠠᠭ᠎ᠠ ᠳᠤ ᠣᠲᠣᠷ ᠠᠴᠠ ᠪᠠᠷᠠᠭᠤᠨᠰᠢ ᠲᠠᠪᠤ ᠲᠤᠯᠤᠭᠠᠨ ᠭᠠᠵᠠᠷ ᠶᠠᠪᠤᠭᠰᠠᠭᠠᠷ ᠯᠠ ᠮᠠᠩᠬᠠᠨ ᠤ ᠪᠠᠷᠠᠭᠤᠨ | ᠭᠦᠪᠡᠭᠡ ᠠᠴᠠ ᠴᠠᠭᠠᠰᠢ ᠦᠷᠭᠦᠯᠵᠢᠯᠡᠭᠰᠡᠨ ᠶᠡᠭᠡ ᠬᠠᠶᠢᠯᠠᠰᠤᠨ ᠪᠤᠲᠠᠨ ᠳᠤ ᠣᠷᠣᠴᠢᠬᠠᠳᠠᠭ᠃ ᠶᠣᠰᠣᠲᠠᠢ ᠠᠭᠰᠢᠭᠤᠨ | ᠪᠥᠭᠡᠳ ᠥᠨᠳᠥᠷ᠃ ᠨᠠᠮᠠᠭ᠎ᠠ ᠨᠠᠮᠠᠭ᠎ᠠ ᠪᠠᠨ ᠬᠤᠯᠪᠣᠨ ᠲᠠᠪᠤ ᠭᠤᠷᠪᠠ ᠪᠠᠷ ᠪᠦᠯᠦᠭᠯᠡᠨ ᠰᠢᠬᠦᠷᠯᠡᠭᠡᠳ ᠬᠠᠷᠠᠬᠤ ᠳᠤ | ᠶᠠᠭ ᠯᠠ ᠵᠢᠷᠤᠭ ᠶᠤᠮ ᠰᠢᠭ᠋ ᠦᠨᠡᠬᠡᠷ ᠭᠤᠶᠤ ᠰᠦᠷᠯᠢᠭ᠃ ᠨᠠᠮᠤᠷ ᠤᠨ ᠰᠡᠭᠦᠯᠴᠢ ᠡᠪᠦᠯ ᠤᠨ ᠡᠬᠢ ᠪᠣᠯᠣᠭᠰᠠᠭᠠᠷ | ᠯᠠ ᠲᠠᠮ ᠪᠤᠯᠬᠤ ᠭᠡᠵᠦ ᠠᠪᠤ ᠶᠢ ᠲᠠᠭᠠᠵᠦ ᠲᠦᠯᠡᠭᠡ ᠠᠪᠬᠤ ᠪᠠᠷ ᠪᠤᠲᠠᠨ ᠳᠤ ᠣᠷᠣᠳᠠᠭ᠃ | ᠠᠯᠤᠰ ᠠᠴᠠ ᠬᠠᠷᠠᠬᠤ ᠳᠤ ᠬᠠᠶᠢᠯᠠᠰᠤᠨ ᠪᠤᠲᠠ ᠡᠩᠨᠡᠷᠡᠨ ᠬᠥᠬᠡᠷᠡᠭᠡᠳ ᠶᠠᠭ ᠯᠠ ᠪᠢᠲᠡᠭᠦᠦ ᠶᠤᠮ ᠰᠢᠭ᠋᠂ | ᠳᠣᠲᠣᠷ᠎ᠠ ᠨᠢ ᠣᠷᠣᠪᠠᠯ ᠥᠨᠳᠥᠷ ᠲᠣᠮᠣ ᠪᠠᠶᠢᠵᠤ᠂ ᠪᠦᠳᠦᠭᠦᠨ ᠨᠢ ᠲᠡᠪᠡᠷᠢ ᠪᠠᠭᠲᠠᠳᠠᠭ ᠦᠭᠡᠢ ᠥᠨᠳᠥᠷ ᠨᠢ | ᠭᠤᠷᠪᠠᠨ ᠲᠦᠷᠪᠠᠨ ᠵᠠᠩ ᠪᠠᠶᠢᠳᠠᠭ᠃ ᠪᠢ ᠬᠠᠶᠢᠯᠠᠰᠤᠨ ᠮᠣᠳᠣᠨ ᠤ ᠪᠦᠳᠦᠭᠦᠨ ᠢ ᠥᠭᠡᠷ᠎ᠡ ᠭᠠᠵᠠᠷ ᠠᠴᠠ ᠪᠢᠰᠢ | ᠨᠤᠲᠤᠭ ᠠᠴᠠ ᠪᠠᠨ ᠯᠠ ᠦᠵᠡᠭᠰᠡᠨ ᠳ᠋ᠠ᠃ | ᠲᠡᠷᠡ ᠦᠶᠡᠰ ᠲᠤ ᠪᠠᠶᠢᠭᠠᠯᠢ ᠰᠠᠶᠢᠬᠠᠨ᠃ ᠠᠳᠠ ᠪᠦᠷᠭᠦᠳ ᠨᠠᠴᠢᠨ ᠡᠯᠢᠶ᠎ᠡ᠂ ᠬᠠᠷᠴᠠᠭᠠᠢ ᠬᠢᠷᠭᠤᠢ ᠱᠠᠭᠠᠵᠠᠭᠠᠢ | ᠲᠠᠭᠤ ᠭᠡᠳ ᠰᠢᠪᠠᠭᠤᠳ ᠤᠨ ᠵᠢᠷᠭᠠᠯᠠᠩ ᠤᠨ ᠣᠷᠣᠨ ᠪᠠᠶᠢᠵᠤ᠂ ᠡᠨᠡ ᠮᠣᠳᠣᠨ ᠳᠣᠣᠷ᠎ᠠ ᠠᠴᠠ ᠨᠢ ᠦᠨᠡᠭᠡ ᠪᠣᠰᠴᠤ | ᠲᠡᠷᠡᠬᠦ ᠰᠢᠷᠠᠯᠵᠢᠨ ᠳᠤᠮᠳᠠ ᠠᠴᠠ ᠨᠢ ᠲᠠᠤᠯᠠᠢ ᠪᠣᠯᠭᠢᠵᠤ ᠬᠢᠷᠰᠠ ᠡᠯᠪᠡᠩᠬᠦ ᠡᠯᠪᠡᠭ ᠪᠠᠶᠢᠭᠰᠠᠨ᠃ ᠳᠡᠭᠡᠷ᠎ᠡ ᠵᠠᠭᠤᠨ ᠤ | ᠵᠢᠷᠠᠨ ᠣᠨ ᠪᠤᠯᠳᠠᠯ᠎ᠠ ᠴᠢᠨ᠋ᠸ᠎ᠠ ᠴᠤ ᠪᠠᠶᠢᠵᠤ᠂ ᠪᠠᠶᠢᠭᠠᠯᠢ᠂ ᠠᠮᠢ ᠠᠬᠤᠢ ᠶᠢᠨ ᠲᠡᠩᠴᠡᠭᠦᠷᠢ ᠵᠢᠮ᠎ᠡ ᠵᠦᠢ ᠪᠠᠷ ᠢᠶᠠᠨ | ᠪᠠᠶᠢᠭᠰᠠᠨ ᠢ ᠪᠤᠭᠤᠷᠤᠯᠴᠤᠳ ᠠᠴᠠ ᠰᠤᠨᠤᠰᠬᠤ ᠳᠤ ᠲᠤᠮᠤᠭ ᠰᠢᠭ᠋ ᠰᠠᠶᠢᠬᠠᠨ ᠪᠠᠶᠢᠵᠤ ᠪᠢᠯᠡ᠃ | ᠬᠠᠶᠢᠯᠠᠰᠤᠨ ᠮᠣᠳᠣ ᠨᠢ ᠬᠠᠲᠠᠭᠤ ᠪᠥᠬᠡᠯᠢᠭ ᠪᠠᠶᠢᠳᠠᠭ ᠢᠶᠠᠷ ᠨᠢ ᠶᠡᠭᠡ ᠠᠴᠠ ᠨᠢ ᠬᠡᠯᠡᠪᠡᠯ᠂ ᠨᠢᠷᠤᠭᠤ | ᠲᠤᠯᠭᠠᠭᠤᠷᠢ ᠠᠷᠠᠯ ᠲᠡᠩᠭᠡᠯᠢᠭ ᠮᠥᠭᠡᠷ ᠪᠤᠯᠤ ᠬᠢᠵᠦ ᠪᠠᠭ᠎ᠠ ᠠᠴᠠ ᠨᠢ ᠶᠠᠷᠢᠪᠠᠯ ᠠᠴᠠ ᠰᠠᠪᠠᠷ ᠲᠠᠰᠢᠭᠤᠷ ᠤᠨ ᠡᠰᠢ᠂ | ᠪᠢᠯᠠᠭᠤ ᠬᠢᠳᠡᠭ᠃ ᠬᠠᠶᠢᠯᠠᠰᠤᠨ ᠮᠣᠳᠣᠨ ᠤ ᠥᠩᠭᠡ ᠨᠢ ᠰᠠᠶᠢᠬᠠᠨ ᠪᠥᠭᠡᠳ ᠬᠤᠸᠠᠷ ᠨᠢ ᠨᠠᠷᠢᠯᠢᠭ ᠤᠴᠢᠷ | ᠬᠤᠭᠤᠯᠠᠨ ᠰᠢᠷᠡᠭᠡ ᠡᠷᠭᠢᠨᠡᠭ ᠬᠤᠷᠭᠤ ᠭᠡᠬᠦ ᠵᠡᠷᠭᠡ ᠬᠡᠷᠡᠭᠯᠡᠭᠡᠨ ᠤ ᠵᠦᠢᠯᠡᠰ ᠢᠶᠠᠨ ᠬᠠᠶᠢᠯᠠᠰᠤᠨ ᠪᠤᠲᠠᠨ ᠠᠴᠠ ᠪᠠᠨ ᠯᠠ | ᠠᠪᠳᠠᠭ᠃ | ᠡᠮᠡᠭᠡ ᠶᠢᠨ ᠮᠢᠨᠢ ᠬᠠᠭᠤᠴᠢᠯᠠᠬᠤ ᠪᠠᠷ ᠨᠤᠲᠤᠭ ᠤᠨ ᠮᠠᠯᠴᠢᠳ ᠪᠡᠴᠢᠨ ᠵᠢᠯ ᠤᠨ ᠴᠠᠭ ᠤᠨ ᠮᠠᠭᠤ ᠶᠢ ᠡᠨᠡ ᠬᠦ | ᠪᠤᠲᠠᠨ ᠤ ᠬᠠᠶᠢᠯᠠᠰᠤᠨ ᠳᠤᠷᠠᠰᠤ ᠵᠤᠭ᠎ᠠ ᠪᠠᠷ ᠠᠮᠢ ᠵᠢᠭᠤᠵᠤ ᠥᠩᠭᠡᠷᠡᠭᠦᠯᠦᠭᠰᠡᠨ ᠭᠡᠨ᠎ᠡ᠃ ᠪᠢ ᠲᠡᠷᠡᠬᠦ ᠴᠠᠭ ᠤᠨ | ᠮᠠᠭᠤ ᠶᠢ ᠨᠢ ᠮᠡᠳᠡᠳᠡᠭ ᠦᠭᠡᠢ ᠴᠦ ᠳᠡᠭᠡᠷ᠎ᠡ ᠵᠠᠭᠤᠨ ᠤ ᠵᠢᠷᠠᠭᠠᠳ ᠣᠨ ᠤ ᠰᠡᠭᠦᠯᠴᠢ ᠶᠢᠨ ᠵᠢᠯ ᠤᠳ ᠲᠤ ᠬᠠᠪᠤᠷ ᠤᠨ | ᠭᠠᠴᠢᠭ ᠪᠣᠯᠣᠭᠰᠠᠭᠠᠷ ᠯᠠ ᠢᠯᠠᠯᠲᠠ ᠬᠠᠳᠠᠲᠤ ᠶᠢᠨ ᠬᠢᠨ ᠮᠠᠭᠤ ᠰᠠᠶᠢᠨ ᠦᠬᠡᠷ ᠬᠤᠨᠢ ᠲᠡᠮᠡᠭᠡ ᠪᠠᠨ ᠪᠤᠲᠠᠨ ᠳᠤ | ᠣᠷᠣᠭᠤᠯᠵᠤ ᠡᠨᠡ ᠬᠦ ᠵᠤᠭ᠎ᠠ ᠶᠢᠨ ᠠᠴᠢ ᠪᠠᠷ ᠣᠨ ᠳᠤ ᠣᠷᠣᠭᠤᠯᠵᠤ ᠪᠠᠶᠢᠭᠰᠠᠨ ᠢᠶᠠᠨ ᠮᠠᠷᠲᠠᠵᠤ ᠴᠢᠳᠠᠬᠤ ᠦᠭᠡᠢ᠃ | | ᠡᠷᠭᠦᠳᠡᠭ ᠦᠬᠡᠷ ᠬᠤᠨᠢᠳ ᠢᠶᠠᠨ ᠪᠤᠲᠠᠨ ᠤ ᠨᠥᠮᠥᠷᠢ ᠳᠤ ᠲᠠᠯᠪᠢᠴᠢᠬᠠᠭᠠᠳ᠂ ᠲᠡᠷᠡᠬᠦ ᠨᠢᠯᠵᠠᠷᠠᠢ ᠰᠠᠶᠢᠬᠠᠨ | ᠵᠤᠭ᠎ᠠ ᠪᠠᠷ ᠲᠡᠵᠢᠭᠡᠬᠦ ᠳᠤ ᠯᠠ ᠳᠡᠮᠡᠢ ᠠᠷᠪᠠ ᠬᠤᠨᠣᠬᠤ ᠦᠭᠡᠢ ᠪᠠᠷ ᠮᠠᠯ ᠤᠳ ᠤᠨ ᠨᠢᠳᠦ ᠨᠢ ᠥᠩᠭᠡ ᠣᠷᠣᠵᠤ | ᠡᠷᠭᠦᠳᠡᠭ ᠠᠴᠠ ᠪᠠᠨ ᠭᠠᠷᠤᠨ ᠳᠠᠩᠭᠢᠨᠠᠭᠠᠳ ᠶᠠᠪᠤᠴᠢᠬᠠᠳᠠᠭ ᠲᠤᠯᠠ ᠡᠮᠡᠭᠡ ᠮᠢᠨᠢ ᠬᠠᠰᠢᠯᠠ ᠨᠤᠲᠤᠭ ᠤᠨ ᠮᠢᠨᠢ ᠬᠡᠰᠢᠭ | ᠠ᠋ ᠭᠡᠵᠦ ᠡᠷᠭᠦᠯᠲᠡ ᠪᠠᠨ ᠡᠷᠭᠦᠵᠦ ᠯᠠ ᠪᠠᠶᠢᠳᠠᠭ ᠰᠠᠨ᠃ | ᠳᠡᠭᠡᠷ᠎ᠡ ᠵᠠᠭᠤᠨ ᠤ ᠵᠢᠷᠠᠭᠠᠳ ᠣᠨ ᠤ ᠰᠡᠭᠦᠯᠴᠢ ᠲᠠᠯᠠᠭᠠᠳ ᠣᠨ ᠤ ᠡᠬᠢ ᠪᠠᠷ ᠠᠮᠢᠳᠤᠷᠠᠯ ᠬᠦᠴᠢᠷ ᠲᠠᠢ | ᠪᠣᠯᠬᠤᠷ ᠮᠠᠨ ᠤ ᠬᠢᠨ ᠴᠤ ᠬᠠᠪᠤᠷ ᠪᠣᠯᠣᠭᠰᠠᠭᠠᠷ ᠭᠤᠭᠤᠳ ᠲᠠᠭᠠᠨ᠎ᠠ ᠮᠠᠩᠭᠢᠷ ᠬᠠᠯᠠᠭᠠᠢ ᠨᠦᠢᠯ ᠠᠷᠪᠠᠢ ᠪᠠᠷ ᠢᠶᠠᠨ | ᠬᠠᠲᠠᠭᠤ ᠴᠠᠭ ᠲᠤ ᠬᠤᠨᠤᠭ ᠲᠠᠰᠤᠷᠠᠯ ᠦᠭᠡᠢ ᠥᠩᠭᠡᠷᠡᠭᠡᠵᠦ ᠶᠠᠪᠤᠭᠰᠠᠨ᠃ | ᠬᠠᠶᠢᠯᠠᠰᠤᠨ ᠮᠣᠳᠣ ᠭᠠᠩ ᠳᠤ ᠲᠡᠰᠪᠦᠷᠢ ᠲᠠᠢ᠂ ᠡᠪᠦᠯ ᠤᠨ ᠰᠢᠭᠤᠷᠭᠠᠨ ᠬᠠᠪᠤᠷ ᠤᠨ ᠰᠠᠯᠬᠢ ᠶᠢ ᠰᠥᠷᠦᠭᠡᠳ | ᠯᠠ ᠨᠤᠲᠤᠭ ᠤᠨ ᠢᠶᠠᠨ ᠵᠤᠯᠠᠢ ᠳᠤ ᠰᠢᠬᠦᠷᠯᠡᠵᠦ ᠪᠠᠶᠢᠳᠠᠭ ᠢᠶᠠᠷ ᠢᠶᠠᠨ ᠡᠨᠡ ᠨᠤᠲᠤᠭ ᠤᠨ ᠬᠥᠮᠥᠨ ᠵᠤᠨ ᠤ | ᠠᠷᠠᠨᠰᠢᠨ ᠲᠠᠢ ᠶᠡᠭᠡ ᠯᠠ ᠲᠥᠰᠥᠷᠬᠡᠦ᠃ ᠵᠣᠷᠢᠮᠠᠭ ᠡᠷᠡᠳᠡᠭᠦᠨ ᠠᠮᠢᠵᠢᠷᠠᠯ ᠤᠨ ᠬᠦᠴᠦᠨ ᠢᠶᠠᠷ ᠲᠦᠢᠯ ᠤᠨ ᠴᠢᠩᠭ᠎ᠠ | ᠪᠠᠶᠢᠵᠤ᠂ ᠬᠤᠭᠤᠷᠠᠬᠤ ᠠᠴᠠ ᠪᠢᠰᠢ ᠨᠤᠭᠤᠷᠠᠬᠤ ᠦᠭᠡᠢ ᠬᠠᠲᠠᠭᠤ ᠴᠢᠨᠠᠷ ᠨᠢ ᠰᠡᠳᠬᠢᠯ ᠢ ᠬᠥᠳᠡᠯᠭᠡᠨ᠎ᠡ᠃ ᠮᠠᠯᠴᠢᠳ | ᠮᠢᠨᠢ ᠡᠶᠢᠮᠦ ᠯᠠ ᠬᠡᠴᠢᠨᠡᠨ ᠦᠶ᠎ᠡ ᠶᠢᠨ ᠲᠡᠦᠬᠡᠨ ᠰᠢᠭᠤᠷᠭ᠎ᠠ ᠬᠡᠴᠢᠨᠡᠨ ᠤᠷᠳᠦ ᠡᠳᠦᠷ ᠬᠤᠨᠤᠭ ᠤᠳ ᠤᠨ | ᠥᠯᠥᠰᠬᠦᠯᠡᠩ ᠶᠠᠳᠠᠯ ᠢ ᠲᠤᠭᠤᠯᠵᠦ ᠬᠡᠴᠢᠨᠡᠨ ᠬᠦᠨᠳᠦ ᠠᠮᠢᠳᠤᠷᠠᠯ ᠤᠨ ᠳᠠᠷᠤᠭᠠᠰᠤ ᠶᠢ ᠡᠭᠦᠷᠭᠡᠯᠡᠭᠰᠡᠨ ᠴᠤ ᠶᠠᠭᠤ ᠴᠤ | ᠳᠤᠤᠭᠠᠷᠤᠯ ᠦᠭᠡᠢ ᠬᠢᠳᠡᠭ ᠢᠶᠠᠨ ᠬᠢᠭᠡᠳ ᠯᠠ ᠶᠠᠪᠤᠳᠠᠭ ᠢᠶᠠᠷ ᠢᠶᠠᠨ ᠶᠠᠪᠤᠵᠤ ᠲᠡᠮᠡᠦᠯᠵᠦ ᠲᠡᠮᠡᠴᠡᠵᠦ ᠢᠷᠡᠭᠰᠡᠨ ᠶᠤᠮ | ᠳ᠋ᠧ ᠬᠥᠭᠡᠷᠦᠬᠦᠢ᠃ | ᠬᠢᠷᠠᠭᠤ ᠮᠥᠨᠳᠥᠷ ᠴᠠᠰᠤ ᠰᠢᠭᠤᠷᠭᠠᠨ ᠢ ᠰᠥᠷᠦᠨ ᠰᠡᠬᠦ᠋ᠢᠭᠰᠡᠨ ᠬᠠᠶᠢᠯᠠᠰᠤᠨ ᠮᠣᠳᠣᠨ ᠤ ᠪᠠᠨ ᠬᠠᠲᠠᠭᠤ ᠵᠠᠩ | ᠴᠢᠨᠠᠷ ᠢ ᠳᠠᠭᠤᠷᠢᠶᠠᠭᠰᠠᠨ ᠶᠤᠮ ᠤᠤ︖ ᠠᠯᠢ ᠡᠰᠡᠬᠦᠯ᠎ᠡ ᠠᠳᠡᠬᠢ ᠶᠢᠨ ᠬᠠᠶᠢᠯᠠᠰᠤᠨ ᠮᠣᠳᠣᠳ ᠨᠢ ᠮᠠᠯᠴᠢᠳ ᠢᠶᠠᠨ | ᠳᠠᠭᠤᠷᠢᠶᠠᠭᠰᠠᠨ ᠴᠤ ᠶᠤᠮ ᠤᠤ︖ ᠭᠡᠵᠦ ᠪᠢ ᠦᠷᠭᠦᠯᠵᠢ ᠪᠤᠳᠤᠳᠠᠭ ᠪᠦᠯᠦᠭᠡ᠃ | ᠰᠡᠭᠦᠯ ᠤᠨ ᠦᠶ᠎ᠡ ᠳᠤ ᠪᠢᠳᠠ ᠬᠤᠷᠳᠤᠨ ᠤᠷᠭᠤᠴᠠ ᠲᠠᠢ ᠬᠠᠶᠢᠯᠠᠰᠤ ᠭᠡᠵᠦ ᠤᠯᠠᠨ ᠳᠠᠷᠢᠭᠰᠠᠨ ᠶᠤᠮ᠃ | ᠦᠨᠡᠬᠡᠷ ᠨᠤᠲᠤᠭ ᠤᠨ ᠮᠢᠨᠢ ᠬᠠᠶᠢᠯᠠᠰᠤ ᠲᠠᠢ ᠠᠳᠠᠯᠢᠳᠬᠠᠪᠠᠯ ᠤᠷᠭᠤᠬᠤ ᠨᠢ ᠬᠤᠷᠳᠤᠨ ᠠᠰᠬᠠᠨ ᠪᠥᠭᠡᠳ | ᠦᠵᠡᠬᠦ ᠳᠤ ᠰᠠᠶᠢᠬᠠᠨ ᠪᠠᠶᠢᠯ᠎ᠠ᠃ ᠬᠠᠷᠠᠮᠰᠠᠯᠲᠠᠢ ᠨᠢ ᠳᠡᠮᠡᠢ ᠬᠡᠳᠦᠨ ᠵᠢᠯ ᠪᠣᠯᠣᠯ ᠦᠭᠡᠢ ᠪᠦᠷ ᠦᠬᠦᠴᠢᠬᠡᠵᠡᠢ᠂ | ᠭᠡᠬᠦ ᠳᠤ ᠮᠤᠷᠤᠢ ᠮᠤᠰᠢᠭᠠᠢ ᠠᠷᠵᠠᠭᠠᠷ ᠪᠠᠷᠵᠠᠭᠠᠷ ᠴᠤ ᠨᠤᠲᠤᠭ ᠤᠨ ᠬᠠᠶᠢᠯᠠᠰᠤ ᠮᠢᠨᠢ ᠥᠨᠥᠳᠥᠷ ᠲᠤ ᠭᠦᠷᠳᠡᠯ᠎ᠠ | ᠮᠠᠩᠬᠠᠨ ᠬᠥᠲᠥᠯ ᠡᠷᠭᠢ ᠲᠠᠨᠵᠢ ᠪᠠᠨ ᠰᠠᠬᠢᠵᠤ᠂ ᠡᠩᠨᠡᠷᠡᠨ ᠬᠥᠬᠡᠷᠡᠭᠰᠡᠭᠡᠷ ᠪᠠᠶᠢᠬᠤ ᠨᠢ ᠭᠠᠶᠢᠬᠠᠮᠰᠢᠭ ᠪᠢᠰᠢ ᠤᠤ︖ | ᠡᠭᠡᠯ ᠵᠢᠷ ᠤᠨ ᠨᠤᠲᠤᠭ ᠤᠨ ᠮᠢᠨᠢ ᠬᠠᠶᠢᠯᠠᠰᠤ ᠦᠨᠡᠬᠡᠷ ᠭᠠᠶᠢᠬᠠᠮᠰᠢᠭ᠂ ᠪᠢ ᠨᠤᠲᠤᠭ ᠤᠨ ᠢᠶᠠᠨ ᠬᠠᠶᠢᠯᠠᠰᠤ ᠳᠤ | ᠬᠠᠶᠢᠷᠠᠲᠠᠢ ᠁ | |