ᠵᠤᠨ ᠤ ᠵᠢᠪᠬᠤᠯᠠᠩ ᠠᠶᠠᠯᠭᠤᠨ
ᠨᠡᠶᠢᠲᠡᠯᠡᠭᠰᠡᠨ ᠴᠠᠭ᠄
2024/7/12
    ᠵᠤᠨ ᠤ ᠠᠶᠢᠯ    ᠭᠠᠵᠠᠷ ᠤᠨ ᠰᠤᠳᠠᠰᠤᠨ ᠳᠤ ᠭᠠᠯᠠᠭᠤᠲᠤ ᠶᠢᠨ ᠨᠠᠭᠤᠷ ᠣᠨᠳᠣᠷᠬᠤ ᠮᠡᠲᠦ    ᠭᠠᠯᠪᠠ ᠶᠢᠨ ᠰᠣᠨᠣᠷ ᠲᠤ ᠬᠠᠶᠢᠷ᠎ᠠ ᠤᠷᠭᠤᠳᠠᠭ ᠨᠢ ᠵᠤᠨ ᠮᠠᠨᠢ ᠪᠠᠶᠢᠯ᠎ᠠ    ᠰᠠᠯᠬᠢᠨ ᠤ ᠦᠵᠦᠭᠦᠷ ᠲᠤ ᠰᠠᠭᠠᠯᠢ ᠶᠢᠨ ᠦᠨᠢᠶᠡᠳ ᠦᠶᠡᠷᠬᠡᠳᠡᠭ ᠮᠡᠲᠦ    ᠰᠦᠷᠦᠭ ᠤᠨ ᠥᠨᠢᠷ ᠲᠤ ᠰᠡᠳᠬᠢᠯ ᠥᠶᠥᠭᠰᠢᠬᠦ ᠨᠢ ᠠᠶᠢᠯ ᠮᠢᠨᠢ ᠪᠠᠶᠢᠯ᠎ᠠ    ᠵᠤᠨ ᠤ ᠪᠠᠷ᠎ᠠ    ᠲᠡᠭᠷᠢ ᠶᠢᠨ ᠥᠪᠥᠷ ᠬᠠᠩᠭᠠᠢ    ᠨᠢᠭᠡ ᠨᠢᠳᠦᠨ ᠳᠤ ᠬᠠᠶᠠᠭᠠᠷᠠᠵᠤ ᠦᠵᠡᠭᠳᠡᠪᠡ    ᠨᠦᠭᠦᠭᠡ ᠨᠢᠭᠡ ᠨᠢᠳᠦᠨ ᠳᠤ    ᠳᠡᠯᠡᠬᠡᠢ ᠶᠢᠨ ᠡᠩᠭᠡᠷ ᠬᠠᠩᠭᠠᠢ ᠬᠠᠯᠢᠭᠤᠷᠠᠵᠤ ᠦᠵᠡᠭᠳᠡᠪᠡ    ᠡᠨᠡ ᠵᠤᠨ ᠡᠩ ᠪᠦᠲᠦᠨ ᠳᠡᠭᠡᠨ ᠳᠠᠩᠳᠠ ᠥᠯᠴᠢᠷ    ᠡᠬᠡ ᠣᠷᠣᠨ ᠮᠢᠨᠢ ᠡᠳᠦᠷ ᠪᠣᠯᠭᠠᠨ ᠳᠠᠩᠴᠤ ᠥᠭᠭᠢᠶᠡᠮᠦᠷ    ᠵᠤᠨ ᠤ ᠵᠢᠷᠤᠭ    ᠬᠥᠭᠡᠷᠦᠬᠦᠨ ᠣᠮᠪᠣᠯᠣ ᠶᠢᠨ ᠮᠠᠨᠢ ᠤᠷᠤᠭᠤᠯ ᠱᠣᠮᠪᠣᠯᠵᠠᠭᠤᠯᠵᠤ ᠵᠢᠷᠤᠭᠰᠠᠨ    ᠬᠥᠭᠡᠷᠦᠬᠦᠨ ᠬᠡᠦᠬᠡᠨ ᠶᠤᠮ ᠦᠦ︖ ᠭᠦᠯᠦᠭ ᠤᠨ ᠬᠤᠶᠠᠷ ᠨᠢᠳᠦᠨ ᠶᠤᠮ ᠦᠦ    ᠬᠦᠳᠡᠩ ᠲᠠᠲᠠᠭᠤᠯᠤᠭᠰᠠᠨ ᠠᠭᠤᠯᠠᠰ ᠥᠨᠳᠥᠷ ᠲᠡᠭᠡᠨ ᠠᠯᠤᠰᠷᠠᠨ᠎ᠠ    ᠬᠥᠬᠡ ᠨᠣᠮᠢᠨ ᠰᠢᠭᠤᠢ ᠰᠢᠪᠠᠭᠤᠳ ᠤᠨ ᠲᠠᠭᠤᠨ ᠢᠶᠠᠷ ᠠᠨᠢᠷᠯᠠᠭᠳᠠᠨ᠎ᠠ    ᠵᠤᠨ ᠤ ᠡᠳᠦᠷ    ᠢᠰᠡᠭᠡᠢ ᠭᠡᠷ ᠤᠨ ᠢᠷᠭᠤᠢ ᠬᠠᠶᠢᠷᠠᠬᠠᠨ ᠡᠳᠦᠷ ᠤᠳ    ᠢᠷᠠᠭᠤ ᠨᠠᠶᠢᠷᠠᠭ ᠤᠨ ᠭᠤᠸ᠎ᠠ ᠰᠠᠶᠢᠬᠠᠨ ᠢᠶᠠᠷ ᠤᠶᠠᠩᠭᠠᠷᠠᠬᠤᠢ    ᠡᠮᠧ ᠶᠢᠨ ᠮᠠᠨᠢ ᠡᠷᠢᠬᠡᠨ ᠮᠥᠬᠦᠯᠢᠭ ᠢᠶᠠᠷ ᠬᠡᠯᠬᠢᠭᠰᠡᠨ ᠰᠢᠭ    ᠡᠩᠬᠡ ᠲᠤᠩᠬ᠎ᠠ ᠡᠪᠡᠰᠦ ᠴᠡᠴᠡᠭ ᠤᠳ ᠴᠡᠯᠡᠭᠡᠷ ᠤᠨ ᠴᠡᠯᠡᠭᠡᠷ    ᠪᠤᠷᠬᠠᠨ ᠠᠳᠢᠰᠯᠠᠭᠰᠠᠨ ᠮᠡᠲᠦ ᠪᠢᠲᠡᠭᠦᠦ ᠪᠡᠯᠴᠢᠭᠡᠷ ᠤᠨ ᠭᠦᠨ ᠳᠤ    ᠪᠥᠮᠪᠥᠭᠡᠨ ᠭᠡᠷ ᠮᠢᠨᠢ ᠪᠥᠮᠪᠥᠷᠴᠡᠭ ᠢ ᠵᠠᠭᠪᠤᠷᠯᠠᠨ ᠣᠨᠢᠶᠠᠷᠯᠠᠬᠤᠢ    ᠪᠣᠳᠢ ᠮᠥᠷ ᠬᠤᠶᠠᠷ ᠢ ᠬᠤᠯᠪᠣᠭᠠᠳ ᠲᠠᠯᠪᠢᠭᠰᠠᠨ ᠰᠢᠭ᠋    ᠪᠦᠭᠦᠷᠭᠡᠨ ᠳᠡᠭᠡᠷᠡᠬᠢ ᠪᠦᠲᠦᠨ ᠮᠠᠷᠭᠠᠰᠢ ᠴᠡᠩᠬᠡᠷ ᠠᠴᠠ ᠴᠡᠩᠬᠡᠷ    ᠵᠤᠨ ᠤ ᠪᠣᠷᠤᠭ᠎ᠠ    ᠰᠡᠳᠬᠢᠯ ᠤᠨ ᠴᠠᠩᠭᠠᠭ᠎ᠠ ᠪᠠᠨ ᠲᠠᠶᠢᠯᠤᠨᠠᠮ ᠭᠡᠵᠦ    ᠰᠢᠪᠡᠷ ᠰᠢᠪᠡᠷ ᠲᠤᠰᠤᠯ ᠢ ᠴᠢᠨᠢ ᠲᠡᠭᠦᠵᠦ ᠭᠦᠶᠦᠨᠡᠮ    ᠰᠡᠪᠡᠯᠵᠡᠲᠡᠯ᠎ᠡ ᠳᠡᠯᠭᠡᠷᠡᠬᠦ ᠵᠤᠨ ᠤ ᠮᠣᠳᠣᠨ ᠳᠤ    ᠰᠢᠪᠠᠭᠤ ᠪᠣᠯᠵᠤ ᠳᠣᠩᠭᠤᠳᠤᠨ ᠰᠠᠭᠤᠶ᠎ᠠ ᠭᠡᠵᠦ ᠬᠦᠰᠡᠨᠡᠮ    ᠳᠡᠯᠭᠡᠷ ᠭᠤᠪᠢ ᠳᠤᠤᠯᠢᠶᠠᠨ ᠳᠠᠭᠠᠨ ᠮᠡᠯᠮᠡᠯᠵᠡᠵᠦ    ᠳᠣᠯᠵᠢᠷ ᠳᠣᠯᠵᠢᠷ ᠬᠤᠷᠠᠭᠠᠳ ᠲᠠᠨᠢ ᠮᠠᠶᠢᠯᠠᠯᠳᠤᠨᠠᠮ    ᠲᠡᠨᠵᠢ ᠶᠢᠨ ᠡᠩᠭᠡᠷ ᠨᠠᠭᠤᠷ ᠤᠨ ᠤᠰᠤ ᠣᠪᠣᠭᠠᠷᠠᠵᠤ    ᠲᠡᠷᠲᠡᠭᠡ ᠵᠡᠭᠡᠰᠦᠨ ᠳᠤ ᠮᠡᠯᠡᠬᠡᠢ ᠶᠢᠨ ᠱᠤᠤᠭᠢᠶ᠎ᠠ ᠦᠷᠭᠦᠯᠵᠢᠯᠡᠨᠡᠮ    ᠵᠤᠨ ᠤ ᠥᠷᠯᠥᠭᠡ    ᠴᠣᠩᠬᠤᠨ ᠭᠠᠳᠠᠭ᠎ᠠ    ᠰᠢᠭᠦᠳᠡᠷᠢ ᠶᠢᠨ ᠠᠮᠢᠰᠬᠤᠭ᠎ᠠ ᠰᠡᠩᠭᠢᠨᠡᠭᠡᠳ ᠯᠡ    ᠰᠦᠨ ᠤ ᠰᠠᠭᠤᠯᠠᠭ᠎ᠠ ᠠᠴᠠ ᠨᠠᠷᠠ ᠳᠡᠯᠭᠡᠷᠡᠨ ᠪᠠᠶᠢᠮᠠᠷ    ᠴᠠᠢ ᠶᠢᠨ ᠠᠶᠠᠭᠠᠨ ᠳᠤ    ᠲᠤᠭᠤᠯ ᠤᠨ ᠠᠨᠢᠰᠬ᠎ᠠ ᠰᠡᠷᠪᠡᠯᠵᠡᠭᠡᠳ ᠯᠡ    ᠲᠣᠪᠤ ᠶᠢᠨ ᠨᠠᠭᠠᠨ᠎ᠠ ᠬᠤᠨᠢᠨ ᠴᠤᠪᠤᠭ᠎ᠠ ᠲᠤᠨᠤᠯᠵᠠᠨ ᠪᠠᠶᠢᠮᠠᠷ    ᠲᠠᠯ᠎ᠠ ᠶᠢᠨ ᠬᠥᠯ ᠲᠦᠪᠰᠢᠨ ᠠᠮᠤᠭᠤᠯᠠᠩ    ᠲᠣᠭᠤᠨᠣ ᠶᠢᠨ ᠭᠡᠷᠡᠯ ᠢᠶᠠᠷ ᠰᠠᠯᠬᠢ ᠰᠡᠪᠡᠷᠡᠭᠡᠳ ᠯᠡ    ᠲᠣᠬᠤᠮ ᠴᠠᠭᠠᠨ ᠡᠭᠦᠯᠡᠰ ᠨᠤᠲᠤᠭ ᠵᠦᠭ ᠳᠡᠷᠪᠡᠨ ᠪᠠᠶᠢᠮᠠᠷ
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号