ᠬᠠᠯᠠᠭᠤᠨ ᠲᠣᠭᠤᠰᠣ ᠴᠣᠭᠰᠢᠵᠤ ᠮᠠᠨᠠᠷᠠᠭᠠᠳ ᠭᠠᠵᠠᠷ ᠤᠨ ᠬᠤᠶᠢᠬ᠎ᠠ ᠬᠠᠯᠴᠠᠷᠠᠮᠠᠷ ᠠᠷᠭ᠎ᠠ ᠠᠭᠠᠰᠢ ᠶᠢ | ᠪᠠᠷᠠᠭᠳᠠᠭᠤᠯᠤᠭᠰᠠᠨ ᠵᠣᠨ ᠤ ᠪᠥᠩᠰᠢᠭᠰᠡᠨ ᠡᠳᠦᠷ ᠤᠳ ᠢᠳᠡᠭ ᠢᠳᠡᠭ ᠢᠶᠠᠷ ᠨᠣᠮᠣᠬᠠᠷᠠᠨ ᠨᠤᠮᠤᠶᠢᠵᠤ᠂ ᠳᠣᠯᠣᠳᠤᠭᠠᠷ | ᠰᠠᠷ᠎ᠠ ᠶᠢᠨ ᠠᠷᠪᠠᠳ ᠣᠶᠢᠷᠠᠲᠤᠭᠤᠯᠤᠭᠠᠳ ᠳᠤᠷᠤᠨ᠎ᠠ ᠶᠢᠨ ᠴᠠᠭᠠᠨ ᠡᠭᠦᠯᠡᠨ ᠠᠴᠠ ᠰᠠᠭᠠᠮ᠎ᠠ ᠢᠪᠢᠯᠦᠭᠰᠡᠨ ᠳᠤ | ᠬᠥᠮᠥᠨ ᠠᠮᠢᠲᠠᠨ ᠪᠠᠶᠠᠷᠯᠠᠬᠤ ᠦᠭᠡᠢ ᠴᠤ ᠶᠠᠭᠠᠬᠢᠬᠤᠪ᠃ ᠰᠠᠨᠰᠠᠷ ᠤᠨ ᠠᠯᠲᠠᠨ ᠠᠶᠠᠭᠠᠨ ᠳᠤ ᠬᠦᠴᠦ ᠰᠢᠮ᠎ᠡ ᠨᠢ | ᠮᠡᠯᠡᠯᠵᠡᠵᠦ᠂ ᠮᠥᠩᠬᠡ ᠶᠢᠨ ᠴᠢᠨᠠᠷ ᠢᠶᠠᠨ ᠬᠤᠪᠢᠷᠠᠰᠢ ᠦᠭᠡᠢ ᠬᠠᠳᠠᠭᠠᠯᠠᠭᠰᠠᠨ ᠪᠣᠷᠣᠭᠠᠨ ᠥᠪᠡᠷ ᠢᠶᠠᠨ ᠨᠠᠷᠠᠨ ᠤ | ᠰᠠᠳᠣᠨ᠂ ᠨᠠᠪᠴᠢᠨ ᠤ ᠠᠨᠳᠠ ᠶᠤᠮ ᠳ᠋ᠠ᠃ ᠠᠰᠤᠷᠢ ᠲᠡᠭᠷᠢ ᠶᠢᠨ ᠬᠡᠷᠡᠯᠳᠦ ᠴᠠᠭᠠᠨ ᠰᠦ ᠭᠠᠵᠠᠷ ᠤᠨ ᠵᠤᠯᠠᠢ ᠶᠢ | ᠦᠨᠦᠰᠦᠨ ᠲᠠᠭᠠᠯᠠᠵᠤ᠂ ᠠᠰᠬᠠᠷᠠᠨ ᠪᠠᠭᠤᠬᠤ ᠨᠢ ᠭᠤᠶᠤ᠃ ᠨᠠᠮᠤᠭᠤᠬᠠᠨ ᠢᠶᠠᠷ ᠬᠡᠯᠬᠢᠶᠡᠷᠡᠨ ᠰᠤᠪᠤᠳᠤᠷᠠᠬᠤ ᠪᠣᠷᠣᠭᠠᠨ ᠤ | ᠪᠤᠮᠠᠨ ᠲᠣᠰᠤᠯ ᠥᠩᠭᠡ ᠶᠢᠨ ᠲᠤᠩᠭᠠᠯᠠᠭ ᠯᠢᠩᠬᠤ᠎ᠠ ᠵᠠᠳᠠᠷᠠᠩᠬᠠᠨ ᠳᠡᠯᠭᠡᠷᠡᠬᠦ ᠮᠡᠲᠦ ᠮᠡᠯᠮᠡᠢ ᠪᠠᠨ ᠨᠡᠭᠡᠭᠡᠬᠦ ᠨᠢ | ᠬᠠᠷᠠᠬᠤᠶ᠎ᠠ ᠦᠵᠡᠰᠬᠦᠯᠡᠩᠲᠦ᠃ ᠰᠢᠪ ᠰᠢᠷᠭᠠᠯ ᠨᠠᠷᠠᠨ ᠳᠤ ᠥᠳᠦᠨ ᠵᠢᠭᠦᠷ ᠢᠶᠠᠨ ᠲᠥᠭᠡᠨᠡᠭᠦᠯᠵᠦ᠂ ᠰᠡᠯᠢᠨ | ᠳᠡᠪᠳᠡᠷᠢᠬᠦ ᠶᠢᠨ ᠤᠷᠮ᠎ᠠ ᠨᠢ ᠬᠤᠭᠤᠷᠠᠭᠰᠠᠨ ᠪᠣᠷᠣ ᠪᠣᠯᠵᠣᠮᠣᠷ ᠤᠨ ᠳᠠᠭᠤ ᠱᠤᠤ ᠴᠤ ᠮᠡᠳᠡᠭᠳᠡᠮ᠎ᠡ ᠶᠡᠬᠡᠰᠴᠦ᠂ ᠭᠠᠵᠠᠷ | ᠲᠡᠭᠷᠢ ᠶᠢ ᠥᠯᠦ ᠦᠵᠡᠭᠳᠡᠬᠦ ᠰᠢᠵᠢᠮ ᠢᠶᠠᠷ ᠬᠤᠯᠪᠣᠨ ᠨᠠᠶᠢᠷᠰᠠᠭᠤᠯᠤᠭᠠᠳ ᠡᠷᠬᠡᠯᠡᠨ ᠵᠢᠷᠭᠢᠬᠦ ᠨᠢ ᠳᠠᠩᠴᠢ ᠵᠢᠷᠭᠠᠯᠲᠠᠢ | ᠪᠥᠭᠡᠳ ᠰᠣᠨᠣᠰᠤᠭᠠᠳ ᠰᠣᠨᠣᠰᠤᠭᠠᠳ ᠬᠠᠨᠤᠰᠢ ᠦᠭᠡᠢ᠃ | ᠢᠷᠡᠬᠦ ᠪᠣᠷᠤᠭ᠎ᠠ ᠬᠢᠭᠡᠳ ᠮᠢᠨᠤ ᠰᠡᠳᠬᠢᠯ ᠢ ᠪᠣᠯᠵᠣᠮᠣᠷ ᠬᠤᠯᠪᠣᠬᠤ ᠨᠢ ᠰᠢᠯᠦᠭ ᠮᠡᠲᠦ᠃ ︽ᠬᠥᠮᠥᠨ ᠵᠣᠨ | ᠬᠢᠭᠡᠳ ᠠᠳᠤᠭᠤ ᠮᠠᠯ ᠤᠨ ᠮᠢᠨᠢ ᠵᠣ ᠲᠡᠨᠢᠢᠵᠦ᠂ ᠥᠯᠵᠡᠢ ᠠᠮᠤᠭᠤᠯᠠᠩ ᠤᠨ ᠤᠶᠠᠬᠠᠨ ᠳᠠᠭᠤᠲᠤ ᠱᠠᠨᠵᠠ ᠬᠠᠩᠭᠢᠨᠠᠵᠤ | ᠯᠠ ᠪᠠᠶᠢᠪᠠᠯ ᠮᠢᠨᠤ ᠰᠡᠳᠬᠢᠯ ᠠᠭᠤᠵᠢᠷᠠᠨ᠎ᠠ᠃ ᠮᠥᠩᠬᠡ ᠨᠠᠰᠤᠲᠤ ᠠᠭᠤᠯᠠ ᠤᠰᠤ ᠪᠠᠨ ᠳᠦᠰᠢᠩᠭᠡᠨ ᠪᠠᠷᠠᠳᠠᠵᠤ᠂ | ᠦᠶ᠎ᠡ ᠶᠢᠨ ᠦᠶ᠎ᠡ ᠳᠤ ᠴᠤᠭ ᠵᠤᠯᠪᠤᠭ᠎ᠠ ᠪᠠᠨ ᠪᠠᠳᠠᠷᠠᠭᠤᠯᠤᠩᠬᠠᠨ ᠠᠰᠠᠭᠠᠵᠤ ᠯᠡ ᠪᠠᠶᠢᠪᠠᠯ ᠮᠢᠨᠤ ᠵᠢᠷᠭᠠᠯᠠᠩ ᠲᠡᠭᠦᠰ | ᠣᠷᠣᠰᠢᠨ᠎ᠠ︾ ᠭᠡᠵᠦ ᠬᠥᠭᠵᠢᠯᠲᠡᠢ ᠳᠠᠭᠤ ᠪᠠᠷ ᠢᠶᠠᠨ ᠴᠢᠬᠢᠨ᠎ᠡ ᠨᠠᠶᠢᠷᠲᠠᠢ ᠵᠢᠷᠭᠢᠯᠳᠦᠭᠰᠡᠨ ᠨᠤᠲᠤᠭᠴᠢ ᠪᠣᠯᠵᠣᠮᠣᠷ ᠤᠳ | ᠪᠣᠯ ᠡᠨᠡᠷᠢᠯ ᠬᠠᠶᠢᠷ᠎ᠠ ᠶᠢᠨ ᠡᠯᠴᠢᠰ ᠶᠤᠮ᠃ ᠵᠣᠨ ᠤ ᠭᠤᠣᠯ ᠳᠤ ᠣᠷᠣᠲᠠᠯ᠎ᠠ ᠬᠦᠰᠡᠵᠦ ᠬᠦᠯᠢᠶᠡᠵᠦ ᠤᠳᠠᠭᠰᠠᠨ | ᠪᠣᠷᠤᠭ᠎ᠠ ᠡᠴᠦᠰ ᠲᠡᠭᠡᠨ ᠱᠠᠭᠢᠯᠠ᠃ ᠪᠣᠷᠣᠭᠠᠨ ᠤ ᠴᠠᠭᠠᠨ᠎ᠠ ᠨᠠᠷᠠ ᠬᠠᠮᠢᠭ᠎ᠠ ᠪᠠᠶᠢᠭ᠎ᠠ ᠨᠢ ᠮᠡᠳᠡᠭᠳᠡᠬᠦ ᠦᠭᠡᠢ᠂ | ᠡᠳᠦᠷ ᠤᠨ ᠬᠡᠳᠦᠨ ᠬᠢᠯᠠᠭᠠᠨ ᠤᠳᠣ ᠴᠤ ᠪᠠᠷ᠎ᠠ ᠦᠭᠡᠢ᠃ ᠵᠦᠪᠭᠡᠨ ᠨᠡᠯᠦᠶᠢᠭᠰᠡᠨ ᠴᠢᠭᠢᠭᠯᠢᠭ ᠦᠨᠦᠷ ᠯᠡ ᠲᠠᠯ᠎ᠠ | ᠲᠠᠯ᠎ᠠ ᠠᠴᠠ ᠳᠣᠲᠣᠷ᠎ᠠ ᠣᠩᠭᠤᠶᠢᠲᠠᠯᠠ ᠰᠡᠷᠢᠭᠦᠦ ᠲᠠᠲᠠᠭᠤᠯᠤᠭᠠᠳ ᠲᠠᠭᠠᠲᠠᠢ᠃ | ᠵᠦᠰᠡᠷᠡᠨ ᠱᠠᠭᠢᠬᠤ ᠪᠣᠷᠣᠭᠠᠨ ᠤ ᠬᠠᠲᠠᠷᠢᠶᠠᠨ ᠳᠤ ᠠᠬᠯᠠᠬᠬᠠᠨ ᠲᠠᠯ᠎ᠠ ᠶᠢᠨ ᠠᠨᠢᠷ ᠦᠭᠡᠢ ᠪᠦᠭᠦᠨ ᠤ ᠲᠣᠷᠭᠠᠨ | ᠮᠡᠳᠡᠷᠡᠬᠦᠢ ᠬᠥᠨᠳᠡᠭᠳᠡᠵᠦ᠂ ᠠᠶᠢᠷᠠᠭ ᠤᠨ ᠠᠮᠲᠠ ᠴᠡᠮᠴᠡᠭᠡᠨᠡᠬᠦ ᠰᠢᠭ ᠠᠩᠬᠢᠯᠤᠨ ᠰᠡᠩᠭᠢᠨᠡᠭᠡᠳ ᠥᠩᠭᠡ ᠵᠢᠰᠦ ᠨᠢ | ᠲᠤᠶᠠᠭᠠᠷᠠᠨ᠎ᠠ᠃ ᠪᠣᠷᠣᠭᠠᠨ ᠤ ᠢᠷᠠᠭᠤᠬᠠᠨ ᠭᠦᠭ ᠰᠣᠨᠣᠷ ᠢ ᠴᠡᠩᠭᠡᠭᠦᠯᠦᠭᠰᠡᠭᠡᠷ ᠣᠷᠲᠦ ᠶᠢᠨ ᠳᠠᠭᠤᠤ ᠶᠢᠨ | ᠤᠪᠠᠳᠢᠰᠲᠤ ᠴᠤᠤᠷᠢᠶ᠎ᠠ ᠰᠢᠭ᠋ ᠭᠦᠪᠦᠯᠵᠡᠩᠭᠡᠨ ᠨᠠᠮᠵᠢᠬᠤ ᠶᠢᠨ ᠲᠡᠷᠡ ᠬᠦ ᠴᠢᠯᠦᠭᠡᠨ ᠳᠤ ᠠᠭᠤᠯᠠ ᠲᠠᠯ᠎ᠠ ᠨᠣᠵᠣᠭᠤᠷᠠᠨ | ᠲᠠᠯᠪᠢᠭᠤᠷᠠᠭᠠᠳ ᠠᠭᠤᠵᠢᠭᠤ ᠨᠢᠭᠡ ᠠᠮᠢᠰᠬᠤᠭ᠎ᠠ ᠠᠪᠬᠤ ᠨᠢ ᠮᠡᠳᠡᠷᠡᠭᠳᠡᠨ᠎ᠡ᠃ ᠪᠣᠷᠣᠭᠠᠨ ᠤ ᠴᠡᠭᠡᠯᠬᠡᠨ | ᠰᠢᠷᠤᠩᠬᠠᠢ ᠪᠠᠷ ᠰᠡᠷᠪᠡᠯᠵᠡᠨ ᠪᠣᠰᠣᠭᠰᠠᠨ ᠬᠡᠭᠡᠷ᠎ᠡ ᠲᠠᠯ᠎ᠠ ᠶᠢᠨ ᠪᠤᠲᠠ ᠰᠥᠭᠡᠭ᠂ ᠠᠭᠢ ᠲᠠᠭᠠᠨ᠎ᠠ᠂ ᠴᠠᠬᠢᠯᠳᠠᠭ ᠤᠨ | ᠨᠠᠮᠠᠭ᠎ᠠ ᠦᠭᠡ ᠳᠠᠭᠤ ᠦᠭᠡᠶᠢᠬᠡᠨ ᠢᠶᠠᠷ ᠰᠣᠭᠲᠣᠭᠤᠷᠠᠨ ᠨᠠᠶᠢᠭᠤᠨ᠎ᠠ᠃ ᠡᠷᠳᠡᠨᠢ ᠶᠢᠨ ᠷᠠᠰᠢᠶᠠᠨ ᠠᠮᠰᠠᠭᠰᠠᠨ | ᠡᠪᠡᠰᠦᠨ ᠤ ᠦᠵᠦᠭᠦᠷ ᠥᠭᠡᠳᠡ ᠭᠠᠭᠴᠠ ᠬᠤᠶᠠᠷ ᠭᠤᠯᠢᠶ᠎ᠠ ᠴᠠᠷᠴᠠᠬᠠᠢ᠂ ᠰᠢᠷᠭᠤᠯᠵᠢ ᠲᠡᠷᠢᠭᠦᠲᠡᠨ | ᠪᠣᠯᠭᠤᠮᠵᠢᠲᠠᠶᠢᠬᠠᠨ ᠠᠪᠠᠷᠢᠪᠠᠴᠤ ᠰᠠᠶ᠋ᠢᠬᠠᠨ ᠨᠣᠷᠣᠭᠰᠠᠨ ᠡᠪᠡᠰᠦᠨ ᠤ ᠨᠠᠮᠠᠭᠠᠳ ᠭᠦᠯᠢᠭᠡᠷᠭᠡᠨ ᠲᠤᠯᠠ ᠬᠠᠯᠲᠤᠷᠢᠭᠠᠳ | ᠤᠨᠠᠬᠤ ᠨᠢ ᠢᠨᠢᠶᠡᠳᠦᠮᠲᠡᠢ᠃ ᠳᠥᠵᠢᠷᠡᠭᠰᠡᠨ ᠭᠠᠩ ᠬᠠᠭᠰᠠᠷᠠᠭᠠᠨ ᠳᠤ ᠡᠰᠬᠡᠭᠦᠯᠦᠭᠰᠡᠨ ᠡᠪᠡᠰᠦ ᠨᠣᠭᠤᠭ᠎ᠠ ᠦᠶ᠎ᠡ | ᠭᠡᠰᠢᠭᠦᠦ ᠪᠠᠨ ᠲᠠᠪᠠᠲᠠᠶᠢᠬᠠᠨ ᠰᠤᠨᠢᠶᠠᠵᠤ᠂ ᠠᠯᠠᠭ ᠨᠢᠳᠦ ᠪᠠᠨ ᠲᠣᠷᠮᠣᠰ ᠲᠣᠷᠮᠣᠰ ᠠᠨᠢᠪᠴᠢᠬᠤᠶᠠ ᠠᠨᠢᠰᠬᠠᠨ ᠳᠡᠭᠡᠷ᠎ᠡ | ᠨᠢ ᠢᠷᠠᠭᠤ ᠤᠳᠬ᠎ᠠ ᠶᠢᠨ ᠰᠣᠪᠤᠳᠣᠨ ᠪᠥᠮᠪᠦᠯᠢᠭ ᠭᠢᠯᠲᠠᠭᠠᠨᠠᠨ᠎ᠠ᠃ ᠭᠠᠩᠳᠠᠮᠠᠯ ᠵᠣᠨ ᠤ ᠠᠩᠬᠠᠨ ᠤ ᠪᠣᠷᠣᠭᠠᠨ ᠢᠶᠠᠷ | ᠡᠪᠡᠰᠦ ᠨᠣᠭᠤᠭ᠎ᠠ ᠰᠠᠬᠤᠯᠢᠭ ᠰᠣᠷᠭᠤᠭ ᠰᠤᠭᠤᠷᠠᠵᠤ᠂ ᠦᠬᠡᠷ ᠬᠤᠨᠢᠳ ᠭᠦᠢᠴᠡᠳ ᠴᠠᠳᠬᠤ ᠠᠷᠠᠢ ᠪᠣᠯᠤᠭ᠎ᠠ ᠦᠭᠡᠢ | ᠴᠤ ᠡᠶᠢᠰᠢ ᠲᠡᠶᠢᠰᠢ ᠭᠤᠷᠢ ᠲᠠᠰᠤᠷᠠᠯ ᠦᠭᠡᠢ ᠪᠤᠬᠢᠨᠢᠳᠤᠨ ᠭᠥᠯᠢᠭᠡᠨᠡᠵᠦ᠂ ᠬᠠᠰᠢᠶᠠᠨ ᠠᠴᠠ ᠪᠠᠨ ᠰᠠᠶ᠋ᠢᠬᠠᠨ | ᠴᠢᠯᠦᠭᠡᠯᠡᠭᠳᠡᠭᠰᠡᠨ ᠬᠠᠷᠠᠭᠤᠰᠣᠯ ᠭᠤᠮᠣᠳᠠᠯ ᠢᠶᠠᠨ ᠭᠠᠷᠭᠠᠬᠤ ᠭᠡᠰᠡᠨ ᠮᠡᠲᠦ ᠰᠡᠭᠦᠯ ᠢᠶᠠᠨ ᠰᠢᠷᠪᠠᠨ ᠢᠯᠠᠭ᠎ᠠ ᠰᠢᠮᠠᠭᠤᠯ | ᠦᠷᠭᠦᠭᠡᠵᠦ᠂ ᠠᠷᠠᠮᠠᠭ ᠲᠠᠷᠠᠮᠠᠭ ᠪᠡᠯᠴᠢᠨ᠎ᠡ᠃ | ᠪᠣᠷᠤᠭ᠎ᠠ᠂ ᠪᠣᠷᠤᠭ᠎ᠠ ᠬᠡᠮᠡᠨ ᠠᠶᠤᠤᠯᠢᠬᠠᠢ ᠴᠡᠭᠡᠵᠢᠨ ᠤ ᠤᠭ ᠠᠴᠠ ᠪᠠᠨ ᠬᠠᠶᠢᠷ᠎ᠠ ᠢᠷᠦᠭᠡᠯ ᠰᠢᠩᠭᠡᠭᠰᠡᠨ | ᠪᠢᠯᠢᠭ ᠤᠨ ᠡᠭᠡᠰᠢᠭᠲᠦ ᠦᠭᠡᠰ ᠢ ᠡᠷᠴᠢᠲᠡᠢ ᠤᠨᠳᠤᠷᠤᠭᠤᠯᠵᠤ᠂ ᠢᠲᠡᠭᠡᠯ ᠢᠶᠠᠨ ᠳᠡᠭᠡᠵᠢᠯᠡᠭᠰᠡᠨ ᠤ ᠬᠠᠷᠢᠭᠤ ᠳᠤ | ᠠᠮᠠᠨ ᠤ ᠪᠡᠯᠭᠡ ᠲᠣᠭᠲᠠᠭᠠᠳ ᠯᠤᠤᠰ ᠤᠨ ᠲᠡᠭᠷᠢ ᠷᠠᠰᠢᠶᠠᠨ ᠬᠤᠷ᠎ᠠ ᠪᠠᠨ ᠬᠠᠶᠢᠷᠠᠯᠠᠵᠤ ᠪᠠᠶᠢᠭ᠎ᠠ ᠨᠢ ᠡᠨᠡ ᠳ᠋ᠠ ᠭᠡᠵᠦ | ᠵᠠᠯᠪᠠᠷᠢᠨ ᠪᠤᠳᠤᠬᠤ ᠳᠤ ᠪᠠᠶᠢᠭᠠᠯᠢ ᠠᠬᠤᠢ ᠪᠠᠨ ᠯᠡ ᠰᠢᠲᠦᠭᠡᠨ ᠪᠣᠯᠭ᠎ᠠ ᠭᠡᠬᠦ ᠳᠡᠭᠡᠳᠦᠰ ᠤᠨ ᠮᠢᠨᠢ ᠴᠠᠴᠠᠨ ᠰᠤᠷᠭᠠᠯ | ᠡᠰ ᠴᠢᠰᠤᠨ ᠳᠤ ᠨᠢᠯᠴᠢᠭᠢᠨᠡᠭᠡᠳ᠂ ᠥᠰᠢᠪᠡᠯ ᠭᠠᠩᠳᠠᠭᠤᠯᠵᠤ ᠭᠠᠩᠰᠠᠷᠠᠭᠤᠯᠵᠤ ᠴᠢᠳᠠᠳᠠᠭ᠂ ᠥᠷᠥᠰᠢᠶᠡᠪᠡᠯ | ᠠᠮᠢᠯᠠᠭᠤᠯᠵᠤ ᠡᠳᠡᠭᠡᠭᠡᠵᠦ ᠳᠡᠶᠢᠯᠳᠡᠭ ᠪᠠᠶᠢᠭᠠᠯᠢ ᠳᠡᠯᠡᠬᠡᠢ ᠶᠢᠨ ᠬᠡᠴᠡᠭᠦᠦ ᠶᠢ ᠬᠡᠯᠡᠵᠦ ᠥᠭᠭᠦᠨᠡᠮ᠃ ᠪᠣᠷᠣᠭᠠᠨ ᠤ | ᠮᠥᠩᠭᠦᠨ ᠲᠤᠰᠣᠯ ᠭᠠᠵᠠᠷ ᠳᠡᠯᠡᠬᠡᠢ ᠶᠢ ᠳᠡᠪᠲᠦᠲᠡᠯ᠎ᠡ ᠮᠡᠯᠮᠡᠷᠡᠵᠦ᠂ ᠵᠠᠯᠰᠠᠨ ᠰᠥᠮᠪᠦᠷ ᠠᠭᠤᠯᠠ ᠴᠠᠶᠢᠷᠠᠨ ᠥᠳᠬᠡᠷᠡᠬᠦ | ᠴᠠᠭᠠᠨ ᠮᠠᠨᠠᠨ ᠳᠤ ᠬᠤᠴᠢᠭᠳᠠᠭᠠᠳ ᠶᠠᠭᠤ ᠴᠤ ᠡᠰᠡ ᠦᠵᠡᠭᠳᠡᠪᠡᠴᠦ ᠲᠡᠷᠡ ᠵᠦᠭ ᠲᠤ ᠰᠣᠨᠢᠭᠤᠴᠢ ᠰᠡᠳᠬᠢᠯ ᠤᠨ | ᠵᠢᠯᠣᠭᠤ ᠨᠢᠭᠡᠨᠲᠡ ᠠᠯᠳᠠᠭᠤᠷᠠᠭᠠᠳ ᠰᠤᠮᠤ ᠶᠢᠨ ᠨᠠᠭᠠᠳᠤᠮ ᠳᠤ ᠨᠠᠶᠢᠭᠤᠲᠠᠯᠠ ᠰᠣᠶᠢᠭᠰᠠᠨ ᠠᠵᠢᠨᠠᠢ ᠭᠦᠯᠦᠭ ᠰᠢᠭ | ᠴᠣᠪᠬᠤᠴᠢᠨ ᠲᠡᠮᠡᠦᠯᠦᠨ᠎ᠡ᠃ ᠠᠭᠤᠯᠠᠰ᠂ ᠡᠭᠦᠯᠡᠰ᠂ ᠪᠣᠷᠤᠭ᠎ᠠ᠂ ᠡᠪᠡᠰᠦ ᠴᠡᠴᠡᠭᠡᠰ᠂ ᠣᠢ ᠮᠣᠳᠣᠳ᠂ ᠵᠠᠮ ᠬᠠᠷᠭᠤᠢ | ᠬᠢᠭᠡᠳ ᠪᠢ ᠡᠨᠡ ᠭᠱᠠᠨ᠎ᠠ ᠳᠡᠯᠡᠬᠡᠢ ᠡᠵᠢ ᠶᠢᠨ ᠢᠶᠠᠨ ᠠᠭᠤᠵᠢᠮ ᠡᠪᠦᠷ ᠲᠤ ᠨᠢᠯᠬᠠᠰᠢᠨ ᠡᠷᠬᠡᠯᠡᠭᠡᠳ ᠮᠢᠨᠤᠬᠢ ᠴᠢᠨᠦᠬᠢ | ᠭᠡᠬᠦ ᠵᠠᠭᠠᠭ ᠵᠠᠪᠰᠠᠷ ᠣᠷᠣ ᠦᠭᠡᠢ ᠠᠷᠢᠯᠤᠨᠠᠮ᠃ ᠪᠣᠷᠣᠭᠠᠨ ᠤ ᠱᠠᠭᠢᠬᠤ ᠴᠢᠮᠡᠭᠡ ᠪᠠᠶᠢᠰᠬᠢᠭᠡᠳ ᠭᠦᠶᠦᠳᠡᠯ | ᠳᠤᠮᠳᠠ ᠪᠠᠨ ᠰᠢᠷᠦᠭᠦᠰᠬᠦ ᠨᠢ ᠮᠠᠷᠲᠠᠭᠰᠠᠨ ᠢᠶᠠᠨ ᠦᠭᠡᠶᠢᠯᠡᠬᠦ ᠣᠨ ᠵᠢᠯ ᠤᠳ ᠤᠨ ᠭᠠᠩ ᠲᠦᠪᠡᠷᠭᠡᠨ ᠴᠤ ᠰᠢᠭ᠃ | ᠪᠠᠶᠠᠩᠭᠤᠣᠯ ᠬᠡᠮᠡᠬᠦ ᠡᠨᠡ ᠭᠠᠵᠠᠷ ᠤᠳᠠᠭᠠᠨ ᠵᠢᠯ ᠢᠳᠡᠭᠡᠰᠢᠨ ᠳᠠᠰᠬᠤ ᠳᠠᠭᠠᠨ ᠡᠷᠭᠢᠨ ᠲᠣᠭᠤᠷᠢᠨ ᠤ ᠠᠭᠤᠯᠠᠰ ᠲᠠᠢ | ᠴᠠᠭ ᠦᠷᠭᠦᠯᠵᠢ ᠲᠣᠪ ᠳᠤᠭᠤᠶᠢᠬᠠᠨ ᠰᠢᠷᠲᠡᠯᠴᠡᠵᠦ᠂ ᠪᠠᠶᠠᠷ ᠪᠠᠭ᠋ᠠᠳᠤᠯ ᠪᠣᠯᠣᠨ ᠭᠤᠮᠣᠳᠠᠯ ᠪᠠᠴᠢᠮᠳᠠᠯ ᠤᠨ | ᠦᠭᠡᠰ ᠢᠶᠠᠨ ᠢᠷᠤᠭᠠᠷ ᠢ ᠨᠢ ᠭᠦᠪᠢᠲᠡᠯᠡ ᠰᠢᠪᠡᠨᠡᠬᠦ ᠳᠤ ᠡᠷᠲᠡᠨ ᠤ ᠴᠠᠶᠢᠯᠭᠠᠨ ᠵᠠᠩ ᠢᠶᠠᠷ ᠢᠶᠠᠨ ᠮᠡᠯᠡᠰᠬᠢᠲᠡᠯᠡ | ᠭᠥᠯᠢᠶᠡᠨ ᠠᠪᠬᠤ ᠳᠤᠨᠢ ᠬᠡᠮᠵᠢᠶᠡᠯᠡᠰᠢ ᠦᠭᠡᠢ ᠣᠮᠣᠭᠰᠢᠵᠤ᠂ ᠨᠢᠭᠡᠨᠲᠡ ᠨᠥᠮᠥᠷᠦᠭᠡᠳ ᠢᠷᠡᠭᠰᠡᠨ ᠪᠠᠶᠠᠷ ᠦᠭᠡᠢ | ᠪᠦᠭᠦᠨ ᠡᠷ᠎ᠡ ᠵᠣᠷᠢᠭ ᠢ ᠮᠢᠨᠢ ᠳᠠᠩᠳᠠ ᠮᠣᠬᠤᠭᠠᠬᠤ ᠬᠡᠮᠡᠨ ᠢᠪ ᠳᠠᠷᠤᠬᠤ ᠪᠦᠷᠢ ᠳᠤᠲᠠᠵᠤ ᠳᠤᠨᠳᠠᠷᠠᠰᠢ ᠦᠭᠡᠢ | ᠳᠣᠲᠣᠭᠠᠳᠤ ᠢᠯᠴᠢ ᠲᠠᠮᠢᠷ ᠢ ᠲᠡᠨᠳᠡ ᠠᠴᠠ ᠪᠢ ᠣᠯᠳᠠᠭ ᠪᠢᠯᠡ᠃ ᠸᠧᠶᠧᠨᠠ ᠶᠢᠨ ᠠᠯᠲᠠᠨ ᠲᠠᠩᠬᠢᠮ ᠳᠤ | ᠳᠠᠭᠤᠷᠢᠰᠤᠭᠰᠠᠨ ᠰᠢᠮᠫᠤᠨᠢ ᠬᠥᠭᠵᠢᠮ ᠤᠨ ᠰᠣᠩᠭᠤᠳᠠᠭ ᠠᠶᠠᠯᠭᠤ ᠰᠢᠭ᠋ ᠨᠠᠮᠢᠷᠠᠭ᠎ᠠ ᠪᠣᠷᠣᠭᠠᠨ ᠨᠠᠮᠤᠭᠤᠬᠠᠨ | ᠵᠠᠪᠰᠠᠷᠯᠠᠬᠤ ᠶᠢᠨ ᠢᠯᠳᠠᠮ ᠳᠤ ᠭᠠᠳᠠᠭ᠎ᠠ ᠭᠠᠷᠪᠠᠯ᠂ ᠲᠤᠨᠤᠬᠰᠠᠨ ᠤᠰᠣᠨ ᠤ ᠵᠢᠷᠪᠢᠭᠢᠨᠡᠬᠦ ᠮᠠᠨᠳᠠᠯ ᠰᠢᠭᠦᠷᠦᠨ | ᠡᠭᠦᠯᠡᠰ ᠤᠨ ᠰᠡᠵᠢᠭᠦᠷ ᠴᠡᠴᠡᠷᠭᠡᠨᠡᠨ ᠴᠠᠶᠢᠪᠠᠯᠵᠠᠬᠤ ᠪᠥᠭᠡᠳ ᠠᠳᠬᠤᠭᠠᠳ ᠠᠪᠤᠮᠠᠷ ᠲᠡᠶᠢᠮᠦ ᠣᠶᠢᠷᠠᠬᠠᠨ ᠴᠤ | ᠳᠦᠷᠰᠦ ᠨᠢ ᠬᠤᠭᠤᠰᠤᠨ ᠤ ᠤᠴᠢᠷ ᠪᠠᠷᠢᠶ᠎ᠠ ᠬᠡᠮᠡᠨ ᠰᠡᠳᠬᠢᠯ ᠬᠡᠳᠦᠢ ᠭᠤᠷᠢᠳᠠᠪᠠᠴᠤ ᠰᠠᠨᠠᠭᠰᠠᠨ ᠳᠠᠭᠠᠨ ᠬᠦᠷᠴᠦ | ᠥᠯᠦ ᠴᠢᠳᠠᠨ᠎ᠠ᠃ ︽ᠡᠭᠦᠯᠡᠰ ᠤᠨ ᠬᠤᠪᠢᠷᠠᠯ ᠬᠥᠳᠡᠯᠭᠡᠭᠡᠨ ᠳᠣᠲᠣᠭᠠᠳᠤ ᠰᠢᠯᠲᠠᠭᠠᠨ ᠲᠠᠢ ᠪᠠᠨ ᠠᠭᠠᠷ ᠮᠠᠨᠳᠠᠯ ᠤᠨ ᠬᠢ᠂ | ᠭᠠᠵᠠᠷ ᠤᠨ ᠳᠡᠯᠭᠡᠴᠡᠨ ᠳᠠᠬᠢ ᠰᠠᠶ᠋ᠢ ᠶᠢᠨ ᠲᠡᠷᠡ ᠵᠢᠷᠤᠭ ᠪᠣᠷᠣᠭᠠᠨ ᠤ ᠰᠠᠪᠰᠢᠶᠡᠨ ᠳᠤ ᠠᠭᠤᠰᠤᠨ ᠵᠠᠳᠠᠷᠠᠵᠤ᠂ ᠮᠢᠨᠤ | ᠤᠬᠲᠣ ᠮᠡᠳᠡᠬᠦ ᠦᠭᠡᠢ ᠥᠭᠡᠷ᠎ᠡ ᠣᠷᠣᠨ ᠳᠤ ᠰᠢᠯᠵᠢᠭᠡᠳ ᠶᠠᠩᠵᠤ ᠶᠠᠩᠵᠤ ᠶᠢᠨ ᠭᠡᠯᠪᠡᠷᠢ ᠭᠠᠯᠪᠢᠷ ᠪᠦᠲᠦᠭᠡᠬᠦ | ᠪᠠᠶᠢᠬ᠎ᠠ ᠳ᠋ᠠ︾ ᠭᠡᠬᠦ ᠪᠦᠦᠷ ᠲᠦᠦᠷᠬᠡᠨ ᠣᠶᠢᠯᠠᠭᠠᠯᠲᠠ ᠪᠠᠷ ᠥᠪᠡᠷ ᠢ ᠪᠠᠨ ᠠᠷᠭᠠᠳᠠᠨᠠᠮ᠃ | ᠵᠡᠭᠦᠨ ᠵᠦᠭ ᠲᠤ ᠬᠡᠪᠲᠡᠭᠡ ᠵᠠᠭᠠᠨ ᠤ ᠳᠦᠷᠢᠲᠦ ᠴᠠᠭᠠᠨ ᠣᠪᠣᠭ᠎ᠠ ︽ᠥᠩ ᠵᠢᠯ ᠤᠨ ᠬᠡᠰᠢᠭ ᠮᠠᠨ ᠳᠠᠭᠠᠨ | ᠢᠷᠡᠯ᠎ᠡ︾ ᠭᠡᠭᠰᠡᠭᠡᠷ ᠬᠠᠷᠠᠭᠠᠨ ᠳᠤ ᠡᠯᠢᠭᠡᠰᠡᠭ ᠲᠦᠩᠬᠦᠶᠢᠵᠦ᠂ ᠪᠠᠷᠠᠭᠤᠨ ᠬᠤᠶᠢᠨ᠎ᠠ ᠵᠦᠭ ᠲᠤ ᠦᠯᠢᠭᠡᠷ ᠦᠨᠡᠨ | ᠬᠤᠶᠠᠷ ᠤᠨ ᠳᠤᠮᠳᠠ ᠮᠢᠩᠭ᠎ᠠ ᠮᠢᠩᠭᠠᠨ ᠵᠢᠯ ᠤᠨ ᠬᠠᠯᠠᠭᠤᠨ ᠵᠡᠭᠦᠳᠦ ᠪᠠᠨ ᠮᠠᠨᠠᠭᠰᠠᠨ ᠬᠠᠪᠬ᠎ᠠ ᠶᠢᠨ ᠡᠩᠭᠡᠷ ᠨᠤᠲᠤᠭ | ᠤᠰᠤ ᠪᠠᠨ ᠬᠥᠳᠡᠯᠦᠰᠢ ᠦᠭᠡᠢ ᠰᠠᠬᠢᠨ᠎ᠠ᠃ ᠪᠣᠷᠣᠭᠠᠨ ᠤ ᠲᠤᠬᠠᠢ ᠮᠢᠨᠤ ᠮᠡᠳᠡᠬᠦ ᠦᠭᠡᠢ ᠭᠠᠶᠢᠬᠠᠮᠰᠢᠭᠲᠤ ᠤᠯᠠᠨ | ᠦᠯᠢᠭᠡᠷ ᠲᠣᠮᠤᠭ ᠤᠳ ᠢ ᠲᠠᠨᠢᠯ ᠲᠠᠰᠤᠯᠬᠠᠨ ᠠᠭᠤᠯᠠᠰ ᠤᠨ ᠮᠢᠨᠢ ᠥᠭᠡᠬᠦᠨ ᠴᠠᠭᠠᠨ ᠴᠢᠯᠠᠭᠤᠳ ᠰᠢᠩᠭᠡᠭᠡᠵᠦ | ᠪᠠᠷᠢᠨᠲᠠᠭᠯᠠᠭᠰᠠᠨ ᠭᠡᠵᠦ ᠢᠲᠡᠭᠡᠨᠡᠮ᠃ ᠠᠯᠢ ᠨᠢᠭᠡ ᠡᠳᠦᠷ ᠪᠣᠷᠣᠭᠠᠨ ᠳᠤ ᠱᠠᠪᠰᠢᠭᠤᠯᠤᠭᠰᠠᠨ ᠲᠡᠷᠡ ᠴᠢᠯᠠᠭᠤᠳ ᠠᠴᠠ | ᠤᠷᠢᠳᠤ ᠶᠢᠨ ᠶᠠᠪᠤᠳᠠᠯ ᠤᠨ ᠣᠷᠬᠢᠭᠳᠠᠭᠰᠠᠨ ᠤᠴᠢᠭ ᠤᠳ ᠰᠣᠯᠣᠩᠭ᠎ᠠ ᠬᠥᠯᠭᠡᠯᠡᠨ ᠭᠦᠪᠦᠷᠡᠵᠦ᠂ ᠡᠭᠦᠪᠡᠷ ᠶᠠᠪᠤᠵᠤ | ᠥᠩᠭᠡᠷᠡᠭᠰᠡᠨ ᠤᠬᠠᠭᠠᠨᠲᠤ ᠳᠡᠭᠡᠳᠦᠰ ᠤᠨ ᠮᠢᠨᠢ ᠬᠡᠯᠡᠭᠡ ᠦᠭᠡᠢ ᠦᠭᠡ᠂ ᠶᠠᠷᠢᠭ᠎ᠠ ᠦᠭᠡᠢ ᠵᠣᠭᠤᠭ ᠢ ᠬᠦᠦᠷᠨᠢᠬᠦ | ᠪᠢᠵᠡ︖ ᠭᠠᠩ ᠬᠠᠭᠰᠠᠷᠠᠭᠠᠨ ᠡᠬᠢᠯᠡᠭᠡᠳ ᠵᠢᠷᠦᠬᠡ ᠵᠦᠰᠦᠮᠡᠷ ᠬᠡᠴᠡᠭᠦᠳᠡᠵᠦ᠂ ᠭᠤᠣᠯ ᠤᠰᠤ᠂ ᠬᠡᠭᠡᠷ᠎ᠡ ᠲᠠᠯ᠎ᠠ᠂ | ᠡᠪᠡᠰᠦ ᠤᠷᠭᠤᠮᠠᠯ ᠲᠡᠷᠢᠭᠦᠲᠡᠨ ᠢ ᠲᠣᠯᠣᠭᠠᠢ ᠥᠨᠳᠡᠶᠢᠯᠭᠡᠬᠦ ᠦᠭᠡᠢ ᠳᠠᠷᠤᠭᠰᠠᠨ ᠪᠤᠯᠪᠠᠴᠤ ᠲᠡᠭᠷᠢ ᠶᠢᠨ ᠵᠦᠢ ᠪᠠᠷ | ᠲᠦᠳᠡᠯ ᠦᠭᠡᠢ ᠬᠤᠷ᠎ᠠ ᠲᠤᠨᠤᠳᠠᠰᠤ ᠬᠠᠷᠠᠮ ᠦᠭᠡᠢ ᠪᠠᠭᠤᠬᠤᠶᠠ ᠭᠠᠵᠠᠷ ᠤᠰᠣᠨ ᠤ ᠮᠢᠨᠢ ᠠᠯᠲᠠᠨ ᠮᠠᠬᠠᠪᠤᠳ | ᠯᠠᠭᠰᠢᠨ ᠲᠤᠩᠭᠠᠯᠠᠭ᠂ ᠳᠣᠷᠪᠢᠯᠢᠭ ᠬᠦᠴᠦᠲᠡᠢ᠂ ᠢᠨᠢᠶᠡᠮᠰᠦᠭᠯᠡᠯ ᠳᠦᠭᠦᠷᠡᠩ ᠪᠣᠯᠤᠭᠰᠠᠨ ᠨᠢ ᠦᠨᠡᠬᠡᠷ ᠪᠠᠶᠠᠷ᠃ | ᠬᠠᠪᠲᠠᠭᠠᠢ ᠴᠡᠭᠡᠵᠢᠨ ᠳᠤ ᠮᠢᠨᠢ ᠪᠣᠲᠣᠭᠤ ᠰᠢᠭ᠋ ᠪᠤᠶᠢᠯᠠᠩᠬᠠᠨ ᠭᠤᠩᠭᠠᠨᠢᠬᠤ ᠡᠯ᠎ᠡ ᠪᠦᠭᠦᠨ ᠤ ᠡᠬᠢ ᠠᠳᠠᠭ ᠢ | ᠲᠤᠩᠭᠠᠨ ᠪᠤᠳᠤᠭᠠᠳ ᠰᠡᠷᠢᠭᠦᠨ ᠠᠭᠠᠷ ᠲᠤ ᠬᠠᠴᠠᠷ ᠢᠶᠠᠨ ᠢᠯᠪᠢᠭᠦᠯᠦᠨ ᠵᠣᠭᠰᠣᠲᠠᠯ᠎ᠠ ᠪᠠᠷᠠᠭᠤᠨ ᠬᠤᠶᠢᠨ᠎ᠠ ᠠᠴᠠ | ᠡᠭᠦᠯᠡᠰ ᠨᠡᠲᠦᠶᠢᠨ ᠨᠡᠭᠦᠳᠡᠯᠯᠡᠭᠡᠳ ᠪᠣᠷᠣᠭᠠᠨ ᠳᠠᠭᠢᠭᠠᠳ ᠤᠷᠮᠠᠲᠠᠶᠢᠬᠠᠨ ᠱᠠᠭᠢᠵᠤ ᠡᠬᠢᠯᠡᠯ᠎ᠡ᠃ ᠴᠣᠩᠬᠤᠨ ᠤ ᠰᠢᠯ | ᠲᠣᠪᠰᠢᠯᠠᠬᠤ ᠳᠣᠯᠣᠳᠤᠭᠠᠷ ᠰᠠᠷ᠎ᠠ ᠶᠢᠨ ᠰᠢᠨᠡᠳ ᠤᠨ ᠪᠣᠷᠣᠭᠠᠨ ︽ᠰᠠᠶᠢᠬᠠᠨ ᠪᠦᠭᠦᠨ ᠠᠳᠡ ᠠᠴᠠ ᠡᠬᠢᠯᠡᠨ᠎ᠡ︾ ᠭᠡᠬᠦ | ᠰᠢᠭ ᠥᠨᠢ ᠡᠷᠲᠡᠨ ᠤ ᠰᠤᠷᠠᠭ ᠳᠣᠬᠢᠶ᠎ᠠ ᠶᠢ ᠣᠶᠢᠷᠠᠲᠤᠭᠤᠯᠬᠤ ᠮᠡᠲᠦ ᠠᠰᠬᠠᠷᠠᠲᠠᠯ᠎ᠠ ᠱᠠᠪᠰᠢᠨ᠎ᠠ᠃ ᠵᠠᠭᠤᠨ ᠵᠠᠭᠤᠨ ᠤ | ᠲᠡᠷᠲᠡᠭᠡ ᠠᠯᠤᠰ ᠲᠤ ᠡᠶᠢᠮᠦ ᠪᠣᠷᠣᠭᠠᠨ ᠥᠷᠭᠦᠭᠡ ᠴᠠᠭᠠᠨ ᠭᠡᠷ ᠤᠨ ᠬᠠᠶᠠᠭ᠎ᠠ ᠳᠤᠭᠤᠶᠢᠯᠠᠨ ᠡᠷᠬᠡ ᠲᠠᠩᠬᠢᠯᠬᠠᠨ | ᠢᠰᠢᠭᠡ ᠰᠢᠭ ᠳᠡᠭᠳᠡᠨ ᠲᠣᠩᠭᠤᠴᠢᠨ ᠭᠦᠶᠦᠯᠴᠡᠵᠦ᠂ ᠶᠢᠷᠲᠢᠨᠴᠦ ᠶᠢᠨ ᠳᠦᠷᠪᠡᠨ ᠵᠦᠭ ᠨᠠᠢᠮᠠᠨ ᠵᠣᠪᠬᠢᠰ ᠢ | ᠴᠢᠬᠢ ᠪᠠᠨ ᠳᠡᠯᠳᠡᠶᠢᠯᠭᠡᠨ ᠴᠢᠩᠨᠠᠬᠤ ᠲᠥᠷᠬᠦ ᠨᠢ ᠰᠡᠳᠬᠢᠯ ᠳᠤ ᠲᠣᠳᠣ ᠵᠢᠷᠤᠭᠳᠠᠭᠠᠳ ᠶᠡᠷᠦ ᠪᠤᠰᠤ ᠶᠢᠨ | ᠪᠠᠶᠠᠰᠬᠤᠯᠠᠩᠲᠤ ᠣᠷᠴᠢᠯᠠᠩ ᠲᠥᠰᠥᠭᠡᠯᠡᠭᠳᠡᠨᠡ᠃ ᠭᠠᠯᠪᠠ ᠲᠣᠭᠲᠠᠬᠤ ᠶᠢᠨ ᠲᠡᠷᠡ ᠮᠥᠴᠡ ᠠᠴᠠ ᠪᠣᠷᠣᠭᠠᠨ ᠤ ᠡᠵᠡᠳ | ᠰᠠᠬᠢᠭᠤᠰᠤ ᠶᠡᠷᠦ ᠠᠴᠠ ᠪᠠᠨ ᠠᠯᠠᠭ ᠰᠠᠨᠠᠭ᠎ᠠ ᠦᠭᠡᠢ ᠨᠢ ᠭᠡᠷᠡᠴᠢᠯᠡᠭᠳᠡᠵᠦ᠂ ᠶᠢᠷᠲᠢᠨᠴᠦ ᠶᠢᠨ ᠲᠡᠳᠡᠭᠡᠷ ᠪᠠᠲᠤᠲᠠᠢ | ᠪᠣᠳᠠᠲᠠᠢ ᠦᠨᠡᠨ ᠤᠳ ᠪᠠ ᠳᠡᠯᠲᠡᠯᠢᠭ᠋ ᠪᠦᠲᠦᠴᠡ ᠶᠢᠨ ᠲᠤᠬᠠᠢ ᠦᠨᠡᠷᠬᠡᠯ ᠦᠭᠡᠢ ᠰᠢᠪᠡᠨᠡᠨ ᠰᠢᠪᠡᠷᠡᠭᠰᠡᠭᠡᠷ | ᠢᠷᠡᠭᠰᠡᠨ ᠳᠤ ᠰᠦᠰᠦᠭᠯᠡᠨ ᠲᠠᠯᠠᠷᠬᠠᠨᠠᠮ᠃ | ᠪᠣᠷᠣᠭᠠᠨ ᠪᠢᠳᠡᠨ ᠠᠴᠠ ᠢᠯᠭᠠᠭ᠎ᠠ ᠨᠢ ᠬᠠᠮᠢᠭ᠎ᠠ ᠪᠠᠶᠢᠨ᠎ᠠ︖ ᠪᠣᠷᠣᠭᠠᠨ ᠳᠤ ᠥᠪᠡᠷ ᠤᠨ ᠭᠡᠯᠡ᠂ ᠦᠵᠡᠯ | ᠰᠠᠨᠠᠭ᠎ᠠ᠂ ᠢᠲᠡᠭᠡᠯ ᠪᠢᠰᠢᠷᠡᠯ᠂ ᠠᠨᠳᠠᠭᠠᠢ ᠲᠠᠩᠭᠠᠷᠢᠭ᠂ ᠠᠭᠠᠰᠢ ᠵᠠᠩ᠂ ᠵᠡᠭᠦᠳᠦ ᠵᠦᠩ ᠪᠤᠢ ᠭᠡᠵᠢ ᠤᠤ⁈ ᠠᠯᠢᠪᠠ | ᠪᠦᠭᠦᠨ ᠳᠤ ᠥᠪᠡᠷ ᠥᠪᠡᠷ ᠤᠨ ᠨᠢᠭᠤᠴᠠ ᠲᠠᠢ᠂ ᠭᠠᠭᠴᠠ ᠬᠦ ᠬᠥᠮᠥᠨ ᠪᠢᠳᠡ ᠥᠴᠥᠬᠡᠨ᠃ ᠬᠤᠷᠣᠬᠠᠢ | ᠰᠢᠪᠠᠵᠢ ᠠᠴᠠ ᠪᠢᠳᠡ ᠶᠠᠭᠤ ᠪᠠᠷ ᠢᠶᠠᠨ ᠣᠨᠳᠣᠣ ᠭᠡᠵᠦ᠃ ᠬᠥᠮᠥᠨ ᠲᠥᠷᠥᠯᠬᠢᠲᠡᠨ ᠪᠡᠶ᠎ᠡ ᠪᠠᠨ ᠠᠯᠢᠪᠠ ᠶᠢᠨ ᠳᠡᠭᠡᠲᠡᠢ | ᠭᠡᠵᠦ ᠣᠷᠣᠢ ᠣᠩᠭᠤᠳ ᠦᠭᠡᠢ ᠶᠡᠬᠡᠷᠬᠡᠨ ᠲᠣᠭᠤᠭᠠᠳ ᠵᠠᠭᠤᠨ ᠵᠠᠭᠤᠨ ᠢ ᠬᠠᠷᠠᠯᠭᠠᠨ ᠦᠳᠡᠭᠰᠡᠨ ᠨᠢ ᠶᠠᠭᠤᠲᠠᠢ | ᠥᠷᠥ ᠡᠪᠡᠳᠦᠮ᠎ᠡ᠂ ᠵᠢᠷᠦᠬᠡ ᠰᠢᠮᠰᠢᠷᠡᠮ᠎ᠡ᠃ ᠴᠣᠩᠬᠤᠨ ᠤ ᠳᠡᠷᠭᠡᠳᠡ ᠰᠠᠭᠤᠭᠠᠳ ᠢᠩᠭᠢᠵᠦ ᠪᠤᠳᠤᠬᠤᠶ᠎ᠠ ᠥᠷᠥᠭᠡᠨ ᠤ | ᠬᠡᠷᠡᠮ ᠬᠠᠨ᠎ᠠ᠂ ᠰᠢᠷᠡᠭᠡ ᠰᠠᠨᠳᠠᠯᠢ᠂ ︽ᠣᠭᠲᠠᠷᠭᠤᠢ ᠶᠢᠨ ᠴᠠᠭᠠᠨ ᠭᠠᠷᠤᠳᠢ︾ ᠨᠣᠮ ᠤᠨ ᠳᠡᠯᠭᠡᠭᠡ ᠦᠭᠡᠢ ᠬᠠᠭᠤᠳᠠᠰᠤ᠂ | ᠱᠠᠭᠠᠵᠠᠩ ᠴᠣᠮᠣ᠂ ᠡᠮ ᠤᠨ ᠲᠠᠯᠪᠢᠭᠤᠷ᠂ ᠬᠠᠷᠠᠭᠠᠨ ᠤ ᠬᠡᠮᠵᠢᠭᠦᠷ᠂ ᠲᠡᠷᠡ ᠪᠠᠶᠢᠲᠤᠭᠠᠢ ᠪᠤᠯᠤᠩ ᠳᠤ ᠲᠦᠰᠢᠭᠦᠯᠵᠦ | ᠲᠠᠯᠪᠢᠭᠰᠠᠨ ᠱᠦᠭᠦᠷ ᠤᠨ ᠪᠠᠷᠢᠭᠤᠯ᠂ ᠪᠠᠷᠢᠭᠤᠯ ᠤᠨ ᠬᠠᠯᠴᠠᠷᠠᠭᠰᠠᠨ ᠰᠢᠷᠭᠠᠯᠬᠠᠨ ᠪᠤᠳᠤᠭ ᠭᠦᠷᠲᠡᠯ᠎ᠡ ᠪᠣᠷᠤᠭ᠎ᠠ | ᠪᠣᠯᠣᠭᠠᠳ ᠱᠠᠭᠢᠵᠤ ᠪᠠᠶᠢᠬᠤ ᠰᠢᠭ᠋ ᠬᠠᠴᠢᠨ ᠰᠡᠷᠡᠯ ᠳᠤ ᠠᠪᠲᠠᠭᠳᠠᠨ᠎ᠠ᠃ | ᠣᠷᠴᠢᠯᠠᠩ ᠴᠠᠭᠯᠠᠰᠢ ᠦᠭᠡᠢ ᠠᠭᠤᠳᠠᠮ᠂ ᠭᠦᠪᠡᠭᠡ ᠬᠢᠵᠠᠭᠠᠷ ᠨᠢ ᠲᠡᠨᠳᠡ ᠭᠡᠵᠦ ᠬᠡᠨ ᠨᠢᠭᠡ ᠨᠢ ᠮᠡᠳᠡᠮᠡᠬᠡᠶᠢᠷᠡᠬᠦ ᠳᠤ | ᠦᠭᠡ ᠢᠴᠢᠨ᠎ᠡ᠃ ᠮᠥᠩᠬᠡ ᠡᠷᠭᠢᠯᠳᠦᠭᠴᠢ ᠠᠯᠲᠠᠨ ᠬᠤᠷᠯᠣ ᠰᠢᠭ᠋ ᠠᠯᠠᠭᠬᠠᠨ ᠳᠡᠯᠡᠬᠡᠢ ᠶᠢᠨ ᠠᠷᠢᠭᠤᠨ ᠬᠡᠪᠡᠯᠢ ᠳᠤ | ᠬᠥᠮᠥᠨ ᠤ ᠲᠥᠷᠦᠯ ᠢ ᠣᠯᠣᠭᠰᠠᠨ ᠪᠢᠳᠡ ᠪᠣᠷᠣᠭᠠᠨ ᠤ ᠬᠢᠷᠢ ᠤᠬᠠᠭᠠᠨ ᠰᠠᠨᠠᠭ᠎ᠠ ᠭᠡᠭᠡᠬᠡᠨ ᠭᠡᠵᠦ ᠦᠦ ᠳ᠋ᠠ︖ ᠪᠦᠦ | ᠮᠡᠳᠡ᠃ ᠣᠭᠤᠰᠣᠷ ᠪᠦᠴᠡ ᠦᠭᠡᠢ ᠤᠶᠤᠨ ᠪᠤᠳᠣᠯ ᠢᠶᠠᠷ ᠢᠶᠠᠨ ᠣᠷᠴᠢᠯᠠᠩ ᠪᠢᠳᠡᠨ ᠢ ᠡᠷᠬᠡᠰᠢᠶᠡᠵᠦ᠂ ᠵᠣᠨ ᠤ | ᠴᠠᠭ ᠤᠨ ᠠᠯᠲᠠᠨ ᠦᠵᠦᠮ ᠬᠡᠮᠡᠨ ᠨᠡᠷᠡᠯᠡᠭᠳᠡᠭᠰᠡᠨ ᠷᠠᠰᠢᠶᠠᠨ ᠬᠤᠷ᠎ᠠ ᠪᠠᠨ ᠬᠠᠷᠠᠮᠨᠠᠯ ᠦᠭᠡᠢ ᠢᠯᠡᠭᠡᠭᠡᠳ ᠬᠠᠨᠤᠰᠢ | ᠦᠭᠡᠢ ᠰᠢᠨᠤᠯ ᠳᠠᠭᠠᠨ ᠱᠥᠭᠯᠡᠭᠦᠯᠦᠭᠰᠡᠨ ᠠᠳᠬᠠᠭ ᠮᠠᠭᠤ ᠰᠡᠳᠬᠢᠯ ᠢ ᠮᠢᠨᠢ ᠠᠷᠢᠭᠤᠰᠬᠠᠨ ᠴᠡᠪᠡᠷᠯᠡᠨ᠎ᠡ ᠪᠢᠰᠢᠦ︖ | ᠪᠣᠷᠣᠭᠠᠨ ᠤ ᠭᠠᠭᠴᠠᠬᠠᠨ ᠲᠣᠰᠣᠯ ᠳᠤ ᠴᠤ ᠶᠢᠷᠲᠢᠨᠴᠦ ᠶᠢᠨ ᠣᠷᠣᠨ ᠵᠠᠢ᠂ ᠴᠠᠭ ᠮᠥᠴᠡ᠂ ᠬᠦᠰᠡᠯ ᠮᠥᠷᠥᠭᠡᠳᠦᠯ᠂ | ᠵᠢᠷᠭᠠᠯ ᠵᠤᠪᠠᠯᠠᠩ᠂ ᠦᠢᠯᠡ ᠦᠷ᠎ᠡ ᠶᠢᠨ ᠪᠠᠷᠢᠯᠳᠤᠯᠭ᠎ᠠ ᠣᠷᠣᠰᠢᠳᠠᠭ ᠪᠥᠭᠡᠳ ᠡᠨᠡ ᠪᠦᠭᠦᠨ ᠢ ᠪᠣᠷᠣᠭᠠᠨ ᠤ ᠲᠤᠰᠣᠯ | ᠨᠢᠭᠡᠪᠦᠷᠢ ᠳᠣᠲᠣᠷ᠎ᠠ ᠪᠠᠨ ᠥᠷᠥᠪᠴᠢᠬᠡᠨ ᠲᠡᠭᠡᠭᠡᠵᠦ ᠶᠠᠪᠤᠬᠤ ᠳᠠᠭᠠᠨ ᠬᠡᠴᠢᠨᠡᠨ ᠶᠡᠭᠡ ᠶᠠᠳᠠᠷᠠᠵᠤ ᠵᠦᠳᠡᠷᠡᠵᠦ᠂ | ᠡᠪᠡᠳᠴᠦ ᠰᠢᠨᠠᠯᠪᠠᠴᠤ ᠤᠬᠲᠣ ᠳᠤᠤᠭᠠᠷᠳᠠᠭ ᠦᠭᠡᠢ ᠪᠢᠯᠡ᠃ | ᠠᠤᠭ᠎ᠠ ᠶᠡᠭᠡ ᠥᠴᠥᠬᠡᠨ ᠠᠴᠠ ᠡᠭᠦᠰᠦᠨ᠎ᠡ ᠭᠡᠳᠡᠭ ᠦᠭᠡ ᠪᠤᠢ᠃ ᠪᠤᠷᠬᠠᠯᠢᠭ ᠴᠡᠪᠡᠷᠬᠡᠨ ᠪᠣᠷᠣᠭᠠᠨ ᠤ | ᠲᠤᠰᠣᠯ ᠤᠳ ᠪᠦᠲᠦᠨ ᠴᠣᠭᠴᠠ ᠳᠤ ᠬᠤᠷᠠᠮᠳᠤᠬᠤ ᠳᠠᠭᠠᠨ ᠵᠢᠭᠳᠡ ᠬᠥᠳᠡᠯᠭᠡᠭᠡᠨ ᠡᠭᠦᠰᠬᠡᠵᠦ᠂ ᠭᠠᠵᠠᠷ ᠤᠨ ᠮᠠᠩᠨᠠᠢ | ᠤᠷᠤᠭᠤ ᠮᠢᠨᠳᠠᠰᠤᠨ ᠴᠠᠭᠠᠨ ᠮᠠᠨᠠᠨ ᠲᠠᠲᠠᠭᠤᠯᠤᠭᠰᠠᠭᠠᠷ ᠥᠯᠵᠡᠢ ᠤᠲᠠᠰᠤ ᠵᠢᠷᠤᠬᠤ ᠮᠡᠲᠦ ᠥᠯᠮᠡᠢ ᠪᠠᠨ ᠬᠥᠩᠭᠡᠬᠡᠨ | ᠲᠠᠯᠪᠢᠬᠤ ᠨᠢ ᠴᠡᠴᠡᠭ ᠤᠨ ᠳᠤᠮᠳᠠ ᠢᠨᠵᠠᠭ᠎ᠠ ᠲᠣᠷᠮᠣᠯᠵᠠᠬᠤ ᠰᠢᠭ᠋ ᠬᠥᠭᠡᠷᠦᠬᠦᠨ᠂ ᠦᠨᠡᠲᠦ ᠰᠤᠳᠤᠷ ᠤᠨ | ᠴᠠᠭᠠᠰᠤᠨ ᠳᠤ ᠰᠢᠳᠢᠲᠦ ᠪᠢᠷ ᠤᠨ ᠦᠵᠦᠭᠦᠷ ᠢ ᠬᠦᠷᠦᠯᠴᠡᠭᠦᠯᠦᠨ ᠵᠢᠷᠢᠯᠵᠡᠭᠦᠯᠵᠦ᠂ ᠳᠠᠪᠲᠠᠭᠳᠠᠰᠢ ᠦᠭᠡᠢ | ᠮᠥᠩᠬᠡ ᠶᠢᠨ ᠳᠠᠭᠤᠯᠠᠯ ᠮᠡᠨᠳᠦᠯᠡᠬᠦ ᠮᠡᠲᠦ ᠢᠳᠡᠷᠡᠭᠦᠨ᠃ ᠪᠠᠭ᠎ᠠ ᠳᠠᠭᠠᠨ ᠡᠶᠢᠮᠦ ᠪᠣᠷᠣᠭᠠᠨ ᠳᠤ ᠭᠡᠷ ᠲᠡᠭᠡᠨ ᠲᠣᠭᠲᠠᠨ᠎ᠠ | ᠭᠡᠵᠦ ᠦᠭᠡᠢ᠂ ᠦᠶ᠎ᠡ ᠶᠢᠨ ᠬᠡᠳᠦᠭᠦᠯᠡ ᠪᠠᠨ ᠭᠠᠨᠵᠤᠭ᠎ᠠ ᠨᠡᠶᠢᠯᠡᠮᠡᠭᠴᠡ ᠮᠥᠭᠦ ᠲᠡᠭᠦᠬᠦ ᠪᠠᠷ ᠭᠠᠷᠤᠭᠠᠳ ᠱᠠᠯᠠᠪ ᠨᠣᠷᠴᠤ᠂ | ᠰᠤᠮᠤ ᠶᠢᠨ ᠵᠡᠭᠦᠨᠳᠡᠬᠢ ᠴᠡᠯ ᠨᠣᠭᠤᠭᠠᠷᠠᠭᠰᠠᠨ ᠠᠭᠤᠯᠠᠰ ᠢ ᠰᠦᠯᠵᠢᠭᠰᠡᠭᠡᠷ ᠪᠠᠬ᠎ᠠ ᠪᠠᠨ ᠬᠠᠨᠤᠲᠠᠯ᠎ᠠ ᠨᠠᠭᠠᠳᠬᠤ ᠶᠢᠨ | ᠵᠡᠷᠭᠡᠴᠡᠭᠡ ᠪᠥᠰ ᠪᠣᠭᠴᠣ ᠪᠠᠨ ᠲᠦᠨᠲᠦᠶᠢᠲᠡᠯᠡ ᠣᠯᠵᠠ ᠣᠮᠤᠭ ᠲᠠᠢ ᠬᠠᠷᠢᠵᠤ ᠢᠷᠡᠵᠡᠭᠡᠳᠡᠭ᠃ ᠶᠡᠬᠡᠴᠦᠦᠯ | ᠠᠭᠤᠷᠯᠠᠭᠰᠠᠨ ᠳᠦᠷᠢ ᠦᠵᠡᠭᠦᠯᠦᠭᠡᠳ ᠪᠣᠷᠣᠭᠠᠨ ᠳᠤ ᠵᠤᠷᠠᠮ᠎ᠠ ᠰᠢᠭ᠋ ᠱᠣᠯᠪᠣᠶᠢᠭᠰᠠᠨ ᠢ ᠮᠢᠨᠢ ᠢᠨᠢᠶᠡᠳᠦ ᠪᠠᠷ ᠢᠶᠠᠨ | ᠰᠦᠯᠡᠭᠡᠳ ᠥᠩᠭᠡᠷᠡᠭᠦᠯᠳᠡᠭ ᠰᠠᠨ᠃ | ᠪᠣᠷᠣᠭᠠᠨ ᠤ ᠪᠤᠮᠠᠨ ᠲᠤᠰᠣᠯ ᠭᠢᠯᠪᠠᠭᠠᠨᠠᠨ ᠡᠷᠭᠢᠯᠳᠦᠭᠰᠡᠭᠡᠷ ᠭᠠᠵᠠᠷ ᠲᠡᠭᠷᠢ ᠶᠢᠨ ᠮᠠᠨᠠᠨᠲᠤ ᠰᠠᠪᠰᠠᠯᠭᠠᠨ ᠳᠤᠮᠳᠠ | ᠨᠠᠶᠢᠷᠠᠯ ᠬᠥᠭᠵᠢᠮ ᠤᠳᠤᠷᠢᠳᠬᠤ ᠨᠢ ᠦᠷ᠎ᠡ ᠤᠳᠤᠮ ᠪᠢᠳᠡᠨ ᠳᠡᠭᠡᠨ ᠲᠡᠭᠷᠢ᠂ ᠭᠠᠵᠠᠷ᠂ ᠬᠥᠮᠥᠨ ᠭᠤᠷᠪᠠ ᠶᠢᠨ | ᠤᠷᠭᠢᠵᠦ ᠪᠣᠯᠣᠰᠢ ᠦᠭᠡᠢ ᠰᠢᠳᠦᠯᠴᠡᠭᠡᠨ ᠤ ᠲᠤᠬᠠᠢ ᠠᠮᠢᠨᠴᠢᠯᠠᠨ ᠵᠠᠬᠢᠭᠰᠠᠨ ᠡᠴᠢᠭᠡ ᠡᠪᠦᠭᠡᠳ ᠤᠨ ᠮᠢᠨᠢ ᠭᠦᠨ | ᠤᠬᠠᠭᠠᠨᠴᠢ ᠰᠤᠷᠭᠠᠯ ᠵᠠᠬᠢᠶ᠎ᠠ ᠶᠢ ᠰᠠᠨᠠᠭᠳᠠᠭᠤᠯᠤᠨ᠎ᠠ᠃ ᠨᠡᠭᠦᠬᠦ ᠪᠦᠷᠢ ᠪᠠᠭᠤᠴᠠᠨ ᠳᠡᠭᠡᠷ᠎ᠡ ᠪᠠᠨ ᠬᠢᠮᠤᠰᠤᠨ ᠴᠢᠨᠡᠭᠡᠨ | ᠬᠤᠭ ᠦᠯᠡᠳᠡᠭᠡᠯ ᠦᠭᠡᠢ ᠠᠴᠢᠶᠠᠯᠠᠵᠤ᠂ ᠬᠠᠩᠭᠠᠢ ᠭᠤᠪᠢ ᠶᠢᠨ ᠢᠶᠠᠨ ᠪᠤᠶᠠᠨ ᠢᠶᠠᠷ ᠳᠦᠷᠪᠡᠨ ᠴᠠᠭ ᠤᠨ ᠡᠭᠡᠯᠵᠢᠨ ᠳᠤ | ᠡᠯᠪᠡᠭ ᠬᠠᠩᠬᠤᠯᠤᠭᠤᠨ ᠠᠮᠢᠳᠤᠷᠠᠯ᠎ᠠ ᠬᠡᠮᠡᠨ ᠪᠡᠯᠭᠡᠰᠢᠶᠡᠨ ᠳᠠᠭᠠᠳᠬᠠᠵᠤ᠂ ︽ᠠᠯᠢ ᠨᠢᠭᠡ ᠠᠮᠢᠲᠠᠨ ᠭᠤᠣᠯᠲᠠᠨ ᠨᠢ | ᠪᠦᠳᠦᠷᠢᠭᠡᠳ ᠬᠥᠯ ᠢᠶᠠᠨ ᠰᠡᠪᠲᠦᠭᠡᠴᠢᠭᠡᠭᠦ ᠪᠤᠢ︾ ᠭᠡᠵᠦ ᠡᠨᠡᠷᠢᠬᠦ ᠳᠡᠭᠡᠨ ᠤᠶᠠᠭᠠᠨ ᠤ ᠨᠦᠬᠡ ᠪᠠᠨ ᠭᠦᠷᠲᠡᠯ᠎ᠡ | ᠤᠨᠠᠭᠠᠨ ᠰᠢᠷᠣᠢ ᠪᠠᠷ ᠨᠢ ᠮᠠᠷᠲᠠᠯ ᠦᠭᠡᠢ ᠴᠢᠭᠵᠢᠳᠡᠭ ᠮᠥᠩᠬᠡ ᠶᠢᠨ ᠠᠷᠠᠨᠰᠢᠨ ᠢ ᠪᠤᠳᠤᠬᠳᠠᠭᠤᠯᠤᠨ᠎ᠠ᠃ ᠣᠨ | ᠵᠢᠯ ᠤᠳ ᠡᠷᠭᠢᠰᠢ ᠦᠭᠡᠢ ᠤᠯᠠᠷᠢᠨ ᠣᠳᠴᠠᠢ᠃ ᠭᠠᠭᠴᠠ ᠬᠦ ᠠᠶᠠᠷᠬᠠᠨ ᠰᠡᠩᠰᠡᠷᠡᠬᠦ ᠡᠨᠡ ᠵᠥᠭᠡᠯᠡᠨ ᠪᠣᠷᠣᠭᠠᠨ | ᠡᠮᠵᠡᠭᠬᠡᠨ ᠵᠢᠷᠦᠬᠡ ᠶᠢ ᠠᠨᠠᠭᠠᠨ᠎ᠠ᠃ ᠲᠡᠮᠦᠷᠯᠢᠭ ᠳᠠᠭᠤ ᠱᠤᠤᠭᠢᠶᠠᠨ ᠬᠢᠭᠡᠳ ᠬᠡᠷᠡᠭ ᠦᠭᠡᠢ ᠮᠠᠭᠤ ᠠᠲᠠᠭ᠎ᠠ ᠵᠢᠲᠥᠭᠡ᠂ | ᠬᠡᠷᠡᠭᠦᠯ ᠲᠡᠮᠡᠴᠡᠯ ᠤᠨ ᠴᠢᠪᠢᠯᠲᠦ ᠮᠥᠷ ᠢ ᠦᠵᠡᠭᠳᠡᠬᠦ ᠪᠠᠷ᠎ᠠ ᠦᠭᠡᠢ ᠪᠤᠯᠲᠠᠯ᠎ᠠ ᠬᠤᠷᠢᠶᠠᠨ ᠳᠤᠭᠲᠤᠷᠤᠭᠠᠳ | ᠪᠣᠷᠣᠭᠠᠨ ᠤ ᠡᠨᠡ ᠱᠠᠭᠢᠬᠤ ᠴᠢᠮᠡᠭᠡ ᠯᠡ ᠶᠢᠷᠲᠢᠨᠴᠦ ᠳᠡᠯᠡᠬᠡᠢ ᠶᠢ ᠡᠵᠡᠮᠰᠢᠨ᠎ᠡ᠃ | ᠪᠣᠷᠣᠭᠠᠨ ᠤ ᠥᠩᠭᠡ ᠴᠡᠴᠡᠭᠡᠰ ᠤᠨ ᠥᠩᠭᠡ ᠯᠦᠭᠡ ᠠᠳᠠᠯᠢᠬᠠᠨ ᠪᠠᠶᠢᠬ᠎ᠠ ᠳ᠋ᠠ ᠭᠡᠵᠦ ᠬᠡᠨ ᠳᠤ ᠴᠤ ᠬᠡᠯᠡᠬᠦ | ᠦᠭᠡᠢ ᠪᠠᠷ ᠳᠣᠲᠣᠷ᠎ᠠ ᠪᠠᠨ ᠪᠤᠳᠤᠨ᠎ᠠ᠃ ᠬᠠᠮᠤᠭ ᠤᠨ ᠲᠦᠷᠦᠭᠦᠨ ᠳᠤ ᠲᠡᠭᠷᠢ ᠶᠢᠨ ᠴᠡᠩᠬᠡᠷ ᠥᠩᠭᠡ ᠲᠠᠢ ᠢᠵᠢᠯᠬᠡᠨ | ᠪᠠᠶᠢᠬᠤ ᠨᠢ ᠭᠡᠵᠦ ᠬᠡᠦᠬᠡᠳ ᠰᠢᠭ ᠭᠡᠨᠡᠨ ᠴᠠᠶᠢᠯᠭᠠᠨ ᠢᠶᠠᠷ ᠰᠠᠨᠠᠨ᠎ᠠ᠃ ᠵᠠᠯᠭᠠᠭᠠᠳ ᠶᠠᠭᠠᠨ᠂ ᠤᠯᠠᠭᠠᠨ᠂ ᠬᠤᠨᠳᠠᠨ᠂ | ᠰᠢᠷ᠎ᠠ᠂ ᠨᠣᠭᠤᠭᠠᠨ ᠁ ᠭᠡᠳ ᠴᠠᠭᠠᠰᠢ ᠭᠦᠪᠦᠷᠡᠭᠦ ᠨᠢ ᠯᠠᠪᠲᠠᠢ᠃ ᠠᠪᠤᠷᠠᠯ ᠡᠨᠡᠷᠢᠯ᠂ ᠳᠤᠷᠠᠯᠠᠯ ᠬᠠᠶᠢᠷ᠎ᠠ᠂ | ᠳᠤᠷᠠᠰᠤᠯ ᠮᠥᠷᠥᠭᠡᠳᠦᠯ᠂ ᠢᠲᠡᠭᠡᠯ ᠨᠠᠶᠢᠳᠠᠪᠤᠷᠢ᠂ ᠴᠢᠩ ᠵᠢᠳᠬᠦᠯ ᠪᠦᠭᠦᠨ ᠢ ᠡᠩᠬᠦᠷᠡᠶᠢᠯᠡᠨ ᠲᠡᠪᠡᠷᠢᠵᠦ᠂ ᠤᠯᠠᠮ ᠲᠣᠪ | ᠲᠤᠩᠭᠠᠯᠠᠭ ᠪᠣᠯᠭᠠᠳᠠᠭ ᠷᠢᠳᠢ ᠰᠢᠳᠢ ᠲᠠᠢ ᠤᠴᠢᠷ ᠠᠴᠠ ᠪᠣᠷᠣᠭᠠᠨ ᠤ ᠲᠤᠬᠠᠢ ᠲᠥᠰᠥᠭᠡᠯᠡᠯ ᠤᠶᠢᠳᠤᠰᠢ ᠦᠭᠡᠢ᠂ | ᠤᠶᠢᠳᠤᠰᠢ ᠦᠭᠡᠢ ᠲᠤᠯᠠ ᠲᠡᠭᠦᠰᠬᠡᠯ ᠭᠡᠵᠦ ᠦᠭᠡᠢ᠃ ᠪᠣᠷᠣᠭᠠᠨ ᠠᠯᠭᠤᠷᠬᠠᠨ ᠵᠤᠬᠰᠣᠬᠤ ᠪᠠᠷ ᠰᠠᠶᠢᠲᠤᠷ | ᠤᠮᠳᠠᠯᠠᠭᠳᠠᠭᠰᠠᠨ ᠡᠪᠡᠰᠦ ᠴᠡᠴᠡᠭᠡᠰ᠂ ᠭᠠᠳᠠᠨ᠎ᠠ ᠪᠠᠨ ᠨᠠᠮ ᠬᠥᠮ ᠴᠤ ᠳᠣᠲᠣᠷ᠎ᠠ ᠪᠠᠨ ᠡᠭᠡᠰᠢᠭᠯᠡᠩᠲᠦ ᠠᠭᠤᠯᠠ | ᠲᠣᠯᠣᠭᠠᠳ ᠤᠨ ᠡᠩᠭᠡᠷ ᠡᠭᠦᠯᠡᠨ ᠳᠠᠯᠳᠠ ᠠᠴᠠ ᠨᠠᠷᠠ ᠭᠠᠷᠬᠤ ᠲᠡᠷᠡ ᠭᠱᠠᠨ ᠢ ᠬᠦᠯᠢᠶᠡᠨ᠎ᠡ᠃ ᠲᠦᠭᠡᠮᠡᠯ ᠢᠪᠡᠭᠡᠯᠲᠦ | ᠭᠡᠷᠡᠯ ᠤᠨ ᠲᠣᠭᠤᠷᠢᠭ ᠲᠤᠨᠢ ᠢᠪᠡᠭᠡᠭᠳᠡᠨ ᠪᠠᠶᠠᠰᠤᠭᠠᠳ ᠵᠥᠭᠡᠯᠡᠨ ᠵᠥᠭᠡᠯᠡᠨ ᠲᠡᠯᠪᠢᠭᠡ ᠪᠠᠨ ᠪᠦᠯᠢᠶᠡᠰᠲᠡᠯᠡ ᠡᠭᠡᠭᠡᠬᠦ | ᠲᠡᠷᠡ ᠴᠠᠭ ᠢ ᠡᠪᠡᠰᠦ ᠴᠡᠴᠡᠭᠡᠰ ᠬᠡᠨ ᠠᠴᠠ ᠴᠤ ᠢᠯᠡᠭᠦᠦ ᠬᠦᠯᠢᠶᠡᠨ᠎ᠡ᠃ | ᠳᠠᠪᠬᠤᠷ ᠳᠠᠪᠬᠤᠷ ᠬᠠᠷ᠎ᠠ ᠡᠭᠦᠯᠡᠰ ᠨᠢᠮᠭᠡᠷᠡᠨ ᠰᠠᠷᠨᠢᠭᠰᠠᠭᠠᠷ ᠬᠡᠰᠡᠭ ᠬᠡᠰᠡᠭ ᠢᠶᠠᠷ ᠰᠡᠭᠦᠳᠡᠷ ᠢᠶᠠᠨ | ᠳᠠᠭᠠᠭᠤᠯᠤᠭᠠᠳ ᠡᠪᠬᠡᠷᠡᠯᠳᠦᠨ ᠤᠳᠬᠤ ᠶᠢᠨ ᠲᠡᠷᠡ ᠴᠠᠭ ᠲᠤᠷ ᠪᠣᠷᠣᠭᠠᠨ ᠳᠤ ᠤᠬᠢᠶᠠᠭᠳᠠᠭᠰᠠᠨ ᠡᠪᠡᠰᠦ ᠴᠡᠴᠡᠭᠡᠰ᠂ | ᠠᠭᠤᠯᠠ ᠲᠣᠯᠣᠭᠠᠳ ᠤᠨ ᠥᠩᠭᠡ ᠨᠡᠩ ᠰᠢᠨᠡᠳᠦᠭᠡᠳ ︽ᠪᠢᠳᠡ ᠤᠤᠯ ᠨᠢ ᠡᠶᠢᠮᠦ︾ ᠭᠡᠰᠡᠨ ᠢᠶᠠᠨ ᠪᠠᠲᠤᠯᠠᠬᠤ ᠰᠢᠭ᠋ | ᠭᠡᠷᠡᠯᠳᠦᠨ ᠮᠦᠰᠢᠶᠡᠨ᠎ᠡ᠃ ᠶᠠᠭ ᠡᠨᠡ ᠦᠶ᠎ᠡ ᠳᠤ ᠡᠭᠦᠯᠡᠨ ᠴᠠᠭᠠᠨ᠎ᠠ ᠠᠴᠠ ᠨᠠᠷᠠ ᠪᠣᠯᠵᠤᠭ᠎ᠠ ᠲᠠᠢ ᠶᠤᠮᠰᠢᠭ | ᠮᠠᠯᠳᠡᠰᠭᠢᠨ ᠭᠠᠷᠴᠤ ᠢᠷᠡᠭᠡᠳ ᠡᠩᠬᠡ ᠠᠮᠤᠭᠤᠯᠠᠩ ᠤᠨ ᠲᠠᠷᠨᠢᠯᠢᠭ ᠦᠭᠡᠰ ᠬᠡᠯᠬᠢᠭᠰᠡᠭᠡᠷ ᠨᠢᠭᠦᠯᠡᠰᠦᠩᠭᠦᠢ ᠶᠢᠨ | ᠠᠯᠲᠠᠨ ᠰᠠᠴᠤᠷᠠᠭ ᠨᠢ ᠽᠠᠮᠪᠤᠲᠢᠪ ᠢ ᠭᠡᠶᠢᠭᠦᠯᠬᠦ ᠳᠤ ᠴᠡᠭᠡᠵᠢᠨ ᠳᠤᠮᠳᠠᠭᠤᠷ ᠡᠶᠡᠯᠰᠡᠭ ᠬᠠᠶᠢᠷ᠎ᠠ ᠶᠢᠨ ᠨᠢᠭᠡᠨ ᠳᠠᠭᠤᠤ | ᠤᠴᠢᠷᠯᠠᠨ ᠤᠷᠤᠰᠴᠤ᠂ ᠳᠦᠷᠪᠡᠨ ᠵᠦᠭ ᠨᠠᠢᠮᠠᠨ ᠵᠣᠪᠬᠢᠰ ᠨᠣᠭᠤᠭᠠᠷᠠᠨ ᠴᠡᠯᠡᠶᠢᠭᠡᠳ ᠰᠠᠪ ᠰᠠᠷᠠᠭᠤᠯᠬᠠᠨ᠃ ᠥᠯᠦ | ᠮᠡᠳᠡᠭᠬᠡᠨ ᠰᠡᠷᠢᠭᠦᠨ ᠰᠢᠪᠰᠢᠶ᠎ᠡ ᠰᠡᠪᠢᠯᠵᠡᠬᠦᠶᠡ ᠴᠡᠴᠡᠭᠡᠰ ᠳᠣᠬᠢᠯᠵᠠᠮᠤ᠃ | | |