ᠬᠠᠪᠤᠷ
ᠨᠡᠶᠢᠲᠡᠯᠡᠭᠰᠡᠨ ᠴᠠᠭ᠄
2024/4/2
    ᠬᠠᠪᠤᠷ ᠢᠷᠡᠴᠢᠬᠡᠭᠰᠡᠨ ᠤᠤ    ᠬᠠᠭᠳᠠ ᠡᠪᠡᠰᠦ ᠠᠰᠠᠭᠤᠨ᠎ᠠ    ᠬᠠᠨᠵᠤ ᠪᠠᠨ ᠳᠤᠯᠠᠭᠠᠯᠠᠴᠢᠬᠠᠭᠰᠠᠨ ᠤᠤ    ᠭᠠᠵᠠᠷ ᠤᠨ ᠨᠢᠷᠤᠭᠤ ᠲᠡᠨᠢᠢᠨ᠎ᠡ    ᠬᠠᠪᠤᠷ ᠢᠷᠡᠴᠢᠬᠡᠭᠰᠡᠨ ᠤᠤ    ᠭᠤᠣᠯ ᠤᠨ ᠮᠥᠰᠥ ᠰᠤᠷᠠᠭᠯᠠᠨ᠎ᠠ    ᠬᠠᠷᠢᠨ ᠴᠢᠮ᠎ᠠ ᠳᠠᠭᠠᠨ ᠬᠠᠶᠢᠷᠠᠲᠠᠢ ᠰᠢᠦ    ᠬᠠᠶᠢᠯ ᠨᠢ ᠤᠶᠠᠰᠬᠠᠵᠤ ᠮᠡᠯᠮᠡᠷᠡᠨ᠎ᠡ    ᠬᠠᠪᠤᠷ ᠢᠷᠡᠴᠢᠬᠡᠭᠰᠡᠨ ᠤᠤ︖    ᠵᠢᠭᠠᠯ ᠥᠬᠢᠨ ᠴᠣᠷᠪᠣᠶᠢᠨ᠎ᠠ    ᠬᠠᠨᠠᠨ ᠳᠤ ᠨᠠᠷᠠ ᠡᠷᠲᠡᠯᠡᠵᠡᠢ    ᠡᠵᠢ ᠨᠢ ᠨᠢᠭᠡ ᠶᠢ ᠤᠴᠢᠷᠯᠠᠨ᠎ᠠ    ᠬᠠᠪᠤᠷ ᠢᠷᠡᠴᠢᠬᠡᠭᠰᠡᠨ ᠤᠤ    ᠪᠢᠴᠢᠬᠠᠨ ᠬᠦᠦ ᠬᠠᠴᠢᠷᠬᠠᠨ᠎ᠠ    ᠬᠠᠭᠠᠰ ᠲᠠᠢ ᠬᠤᠭᠤᠰ ᠲᠠᠢ ᠲᠡᠭᠷᠢ    ᠠᠪᠤ ᠨᠢ ᠨᠢᠭᠡ ᠶᠢ ᠤᠴᠢᠷᠯᠠᠨ᠎ᠠ    ᠬᠠᠪᠤᠷ ᠢᠷᠡᠴᠢᠬᠡᠭᠰᠡᠨ ᠤᠤ    ᠤᠷᠢᠬᠠᠨ ᠵᠢᠪᠠᠷ ᠰᠢᠪᠡᠨᠡᠨ᠎ᠡ    ᠬᠠᠷᠢᠬᠤ ᠴᠠᠭ ᠪᠣᠯᠵᠠᠢ    ᠬᠠᠬᠢᠷ ᠬᠦᠢᠲᠡᠨ ᠥᠨᠳᠡᠶᠢᠨ᠎ᠡ    ᠬᠠᠪᠤᠷ ᠢᠷᠡᠴᠢᠬᠡᠭᠰᠡᠨ ᠤᠤ    ᠳᠡᠭᠦᠦ ᠨᠢ ᠱᠣᠭᠯᠠᠵᠤ ᠬᠥᠬᠦᠷᠡᠨ᠎ᠡ    ᠬᠠᠷᠢᠯᠠᠬᠤ ᠪᠠᠨ ᠬᠦᠯᠢᠶᠡᠭᠰᠡᠨ ᠡᠭᠡᠴᠢ ᠨᠢ    ᠬᠠᠴᠠᠷ ᠨᠢ ᠤᠯᠠᠶᠢᠰᠬᠢᠨ ᠵᠢᠮᠢᠢᠨ᠎ᠡ     ᠬᠠᠭᠳᠠ ᠶᠢᠨ ᠳᠣᠣᠷ᠎ᠠ ᠠᠴᠠ ᠨᠣᠭᠤᠭ᠎ᠠ  ᠴᠣᠬᠤᠶᠢᠬᠤ ᠨᠢ     ᠬᠡᠨ ᠤ ᠢᠯᠡᠭᠡᠭᠰᠡᠨ ᠮᠥᠷᠥᠭᠡᠳᠦᠯ ᠶᠤᠮ ᠪᠤᠢ     ᠭᠠᠵᠠᠷ ᠤᠨ ᠬᠢᠵᠠᠭᠠᠷ ᠠᠴᠠ ᠰᠢᠪᠠᠭᠤᠳ ᠪᠤᠴᠠᠬᠤ ᠨᠢ     ᠬᠠᠮᠢᠭ᠎ᠠ ᠠᠴᠠ ᠢᠷᠡᠭᠦᠯᠦᠭᠰᠡᠨ ᠳᠤᠷᠠᠰᠤᠮᠵᠢ ᠶᠤᠮ ᠪᠤᠢ     ᠨᠤᠲᠤᠭ ᠤᠨ ᠨᠥᠮᠥᠷᠢ ᠳᠠᠬᠢ ᠳᠤᠯᠠᠭᠠᠨ ᠠᠮᠢᠰᠬᠤᠭ᠎ᠠ ᠨᠢ     ᠬᠡᠨ ᠤ ᠦᠯᠡᠳᠡᠭᠡᠭᠰᠡᠨ ᠬᠠᠶᠢᠷ᠎ᠠ ᠶᠤᠮ ᠪᠤᠢ     ᠨᠣᠪ ᠨᠣᠭᠤᠭᠠᠬᠠᠨ ᠬᠦᠰᠡᠯ ᠣᠷᠭᠤᠭᠤᠯᠬᠤ ᠨᠢ     ᠬᠠᠮᠢᠭ᠎ᠠ ᠠᠴᠠ ᠥᠪᠯᠡᠭᠰᠡᠨ ᠬᠥᠷᠥᠩᠭᠡ ᠶᠤᠮ ᠪᠤᠢ     ᠲᠠᠯ᠎ᠠ ᠪᠦᠷᠬᠦᠲᠡᠯ᠎ᠡ ᠴᠡᠴᠡᠭᠡᠰ ᠥᠨᠳᠡᠯᠵᠡᠬᠦ ᠨᠢ     ᠬᠡᠨ ᠤ ᠵᠢᠷᠤᠭᠰᠠᠨ ᠠᠮᠢᠵᠢᠷᠠᠯ ᠶᠤᠮ ᠪᠤᠢ     ᠨᠠᠪᠴᠢᠰ ᠳᠠᠭᠠᠵᠣ ᠡᠷᠪᠡᠬᠡᠢ ᠳᠡᠷᠪᠡᠬᠦ ᠨᠢ     ᠬᠠᠮᠢᠭ᠎ᠠ ᠠᠴᠠ ᠢᠷᠡᠭᠦᠯᠦᠭᠰᠡᠨ ᠰᠠᠨᠠᠭ᠎ᠠ ᠶᠤᠮ ᠪᠤᠢ     ᠬᠠᠭᠤᠴᠢᠨ ᠪᠠᠭᠤᠴᠠ ᠪᠠᠨ ᠨᠥᠬᠦᠵᠦ ᠡᠷᠭᠢᠬᠦ ᠨᠢ     ᠬᠡᠨ ᠤ ᠣᠷᠭᠤᠭᠤᠯᠣᠬᠰᠠᠨ ᠳᠤᠷᠠᠳᠬᠠᠯ ᠶᠤᠮ ᠪᠤᠢ     ᠠᠭᠤᠯᠠᠰ ᠳᠠᠮᠵᠢᠨ ᠪᠣᠷᠤᠭ᠎ᠠ ᠰᠢᠪᠡᠷᠡᠬᠦ ᠨᠢ     ᠬᠠᠮᠢᠭ᠎ᠠ ᠠᠴᠠ ᠢᠪᠢᠯᠦᠭᠦᠯᠦᠭᠰᠡᠨ ᠬᠡᠰᠢᠭ ᠶᠤᠮ ᠪᠤᠢ     ᠨᠡᠭᠦᠳᠡᠯ ᠳᠠᠮᠵᠢᠵᠣ  ᠠᠮᠢᠳᠤᠷᠠᠯ ᠦᠷᠭᠦᠯᠵᠢᠯᠡᠬᠦ ᠨᠢ     ᠬᠡᠨ ᠤ ᠪᠢᠴᠢᠭᠰᠡᠨ ᠨᠠᠶᠢᠷᠠᠭᠯᠠᠯ ᠶᠤᠮ ᠪᠤᠢ᠃     ᠵᠢᠭᠢᠷᠢᠭ ᠬᠥᠬᠡ ᠡᠭᠦᠯᠡᠰ ᠠᠴᠠ ᠪᠣᠷᠣᠭᠠᠨ ᠤ ᠴᠢᠮᠡᠭᠡ ᠠᠨᠢᠷᠲᠤᠨ     ᠵᠡᠯᠡᠯᠡᠨ ᠠᠶᠠᠯᠠᠬᠤ ᠰᠢᠪᠠᠭᠤᠳ ᠤᠨ ᠦᠳᠦᠨ ᠲᠠᠯᠠᠯᠭ᠎ᠠ ᠳᠤ ᠨᠠᠭᠠᠰᠢᠯᠠᠭᠠᠳ     ᠵᠤᠨᠵᠢᠨ ᠵᠦᠰᠡᠷᠡᠬᠦ ᠷᠠᠰᠢᠶᠠᠨ ᠬᠦᠰᠡᠯ ᠤᠨ ᠪᠣᠯᠵᠤᠭ᠎ᠠ ᠳᠤ ᠰᠤᠨᠳᠤᠷᠯᠠᠨ     ᠴᠡᠴᠡᠭᠡᠰ ᠤᠨ ᠵᠤᠯᠠᠢ ᠳᠡᠪᠲᠦᠭᠡᠬᠦ ᠰᠢᠭᠦᠳᠡᠷᠢ ᠶᠢᠨ ᠰᠢᠪᠡᠨᠡᠭᠡ ᠲᠠᠢ ᠦᠶᠡᠷᠬᠡᠨ     ᠵᠡᠭᠡᠷ᠎ᠡ ᠶᠢᠨ ᠭᠦᠶᠦᠳᠡᠯ ᠳᠤ ᠬᠠᠨᠵᠠᠷᠠᠬᠤ ᠴᠠᠰᠤᠨ ᠤ ᠭᠦᠷ ᠰᠡᠮᠡᠷᠡᠨ     ᠵᠠᠭᠠᠷᠲᠤ ᠬᠥᠪᠴᠢ ᠶᠢᠨ ᠣᠷᠣᠢ ᠪᠠᠷ ᠳᠤᠯᠠᠭᠠᠨ ᠤᠷᠢ ᠭᠦᠪᠦᠷᠡᠭᠡᠤᠨ     ᠵᠠᠵᠢᠨ ᠪᠤᠭᠤᠷᠤᠯ ᠡᠪᠦᠭᠡᠳ ᠤᠨ ᠰᠠᠨᠠᠭᠠᠨ ᠤ ᠬᠡᠶᠢᠷᠬᠡᠯ ᠠᠯᠳᠠᠷᠭᠠᠨ     ᠵᠠᠯᠭᠠᠭᠠᠷᠢᠳᠤ ᠤᠷᠭ᠎ᠠ ᠶᠢᠨ ᠬᠦᠯᠢᠶᠡᠷᠢ ᠵᠣᠭᠤᠭ ᠤᠨ ᠰᠢᠵᠢᠮ ᠢᠶᠠᠷ ᠴᠢᠩᠭᠠᠷᠠᠭᠠᠳ     ᠪᠤᠶᠢᠳᠡ ᠵᠡᠯᠡᠨ ᠤ ᠪᠣᠱᠣᠭᠤ ᠰᠢᠭ᠋ ᠴᠠᠭ ᠤᠨ ᠵᠠᠬᠢᠶ᠎ᠠ ᠰᠢᠤᠳᠠᠨᠴᠢᠯᠠᠨ     ᠪᠣᠷᠣ ᠪᠣᠷᠣ ᠶᠢᠨ ᠰᠢᠪᠠᠭᠤᠬᠠᠢ ᠰᠢᠪᠡᠭᠡᠨ ᠡᠩᠭᠡᠷ ᠵᠢᠷᠭᠢᠭᠡᠳ     ᠪᠣᠶᠢᠳᠤᠭ ᠬᠥᠭᠡᠷᠦᠬᠦᠨ ᠬᠡᠦᠬᠡᠳ ᠤᠨ ᠵᠥᠭᠡᠯᠡᠨ ᠥᠷᠪᠦᠭᠡ ᠢᠯᠪᠢᠨ     ᠪᠣᠷᠪᠢ ᠬᠥᠩᠭᠡᠨ ᠰᠠᠯᠬᠢ ᠭᠢᠯᠭᠠᠨ᠎ᠠ ᠶᠢᠨ ᠨᠠᠮᠠᠭᠠᠨ ᠳᠤ ᠳᠡᠷᠪᠡᠭᠡᠳ     ᠥᠯᠴᠢᠷ ᠰᠠᠭᠤᠭᠰᠠᠨ ᠮᠠᠨᠤᠤᠯ ᠣᠲᠣᠷ ᠤᠨ ᠪᠠᠭᠤᠴᠠᠨ ᠳᠤ ᠭᠡᠶᠢᠴᠢᠯᠡᠨ     ᠥᠮᠥᠭ ᠬᠦᠰᠡᠭᠰᠡᠨ ᠨᠢᠳᠦ ᠪᠠᠷ ᠴᠣᠪᠬᠤᠴᠢᠬᠤ ᠣᠳᠣᠳ ᠲᠠᠢ ᠬᠠᠨᠢᠰᠠᠭᠠᠳ     ᠥᠩ ᠲᠠᠢ ᠡᠪᠦᠯ ᠤᠨ ᠰᠠᠭᠰᠤᠷᠭ᠎ᠠ ᠤᠶᠠᠨ ᠤ ᠵᠢᠩ ᠢᠶᠠᠷ ᠪᠦᠯᠢᠶᠡᠰᠦᠨ     ᠥᠯᠵᠡᠶᠢᠲᠦ ᠬᠠᠪᠤᠷ ᠲᠦᠷᠦᠭᠡ ᠮᠤᠯᠲᠤᠯᠤᠨ ᠤᠶᠠᠭᠠᠨ ᠳᠡᠭᠡᠷ᠎ᠡ ᠪᠠᠭᠤᠬᠤ ᠨᠢ ᠤᠤ     ᠵᠡᠭᠦᠳᠦᠨ ᠠᠴᠠ ᠪᠠᠨ ᠵᠤᠤᠮᠠᠯᠵᠠᠵᠤ ᠰᠡᠷᠡᠭᠡᠳ     ᠵᠦᠯᠭᠡᠨ ᠳᠡᠭᠡᠷ᠎ᠡ ᠪᠠᠶᠠᠰᠴᠤ ᠭᠦᠶᠦᠭᠰᠡᠨ ᠡᠳᠦᠷᠯᠢᠭ - ᠬᠠᠪᠤᠷ ᠪᠠᠶᠢᠪᠠ     ᠢᠷᠠᠭᠤ ᠨᠠᠶᠢᠷᠠᠭ ᠢᠶᠠᠷ ᠢᠶᠠᠨ ᠢᠨᠢᠶᠡᠵᠦ ᠪᠣᠰᠣᠭᠠᠳ     ᠢᠰᠡᠭᠡᠢ ᠳᠣᠲᠣᠷ᠎ᠠ ᠪᠠᠨ ᠪᠠᠭᠯᠠᠵᠤ ᠠᠪᠤᠭᠰᠠᠨ ᠥᠨᠳᠦᠷᠯᠢᠭ - ᠬᠠᠪᠤᠷ ᠪᠠᠶᠢᠪᠠ     ᠰᠦᠷᠦᠭ ᠤᠨ ᠬᠥᠯ ᠳᠠᠭᠠᠵᠤ ᠤᠷᠭᠤᠭᠰᠠᠨ     ᠰᠦ ᠲᠠᠢ ᠰᠢᠯᠢ ᠶᠢᠨ ᠤᠶᠠᠬᠠᠨ ᠨᠠᠪᠴᠢᠰ - ᠬᠠᠪᠤᠷ ᠪᠠᠶᠢᠪᠠ     ᠤᠨᠠᠭᠠᠨ ᠦᠦᠷᠰᠡᠭᠡ ᠲᠣᠭᠤᠯᠳᠠᠵᠤ ᠦᠯᠡᠳᠡᠭᠰᠡᠨ     ᠤᠷᠭᠠᠨ ᠰᠡᠭᠦᠳᠡᠷ ᠤᠨ ᠤᠩᠭᠤᠨ ᠪᠡᠷ᠎ᠡ - ᠬᠠᠪᠤᠷ ᠪᠠᠶᠢᠪᠠ     ᠠᠬ᠎ᠠ ᠮᠢᠨᠢ ᠠᠯᠠᠭᠠᠨ ᠳᠡᠭᠡᠷ᠎ᠡ ᠪᠠᠨ ᠠᠷᠭᠠᠳᠠᠵᠤ ᠶᠠᠪᠤᠭᠰᠠᠨ     ᠠᠷᠪᠠᠨ ᠠᠵᠢᠷᠭ᠎ᠠ ᠠᠳᠤᠭᠤ  -  ᠬᠠᠪᠤᠷ ᠪᠠᠶᠢᠪᠠ     ᠠᠭ᠎ᠠ ᠶᠢᠨ ᠮᠠᠨᠢ ᠠᠯᠴᠢᠭᠤᠷ ᠳᠣᠲᠣᠷ᠎ᠠ ᠠᠯᠢᠶᠠᠷᠬᠠᠵᠤ ᠰᠠᠭᠤᠭᠰᠠᠨ     ᠠᠯᠲᠠᠨ ᠠᠷᠭᠠᠮᠵᠢᠶ᠎ᠠ ᠲᠠᠢ ᠴᠡᠭᠴᠡᠦᠬᠡᠢ - ᠬᠠᠪᠤᠷ ᠪᠠᠶᠢᠪᠠ     ᠬᠥᠳᠡᠭᠡ ᠶᠢᠨ ᠭᠦᠨ ᠳᠤ ᠠᠮᠠᠷᠠᠭᠯᠠᠨ ᠰᠡᠩᠭᠢᠨᠡᠭᠰᠡᠨ     ᠬᠥᠷᠥᠰᠥᠨ ᠤ ᠦᠨᠦᠷ ᠲᠠᠢ ᠤᠷᠢᠬᠠᠨ ᠰᠠᠯᠬᠢ - ᠬᠠᠪᠤᠷ ᠪᠠᠶᠢᠪᠠ     ᠭᠠᠵᠠᠷ ᠤᠨ ᠠᠮᠢᠰᠬᠤᠭ᠎ᠠ ᠪᠠᠷ ᠠᠯᠠᠭᠯᠠᠨ ᠰᠤᠨᠤᠯᠵᠠᠭᠰᠠᠨ     ᠭᠠᠯᠪᠠ ᠶᠢᠨ ᠥᠩᠭᠡ ᠲᠠᠢ ᠭᠠᠨᠳᠠᠷᠢᠰᠦᠨ ᠨᠡᠭᠦᠳᠡᠯ - ᠬᠠᠪᠤᠷ ᠪᠠᠶᠢᠪᠠ        ᠬᠠᠪᠤᠷ ᠢ   ᠬᠥᠲᠥᠯ ᠳᠡᠭᠡᠭᠦᠷ ᠰᠡᠪᠡᠯᠵᠡᠭᠰᠡᠨ ᠲᠣᠷᠭᠠᠨ ᠰᠠᠯᠬᠢ ᠭᠡᠨ᠎ᠡ     ᠬᠠᠪᠤᠷ ᠢ  ᠬᠠᠩᠭᠠᠢ ᠶᠢᠨ ᠭᠦᠨ ᠳᠤ ᠬᠤᠷᠠᠭᠰᠠᠨ ᠬᠥᠭᠡᠷᠦᠬᠦᠨ ᠪᠣᠯᠵᠣᠮᠣᠷ ᠭᠡᠨ᠎ᠡ     ᠬᠠᠪᠤᠷ ᠢ  ᠬᠠᠷᠠᠵᠤ ᠪᠠᠶᠢᠲᠠᠯ᠎ᠠ ᠤᠷᠭᠤᠭᠰᠠᠨ ᠴᠡᠩᠬᠡᠷ ᠢᠷᠭᠤᠢ ᠭᠡᠨ᠎ᠡ     ᠬᠠᠪᠤᠷ ᠢ  ᠬᠠᠶᠢᠷ᠎ᠠ ᠶᠢᠨ ᠤᠶᠠᠭᠠᠨ ᠳᠤ ᠬᠡᠶᠢᠷᠬᠡᠭᠰᠡᠨ ᠠᠷᠭᠤᠮᠠᠭ ᠭᠦᠯᠦᠭ ᠭᠡᠨ᠎ᠡ     ᠬᠠᠪᠤᠷ ᠨᠠᠳᠠᠳᠤ ᠵᠠᠶᠠᠭᠠᠭᠰᠠᠨ ᠡᠬᠡ ᠪᠠᠶᠢᠭᠠᠯᠢ ᠶᠢᠨ ᠨᠠᠶᠢᠷᠠᠯ ᠬᠥᠭᠵᠢᠮ ᠶᠤᠮ     ᠬᠠᠪᠤᠷ ᠨᠠᠳᠠᠳᠤ ᠡᠷᠬᠡ ᠦᠭᠡᠢ ᠢᠷᠡᠭᠰᠡᠨ ᠬᠠᠶᠢᠷ᠎ᠠ ᠶᠢᠨ ᠤᠶᠠᠬᠠᠨ ᠮᠥᠷᠥᠭᠡᠳᠦᠯ ᠶᠤᠮ     ᠬᠠᠪᠤᠷ ᠨᠠᠳᠠᠳᠤ ᠡᠯᠳᠡᠪ ᠤᠴᠢᠷ ᠢ ᠬᠦᠦᠷᠨᠢᠭᠰᠡᠨ ᠦᠯᠢᠭᠡᠷ ᠲᠤᠮᠤᠭ ᠶᠤᠮ     ᠬᠠᠪᠤᠷ ᠨᠠᠳᠠᠳᠤ ᠬᠠᠴᠢᠨ ᠶᠡᠭᠡ ᠶᠢ ᠰᠠᠨᠠᠭᠤᠯᠤᠭᠰᠠᠨ ᠴᠡᠴᠡᠭᠲᠦ ᠬᠠᠷᠭᠤᠢ ᠶᠤᠮ     ᠬᠠᠪᠤᠷ ᠢ  ᠪᠢ ᠵᠡᠭᠦᠳᠦᠯᠡᠵᠦ ᠬᠤᠨᠣᠭᠰᠠᠨ ᠦᠭᠡᠢ ᠠᠮᠠᠷᠠᠭ ᠤᠨ ᠬᠠᠷᠠᠴᠠ ᠭᠡᠨ᠎ᠡ     ᠬᠠᠪᠤᠷ ᠢ  ᠪᠢ ᠵᠦᠭᠯᠡᠵᠦ ᠭᠦᠷᠦᠭᠰᠡᠨ ᠦᠭᠡᠢ ᠪᠤᠳᠤᠯ ᠤᠨ ᠬᠡᠶᠢᠷᠬᠡᠯ ᠭᠡᠨ᠎ᠡ     ᠬᠠᠪᠤᠷ ᠢ  ᠪᠢ ᠬᠠᠨᠳᠠᠯᠠᠵᠤ ᠭᠦᠢᠴᠡᠭᠰᠡᠨ ᠦᠭᠡᠢ ᠵᠢᠷᠦᠬᠡᠨ ᠤ ᠭᠡᠮᠨᠡᠯ ᠭᠡᠨ᠎ᠡ     ᠬᠠᠪᠤᠷ ᠢ  ᠪᠢ ᠵᠥᠪᠯᠡᠵᠦ ᠰᠤᠷᠤᠬᠰᠠᠨ ᠦᠭᠡᠢ ᠰᠡᠳᠬᠢᠯ ᠤᠨ ᠠᠲᠠᠭᠠᠷᠬᠠᠯ ᠭᠡᠨ᠎ᠡ     ᠬᠠᠪᠤᠷ ᠠᠴᠠ ᠬᠠᠨ ᠠᠭᠤᠯᠠ ᠶᠢᠨ ᠴᠠᠰᠤᠨ ᠤ ᠬᠠᠭᠵᠠᠷᠠᠬᠤ ᠶᠢ ᠦᠵᠡᠨ᠎ᠡ     ᠬᠠᠪᠤᠷ ᠠᠴᠠ ᠬᠠᠷᠪᠤᠵᠤ ᠰᠤᠪᠤᠷᠠᠭᠰᠠᠨ ᠤᠳᠤᠨ ᠤ ᠭᠡᠭᠡ ᠶᠢ ᠲᠤᠰᠤᠨ᠎ᠠ     ᠬᠠᠪᠤᠷ ᠠᠴᠠ ᠬᠠᠷᠢ ᠳᠤ ᠮᠣᠷᠳᠠᠭᠰᠠᠨ ᠬᠡᠦᠬᠡᠨ ᠤ ᠲᠥᠷᠬᠦᠮ ᠢᠶᠠᠨ ᠰᠠᠨᠠᠬᠤ ᠶᠢ ᠣᠶᠢᠯᠠᠭᠠᠨ᠎ᠠ     ᠬᠠᠪᠤᠷ ᠠᠴᠠ ᠬᠥᠯᠥᠷᠡᠲᠡᠯ᠎ᠡ ᠤᠤᠭᠤᠭᠰᠠᠨ ᠠᠭᠠᠭ ᠲᠠᠢ ᠴᠠᠢ ᠶᠢᠨ ᠦᠨᠦᠷ ᠢ ᠠᠮᠢᠰᠬᠤᠨ᠎ᠠ    ᠬᠠᠪᠤᠷ ᠲᠤ ᠮᠢᠨᠤ ᠳᠠᠭᠤᠯᠠᠭᠰᠠᠨ ᠳᠠᠭᠤᠤ  ᠶᠢᠨ ᠡᠭᠡᠰᠢᠭ ᠭᠡᠷᠡᠯᠲᠦᠨ᠎ᠡ    ᠬᠠᠪᠤᠷ ᠲᠤ ᠮᠢᠨᠤ ᠬᠦᠰᠡᠭᠰᠡᠨ ᠵᠢᠷᠦᠬᠡᠨ ᠤ ᠢᠯᠴᠢ ᠪᠠᠳᠠᠷᠠᠨ᠎ᠠ    ᠬᠠᠪᠤᠷ ᠲᠤ ᠮᠢᠨᠤ ᠠᠮᠰᠠᠭᠰᠠᠨ ᠳᠤᠷᠠᠯᠠᠯ ᠤᠨ ᠠᠮᠲᠠ ᠬᠠᠩᠬᠤᠯᠤᠨ᠎ᠠ    ᠬᠠᠪᠤᠷ ᠲᠤ ᠮᠢᠨᠤ ᠲᠠᠨᠢᠭᠰᠠᠨ ᠰᠡᠳᠬᠢᠯ ᠤᠨ ᠥᠩᠭᠡ ᠨᠢᠭᠤᠭᠳᠠᠨ᠎ᠠ    ᠬᠠᠪᠤᠷ  ᠭᠡᠵᠦ ᠪᠤᠳᠤᠵᠦ ᠣᠯᠣᠭᠠᠳ ᠬᠡᠯᠡᠵᠦ ᠵᠠᠪᠳᠤᠭᠰᠠᠨ ᠦᠭᠡᠢ ᠪᠦᠱᠦᠭᠦᠷᠬᠡᠯ ᠶᠤᠮ    ᠬᠠᠪᠤᠷ  ᠭᠡᠵᠦ ᠰᠠᠨᠠᠵᠤ ᠬᠦᠯᠢᠶᠡᠭᠡᠳ ᠤᠴᠠᠷᠠᠵᠤ ᠲᠤᠬᠳᠤᠯᠤᠬᠰᠠᠨ ᠤᠶᠠᠷᠠᠯ ᠶᠤᠮ    ᠬᠠᠪᠤᠷ  ᠭᠡᠵᠦ ᠤᠷᠤᠰᠬᠠᠯ ᠨᠡᠶᠢᠯᠡᠭᠰᠡᠨ ᠰᠡᠳᠬᠢᠯ ᠤᠨ ᠡᠷᠴᠢ ᠶᠤᠮ    ᠬᠠᠪᠤᠷ  ᠭᠡᠵᠦ ᠳᠤᠷᠠᠰᠬᠠᠯ ᠭᠦᠪᠦᠷᠡᠭᠰᠡᠨ ᠰᠢᠯᠦᠭ ᠤᠨ ᠮᠥᠷ ᠶᠤᠮ    ᠬᠠᠪᠤᠷ  ᠠ᠋ ᠲᠠ ᠨᠢᠯᠪᠤᠰᠤ ᠮᠡᠯᠲᠡᠭᠡᠨᠡᠭᠰᠡᠨ ᠠᠮᠠᠷᠠᠭ ᠨᠢᠳᠦᠨ ᠤᠤ    ᠬᠠᠪᠤᠷ  ᠠ᠋ ᠲᠠ ᠨᠢᠭᠤᠵᠤ ᠪᠣᠯᠵᠣᠭᠰᠠᠨ ᠢᠨᠠᠭ ᠰᠢᠪᠡᠨᠡᠭᠡ ᠤᠤ    ᠬᠠᠪᠤᠷ  ᠠ᠋ ᠲᠠ ᠨᠡᠭᠦᠵᠦ ᠪᠠᠭᠤᠭᠰᠠᠨ ᠠᠶᠢᠯ ᠤᠨ ᠴᠠᠢ ᠤᠤ    ᠬᠠᠪᠤᠷ  ᠠ᠋ ᠲᠠ ᠨᠠᠷᠭᠢᠵᠤ ᠬᠥᠭᠡᠷᠦᠭᠰᠡᠨ ᠠᠨᠳᠠ ᠶᠢᠨ ᠵᠢᠷᠤᠮ ᠤᠤ︖
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号