ᠨᠣᠮ ᠤᠨ ᠤᠳᠬ᠎ᠠ
ᠨᠡᠶᠢᠲᠡᠯᠡᠭᠰᠡᠨ ᠴᠠᠭ᠄
2024/4/17
     ᠣᠷᠴᠢᠮ ᠨᠣᠮ ᠤᠩᠰᠢᠬᠤ ᠲᠤᠬᠠᠢ ᠤᠯᠠᠨ ᠰᠠᠶᠢᠬᠠᠨ ᠶᠠᠷᠢᠯᠴᠠᠭ᠎ᠠ ᠥᠷᠨᠢᠵᠦ ᠪᠤᠢ᠃ ᠬᠡᠳᠦᠨ ᠵᠣᠬᠢᠶᠠᠯ ᠤᠩᠰᠢᠵᠤ ᠦᠵᠡᠭᠡᠳ ᠤᠯᠠᠨ ᠬᠤᠨᠤᠭ ᠥᠪᠡᠷ ᠤᠨ ᠢᠶᠠᠨ ᠨᠣᠮ ᠤᠩᠰᠢᠭᠰᠠᠨ ᠪᠠᠶᠢᠳᠠᠯ ᠢᠶᠠᠨ ᠰᠢᠭᠦᠵᠦ᠂ ᠨᠠᠷᠢᠨ ᠲᠤᠩᠭᠠᠨ ᠪᠣᠳᠣᠯᠬᠢᠯᠠᠵᠤ ᠦᠵᠡᠯ᠎ᠡ᠃ ᠤᠷᠢᠳ ᠨᠢ ᠥᠨᠳᠥᠷ ᠲᠤᠮᠳᠠᠳᠤ ᠶᠢᠨ ᠬᠢᠴᠢᠶᠡᠯ ᠳᠡᠭᠡᠷ᠎ᠡ ︽ᠲᠣᠯᠣᠭᠠᠢ︾ ᠭᠡᠰᠡᠨ ᠰᠠᠶᠢᠬᠠᠨ ᠵᠣᠬᠢᠶᠠᠯ ᠪᠠᠶᠢᠭᠰᠠᠨ᠃ ᠲᠡᠷᠡ ᠬᠦ ᠵᠣᠬᠢᠶᠠᠯ ᠳᠤ ᠬᠡᠵᠢᠶᠡᠳᠡ ᠦᠨᠡᠨ ᠦᠭᠡ ᠬᠡᠯᠡᠵᠦ ᠶᠠᠪᠤᠳᠠᠭ ᠳ᠋ᠦᠩᠭᠡᠷ ᠠᠪᠤᠭᠠᠢ ᠬᠤᠳᠠᠯᠴᠢ ᠲᠤᠮᠰᠤᠨ ᠳᠤ ᠬᠠᠷᠢᠭᠤᠯᠬᠤ ᠳᠠᠭᠠᠨ᠄︽ᠦᠨᠡᠨ ᠢᠶᠠᠷ ᠨᠢ ᠵᠥᠪ ᠰᠠᠶᠢᠬᠠᠨ ᠪᠢᠴᠢᠪᠡᠯ ᠵᠦᠭᠡᠷ ᠶᠠᠭᠤᠮ᠎ᠠ ᠪᠤᠯᠬᠤ ᠪᠠᠶᠢᠬ᠎ᠠ︾ ᠭᠡᠰᠡᠨ ᠶᠤᠮ᠃ ᠥᠨᠥ ᠡᠨᠡ ᠦᠭᠡ ᠶᠢ ᠪᠠᠭ᠋ᠠᠨ ᠬᠤᠪᠢᠷᠠᠭᠤᠯᠵᠤ ᠬᠡᠯᠡᠮᠡᠷ ᠪᠠᠶᠢᠨ᠎ᠠ᠄ ᠦᠨᠡᠨ ᠢᠶᠠᠷ ᠨᠢ ᠵᠥᠪ ᠰᠠᠶᠢᠬᠠᠨ ᠬᠡᠯᠡᠪᠡᠯ ᠨᠣᠮ ᠤᠩᠰᠢᠬᠤ ᠲᠤᠬᠠᠢ ᠪᠠᠭ᠋ᠠᠨ ᠬᠡᠷᠡᠭᠴᠡᠭᠡ ᠲᠠᠢ ᠤᠴᠢᠷ ᠬᠡᠯᠡᠵᠦ ᠭᠠᠷᠭᠠᠵᠤ ᠮᠡᠳᠡᠨ᠎ᠡ᠃     ᠡᠩ ᠲᠦᠷᠦᠭᠦᠨ ᠳᠤ ᠪᠢ ᠤᠯᠠᠨ ᠨᠣᠮ ᠤᠩᠰᠢᠭᠰᠠᠨ ᠬᠥᠮᠥᠰ ᠤᠨ ᠲᠣᠭᠠᠨ ᠳᠤ ᠠᠷᠠᠢ ᠪᠠᠭᠲᠠᠬᠤ ᠦᠭᠡᠢ ᠪᠠᠶᠢᠬ᠎ᠠ ᠭᠡᠰᠡᠨ ᠪᠤᠲᠣᠯ ᠢᠶᠠᠨ ᠬᠡᠯᠡᠶ᠎ᠡ᠃ ᠪᠠᠭᠰᠢᠯᠠᠵᠤ ᠪᠠᠶᠢᠬᠤ ᠳᠠᠭᠠᠨ ᠦᠷᠭᠦᠯᠵᠢ ᠨᠣᠮ ᠤᠩᠰᠢᠳᠠᠭ ᠬᠡᠳᠦᠨ ᠬᠥᠮᠥᠨ ᠤ ᠨᠥᠯᠥᠭᠡ ᠪᠠᠷ ᠡᠳᠦᠢ ᠲᠡᠳᠦᠢ ᠨᠣᠮ ᠤᠩᠰᠢᠵᠠᠢ᠃ ᠬᠤᠵᠢᠮ ᠨᠢ ᠠᠵᠢᠯ ᠰᠢᠯᠵᠢᠭᠡᠳ ᠡᠯᠳᠡᠪ ᠡᠰᠡᠨ ᠮᠠᠲ᠋ᠧᠷᠢᠶᠠᠯ ᠡᠷᠢᠶᠡᠴᠢᠵᠦ ᠰᠠᠭᠤᠭᠰᠠᠨ ᠠᠴᠠ ᠬᠤᠶᠢᠰᠢ ᠨᠣᠮ ᠤᠩᠰᠢᠬᠤ ᠴᠠᠭ ᠲᠤᠩ ᠪᠠᠭ᠎ᠠ ᠪᠣᠯᠵᠠᠢ᠃ ᠨᠡᠩ ᠴᠤ ᠤᠳᠤ ᠪᠣᠯ ᠪᠠᠭ᠎ᠠ ᠰᠠᠭ᠎ᠠ ᠶᠠᠭᠤᠮ᠎ᠠ ᠣᠷᠴᠢᠭᠤᠯᠵᠤ ᠰᠠᠭᠤᠬᠤ ᠠᠴᠠ ᠣᠨᠳᠣᠣ ᠶᠠᠭᠤ ᠴᠤ ᠤᠩᠰᠢᠵᠤ ᠣᠷᠣᠬᠤ ᠦᠭᠡᠢ ᠪᠣᠯᠪᠠ᠃     ᠮᠢᠨᠤ ᠨᠣᠮ ᠤᠩᠰᠢᠭᠰᠠᠨ ᠶᠡᠷᠦᠩᠬᠡᠢ ᠪᠠᠶᠢᠳᠠᠯ ᠢᠶᠠᠨ ᠡᠷᠭᠢᠴᠡᠭᠦᠯᠪᠡᠯ᠄ ᠪᠠᠭ᠎ᠠ ᠰᠤᠷᠭᠠᠭᠤᠯᠢ ᠶᠢᠨ ᠱᠠᠲᠤᠨ ᠳᠤ ᠪᠣᠯ ᠨᠢᠭᠡ ᠬᠡᠳᠦᠨ ᠬᠡᠦᠬᠡᠳ ᠤᠨ ᠵᠢᠷᠤᠭᠲᠤ ᠨᠣᠮ᠂ ︽ᠴᠣᠮᠣᠷᠯᠢᠭ︾ ︽ᠨᠠᠬᠢᠶ᠎ᠠ︾ ᠠᠴᠠ ᠥᠭᠡᠷ᠎ᠡ ᠭᠠᠪᠢᠭᠰᠠᠨ ᠵᠦᠢᠯ ᠦᠭᠡᠢ᠃     ᠠᠩᠬ᠎ᠠ ᠲᠤᠮᠳᠠᠳᠦ ᠶᠢᠨ ᠦᠶ᠎ᠡ ᠳᠤ ᠲᠣᠭᠠᠨ ᠤ ᠬᠢᠴᠢᠶᠡᠯ᠂ ᠹᠢᠽᠢᠺ ᠤᠨ ᠬᠢᠴᠢᠶᠡᠯ ᠳᠡᠭᠡᠷ᠎ᠡ ᠨᠢᠭᠤᠵᠤ ᠵᠡᠪᠰᠡᠭ ᠤᠨ ᠡᠷᠳᠡᠮ ᠤᠨ ᠦᠯᠢᠭᠡᠷ ᠦᠵᠡᠳᠡᠭ ᠪᠠᠶᠢᠯ᠎ᠠ᠃ ᠲᠡᠭᠡᠭᠡᠳ ᠰᠣᠩᠭᠤᠳᠠᠭ ᠨᠣᠮ ᠶᠠᠭᠤ ᠭᠡᠵᠦ ᠳᠡᠮᠡᠢ ᠴᠡᠭᠡᠵᠢᠯᠡᠭᠰᠡᠨ ᠦᠭᠡᠢ᠃ ᠬᠠᠷᠢᠨ ︽ᠬᠤᠶᠠᠳᠠᠭᠢ ᠠᠭᠤᠯᠵᠠᠯᠲᠠ︾ ︽ᠮᠣᠷᠢ ᠣᠨᠣᠭᠰᠠᠨ ᠲᠣᠯᠣᠭᠠᠢ ᠦᠭᠡᠢ ᠬᠥᠮᠥᠨ︾ ︽ᠠᠩᠭᠢ ᠶᠢᠨ ᠡᠷᠭᠢᠯᠡᠭᠴᠢ︾ ᠵᠡᠷᠭᠡ ᠶᠢ ᠯᠡ ᠴᠡᠭᠡᠵᠢᠯᠡᠵᠦ ᠪᠠᠶᠢᠨ᠎ᠠ᠃     ᠥᠨᠳᠥᠷ ᠲᠤᠮᠳᠠᠳᠦ ᠳᠤ ᠣᠷᠣᠭᠠᠳ ᠷᠣᠮᠠᠨᠲ᠋ᠢᠭ ᠬᠠᠶᠢᠷ᠎ᠠ ᠳᠤᠷᠠᠯᠠᠯ ᠤᠨ ᠬᠠᠮᠢᠶ᠎ᠠ ᠲᠠᠢ ᠨᠣᠮ ᠨᠡᠯᠢᠶᠡᠳ ᠤᠩᠰᠢᠵᠠᠢ᠃ ︽ᠴᠠᠢ ᠶᠢᠨ ᠴᠡᠴᠡᠭᠲᠦ ᠠᠪᠠᠭ᠋ᠠᠢ︾ ︽ᠤᠯᠠᠭᠠᠨ ᠤ ᠬᠢᠨ ᠪᠠ ᠬᠠᠷ᠎ᠠ ᠶᠢᠨ ᠬᠢᠨ︾ ᠁ ᠵᠡᠷᠭᠡ᠃ ᠢᠩᠭᠢᠭᠡᠳ ᠪᠠᠷᠤᠭ ᠯᠡ ᠬᠡᠢ ᠰᠣᠯᠢᠶ᠎ᠠ ᠣᠷᠣᠭᠰᠠᠨ ᠶᠤᠮ ᠤᠤ ᠡᠰᠡᠬᠦᠯ᠎ᠡ ᠰᠡᠳᠬᠢᠯᠭᠡ ᠶᠢᠨ ᠡᠮᠵᠡᠭᠯᠡᠯ ᠭᠠᠵᠢᠳᠠᠯ ᠭᠠᠷᠤᠭᠰᠠᠨ ᠴᠤ ᠶᠤᠮ ᠤᠤ︖ ᠪᠤᠤ ᠮᠡᠳᠡ᠃  ᠶᠠᠭᠤ ᠴᠤ ᠭᠡᠰᠡᠨ ᠬᠤᠵᠢᠮ ᠨᠢ ᠢᠨᠠᠭ ᠬᠤᠩᠭᠤᠷ ᠰᠣᠩᠭᠤᠬᠤ ᠪᠤᠶᠤ ᠠᠮᠢᠳᠤᠷᠠᠯ ᠤᠷᠤᠭ ᠢ ᠠᠳᠠᠪᠠᠰᠢ ᠮᠠᠭᠤᠬᠠᠢ ᠪᠠᠷ ᠨᠥᠯᠥᠭᠡᠯᠡᠵᠡᠢ᠃ ᠲᠡᠭᠡᠭᠦᠯᠡᠷ ᠰᠣᠩᠭᠤᠳᠠᠭ ᠪᠦᠲᠦᠭᠡᠯ ᠪᠦᠭᠦᠨ ᠵᠠᠪᠠᠯ ᠡᠷᠳᠡᠨᠢ ᠪᠢᠰᠢ᠂ ᠶᠠᠭ ᠰᠠᠶᠢᠨ ᠡᠮ ᠪᠦᠭᠦᠨ ᠢ ᠳᠤᠷ᠎ᠠ ᠪᠠᠷ ᠢᠳᠡᠵᠦ ᠪᠤᠯᠬᠤ ᠦᠭᠡᠢ ᠲᠠᠢ ᠠᠪ ᠠᠳᠠᠯᠢᠬᠠᠨ ᠶᠣᠰᠣ᠃ ᠰᠤᠷᠤᠬᠴᠢ ᠨᠠᠰᠤᠨ ᠳᠤ ᠪᠠᠭᠰᠢ ᠶᠢᠨ ᠳᠠᠭᠠᠭᠤᠯᠭ᠎ᠠ ᠳᠣᠣᠷ᠎ᠠ᠂ ᠵᠣᠷᠢᠭ ᠡᠷᠴᠢᠯᠡᠬᠦ᠂ ᠰᠡᠳᠬᠢᠯ ᠵᠦᠭᠰᠢᠷᠡᠭᠦᠯᠬᠦ᠂ ᠰᠠᠨᠠᠭ᠎ᠠ ᠰᠠᠷᠠᠭᠤᠯᠵᠢᠭᠤᠯᠬᠤ ᠡᠳᠦᠢ ᠲᠡᠳᠦᠢ ᠨᠣᠮ ᠤᠩᠰᠢᠪᠠᠯ ᠪᠣᠯᠴᠢᠬᠠᠨ᠎ᠠ᠃ ᠵᠢᠵᠢᠭᠬᠡᠨ ᠬᠡᠷᠡᠭ ᠤᠴᠢᠷ ᠠᠴᠠ ᠠᠮᠢᠳᠤᠷᠠᠯ ᠤᠨ ᠭᠦᠨ ᠤᠬᠠᠭᠠᠯᠢᠭ ᠶᠣᠰᠣ ᠤᠬᠠᠭᠠᠨ ᠢ ᠰᠡᠷᠡᠬᠦ ᠲᠡᠶᠢᠮᠦᠬᠡᠨ ᠮᠠᠶ᠋ᠢᠭ ᠤᠨ ᠵᠣᠬᠢᠶᠠᠯ ᠲᠣᠬᠢᠷᠠᠨ᠎ᠠ ᠭᠡᠵᠦ ᠪᠤᠳᠤᠨ᠎ᠠ᠃ ᠡᠷᠢᠶᠡᠨ ᠪᠠᠷᠠᠭᠠᠨ ᠨᠡᠶᠢᠭᠡᠮ᠂ ᠡᠯᠳᠡᠪ ᠡᠰᠡᠨ ᠦᠵᠡᠯ᠂ ᠡᠰᠢ ᠶᠣᠰᠣᠨ ᠤ ᠬᠦᠯᠢᠶᠡᠰᠦ ᠁ ᠭᠡᠳ ᠲᠣᠬᠢᠷᠠᠬᠤ ᠦᠭᠡᠢ ᠨᠣᠮ ᠵᠠᠬ᠎ᠠ ᠠᠴᠠ ᠪᠠᠨ ᠠᠪᠤᠭᠠᠳ ᠤᠯᠠᠨ᠃ ᠵᠠᠷᠢᠮ ᠨᠣᠮ ᠵᠦᠪᠭᠡᠨ ᠲᠤᠰᠬᠠᠢ ᠬᠠᠨᠳᠤᠰᠢ ᠴᠢᠭᠯᠡᠯ ᠢᠶᠠᠷ ᠤᠩᠰᠢᠳᠠᠭ ᠬᠥᠮᠥᠨ ᠳᠤ ᠰᠠᠶ᠋ᠢ ᠲᠣᠬᠢᠷᠠᠨ᠎ᠠ᠃ ᠭᠡᠳᠦ ᠡᠷᠲᠡ ᠤᠩᠰᠢᠪᠠᠯ ᠬᠡᠷᠡᠭ ᠲᠦᠪᠡᠭ ᠪᠣᠯᠴᠢᠬᠠᠳᠠᠭ᠃     ᠶᠡᠭᠡ ᠰᠤᠷᠭᠠᠭᠤᠯᠢ ᠳᠤ ᠣᠷᠣᠭᠠᠳ ᠶᠠᠭᠤ ᠰᠤᠳᠤᠯᠤᠨ᠎ᠠ᠂ ᠶᠠᠮᠠᠷ ᠴᠢᠭᠯᠡᠯ ᠢᠶᠠᠷ ᠠᠵᠢᠯᠯᠠᠨ᠎ᠠ ᠭᠡᠳᠡᠭ ᠰᠠᠨᠠᠭ᠎ᠠ ᠵᠣᠷᠢᠯᠲᠠ ᠪᠠᠶᠢᠭᠰᠠᠨ ᠦᠭᠡᠢ ᠲᠤᠯᠠ ᠴᠣᠬᠤᠮ ᠰᠠᠨᠠᠭᠠᠨ ᠳᠤᠷ᠎ᠠ ᠪᠠᠷ᠂ ᠬᠠᠨᠳᠤᠯᠭ᠎ᠠ ᠦᠭᠡᠢ ᠪᠠᠷ ᠤᠩᠰᠢᠵᠤ ᠥᠴᠢᠨᠡᠨ ᠲᠥᠴᠢᠨᠡᠨ ᠴᠠᠭ ᠢ ᠪᠠᠷᠠᠭᠠᠵᠠᠢ᠃ ᠬᠠᠷᠢᠨ ᠰᠠᠨᠠᠭᠠᠨ ᠳᠤ ᠦᠭᠡᠢ ᠪᠠᠷ ᠤᠩᠰᠢᠭᠰᠠᠨ ᠵᠠᠷᠢᠮ ᠨᠣᠮ ᠪᠠᠰᠠ ᠵᠦᠭᠡᠷ ᠣᠯᠣᠯᠲᠠ ᠲᠥᠷᠥᠭᠳᠡᠯ ᠥᠭᠭᠦᠭᠰᠡᠨ ᠴᠤ ᠪᠤᠢ᠃ ᠡᠭᠦᠨ ᠳᠤ ᠰᠤᠷᠭᠠᠭᠤᠯᠢ ᠶᠢᠨ ᠡᠭᠦᠳᠡᠨ ᠳᠡᠭᠡᠷ᠎ᠡ ᠰᠤᠯᠠ ᠪᠠᠷ ᠬᠤᠳᠠᠯᠳᠤᠵᠤ ᠪᠠᠶᠢᠭᠰᠠᠨ ᠬᠤᠶᠠᠷ ᠨᠣᠮ ᠨᠠᠳᠠ ᠶᠡᠭᠡ ᠰᠠᠭᠤᠭᠳᠠᠯ ᠲᠠᠢ ᠪᠠᠶᠢᠨ᠎ᠠ᠃ ᠨᠢᠭᠡ ᠨᠢ ᠪᠠᠷᠤᠭ ᠶᠠ᠊·ᠪᠠᠲᠤᠳᠠᠯᠠᠢ ᠶᠢᠨ ︽ᠲᠡᠭᠷᠢ ᠳᠡᠭᠡᠨ ᠦᠬᠦᠳᠡᠭ ᠰᠢᠪᠠᠭᠤ︾᠂ ᠨᠦᠭᠦᠭᠡ ᠨᠢ ᠠᠨ ᠰᠢᠨ ᠤ ᠪᠢᠴᠢᠭᠰᠡᠨ ︽ᠬᠠᠵᠢᠤᠬᠠᠢ︾ ᠭᠡᠳᠡᠭ ᠬᠢᠲᠠᠳ ᠰᠢᠯᠦᠭ ᠤᠨ ᠲᠡᠭᠦᠪᠦᠷᠢ ᠪᠠᠶᠢᠯ᠎ᠠ᠃ ᠲᠦᠷᠦᠭᠦᠨ ᠤ ᠨᠣᠮ ᠨᠢ ᠰᠢᠯᠦᠭ ᠭᠡᠳᠡᠭ ᠴᠢᠨᠢ ᠶᠠᠭᠤ ᠶᠢ ᠴᠤ ᠪᠦᠷ ᠰᠢᠯᠦᠭ ᠪᠤᠯᠭᠠᠵᠦ ᠪᠢᠴᠢᠵᠦ ᠪᠤᠯᠳᠠᠭ ᠶᠤᠮ ᠪᠠᠶᠢᠨ᠎ᠠ ᠭᠡᠳᠡᠭ ᠢ ᠮᠡᠳᠡᠭᠦᠯᠵᠦ᠂ ᠤᠳᠠᠭᠠᠭᠢ ᠨᠣᠮ ᠨᠢ ᠮᠢᠨᠤᠬᠢ ᠣᠨᠢᠰᠤᠭ᠎ᠠ ᠳᠠᠭᠠᠭᠠᠵᠤ ᠪᠦᠳᠡᠭᠢ ᠰᠢᠯᠦᠭ ᠰᠤᠳᠤᠯᠬᠤ ᠶᠢᠨ ᠡᠭᠢᠯᠡᠯᠲᠡ ᠪᠣᠯᠤᠭᠰᠠᠨ ᠪᠠᠶᠢᠳᠠᠯ ᠲᠠᠢ᠃ ᠡᠨᠡ ᠬᠤᠶᠠᠷ ᠨᠣᠮ ᠢ ᠨᠢᠭᠡᠨ ᠴᠠᠭ ᠤᠨ ᠬᠡᠶᠢᠷᠬᠡᠯ ᠠᠴᠠ ᠪᠣᠯᠵᠤ᠂ ᠰᠢᠳᠦᠨ ᠵᠠᠪᠰᠠᠷ ᠢᠶᠠᠷ ᠢᠶᠠᠨ ᠠᠷᠪᠢᠯᠠᠭᠰᠠᠨ ᠲᠣᠭᠠᠲᠠᠢ ᠬᠡᠳᠦᠨ ᠮᠥᠩᠭᠦ ᠪᠠᠷ ᠢᠶᠠᠨ ᠬᠤᠳᠠᠯᠳᠤᠵᠤ ᠠᠪᠤᠭᠰᠠᠨ ᠪᠣᠯᠬᠤᠷ ᠨᠠᠷᠢᠨ ᠤᠩᠰᠢᠭᠰᠠᠨ ᠨᠢ ᠨᠢᠭᠡ ᠰᠢᠯᠲᠠᠭᠠᠨ ᠪᠠᠶᠢᠵᠤ ᠪᠣᠯᠤᠮᠠᠷ᠂ ᠨᠦᠭᠦᠭᠡ ᠨᠢᠭᠡ ᠨᠢ ᠪᠠᠶᠢᠷᠢ ᠳᠤ ᠠᠪᠠᠴᠢᠭᠠᠳ ᠳᠡᠷ᠎ᠡ ᠶᠢᠨ ᠬᠠᠵᠠᠭᠤᠳᠠ ᠲᠠᠯᠪᠢᠭᠰᠠᠨ ᠪᠠᠶᠢᠳᠠᠭ ᠢᠶᠠᠷ ᠥᠯᠥᠰᠬᠦᠯᠡᠩ ᠭᠠᠴᠢᠭ ᠲᠠᠢ ᠡᠳᠦᠷ ᠬᠠᠷᠭᠤᠪᠠᠯ ᠲᠦᠷ ᠴᠠᠭ ᠴᠤ ᠭᠡᠰᠡᠨ ᠮᠠᠷᠲᠠᠬᠤ ᠶᠢ ᠰᠠᠨᠠᠳᠠᠭ ᠢᠶᠠᠷ ᠨᠠᠷᠢᠨ ᠤᠩᠰᠢᠭᠳᠠᠭᠰᠠᠨ ᠪᠠᠶᠢᠵᠤ ᠮᠠᠭᠠᠳ ᠶᠤᠮ᠃ ᠪᠠᠷᠤᠭ ᠰᠢᠯᠦᠭ ᠪᠦᠷᠢ ᠶᠢ ᠬᠡᠳᠦᠨ ᠤᠳᠠᠭ᠎ᠠ᠂ ᠱᠠᠳ ᠪᠦᠷᠢ ᠶᠢ ᠴᠡᠭᠡᠵᠢᠯᠡᠮᠡᠷ ᠪᠤᠯᠳᠠᠯ᠎ᠠ ᠤᠩᠰᠢᠵᠤ ᠪᠠᠶᠢᠵᠠᠢ᠃ ᠶᠠᠭᠤ ᠴᠤ ᠭᠡᠰᠡᠨ ᠰᠢᠯᠦᠭ ᠡᠬᠢᠯᠡᠭᠡᠳ ᠤᠩᠰᠢᠭᠰᠠᠨ ᠪᠣᠯᠬᠤᠷ ᠴᠢᠨᠠᠭᠰᠢ ᠨᠢ ᠰᠢᠯᠦᠭ ᠪᠢᠴᠢᠬᠦ ᠶᠢ ᠰᠠᠨᠠᠵᠤ᠂ ᠰᠢᠯᠦᠭ ᠪᠢᠴᠢᠬᠦ ᠶᠢ ᠰᠠᠨᠠᠭᠰᠠᠨ ᠠᠴᠠ ᠰᠢᠯᠦᠭ ᠪᠢᠴᠢᠳᠡᠭ ᠬᠥᠮᠥᠰ ᠢ ᠪᠠᠭᠰᠢ ᠪᠠᠷᠢᠵᠤ ᠡᠷᠢᠵᠦ ᠭᠦᠶᠦᠬᠦ ᠪᠣᠯᠵᠠᠢ᠃      ᠬᠠᠮᠤᠭ ᠲᠦᠷᠦᠭᠦᠨ ᠳᠤ ︽ᠥᠪᠥᠷ ᠮᠣᠩᠭᠤᠯ ᠤᠨ ᠡᠳᠦᠷ ᠤᠨ ᠰᠣᠨᠢᠨ ᠤ ᠬᠤᠷᠢᠶ᠎ᠠ︾ ᠶᠢᠨ ᠲ᠊·ᠰᠡᠴᠡᠨ ᠪᠠᠭᠰᠢ  ᠲᠠᠢ ᠲᠠᠨᠢᠯᠴᠠᠵᠤ᠂ ᠰᠢᠯᠦᠭ ᠪᠢᠴᠢᠬᠦ ᠶᠢ ᠰᠤᠷᠤᠨ᠎ᠠ ᠭᠡᠵᠦ ᠱᠠᠪᠢ ᠣᠷᠣᠬᠤ ᠪᠠᠷ ᠭᠤᠶᠣᠭᠰᠠᠨ ᠪᠠᠶᠢᠨ᠎ᠠ᠃ ᠨᠠ᠊·ᠥᠯᠵᠡᠶᠢᠳᠡᠯᠭᠡᠷ ᠪᠠᠭᠰᠢ ᠶᠢᠨ ᠤᠷᠤᠰᠤᠮ᠎ᠠ ᠤᠶᠠᠩᠭᠠᠯᠢᠭ ᠰᠢᠯᠦᠭ ᠢᠶᠠᠨ ᠨᠠᠮᠪᠠᠲᠠᠶᠢᠬᠠᠨ ᠤᠩᠰᠢᠵᠤ ᠰᠣᠨᠢᠷᠬᠠᠭᠤᠯᠬᠤ ᠳᠤ ᠶᠡᠭᠡ ᠯᠡ ᠰᠠᠶᠢᠬᠠᠨ ᠰᠣᠨᠣᠰᠴᠤ᠂ ᠠᠷᠠᠵᠠ ᠬᠤᠷᠠᠵᠠ ᠠᠮᠰᠠᠭᠰᠠᠨ ᠮᠡᠲᠦ ᠠᠭᠠᠭ ᠲᠠᠢ ᠰᠠᠶᠢᠬᠠᠨ ᠰᠠᠨᠠᠭᠳᠠᠵᠤ ᠪᠠᠶᠢᠵᠠᠢ᠃ ᠲᠡᠭᠡᠲᠡᠯ᠎ᠡ ᠳᠣᠷᠣᠨᠠᠲ᠋ᠡᠭᠷᠢ ᠪᠠᠭᠰᠢ ᠶᠢᠨ ︽ᠠᠩᠬᠢᠯᠤᠮ᠎ᠠ ᠦᠨᠦᠷᠲᠦ ᠴᠠᠭ ᠮᠥᠴᠡ︾ ᠬᠡᠪᠯᠡᠭᠳᠡᠨ ᠭᠠᠷᠴᠤ ᠢᠷᠡᠭᠡᠳ ᠨᠢᠭᠡ ᠨᠣᠮ ᠣᠯᠣᠭᠰᠠᠨ ᠲᠤᠯᠠ ᠪᠠᠰᠠᠯᠠ ᠳᠡᠷ᠎ᠡ ᠶᠢᠨ ᠬᠠᠵᠠᠭᠤ ᠳᠠᠭᠠᠨ ᠲᠠᠯᠪᠢᠵᠤ ᠰᠤᠳᠤᠯᠤᠭᠠᠳ ᠡᠬᠢᠯᠡᠵᠡᠢ᠃ ᠡᠳᠡᠭᠡᠷ ᠰᠢᠯᠦᠭ ᠢ ᠤᠩᠰᠢᠬᠤ ᠳᠤ ᠠᠷᠠᠵᠠ ᠬᠤᠷᠠᠵᠠ ᠰᠠᠨᠠᠭᠳᠠᠭᠰᠠᠨ ᠦᠭᠡᠢ᠂ ᠬᠠᠷᠢᠨ ᠬᠠᠩᠬᠤᠯᠤᠮ᠎ᠠ ᠰᠠᠶᠢᠬᠠᠨ ᠰᠢᠷᠠᠩᠭᠤᠢ ᠨᠣᠭᠤᠭᠠᠨ ᠯᠦᠩᠵᠢᠩ ᠴᠠᠢ ᠪᠤᠳᠤᠬᠳᠠᠵᠦ᠂ ᠠᠭᠠᠭ ᠲᠡᠰ ᠦᠭᠡᠢ ᠪᠠᠶᠢᠲᠠᠯ᠎ᠠ ᠪᠠᠨ ᠰᠣᠭᠲᠣᠭᠠᠵᠤ ᠪᠠᠶᠢᠮᠠᠷ ᠰᠠᠨᠠᠭᠳᠠᠭᠤᠯᠵᠠᠢ᠃ ᠤᠯᠠᠨ ᠰᠢᠯᠦᠭ ᠤᠨ ᠳᠡᠪᠲᠡᠷ ᠰᠣᠨᠢᠷᠬᠠᠨ ᠰᠢᠯᠦᠭ ᠪᠢᠴᠢᠵᠦ ᠤᠷᠤᠯᠳᠤᠵᠦ ᠪᠠᠶᠢᠭᠰᠠᠨ ᠥᠩᠭᠡᠷᠡᠯᠲᠡ ᠨᠢ ᠨᠠᠮᠠᠶᠢ ᠬᠤᠵᠢᠮ ᠨᠢ ᠨᠠᠶᠢᠷᠠᠭᠤᠯᠤᠯ ᠡᠬᠢᠯᠡᠵᠦ ᠪᠢᠴᠢᠬᠦ ᠪᠤᠯᠬᠤ ᠳᠤ ᠦᠭᠡ ᠬᠡᠯᠡᠯᠭᠡ ᠶᠢᠨ ᠰᠢᠷᠭᠠᠭᠠᠯᠲᠠ ᠶᠢᠨ ᠲᠠᠯ᠎ᠠ ᠪᠠᠷ ᠶᠡᠬᠡᠬᠡᠨ ᠲᠤᠰᠠ ᠲᠡᠮ ᠪᠣᠯᠤᠭᠰᠠᠨ ᠪᠢᠯᠡ᠃ ᠬᠤᠵᠢᠮ ᠨᠢ ᠰᠢᠯᠦᠭ ᠪᠢᠴᠢᠬᠦ ᠲᠤᠳᠤᠮ ᠪᠡᠶ᠎ᠡ ᠪᠠᠨ ᠭᠤᠯᠣᠳᠠᠭ ᠪᠣᠯᠵᠤ᠂ ᠪᠠᠰᠠ ᠨᠢᠭᠡ ᠬᠠᠮᠲᠤ ᠰᠤᠷᠤᠬᠴᠢ ᠨᠠᠮᠠᠶᠢ ᠰᠦᠯᠵᠢᠶᠡᠨ ᠳᠡᠭᠡᠷ᠎ᠡ ︽ᠴᠢ ᠰᠢᠯᠦᠭ ᠪᠢᠴᠢᠬᠦ ᠬᠥᠮᠥᠨ ᠪᠢᠰᠢ᠂ ᠬᠠᠷᠢᠨ ᠨᠠᠶᠢᠷᠠᠭᠤᠯᠤᠯ ᠢᠶᠠᠨ ᠰᠠᠶᠢᠬᠠᠨ ᠪᠢᠴᠢᠴᠢᠬᠡ︕︾ ᠭᠡᠰᠡᠨ ᠳᠤ ᠪᠢ ᠴᠢᠨᠢ ᠢᠨᠠᠭ ᠬᠤᠩᠭᠤᠷ ᠢᠶᠠᠨ ᠨᠠᠶᠢᠵᠢ ᠳᠠᠭᠠᠨ ᠪᠤᠯᠢᠶᠠᠭᠳᠠᠭᠰᠠᠨ ᠰᠢᠭ᠋ ᠵᠣᠪᠠᠵᠤ᠂ ᠠᠷᠭ᠎ᠠ ᠪᠤᠰᠤ ᠰᠢᠯᠦᠭ ᠪᠢᠴᠢᠬᠦ ᠪᠠᠨ ᠵᠣᠭᠰᠣᠵᠠᠢ᠃ ᠬᠤᠵᠢᠮ ᠨᠢ ᠨᠠ᠊·ᠰᠤᠩᠳᠤᠢ ᠶᠢᠨ ︽ᠬᠠᠶᠢᠷ᠎ᠠ ᠶᠢᠨ ᠰᠢᠭᠦᠳᠡᠷᠢ︾ ᠶᠢ ᠳᠠᠭᠤᠷᠢᠶᠠᠵᠤ᠂ ᠰᠣᠳᠨᠠᠮ ᠪᠠᠭᠰᠢ ᠶᠢᠨ︽ᠨᠠᠷᠠᠨ ᠤ ᠳᠣᠣᠷ᠎ᠠ︾ ᠶᠢ ᠪᠠᠭ᠋ᠠᠷᠬᠠᠵᠤ ᠪᠠᠶᠢᠭᠰᠠᠭᠠᠷ᠂ ᠨᠠᠶᠢᠷᠠᠭᠤᠯᠤᠯ ᠤᠩᠰᠢᠵᠤ᠂ ᠵᠣᠬᠢᠶᠠᠨ ᠪᠦᠲᠦᠭᠡᠵᠦ ᠡᠬᠢᠯᠡᠵᠡᠢ᠃     ᠶᠡᠭᠡ ᠰᠤᠷᠭᠠᠭᠤᠯᠢ ᠶᠢᠨ ᠰᠡᠭᠦᠯ ᠤᠨ ᠬᠤᠶᠠᠷ ᠵᠢᠯ ᠨᠣᠮ ᠤᠨ ᠰᠠᠩ ᠳᠤ ᠢᠯᠡᠭᠦᠦ ᠰᠠᠭᠤᠭᠰᠠᠨ ᠭᠡᠳᠡᠭ ᠪᠤᠯᠪᠠᠴᠤ ᠳᠡᠮᠡᠢ ᠭᠠᠪᠢᠭᠰᠠᠨ ᠠᠵᠤ ᠪᠣᠯᠤᠭ᠎ᠠ ᠦᠭᠡᠢ᠂ ᠵᠦᠭᠡᠷ ᠯᠡ ᠪᠤᠰᠤᠳ ᠰᠠᠯᠪᠤᠷᠢ ᠶᠢᠨ ᠴᠢᠷᠠᠶᠢᠯᠢᠭ ᠥᠬᠢᠳ ᠢ ᠯᠡ ᠠᠩᠬᠠᠷᠤᠭᠠᠳ ᠪᠠᠶᠢᠭᠰᠠᠨ ᠰᠢᠤᠬᠠᠨ ᠪᠦᠷᠦᠭᠬᠡᠨ ᠡᠷᠭᠢᠴᠡᠭᠦᠯᠦᠯ ᠲᠡᠳᠦᠢ ᠦᠯᠡᠳᠡᠵᠡᠢ᠃ ᠣᠶᠤᠲᠠᠨ ᠤ ᠲᠡᠭᠦᠰᠬᠦ ᠥᠭᠦᠯᠡᠯ ᠢᠶᠠᠨ ︽ᠮᠣᠩᠭᠤᠯ ᠤᠷᠠᠨ ᠵᠣᠬᠢᠶᠠᠯ ᠤᠨ ᠳᠣᠲᠣᠷᠠᠬᠢ ᠹᠧᠯᠧᠲ᠋ᠤᠨ ᠤ ᠲᠤᠬᠠᠢ ᠰᠢᠨᠵᠢᠯᠡᠯ︾ ᠭᠡᠵᠦ ᠲᠣᠭᠲᠠᠭᠠᠳ ᠭᠤᠷᠪᠠᠳᠤᠭᠠᠷ ᠣᠨ ᠤ ᠵᠤᠨ ᠤ ᠠᠮᠠᠷᠠᠯᠲᠠ ᠳᠤ ᠳᠠᠷᠤᠢ ᠶᠡᠭᠡ ᠲᠥᠯᠥᠪ ᠪᠢᠴᠢᠭᠡᠳ ᠪᠠᠷᠠᠭᠠᠴᠢᠬᠠᠵᠦ᠂ ᠳᠥᠷᠪᠡᠳᠦᠭᠡᠷ ᠣᠨ ᠳᠠᠭᠠᠨ ᠬᠢᠲᠠᠳ ᠬᠡᠯᠡᠨ ᠤ ᠰᠠᠯᠪᠤᠷᠢ ᠠᠴᠠ ᠲᠦᠷᠪᠡᠨ ᠬᠢᠴᠢᠶᠡᠯ ᠰᠣᠩᠭᠤᠨ ᠰᠤᠷᠴᠤ ᠪᠠᠶᠢᠵᠠᠢ᠃ ᠲᠡᠭᠦᠰᠦᠭᠡᠳ ᠠᠵᠢᠯᠯᠠᠵᠤ ᠪᠠᠶᠢᠬᠤ ᠳᠠᠭᠠᠨ ︽ᠹᠧᠯᠧᠲ᠋ᠤᠨ ᠤ ᠰᠣᠩᠭᠤᠮᠠᠯ︾ ᠭᠡᠰᠡᠨ ᠰᠡᠳᠬᠦᠯ ᠵᠠᠬᠢᠶᠠᠯᠠᠵᠤ ᠥᠩᠭᠡᠷᠡᠪᠡ᠃ ᠢᠩᠭᠢᠭᠡᠳ ᠨᠡᠶᠢᠭᠡᠮ ᠲᠦᠷᠦ ᠶᠢᠨ ᠶᠡᠭᠡ ᠬᠡᠷᠡᠭ ᠢ ᠪᠠᠶᠢᠨ ᠪᠠᠶᠢᠨ ᠬᠠᠯᠠᠮᠵᠢᠯᠠᠬᠤ ᠪᠣᠯᠵᠤ᠂ ᠲᠡᠭᠰᠢ ᠪᠤᠰᠤ ᠵᠦᠢᠯ ᠢ ᠦᠵᠡᠪᠡᠯ ᠨᠢᠭᠡ ᠶᠠᠭᠤᠮ᠎ᠠ ᠬᠡᠯᠡᠬᠦ ᠶᠢ ᠰᠠᠨᠠᠵᠤ᠂ ᠥᠪᠡᠷ ᠤᠨ ᠮᠢᠨᠢ ᠵᠣᠬᠢᠶᠠᠯ ᠳᠣᠲᠣᠷ᠎ᠠ ᠴᠤ ᠵᠠᠷᠢᠮ ᠲᠤᠰᠬᠠᠯ ᠭᠠᠷᠤᠭᠰᠠᠨ ᠪᠠᠶᠢᠨ᠎ᠠ᠃ ᠡᠭᠦᠨ ᠢ ᠠᠪᠤ ᠮᠢᠨᠢ ᠮᠡᠳᠡᠴᠢᠬᠡᠭᠡᠳ ᠨᠠᠮᠠᠶᠢ ᠢᠳᠬᠠᠵᠤ᠄ ︽ᠴᠢᠨᠦ ᠵᠣᠬᠢᠶᠠᠯ ᠣᠷᠴᠢᠮ ᠪᠦᠷ ᠶᠠᠭᠤ ᠶᠢ ᠪᠢᠴᠢᠵᠦ ᠪᠠᠶᠢᠭ᠎ᠠ ᠪᠤᠢ︖ ᠴᠣᠬᠤᠮ ᠰᠠᠪᠠᠭ᠎ᠠ ᠦᠭᠡᠢ ᠶᠠᠭᠤ ᠰᠠᠷᠠ ᠶᠢ ᠦᠵᠡᠭᠡᠳ ᠬᠤᠴᠠᠨ᠎ᠠ ᠭᠡᠳᠡᠭ ᠪᠣᠯᠵᠤ ᠪᠠᠶᠢᠨ᠎ᠠ᠂ ᠪᠠᠭᠰᠢ ᠬᠥᠮᠥᠨ ᠰᠤᠷᠤᠬᠴᠢ ᠳᠠᠭᠠᠨ ᠰᠠᠶᠢᠨ ᠰᠠᠶᠢᠬᠠᠨ ᠢ ᠮᠡᠳᠡᠭᠦᠯᠵᠦ ᠪᠠᠶᠢᠪᠠᠯ ᠪᠣᠯᠣᠯ᠎ᠠ᠂ ᠨᠡᠶᠢᠭᠡᠮ ᠤᠨ ᠡᠷᠢᠶᠡᠨ ᠪᠠᠷᠠᠭᠠᠨ ᠢ ᠲᠡᠳᠡᠨ ᠳᠤ ᠬᠡᠯᠡᠵᠦ ᠥᠭᠭᠦᠭᠡᠳ ᠪᠠᠷᠠᠨᠠᠤ ᠳ᠋ᠠ︖ ᠴᠢ ᠬᠡᠳᠦᠨ ᠵᠣᠬᠢᠶᠠᠯ ᠪᠢᠴᠢᠭᠡᠳ ᠴᠣᠬᠤᠮ ᠶᠠᠭᠤ ᠶᠢ ᠬᠤᠪᠢᠷᠠᠭᠤᠯᠵᠤ ᠲᠡᠶᠢᠯᠭᠦ ᠶᠤᠮ ᠪᠤᠢ︖︾ ᠭᠡᠰᠡᠨ ᠠᠴᠠ ᠪᠢ ᠰᠠᠶ᠋ᠢ ᠰᠡᠳᠡᠯᠲᠡ ᠣᠯᠵᠤ᠂ ᠹᠧᠯᠧᠲ᠋ᠤᠨ ᠤᠩᠰᠢᠬᠤ ᠪᠠᠨ ᠪᠣᠯᠢᠭᠰᠠᠨ ᠠᠴᠠ ᠵᠣᠬᠢᠶᠠᠯ ᠤᠨ ᠠᠭᠤᠯᠭ᠎ᠠ ᠠᠬᠢᠭᠠᠳ ︽ᠨᠠᠷᠠᠯᠠᠭ︾ ᠪᠣᠯᠵᠤ ᠬᠤᠪᠢᠷᠠᠯ᠎ᠠ᠃ ᠠᠪᠤ ᠮᠢᠨᠢ ᠤᠷᠠᠨ ᠵᠣᠬᠢᠶᠠᠯ ᠤᠨ ᠰᠢᠭᠦᠮᠵᠢᠯᠡᠭᠴᠢ ᠨᠠᠷ ᠤᠨ ᠵᠢᠭᠠᠵᠤ ᠥᠭᠭᠦᠭᠡ ᠦᠭᠡᠢ ᠵᠦᠢᠯ ᠢ ᠬᠦᠦ ᠳᠡᠭᠡᠨ ᠵᠠᠬᠢᠵᠤ ᠰᠡᠬᠡᠭᠡᠷᠡᠭᠦᠯᠦᠭᠰᠡᠨ ᠮᠡᠷᠭᠡᠨ ᠬᠥᠮᠥᠨ ᠶᠤᠮ ᠠ᠋︕     ᠪᠠᠭᠰᠢᠯᠠᠭᠰᠠᠨ ᠤ ᠲᠠᠷᠠᠭ᠎ᠠ ᠬᠡᠳᠦᠨ ᠠᠵᠢᠯ ᠨᠢᠭᠡᠲᠡᠨ ᠲᠠᠢ ᠪᠠᠨ ᠪᠠᠶᠢᠩᠭᠤ ᠰᠢᠯᠦᠭ ᠵᠣᠬᠢᠶᠠᠯ ᠬᠡᠯᠡᠯᠴᠡᠨ ᠳᠣᠲᠣᠷ ᠲᠠᠮᠢᠷ ᠥᠷᠢᠰᠦᠯᠳᠦᠳᠡᠭ ᠪᠠᠶᠢᠭᠰᠠᠨ ᠢᠶᠠᠷ ᠤᠨᠤᠯ ᠰᠢᠭᠦᠮᠵᠢ ᠶᠢᠨ ᠬᠠᠮᠢᠶ᠎ᠠ ᠲᠠᠢ ᠵᠣᠬᠢᠶᠠᠯ ᠡᠬᠢᠯᠡᠵᠦ ᠦᠵᠡᠬᠦ ᠪᠣᠯᠵᠠᠢ᠃ ᠪᠢ ︽ᠰᠣᠩᠭᠤᠳᠠᠭ ᠪᠦᠲᠦᠭᠡᠯ ᠤᠨ ᠰᠣᠨᠢᠷᠬᠠᠮᠵᠢ︾ ᠭᠡᠳᠡᠭ ᠬᠢᠲᠠᠳ ᠰᠡᠳᠬᠦᠯ ᠵᠠᠬᠢᠶᠠᠯᠠᠵᠤ ᠤᠩᠰᠢᠵᠤ ᠪᠠᠶᠢᠭᠰᠠᠨ ᠨᠢ ᠮᠠᠰᠢ ᠣᠯᠵᠠᠪᠤᠷᠢ ᠲᠠᠢ ᠪᠠᠶᠢᠵᠤ᠂ ᠨᠢᠭᠡ ᠵᠣᠬᠢᠶᠠᠯ ᠢ ᠬᠡᠳᠦᠨ ᠬᠥᠮᠥᠨ ᠬᠡᠳᠦᠨ ᠲᠠᠯ᠎ᠠ ᠠᠴᠠ ᠰᠢᠭᠦᠮᠵᠢᠯᠡᠨ ᠥᠭᠦᠯᠡᠬᠦ  ᠶᠢᠨ ᠤᠴᠢᠷ ᠮᠠᠰᠢ ᠶᠡᠭᠡ ᠪᠠᠷ ᠰᠡᠳᠡᠯᠲᠡ ᠰᠡᠷᠡᠭᠳᠡᠯ ᠣᠯᠭᠤᠳᠠᠭ ᠪᠠᠶᠢᠯ᠎ᠠ᠃ ᠡᠨᠡ ᠰᠡᠳᠬᠦᠯ ᠠᠴᠠ ᠬᠢᠲᠠᠳ ᠤᠨ ᠬᠡᠳᠦᠨ ᠨᠡᠷᠡᠲᠦ ᠵᠣᠬᠢᠶᠠᠯᠴᠢ ᠶᠢᠨ ᠥᠭᠦᠯᠡᠯᠭᠡ ᠲᠤᠭᠤᠵᠢ ᠶᠢ ᠤᠩᠰᠢᠭᠠᠳ ᠲᠣᠭᠤᠵᠤ ᠶᠠᠪᠤᠵᠠᠢ᠃ ᠯᠢᠦ ᠴᠢᠩ ᠪᠠᠩ ᠤᠨ ︽ᠮᠸᠢ ᠨᠢᠦ ᠬᠤᠨᠢ ᠬᠠᠷᠢᠭᠤᠯᠤᠭᠰᠠᠨ︾ ᠢ ᠤᠩᠰᠢᠭᠠᠳ ︽ᠭᠤᠷᠪᠠᠳᠠᠭᠢ ᠠᠭᠤᠯᠵᠠᠯᠲᠠ︾ ᠭᠡᠳᠡᠭ ᠳᠠᠭᠤᠷᠢᠶᠠᠮᠠᠯ ᠥᠭᠦᠯᠡᠯᠭᠡ ᠪᠢᠴᠢᠵᠦ ᠪᠠᠶᠢᠭᠰᠠᠨ᠃ ᠹᠠᠨ ᠰᠢᠶᠠᠩ ᠯᠢ ᠶᠢᠨ ︽ᠬᠠᠷ᠎ᠠ ᠤᠰᠤ ᠬᠥᠬᠡ ᠨᠣᠭᠤᠭ᠎ᠠ︾ ᠭᠡᠳᠡᠭ ᠵᠣᠬᠢᠶᠠᠯ ᠢ ᠤᠩᠰᠢᠭᠠᠳ᠂ ︽ᠨᠠᠮᠤᠭᠤᠨ ᠤᠰᠤᠨ ᠳᠣᠲᠣᠷ᠎ᠠ ᠭᠦᠨ ᠴᠡᠭᠡᠯ ᠠᠭᠤᠯᠤᠭᠳᠠᠬᠤ︾ ᠶᠣᠰᠣ ᠶᠢ ᠤᠬᠠᠭᠠᠷᠠᠵᠤ᠂ ᠰᠢᠯᠤᠭᠤᠨ ᠬᠦᠦᠷᠨᠢᠯ ᠳᠣᠲᠣᠷ᠎ᠠ ᠰᠠᠨᠠᠭ᠎ᠠ ᠨᠢᠭᠤᠬᠤ ᠶᠢ ᠠᠩᠬᠠᠷᠳᠠᠭ ᠪᠣᠯᠣᠯ᠎ᠠ᠃ ᠪᠠᠰᠠ ᡂᠢ ᠽᠢ ᠵᠢᠶᠠᠨ ᠪᠣᠯᠣᠨ ᠭᠧ ᠱᠦᠢ ᠫᠢᠩ ᠤᠨ ᠵᠣᠬᠢᠶᠠᠯ ᠠᠴᠠ ᠲᠤᠭᠤᠵᠢᠰ ᠤᠨ ᠵᠣᠬᠢᠶᠠᠯ ᠳᠤ ᠦᠨᠳᠦᠰᠦᠲᠡᠨ ᠤ ᠵᠠᠩ ᠠᠭᠠᠯᠢ᠂ ᠰᠣᠶᠣᠯ ᠤᠨ ᠰᠢᠮ᠎ᠡ ᠲᠤᠨᠳᠠᠰᠤ ᠠᠭᠤᠰᠤᠨ ᠰᠢᠮᠡᠳᠴᠦ ᠪᠠᠶᠢᠪᠠᠯ ᠬᠡᠴᠢᠨᠡᠨ ᠢᠳᠡᠯᠢᠭ ᠪᠠᠶᠢᠳᠠᠭ ᠢ ᠮᠡᠳᠡᠪᠡ᠃ ᠪᠠᠰᠠ ᠨᠢᠭᠡ ᠨᠢ ᠡᠨᠡ ᠬᠦ ᠰᠡᠳᠬᠦᠯ ᠢ ᠵᠠᠬᠢᠶᠠᠯᠠᠭᠰᠠᠨ ᠠᠴᠠ ᠡᠬᠢᠯᠡᠵᠦ ︽ᠥᠪᠡᠷ ᠪᠢ︾ ᠪᠣᠯᠣᠨ ︽ᠳ᠋ᠠᠯ︾ ᠲᠠᠭᠠᠪᠤᠷᠢ ᠶᠢ ᠵᠠᠷᠤᠵᠤ ᠰᠤᠷᠤᠭᠠᠳ᠂ ᠤᠷᠠᠨ ᠵᠣᠬᠢᠶᠠᠯ ᠤᠩᠰᠢᠭᠰᠠᠨ ᠲᠥᠷᠥᠭᠳᠡᠯ ᠪᠤᠶᠤ ᠰᠢᠭᠦᠮᠵᠢ ᠮᠠᠶ᠋ᠢᠭ ᠲᠠᠢ ᠵᠦᠢᠯ ᠡᠷᠢᠶᠡᠴᠢᠬᠦ ᠪᠣᠯᠵᠠᠢ᠃     ᠡᠨᠡ ᠬᠤᠭᠤᠷᠣᠨᠳᠤ ᠰ᠊·ᠡᠷᠳᠡᠨᠢ ᠶᠢᠨ ᠪᠠᠷᠤᠭ ᠪᠦᠷᠢᠨ ᠵᠣᠬᠢᠶᠠᠯ ᠨᠢ ᠰᠢᠨ᠎ᠡ ᠬᠡᠪᠯᠡᠭᠳᠡᠭᠰᠡᠨ ᠣᠯᠳᠠᠵᠤ᠂ ᠮᠠᠰᠢ ᠪᠠᠭ᠋ᠠᠷᠬᠠᠨ ᠤᠩᠰᠢᠵᠤ ᠪᠠᠶᠢᠭᠰᠠᠨ᠃ ᠣᠨᠴᠠᠭᠠᠶᠢᠯᠠᠨ ︽ᠬᠠᠨ ᠠᠭᠤᠯᠠ ᠶᠢᠨ ᠢᠷᠭᠤᠢ︾ ᠨᠣᠮ ᠢ ᠵᠠᠯᠭᠢᠵᠤ ᠢᠳᠡᠴᠢᠬᠡᠮᠡᠷ ᠪᠠᠭ᠋ᠠᠷᠬᠠᠵᠤ ᠪᠠᠶᠢᠵᠠᠢ᠃ ᠬᠠᠯᠬ᠎ᠠ ᠶᠢᠨ ᠵᠣᠬᠢᠶᠠᠯ ᠤᠨ ᠭᠡᠯᠡ ᠶᠢ ᠪᠠᠭ᠋ᠠᠷᠬᠠᠵᠤ᠂ ᠬᠡᠴᠢᠨᠡᠨ ᠴᠡᠭᠡᠵᠢᠯᠡᠵᠦ ᠤᠷᠤᠯᠳᠤᠬᠰᠠᠨ ᠪᠤᠯᠪᠠᠴᠤ ᠪᠣᠯᠤᠭ᠎ᠠ ᠦᠭᠡᠢ᠂ ᠥᠪᠡᠷ ᠤᠨ ᠮᠢᠨᠢ ᠵᠣᠬᠢᠶᠠᠯ ᠡᠬᠢᠯᠡᠨ ᠪᠢᠷ ᠲᠠᠯᠪᠢᠭᠰᠠᠭᠠᠷ ᠯᠡ ᠬᠤᠷᠴᠢᠨ ᠨᠤᠲᠤᠭ ᠤᠨ ᠳᠠᠪᠤᠰᠤᠯᠠᠭᠰᠠᠨ ᠴᠠᠭᠠᠨ ᠨᠣᠭᠤᠭ᠎ᠠ ᠪᠣᠯᠣᠨ ᠡᠷᠳᠡᠨᠢ ᠰᠢᠰᠢ ᠶᠢᠨ ᠪᠣᠣᠪᠤ ᠶᠢᠨ ᠦᠨᠦᠷ ᠭᠠᠷᠤᠭᠠᠳ ᠪᠤᠯᠳᠠᠭ ᠦᠭᠡᠢ᠃ ᠠᠮᠲᠠᠯᠠᠪᠠᠯ ᠠᠭᠰᠢᠭᠤᠨ ᠬᠠᠷ᠎ᠠ ᠴᠠᠢ ᠭᠡᠮᠡᠷ ᠭᠠᠪ ᠭᠠᠰᠢᠭᠤᠨ ᠪᠠᠶᠢᠳᠠᠭ ᠴᠤ ᠪᠤᠢ ᠭᠡᠵᠦ ᠵᠣᠪᠠᠨ᠎ᠠ᠃ ᠭᠡᠶ᠎ᠡ ᠶᠠᠭᠠᠬᠢᠬᠤ ᠪᠤᠢ︖ ︽᠊ᠬᠤᠢ ᠭᠦ᠋ᠢ︾ ᠲᠠᠭᠠᠪᠤᠷᠢ ᠪᠠᠷ ᠪᠠᠷᠤᠭ ᠮᠢᠩᠭᠠᠨ ᠬᠥᠮᠥᠨ ᠲᠦᠮᠡᠨ ᠰᠢᠯᠦᠭ ᠪᠢᠴᠢᠵᠦ ᠪᠣᠯᠵᠤ ᠪᠠᠶᠢᠬᠤ ᠳᠤ᠂ ᠪᠢ ᠭᠡᠯᠡ ᠶᠠᠳᠠᠭᠤ ᠭᠡᠳ ᠪᠣᠭᠤᠵᠤ ᠦᠬᠦᠭᠡᠳ ᠴᠤ ᠶᠠᠭᠠᠬᠢᠬᠤᠪ ᠳ᠋ᠠ᠃ ︽ᠥᠪᠡᠷ ᠥᠪᠡᠷ ᠤᠨ ᠠᠶ᠎ᠠ ᠪᠠᠷ ᠢᠶᠠᠨ ᠡᠭᠡᠰᠢᠭᠯᠡᠨ᠎ᠡ ᠳ᠋ᠧ ᠭᠦᠢ︕︾ ᠭᠡᠵᠦ ᠳᠠᠭᠤᠯᠠᠳᠠᠭ ᠪᠠᠶᠢᠭᠰᠠᠨ ᠪᠢᠰᠢᠦ ᠳ᠋ᠠ᠃      ᠵᠠ᠂ ᠠᠵᠢᠯ ᠠᠯᠪᠠ ᠰᠣᠯᠢᠭᠠᠳ ᠬᠡᠷᠡᠭᠯᠡᠭᠡᠨ ᠤ ᠵᠣᠬᠢᠶᠠᠯ ᠪᠢᠴᠢᠭᠰᠡᠨ ᠬᠡᠳᠦᠨ ᠵᠢᠯ ᠢ ᠴᠤ ᠲᠣᠪᠴᠢᠯᠠᠶ᠎ᠠ ᠳ᠋ᠠ᠃ ᠲᠡᠷᠡ ᠦᠶ᠎ᠡ ᠳᠤ ᠶᠠᠮᠠᠷ ᠨᠣᠮ ᠤᠩᠰᠢᠬᠤ ᠴᠠᠭ ᠪᠠᠶᠢᠬᠤ ᠪᠤᠢ᠂ ᠵᠦᠭᠡᠷ ᠯᠡ ᠰᠠᠶᠢᠨ ᠠᠵᠢᠯᠯᠠᠪᠠᠯ ᠵᠡᠷᠭᠡ ᠳᠠᠪᠰᠢᠵᠤ ᠮᠠᠭᠠᠳ ᠭᠡᠵᠦ ᠪᠤᠳᠤᠭᠠᠳ ᠮᠠᠬᠠᠷᠠᠭᠠᠳ ᠯᠡ ᠪᠠᠶᠢᠭᠰᠠᠨ ᠶᠤᠮ ᠴᠢᠨᠢ᠃ ᠳᠠᠷᠤᠭ᠎ᠠ ᠬᠤᠶᠠᠷ  ᠬᠠᠭᠤᠳᠠᠰᠤ ᠶᠠᠭᠤᠮ᠎ᠠ ᠠᠪᠬᠤ ᠰᠠᠨᠠᠭ᠎ᠠ ᠲᠠᠢ ᠵᠠᠬᠢᠬᠤ ᠳᠤᠨᠢ ᠪᠢ ᠰᠠᠶᠢᠨ ᠬᠥᠮᠥᠨ ᠪᠤᠯᠬᠤ ᠭᠡᠵᠦ ᠰᠠᠶᠢᠮᠰᠤᠷᠠᠭᠠᠳ ᠬᠤᠷᠢᠨ ᠨᠢᠭᠤᠷ ᠪᠢᠴᠢᠵᠦ ᠠᠪᠠᠴᠢᠵᠤ ᠥᠭᠭᠦᠭᠡᠳ ᠬᠡᠴᠢᠨᠡᠨ ᠤᠳᠠᠭ᠎ᠠ ᠵᠠᠩᠨᠠᠭᠳᠠᠭᠰᠠᠨ ᠢ ᠪᠤᠤ ᠮᠡᠳᠡ᠃ ᠬᠥᠮᠥᠨ ᠭᠡᠳᠡᠭ ᠶᠠᠭᠤᠮ᠎ᠠ ᠶᠠᠭ ᠲᠡᠭᠡᠵᠦ ᠭᠤᠷᠢ ᠦᠭᠡᠢ ᠶᠠᠭᠤᠮᠠᠨ ᠳᠠᠭᠠᠨ ᠯᠡ ᠭᠤᠷᠢ ᠬᠥᠳᠡᠯᠦᠭᠡᠳ ᠪᠠᠶᠢᠳᠠᠭ ᠬᠡᠨᠡᠭᠡ ᠲᠠᠢ ᠶᠤᠮ᠃ ᠲᠦᠭᠦᠭᠡ ᠨᠢ ᠲᠡᠨᠳᠡ ᠪᠠᠨ ᠦᠭᠡᠢ ᠪᠠᠶᠢᠭᠠᠳ ᠲᠦᠰᠢᠶ᠎ᠡ ᠭᠦᠩ ᠰᠠᠭᠤᠬᠤ ᠰᠠᠨᠠᠭ᠎ᠠ ᠣᠷᠣᠭᠠᠳ ᠯᠡ ᠨᠣᠮ ᠤᠩᠰᠢᠬᠤ ᠴᠠᠭ ᠢ ᠪᠦᠷᠢᠯᠭᠡᠵᠡᠢ᠃      ᠶᠡᠷᠦ ᠶᠢᠨ ᠦᠭᠡᠨ ᠳᠤ ᠬᠡᠳᠦᠶᠢᠪᠡᠷ ︽ᠪᠢᠴᠢᠭ ᠢ ᠲᠦᠮᠡᠨ ᠪᠣᠳᠢ ᠤᠩᠰᠢᠪᠠᠯ᠂ ᠪᠢᠷ ᠤᠨ ᠦᠵᠦᠭᠦᠷ ᠰᠢᠳᠢ ᠣᠷᠣᠰᠢᠨ᠎ᠠ︾ ᠭᠡᠵᠦ ᠬᠡᠯᠡᠳᠡᠭ ᠪᠤᠯᠪᠠᠴᠤ᠂ ᠶᠠᠭ ᠦᠨᠡᠬᠡᠷ ᠬᠡᠷᠡᠭ ᠲᠠᠢ ᠬᠡᠷᠡᠭ ᠦᠭᠡᠢ ᠨᠣᠮ ᠢ ᠲᠡᠳᠦᠢ ᠤᠯᠠᠨ ᠤᠩᠰᠢᠬᠤ ᠳᠤ ᠭᠦᠷᠪᠡᠯ ᠤᠳᠬ᠎ᠠ ᠵᠦᠭ ᠢᠶᠠᠨ ᠠᠯᠳᠠᠵᠤ᠂ ᠣᠯᠪᠣᠭ ᠲᠠᠭᠠᠨ ᠰᠢᠷᠭᠢᠭᠰᠡᠨ ᠮᠤᠩᠬᠠᠭ ᠪᠣᠯᠵᠤ ᠮᠡᠳᠡᠨ᠎ᠡ᠃ ᠲᠠᠪᠤᠳᠤᠭᠠᠷ ᠨᠠᠭᠠᠴᠤ ᠠᠪᠦ‍ ᠨᠢᠭᠡ ᠤᠳᠠᠭ᠎ᠠ ᠨᠠᠮ᠎ᠠ ᠲᠠᠢ ᠠᠷᠢᠬᠢᠨ ᠰᠢᠷᠡᠭᠡᠨ ᠳᠡᠭᠡᠷ᠎ᠡ ᠵᠣᠭᠤᠭᠳᠠᠵᠤ ᠪᠠᠶᠢᠬᠤ ᠳᠠᠭᠠᠨ ᠮᠢᠨᠤ ︽ᠡᠩ︖ ᠡᠩ︖︾ ᠭᠡᠳ ᠪᠠᠶᠢᠬᠤ ᠳᠤ ᠥᠷᠥ ᠡᠪᠡᠳᠴᠦ᠄︽ᠡᠨᠡ ᠬᠦᠦ ᠨᠣᠮ ᠵᠣᠬᠢᠶᠠᠯ ᠤᠩᠰᠢᠭᠰᠠᠭᠠᠷ ᠪᠠᠶᠢᠭᠠᠳ ᠳᠦᠯᠡᠢ ᠪᠣᠯᠴᠢᠬᠠᠭᠰᠠᠨ ᠶᠤᠮ ᠠ᠋ ᠬᠥᠭᠡᠷᠦᠬᠦᠢ︕︾ ᠭᠡᠰᠡᠨ ᠪᠢᠯᠡ᠃ ᠴᠢᠬᠢᠨ ᠰᠠᠯᠠᠭᠠᠨ ᠤ ᠡᠮᠴᠢ ᠪᠠᠰᠠ ᠡᠶᠢᠮᠦ ᠤᠨᠤᠪᠴᠢᠲᠠᠢ ᠣᠨᠣᠰᠢᠯᠠᠵᠤ ᠴᠢᠳᠠᠬᠤ ᠦᠭᠡᠢ ᠪᠠᠶᠢᠬ᠎ᠠ ᠳ᠋ᠠ ᠭᠡᠵᠦ ᠪᠢ ᠪᠤᠳᠤᠬᠰᠠᠨ ᠪᠢᠯᠡ᠃      ᠪᠢ ᠪᠠᠰᠠ ︽ᠶᠠᠮᠠᠷ ᠨᠣᠮ ᠤᠩᠰᠢᠳᠠᠭ ᠪᠢᠯᠡ︖︾ ᠭᠡᠵᠦ ᠣᠯᠠᠨᠲᠠ ᠪᠣᠳᠣᠯᠬᠢᠯᠠᠵᠤ ᠰᠠᠨᠠᠭᠠᠰᠢᠷᠠᠵᠤ ᠦᠵᠡᠪᠡ᠃ ᠮᠦ ᠰᠢᠨ ᠤ ᠲᠠᠪᠤᠨ ᠵᠢᠯ ᠶᠠᠷᠢᠭᠰᠠᠨ ᠶᠠᠷᠢᠶ᠎ᠠ ᠶᠢ ᠠᠯᠳᠠᠷᠲᠤ ᠵᠢᠷᠤᠭᠴᠢᠨ ᠡᠷᠳᠡᠮᠲᠡᠨ ᠴᠧᠨ ᠳ᠋ᠠᠨ ᠴᠢᠩ ᠤᠨ ᠲᠡᠮᠳᠡᠭᠯᠡᠭᠰᠡᠨ ︽ᠤᠷᠠᠨ ᠵᠣᠬᠢᠶᠠᠯ ᠤᠨ ᠡᠷᠭᠢᠴᠡᠭᠦᠯᠦᠯ︾ ᠨᠣᠮ ᠢ ᠴᠢᠳᠠᠬᠤ ᠶᠢᠨ ᠬᠢᠷᠢ ᠪᠠᠷ ᠣᠯᠵᠤ ᠤᠩᠰᠢᠭᠠᠷᠠᠢ ᠭᠡᠵᠦ ᠰᠠᠨᠠᠭᠤᠯᠤᠶ᠎ᠠ᠃ ᠴᠡᠪᠡᠷ ᠶᠠᠳᠠᠭᠤ ᠪᠢ ᠴᠢᠨᠢ ᠶᠠᠳᠠᠭᠤ ᠶᠢ ᠲᠡᠳᠬᠦᠬᠦ ᠪᠠᠷ ᠭᠠᠴᠠᠭ᠎ᠠ ᠳᠤ ᠭᠤᠷᠪᠠᠨ ᠵᠢᠯ ᠭᠠᠷᠤᠢ ᠰᠠᠭᠤᠬᠤ ᠳᠠᠭᠠᠨ ᠡᠨᠡ ᠨᠣᠮ ᠢᠶᠠᠷ ᠥᠪᠡᠷ ᠤᠨ ᠢᠶᠠᠨ ᠤᠶᠤᠨ ᠤ ᠶᠠᠳᠠᠭᠤ ᠪᠠᠨ ᠲᠡᠳᠬᠦᠭᠰᠡᠨ ᠪᠢᠯᠡ᠃ ︽ᠳᠡᠯᠡᠬᠡᠢ ᠶᠢᠨ ᠤᠷᠠᠨ ᠵᠣᠬᠢᠶᠠᠯ ᠤᠨ ᠨᠡᠪᠲᠡᠷᠬᠡᠢ ᠲᠡᠦᠬᠡ ᠶᠢᠨ ᠠᠭᠰᠢᠭᠠᠮᠠᠯ︾ ᠭᠡᠵᠦ ᠪᠣᠯᠣᠨ᠎ᠠ᠃ ᠬᠥᠮᠥᠨ ᠪᠦᠭᠦᠨ ᠤ ᠦᠵᠡᠯᠲᠡ ᠲᠠᠨᠢᠯᠲᠠ ᠠᠳᠠᠯᠢ ᠦᠭᠡᠢ ᠭᠡᠳᠡᠭ ᠪᠤᠯᠪᠠᠴᠤ᠂ ᠪᠠᠰᠠ ᠮᠦ ᠰᠢᠨ ᠤ ᠬᠡᠯᠡᠭᠰᠡᠨ ᠪᠦᠭᠦᠨ ᠢ ᠵᠥᠪ ᠭᠡᠵᠦ ᠬᠡᠨ ᠴᠤ ᠨᠤᠲᠠᠯᠠᠵᠤ ᠴᠢᠳᠠᠬᠤ ᠦᠭᠡᠢ ᠪᠤᠯᠪᠠᠴᠤ᠂ ᠮᠦ ᠰᠢᠨ ᠴᠢᠮᠠᠳᠤ ᠴᠣ ᠰᠢᠨ᠎ᠡ ᠦᠵᠡᠯᠲᠡ ᠲᠠᠨᠢᠯᠲᠠ ᠬᠡᠯᠡᠵᠦ ᠦᠭᠳᠡᠭ ᠪᠣᠯᠬᠤᠷ ᠲᠣᠭᠤᠷᠢᠭᠤ ᠵᠠᠮ ᠳᠤᠲᠠᠭᠤ ᠭᠦᠶᠦᠬᠦ ᠨᠢ ᠯᠠᠪᠲᠠᠢ᠃     ᠬᠠᠮᠤᠭ ᠤᠨ ᠰᠡᠭᠦᠯ ᠳᠤ ᠬᠡᠯᠡᠬᠦ᠂ ᠬᠠᠮᠤᠭ ᠴᠢᠬᠤᠯᠠ ᠦᠭᠡ ᠨᠢ ᠲᠠ ᠬᠡᠷᠪᠡ ᠨᠠᠳᠠ ᠰᠢᠭ᠋ ᠬᠥᠮᠥᠨ ᠤ ᠬᠡᠯᠡᠭᠰᠡᠨ ᠢ ᠭᠡᠳᠦ ᠢᠲᠡᠭᠡᠵᠦ ᠪᠠᠷᠢᠮᠲᠠᠯᠠᠪᠠᠯ ᠮᠥᠨ ᠨᠢᠭᠡ ᠬᠡᠨᠡᠭᠡ ᠪᠣᠯᠣᠨ᠎ᠠ ᠳ᠋ᠠ᠃ ᠮᠠᠨ ᠤ ᠭᠡᠷ ᠤᠨ ᠬᠥᠮᠥᠰ ᠭᠦᠷᠳᠡᠯ᠎ᠡ ᠪᠦᠷ ᠮᠢᠨᠤ ᠦᠭᠡ ᠶᠢ ᠢᠲᠡᠭᠡᠳᠡᠭ ᠦᠭᠡᠢ ᠶᠤᠮ᠃ ᠭᠤᠴᠢᠨ ᠵᠢᠯ ᠤᠨ ᠡᠮᠦᠨ᠎ᠡ ᠪᠥᠭᠡᠯᠵᠢᠵᠦ ᠪᠠᠶᠢᠬᠤ ᠳᠠᠭᠠᠨ ᠠᠷᠢᠬᠢ ᠵᠣᠭᠰᠣᠨ᠎ᠠ ᠭᠡᠬᠦ ᠳᠤ ᠡᠵᠢ ᠮᠢᠨᠢ ᠤᠷᠲᠦ ᠰᠡᠭᠦᠷᠡᠰᠦᠯᠡᠭᠡᠳ ᠳᠤᠤᠭᠠᠷᠤᠭᠰᠠᠨ ᠦᠭᠡᠢ᠃ ᠬᠤᠷᠢᠨ ᠵᠢᠯ ᠤᠨ ᠡᠮᠦᠨ᠎ᠡ ᠢᠩᠭᠢᠵᠦ ᠬᠡᠯᠡᠬᠦ ᠳᠤ ᠡᠬᠡᠨᠡᠷ ᠮᠢᠨᠢ ᠨᠢᠭᠡ ᠭᠥᠯᠢᠢᠭᠡᠳ ᠬᠠᠷᠢᠭᠤ ᠳᠤᠤᠭᠠᠷᠤᠭᠰᠠᠨ ᠦᠭᠡᠢ᠂ ᠠᠷᠪᠠᠨ ᠵᠢᠯ ᠤᠨ ᠡᠮᠦᠨ᠎ᠡ ᠮᠥᠨ ᠢᠩᠭᠢᠵᠦ ᠬᠡᠯᠡᠬᠦ ᠳᠤ ᠦᠷ᠎ᠡ ᠶᠢᠨ ᠭᠠᠭᠴᠠ ᠥᠬᠢᠨ ᠮᠢᠨᠢ ᠵᠤᠤᠮᠠᠯᠵᠠᠭᠠᠳ ᠳᠤᠤᠭᠠᠷᠤᠭᠰᠠᠨ ᠦᠭᠡᠢ᠂ ᠥᠴᠥᠭᠡᠳᠦᠷ ᠡᠮᠡᠭᠲᠡᠢ ᠳᠠᠷᠤᠭ᠎ᠠ ᠳᠠᠭᠠᠨ ᠪᠠᠰᠠ ᠢᠩᠭᠢᠵᠦ ᠬᠡᠯᠡᠬᠦ ᠳᠤ᠂ ᠴᠢ ᠦᠳᠡ ᠳᠤ ᠰᠢᠷ᠎ᠠ ᠲᠠᠶᠢᠯᠬᠤ ᠪᠠᠷ ᠭᠠᠷᠬᠤ ᠰᠠᠨᠠᠭ᠎ᠠ ᠲᠠᠢ ᠪᠠᠶᠢᠪᠠᠯ ᠦᠳᠡ ᠶᠢᠨ ᠬᠤᠶᠢᠨ᠎ᠠ ᠪᠢᠲᠡᠭᠡᠢ ᠪᠠᠶᠢᠭᠤᠯᠭ᠎ᠠ ᠳᠤ ᠢᠷ᠎ᠡ ᠳ᠋ᠠ ᠭᠡᠪᠡ᠃      ᠵᠠ᠂ ᠮᠢᠨᠤ ᠦᠭᠡ ᠶᠢ ᠢᠲᠡᠭᠡᠳᠡᠭ ᠶᠤᠮ ᠪᠣᠯ ᠲᠠ ᠴᠣᠬᠤᠮ ᠰᠠᠶᠢᠨ ᠬᠥᠮᠥᠨ᠃ ᠤᠴᠢᠷ ᠨᠢ᠂ ᠮᠡᠳᠡᠳᠡᠭ ᠬᠥᠮᠥᠨ ᠡᠰᠡᠷᠭᠦ ᠠᠴᠠ ᠴᠢᠨᠢ ᠠᠢ ᠳ᠋ᠠ︕ ᠰᠣᠭᠲᠣᠭᠤ ᠬᠥᠮᠥᠨ ᠤ ᠦᠭᠡ ᠶᠢ ᠪᠠᠰᠠ ᠢᠲᠡᠭᠡᠭᠡᠳ ᠪᠠᠶᠢᠳᠠᠭ ᠨᠢ ᠴᠣᠬᠤᠮ ᠠᠮᠠᠷ ᠦᠭᠡᠢ ᠠ᠋︕  ᠭᠡᠵᠦ ᠬᠡᠯᠡᠬᠦ ᠪᠣᠯᠣᠨ᠎ᠠ᠃ 
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号