︽ᠤᠮᠠᠷᠠᠲᠤ ᠬᠢᠯᠢ ᠶᠢᠨ ᠰᠣᠶᠣᠯ · ᠲᠦᠮᠡᠳ ᠤᠨ  ᠨᠡᠷ᠎ᠡ ᠲᠡᠮᠳᠡᠭ︾ ᠪᠢ ᠬᠠᠯᠢᠭᠤ ᠤᠰᠤᠨ ᠴᠥᠭᠦᠷᠥᠮ ᠲᠠᠢ ᠪᠣᠯᠵᠤᠭ᠎ᠠ ᠲᠠᠢ
ᠨᠡᠶᠢᠲᠡᠯᠡᠭᠰᠡᠨ ᠴᠠᠭ᠄
2024/4/1
C:\Users\bch\Desktop\4.08\3.22  旅游图1.png
         ᠪᠢ ᠠᠯᠤᠰ ᠬᠤᠯᠠ ᠶᠢᠨ ᠤᠮᠠᠷᠠᠲᠤ ᠣᠷᠣᠨ ᠠᠴᠠ ᠲᠦᠮᠡᠳ ᠵᠡᠭᠦᠨ ᠬᠤᠰᠢᠭᠤᠨ ᠤ ᠬᠠᠯᠢᠭᠤ ᠤᠰᠤᠨ ᠴᠥᠭᠦᠷᠥᠮ ᠳᠤ ᠢᠷᠡᠪᠡ᠃ ᠤᠷᠢᠬᠠᠨ ᠬᠠᠪᠤᠷ ᠤᠨ ᠦᠳᠡ ᠶᠢᠨ ᠬᠤᠶᠢᠨ᠎ᠠ  ᠠᠳᠡ ᠬᠦᠷᠴᠦ ᠢᠷᠡᠵᠦ
C:\Users\bch\Desktop\4.08\3.22  旅游图2.png
     ᠴᠡᠭᠡᠯᠬᠡᠨ ᠰᠢᠪᠠᠭᠤᠨ ᠤ ᠳᠠᠭᠤᠨ ᠣᠭᠲᠠᠷᠭᠤᠢ ᠶᠢ  ᠳᠤᠩᠰᠤᠯᠭᠠᠬᠤ ᠳᠤ᠂ ᠨᠢᠭᠡ  ᠰᠦᠷᠦᠭ ᠥᠩᠭᠡ ᠥᠩᠭᠡ ᠶᠢᠨ ᠪᠠᠷ᠎ᠠ ᠬᠠᠷᠠᠭᠳᠠᠵᠤ᠂ ᠪᠢ ᠮᠡᠳᠡᠵᠦ ᠪᠠᠶᠢᠨ᠎ᠠ  ᠮᠢᠨᠦ  ᠬᠠᠨᠢᠲᠠᠨ ᠪᠤᠯᠵᠤᠭ᠎ᠠ ᠪᠠᠨ ᠪᠡᠶᠡᠯᠡᠬᠦᠯᠬᠦ ᠪᠠᠷ ᠢᠷᠡᠭᠰᠡᠨ ᠁
C:\Users\bch\Desktop\4.08\3.22  旅游图4.png
    ᠲᠥᠷᠥᠯ ᠵᠦᠢᠯ ᠤᠨ ᠠᠳᠠᠯᠢ ᠪᠤᠰᠤ ᠠᠴᠠ ᠪᠣᠯᠵᠤ᠂ ᠠᠳᠡᠬᠢ ᠵᠠᠷᠢᠮ ᠨᠠᠶᠢᠵᠠ ᠨᠠᠮ ᠵᠣᠭᠰᠣᠵᠤ᠂ ᠳᠠᠯᠠᠢ ᠶᠢᠨ ᠭᠠᠳᠠᠷᠭᠤ ᠶᠢ ᠲᠠᠶᠢᠪᠤᠭᠤᠬᠠᠨ ᠢᠶᠠᠷ ᠠᠵᠢᠭᠯᠠᠬᠤ ᠳᠤᠷᠠᠲᠠᠢ᠃ ᠰᠠᠨᠠᠭᠠᠨ ᠳᠤ ᠦᠭᠡᠢ ᠪᠠᠷ  ᠪᠠᠰᠠ ᠨᠠᠳᠠ ᠲᠠᠢ  ᠨᠢᠳᠦ  ᠵᠤᠯᠭᠠᠨ᠎ᠠ᠃
C:\Users\bch\Desktop\4.08\3.22  旅游图5.png
    ᠵᠠᠷᠢᠮ ᠨᠢ ᠮᠥᠰᠥᠨ ᠳᠡᠭᠡᠷ᠎ᠡ ᠠᠯᠭᠤᠷᠬᠠᠨ ᠭᠦᠶᠦᠬᠦ ᠳᠤᠷᠠᠲᠠᠢ᠂ ᠪᠡᠶ᠎ᠡ ᠭᠠᠯᠪᠢᠷ ᠨᠢ ᠡᠷᠬᠢᠮᠰᠦᠭ ᠰᠠᠶᠢᠬᠠᠨ ᠂ ᠵᠠᠷᠢᠮ ᠨᠢ ᠨᠠᠭᠠᠰᠢ ᠴᠠᠭᠠᠰᠢ ᠨᠢᠰᠬᠦ ᠳᠤᠷᠠᠲᠠᠢ᠂ ᠵᠠᠷᠢᠮ ᠳᠠᠭᠠᠨ ᠥᠨᠳᠥᠷ ᠣᠭᠲᠠᠷᠭᠤᠢ ᠳᠤ ᠬᠠᠯᠢᠵᠤ᠂ ᠵᠠᠷᠢᠮ ᠳᠠᠭᠠᠨ ᠳᠣᠣᠷ᠎ᠠ ᠣᠭᠲᠠᠷᠭᠤᠢ ᠳᠤ ᠡᠷᠭᠢᠯᠳᠦᠬᠦ ᠳᠤᠷᠠᠲᠠᠢ᠃
C:\Users\bch\Desktop\4.08\3.22  旅游图6.png
     ᠠᠳᠡ ᠡᠪᠡᠰᠦ ᠪᠡᠯᠴᠢᠭᠡᠷ ᠤᠷᠭᠠᠨᠢᠭ᠂ ᠵᠢᠭᠠᠰᠤ ᠵᠢᠷᠠᠭᠠᠬᠠᠢ ᠡᠯᠪᠡᠭ᠂ᠠᠳᠡ ᠠᠮᠲᠠᠲᠠᠢ ︽ᠨᠡᠭᠦᠳᠡᠯ ᠤᠨ ᠰᠢᠪᠠᠭᠤᠨ ᠤ ᠬᠤᠭᠤᠯᠠᠨ ᠭᠡᠷ︾ ᠪᠠᠶᠢᠵᠤ ᠂ ᠪᠠᠰᠠ ᠨᠡᠭᠦᠳᠡᠯ ᠤᠨ ᠰᠢᠪᠠᠭᠤᠨ ᠤ ᠠᠮᠤᠷ ᠲᠦᠪᠰᠢᠨ ᠢ ᠬᠠᠮᠠᠭᠠᠯᠠᠬᠤ ︽ᠬᠠᠮᠠᠭᠠᠯᠠᠭᠴᠢ︾ ᠪᠠᠶᠢᠨ᠎ᠠ ᠃ ᠨᠡᠩ ᠴᠤ ᠦᠨ᠎ᠡ ᠲᠥᠯᠥᠪᠦᠷᠢ ᠦᠭᠡᠢ ᠡᠮ ᠡᠮᠨᠡᠯᠭᠡ ᠶᠢᠨ ᠦᠢᠯᠡᠴᠢᠯᠡᠭᠡ ᠪᠠᠶᠢᠨ᠎ᠠ ᠃ᠡᠯ᠎ᠡ ᠵᠦᠢᠯ ᠤᠨ ︽ᠢᠵᠢ ᠪᠦᠷᠢᠳᠦᠭᠦᠯᠬᠦ ᠲᠥᠬᠦᠭᠡᠷᠦᠮᠵᠢ︾ ᠪᠦᠷᠢᠨ ᠪᠦᠲᠦᠨ᠂ ᠠᠯᠢᠪᠠ ᠪᠦᠬᠦᠨ ᠨᠠᠳᠠ ᠶᠢ ᠳ᠋ᠧᠪᠡᠵᠡᠨ ᠳᠤ ᠪᠠᠶᠢᠬᠤ ᠰᠢᠭ᠋  ᠰᠠᠨᠠᠭᠳᠠᠭᠤᠯᠤᠨ᠎ᠠ
C:\Users\bch\Desktop\4.08\3.22  旅游图7.png
     ᠨᠣᠶᠢᠷᠮᠤᠭ ᠠᠴᠠ ᠰᠡᠷᠡᠬᠦ ᠳᠤ᠂ ᠳᠠᠯᠠᠩ ᠤᠨ ᠬᠥᠪᠡᠭᠡᠨ ᠳᠤ᠂ ᠨᠢᠭᠡᠨ ᠴᠠᠭᠠᠨ ᠦᠵᠡᠭᠳᠡᠯ ᠠᠭᠠᠵᠢᠮ ᠢᠶᠠᠷ ᠪᠢᠳᠡᠨ ᠤ ᠵᠦᠭ ᠡᠷᠭᠢᠪᠡ᠃ ᠲᠡᠷᠡ ᠪᠣᠯ ᠬᠥᠮᠥᠨ ᠲᠥᠷᠥᠯᠬᠢᠲᠡᠨ ᠤ ᠨᠠᠶᠢᠵᠠ ᠨᠠᠷ ᠤᠨ ᠪᠢᠳᠡᠨ ᠢ ᠠᠵᠢᠭᠯᠠᠳᠠᠭ ᠨᠢᠳᠦ ᠶᠢ ᠪᠢ ᠮᠡᠳᠡᠨ᠎ᠡ᠃ ᠬᠥᠮᠥᠨ ᠲᠥᠷᠥᠯᠬᠢᠲᠡᠨ ᠲᠡᠭᠦᠨ ᠢ ᠪᠥᠮᠪᠥᠭᠡᠨ ᠬᠡᠯᠪᠡᠷᠢᠲᠦ ᠬᠠᠷᠠᠭᠠᠨ ᠳᠠᠪᠲᠠᠮᠵᠢ ᠶᠢᠨ ᠬᠢᠨᠠᠨ ᠡᠵᠡᠮᠰᠢᠯ ᠭᠡᠨ᠎ᠡ᠃ ᠡᠨᠡ ᠨᠢᠳᠦ ᠪᠠᠷ ᠳᠠᠮᠵᠢᠨ᠂ ᠬᠥᠮᠥᠨ ᠲᠥᠷᠥᠯᠬᠢᠲᠡᠨ ᠴᠠᠭ ᠲᠤᠬᠠᠢ ᠳᠤ ᠨᠢ ᠪᠢᠳᠡᠨ ᠤ ᠬᠥᠳᠡᠯᠦᠯ ᠪᠠᠶᠢᠳᠠᠯ ᠢ ᠠᠵᠢᠭᠯᠠᠵᠤ᠂ ᠳᠠᠯᠠᠢ ᠶᠢᠨ ᠭᠠᠳᠠᠷᠭᠤ ᠶᠢᠨ ᠬᠥᠳᠡᠯᠦᠯ ᠪᠠᠶᠢᠳᠠᠯ ᠢ ᠡᠵᠡᠮᠰᠢᠵᠦ ᠪᠣᠯᠣᠨ᠎ᠠ ᠃ ᠬᠠᠨᠢᠲᠠᠨ ᠤ ᠬᠡᠯᠡᠬᠦ ᠪᠠᠷ᠂ ᠡᠨᠡ ᠵᠢᠯ ᠤᠨ 1 ᠰᠠᠷ᠎ᠠ ᠳᠤ᠂ ᠨᠢᠭᠡ ᠰᠢᠷᠬᠠᠲᠤᠭᠰᠠᠨ ᠲᠣᠮᠣ ᠲᠠᠷᠪᠠᠵᠢ ᠣᠶᠢᠷ᠎ᠠ ᠬᠠᠪᠢ ᠶᠢᠨ ᠲᠣᠰᠬᠤᠨ ᠤ ᠠᠷᠠᠳ ᠲᠤ ᠰᠡᠷᠡᠭᠳᠡᠪᠡ ᠃ ᠨᠢᠭᠡᠨᠲᠡ ᠨᠢᠰᠴᠦ ᠳᠡᠶᠢᠯᠬᠦ ᠦᠭᠡᠢ ᠪᠣᠯᠵᠠᠢ ᠃ ᠪᠠᠶᠢᠳᠠᠯ ᠢ ᠣᠶᠢᠯᠠᠭᠠᠭᠰᠠᠨ ᠤ ᠳᠠᠷᠠᠭ᠎ᠠ ᠂ ᠲᠡᠷᠡ ᠳᠠᠯᠠᠨ ᠬᠠᠷ᠎ᠠ ᠠᠭᠤᠯᠠ ᠶᠢᠨ ᠬᠡᠭᠡᠷ᠎ᠡ ᠶᠢᠨ ᠠᠮᠢᠲᠠᠨ ᠤ ᠬᠦᠷᠢᠶᠡᠯᠡᠩ ᠤᠨ ᠠᠪᠤᠷᠠᠨ ᠲᠤᠰᠠᠯᠠᠬᠤ ᠲᠥᠪ  ᠳᠤ  ᠬᠦᠷᠭᠡᠭᠳᠡᠵᠦ ᠠᠪᠤᠷᠠᠨ ᠵᠠᠰᠠᠪᠠ᠃ ᠠᠩᠬ᠎ᠠ ᠠᠯᠬᠤᠮ ᠤᠨ ᠡᠮᠴᠢᠯᠡᠭᠡ ᠪᠠᠷ ᠳᠠᠮᠵᠢᠭᠠᠳ᠂ ᠲᠠᠷᠪᠠᠵᠢ ᠶᠢᠨ ᠠᠮᠢᠵᠢᠷᠠᠯ ᠤᠨ ᠬᠦᠴᠦᠨ ᠨᠢ ᠰᠡᠷᠭᠦᠵᠦ᠂ ᠠᠵᠢᠯᠲᠠᠳ ᠲᠡᠭᠦᠨ  ᠢ ᠲᠠᠮᠢᠷ ᠲᠡᠩᠬᠡᠭᠡ  ᠲᠠᠢ  ᠪᠤᠯᠵᠤ ᠠᠮᠢ ᠲᠠᠯᠪᠢᠬᠤ ᠨᠥᠬᠦᠴᠡᠯ ᠢ ᠬᠠᠩᠭᠠᠭᠰᠠᠨ ᠤ ᠳᠠᠷᠠᠭ᠎ᠠ ᠡᠬᠡ ᠪᠠᠶᠢᠭᠠᠯᠢ ᠳᠤ  ᠲᠠᠯᠪᠢᠪᠠ᠃
C:\Users\bch\Desktop\4.08\3.22  旅游图8.png
C:\Users\bch\Desktop\4.08\3.22  旅游图9.png
    ᠡᠭᠦᠨ ᠠᠴᠠ ᠭᠠᠳᠠᠨ᠎ᠠ᠂ ᠬᠥᠮᠥᠨ ᠲᠥᠷᠥᠯᠬᠢᠲᠡᠨ ᠳᠠᠭᠤ ᠦᠭᠡᠢ  ᠪᠠᠷ  ᠪᠢᠳᠡᠨ ᠢ ᠰᠠᠬᠢᠨ ᠬᠠᠮᠠᠭᠠᠯᠠᠵᠤ᠂ ᠲᠤᠷᠡᠠ᠂ ᠭᠡᠷᠡᠯ ᠵᠢᠷᠤᠭ ᠤᠨ ᠮᠠᠰᠢᠨ᠂ ᠵᠢᠯᠣᠭᠤᠴᠢ ᠤᠶᠢᠭᠡᠢ ᠨᠢᠰᠬᠡᠯ ᠵᠡᠷᠭᠡ ᠲᠥᠬᠦᠭᠡᠷᠦᠮᠵᠢ ᠪᠠᠷ ᠲᠡᠮᠵᠢᠠ ᠮᠠᠨ ᠤ ᠲᠤᠶᠢᠷᠦᠯ ᠵᠦᠢᠯ᠂ ᠲᠤᠭ᠎ᠠ ᠬᠡᠮᠵᠢᠶ᠎ᠡ ᠵᠢᠴᠢ ᠲᠠᠷᠬᠠᠯᠲᠠ ᠶᠢᠨ ᠪᠠᠶᠢᠳᠠᠯ ᠢ ᠴᠠᠭ ᠲᠤᠬᠠᠢ ᠳᠤᠨᠢ ᠬᠢᠨᠠᠨ ᠬᠡᠮᠵᠢᠵᠦ ᠪᠠᠶᠢᠬᠤ ᠶᠢ ᠪᠢ ᠦᠷᠭᠦᠯᠵᠢ ᠣᠯᠵᠤ ᠬᠠᠷᠠᠳᠠᠭ᠃ ᠰᠥᠨᠢ ᠪᠣᠯᠤᠭᠰᠠᠨ ᠴᠤ ᠪᠢ ᠮᠥᠨ ᠯᠡ ᠨᠢᠭᠡᠨ ᠬᠡᠯᠪᠡᠷᠢ ᠦᠭᠡᠢ ᠬᠦᠴᠦᠨ ᠪᠢᠳᠡᠨ ᠢ ᠬᠠᠮᠠᠭᠠᠯᠠᠵᠤ ᠪᠠᠶᠢᠬᠤ ᠶᠢ ᠮᠡᠳᠡᠷᠡᠵᠦ ᠳᠡᠶᠢᠯᠦᠨ᠎ᠡ᠃  ᠣᠭᠲᠠᠷᠭᠤᠢ ᠲᠠᠬᠢ ︽ᠨᠢᠳᠦ︾ ᠶᠢ ᠪᠠᠶᠢᠨ ᠪᠠᠶᠢᠨ ᠡᠷᠭᠢᠯᠳᠦᠭᠦᠯᠦᠨ ᠬᠠᠷᠠᠩᠭᠤᠢ ᠳᠤ ᠨᠢᠭᠤᠭᠳᠠᠵᠤ ᠪᠠᠶᠢᠭ᠎ᠠ ᠮᠠᠭᠤ ᠰᠠᠨᠠᠭ᠎ᠠ ᠶᠠᠭᠤ ᠴᠤ ᠨᠢᠭᠤᠵᠤ ᠳᠠᠯᠳᠠᠯᠠᠬᠤ ᠦᠭᠡᠢ᠃ ᠳᠠᠯᠠᠢ ᠳᠡᠭᠡᠷ᠎ᠡ ᠭᠦᠨ ᠨᠣᠶᠢᠷᠰᠤᠵᠤ ᠪᠠᠶᠢᠭ᠎ᠠ ᠨᠠᠶᠢᠵᠠ ᠨᠠᠷ ᠲᠤ ᠰᠠᠶᠢᠬᠠᠨ ᠵᠡᠭᠦᠳᠦ ᠤᠯᠭᠤᠨ᠎ᠠ᠃
C:\Users\bch\Desktop\4.08\3.22  旅游图10.png
     ᠠᠳᠡ ᠡᠮ ᠡᠮᠨᠡᠯᠭᠡ ᠪᠠᠲᠤᠯᠠᠭ᠎ᠠ ᠲᠠᠢ᠂ᠢᠳᠡᠵᠦ ᠡᠮᠦᠰᠬᠦ ᠳᠡᠭᠡᠨ ᠵᠣᠪᠠᠭ᠋ᠤ ᠦᠭᠡᠢ᠂ᠠᠮᠢᠳᠤᠷᠠᠯ ᠤᠨ ᠣᠷᠴᠢᠨ ᠲᠣᠭᠤᠷᠢᠨ ᠮᠠᠰᠢ ᠠᠮᠤᠷ ᠲᠣᠭᠲᠠᠭᠤᠨ᠂ ᠪᠢ ᠮᠠᠰᠢ ᠰᠠᠨᠠᠭ᠎ᠠ ᠠᠮᠤᠷ ᠠᠮᠢᠳᠤᠷᠠᠵᠤ ᠪᠠᠶᠢᠨ᠎ᠠ᠃ ᠡᠨᠡ ᠵᠢᠯ︽ᠭᠡᠷ ᠤᠨ ᠬᠥᠮᠥᠰ︾ ᠲᠠᠢ ᠪᠠᠨ ᠠᠳᠡ ᠰᠠᠭᠤᠷᠢᠰᠢᠬᠤ ᠶᠢ ᠵᠦᠪᠳᠡᠯᠴᠡᠵᠦ᠂᠂ᠲᠡᠨᠦᠭᠦᠯ ᠠᠮᠢᠳᠤᠷᠠᠯ ᠢᠶᠠᠨ ᠠᠳᠡ ᠲᠡᠭᠦᠰᠬᠡᠬᠦ ᠶᠢ ᠪᠤᠳᠤᠵᠤ ᠪᠠᠶᠢᠨ᠎ᠠ᠃
C:\Users\bch\Desktop\4.08\3.22  旅游图11.png
     ᠡᠭᠦᠨ ᠲᠠᠢ ᠠᠳᠠᠯᠢ ᠪᠠᠷ᠂ ᠪᠢᠳᠡᠨ ᠤ ᠬᠦᠷᠴᠦ ᠢᠷᠡᠭᠰᠡᠨ ᠨᠢ ᠴᠦ ᠠᠳᠡᠬᠢ ᠬᠠᠪᠤᠷ ᠤᠨ ᠡᠳᠦᠷ ᠤᠨ ᠲᠥᠯᠥᠭᠡ ᠶᠤᠮ᠃ ᠨᠢᠭᠡ ᠬᠡᠰᠡᠭ ᠬᠤᠷᠴᠠ ᠰᠡᠷᠭᠦᠯᠡᠩ ᠪᠠ ᠡᠶ᠎ᠡ ᠵᠣᠬᠢᠴᠠᠯ ᠲᠠᠢ ᠠᠭᠤᠷ ᠠᠮᠢᠰᠬᠤᠯ ᠢ ᠨᠡᠮᠡᠵᠡᠢ ᠃ᠡᠨᠡ ᠦᠶ᠎ᠡ ᠳᠤ ᠡᠷᠭᠢ ᠳᠡᠭᠡᠷ᠎ᠡ  ᠠᠯᠬᠤᠬᠤ ᠳᠤ᠂ ᠬᠦᠷᠴᠢᠭᠢᠨᠡᠬᠦ ᠰᠠᠯᠬᠢᠨ ᠤ ᠴᠢᠮᠡᠭᠡ ᠂ ᠬᠠᠮᠲᠤ ᠨᠥᠬᠦᠳ ᠲᠠᠢ ᠪᠠᠨ ᠳᠠᠭᠤᠨ ᠲᠠᠢ ᠂ ᠬᠠᠮᠲᠤ ᠪᠠᠷ ︽ᠬᠠᠪᠤᠷ ᠤᠨ ᠡᠳᠦᠷ ᠤᠨ ᠢᠨᠠᠭ ᠳᠤᠷᠠᠯᠠᠯ ᠤᠨ ᠳᠠᠭᠤᠤ︾ ᠶᠢ ᠬᠥᠭᠵᠢᠮᠳᠡᠪᠡ᠃
 
ᠢᠷᠡᠯᠲᠡ᠄ ᠲᠦᠮᠡᠳ ᠵᠡᠭᠦᠨ ᠬᠤᠰᠦᠭᠤᠨ ᠤ ᠬᠠᠮ ᠵᠠᠭᠤᠴᠢᠯᠠᠭᠤᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号