ᠭᠤᠣᠯ ᠰᠡᠳᠦᠪ᠄ 2024 ᠣᠨ ᠤ ᠬᠡᠷᠡᠭᠯᠡᠭᠡᠨ ᠤ ᠣᠨ ᠬᠡᠷᠡᠭᠯᠡᠭᠡᠨ ᠤ ᠠᠮᠢᠵᠢᠷᠠᠯ ᠤᠨ ᠳᠠᠶᠢᠴᠢᠯᠠᠬᠤ | ᠴᠠᠭ᠄ 2024 ︱ 03 ︱ 12 10᠄ 00 | ᠵᠣᠴᠢᠨ᠄ ᠬᠥᠬᠡᠬᠤᠲᠠ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠳᠡᠳ᠋ | ᠳᠠᠷᠤᠭ᠎ᠠ ᠵᠠᠩ ᠵᠢᠶᠦ᠋ᠨ ᠴᠢᠩ᠂ ᠬᠤᠲᠠ ᠶᠢᠨ ᠬᠡᠷᠡᠭᠯᠡᠭᠴᠢᠳ ᠤᠨ ᠡᠷᠬᠡ ᠠᠰᠢᠭ ᠢ ᠬᠠᠮᠠᠭᠠᠯᠠᠬᠤ ᠦᠢᠯᠡᠴᠢᠯᠡᠭᠡᠨ ᠤ | ᠲᠥᠪ ᠤᠨ ᠡᠷᠬᠢᠯᠡᠭᠴᠢ ᠹᠧᠩ ᠰᠦ ᠵᠧᠨ᠂ ᠰᠦᠯᠵᠢᠶᠡᠨ ᠠᠷᠠᠯᠵᠢᠶ᠎ᠠ ᠶᠢᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠶᠢᠨ | ᠳᠠᠷᠤᠭ᠎ᠠ ᠱᠠᠩ ᠰᠢᠶᠣᠣ ᠵᠢᠶᠦ᠋ᠨ᠂ ᠦᠨ᠎ᠡ ᠬᠠᠩᠰᠢ ᠶᠢᠨ ᠬᠢᠨᠠᠯᠲᠠ ᠪᠠᠶᠢᠴᠠᠭᠠᠯᠲᠠ ᠶᠢᠨ ᠰᠠᠯᠠᠭ᠎ᠠ ᠶᠢᠨ ᠳᠡᠳ᠋ | ᠳᠠᠷᠤᠭ᠎ᠠ ᠯᠢ ᠵᠠᠨ ᠶᠦᠩ᠂ ᠡᠮ ᠤᠨ ᠵᠦᠢᠯ ᠵᠠᠰᠠᠯ ᠴᠢᠮᠡᠭᠯᠡᠯ ᠤᠨ ᠡᠳ᠋ ᠤᠨ ᠬᠢᠨᠠᠯᠲᠠ ᠬᠠᠮᠢᠶᠠᠷᠤᠯᠲᠠ ᠶᠢᠨ | ᠰᠠᠯᠠᠭ᠎ᠠ ᠶᠢᠨ ᠳᠥᠷᠪᠡᠳᠦᠭᠡᠷ ᠳᠡᠰ ᠤᠨ ᠡᠷᠬᠢᠯᠡᠭᠴᠢ ᠭᠡᠰᠢᠭᠦᠴᠢ ᠴᠧᠩ ᠶᠠᠨ᠂ ᠶᠡᠷᠦᠩᠬᠡᠶᠢᠯᠡᠭᠰᠡᠨ ᠵᠠᠰᠠᠭ ᠵᠠᠬᠢᠷᠭᠠᠨ ᠤ | ᠬᠠᠤᠯᠢ ᠬᠡᠷᠡᠭᠵᠢᠭᠦᠯᠦᠯᠲᠡ ᠶᠢᠨ ᠬᠢᠨᠠᠯᠲᠠ ᠲᠠᠯᠪᠢᠬᠤ ᠰᠠᠯᠠᠭ᠎ᠠ ᠶᠢᠨ ᠳᠥᠷᠪᠡᠳᠦᠭᠡᠷ ᠳᠡᠰ ᠤᠨ ᠡᠷᠬᠢᠯᠡᠭᠴᠢ ᠭᠡᠰᠢᠭᠦᠴᠢ | ᠴᠢᠶᠠᠨ ᠵᠢᠩ | ᠬᠥᠬᠡᠬᠤᠲᠠ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ | | | | | ᠬᠠᠮᠢᠶᠠᠷᠤᠭᠴᠢ᠄ | ᠲᠣᠰ ᠤᠳᠠᠭᠠᠨ ᠤ ᠰᠣᠷᠪᠤᠯᠵᠢᠯᠠᠭ᠎ᠠ ᠪᠣᠯ ᠬᠥᠬᠡᠬᠤᠲᠠ ᠶᠢᠨ ᠵᠠᠰᠠᠭ ᠤᠨ ᠣᠷᠳᠣᠨ ᠤ ᠰᠦᠯᠵᠢᠶ᠎ᠡ ᠬᠢᠭᠡᠳ | ᠬᠥᠬᠡᠬᠤᠲᠠ ᠶᠢᠨ ᠷᠠᠳᠢᠣ᠋ ᠲᠧᠯᠸᠢᠰ ᠬᠤᠷᠢᠶ᠎ᠠ ᠶᠢᠨ ᠤᠳᠬ᠎ᠠ ᠤᠷᠠᠯᠢᠭ ᠷᠠᠳᠢᠣ᠋ ᠨᠡᠪᠲᠡᠷᠡᠭᠦᠯᠭᠡ ᠶᠢᠨ ᠬᠠᠮᠲᠤᠷᠠᠭᠰᠠᠨ | ᠲᠤᠰᠬᠠᠢ ᠰᠣᠷᠪᠤᠯᠵᠢᠯᠠᠭ᠎ᠠ ᠪᠣᠯᠣᠨ᠎ᠠ᠂ ᠰᠦᠯᠵᠢᠶᠡᠨ ᠠᠨᠳᠠ ᠨᠠᠷ ᠰᠦᠯᠵᠢᠶᠡᠨ ᠳᠡᠭᠡᠷ᠎ᠡ ᠦᠭᠡ ᠦᠯᠡᠳᠡᠭᠡᠵᠦ | ᠵᠣᠴᠢᠳ ᠲᠠᠢ ᠰᠠᠨᠠᠯ ᠢᠶᠠᠨ ᠰᠣᠯᠢᠯᠴᠠᠵᠤ ᠪᠣᠯᠣᠨ᠎ᠠ᠂ ᠰᠦᠯᠵᠢᠶᠡᠨ ᠠᠨᠳᠠ ᠨᠠᠷ ᠤᠨ ᠢᠳᠡᠪᠬᠢᠲᠡᠢ ᠣᠷᠣᠯᠴᠠᠬᠤ ᠶᠢ | ᠪᠠᠶᠠᠷᠯᠠᠨ ᠤᠭᠲᠤᠵᠤ ᠪᠠᠶᠢᠨ᠎ᠠ᠃ | ᠬᠥᠲᠥᠯᠥᠭᠴᠢ᠄ | ᠰᠦᠯᠵᠢᠶᠡᠨ ᠤ ᠠᠨᠳᠠ ᠨᠠᠷ ᠠ᠂ ᠰᠣᠨᠣᠰᠤᠭᠴᠢᠳ ᠨᠠᠷ ᠰᠠᠶᠢᠨ ᠪᠠᠶᠢᠵᠠᠭᠠᠨ᠎ᠠ ᠦᠦ︕ ᠡᠨᠡ ᠪᠣᠯ | ᠬᠥᠬᠡᠬᠤᠲᠠ ᠶᠢᠨ ᠵᠠᠰᠠᠭ ᠤᠨ ᠣᠷᠳᠣᠨ ᠤ ᠰᠦᠯᠵᠢᠶ᠎ᠡ ᠪᠣᠯᠣᠨ ᠬᠥᠬᠡᠬᠤᠲᠠ ᠶᠢᠨ ᠷᠠᠳᠢᠣ᠋ ᠨᠡᠪᠲᠡᠷᠡᠭᠦᠯᠭᠡ ᠶᠢᠨ | ᠬᠤᠷᠢᠶ᠎ᠠ ᠶᠢᠨ ᠤᠳᠬ᠎ᠠ ᠤᠷᠠᠯᠢᠭ ᠤᠨ ᠷᠠᠳᠢᠣ᠋ ᠨᠡᠪᠲᠡᠷᠡᠭᠦᠯᠭᠡ ᠶᠢᠨ ᠰᠦᠯᠵᠢᠶᠡᠨ ᠳᠡᠭᠡᠷᠡᠬᠢ ᠰᠣᠷᠪᠤᠯᠵᠢᠯᠠᠭ᠎ᠠ ᠶᠢᠨ | ᠫᠷᠣᠭ᠍ᠷᠠᠮ ᠪᠣᠯᠣᠨ᠎ᠠ᠃ ᠵᠢᠯ ᠳᠤ ᠨᠢᠭᠡ ᠤᠳᠠᠭ᠎ᠠ ᠶᠠᠪᠤᠭᠳᠠᠳᠠᠭ ︽3.15 ᠤ ᠣᠯᠠᠨ ᠤᠯᠤᠰ ᠤᠨ ᠬᠡᠷᠡᠭᠯᠡᠭᠴᠢᠳ ᠤᠨ | ᠡᠷᠬᠡ ᠠᠰᠢᠭ ᠤᠨ ᠡᠳᠦᠷ︾ ᠬᠦᠷᠴᠦ ᠢᠷᠡᠬᠦ ᠶᠢ ᠳᠠᠭᠠᠯᠳᠤᠨ᠂ ᠥᠨᠥᠳᠥᠷ ᠪᠢᠳᠡ ᠬᠥᠬᠡᠬᠤᠲᠠ ᠶᠢᠨ ᠵᠠᠬ᠎ᠠ | ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠳᠡᠳ᠋ ᠳᠠᠷᠤᠭ᠎ᠠ ᠵᠠᠩ ᠵᠢᠶᠦ᠋ᠨ ᠴᠢᠩ ᠢ ᠤᠷᠢᠵᠤ᠂ | ᠬᠤᠲᠠ ᠶᠢᠨ ᠬᠡᠷᠡᠭᠯᠡᠭᠴᠢᠳ ᠤᠨ ᠡᠷᠬᠡ ᠠᠰᠢᠭ ᠢ ᠬᠠᠮᠠᠭᠠᠯᠠᠬᠤ ᠦᠢᠯᠡᠴᠢᠯᠡᠭᠡᠨ ᠤ ᠲᠥᠪ ᠤᠨ ᠡᠷᠬᠢᠯᠡᠭᠴᠢ ᠹᠧᠩ ᠰᠦ | ᠵᠧᠨ᠂ ᠰᠦᠯᠵᠢᠶᠡᠨ ᠤ ᠠᠷᠠᠯᠵᠢᠶ᠎ᠠ ᠶᠢ ᠬᠢᠨᠠᠨ ᠬᠠᠮᠢᠶᠠᠷᠬᠤ ᠰᠠᠯᠠᠭᠠᠨ ᠤ ᠳᠠᠷᠤᠭ᠎ᠠ ᠱᠠᠩ ᠰᠢᠶᠣᠣ ᠵᠢᠶᠦ᠋ᠨ᠂ ᠦᠨ᠎ᠡ | ᠬᠠᠩᠰᠢ ᠶᠢ ᠬᠢᠨᠠᠨ ᠪᠠᠶᠢᠴᠠᠭᠠᠬᠤ ᠰᠠᠯᠠᠭᠠᠨ ᠤ ᠳᠡᠳ᠋ ᠳᠠᠷᠤᠭ᠎ᠠ ᠯᠢ ᠵᠠᠨ ᠶᠦᠩ᠂ ᠡᠮ ᠤᠨ ᠵᠦᠢᠯ ᠭᠤᠶᠣᠯᠠᠯ ᠤᠨ | ᠡᠳ᠋ ᠤᠨ ᠬᠢᠨᠠᠯᠲᠠ ᠬᠠᠮᠢᠶᠠᠷᠤᠯᠲᠠ ᠶᠢᠨ ᠰᠠᠯᠠᠭᠠᠨ ᠤ ᠳᠥᠷᠪᠡᠳᠦᠭᠡᠷ ᠳᠡᠰ ᠤᠨ ᠡᠷᠬᠢᠯᠡᠭᠴᠢ ᠭᠡᠰᠢᠭᠦᠴᠢ ᠴᠧᠩ ᠶᠠᠨ᠂ | ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠦᠯᠲᠡ ᠳᠤ ᠬᠢᠨᠠᠯᠲᠠ ᠲᠠᠯᠪᠢᠬᠤ ᠰᠠᠯᠠᠭᠠᠨ ᠤ | ᠳᠥᠷᠪᠡᠳᠦᠭᠡᠷ ᠳᠡᠰ ᠤᠨ ᠡᠷᠬᠢᠯᠡᠭᠴᠢ ᠭᠡᠰᠢᠭᠦᠴᠢ ᠴᠢᠶᠠᠨ ᠵᠢᠩ ᠲᠤᠬᠠᠢ ᠶᠢᠨ ᠲᠠᠯᠠᠪᠤᠷ ᠲᠤ ᠢᠷᠡᠵᠦ ᠥᠷᠭᠡᠨ ᠣᠯᠠᠨ | ᠰᠣᠨᠣᠰᠤᠭᠴᠢᠳ᠂ ᠰᠦᠯᠵᠢᠶᠡᠨ ᠤ ᠨᠠᠶᠢᠵᠠ ᠨᠠᠷ ᠲᠠᠢ ᠰᠠᠨᠠᠯ ᠢᠶᠠᠨ ᠰᠣᠯᠢᠯᠴᠠᠪᠠ᠃ ᠲᠣᠰ ᠬᠤᠭᠤᠴᠠᠭᠠᠨ ᠤ | ᠰᠣᠷᠪᠤᠯᠵᠢᠯᠠᠭ᠎ᠠ ᠶᠢᠨ ᠭᠤᠣᠯ ᠰᠡᠳᠦᠪ ᠪᠣᠯ ︽ᠬᠡᠷᠡᠭᠯᠡᠭᠡᠨ ᠤ ᠠᠮᠢᠵᠢᠷᠠᠯ ᠤᠨ ᠬᠦᠴᠦᠨ ᠢ ᠬᠥᠭᠵᠢᠭᠡᠨ᠎ᠡ︾᠂ ᠲᠠ | ᠪᠦᠬᠦᠨ ᠤ ᠢᠳᠡᠪᠬᠢᠲᠡᠢ ᠣᠷᠣᠯᠴᠠᠬᠤ ᠶᠢ ᠪᠠᠶᠠᠷᠯᠠᠨ ᠤᠭᠲᠤᠵᠤ ᠪᠠᠶᠢᠨ᠎ᠠ᠃ | ᠬᠥᠬᠡᠬᠤᠲᠠ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠳᠡᠳ᠋ ᠳᠠᠷᠤᠭ᠎ᠠ ᠵᠠᠩ | ᠵᠢᠶᠦ᠋ᠨ ᠴᠢᠩ ᠄ | ᠬᠥᠲᠥᠯᠥᠭᠴᠢ ᠰᠠᠶᠢᠨ ᠦᠦ︕ ᠰᠣᠨᠣᠰᠤᠭᠴᠢᠳ᠂ ᠰᠦᠯᠵᠢᠶᠡᠨ ᠤ ᠠᠨᠳᠠ ᠨᠠᠷ ᠰᠠᠶᠢᠨ ᠪᠠᠶᠢᠵᠠᠭᠠᠨ᠎ᠠ ᠤᠣ︕ | ᠥᠷᠭᠡᠨ ᠣᠯᠠᠨ ᠰᠦᠯᠵᠢᠶᠡᠨ ᠨᠠᠶᠢᠵᠠ ᠨᠠᠷ ᠲᠠᠢ ᠰᠦᠯᠵᠢᠶᠡᠨ ᠳᠡᠭᠡᠷ᠎ᠡ ᠰᠠᠨᠠᠯ ᠢᠶᠠᠨ ᠰᠣᠯᠢᠯᠴᠠᠬᠤ ᠪᠣᠯᠤᠭᠰᠠᠨ ᠳᠠᠭᠠᠨ | ᠮᠠᠰᠢ ᠪᠠᠶᠠᠷ ᠲᠠᠢ ᠪᠠᠶᠢᠨ᠎ᠠ᠃ ᠰᠦᠯᠵᠢᠶᠡᠨ ᠤ ᠠᠨᠳᠠ ᠨᠠᠷ ᠤᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ | ᠠᠵᠢᠯ ᠢ ᠢᠮᠠᠭᠲᠠ ᠠᠩᠬᠠᠷᠤᠨ ᠳᠡᠮᠵᠢᠭᠰᠡᠭᠡᠷ ᠢᠷᠡᠭᠰᠡᠨ ᠳᠤ ᠲᠠᠯᠠᠷᠬᠠᠵᠤ ᠪᠠᠶᠢᠨ᠎ᠠ᠂ ᠤᠯᠠᠨ ᠢᠶᠠᠷ ᠢᠶᠠᠨ ᠮᠠᠨ ᠤ | ᠠᠵᠢᠯ ᠳᠤ ᠡᠷᠬᠢᠮ ᠨᠠᠨᠳᠢᠨ ᠰᠠᠨᠠᠯ ᠰᠠᠨᠠᠭᠤᠯᠭ᠎ᠠ ᠳᠤᠷᠠᠳᠬᠤ ᠶᠢ ᠪᠠᠶᠠᠷᠯᠠᠨ ᠤᠭᠲᠤᠵᠤ ᠪᠠᠶᠢᠨ᠎ᠠ᠃ | ᠬᠥᠲᠥᠯᠥᠭᠴᠢ᠄ | ᠬᠡᠷᠡᠭᠯᠡᠭᠴᠢᠳ ᠤᠨ ᠡᠷᠬᠡ ᠠᠰᠢᠭ ᠢ ᠬᠠᠮᠠᠭᠠᠯᠠᠬᠤ ᠪᠣᠯ ᠥᠨᠢᠳᠡ ᠶᠢᠨ ᠶᠠᠷᠢᠶᠠᠨ ᠤ ᠰᠡᠳᠦᠪ ᠮᠥᠨ᠂ | ᠬᠡᠷᠡᠭᠯᠡᠭᠡᠨ ᠤ ᠰᠠᠨᠠᠭ᠎ᠠ ᠠᠮᠤᠷ ᠣᠷᠴᠢᠨ ᠨᠥᠬᠦᠴᠡᠯ ᠢ ᠪᠤᠶ ᠪᠣᠯᠭᠠᠬᠤ ᠪᠣᠯ ᠵᠠᠬ᠎ᠠ ᠳᠡᠯᠭᠡᠭᠦᠷ ᠤᠨ ᠬᠢᠨᠠᠯᠲᠠ | ᠬᠠᠮᠢᠶᠠᠷᠤᠯᠲᠠ ᠶᠢᠨ ᠰᠠᠯᠠᠭ᠎ᠠ ᠮᠥᠴᠢᠷ ᠤᠨ ᠴᠢᠷᠮᠠᠶᠢᠬᠤ ᠴᠢᠭᠯᠡᠯ ᠪᠣᠯᠣᠭᠰᠠᠭᠠᠷ ᠢᠷᠡᠭᠰᠡᠨ ᠶᠤᠮ᠃ ᠳᠤᠮᠳᠠᠳᠤ | ᠤᠯᠤᠰ ᠤᠨ ᠬᠡᠷᠡᠭᠯᠡᠭᠴᠢᠳ ᠤᠨ ᠨᠡᠶᠢᠭᠡᠮᠯᠢᠭ ᠡᠨᠡ ᠵᠢᠯ ᠤᠨ ᠬᠡᠷᠡᠭᠯᠡᠭᠡ ᠶᠢᠨ ᠡᠷᠬᠡ ᠪᠠᠨ ᠬᠠᠮᠠᠭᠠᠯᠠᠬᠤ ᠣᠨ ᠤ | ᠭᠤᠣᠯ ᠰᠡᠳᠦᠪ ᠢ ︽ᠬᠡᠷᠡᠭᠯᠡᠭᠡ ᠶᠢᠨ ᠠᠮᠢᠵᠢᠷᠠᠯ ᠤᠨ ᠬᠦᠴᠦᠨ ᠢ ᠬᠥᠭᠵᠢᠭᠡᠨ᠎ᠡ︾ ᠭᠡᠵᠦ ᠲᠣᠭᠲᠠᠭᠠᠵᠠᠢ᠃ ᠡᠨᠡ | ᠬᠦ ᠭᠤᠣᠯ ᠰᠡᠳᠦᠪ ᠨᠢ ᠶᠠᠮᠠᠷ ᠠᠭᠤᠯᠭ᠎ᠠ ᠲᠠᠢ ᠪᠤᠢ︖ | ᠬᠥᠬᠡᠬᠤᠲᠠ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠳᠡᠳ᠋ ᠳᠠᠷᠤᠭ᠎ᠠ ᠵᠠᠩ | ᠵᠢᠶᠦ᠋ᠨ ᠴᠢᠩ᠄ | ︽ᠬᠡᠷᠡᠭᠯᠡᠭᠡᠨ ᠤ ᠠᠮᠢᠵᠢᠷᠠᠯ ᠤᠨ ᠬᠦᠴᠦᠨ ᠢ ᠬᠥᠭᠵᠢᠭᠡᠬᠦ︾ ᠨᠢ ᠳᠣᠣᠷᠠᠬᠢ ᠮᠡᠲᠦ ᠭᠤᠷᠪᠠᠨ ᠲᠠᠯ᠎ᠠ ᠶᠢᠨ | ᠠᠭᠤᠯᠭ᠎ᠠ ᠲᠠᠢ᠄ ᠨᠢᠭᠡ ᠳᠤ᠂ ᠬᠡᠷᠡᠭᠯᠡᠭᠴᠢᠳ ᠤᠨ ᠨᠡᠶᠢᠭᠡᠮᠯᠢᠭ ᠤᠨ ᠵᠣᠬᠢᠶᠠᠨ ᠪᠠᠶᠢᠭᠤᠯᠤᠯᠲᠠ ᠶᠢᠨ ᠡᠷᠬᠡ ᠪᠠᠨ | ᠬᠠᠮᠠᠭᠠᠯᠠᠬᠤ ᠴᠢᠳᠠᠪᠤᠷᠢ ᠶᠢ ᠳᠡᠭᠡᠭᠰᠢᠯᠡᠭᠦᠯᠵᠦ᠂ ᠬᠡᠷᠡᠭᠯᠡᠭᠴᠢᠳ ᠢ ᠬᠠᠪᠰᠤᠷᠤᠨ ᠬᠤᠶᠢᠰᠢᠳᠠ ᠶᠢᠨ ᠵᠣᠪᠠᠨᠢᠯ ᠢ ᠨᠢ | ᠰᠢᠢᠳᠪᠦᠷᠢᠯᠡᠵᠦ᠂ ᠬᠡᠷᠡᠭᠯᠡᠭᠴᠢᠳ ᠢ ᠵᠣᠷᠢᠭᠲᠠᠢ ᠪᠠᠷ ᠬᠡᠷᠡᠭᠯᠡᠭᠡ ᠬᠢᠯᠭᠡᠨ᠎ᠡ᠃ ᠨᠠᠮ ᠤᠨ ᠬᠤᠷᠢᠳᠤᠭᠠᠷ ᠶᠡᠭᠡ | ᠬᠤᠷᠠᠯ ᠤᠨ ᠢᠯᠡᠳᠬᠡᠯ ᠳᠤ ︽ᠠᠷᠠᠳ ᠲᠦᠮᠡᠨ ᠢ ᠳᠡᠭᠡᠳᠦᠯᠡᠬᠦ ᠶᠢ ᠡᠷᠬᠡᠪᠰᠢ ᠪᠠᠷᠢᠮᠲᠠᠯᠠᠬᠤ ᠬᠡᠷᠡᠭᠲᠡᠢ︾᠂ ︽ᠬᠠᠮᠤᠭ ᠤᠨ | ᠥᠷᠭᠡᠨ ᠤᠯᠠᠨ ᠠᠷᠠᠳ ᠲᠦᠮᠡᠨ ᠤ ᠦᠨᠳᠦᠰᠦᠨ ᠠᠰᠢᠭ ᠲᠤᠰᠠ ᠶᠢ ᠰᠠᠶᠢᠲᠤᠷ ᠪᠡᠶᠡᠯᠡᠭᠦᠯᠵᠦ᠂ ᠰᠠᠶᠢᠲᠤᠷ | ᠬᠠᠮᠠᠭᠠᠯᠠᠵᠤ᠂ ᠰᠠᠶᠢᠲᠤᠷ ᠬᠥᠭᠵᠢᠭᠦᠯᠵᠦ᠂ ᠠᠷᠠᠳ ᠲᠦᠮᠡᠨ ᠤ ᠬᠠᠮᠤᠭ ᠠᠴᠠ ᠰᠡᠳᠬᠢᠯ ᠲᠠᠯᠪᠢᠵᠤ ᠪᠠᠶᠢᠭ᠎ᠠ ᠬᠠᠮᠤᠭ ᠤᠨ | ᠰᠢᠭᠤᠳ᠂ ᠬᠠᠮᠤᠭ ᠤᠨ ᠪᠣᠳᠠᠲᠠᠢ ᠠᠰᠢᠭ ᠲᠤᠰᠠ ᠶᠢᠨ ᠠᠰᠠᠭᠤᠳᠠᠯ ᠢ ᠴᠢᠩᠭ᠎ᠠ ᠠᠳᠬᠤᠬᠤ ᠬᠡᠷᠡᠭᠲᠡᠢ︾ ᠭᠡᠵᠦ | ᠳᠤᠷᠠᠳᠤᠨ ᠭᠠᠷᠭᠠᠵᠠᠢ᠃ ᠬᠡᠷᠡᠭᠯᠡᠭᠴᠢᠳ ᠤᠨ ᠬᠠᠤᠯᠢ ᠶᠣᠰᠣᠨ ᠤ ᠡᠷᠬᠡ ᠠᠰᠢᠭ ᠢ ᠬᠠᠮᠠᠭᠠᠯᠠᠬᠤ ᠪᠣᠯ ︽ᠪᠥᠬᠦᠳᠡ | ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠡᠷᠡᠭᠯᠡᠭᠴᠢᠳ ᠤᠨ ᠡᠷᠬᠡ ᠠᠰᠢᠭ ᠢ ᠬᠠᠮᠠᠭᠠᠯᠠᠬᠤ ᠬᠠᠤᠯᠢ︾ ᠠᠴᠠ | ᠬᠡᠷᠡᠭᠯᠡᠭᠴᠢᠳ ᠤᠨ ᠨᠡᠶᠢᠭᠡᠮᠯᠢᠭ ᠤᠨ ᠵᠣᠬᠢᠶᠠᠨ ᠪᠠᠶᠢᠭᠤᠯᠤᠯᠲᠠ ᠳᠤ ᠣᠯᠭᠤᠭᠰᠠᠨ ᠬᠠᠤᠯᠢ ᠶᠣᠰᠣᠨ ᠤ ᠡᠭᠦᠷᠭᠡ | ᠬᠠᠷᠢᠭᠤᠴᠠᠯᠭ᠎ᠠ ᠮᠥᠨ᠂ ᠬᠡᠷᠡᠭᠯᠡᠭᠴᠢᠳ ᠤᠨ ᠨᠡᠶᠢᠭᠡᠮᠯᠢᠭ ᠤᠨ ᠵᠣᠬᠢᠶᠠᠨ ᠪᠠᠶᠢᠭᠤᠯᠤᠯᠲᠠ ᠬᠠᠤᠯᠢ ᠶᠣᠰᠣᠭᠠᠷ ᠡᠭᠦᠷᠭᠡ | ᠬᠠᠷᠢᠭᠤᠴᠠᠯᠭ᠎ᠠ ᠪᠠᠨ ᠭᠦᠢᠴᠡᠳᠬᠡᠬᠦ ᠪᠣᠯ ︽ᠠᠷᠠᠳ ᠲᠦᠮᠡᠨ ᠢ ᠳᠡᠭᠡᠳᠦᠯᠡᠬᠦ︾ ᠣᠶᠢᠯᠠᠭᠠᠭᠳᠠᠬᠤᠨ ᠤ ᠠᠮᠢᠳᠤᠯᠢᠭ | ᠦᠢᠯᠡᠳᠦᠯᠭᠡ ᠮᠥᠨ᠃ ᠬᠡᠷᠡᠭᠯᠡᠭᠡ ᠨᠢ ᠡᠳᠦᠷ ᠲᠤᠳᠤᠮ ᠤᠨ ᠠᠮᠢᠳᠤᠷᠠᠯ ᠳᠤ ᠬᠤᠯᠪᠣᠭᠳᠠᠵᠤ᠂ ᠲᠦᠭ ᠲᠦᠮᠡᠨ ᠠᠶᠢᠯ | ᠡᠷᠤᠭᠡ ᠳᠤ ᠬᠤᠯᠪᠣᠭᠳᠠᠵᠤ᠂ ᠬᠡᠷᠡᠭᠯᠡᠭᠴᠢᠳ ᠤᠨ ᠬᠠᠤᠯᠢ ᠶᠣᠰᠣᠨ ᠤ ᠡᠷᠬᠡ ᠠᠰᠢᠭ ᠤᠨ ᠬᠠᠯᠳᠠᠯᠭ᠎ᠠ ᠳᠤ ᠤᠴᠠᠷᠠᠬᠤ | ᠦᠭᠡᠢ ᠪᠠᠶᠢᠬᠤ ᠶᠢ ᠪᠠᠲᠤᠯᠠᠬᠤ ᠪᠣᠯ ᠠᠷᠠᠳ ᠤᠯᠠᠨ ᠤ ᠬᠡᠷᠡᠭᠯᠡᠭᠡᠨ ᠤ ᠬᠦᠷᠢᠶᠡᠨ ᠳᠠᠬᠢ ᠬᠠᠮᠤᠭ ᠤᠨ ᠰᠡᠳᠬᠢᠯ | ᠲᠠᠯᠪᠢᠵᠤ ᠪᠠᠶᠢᠭ᠎ᠠ ᠬᠠᠮᠤᠭ ᠤᠨ ᠰᠢᠭᠤᠳ᠂ ᠬᠠᠮᠤᠭ ᠤᠨ ᠪᠣᠳᠠᠲᠠᠢ ᠠᠰᠢᠭ ᠲᠤᠰᠠ ᠶᠢᠨ ᠠᠰᠠᠭᠤᠳᠠᠯ ᠮᠥᠨ᠃ ᠰᠢᠨ᠎ᠡ | ᠴᠠᠭ ᠦᠶ᠎ᠡ ᠶᠢᠨ ᠬᠡᠷᠡᠭᠯᠡᠭᠡ ᠶᠢᠨ ᠲᠡᠰ ᠲᠡᠪᠰᠢᠯᠳᠠ ᠡᠳᠦᠷ ᠢᠷᠡᠬᠦᠶ᠎ᠡ ᠲᠦᠷᠭᠡᠳᠴᠦ᠂ ᠬᠡᠷᠡᠭᠯᠡᠭᠡ ᠶᠢᠨ ᠬᠦᠷᠢᠶᠡᠨ ᠤ | ᠰᠢᠨ᠎ᠡ ᠪᠠᠶᠢᠳᠠᠯ᠂ ᠰᠢᠨ᠎ᠡ ᠡᠵᠡᠩᠨᠡᠯᠲᠡ ᠶᠢᠨ ᠬᠡᠯᠪᠡᠷᠢ ᠪᠠᠶᠢᠳᠠᠯ᠂ ᠰᠢᠨ᠎ᠡ ᠰᠢᠨᠵᠢᠯᠡᠬᠦ ᠤᠬᠠᠭᠠᠨ ᠮᠡᠷᠭᠡᠵᠢᠯ ᠳᠠᠰᠤᠷᠠᠯᠳᠠ | ᠦᠭᠡᠢ ᠴᠣᠯᠭᠤᠷᠠᠨ ᠭᠠᠷᠪᠠ᠂ ᠡᠭᠦᠨ ᠤ ᠬᠠᠮᠲᠤ ᠡᠷᠬᠡ ᠳᠤ ᠬᠠᠯᠳᠠᠭᠰᠠᠨ ᠠᠷᠭ᠎ᠠ ᠪᠠᠷᠢᠯ ᠤᠨ ᠶᠠᠩᠵᠤ ᠪᠦᠷᠢ ᠶᠢᠨ | ᠬᠤᠪᠢᠷᠠᠯᠲᠠ ᠨᠢ ᠬᠥᠮᠥᠰ ᠢ ᠰᠡᠷᠭᠡᠶᠢᠯᠡᠬᠦ ᠶᠢᠨ ᠠᠷᠭ᠎ᠠ ᠦᠭᠡᠢ ᠪᠣᠯᠭᠠᠭᠰᠠᠨ ᠪᠠᠶᠢᠨ᠎ᠠ᠃ ᠬᠡᠷᠡᠭᠯᠡᠭᠴᠢᠳ ᠤᠨ | ᠨᠡᠶᠢᠭᠡᠮᠯᠢᠭ ᠤᠨ ᠵᠣᠬᠢᠶᠠᠨ ᠪᠠᠶᠢᠭᠤᠯᠤᠯᠲᠠ ᠥᠪᠡᠷ ᠤᠨ ᠡᠭᠦᠷᠭᠡ ᠬᠠᠷᠢᠭᠤᠴᠠᠯᠭ᠎ᠠ ᠳᠠᠭᠠᠨ ᠰᠠᠭᠤᠷᠢᠯᠠᠨ᠂ ᠡᠷᠬᠡ ᠪᠠᠨ | ᠬᠠᠮᠠᠭᠠᠯᠠᠬᠤ ᠠᠷᠭ᠎ᠠ ᠮᠠᠶ᠋ᠢᠭ ᠤᠨ ᠰᠢᠨ᠎ᠡ ᠶᠢ ᠡᠭᠦᠳᠴᠦ᠂ ᠡᠷᠬᠡ ᠪᠠᠨ ᠬᠠᠮᠠᠭᠠᠯᠠᠬᠤ ᠦᠷ᠎ᠡ ᠪᠦᠲᠦᠮᠵᠢ ᠶᠢ | ᠳᠡᠭᠡᠭᠰᠢᠯᠡᠭᠦᠯᠵᠦ᠂ ᠨᠡᠩ ᠳᠥᠭᠦᠮ ᠳᠥᠲᠡ ᠥᠨᠳᠥᠷ ᠪᠦᠲᠦᠮᠵᠢᠲᠡᠢ ᠵᠠᠭᠠᠯᠳᠤᠯᠭ᠎ᠠ ᠶᠢ ᠰᠢᠢᠳᠪᠦᠷᠢᠯᠡᠬᠦ᠂ ᠨᠡᠩ | ᠭᠦᠨᠵᠡᠭᠡᠢ ᠪᠥᠭᠡᠳ ᠬᠦᠴᠦᠲᠡᠢ ᠬᠡᠷᠡᠭᠯᠡᠭᠡ ᠳᠤ ᠬᠢᠨᠠᠯᠲᠠ ᠲᠠᠯᠪᠢᠬᠤ᠂ ᠨᠡᠩ ᠡᠷᠡᠰ ᠵᠣᠷᠢᠭᠲᠠᠢ ᠪᠠᠷ ᠢᠯᠡᠴᠢᠯᠡᠨ | ᠰᠢᠭᠦᠮᠵᠢᠯᠡᠬᠦ᠂ ᠨᠡᠩ ᠠᠰᠢᠭᠲᠠᠢ ᠪᠥᠭᠡᠳ ᠪᠦᠲᠦᠮᠵᠢᠲᠡᠢ ᠰᠠᠨᠠᠭᠤᠯᠤᠮᠵᠢ ᠪᠠᠷ ᠰᠡᠷᠡᠮᠵᠢᠯᠡᠭᠦᠯᠵᠦ᠂ ᠬᠡᠷᠡᠭᠯᠡᠭᠴᠢᠳ ᠤᠨ | ᠬᠠᠤᠯᠢ ᠶᠣᠰᠣᠨ ᠤ ᠡᠷᠬᠡ ᠠᠰᠢᠭ ᠢ ᠦᠨᠡᠨᠬᠦ ᠬᠠᠮᠠᠭᠠᠯᠠᠵᠤ᠂ ᠬᠡᠷᠡᠭᠯᠡᠭᠡ ᠶᠢᠨ ᠡᠪᠡᠷᠰᠢᠶᠡᠯ ᠲᠠᠢ ᠭᠠᠵᠠᠷ ᠲᠦᠭᠵᠢᠷᠡᠯ ᠲᠠᠢ | ᠭᠠᠵᠠᠷ ᠢ ᠠᠷᠢᠯᠭᠠᠬᠤ ᠳᠤ ᠬᠦᠴᠦ ᠨᠡᠮᠡᠷᠢᠯᠡᠵᠦ᠂ ᠬᠠᠤᠯᠢ ᠪᠤᠰᠤ ᠡᠵᠡᠩᠨᠡᠯᠲᠡ ᠶᠢᠨ ᠠᠵᠢᠯᠯᠠᠭ᠎ᠠ ᠶᠢ ᠬᠤᠷᠢᠭᠯᠠᠵᠤ᠂ | ᠬᠡᠷᠡᠭᠯᠡᠭᠴᠢᠳ ᠤᠨ ᠬᠤᠳᠠᠯᠳᠤᠨ ᠠᠪᠬᠤ ᠢᠲᠡᠭᠡᠯ ᠢ ᠨᠡᠮᠡᠭᠳᠡᠭᠦᠯᠵᠦ᠂ ᠬᠡᠷᠡᠭᠯᠡᠭᠡ ᠶᠢᠨ ᠠᠮᠢᠵᠢᠷᠠᠯ ᠤᠨ ᠬᠦᠴᠦᠨ ᠢ | ᠬᠥᠭᠵᠢᠭᠡᠵᠦ᠂ ᠬᠡᠷᠡᠭᠯᠡᠭᠡ ᠶᠢᠨ ᠳᠠᠯᠳᠠ ᠬᠦᠴᠦᠨ ᠢ ᠪᠠᠳᠠᠷᠠᠭᠤᠯᠤᠨ᠎ᠠ᠃ ᠬᠤᠶᠠᠷ ᠲᠤ᠂ ᠬᠡᠷᠡᠭᠯᠡᠭᠡᠨ ᠤ ᠣᠷᠴᠢᠨ | ᠲᠣᠭᠤᠷᠢᠨ ᠢ ᠰᠢᠯᠢᠳᠡᠭᠵᠢᠭᠦᠯᠬᠦ ᠶᠢ ᠬᠠᠮᠵᠢᠯᠴᠠᠨ ᠬᠠᠮᠲᠤᠪᠠᠷ ᠵᠠᠰᠠᠵᠤ᠂ ᠬᠡᠷᠡᠭᠯᠡᠭᠴᠢᠳ ᠤᠨ ᠬᠦᠷᠲᠡᠮᠵᠢ ᠶᠢᠨ | ᠲᠥᠷᠥᠭᠳᠡᠯ ᠢ ᠨᠡᠮᠡᠭᠳᠡᠭᠦᠯᠵᠦ᠂ ᠬᠡᠷᠡᠭᠯᠡᠭᠴᠢᠳ ᠢ ᠳᠤᠷᠠᠲᠠᠶ᠎ᠠ ᠬᠡᠷᠡᠭᠯᠡᠭᠡ ᠬᠢᠯᠭᠡᠨ᠎ᠡ᠃ ︽ᠪᠥᠬᠦᠳᠡ ᠨᠠᠶᠢᠷᠠᠮᠳᠠᠬᠤ | ᠳᠤᠮᠳᠠᠳᠤ ᠠᠷᠠᠳ ᠤᠯᠤᠰ ᠤᠨ ᠬᠡᠷᠡᠭᠯᠡᠭᠴᠢᠳ ᠤᠨ ᠡᠷᠬᠡ ᠠᠰᠢᠭ ᠢ ᠬᠠᠮᠠᠭᠠᠯᠠᠬᠤ ᠬᠠᠤᠯᠢ︾ ᠳᠤ ︽ | ᠬᠡᠷᠡᠭᠯᠡᠭᠴᠢᠳ ᠤᠨ ᠬᠠᠤᠯᠢ ᠶᠣᠰᠣᠨ ᠤ ᠡᠷᠬᠡ ᠠᠰᠢᠭ ᠢ ᠬᠠᠮᠠᠭᠠᠯᠠᠬᠤ ᠪᠣᠯ ᠪᠦᠬᠦ ᠨᠡᠶᠢᠭᠡᠮ ᠤᠨ ᠬᠠᠮᠲᠤ ᠶᠢᠨ | ᠬᠠᠷᠢᠭᠤᠴᠠᠯᠭ᠎ᠠ ᠮᠥᠨ︾ ᠭᠡᠵᠦ ᠲᠣᠭᠲᠠᠭᠠᠵᠠᠢ᠃ ᠨᠠᠮ ᠤᠨ ᠬᠤᠷᠢᠳᠤᠭᠠᠷ ᠶᠡᠭᠡ ᠬᠤᠷᠠᠯ ᠤᠨ ᠢᠯᠡᠳᠬᠡᠯ ᠳᠤ᠂ | ︽ᠬᠠᠮᠲᠤ ᠪᠠᠷ ᠪᠠᠶᠢᠭᠤᠯᠬᠤ ᠬᠠᠮᠲᠤ ᠪᠠᠷ ᠵᠠᠰᠠᠬᠤ ᠬᠠᠮᠲᠤ ᠪᠠᠷ ᠡᠳ᠋ᠯᠡᠬᠦ ᠨᠡᠶᠢᠭᠡᠮ ᠤᠨ ᠵᠠᠰᠠᠯᠲᠠ ᠶᠢᠨ ᠳᠦᠷᠢᠮ ᠢ | ᠪᠦᠷᠢᠨᠰᠢᠭᠦᠯᠦᠨ᠎ᠡ︾᠂ ︽ᠬᠥᠮᠥᠨ ᠪᠦᠬᠦᠨ ᠬᠠᠷᠢᠭᠤᠴᠠᠯᠭ᠎ᠠ ᠲᠠᠢ᠂ ᠬᠥᠮᠥᠨ ᠪᠦᠬᠦᠨ ᠬᠠᠷᠢᠭᠤᠴᠠᠯᠭ᠎ᠠ ᠪᠠᠨ | ᠭᠦᠢᠴᠡᠳᠬᠡᠵᠦ᠂ ᠬᠥᠮᠥᠨ ᠪᠦᠬᠦᠨ ᠡᠳ᠋ᠯᠡᠬᠦ ᠨᠡᠶᠢᠭᠡᠮ ᠤᠨ ᠵᠠᠰᠠᠯᠲᠠ ᠶᠢᠨ ᠬᠠᠮᠲᠤ ᠶᠢᠨ ᠴᠣᠭᠴᠠ ᠶᠢ ᠪᠠᠶᠢᠭᠤᠯᠤᠨ᠎ᠠ︾ | ᠭᠡᠵᠦ ᠴᠢᠬᠤᠯᠠᠴᠢᠯᠠᠪᠠ᠃ ᠲᠥᠪ ᠤᠨ ᠠᠵᠤ ᠠᠬᠤᠢ ᠶᠢᠨ ᠠᠵᠢᠯ ᠤᠨ ᠬᠤᠷᠠᠯ ᠠᠴᠠ᠂︽ᠬᠡᠷᠡᠭᠯᠡᠭᠡᠨ ᠤ ᠣᠷᠴᠢᠨ | ᠲᠣᠭᠤᠷᠢᠨ ᠢ ᠰᠢᠯᠢᠳᠡᠭᠵᠢᠭᠦᠯᠬᠦ︾᠂︽ᠴᠢᠨᠠᠷ ᠰᠠᠶᠢᠲᠠᠢ ᠬᠥᠭᠵᠢᠯᠲᠡ ᠶᠢ ᠬᠦᠴᠦᠯᠡᠨ ᠠᠬᠢᠭᠤᠯᠬᠤ ᠬᠡᠷᠡᠭᠲᠡᠢ︾ᠭᠡᠵᠦ | ᠱᠠᠭᠠᠷᠳᠠᠪᠠ᠃ ᠣᠳᠣᠬᠠᠨ ᠳᠤ᠂ ᠬᠡᠷᠡᠭᠯᠡᠭᠡᠨ ᠤ ᠬᠦᠷᠢᠶᠡᠨ ᠳᠤ ᠪᠠᠰᠠ ᠤᠷᠢᠳᠴᠢᠯᠠᠨ ᠵᠠᠷᠤᠳᠠᠯ ᠲᠤᠰᠢᠶᠠᠬᠤ | ᠬᠤᠳᠠᠯᠳᠤᠭᠠᠴᠢᠨ ᠤ ︽ᠵᠠᠮ ᠬᠥᠭᠡᠭᠡᠬᠦ︾᠂ ᠲᠣᠮᠣ ᠳ᠋ᠠᠶᠢᠲ᠋ᠠ ᠶᠢᠨ ᠪᠤᠳᠤᠬᠤ ᠠᠷᠭ᠎ᠠ ︽ᠪᠣᠯᠪᠠᠰᠤᠷᠠᠩᠭᠤᠢ ᠪᠣᠯᠬᠤ︾ | ᠵᠡᠷᠭᠡ ᠦᠵᠡᠭᠳᠡᠯ ᠣᠷᠣᠰᠢᠵᠤ᠂ ᠬᠡᠷᠡᠭᠯᠡᠭᠡᠨ ᠤ ᠡᠷᠬᠡ ᠠᠰᠢᠭ ᠢ ᠬᠠᠮᠠᠭᠠᠯᠠᠬᠤ ᠲᠥᠷᠥ ᠶᠢᠨ ᠪᠣᠳᠣᠯᠭ᠎ᠠ ᠬᠠᠤᠯᠢ | ᠴᠠᠭᠠᠵᠠ ᠬᠠᠷᠢᠴᠠᠩᠭᠤᠢ ᠪᠠᠷ ᠬᠤᠴᠤᠷᠤᠩᠭᠤᠢ ᠪᠠᠶᠢᠵᠤ᠂ ᠡᠵᠡᠩᠨᠡᠭᠴᠢ ᠬᠢᠭᠡᠳ ᠬᠡᠷᠡᠭᠯᠡᠭᠴᠢ ᠶᠢᠨ ᠮᠡᠳᠡᠭᠡ ᠵᠠᠩᠭᠢ | ᠲᠡᠩᠴᠡᠭᠦᠷᠢ ᠦᠭᠡᠢ᠂ ᠬᠦᠴᠦᠨ ᠴᠢᠳᠠᠯ ᠲᠡᠩᠴᠡᠭᠦᠷᠢ ᠦᠭᠡᠢ ᠪᠠᠶᠢᠵᠤ᠂ ︽ᠨᠢᠭᠡ ᠨᠠᠰᠤᠲᠠᠨ ᠨᠢᠭᠡ ᠪᠠᠭ᠎ᠠ︾ | ᠬᠡᠷᠡᠭᠯᠡᠭᠡᠨ ᠤ ᠡᠷᠬᠡ ᠠᠰᠢᠭ ᠤᠨ ᠬᠠᠮᠠᠭᠠᠯᠠᠯᠲᠠ ᠶᠢ ᠮᠥᠨ ᠬᠦ ᠴᠢᠩᠭᠠᠳᠬᠠᠬᠤ ᠴᠢᠬᠤᠯᠠᠲᠠᠢ ᠪᠠᠶᠢᠨ᠎ᠠ᠃ ᠬᠡᠷᠡᠭᠯᠡᠭᠡᠨ ᠤ | ᠣᠷᠴᠢᠨ ᠲᠣᠭᠤᠷᠢᠨ ᠨᠢ ᠬᠡᠷᠡᠭᠯᠡᠭᠴᠢᠳ ᠤᠨ ᠬᠡᠷᠡᠭᠯᠡᠭᠡᠨ ᠤ ᠬᠦᠰᠡᠯ ᠰᠠᠨᠠᠭ᠎ᠠ ᠲᠠᠢ ᠨᠡᠶᠢᠴᠡᠬᠦ ᠦᠭᠡᠢ᠂ ᠴᠢᠨᠠᠷ | ᠰᠠᠶᠢᠲᠠᠢ ᠬᠥᠭᠵᠢᠯᠲᠡ ᠶᠢᠨ ᠱᠠᠭᠠᠷᠳᠠᠯᠭ᠎ᠠ ᠲᠠᠢ ᠵᠣᠬᠢᠴᠠᠬᠤ ᠦᠭᠡᠢ ᠪᠠᠶᠢᠨ᠎ᠠ᠃ ᠬᠡᠷᠡᠭᠯᠡᠭᠴᠢᠳ ᠤᠨ ᠨᠡᠶᠢᠭᠡᠮᠯᠢᠭ ᠤᠨ | ᠵᠣᠬᠢᠶᠠᠨ ᠪᠠᠶᠢᠭᠤᠯᠤᠯᠲᠠ ᠨᠢ ᠨᠡᠶᠢᠭᠡᠮ ᠤᠨ ᠬᠠᠮᠲᠤ ᠶᠢᠨ ᠵᠠᠰᠠᠯᠲᠠ ᠶᠢᠨ ᠲᠠᠪᠴᠠᠩ ᠤᠨ ᠦᠢᠯᠡᠳᠦᠯ ᠢ ᠪᠠᠳᠠᠷᠠᠭᠤᠯᠵᠤ᠂ | ᠨᠡᠶᠢᠭᠡᠮ ᠤᠨ ᠡᠯ᠎ᠡ ᠲᠠᠯ᠎ᠠ ᠶᠢᠨ ᠬᠦᠴᠦᠨ ᠢ ᠨᠢᠭᠲᠠᠷᠠᠭᠤᠯᠵᠤ ᠬᠡᠷᠡᠭᠯᠡᠭᠴᠢᠳ ᠤᠨ ᠬᠠᠮᠠᠭᠠᠯᠠᠯᠲᠠ ᠶᠢᠨ ᠪᠠᠶᠢᠭᠤᠯᠤᠮᠵᠢ | ᠲᠣᠭᠲᠠᠴᠠ ᠶᠢ ᠲᠡᠭᠦᠯᠳᠡᠷᠵᠢᠭᠦᠯᠬᠦ ᠶᠢ ᠠᠬᠢᠭᠤᠯᠵᠤ᠂ ᠬᠠᠤᠯᠢ ᠲᠣᠭᠲᠠᠭᠠᠬᠤ᠂ ᠵᠠᠰᠠᠭ ᠶᠠᠪᠤᠭᠤᠯᠬᠤ᠂ ᠬᠠᠤᠯᠢ ᠪᠠᠷᠢᠬᠤ | ᠂ ᠨᠡᠶᠢᠭᠡᠮ ᠤᠨ ᠬᠠᠮᠠᠭᠠᠯᠠᠯᠲᠠ ᠵᠢᠴᠢ ᠬᠡᠷᠡᠭᠯᠡᠭᠴᠢᠳ ᠤᠨ ᠥᠪᠡᠷ ᠢ ᠪᠠᠨ ᠬᠠᠮᠠᠭᠠᠯᠠᠬᠤ ᠶᠢ ᠬᠠᠮᠤᠷᠤᠭᠰᠠᠨ | ᠬᠡᠷᠡᠭᠯᠡᠭᠡᠨ ᠤ ᠡᠷᠬᠡ ᠠᠰᠢᠭ ᠢ ᠬᠠᠮᠠᠭᠠᠯᠠᠬᠤ ᠵᠠᠰᠠᠯᠲᠠ ᠶᠢᠨ ᠪᠠᠶᠢᠷᠢᠰᠢᠯ ᠢ ᠪᠠᠶᠢᠭᠤᠯᠤᠨ ᠲᠡᠭᠦᠯᠳᠡᠷᠵᠢᠭᠦᠯᠵᠦ᠂ | ᠲᠦᠷᠦ ᠶᠢᠨ ᠪᠣᠳᠣᠯᠭ᠎ᠠ᠂ ᠳᠦᠷᠢᠮ᠂ ᠬᠠᠤᠯᠢ ᠴᠠᠭᠠᠵᠠ᠂ ᠪᠠᠷᠢᠮᠵᠢᠶ᠎ᠠ᠂ ᠶᠠᠷᠢᠶ᠎ᠠ ᠬᠡᠯᠡᠯᠴᠡᠭᠡ ᠵᠡᠷᠭᠡ ᠤᠯᠠᠨ ᠲᠡᠰ | ᠳᠠᠪᠬᠤᠷᠭ᠎ᠠ᠂ ᠤᠯᠠᠨ ᠬᠦᠷᠢᠶ᠎ᠡ᠂ ᠪᠦᠬᠦ ᠲᠠᠯ᠎ᠠ ᠪᠠᠷ ᠬᠡᠷᠡᠭᠯᠡᠭᠴᠢᠳ ᠤᠨ ᠡᠷᠬᠡ ᠠᠰᠢᠭ ᠤᠨ ᠬᠠᠮᠠᠭᠠᠯᠠᠯᠲᠠ ᠶᠢ | ᠴᠢᠩᠭᠠᠳᠬᠠᠵᠤ᠂ ᠡᠷᠬᠡ ᠪᠠᠨ ᠬᠠᠮᠠᠭᠠᠯᠠᠵᠤ ᠬᠠᠮᠲᠤᠪᠠᠷ ᠪᠠᠶᠢᠭᠤᠯᠬᠤ ᠶᠢ ᠠᠬᠢᠭᠤᠯᠵᠤ᠂ ᠬᠠᠮᠠᠭᠠᠯᠠᠵᠤ ᠬᠠᠮᠲᠤᠪᠠᠷ | ᠬᠠᠷᠢᠭᠤᠴᠠᠬᠤ ᠶᠢ ᠴᠢᠩᠭᠠᠳᠬᠠᠵᠤ᠂ ᠦᠷ᠎ᠡ ᠪᠦᠲᠦᠭᠡᠯ ᠢ ᠬᠠᠮᠲᠤᠪᠠᠷ ᠡᠳ᠋ᠯᠡᠬᠦ ᠶᠢ ᠪᠡᠶᠡᠯᠡᠭᠦᠯᠵᠦ᠂ ᠬᠡᠷᠡᠭᠯᠡᠭᠴᠢᠳ ᠤᠨ | ᠨᠥᠬᠦᠷᠰᠡᠭ ᠬᠡᠯᠪᠡᠷᠢ ᠶᠢᠨ ᠬᠡᠷᠡᠭᠯᠡᠭᠡᠨ ᠤ ᠣᠷᠴᠢᠨ ᠲᠣᠭᠤᠷᠢᠨ ᠢ ᠪᠠᠶᠢᠭᠤᠯᠵᠤ᠂ ᠬᠡᠷᠡᠭᠯᠡᠭᠴᠢᠳ ᠤᠨ ᠬᠦᠷᠲᠡᠮᠵᠢ ᠶᠢᠨ | ᠲᠥᠷᠥᠭᠳᠡᠯ ᠢ ᠳᠡᠭᠡᠭᠰᠢᠯᠡᠭᠦᠯᠵᠦ᠂ ᠬᠡᠷᠡᠭᠯᠡᠭᠡᠨ ᠤ ᠠᠮᠢᠵᠢᠷᠠᠯ ᠤᠨ ᠬᠦᠴᠦᠨ ᠤ ᠣᠷᠭᠢᠯᠤᠨ ᠪᠠᠳᠠᠷᠠᠬᠤ ᠶᠢ ᠠᠬᠢᠭᠤᠯᠵᠤ᠂ | ᠴᠢᠨᠠᠷ ᠰᠠᠶᠢᠲᠠᠢ ᠬᠥᠭᠵᠢᠯᠲᠡ ᠳᠤ ᠪᠠᠲᠤ ᠰᠠᠭᠤᠷᠢ ᠲᠠᠯᠪᠢᠵᠤ ᠥᠭᠭᠦᠨ᠎ᠡ᠃ ᠭᠤᠷᠪᠠ ᠳᠤ᠂ ᠬᠡᠷᠡᠭᠯᠡᠭᠡ ᠶᠢᠨ ᠳᠡᠰ | ᠳᠡᠪᠰᠢᠬᠦ ᠳᠠᠯᠳᠠ ᠬᠦᠴᠦᠨ ᠢ ᠪᠠᠳᠠᠷᠠᠭᠤᠯᠵᠤ᠂ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠵᠤ᠂ ᠬᠡᠷᠡᠭᠯᠡᠭᠴᠢᠳ ᠲᠤ | ᠴᠢᠨᠠᠷ ᠰᠠᠶᠢᠲᠠᠢ ᠬᠡᠷᠡᠭᠯᠡᠭᠡ ᠶᠢ ᠡᠳ᠋ᠯᠡᠭᠦᠯᠦᠨ᠎ᠡ᠃ ᠴᠢᠨᠠᠷ ᠰᠠᠶᠢᠲᠠᠢ ᠬᠥᠭᠵᠢᠯᠲᠡ ᠪᠣᠯ ᠨᠡᠶᠢᠭᠡᠮ ᠵᠢᠷᠤᠮ ᠤᠨ | ᠣᠳᠣᠬᠢᠴᠢᠯᠠᠭᠰᠠᠨ ᠤᠯᠤᠰ ᠢ ᠪᠦᠬᠦ ᠲᠠᠯ᠎ᠠ ᠪᠠᠷ ᠪᠦᠲᠦᠭᠡᠨ ᠪᠠᠶᠢᠭᠤᠯᠬᠤ ᠶᠢᠨ ᠲᠡᠷᠢᠭᠦᠨ ᠴᠢᠬᠤᠯᠠ ᠡᠭᠦᠷᠭᠡ ᠮᠥᠨ᠂ | ᠠᠷᠠᠳ ᠲᠦᠮᠡᠨ ᠤ ᠵᠣᠯ ᠵᠢᠷᠭᠠᠯ ᠠᠮᠤᠷ ᠠᠮᠤᠭᠤᠯᠠᠩ ᠪᠠᠶᠢᠬᠤ ᠪᠣᠯ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ | ᠡᠴᠦᠰ ᠤᠨ ᠬᠠᠷᠠᠯᠲᠠ ᠮᠥᠨ᠃ ᠲᠥᠪ ᠤᠨ ᠠᠵᠤ ᠠᠬᠤᠢ ᠶᠢᠨ ᠠᠵᠢᠯ ᠤᠨ ᠬᠤᠷᠠᠯ ᠠᠴᠠ᠂ ᠳᠠᠯᠳᠠ ᠬᠦᠴᠦᠨ ᠲᠠᠢ | ᠬᠡᠷᠡᠭᠯᠡᠭᠡ ᠶᠢ ᠬᠥᠭᠵᠢᠭᠡᠵᠦ᠂ ᠰᠢᠨ᠎ᠡ ᠬᠡᠯᠪᠡᠷᠢ ᠶᠢᠨ ᠬᠡᠷᠡᠭᠯᠡᠭᠡ ᠶᠢ ᠪᠣᠶᠢᠵᠢᠭᠤᠯᠤᠨ ᠪᠤᠵᠠᠭᠠᠶᠢᠷᠠᠭᠤᠯᠵᠤ᠂ | ᠲᠣᠭᠠᠴᠢᠯᠠᠭᠰᠠᠨ ᠬᠡᠷᠡᠭᠯᠡᠭᠡ᠂ ᠪᠣᠬᠢᠷᠲᠤᠯ ᠦᠭᠡᠢ ᠬᠡᠷᠡᠭᠯᠡᠭᠡ᠂ ᠡᠷᠡᠭᠦᠯ ᠮᠡᠨᠳᠦ ᠶᠢᠨ ᠬᠡᠷᠡᠭᠯᠡᠭᠡ ᠶᠢ ᠶᠡᠬᠡᠪᠡᠷ ᠬᠥᠭᠵᠢᠭᠦᠯᠬᠦ | ᠬᠡᠷᠡᠭᠲᠡᠢ ᠭᠡᠵᠦ ᠵᠢᠭᠠᠵᠤ ᠭᠠᠷᠭᠠᠪᠠ᠃ ᠬᠡᠷᠡᠭᠯᠡᠭᠴᠢᠳ ᠤᠨ ᠨᠡᠶᠢᠭᠡᠮᠯᠢᠭ ᠤᠨ ᠵᠣᠬᠢᠶᠠᠨ ᠪᠠᠶᠢᠭᠤᠯᠤᠯᠲᠠ ᠨᠢ ᠠᠵᠤ | ᠠᠬᠤᠢ ᠶᠢᠨ ᠶᠠᠰᠤ ᠴᠢᠨᠠᠷ ᠢ ᠪᠦᠲᠦᠮᠵᠢᠲᠡᠢ ᠳᠡᠭᠡᠭᠰᠢᠯᠡᠭᠦᠯᠬᠦ ᠶᠢ ᠠᠬᠢᠭᠤᠯᠬᠤ ᠳᠡᠭᠡᠷ᠎ᠡ ᠬᠦᠴᠦ ᠲᠠᠯᠪᠢᠵᠤ᠂ ᠴᠢᠨᠠᠷ | ᠰᠠᠶᠢᠲᠠᠢ ᠬᠠᠩᠭᠠᠯᠭ᠎ᠠ ᠬᠡᠷᠡᠭᠴᠡᠭᠡ ᠶᠢ ᠵᠣᠯᠭᠠᠭᠤᠯᠬᠤ ᠶᠢ ᠠᠬᠢᠭᠤᠯᠵᠤ᠂ ᠬᠡᠷᠡᠭᠯᠡᠭᠡᠨ ᠤ ᠶᠠᠰᠤ ᠴᠢᠨᠠᠷ ᠢ ᠳᠡᠭᠡᠭᠰᠢᠯᠡᠭᠦᠯᠬᠦ | ᠬᠡᠷᠡᠭᠲᠡᠢ᠃ ᠪᠣᠬᠢᠷᠲᠤᠯ ᠦᠭᠡᠢ ᠨᠡᠭᠦᠷᠡᠰᠦᠲᠥ᠋ᠷᠥᠭᠴᠢ ᠪᠠᠭ᠎ᠠ ᠬᠡᠷᠡᠭᠯᠡᠭᠡ ᠶᠢ ᠶᠡᠬᠡᠪᠡᠷ ᠰᠠᠨᠠᠭᠠᠴᠢᠯᠠᠵᠤ᠂ ᠬᠡᠷᠡᠭᠯᠡᠭᠴᠢᠳ ᠢ | ᠬᠠᠪᠰᠤᠷᠤᠨ ᠪᠣᠬᠢᠷᠲᠤᠯ ᠦᠭᠡᠢ ᠬᠡᠷᠡᠭᠯᠡᠭᠡ ᠶᠢᠨ ᠦᠵᠡᠯᠲᠡ ᠶᠢ ᠪᠤᠢ ᠪᠣᠯᠭᠠᠵᠤ᠂ ᠡᠵᠡᠩᠨᠡᠭᠴᠢᠳ ᠤᠨ ᠴᠢᠨᠠᠷ ᠰᠠᠶᠢᠲᠠᠢ | ᠬᠥᠭᠵᠢᠯᠲᠡ ᠶᠢᠨ ᠱᠠᠭᠠᠷᠳᠠᠯᠭ᠎ᠠ ᠳᠤ ᠬᠠᠨᠳᠤᠭᠤᠯᠬᠤ ᠶᠢ ᠠᠬᠢᠭᠤᠯᠵᠤ᠂ ᠨᠡᠩ ᠤᠯᠠᠨ ᠪᠣᠬᠢᠷᠲᠤᠯ ᠦᠭᠡᠢ ᠣᠷᠴᠢᠨ | ᠲᠣᠭᠤᠷᠢᠨ ᠢ ᠬᠠᠮᠠᠭᠠᠯᠠᠬᠤ ᠦᠢᠯᠡᠳᠬᠦᠨ ᠪᠠ ᠦᠢᠯᠡᠴᠢᠯᠡᠭᠡ ᠶᠢ ᠬᠠᠩᠭᠠᠬᠤ ᠬᠡᠷᠡᠭᠲᠡᠢ᠃ ᠬᠡᠷᠡᠭᠯᠡᠭᠡᠨ ᠤ ᠬᠦᠷᠢᠶᠡᠨ ᠤ | ᠰᠢᠨ᠎ᠡ ᠪᠠᠶᠢᠳᠠᠯ᠂ ᠰᠢᠨ᠎ᠡ ᠡᠵᠡᠩᠨᠡᠯᠲᠡ ᠶᠢᠨ ᠬᠡᠯᠪᠡᠷᠢ ᠪᠠᠶᠢᠳᠠᠯ᠂ ᠰᠢᠨ᠎ᠡ ᠵᠠᠭᠪᠤᠷ ᠲᠤ ᠴᠢᠭᠯᠡᠭᠦᠯᠦᠨ᠂ | ᠡᠪᠡᠷᠰᠢᠶᠡᠯ ᠲᠠᠢ ᠭᠠᠵᠠᠷ ᠢ ᠣᠨᠣᠪᠴᠢᠲᠠᠶ ᠡᠷᠢᠨ ᠣᠯᠵᠤ᠂ ᠬᠠᠮᠢᠶ᠎ᠠ ᠪᠦᠬᠦᠢ ᠰᠠᠯᠠᠭ᠎ᠠ ᠮᠥᠴᠢᠷ ᠲᠠᠢ ᠬᠤᠯᠪᠤᠭᠠᠯᠠᠨ | ᠠᠰᠠᠭᠤᠳᠠᠯ ᠢ ᠰᠢᠢᠳᠪᠦᠷᠢᠯᠡᠬᠦ ᠶᠢ ᠲᠦᠯᠬᠢᠨ ᠠᠬᠢᠭᠤᠯᠵᠤ᠂ ᠬᠥᠲᠥᠯᠥᠨ ᠵᠢᠯᠤᠭᠤᠳᠴᠤ ᠵᠢᠷᠤᠮᠵᠢᠭᠤᠯᠬᠤ ᠶᠢ | ᠴᠢᠩᠭᠠᠳᠬᠠᠨ᠂ ᠰᠢᠨ᠎ᠡ ᠬᠡᠯᠪᠡᠷᠢ ᠶᠢᠨ ᠬᠡᠷᠡᠭᠯᠡᠭᠡᠨ ᠤ ᠡᠷᠡᠭᠦᠯ ᠢᠶᠠᠷ ᠬᠥᠭᠵᠢᠬᠦ ᠶᠢ ᠠᠬᠢᠭᠤᠯᠬᠤ ᠬᠡᠷᠡᠭᠲᠡᠢ᠃ | ᠬᠤᠯᠪᠣᠭᠳᠠᠯ ᠪᠦᠬᠦᠢ ᠰᠠᠯᠠᠭ᠎ᠠ ᠮᠥᠴᠢᠷ ᠲᠤ ᠢᠳᠡᠪᠬᠢᠲᠡᠢ ᠪᠠᠷ ᠰᠠᠨᠠᠯ ᠵᠥᠪᠯᠡᠯᠭᠡ ᠳᠤᠷᠠᠳᠤᠨ ᠠᠷᠭ᠎ᠠ ᠤᠬᠠᠭᠠᠨ | ᠭᠠᠷᠭᠠᠵᠤ᠂ ᠬᠡᠷᠡᠭᠯᠡᠭᠴᠢᠳ ᠤᠨ ᠡᠷᠬᠡ ᠠᠰᠢᠭ ᠢ ᠬᠠᠮᠠᠭᠠᠯᠠᠬᠤ ᠬᠠᠤᠯᠢ ᠴᠠᠭᠠᠵᠠ ᠲᠥᠷᠥ ᠶᠢᠨ ᠪᠣᠳᠣᠯᠭ᠎ᠠ ᠶᠢᠨ | ᠣᠷᠴᠢᠨ ᠨᠥᠬᠦᠴᠡᠯ ᠢ ᠲᠠᠰᠤᠷᠠᠯᠲᠠ ᠦᠭᠡᠢ ᠰᠢᠯᠢᠳᠡᠭᠵᠢᠭᠦᠯᠦᠨ᠂ ᠦᠢᠯᠡᠳᠬᠦᠨ ᠤ ᠦᠢᠯᠡᠴᠢᠯᠡᠭᠡ ᠶᠢᠨ ᠶᠠᠰᠤ | ᠴᠢᠨᠠᠷ ᠢ ᠳᠡᠭᠡᠭᠰᠢᠯᠡᠭᠦᠯᠵᠦ ᠲᠠᠰ ᠳᠡᠪᠰᠢᠭᠦᠯᠬᠦ ᠳᠤ ᠠᠰᠢᠭᠲᠠᠢ ᠪᠠᠷᠢᠮᠵᠢᠶ᠎ᠠ ᠶᠢᠨ ᠰᠢᠰᠲ᠋ᠧᠮᠵᠢ ᠶᠢ ᠬᠦᠴᠦᠯᠡᠨ | ᠪᠠᠶᠢᠭᠤᠯᠬᠤ ᠬᠡᠷᠡᠭᠲᠡᠢ᠃ ᠦᠢᠯᠡᠳᠪᠦᠷᠢᠯᠡᠯ ᠡᠵᠡᠩᠨᠡᠭᠴᠢᠳ ᠲᠤ ᠰᠠᠨᠠᠭᠠᠴᠢᠯᠠᠭ᠎ᠠ ᠠᠴᠠ ᠪᠠᠨ ᠬᠡᠷᠡᠭᠯᠡᠭᠴᠢᠳ ᠤᠨ | ᠬᠡᠷᠡᠭᠴᠡᠭᠡ ᠱᠠᠭᠠᠷᠳᠠᠯᠭ᠎ᠠ ᠶᠢ ᠲᠤᠰᠬᠠᠵᠤ᠂ ᠠᠵᠢᠯ ᠲᠦᠷᠦᠯ ᠤᠨ ᠠᠵᠤ ᠠᠬᠤᠶᠢᠯᠠᠯ ᠤᠨ ᠬᠡᠷᠡᠭᠯᠡᠭᠡᠨ ᠤ | ᠣᠶᠢᠯᠠᠭᠠᠯᠲᠠ ᠪᠠᠨ ᠰᠢᠯᠢᠳᠡᠭᠵᠢᠭᠦᠯᠬᠦ ᠳᠤ ᠬᠦᠴᠦ ᠨᠡᠮᠡᠷᠢᠯᠡᠵᠦ᠂ ᠬᠡᠷᠡᠭᠯᠡᠭᠡᠨ ᠤ ᠬᠠᠩᠭᠠᠯᠭ᠎ᠠ ᠶᠢᠨ ᠬᠡᠷᠡᠭᠯᠡᠭᠡᠨ ᠤ | ᠬᠡᠷᠡᠭᠴᠡᠭᠡ ᠱᠠᠭᠠᠷᠳᠠᠯᠭ᠎ᠠ ᠶᠢᠨ ᠲᠣᠬᠢᠷᠠᠯᠴᠠᠬᠤ ᠴᠢᠨᠠᠷ ᠢ ᠳᠡᠭᠡᠭᠰᠢᠯᠡᠭᠦᠯᠵᠦ᠂ ᠴᠢᠨᠠᠷ ᠰᠠᠶᠢᠲᠠᠢ ᠬᠠᠩᠭᠠᠯᠭ᠎ᠠ ᠪᠠᠷ | ᠬᠡᠷᠡᠭᠯᠡᠭᠴᠢᠳ ᠤᠨ ᠡᠳᠦᠷ ᠢᠷᠡᠬᠦᠶ᠎ᠡ ᠲᠡᠰ ᠳᠠᠪᠰᠢᠵᠤ ᠪᠠᠶᠢᠭ᠎ᠠ ᠰᠠᠶᠢᠨ ᠰᠠᠶᠢᠬᠠᠨ ᠠᠮᠢᠳᠤᠷᠠᠯ ᠤᠨ ᠬᠡᠷᠡᠭᠴᠡᠭᠡ | ᠱᠠᠭᠠᠷᠳᠠᠯᠭ᠎ᠠ ᠶᠢ ᠬᠠᠩᠭᠠᠵᠤ᠂ ᠠᠷᠠᠳ ᠤᠯᠠᠨ ᠤ ᠬᠦᠷᠲᠡᠮᠵᠢ ᠶᠢᠨ ᠲᠥᠷᠥᠭᠳᠡᠯ᠂ ᠵᠢᠷᠭᠠᠯᠲᠤ ᠲᠥᠷᠥᠭᠳᠡᠯ᠂ ᠠᠮᠤᠷ | ᠲᠦᠪᠰᠢᠨ ᠤ ᠲᠥᠷᠥᠭᠳᠡᠯ ᠢ ᠲᠠᠰᠤᠷᠠᠯᠲᠠ ᠦᠭᠡᠢ ᠨᠡᠮᠡᠭᠳᠡᠭᠦᠯᠬᠦ ᠬᠡᠷᠡᠭᠲᠡᠢ᠃ | ᠬᠥᠲᠥᠯᠥᠭᠴᠢ ᠄ | ᠰᠠᠶ᠋ᠢᠬᠠᠨ︽ᠬᠡᠷᠡᠭᠯᠡᠭᠡᠨ ᠤ ᠠᠮᠢᠵᠢᠷᠠᠯ ᠤᠨ ᠬᠦᠴᠦᠨ ᠢ ᠬᠥᠭᠵᠢᠭᠡᠶ᠎ᠡ︾ᠭᠡᠬᠦ ᠭᠤᠣᠯ ᠰᠡᠳᠦᠪ ᠢ ᠳᠤᠷᠠᠳᠤᠭᠰᠠᠨ | ᠪᠠᠶᠢᠨ᠎ᠠ᠃ ᠪᠢᠳᠡᠨ ᠤ ᠮᠡᠳᠡᠭᠡᠵᠢ ᠪᠠᠷ᠂ ᠣᠶᠢᠷ᠎ᠠ ᠶᠢᠨ ᠵᠢᠯ ᠤᠳ ᠲᠤ᠂ ᠬᠡᠷᠡᠭᠯᠡᠭᠴᠢᠳ ᠤᠨ ᠡᠷᠬᠡ ᠪᠠᠨ ᠬᠠᠮᠠᠭᠠᠯᠠᠬᠤ | ᠤᠬᠠᠮᠰᠠᠷ ᠳᠡᠭᠡᠭᠰᠢᠯᠡᠬᠦ ᠶᠢ ᠳᠠᠭᠠᠯᠳᠤᠨ᠂ ᠬᠡᠷᠡᠭᠯᠡᠭᠡᠨ ᠤ ᠵᠢᠭᠤᠷᠠᠯᠳᠤᠭᠠᠨ ᠳᠤ ᠤᠴᠠᠷᠠᠬᠤ ᠦᠶ᠎ᠡ ᠳᠤ ᠴᠥᠮ ᠮᠠᠨ ᠤ | ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠠᠴᠠ ᠲᠤᠰᠠᠯᠠᠮᠵᠢ ᠭᠤᠶᠤᠳᠠᠭ ᠪᠠᠶᠢᠨ᠎ᠠ᠃ | ᠲᠡᠭᠡᠪᠡᠯ᠂ ᠪᠢᠳᠡ ᠬᠡᠷᠡᠭᠯᠡᠭᠡᠨ ᠤ ᠲᠠᠯ᠎ᠠ ᠶᠢᠨ ᠵᠠᠭᠤᠷᠠᠯᠳᠤᠭᠠᠨ ᠳᠤ ᠲᠣᠬᠢᠶᠠᠯᠳᠤᠪᠠᠯ ᠶᠠᠮᠠᠷ ᠬᠡᠯᠪᠡᠷᠢ ᠪᠠᠷ ᠭᠤᠮᠣᠳᠠᠯ | ᠲᠣᠭᠠᠴᠢᠵᠤ ᠪᠣᠯᠬᠤ ᠪᠤᠶ᠃ | ᠬᠤᠲᠠ ᠶᠢᠨ ᠬᠡᠷᠡᠭᠯᠡᠭᠴᠢᠳ ᠤᠨ ᠡᠷᠬᠡ ᠠᠰᠢᠭ ᠢ ᠬᠠᠮᠠᠭᠠᠯᠠᠬᠤ ᠦᠢᠯᠡᠴᠢᠯᠡᠭᠡᠨ ᠤ ᠲᠥᠪ ᠤᠨ ᠡᠷᠬᠢᠯᠡᠭᠴᠢ | ᠹᠧᠩ ᠰᠦ ᠵᠧᠨ ᠄ | ᠪᠢᠳᠡ ᠣᠳᠣᠬᠠᠨ ᠳᠤ ᠭᠤᠣᠯᠳᠠᠭᠤ ᠳᠣᠣᠷᠠᠬᠢ ᠬᠡᠳᠦᠨ ᠵᠦᠢᠯ ᠤᠨ ᠠᠷᠭ᠎ᠠ ᠮᠠᠶ᠋ᠢᠭ ᠢᠶᠠᠷ ᠳᠠᠮᠵᠢᠭᠤᠯᠤᠨ | ᠬᠡᠷᠡᠭᠯᠡᠭᠡᠨ ᠤ ᠵᠠᠭᠠᠯᠳᠤᠯᠭ᠎ᠠ ᠪᠠ ᠢᠯᠡᠴᠢᠯᠡᠨ ᠮᠡᠳᠡᠭᠦᠯᠦᠯᠲᠡ ᠶᠢ ᠭᠥᠯᠢᠶᠡᠨ ᠠᠪᠴᠤ ᠰᠢᠢᠳᠪᠦᠷᠢᠯᠡᠨ᠎ᠡ᠄ ᠨᠢᠭᠡ ᠳᠤ | 12315 ᠲᠠᠪᠴᠠᠩ᠂ ᠭᠤᠣᠯᠳᠠᠭᠤ ᠳ᠋ᠢᠶᠠᠩᠬᠤᠸᠠ ᠵᠠᠯᠭᠠᠯᠲᠠ ᠶᠢᠨ ᠭᠥᠯᠢᠶᠡᠨ ᠠᠪᠤᠯᠲᠠ ᠪᠣᠯᠣᠨ᠎ᠠ᠂ ᠡᠨᠡ ᠨᠢ | ᠨᠢᠳᠤᠨᠤᠨ ᠤ ᠭᠥᠯᠢᠶᠡᠨ ᠠᠪᠤᠭᠰᠠᠨ ᠪᠠᠶᠢᠭᠠᠯᠢ ᠲᠧᠭᠨᠢᠭ ᠤᠨ ᠤᠬᠠᠭᠠᠨ ᠤ ᠬᠠᠭᠤᠳᠠᠰᠤ ᠶᠢᠨ ᠳᠣᠲᠣᠷ᠎ᠠ 69. | 16% ᠶᠢ ᠡᠵᠡᠯᠡᠵᠦ᠂ ᠬᠡᠷᠡᠭᠯᠡᠭᠡᠨ ᠤ ᠡᠷᠬᠡ ᠪᠠᠨ ᠬᠠᠮᠠᠭᠠᠯᠠᠬᠤ ᠠᠷᠭ᠎ᠠ ᠵᠠᠮ ᠤᠨ ᠳᠣᠲᠣᠷ᠎ᠠ ᠨᠡᠯᠢᠶᠡᠳ ᠶᠡᠭᠡ | ᠡᠵᠡᠯᠡᠵᠦ ᠪᠠᠶᠢᠨ᠎ᠠ᠃ ᠬᠤᠶᠠᠷ ᠲᠤ ᠪᠥᠬᠦ ᠤᠯᠤᠰ ᠤᠨ 12315 ᠢᠨᠲ᠋ᠧᠷ ᠰᠦᠯᠵᠢᠶᠡᠨ ᠤ ᠲᠠᠪᠴᠠᠩ ᠪᠣᠯᠣᠨ᠎ᠠ᠂ | ᠪᠥᠬᠦ ᠤᠯᠤᠰ ᠤᠨ ᠬᠡᠷᠡᠭᠯᠡᠭᠴᠢᠳ ᠤᠨ ᠺᠣᠮᠫᠢᠦ᠋ᠲ᠋ᠧᠷ᠂ ᠭᠠᠷ ᠤᠲᠠᠰᠤᠨ ᠤ APP᠂ ᠸᠢᠴᠠᠲ ᠤᠨ ᠵᠢᠵᠢᠭ ᠫᠷᠣᠭ᠍ᠷᠠᠮ | ᠪᠠ ᠨᠡᠶᠢᠲᠡ ᠶᠢᠨ ᠳ᠋ᠤᠭᠠᠷ᠂ ᠲᠣᠭᠠᠴᠠᠭ᠎ᠠ ᠡᠷᠳᠡᠨᠢ ᠶᠢᠨ ᠵᠢᠵᠢᠭ ᠫᠷᠣᠭ᠍ᠷᠠᠮ ᠪᠠ ᠬᠤᠲᠠ ᠶᠢᠨ ᠦᠢᠯᠡᠴᠢᠯᠡᠭᠡ ᠵᠡᠷᠭᠡ ᠪᠠᠷ | ᠳᠡᠮᠵᠢᠵᠦ᠂ 29.61% ᠶᠢ ᠡᠵᠡᠯᠡᠵᠦ ᠪᠣᠶ᠃ ᠭᠤᠷᠪᠠ ᠳᠤ ᠰᠢᠤᠳᠠᠨ ᠤ ᠬᠠᠶᠢᠷᠴᠠᠭ᠂ ᠢᠷᠡᠭᠦᠯᠦᠭᠰᠡᠨ ᠵᠠᠬᠢᠳᠠᠯ᠂ | ᠪᠤᠰᠤᠳ ᠰᠠᠯᠠᠭ᠎ᠠ ᠮᠥᠴᠢᠷ ᠤᠨ ᠰᠢᠯᠵᠢᠭᠦᠯᠦᠨ ᠰᠢᠢᠳᠪᠦᠷᠢᠯᠡᠭᠦᠯᠬᠦ ᠵᠡᠷᠭᠡ ᠪᠣᠯᠣᠨ᠎ᠠ᠂ ᠡᠨᠡ ᠨᠢ 1.23% ᠶᠢ | ᠡᠵᠡᠯᠡᠵᠦ ᠪᠠᠶᠢᠨ᠎ᠠ᠃ | ᠬᠥᠲᠥᠯᠥᠭᠴᠢ᠄ | ᠮᠠᠨ ᠤ ᠠᠷᠠᠳ ᠲᠦᠮᠡᠨ ᠡᠳᠦᠷ ᠲᠤᠲᠤᠮ ᠤᠨ ᠠᠮᠢᠳᠤᠷᠠᠯ ᠳᠤᠮᠳᠠ ᠪᠠᠨ ᠦᠷᠭᠦᠯᠵᠢ ︽ᠬᠡᠷᠡᠭᠯᠡᠭᠡᠨ ᠤ | ᠵᠢᠭᠤᠷᠠᠯᠳᠤᠭᠠᠨ ᠲᠣᠬᠢᠶᠠᠯᠳᠤᠪᠠᠯ᠂ ᠤᠷᠢᠳ ᠢᠶᠠᠷ 12315 ᠶᠢ ᠡᠷᠢᠨ᠎ᠡ︾ ᠭᠡᠵᠦ ᠶᠠᠷᠢᠳᠠᠭ᠃ ᠡᠨᠡ ᠨᠢ ᠪᠠᠰᠠ | 12315 ᠲᠠᠪᠴᠠᠩ ᠤᠨ ᠠᠷᠠᠳ ᠣᠯᠠᠨ ᠤ ᠰᠡᠳᠬᠢᠯ ᠳᠠᠬᠢ ᠴᠢᠬᠤᠯᠠ ᠴᠢᠨᠠᠷ ᠢ ᠬᠠᠵᠠᠭᠤ ᠠᠴᠠ ᠬᠠᠷᠠᠭᠤᠯᠵᠤ | ᠪᠠᠶᠢᠭ᠎ᠠ ᠶᠤᠮ᠂ ᠨᠢᠳᠤᠨᠤᠨ ᠤ 12315 ᠲᠠᠪᠴᠠᠩ ᠢ ᠭᠥᠯᠢᠶᠡᠨ ᠠᠪᠴᠤ ᠰᠢᠢᠳᠪᠦᠷᠢᠯᠡᠭᠰᠡᠨ ᠪᠠᠶᠢᠳᠠᠯ ᠢ | ᠪᠢᠳᠡᠨ ᠳᠤ ᠶᠠᠷᠢᠭᠠᠳ ᠥᠭᠭᠦᠨ᠎ᠡ ᠦᠦ︖ | ᠬᠤᠲᠠ ᠶᠢᠨ ᠬᠡᠷᠡᠭᠯᠡᠭᠴᠢᠳ ᠤᠨ ᠡᠷᠬᠡ ᠠᠰᠢᠭ ᠢ ᠬᠠᠮᠠᠭᠠᠯᠠᠬᠤ ᠦᠢᠯᠡᠴᠢᠯᠡᠭᠡᠨ ᠤ ᠲᠥᠪ ᠤᠨ ᠡᠷᠬᠢᠯᠡᠭᠴᠢ | ᠹᠧᠩ ᠰᠦ ᠵᠧᠨ ᠄ | 2023 ᠣᠨ ᠳᠤ ᠬᠥᠬᠡᠬᠤᠲᠠ ᠶᠢᠨ ᠪᠥᠬᠦ ᠤᠯᠤᠰ ᠤᠨ 12315 ᠲᠠᠪᠴᠠᠩ ᠳᠤ ᠡᠯ᠎ᠡ ᠲᠥᠷᠥᠯ ᠤᠨ | ᠵᠠᠭᠠᠯᠳᠤᠯᠭ᠎ᠠ ᠢᠯᠡᠴᠢᠯᠡᠨ ᠮᠡᠳᠡᠭᠦᠯᠦᠯᠲᠡ ᠶᠢᠨ ᠯᠠᠪᠯᠠᠯᠭ᠎ᠠ ᠶᠢ ᠨᠡᠶᠢᠲᠡ 60152 ᠬᠤᠪᠢ ᠭᠥᠯᠢᠶᠡᠨ ᠠᠪᠴᠤ᠂ | 2022 ᠣᠨ ᠤ ᠬᠢ ᠠᠴᠠ 29.81% ᠪᠠᠷ ᠨᠡᠮᠡᠭᠳᠡᠵᠡᠢ᠃ ᠡᠭᠦᠨ ᠳᠤ ᠵᠠᠭᠠᠯᠳᠤᠯᠭ᠎ᠠ ᠶᠢ ᠬᠦᠯᠢᠶᠡᠨ ᠠᠪᠴᠤ | ᠰᠢᠢᠳᠪᠦᠷᠢᠯᠡᠭᠰᠡᠨ ᠬᠡᠮᠵᠢᠶ᠎ᠡ ᠪᠠᠷ ᠨᠡᠯᠢᠶᠡᠳ ᠶᠡᠭᠡ ᠠᠰᠠᠭᠤᠳᠠᠯ ᠨᠢ ᠭᠤᠣᠯᠳᠠᠭᠤ᠄ ᠢᠳᠡᠭᠡᠨ ᠤ ᠠᠮᠤᠷ ᠲᠦᠪᠰᠢᠨ᠂ | ᠶᠠᠰᠤ ᠴᠢᠨᠠᠷ᠂ ᠭᠡᠷ᠎ᠡ᠂ ᠬᠤᠳᠠᠯᠳᠤᠭᠰᠠᠨ ᠤ ᠳᠠᠷᠠᠭᠠᠬᠢ ᠦᠢᠯᠡᠴᠢᠯᠡᠭᠡ᠂ ᠦᠨ᠎ᠡ ᠬᠠᠩᠰᠢ᠂ ᠵᠦᠢ ᠪᠤᠰᠤ | ᠥᠷᠢᠰᠦᠯᠳᠦᠭᠡᠨ ᠵᠡᠷᠭᠡ ᠪᠣᠯᠣᠨ᠎ᠠ᠃ ᠲᠠᠸᠠᠷ ᠤᠨ ᠲᠥᠷᠥᠯ ᠤᠨ ᠵᠠᠭᠠᠯᠳᠤᠯᠭ᠎ᠠ ᠶᠢ ᠬᠦᠯᠢᠶᠡᠨ ᠠᠪᠴᠤ | ᠰᠢᠢᠳᠪᠦᠷᠢᠯᠡᠭᠰᠡᠨ ᠬᠡᠮᠵᠢᠶ᠎ᠡ ᠪᠠᠷ ᠨᠡᠯᠢᠶᠡᠳ ᠶᠡᠭᠡ ᠨᠢ ᠭᠤᠣᠯᠳᠠᠭᠤ᠄ ᠡᠩ ᠤᠨ ᠢᠳᠡᠭᠡᠨ᠂ ᠬᠤᠪᠴᠠᠰᠤ ᠬᠤᠨᠠᠷ | ᠱᠠᠬᠠᠢ ᠮᠠᠯᠠᠭᠠᠢ᠂ ᠵᠠᠮ ᠬᠠᠷᠢᠯᠴᠠᠭᠠᠨ ᠤ ᠪᠠᠭᠠᠵᠢ᠂ ᠭᠡᠷ ᠤᠨ ᠡᠳ᠋ᠯᠡᠯ ᠬᠡᠷᠡᠭᠰᠡᠯ᠂ ᠴᠢᠮᠡᠭᠡ ᠨᠡᠪᠲᠡᠷᠡᠯᠭᠡ ᠶᠢᠨ | ᠦᠢᠯᠡᠳᠬᠦᠨ᠂ ᠭᠡᠷ ᠤᠨ ᠴᠠᠬᠢᠯᠭᠠᠨ ᠬᠡᠷᠡᠭᠰᠡᠯ ᠵᠡᠷᠭᠡ ᠪᠣᠯᠣᠨ᠎ᠠ᠃ ᠦᠢᠯᠡᠴᠢᠯᠡᠭᠡᠨ ᠤ ᠲᠥᠷᠥᠯ ᠤᠨ ᠵᠠᠭᠠᠯᠳᠤᠯᠭ᠎ᠠ ᠶᠢ | ᠭᠥᠯᠢᠶᠡᠨ ᠠᠪᠴᠤ ᠰᠢᠢᠳᠪᠦᠷᠢᠯᠡᠭᠰᠡᠨ ᠬᠡᠮᠵᠢᠶ᠎ᠡ ᠪᠠᠷ ᠨᠡᠯᠢᠶᠡᠳ ᠶᠡᠭᠡ ᠨᠢ ᠭᠤᠣᠯᠳᠠᠭᠤ᠄ ᠪᠣᠷᠤᠯᠠᠭᠤᠯᠭ᠎ᠠ ᠶᠢᠨ | ᠦᠢᠯᠡᠴᠢᠯᠡᠭᠡ᠂ ᠬᠤᠭᠤᠯᠠ ᠤᠮᠳᠠ ᠬᠤᠨᠤᠭ ᠤᠨ ᠦᠢᠯᠡᠴᠢᠯᠡᠭᠡ᠂ ᠰᠤᠷᠭᠠᠨ ᠬᠥᠮᠦᠵᠢᠯ ᠪᠣᠯᠪᠠᠰᠤᠷᠠᠭᠤᠯᠤᠯ ᠤᠨ | ᠦᠢᠯᠡᠴᠢᠯᠡᠭᠡ᠂ ᠰᠣᠶᠣᠯ ᠴᠡᠩᠭᠡᠯ ᠪᠡᠶ᠎ᠡ ᠲᠠᠮᠢᠷ ᠤᠨ ᠦᠢᠯᠡᠴᠢᠯᠡᠭᠡ᠂ ᠵᠢᠰᠦ ᠭᠤᠶᠣᠯᠠᠵᠤ ᠦᠰᠦ ᠵᠠᠰᠠᠬᠤ | ᠤᠬᠢᠶᠠᠯᠭ᠎ᠠ ᠶᠢᠨ ᠦᠢᠯᠡᠴᠢᠯᠡᠭᠡ ᠵᠡᠷᠭᠡ ᠪᠣᠯᠣᠨ᠎ᠠ᠃ ᠢᠯᠡᠴᠢᠯᠡᠨ ᠮᠡᠳᠡᠭᠦᠯᠦᠭᠰᠡᠨ ᠬᠡᠮᠵᠢᠶ᠎ᠡ ᠪᠠᠷ ᠨᠡᠯᠢᠶᠡᠳ ᠶᠡᠭᠡ | ᠪᠠᠶᠢᠬᠤ ᠠᠰᠠᠭᠤᠳᠠᠯ ᠳᠤ ᠭᠤᠣᠯᠳᠠᠭᠤ᠄ ᠢᠳᠡᠭᠡᠨ ᠤ ᠠᠮᠤᠷ ᠲᠦᠪᠰᠢᠨ᠂ ᠬᠡᠷᠡᠭᠯᠡᠭᠴᠢᠳ ᠤᠨ ᠡᠷᠬᠡ ᠠᠰᠢᠭ ᠲᠤ | ᠬᠠᠯᠳᠠᠭᠰᠠᠨ᠂ ᠵᠠᠷ ᠤᠨ ᠬᠠᠤᠯᠢ ᠠᠴᠠ ᠵᠥᠷᠢᠴᠡᠭᠰᠡᠨ᠂ ᠦᠨ᠎ᠡ ᠬᠠᠩᠰᠢ ᠶᠢᠨ ᠬᠠᠤᠯᠢ ᠠᠴᠠ ᠵᠥᠷᠢᠴᠡᠭᠰᠡᠨ᠂ ᠵᠦᠢ ᠪᠤᠰᠤ | ᠥᠷᠢᠰᠦᠯᠳᠦᠭᠡᠨ᠂ ᠦᠢᠯᠡᠳᠬᠦᠨ ᠤ ᠶᠠᠰᠤ ᠴᠢᠨᠠᠷ ᠵᠡᠷᠭᠡ ᠲᠠᠯ᠎ᠠ ᠶᠢᠨ ᠠᠰᠠᠭᠤᠳᠠᠯ ᠪᠤᠢ᠃ 12315 ᠲᠠᠪᠴᠠᠩ ᠢᠶᠠᠷ | ᠲᠠᠮᠵᠢᠨ᠂ 2023 ᠣᠨ ᠳᠤ ᠪᠢᠳᠡ ᠬᠡᠷᠡᠭᠯᠡᠭᠴᠢᠳ ᠲᠤ ᠨᠡᠶᠢᠳᠡ 1465 ᠭᠠᠷᠤᠢ ᠲᠦᠮᠡᠨ ᠲᠥᠭᠦᠷᠢᠭ ᠤᠨ ᠠᠵᠤ | ᠠᠬᠤᠢ ᠶᠢᠨ ᠬᠤᠬᠢᠷᠠᠯ ᠢ ᠡᠭᠡᠭᠦᠯᠦᠨ ᠠᠪᠴᠢᠷᠠᠪᠠ᠃ ᠲᠤᠭ᠎ᠠ ᠪᠠᠷᠢᠮᠲᠠ ᠶᠢᠨ ᠵᠠᠳᠠᠯᠤᠯᠲᠠ ᠪᠠᠷ ᠳᠡᠮᠵᠢᠨ᠂ ᠬᠤᠲᠠ | ᠪᠠᠯᠭᠠᠰᠤᠨ ᠤ ᠰᠠᠭᠤᠭᠠᠯᠢ ᠠᠷᠠᠳ ᠪᠣᠯ ᠬᠡᠷᠡᠭᠯᠡᠭᠡᠨ ᠤ ᠵᠠᠭᠠᠯᠳᠤᠯᠭ᠎ᠠ ᠶᠢᠨ ᠭᠤᠣᠯ ᠬᠠᠮᠲᠤᠯᠢᠭ ᠮᠥᠨ᠂ ᠡᠨᠡ ᠨᠢ | ᠬᠡᠷᠡᠭᠯᠡᠭᠡᠨ ᠤ ᠵᠠᠭᠠᠯᠳᠤᠯᠭ᠎ᠠ ᠶᠢᠨ 96.43% ᠶᠢ ᠡᠵᠡᠯᠡᠵᠦ ᠪᠣᠶ ᠃ ᠵᠠᠭᠠᠯᠳᠤᠯᠭ᠎ᠠ ᠶᠢᠨ ᠠᠵᠢᠯ ᠤᠨ | ᠬᠠᠭᠤᠳᠠᠰᠤᠨ ᠳᠤ 18 65 ᠨᠠᠰᠤᠨ ᠤ ᠬᠡᠷᠡᠭᠯᠡᠭᠴᠢᠳ ᠤᠨ ᠡᠵᠡᠯᠡᠬᠦ ᠬᠠᠷᠢᠴᠠᠯ 93.96% ᠪᠠᠶᠢᠵᠤ᠂ | ᠬᠡᠷᠡᠭᠯᠡᠭᠡᠨ ᠤ ᠭᠤᠣᠯ ᠨᠠᠰᠤᠨ ᠤ ᠱᠠᠲᠤ ᠪᠣᠯᠣᠨ᠎ᠠ᠃ ᠪᠣᠳᠠᠲᠤ ᠳᠡᠯᠭᠡᠭᠦᠷ ᠫᠦᠰᠡ ᠶᠢᠨ ᠬᠡᠷᠡᠭᠯᠡᠭᠡ ᠶᠢᠨ ᠲᠤᠬᠠᠢ | ᠵᠠᠭᠠᠯᠳᠤᠯᠭ᠎ᠠ 73.88% ᠶᠢ ᠡᠵᠡᠯᠡᠵᠦ᠂ ᠠᠯᠤᠰ ᠵᠠᠢ ᠶᠢᠨ ᠪᠣᠷᠤᠯᠠᠭᠤᠯᠭ᠎ᠠ ︵ᠰᠦᠯᠵᠢᠶᠡᠨ ᠤ ᠪᠣᠷᠤᠯᠠᠭᠤᠯᠭ᠎ᠠ᠂ | ᠳ᠋ᠢᠶᠠᠩᠬᠤᠸᠠ ᠶᠢᠨ ᠪᠣᠷᠤᠯᠠᠭᠤᠯᠭ᠎ᠠ ᠵᠡᠷᠭᠡ︶ ᠶᠢᠨ ᠬᠡᠷᠡᠭᠯᠡᠭᠡ ᠶᠢᠨ ᠲᠤᠬᠠᠢ ᠵᠠᠭᠠᠯᠳᠤᠯᠭ᠎ᠠ 26.12% ᠢ | ᠡᠵᠡᠯᠡᠵᠦ ᠪᠠᠶᠢᠨ᠎ᠠ᠃ | ᠬᠥᠲᠥᠯᠥᠭᠴᠢ᠄ | ᠪᠢᠳᠡ ᠪᠠᠰᠠ ᠨᠢᠳᠤᠨᠤᠨ ᠮᠠᠨ ᠤ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ | ᠰᠠᠨᠠᠭ᠎ᠠ ᠠᠮᠤᠷ ᠬᠡᠷᠡᠭᠯᠡᠭᠡᠨ ᠤ ᠵᠢᠱᠢᠶ᠎ᠡ ᠦᠵᠡᠭᠦᠯᠬᠦ ᠵᠡᠭᠡᠯᠢ ᠲᠣᠭᠤᠷᠢᠭ ︵ᠬᠤᠳᠠᠯᠳᠤᠭᠠᠨ ᠤ ᠲᠣᠭᠤᠷᠢᠭ︶ ᠢ | ᠡᠭᠦᠳᠦᠨ ᠪᠠᠶᠢᠭᠤᠯᠬᠤ ᠠᠵᠢᠯ ᠥᠷᠨᠢᠭᠦᠯᠦᠭᠰᠡᠨ ᠢ ᠠᠩᠬᠠᠷᠴᠤ ᠣᠯᠵᠠᠢ᠂ ᠲᠣᠰ ᠠᠵᠢᠯ ᠢ ᠥᠷᠨᠢᠭᠦᠯᠦᠭᠰᠡᠨ | ᠪᠠᠶᠢᠳᠠᠯ ᠢ ᠲᠠᠨᠢᠯᠴᠠᠭᠤᠯᠤᠭᠠᠷᠠᠢ᠃ | ᠬᠤᠲᠠ ᠶᠢᠨ ᠬᠡᠷᠡᠭᠯᠡᠭᠴᠢᠳ ᠤᠨ ᠡᠷᠬᠡ ᠠᠰᠢᠭ ᠢ ᠬᠠᠮᠠᠭᠠᠯᠠᠬᠤ ᠦᠢᠯᠡᠴᠢᠯᠡᠭᠡᠨ ᠤ ᠲᠥᠪ ᠤᠨ ᠡᠷᠬᠢᠯᠡᠭᠴᠢ | ᠹᠧᠩ ᠰᠦ ᠵᠧᠨ᠄ | ᠰᠠᠨᠠᠭ᠎ᠠ ᠠᠮᠤᠷ ᠬᠡᠷᠡᠭᠯᠡᠭᠡ ᠶᠢᠨ ᠵᠢᠱᠢᠶ᠎ᠡ ᠦᠵᠡᠭᠦᠯᠬᠦ ᠵᠡᠭᠡᠯᠢ ᠲᠣᠭᠤᠷᠢᠭ ︵ᠬᠤᠳᠠᠯᠳᠤᠭᠠᠨ ᠤ ᠲᠣᠭᠤᠷᠢᠭ︶ ᠢ | ᠡᠭᠦᠳᠦᠨ ᠪᠠᠶᠢᠭᠤᠯᠬᠤ ᠪᠣᠯ 2023 ᠣᠨ ᠤ ᠥᠪᠡᠷᠲᠡᠭᠡᠨ ᠵᠠᠰᠠᠬᠤ ᠣᠷᠣᠨ ᠤ ᠵᠠᠬ᠎ᠠ ᠳᠡᠯᠭᠡᠭᠦᠷ ᠤᠨ ᠬᠢᠨᠠᠯᠲᠠ | ᠬᠠᠮᠢᠶᠠᠷᠤᠯᠲᠠ ᠶᠢᠨ ᠲᠣᠪᠴᠢᠶ᠎ᠠ᠂ ᠥᠪᠡᠷᠲᠡᠭᠡᠨ ᠵᠠᠰᠠᠬᠤ ᠣᠷᠣᠨ ᠤ ᠬᠡᠷᠡᠭᠯᠡᠭᠴᠢᠳ ᠤᠨ ᠨᠡᠶᠢᠭᠡᠮᠯᠢᠭ ᠤᠨ | ᠲᠣᠬᠢᠷᠠᠭᠤᠯᠤᠨ ᠪᠠᠶᠢᠷᠢᠯᠠᠭᠤᠯᠤᠭᠰᠠᠨ ᠨᠢᠭᠡ ᠵᠦᠢᠯ ᠤᠨ ᠭᠤᠣᠯᠳᠠᠯᠭ᠎ᠠ ᠲᠠᠢ ᠠᠵᠢᠯ ᠪᠣᠯᠣᠨ᠎ᠠ᠂ ᠲᠡᠭᠦᠨ ᠤ ᠬᠠᠷᠠᠯᠲᠠ | ᠪᠣᠯ ᠡᠵᠡᠩᠨᠡᠭᠴᠢᠳ ᠤᠨ ᠦᠨᠡᠨᠴᠢ ᠢᠲᠡᠭᠡᠮᠵᠢᠲᠡᠢ ᠪᠥᠭᠡᠳ ᠬᠠᠤᠯᠢ ᠶᠢ ᠰᠠᠬᠢᠬᠤ ᠦᠵᠡᠯ ᠤᠬᠠᠮᠰᠠᠷ ᠢ ᠨᠡᠶᠢᠳᠡᠮ | ᠳᠡᠭᠡᠭᠰᠢᠯᠡᠭᠦᠯᠵᠦ᠂ ᠲᠠᠸᠠᠷ ᠪᠠ ᠦᠢᠯᠡᠴᠢᠯᠡᠭᠡᠨ ᠤ ᠶᠠᠰᠤ ᠴᠢᠨᠠᠷ ᠢ ᠳᠡᠭᠡᠭᠰᠢᠯᠡᠭᠦᠯᠦᠨ᠂ ᠬᠡᠷᠡᠭᠯᠡᠭᠴᠢᠳ ᠤᠨ | ᠵᠠᠭᠠᠯᠳᠤᠵᠤ ᠢᠯᠡᠴᠢᠯᠡᠨ ᠮᠡᠳᠡᠭᠦᠯᠬᠦ ᠠᠷᠭ᠎ᠠ ᠵᠠᠮ ᠢ ᠰᠠᠭᠠᠳ ᠦᠭᠡᠢ ᠨᠠᠪᠲᠠᠷᠡᠭᠦᠯᠵᠦ᠂ ᠬᠡᠷᠡᠭᠯᠡᠭᠡ ᠶᠢᠨ | ᠵᠢᠭᠤᠷᠠᠯᠳᠤᠭᠠᠨ ᠢ ᠰᠢᠢᠳᠪᠦᠷᠢᠯᠡᠬᠦ ᠲᠣᠭᠲᠠᠴᠠ ᠶᠢ ᠲᠡᠭᠦᠯᠳᠡᠷᠵᠢᠭᠦᠯᠦᠨ᠎ᠡ᠃ ᠡᠭᠦᠳᠦᠨ ᠪᠠᠶᠢᠭᠤᠯᠬᠤ ᠠᠵᠢᠯᠯᠠᠭ᠎ᠠ ᠪᠠᠷ | ᠳᠠᠮᠵᠢᠭᠤᠯᠤᠨ᠂ ᠥᠷᠢᠰᠦᠯᠳᠦᠬᠦ ᠬᠦᠴᠦᠨ ᠢᠶᠠᠷ ᠴᠢᠩᠭ᠎ᠠ᠂ ᠵᠠᠬ᠎ᠠ ᠳᠡᠯᠭᠡᠭᠦᠷ ᠤᠨ ᠢᠲᠡᠭᠡᠯ ᠬᠦᠨᠳᠦ ᠪᠠᠷ ᠰᠠᠶᠢᠨ | ᠬᠥᠬᠡᠬᠤᠲᠠ ᠶᠢᠨ ᠬᠡᠷᠡᠭᠯᠡᠭᠡᠨ ᠤ ᠨᠠᠷᠠᠲᠤ ᠲᠥᠷᠥᠯ ᠲᠡᠮᠳᠡᠭᠲᠦ ᠶᠢ ᠢᠳᠡᠪᠬᠢᠲᠡᠢ ᠪᠠᠷ ᠪᠣᠶ ᠪᠣᠯᠭᠠᠵᠤ᠂ ᠰᠠᠨᠠᠭ᠎ᠠ ᠠᠮᠤᠷ | ᠬᠡᠷᠡᠭᠯᠡᠭᠡᠨ ᠤ ᠵᠢᠱᠢᠶ᠎ᠡ ᠦᠵᠡᠭᠦᠯᠬᠦ ᠵᠡᠭᠡᠯᠢ ᠲᠣᠭᠤᠷᠢᠭ ︵ᠬᠤᠳᠠᠯᠳᠤᠭᠠᠨ ᠤ ᠲᠣᠭᠤᠷᠢᠭ︶ ᠲᠤ ᠲᠦᠰᠢᠭᠯᠡᠨ᠂ | ᠬᠥᠲᠥᠯᠥᠨ ᠳᠠᠭᠠᠭᠤᠯᠵᠤ ᠵᠢᠱᠢᠶ᠎ᠡ ᠦᠵᠡᠭᠦᠯᠬᠦ ᠦᠢᠯᠡᠳᠦᠯ ᠦᠵᠡᠭᠦᠯᠬᠦ ᠬᠡᠷᠡᠭᠲᠡᠢ᠃ 2023 ᠣᠨ ᠳᠤ ᠢᠳᠡᠪᠬᠢᠲᠡᠢ | ᠳᠠᠶᠢᠴᠢᠯᠠᠨ ᠪᠠᠶᠢᠷᠢᠯᠠᠭᠤᠯᠬᠤ᠂ ᠨᠠᠷᠢᠨ ᠬᠢᠨᠠᠮᠠᠭᠠᠢ ᠵᠣᠬᠢᠶᠠᠨ ᠪᠠᠶᠢᠭᠤᠯᠤᠨ ᠬᠡᠷᠡᠭᠵᠢᠭᠦᠯᠬᠦ᠂ ᠥᠷᠭᠡᠨ ᠢᠶᠠᠷ | ᠤᠬᠠᠭᠤᠯᠤᠨ ᠳᠡᠯᠭᠡᠷᠡᠭᠦᠯᠬᠦ᠂ ᠴᠢᠩᠭ᠎ᠠ ᠬᠢᠨᠠᠨ ᠰᠢᠯᠭᠠᠵᠤ ᠰᠢᠯᠭᠠᠨ ᠠᠪᠬᠤ ᠪᠠᠷ ᠳᠡᠮᠵᠢᠨ᠂ ᠨᠡᠶᠢᠲᠡ 13 ᠨᠢᠭᠡᠴᠡ | ᠪᠥᠬᠦ ᠣᠷᠣᠨ ᠤ ᠰᠠᠨᠠᠭ᠎ᠠ ᠠᠮᠤᠷ ᠬᠡᠷᠡᠭᠯᠡᠭᠡᠨ ᠤ ᠵᠢᠱᠢᠶ᠎ᠡ ᠦᠵᠡᠭᠦᠯᠬᠦ ᠵᠡᠭᠡᠯᠢ ᠲᠣᠭᠤᠷᠢᠭ ︵ᠬᠤᠳᠠᠯᠳᠤᠭᠠᠨ ᠤ | ᠲᠣᠭᠤᠷᠢᠭ︶ ᠤᠨ ᠴᠣᠯᠠ ᠶᠢ ᠭᠥᠷᠳᠡᠪᠡ᠃ 2024 ᠣᠨ ᠳᠤ᠂ ᠪᠢᠳᠠ ᠰᠠᠨᠠᠭ᠎ᠠ ᠠᠮᠤᠷ ᠬᠡᠷᠡᠭᠯᠡᠭᠡ ᠶᠢᠨ ᠵᠢᠱᠢᠶ᠎ᠡ | ᠦᠵᠡᠭᠦᠯᠬᠦ ᠡᠭᠦᠳᠦᠨ ᠪᠠᠶᠢᠭᠤᠯᠬᠤ ᠠᠵᠢᠯᠯᠠᠭ᠎ᠠ ᠶᠢ ᠦᠷᠭᠦᠯᠵᠢᠯᠡᠨ ᠥᠷᠨᠢᠭᠦᠯᠵᠦ᠂ ᠵᠢᠱᠢᠶ᠎ᠡ ᠦᠵᠡᠭᠦᠯᠬᠦ ᠨᠡᠶᠢᠲᠡᠯᠢᠭ | ᠵᠢᠱᠢᠶ᠎ᠡ ᠶᠢ ᠪᠤᠢ ᠪᠣᠯᠭᠠᠬᠤ ᠪᠠᠷ ᠳᠠᠮᠵᠢᠭᠤᠯᠵᠤ᠂ ᠠᠵᠤ ᠠᠬᠤᠶᠢᠯᠠᠯ ᠤᠨ ᠦᠨᠡᠨᠴᠢ ᠢᠲᠡᠭᠡᠮᠵᠢᠲᠡᠢ ᠪᠠᠷ ᠡᠵᠡᠩᠨᠡᠬᠦ᠂ | ᠬᠡᠷᠡᠭᠯᠡᠭᠴᠢᠳ ᠤᠨ ᠰᠠᠨᠠᠭ᠎ᠠ ᠠᠮᠤᠷ ᠬᠡᠷᠡᠭᠯᠡᠭᠡ ᠶᠢ ᠬᠥᠲᠥᠯᠥᠨ ᠵᠢᠯᠤᠭᠤᠳᠴᠤ᠂ ᠬᠡᠷᠡᠭᠯᠡᠭᠡ ᠶᠢᠨ ᠬᠠᠨᠤᠮᠵᠢ ᠶᠢᠨ | ᠬᠡᠮᠵᠢᠶ᠎ᠡ ᠶᠢ ᠳᠡᠭᠡᠭᠰᠢᠯᠡᠭᠦᠯᠵᠦ᠂ ᠬᠡᠷᠡᠭᠯᠡᠭᠡ ᠶᠢᠨ ᠣᠷᠴᠢᠨ ᠲᠣᠭᠤᠷᠢᠨ ᠤ ᠰᠢᠯᠢᠳᠡᠭᠵᠢᠨ ᠲᠡᠰ ᠳᠡᠪᠰᠢᠬᠦ ᠶᠢ ᠬᠠᠮᠲᠤᠪᠠᠷ | ᠠᠬᠢᠭᠤᠯᠤᠨ᠎ᠠ᠃ | ᠬᠥᠲᠥᠯᠥᠭᠴᠢ ᠄ | ᠣᠳᠣᠬᠠᠨ ᠳᠤ᠂ ᠰᠦᠯᠵᠢᠶᠡᠨ ᠳᠡᠭᠡᠷ᠎ᠡ ᠠᠴᠠ ᠬᠤᠳᠠᠯᠳᠤᠨ ᠠᠪᠬᠤ ᠨᠢ ᠨᠢᠭᠡᠨᠲᠡ ᠮᠠᠨ ᠤ ᠬᠠᠮᠤᠭ ᠤᠨ | ᠴᠢᠬᠤᠯᠠ ᠬᠤᠳᠠᠯᠳᠤᠨ ᠠᠪᠬᠤ ᠠᠷᠭ᠎ᠠ ᠶᠢᠨ ᠨᠢᠭᠡ ᠪᠣᠯᠵᠠᠢ᠂ ᠡᠮ ᠤᠨ ᠵᠦᠢᠯ ᠴᠦ ᠡᠶᠢᠮᠦ ᠪᠠᠶᠢᠳᠠᠭ᠂ ᠲᠡᠭᠡᠪᠡᠯ | ᠪᠢᠳᠡ ᠰᠦᠯᠵᠢᠶᠡᠨ ᠳᠡᠭᠡᠷ᠎ᠡ ᠠᠴᠠ ᠡᠮ ᠬᠤᠳᠠᠯᠳᠤᠨ ᠠᠪᠬᠤ ᠳᠤ ᠶᠠᠮᠠᠷ ᠠᠩᠬᠠᠷᠬᠤ ᠵᠦᠢᠯ ᠪᠠᠶᠢᠬᠤ ᠪᠣᠶ︖ | ᠬᠦᠨᠳᠦᠲᠦ ᠵᠣᠴᠢᠨ ᠤ ᠡᠮ ᠤᠨ ᠵᠦᠢᠯ ᠭᠤᠶᠣᠯᠠᠯ ᠤᠨ ᠡᠳ᠋ ᠤᠨ ᠬᠢᠨᠠᠯᠲᠠ ᠬᠠᠮᠢᠶᠠᠷᠤᠯᠲᠠ ᠶᠢᠨ ᠰᠠᠯᠠᠭᠠᠨ ᠤ | ᠳᠥᠷᠪᠡᠳᠦᠭᠡᠷ ᠳᠡᠰ ᠤᠨ ᠡᠷᠬᠢᠯᠡᠭᠴᠢ ᠭᠡᠰᠢᠭᠦᠴᠢ ᠴᠧᠩ ᠶᠠᠨ ᠄ | 1. ᠡᠩ ᠲᠡᠷᠢᠭᠦᠨ ᠳᠤ ᠬᠤᠶᠠᠷ ᠬᠠᠤᠯᠢ ᠶᠣᠰᠣᠴᠢ ᠴᠢᠨᠠᠷ ᠤᠨ ᠨᠤᠲᠠᠯᠠᠯᠲᠠ ᠬᠢᠬᠦ ᠬᠡᠷᠡᠭᠲᠡᠢ᠂ ᠨᠢᠭᠡ ᠳᠤ | ᠰᠦᠯᠵᠢᠶᠡᠨ ᠤ ᠥᠷᠲᠡᠭᠡ ᠪᠠᠷ ᠢᠶᠠᠨ ︽ᠢᠨᠲ᠋ᠧᠷ ᠰᠦᠯᠵᠢᠶᠡᠨ ᠤ ᠡᠮ ᠤᠨ ᠵᠦᠢᠯ ᠤᠨ ᠮᠡᠳᠡᠭᠡ ᠵᠠᠩᠭᠢ ᠶᠢᠨ | ᠦᠢᠯᠡᠴᠢᠯᠡᠭᠡᠨ ᠤ ᠬᠢᠷᠢ ᠬᠡᠮ ᠤᠨ ᠦᠨᠡᠮᠯᠡᠯ︾ ᠣᠯᠣᠭᠰᠠᠨ ᠡᠰᠡᠬᠦ᠂ ᠪᠣᠳᠠᠲᠤ ᠴᠣᠭᠴᠠ ᠶᠢᠨ ᠡᠮ ᠤᠨ | ᠳᠡᠯᠭᠡᠭᠦᠷ ᠲᠤ ᠣᠷᠣᠵᠤ ᠰᠠᠭᠤᠭᠠᠳ ︽ᠡᠮ ᠤᠨ ᠵᠦᠢᠯ ᠡᠵᠡᠩᠨᠡᠬᠦ ᠵᠥᠪᠰᠢᠶᠡᠷᠡᠯ ᠤᠨ ᠦᠨᠡᠮᠯᠡᠯ︾ ᠣᠯᠣᠭᠰᠠᠨ | ᠡᠰᠡᠬᠦ ᠶᠢ ᠰᠦᠯᠵᠢᠶᠡᠨ ᠬᠠᠭᠤᠳᠠᠰᠤ ᠪᠠᠷ ᠨᠤᠲᠠᠯᠠᠬᠤ ᠬᠡᠷᠡᠭᠲᠡᠢ᠃ ᠬᠤᠶᠠᠷ ᠲᠤ ᠤᠯᠤᠰ ᠤᠨ ᠡᠮ ᠤᠨ ᠵᠦᠢᠯ ᠤᠨ | ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠰᠦᠯᠵᠢᠶᠡᠨ ᠳᠤ ᠭᠠᠷᠴᠤ ᠡᠮ ᠤᠨ ᠵᠦᠢᠯ ᠢ ᠤᠯᠤᠰ ᠤᠨ ᠡᠮ ᠤᠨ | ᠵᠦᠢᠯ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠪᠠᠷ ᠳᠠᠩᠰᠠᠯᠠᠭᠤᠯᠵᠤ ᠵᠥᠪᠰᠢᠶᠡᠷᠡᠭᠦᠯᠦᠭᠰᠡᠨ 2. ᠡᠮ | ᠨᠠᠶᠢᠷᠠᠭᠴᠢ ᠠᠴᠠ ᠠᠰᠠᠭᠤᠨ ᠯᠠᠪᠯᠠᠨ᠎ᠠ᠃ ᠰᠦᠯᠵᠢᠶᠡᠨ ᠳᠡᠭᠡᠷᠡᠬᠢ ᠡᠮ ᠤᠨ ᠳᠡᠯᠭᠡᠭᠦᠷ ᠲᠤ ᠶᠡᠷᠦ ᠳᠡᠭᠡᠨ ᠲᠤᠰᠬᠠᠢ | ᠡᠮ ᠨᠠᠶᠢᠷᠠᠭᠴᠢ ᠲᠠᠢ ᠪᠠᠶᠢᠵᠤ᠂ ᠲᠤᠰᠬᠠᠢ ᠡᠮ ᠨᠠᠶᠢᠷᠠᠭᠴᠢ ᠠᠴᠠ ᠠᠰᠠᠭᠤᠨ ᠯᠠᠪᠯᠠᠵᠤ᠂ ᠪᠠᠶᠢᠳᠠᠯ ᠢ ᠨᠠᠷᠢᠨ | ᠲᠣᠳᠣᠷᠬᠠᠶᠢᠯᠠᠵᠤ᠂ ᠡᠮ ᠬᠤᠳᠠᠯᠳᠤᠨ ᠠᠪᠬᠤ ᠲᠤᠬᠠᠢ ᠰᠠᠨᠠᠭᠤᠯᠭ᠎ᠠ ᠶᠢ ᠣᠯᠵᠤ ᠪᠣᠯᠣᠨ᠎ᠠ᠃ 3. ᠡᠮᠴᠢ ᠶᠢᠨ | ᠵᠣᠷ ᠢᠶᠠᠷ ᠵᠣᠷ ᠤᠨ ᠡᠮ ᠬᠤᠳᠠᠯᠳᠤᠨ ᠠᠪᠬᠤ᠃ ᠣᠳᠣᠬᠠᠨ ᠳᠤ ᠮᠠᠰᠢ ᠣᠯᠠᠨ ᠡᠮ ᠤᠨ ᠵᠦᠢᠯ ᠤᠨ | ᠪᠣᠷᠤᠯᠠᠭᠤᠯᠭ᠎ᠠ ᠶᠢᠨ ᠲᠠᠪᠴᠠᠩ ᠳᠤ ᠵᠣᠷ ᠤᠨ ᠡᠮ ᠬᠤᠳᠠᠯᠳᠤᠵᠤ ᠪᠠᠶᠢᠨ᠎ᠠ᠂ ᠵᠠᠷᠢᠮ ᠰᠦᠯᠵᠢᠶᠡᠨ ᠳᠡᠭᠡᠷᠡᠬᠢ ᠡᠮ ᠤᠨ | ᠳᠡᠯᠭᠡᠭᠦᠷ ᠨᠢ ᠡᠮᠴᠢ ᠶᠢᠨ ᠪᠢᠴᠢᠭᠰᠡᠨ ᠵᠣᠷ ᠢ ᠬᠠᠩᠭᠠᠬᠤ ᠶᠢ ᠬᠡᠷᠡᠭᠯᠡᠭᠴᠢᠳ ᠲᠤ ᠴᠢᠩᠭ᠎ᠠ ᠱᠠᠭᠠᠷᠳᠠᠭᠰᠠᠨ ᠦᠭᠡᠢ᠂ | ᠡᠶᠢᠮᠦ ᠪᠠᠶᠢᠳᠠᠯ ᠳᠤ ᠴᠢᠭᠯᠡᠭᠦᠯᠦᠨ᠂ ᠬᠡᠷᠡᠭᠯᠡᠭᠴᠢᠳ ᠬᠠᠤᠯᠢ ᠴᠠᠭᠠᠵᠠ ᠶᠢᠨ ᠲᠣᠭᠲᠠᠭᠠᠯ ᠢ ᠪᠠᠷᠢᠮᠲᠠᠯᠠᠵᠤ᠂ ᠵᠣᠷ ᠤᠨ | ᠡᠮ ᠬᠤᠳᠠᠯᠳᠤᠨ ᠠᠪᠬᠤ ᠳᠠᠭᠠᠨ ᠡᠮᠴᠢ ᠶᠢᠨ ᠪᠢᠴᠢᠭᠰᠡᠨ ᠵᠣᠷ ᠢᠶᠠᠨ ᠤᠷᠢᠳ ᠢᠶᠠᠷ ᠭᠠᠷᠭᠠᠵᠤ ᠦᠵᠡᠭᠦᠯᠬᠦ ᠬᠡᠷᠡᠭᠲᠡᠢ᠃ | 4. ᠢᠯᠭᠠᠨ ᠲᠠᠨᠢᠵᠤ ᠦᠨᠡᠯᠡᠬᠦ᠃ ᠣᠳᠣᠬᠠᠨ ᠳᠤ ᠰᠦᠯᠵᠢᠶᠡᠨ ᠳᠡᠭᠡᠷ᠎ᠡ ᠬᠠᠭᠤᠷᠮᠠᠭ ᠦᠨᠡᠯᠡᠯᠲᠡ ᠬᠢᠵᠦ ᠵᠣᠴᠢᠳ ᠢ | ᠬᠤᠣᠷᠯᠠᠵᠤ ᠪᠠᠶᠢᠭ᠎ᠠ ᠬᠤᠳᠠᠯᠳᠤᠭᠠᠴᠢᠨ ᠮᠠᠰᠢ ᠣᠯᠠᠨ ᠪᠠᠶᠢᠨ᠎ᠠ᠂ ᠬᠤᠳᠠᠯᠳᠤᠨ ᠠᠪᠬᠤ ᠳᠠᠭᠠᠨ ᠨᠢᠳᠦ ᠪᠠᠨ | ᠭᠢᠯᠠᠶᠢᠲᠠᠯ᠎ᠠ ᠵᠦᠯᠭᠦᠪᠡᠯ ᠰᠠᠶ᠋ᠢ ᠮᠡᠬᠡᠯᠡᠭᠳᠡᠬᠦ ᠪᠠᠶᠢᠳᠠᠯ ᠭᠠᠷᠬᠤ ᠦᠭᠡᠢ ᠶᠤᠮ᠃ 5. ᠡᠮ ᠤᠨ ᠵᠦᠢᠯ ᠢ ᠰᠢᠯᠭᠠᠨ | ᠠᠪᠬᠤ ᠶᠢ ᠠᠩᠬᠠᠷᠬᠤ ᠬᠡᠷᠡᠭᠲᠡᠢ᠃ ᠡᠩ ᠲᠡᠷᠢᠭᠦᠨ ᠳᠤ ᠡᠮ ᠤᠨ ᠭᠠᠳᠠᠷ ᠪᠠᠶᠢᠳᠠᠯ ᠨᠢ ᠡᠪᠳᠡᠷᠡᠵᠦ ᠰᠦᠢᠳᠦᠭᠰᠡᠨ | ᠡᠰᠡᠬᠦ ᠶᠢ ᠦᠵᠡᠨ᠎ᠡ᠂ ᠬᠡᠷᠡᠭᠯᠡᠭᠴᠢᠳ ᠡᠷᠬᠡᠪᠰᠢ ᠨᠢᠭᠤᠷ ᠳᠡᠭᠡᠷ᠎ᠡ ᠨᠢ ᠪᠣᠭᠤᠳᠠᠯ ᠨᠡᠭᠡᠭᠡᠵᠦ ᠰᠢᠯᠭᠠᠨ ᠠᠪᠬᠤ ᠬᠡᠷᠡᠭᠲᠡᠢ; | ᠳᠠᠷᠠᠭ᠎ᠠ ᠨᠢ ᠪᠦᠲᠦᠭᠡᠭᠳᠡᠬᠦᠨ ᠤ ᠨᠡᠷᠡᠶᠢᠳᠦᠯ ᠨᠢ ᠲᠠᠨ ᠤ ᠵᠠᠬᠢᠶᠠᠯᠠᠭᠰᠠᠨ ᠡᠮ ᠤᠨ ᠵᠦᠢᠯ ᠮᠥᠨ ᠡᠰᠡᠬᠦ ᠶᠢ ᠦᠵᠡᠨ᠎ᠡ᠃ | ᠪᠠᠰᠠ ᠨᠢᠭᠡ ᠤᠳᠠᠭ᠎ᠠ ᠦᠢᠯᠡᠳᠬᠦᠨ ᠤ ᠬᠦᠴᠦᠨ ᠲᠠᠢ ᠬᠤᠭᠤᠴᠠᠭᠠᠨ ᠳᠤ ᠪᠠᠶᠢᠬᠤ ᠡᠰᠡᠬᠦ ᠶᠢ ᠦᠵᠡᠬᠦ ᠬᠠᠮᠤᠭ | ᠰᠡᠭᠦᠯ ᠳᠤ ᠲᠤᠶᠢᠯ ᠤᠨ ᠬᠦᠢᠲᠡᠨ ᠪᠤᠶᠤ ᠲᠤᠶᠢᠯ ᠤᠨ ᠬᠠᠯᠠᠭᠤᠨ ᠠᠭᠤᠷ ᠠᠮᠢᠰᠬᠤᠯ ᠳᠤ ᠡᠮ ᠤᠨ ᠪᠠᠷᠠᠭ᠎ᠠ ᠬᠦᠷᠭᠡᠬᠦ | ᠨᠥᠬᠦᠴᠡᠯ ᠨᠢ ᠲᠣᠬᠢᠷᠠᠮᠵᠢᠲᠠᠢ ᠳᠤᠯᠠᠭᠠᠨ ᠤ ᠬᠡᠮᠵᠢᠶ᠎ᠡ ᠶᠢ ᠪᠠᠲᠤᠯᠠᠵᠤ ᠳᠡᠶᠢᠯᠬᠦ ᠡᠰᠡᠬᠦ ᠶᠢ ᠦᠵᠡᠨ᠎ᠡ᠃ 6.ᠣᠨᠴᠠᠭᠠᠶ | ᠪᠠᠶᠢᠳᠠᠯ ᠳᠤ ᠴᠠᠭ ᠲᠤᠬᠠᠢ ᠳᠤᠨᠢ ᠡᠮᠨᠡᠭᠦᠯᠬᠦ ᠬᠡᠷᠡᠭᠲᠡᠢ᠃ ᠵᠠᠷᠢᠮ ᠪᠠᠴᠢᠮ ᠬᠡᠷᠡᠭᠰᠡᠬᠦ ᠡᠮ ᠤᠨ ᠵᠦᠢᠯ ᠪᠤᠶᠤ ᠪᠡᠶ᠎ᠡ ᠶᠢᠨ | ᠪᠡᠶ᠎ᠡ ᠶᠢᠨ ᠡᠷᠡᠭᠦᠯ ᠪᠤᠰᠤ ᠪᠠᠶᠢᠳᠠᠯ᠂ ᠡᠰᠡᠬᠦᠯ᠎ᠡ 3 ᠡᠳᠦᠷ ᠠᠴᠠ ᠳᠡᠭᠡᠭᠰᠢ ᠡᠳᠦᠷ ᠤᠨ ᠳᠣᠲᠣᠷ᠎ᠠ ᠡᠷᠡᠭᠦᠯ ᠪᠤᠰᠤ | ᠪᠠᠶᠢᠳᠠᠯ ᠲᠠᠢ ᠪᠠᠶᠢᠪᠠᠯ᠂ ᠴᠠᠭ ᠲᠤᠬᠠᠢ ᠳᠤᠨᠢ ᠡᠮᠨᠡᠯᠭᠡ ᠳᠤ ᠬᠦᠷᠴᠦ ᠡᠮᠨᠡᠭᠦᠯᠬᠦ ᠶᠢ ᠰᠠᠨᠠᠭᠤᠯᠤᠶ᠎ᠠ᠃ ᠡᠮᠴᠢᠯᠡᠭᠡᠨ ᠤ | ᠶᠠᠪᠤᠳᠠᠯ ᠨᠠᠷᠢᠨ ᠪᠤᠳᠤᠯᠢᠶᠠᠨᠲᠠᠢ᠂ ᠡᠷᠡᠭᠦᠯ ᠮᠡᠨᠳᠦ ᠡᠷᠬᠢᠮ ᠨᠠᠨᠳᠢᠨ᠂ ᠥᠪᠡᠷ ᠢᠶᠠᠨ ᠠᠶᠤᠯ ᠲᠦᠭᠰᠢᠭᠦᠷᠢ ᠶᠢ ᠲᠤᠭᠤᠯᠵᠤ᠂ | ᠡᠪᠡᠳᠴᠢᠨ ᠤ ᠪᠠᠶᠢᠳᠠᠯ ᠢ ᠰᠠᠭᠠᠲᠠᠭᠠᠵᠤ ᠪᠣᠯᠬᠤ ᠦᠭᠡᠢ᠃ | ᠬᠥᠲᠥᠯᠥᠭᠴᠢ ᠄ | ᠬᠡᠷᠡᠭᠯᠡᠭᠴᠢᠳ ᠡᠳᠦᠷ ᠲᠤᠲᠤᠮ ᠤᠨ ᠠᠮᠢᠳᠤᠷᠠᠯ ᠳᠤᠮᠳᠠ ᠪᠠᠨ ᠦᠷᠭᠦᠯᠵᠢ ᠡᠮ ᠪᠠ ᠡᠷᠡᠭᠦᠯᠵᠢᠯ ᠤᠨ ᠢᠳᠡᠭᠡᠨ | ᠬᠤᠳᠠᠯᠳᠤᠨ ᠠᠪᠲᠠᠭ ᠪᠣᠯᠪᠠᠴᠤ ᠣᠯᠠᠩᠬᠢ ᠬᠥᠮᠥᠰ ᠡᠨᠡ ᠬᠤᠶᠠᠷ ᠤᠨ ᠲᠤᠬᠠᠢ ᠪᠤᠷᠤᠭᠤ ᠣᠶᠢᠯᠠᠭᠠᠯᠲᠠ ᠲᠠᠢ | ᠪᠠᠶᠢᠵᠤ᠂ ᠴᠢᠨᠠᠭᠰᠢᠯᠠᠭᠠᠳ ᠪᠤᠷᠤᠭᠤ ᠪᠠᠷ ᠬᠥᠲᠥᠯᠥᠭᠳᠡᠳᠡᠭ᠃ ᠲᠡᠭᠡᠪᠡᠯ ᠡᠮ ᠤᠨ ᠵᠦᠢᠯ ᠪᠠ ᠡᠷᠡᠭᠦᠯᠵᠢᠯ ᠤᠨ | ᠢᠳᠡᠭᠡᠨ ᠢ ᠬᠡᠷᠬᠢᠨ ᠵᠥᠪ ᠢᠶᠠᠷ ᠢᠯᠭᠠᠬᠤ ᠬᠡᠷᠡᠭᠲᠡᠢ ᠪᠤᠶ ︖ | ᠡᠮ ᠤᠨ ᠵᠦᠢᠯ ᠭᠤᠶᠣᠯᠠᠯ ᠤᠨ ᠡᠳ᠋ ᠤᠨ ᠬᠢᠨᠠᠯᠲᠠ ᠬᠠᠮᠢᠶᠠᠷᠤᠯᠲᠠ ᠶᠢᠨ ᠰᠠᠯᠠᠭᠠᠨ ᠤ ᠳᠥᠷᠪᠡᠳᠦᠭᠡᠷ ᠳᠡᠰ ᠤᠨ | ᠡᠷᠬᠢᠯᠡᠭᠴᠢ ᠭᠡᠰᠢᠭᠦᠴᠢ ᠴᠧᠩ ᠶᠠᠨ᠄ | 1.ᠡᠷᠡᠭᠦᠯᠵᠢᠯ ᠢᠳᠡᠭᠡᠨ ᠪᠠ ᠡᠮ ᠤᠨ ᠵᠦᠢᠯ ᠤᠨ ᠬᠠᠮᠤᠭ ᠤᠨ ᠦᠨᠳᠦᠰᠦᠨ ᠢᠯᠭᠠᠭ᠎ᠠ ᠨᠢ ᠡᠷᠡᠭᠦᠯᠵᠢᠯ | ᠢᠳᠡᠭᠡᠨ ᠨᠢ ᠣᠨᠣᠪᠴᠢᠲᠠᠶ ᠵᠠᠰᠠᠬᠤ ᠦᠢᠯᠡᠳᠦᠯ ᠦᠭᠡᠢ᠂ ᠲᠡᠭᠦᠨ ᠢᠶᠠᠷ ᠡᠪᠡᠳᠴᠢᠨ ᠢ ᠵᠠᠰᠠᠵᠤ ᠪᠣᠯᠬᠤ ᠦᠭᠡᠢ᠂ | ᠵᠥᠪᠬᠡᠨ ᠡᠷᠡᠭᠦᠯᠵᠢᠯ ᠤᠨ ᠦᠢᠯᠡᠳᠦᠯ ᠲᠠᠢ ᠪᠠᠶᠢᠳᠠᠭ ᠲᠤ ᠣᠷᠣᠰᠢᠨ᠎ᠠ᠃ 2.ᠡᠮ ᠤᠨ ᠵᠦᠢᠯ ᠪᠠ ᠡᠷᠡᠭᠦᠯᠵᠢᠯ ᠤᠨ | ᠢᠳᠡᠭᠡᠨ ᠤ ᠵᠥᠪᠰᠢᠶᠡᠷᠡᠯ ᠤᠨ ᠪᠢᠴᠢᠭ ᠤᠨ ᠳ᠋ᠤᠭᠠᠷᠯᠠᠯ ᠨᠢ ᠠᠳᠠᠯᠢ ᠦᠭᠡᠢ᠃ ᠡᠮ ᠤᠨ ᠵᠦᠢᠯ ᠤᠨ ᠵᠥᠪᠰᠢᠶᠡᠷᠡᠯ ᠤᠨ | ᠪᠢᠴᠢᠭ ᠤᠨ ᠳ᠋ᠤᠭᠠᠷ ᠨᠢ︽ᠤᠯᠤᠰ ᠤᠨ ᠡᠮ ᠤᠨ ᠵᠥᠪᠰᠢᠶᠡᠷᠡᠯ ᠤᠨ ᠦᠰᠦᠭ H︵Z/S/F ᠵᠡᠷᠭᠡ︶**** ᠲᠣᠭᠠᠲᠤ︾᠂ | ᠡᠷᠡᠭᠦᠯᠵᠢᠯ ᠤᠨ ᠢᠳᠡᠭᠡᠨ ᠤ ᠵᠥᠪᠰᠢᠶᠡᠷᠡᠯ ᠤᠨ ᠪᠢᠴᠢᠭ ᠤᠨ ᠳ᠋ᠤᠭᠠᠷ ᠨᠢ︽ᠢᠳᠡᠭᠡᠨ ᠤ ᠡᠷᠡᠭᠦᠯᠵᠢᠯ ᠤᠨ ᠦᠰᠦᠭ | **** ᠲᠣᠭᠠᠲᠤ︾3.ᠡᠮ ᠤᠨ ᠵᠦᠢᠯ ᠪᠠ ᠡᠷᠡᠭᠦᠯᠵᠢᠯ ᠤᠨ ᠢᠳᠡᠭᠡᠨ ᠤ ᠲᠣᠳᠣᠷᠬᠠᠶᠢᠯᠠᠯᠲᠠ ᠶᠢᠨ ᠪᠢᠴᠢᠭ ᠤᠨ | ᠠᠭᠤᠯᠭ᠎ᠠ ᠨᠢ ᠠᠳᠠᠯᠢ ᠦᠭᠡᠢ᠃ ᠡᠮ ᠤᠨ ᠲᠣᠳᠣᠷᠬᠠᠶᠢᠯᠠᠯᠲᠠ ᠶᠢᠨ ᠪᠢᠴᠢᠭ ᠲᠤ ᠡᠮ ᠤᠨ ᠲᠣᠬᠢᠷᠠᠬᠤ ᠡᠪᠡᠳᠴᠢᠨ | ᠪᠤᠶᠤ ᠦᠢᠯᠡᠳᠦᠯ ᠢ ᠭᠤᠣᠯᠯᠠᠨ ᠵᠠᠰᠠᠬᠤ᠂ ᠬᠡᠷᠡᠭᠯᠡᠬᠦ ᠠᠷᠭ᠎ᠠ᠂ ᠬᠦᠴᠦᠨ ᠲᠠᠢ ᠬᠤᠭᠤᠴᠠᠭ᠎ᠠ ᠵᠡᠷᠭᠡ ᠠᠭᠤᠯᠭ᠎ᠠ ᠶᠢ | ᠲᠣᠭᠲᠠᠭᠠᠬᠤ ᠬᠡᠷᠡᠭᠲᠡᠢ᠂ ᠬᠠᠷᠢᠨ ᠡᠷᠡᠭᠦᠯᠵᠢᠯ ᠢᠳᠡᠭᠡᠨ ᠤ ᠲᠣᠳᠣᠷᠬᠠᠶᠢᠯᠠᠯᠲᠠ ᠶᠢᠨ ᠪᠢᠴᠢᠭ ᠲᠤ ᠡᠷᠡᠭᠦᠯᠵᠢᠯ | ᠢᠳᠡᠭᠡᠨ ᠤ ᠡᠷᠡᠭᠦᠯᠵᠢᠯ ᠤᠨ ᠴᠢᠳᠠᠮᠵᠢ᠂ ᠲᠣᠬᠢᠷᠠᠬᠤ ᠬᠥᠮᠥᠰ ᠪᠠ ᠲᠣᠬᠢᠷᠠᠬᠤ ᠦᠭᠡᠢ ᠬᠥᠮᠥᠰ᠂ ᠴᠢᠨᠠᠷ ᠢ ᠪᠠᠲᠤᠯᠠᠬᠤ | ᠬᠤᠭᠤᠴᠠᠭ᠎ᠠ ᠵᠡᠷᠭᠡ ᠠᠭᠤᠯᠭ᠎ᠠ ᠶᠢ ᠲᠣᠳᠣᠷᠬᠠᠶᠢᠯᠠᠭᠰᠠᠨ ᠪᠠᠶᠢᠬᠤ ᠬᠡᠷᠡᠭᠲᠡᠢ᠃ 4.ᠡᠮ ᠨᠢ ᠣᠨᠣᠪᠴᠢᠲᠠᠶ | ᠡᠮᠴᠢᠯᠡᠭᠡᠨ ᠤ ᠠᠴᠢ ᠲᠤᠰᠠ ᠪᠠ ᠲᠣᠬᠢᠷᠠᠬᠤ ᠡᠪᠡᠳᠴᠢᠨ ᠲᠠᠢ᠂ ᠬᠠᠷᠢᠨ ᠡᠷᠡᠭᠦᠯᠵᠢᠯ ᠤᠨ ᠡᠳ᠋ ᠨᠢ ᠢᠳᠡᠭᠡᠨ ᠪᠠᠶᠢᠵᠤ᠂ | ᠵᠥᠪᠬᠡᠨ ᠡᠷᠡᠭᠦᠯᠵᠢᠯ ᠤᠨ ᠦᠢᠯᠡᠳᠦᠯ ᠲᠠᠢ ᠠᠴᠠ ᠪᠢᠰᠢ ᠡᠮᠨᠡᠨ ᠵᠠᠰᠠᠬᠤ ᠦᠢᠯᠡᠳᠦᠯ ᠦᠭᠡᠢ᠃ ᠡᠷᠡᠭᠦᠯᠵᠢᠯ ᠤᠨ | ᠢᠳᠡᠭᠡᠨ ᠳᠤ ᠡᠮᠴᠢᠯᠡᠭᠡᠨ ᠤ ᠲᠤᠰᠠ ᠶᠢ ᠤᠬᠠᠭᠤᠯᠵᠤ ᠪᠣᠯᠬᠤ ᠦᠭᠡᠢ᠂ ᠪᠣᠭᠤᠳᠠᠯ ᠳᠡᠭᠡᠷ᠎ᠡ ᠨᠢ ᠡᠷᠬᠡᠪᠰᠢ ︽ᠲᠤᠰ | ᠡᠮ ᠨᠢ ᠡᠮ ᠢ ᠣᠷᠣᠯᠠᠭᠤᠯᠵᠤ ᠪᠣᠯᠬᠤ ᠦᠭᠡᠢ︾ ᠭᠡᠵᠦ ᠲᠣᠳᠣᠷᠬᠠᠢ ᠪᠢᠴᠢᠬᠦ ᠬᠡᠷᠡᠭᠲᠡᠢ᠃ ᠥᠷᠭᠡᠨ ᠢᠶᠠᠷ ᠳᠡᠯᠭᠡᠷᠡᠵᠦ | ᠪᠠᠶᠢᠭ᠎ᠠ ᠬᠡᠷᠡᠭᠯᠡᠭᠴᠢᠳ ᠲᠤ ᠰᠠᠨᠠᠭᠤᠯᠬᠤ ᠴᠢᠬᠤᠯᠠᠲᠠᠢ ᠵᠦᠢᠯ ᠭᠡᠪᠡᠯ᠂ ᠣᠳᠣᠬᠠᠨ ᠳᠤ ᠣᠨᠴᠠ ᠵᠠᠷᠢᠮ | ᠡᠷᠡᠭᠦᠯᠵᠢᠯ ᠤᠨ ᠢᠳᠡᠭᠡᠨ ᠤ ᠡᠵᠡᠩᠨᠡᠯᠲᠡ ᠶᠢᠨ ᠨᠢᠭᠡᠴᠢ ᠪᠣᠷᠤᠯᠠᠭᠤᠯᠭ᠎ᠠ ᠪᠠᠨ ᠥᠷᠭᠡᠳᠬᠡᠬᠦ ᠶᠢᠨ ᠲᠥᠯᠥᠭᠡ᠂ ᠬᠤᠳᠠᠯ | ᠬᠠᠭᠤᠷᠮᠠᠭ ᠤᠬᠠᠭᠤᠯᠭ᠎ᠠ ᠬᠢᠵᠦ᠂ ᠡᠷᠡᠭᠦᠯᠵᠢᠯ ᠤᠨ ᠢᠳᠡᠭᠡᠨ ᠤ ᠴᠢᠳᠠᠮᠵᠢ ᠶᠢ ᠵᠣᠷᠢᠭᠤᠳᠠ ᠶᠡᠬᠡᠰᠬᠡᠵᠦ ᠪᠠᠶᠢᠨ᠎ᠠ᠂ | ᠡᠨᠡ ᠨᠢ ᠬᠡᠰᠡᠭ ᠡᠪᠡᠳᠴᠢᠲᠡᠨ ᠢ ᠠᠳᠡᠭᠦᠷᠡᠭᠦᠯᠵᠦ᠂ ᠬᠡᠷᠡᠭᠯᠡᠭᠴᠢᠳ ᠲᠤ ᠬᠤᠣᠷ ᠬᠥᠨᠥᠭᠡᠯ ᠤᠴᠠᠷᠠᠭᠤᠯᠵᠤ ᠪᠠᠶᠢᠨ᠎ᠠ᠃ | | ᠬᠥᠲᠥᠯᠥᠭᠴᠢ᠄ | ᠬᠡᠷᠡᠭᠯᠡᠭᠴᠢᠳ ᠡᠳᠦᠷ ᠲᠤᠲᠤᠮ ᠤᠨ ᠠᠮᠢᠳᠤᠷᠠᠯ ᠳᠤᠮᠳᠠ ᠪᠠᠨ ᠦᠷᠭᠦᠯᠵᠢ ᠭᠤᠶᠣᠯᠠᠯ ᠤᠨ ᠡᠳ᠋ ᠬᠤᠳᠠᠯᠳᠤᠨ | ᠠᠪᠲᠠᠭ᠂ ᠢᠯᠠᠩᠭᠤᠶ᠎ᠠ ᠵᠢᠷᠮᠦᠰᠦᠨ ᠡᠮᠡᠭᠲᠡᠢ᠂ ᠬᠥᠬᠦᠭᠦᠯᠬᠦ ᠬᠤᠭᠤᠴᠠᠭ᠎ᠠ ᠵᠢᠴᠢ ᠬᠡᠦᠬᠡᠳ ᠵᠡᠷᠭᠡ ᠣᠨᠴᠠᠭᠠᠶ ᠬᠥᠮᠥᠰ | ᠭᠤᠶᠣᠯᠠᠯ ᠤᠨ ᠡᠳ᠋ ᠬᠤᠳᠠᠯᠳᠤᠨ ᠠᠪᠬᠤ ᠳᠠᠭᠠᠨ ᠡᠷᠬᠡᠪᠰᠢ ᠬᠡᠷᠰᠡᠦᠯᠡᠬᠦ ᠬᠡᠷᠡᠭᠲᠡᠢ᠂ ᠬᠤᠳᠠᠯᠳᠤᠨ ᠠᠪᠬᠤ | ᠦᠶ᠎ᠡ ᠶᠢᠨ ᠠᠩᠬᠠᠷᠬᠤ ᠵᠦᠢᠯ ᠤᠳ ᠢᠶᠠᠨ ᠶᠠᠷᠢᠭᠠᠳ ᠥᠭᠭᠦᠨ᠎ᠡ ᠦᠦ︖ | ᠬᠦᠨᠳᠦᠲᠦ ᠵᠣᠴᠢᠨ ᠤ ᠡᠮ ᠤᠨ ᠵᠦᠢᠯ ᠭᠤᠶᠣᠯᠠᠯ ᠤᠨ ᠡᠳ᠋ ᠤᠨ ᠬᠢᠨᠠᠯᠲᠠ ᠬᠠᠮᠢᠶᠠᠷᠤᠯᠲᠠ ᠶᠢᠨ ᠰᠠᠯᠠᠭᠠᠨ ᠤ | ᠳᠥᠷᠪᠡᠳᠦᠭᠡᠷ ᠳᠡᠰ ᠤᠨ ᠡᠷᠬᠢᠯᠡᠭᠴᠢ ᠭᠡᠰᠢᠭᠦᠴᠢ ᠴᠧᠩ ᠶᠠᠨ᠄ | ᠪᠢᠳᠡ ᠭᠤᠶᠣᠯᠠᠯ ᠤᠨ ᠡᠳ᠋ ᠢ ᠰᠣᠩᠭᠤᠵᠤ ᠬᠤᠳᠠᠯᠳᠤᠨ ᠠᠪᠬᠤ ᠳᠠᠭᠠᠨ ᠡᠩ ᠲᠡᠷᠢᠭᠦᠨ ᠳᠤ ᠵᠢᠩᠬᠢᠨᠢ᠂ ᠬᠠᠤᠯᠢ | ᠶᠣᠰᠣᠨ ᠤ ᠠᠷᠭ᠎ᠠ ᠵᠠᠮ ᠢ ᠰᠣᠩᠭᠤᠵᠤ ᠦᠢᠯᠡᠳᠬᠦᠨ ᠢ ᠬᠤᠳᠠᠯᠳᠤᠨ ᠠᠪᠬᠤ ᠬᠡᠷᠡᠭᠲᠡᠢ᠂ ᠦᠢᠯᠡᠳᠬᠦᠨ ᠢ | ᠬᠤᠳᠠᠯᠳᠤᠨ ᠠᠪᠬᠤ ᠳᠠᠭᠠᠨ ᠬᠤᠳᠠᠯᠳᠤᠨ ᠠᠪᠤᠭᠰᠠᠨ ᠭᠡᠷᠡᠴᠢ ᠪᠠᠷᠢᠮᠲᠠ ᠪᠠ ᠦᠢᠯᠡᠳᠬᠦᠨ ᠤ ᠪᠣᠭᠤᠳᠠᠯ ᠤᠨ ᠮᠡᠳᠡᠭᠡ | ᠵᠠᠩᠭᠢ ᠶᠢ ᠠᠪᠬᠤ ᠪᠠ ᠰᠠᠶᠢᠲᠤᠷ ᠬᠠᠳᠠᠭᠠᠯᠠᠬᠤ ᠶᠢ ᠠᠩᠬᠠᠷᠬᠤ ᠬᠡᠷᠡᠭᠲᠡᠢ᠃ ᠦᠢᠯᠡᠳᠬᠦᠨ ᠢ ᠬᠡᠷᠡᠭᠯᠡᠬᠦ ᠠᠴᠠ ᠡᠮᠦᠨ᠎ᠡ᠂ | ᠦᠢᠯᠡᠳᠬᠦᠨ ᠤ ᠲᠣᠳᠣᠷᠬᠠᠶᠢᠯᠠᠯᠲᠠ ᠶᠢᠨ ᠪᠢᠴᠢᠭ ᠢ ᠨᠠᠷᠢᠨ ᠤᠩᠰᠢᠵᠤ᠂ ᠬᠡᠷᠡᠭᠯᠡᠬᠦ ᠬᠤᠭᠤᠴᠠᠭ᠎ᠠ᠂ ᠬᠡᠷᠡᠭᠯᠡᠬᠦ | ᠠᠷᠭ᠎ᠠ ᠵᠢᠴᠢ ᠠᠶᠤᠯ ᠦᠭᠡᠢ ᠶᠢᠨ ᠰᠡᠷᠡᠮᠵᠢᠯᠡᠭᠦᠯᠦᠯ ᠢ ᠣᠶᠢᠯᠠᠭᠠᠬᠤ ᠬᠡᠷᠡᠭᠲᠡᠢ᠃ ᠳᠠᠷᠠᠭ᠎ᠠ ᠳᠤᠨᠢ ᠪᠦᠲᠦᠭᠡᠭᠳᠡᠬᠦᠨ ᠤ | ᠱᠣᠰᠢᠭ᠎ᠠ ᠶᠢ ᠦᠵᠡᠬᠦ ᠬᠡᠷᠡᠭᠲᠡᠢ᠂ ᠤᠯᠤᠰ ᠲᠠᠭᠠᠨ ᠦᠢᠯᠡᠳᠪᠦᠷᠢᠯᠡᠭᠰᠡᠨ ᠪᠤᠶᠤ ᠭᠠᠳᠠᠭᠠᠳᠤ ᠠᠴᠠ ᠣᠷᠣᠭᠤᠯᠤᠭᠰᠠᠨ | ᠵᠠᠰᠠᠯ ᠴᠢᠮᠡᠭ ᠤᠨ ᠡᠳ᠋ ᠤᠨ ᠠᠯᠢ ᠨᠢ ᠴᠦ ᠭᠡᠰᠡᠨ ᠴᠥᠮ ᠪᠦᠲᠦᠭᠡᠭᠳᠡᠬᠦᠨ ᠤ ᠬᠢᠲᠠᠳ ᠦᠰᠦᠭ ᠤᠨ ᠱᠣᠰᠢᠭ᠎ᠠ ᠶᠢᠨ | ᠵᠢᠷᠤᠮᠵᠢᠯ ᠲᠠᠢ ᠪᠦᠷᠢᠨ ᠪᠦᠲᠦᠨ ᠪᠠᠶᠢᠬᠤ ᠡᠰᠡᠬᠦ ᠶᠢ ᠦᠵᠡᠬᠦ ᠬᠡᠷᠡᠭᠲᠡᠢ᠃ ᠭᠠᠳᠠᠭᠠᠳᠤ ᠠᠴᠠ ᠣᠷᠣᠭᠤᠯᠤᠭᠰᠠᠨ ᠵᠠᠰᠠᠯ | ᠴᠢᠮᠡᠭᠯᠡᠯ ᠤᠨ ᠡᠳ᠋ ᠲᠤ ᠬᠢᠲᠠᠳ ᠦᠰᠦᠭ ᠤᠨ ᠱᠣᠰᠢᠭ᠎ᠠ ᠶᠢ ᠰᠢᠭᠤᠳ ᠬᠡᠷᠡᠭᠯᠡᠵᠦ ᠪᠣᠯᠬᠤ ᠪᠥᠭᠡᠳ ᠬᠢᠲᠠᠳ | ᠦᠰᠦᠭ ᠤᠨ ᠱᠣᠰᠢᠭ᠎ᠠ ᠶᠢ ᠴᠤ ᠨᠡᠮᠡᠵᠦ ᠨᠠᠭᠠᠵᠤ ᠪᠣᠯᠣᠨ᠎ᠠ᠂ ᠨᠡᠮᠡᠵᠦ ᠨᠠᠭᠠᠭᠰᠠᠨ ᠬᠢᠲᠠᠳ ᠦᠰᠦᠭ ᠤᠨ | ᠱᠣᠰᠢᠭ᠎ᠠ ᠶᠢᠨ ᠠᠭᠤᠯᠭ᠎ᠠ ᠨᠢ ᠤᠤᠯ ᠤᠨ ᠱᠣᠰᠢᠭ᠎ᠠ ᠶᠢᠨ ᠠᠭᠤᠯᠭ᠎ᠠ ᠲᠠᠢ ᠠᠳᠠᠯᠢ ᠪᠠᠶᠢᠬᠤ ᠬᠡᠷᠡᠭᠲᠡᠢ᠃ ᠬᠡᠦᠬᠡᠳ ᠤᠨ | ᠭᠤᠶᠣᠯᠠᠯ ᠤᠨ ᠡᠳ᠋ ᠭᠡᠳᠡᠭ ᠨᠢ 12 ᠨᠠᠰᠤᠨ ᠠᠴᠠ ᠳᠣᠷᠣᠭᠰᠢᠬᠢ ᠬᠡᠦᠬᠡᠳ ᠲᠤ ᠲᠣᠬᠢᠷᠠᠬᠤ ᠠᠷᠢᠭᠤᠨ ᠴᠡᠪᠡᠷ᠂ | ᠴᠢᠭᠢᠭ ᠢ ᠪᠠᠲᠤᠯᠠᠬᠤ᠂ ᠪᠡᠶ᠎ᠡ ᠳᠤ ᠲᠠᠭᠠᠲᠠᠢ᠂ ᠰᠢᠷᠠᠭᠳᠠᠬᠤ ᠠᠴᠠ ᠰᠡᠷᠭᠡᠶᠢᠯᠡᠬᠦ ᠵᠡᠷᠭᠡ ᠦᠢᠯᠡᠳᠦᠯ ᠲᠠᠢ ᠭᠤᠶᠣᠯᠠᠯ ᠤᠨ | ᠡᠳ᠋ ᠢ ᠵᠢᠭᠠᠵᠤ ᠪᠠᠶᠢᠨ᠎ᠠ᠃ ᠪᠢᠳᠡ ᠬᠡᠦᠬᠡᠳ ᠤᠨ ᠭᠤᠶᠣᠯᠠᠯ ᠤᠨ ᠡᠳ᠋ ᠢ ᠰᠣᠩᠭᠤᠵᠤ ᠬᠤᠳᠠᠯᠳᠤᠨ ᠠᠪᠬᠤ ᠳᠠᠭᠠᠨ | ᠵᠢᠵᠢᠭ ᠠᠯᠲᠠᠨ ᠪᠠᠮᠪᠠᠢ ᠶᠢᠨ ᠲᠡᠮᠳᠡᠭ ᠲᠠᠢ ᠪᠦᠲᠦᠭᠡᠭᠳᠡᠬᠦᠨ ᠢ ᠰᠣᠩᠭᠤᠵᠤ ᠬᠤᠳᠠᠯᠳᠤᠨ ᠠᠪᠬᠤ ᠬᠡᠷᠡᠭᠲᠡᠢ᠃ ᠠᠳᠡ | ᠣᠯᠠᠨ ᠳᠤ ᠰᠠᠨᠠᠭᠤᠯᠬᠤ ᠨᠢ᠂ ᠪᠢᠴᠢᠬᠠᠨ ᠠᠯᠲᠠᠨ ᠪᠠᠮᠪᠠᠢ ᠨᠢ ᠵᠥᠪᠬᠡᠨ ᠲᠣᠰ ᠦᠢᠯᠡᠳᠬᠦᠨ ᠨᠢ ᠬᠡᠦᠬᠡᠳ ᠤᠨ | ᠭᠤᠶᠣᠯᠠᠯ ᠤᠨ ᠡᠳ᠋ ᠲᠤ ᠲᠣᠭᠠᠴᠠᠭᠳᠠᠬᠤ ᠶᠢ ᠲᠣᠳᠣᠷᠬᠠᠶᠢᠯᠠᠵᠤ᠂ ᠲᠣᠰ ᠦᠢᠯᠡᠳᠬᠦᠨ ᠨᠢ ᠨᠢᠭᠡᠨᠲᠡ ᠡᠮ ᠤᠨ | ᠵᠦᠢᠯ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠤᠨ ᠬᠢᠨᠠᠨ ᠵᠥᠪᠰᠢᠶᠡᠷᠡᠯ ᠢ ᠣᠯᠣᠭᠰᠠᠨ ᠪᠤᠶᠤ ᠶᠠᠰᠤ | ᠴᠢᠨᠠᠷ ᠤᠨ ᠠᠮᠤᠷ ᠲᠦᠪᠰᠢᠨ ᠤ ᠭᠡᠷᠡᠴᠢᠯᠡᠯ ᠢ ᠣᠯᠣᠭᠰᠠᠨ ᠢ ᠲᠥᠯᠥᠭᠡᠯᠡᠬᠦ ᠦᠭᠡᠢ ᠶᠤᠮ᠃ ᠵᠢᠷᠮᠦᠰᠦᠨ ᠡᠮᠡᠭᠲᠡᠢ᠂ | ᠬᠥᠬᠦᠭᠦᠯᠬᠦ ᠬᠤᠭᠤᠴᠠᠭᠠᠨ ᠳᠤ ᠭᠤᠶᠣᠯᠠᠯ ᠤᠨ ᠡᠳ᠋ ᠢ ᠰᠣᠩᠭᠤᠵᠤ ᠬᠤᠳᠠᠯᠳᠤᠨ ᠠᠪᠬᠤ ᠳᠠᠭᠠᠨ ᠵᠢᠷᠮᠦᠰᠦᠨ | ᠡᠮᠡᠭᠲᠡᠢ᠂ ᠬᠥᠬᠦᠭᠦᠯᠬᠦ ᠬᠤᠭᠤᠴᠠᠭᠠᠨ ᠳᠤ ᠲᠤᠰᠬᠠᠢ ᠪᠤᠷᠤᠭᠤ ᠵᠢᠯᠤᠭᠤᠳᠬᠤ ᠠᠴᠠ ᠰᠡᠷᠡᠮᠵᠢᠯᠡᠬᠦ ᠬᠡᠷᠡᠭᠲᠡᠢ᠃ | ᠣᠳᠣᠬᠠᠨ ᠳᠤ ᠮᠠᠨ ᠤ ᠤᠯᠤᠰ ᠲᠤ ᠵᠢᠷᠮᠦᠰᠦᠨ ᠡᠮᠡᠭᠲᠡᠢ᠂ ᠬᠥᠬᠦᠭᠦᠯ ᠬᠤᠭᠤᠴᠠᠭᠠᠨ ᠤ ᠡᠮᠡᠭᠲᠡᠶᠢᠴᠦᠳ ᠤᠨ ᠲᠤᠰᠬᠠᠢ | ᠬᠡᠷᠡᠭᠯᠡᠬᠦ ᠭᠤᠶᠣᠯᠠᠯ ᠤᠨ ᠡᠳ᠋ ᠢ ᠲᠦᠷ ᠳᠠᠩᠰᠠᠯᠠᠭᠤᠯᠤᠭᠠᠳᠤᠢ ᠪᠠᠶᠢᠭᠰᠠᠭᠠᠷ᠃ ᠪᠦᠲᠦᠭᠡᠭᠳᠡᠬᠦᠨ ᠢ ᠰᠣᠩᠭᠤᠬᠤ ᠳᠠᠭᠠᠨ | ᠪᠦᠲᠦᠭᠡᠭᠳᠡᠬᠦᠨ ᠤ ᠦᠢᠯᠡᠳᠦᠯ ᠨᠢ ᠬᠡᠳᠦᠢ ᠪᠠᠭ᠎ᠠ ᠪᠣᠯ ᠲᠡᠳᠦᠢ ᠰᠠᠶᠢᠨ᠂ ᠠᠷᠠᠰᠤ ᠬᠠᠮᠠᠭᠠᠯᠠᠬᠤ ᠠᠯᠬᠤᠮ ᠳᠠᠷᠠᠭ᠎ᠠ ᠶᠢ | ᠠᠯᠢ ᠴᠢᠳᠠᠬᠤ ᠪᠠᠷ ᠳᠥᠭᠦᠮᠴᠢᠯᠡᠵᠦ᠂ ᠦᠨᠦᠷᠲᠦ ᠤᠰᠤ᠂ ᠨᠠᠷᠢᠯᠢᠭ ᠲᠣᠰᠣ ᠪᠤᠶᠤ ᠭᠡᠵᠢᠭᠡ ᠪᠤᠳᠤᠬᠤ᠂ ᠭᠡᠵᠢᠭᠡ | ᠪᠤᠷᠵᠠᠶᠢᠯᠭᠠᠬᠤ᠂ ᠴᠠᠶᠢᠷᠠᠭᠤᠯᠤᠨ ᠲᠣᠯᠪᠤ ᠶᠢ ᠠᠷᠢᠯᠭᠠᠬᠤ᠂ ᠵᠢᠰᠦ ᠭᠤᠶᠣᠯᠠᠵᠤ ᠴᠢᠮᠡᠬᠦ ︵ᠤᠷᠤᠭᠤᠯ ᠤᠨ ᠪᠤᠳᠤᠭ᠂ | ᠬᠢᠮᠤᠰᠤᠨ ᠤ ᠲᠣᠰᠣ︶ ᠪᠠᠷ ᠪᠤᠳᠤ ᠶᠢ ᠠᠷᠢᠯᠭᠠᠬᠤ ᠲᠥᠷᠥᠯ ᠤᠨ ᠪᠦᠲᠦᠭᠡᠭᠳᠡᠬᠦᠨ ᠢ ᠬᠡᠷᠡᠭᠯᠡᠬᠦ ᠠᠴᠠ ᠵᠠᠶᠢᠯᠠᠰᠬᠢᠬᠦ | ᠬᠡᠷᠡᠭᠲᠡᠢ᠃ ᠬᠠᠤᠯᠢ ᠶᠣᠰᠣᠭᠠᠷ ᠡᠷᠬᠡ ᠪᠠᠨ ᠬᠠᠮᠠᠭᠠᠯᠠᠬᠤ ᠶᠢ ᠪᠠᠲᠤ ᠴᠡᠭᠡᠵᠢᠯᠡᠬᠦ ᠬᠡᠷᠡᠭᠲᠡᠢ᠂ ᠬᠡᠷᠡᠭᠯᠡᠭᠴᠢᠳ ᠬᠡᠷᠪᠡ | ᠦᠢᠯᠡᠳᠬᠦᠨ ᠤ ᠮᠡᠳᠡᠭᠡ ᠵᠠᠩᠭᠢ ᠳᠤ ᠰᠡᠵᠢᠭᠯᠡᠯ ᠲᠠᠢ ᠪᠠᠶᠢᠪᠠᠯ᠂ ᠤᠯᠤᠰ ᠤᠨ ᠡᠮ ᠤᠨ ᠵᠦᠢᠯ ᠤᠨ ᠬᠢᠨᠠᠯᠲᠠ | ᠬᠠᠮᠢᠶᠠᠷᠤᠯᠲᠠ ᠶᠢᠨ ᠲᠣᠪᠴᠢᠶ᠎ᠠ ᠶᠢᠨ ᠰᠦᠯᠵᠢᠶ᠎ᠡ ᠪᠤᠶᠤ ᠭᠠᠷ ᠤᠲᠠᠰᠤ ᠪᠠᠷ ︽ᠵᠠᠰᠠᠯ ᠴᠢᠮᠡᠭᠯᠡᠯ ᠤᠨ ᠡᠳ᠋ ᠤᠨ | ᠬᠢᠨᠠᠯᠲᠠ ᠬᠠᠮᠢᠶᠠᠷᠤᠯᠲᠠ︾ ᠶᠢᠨ APP ᠶᠢ ᠪᠠᠭᠤᠯᠭᠠᠨ ᠠᠪᠴᠤ ᠪᠠᠶᠢᠴᠠᠭᠠᠨ ᠯᠠᠪᠯᠠᠵᠤ᠂ ᠬᠠᠷᠭᠤᠭᠤᠯᠵᠤ ᠪᠣᠯᠣᠨ᠎ᠠ | ᠃ ᠬᠡᠷᠪᠡ ᠱᠠᠭᠠᠷᠳᠠᠯᠭ᠎ᠠ ᠳᠤ ᠨᠡᠶᠢᠴᠡᠬᠦ ᠦᠭᠡᠢ ᠦᠢᠯᠡᠳᠬᠦᠨ ᠪᠤᠶᠤ ᠦᠢᠯᠡᠳᠬᠦᠨ ᠤ ᠶᠠᠰᠤ ᠴᠢᠨᠠᠷ ᠲᠤ ᠠᠰᠠᠭᠤᠳᠠᠯ | ᠣᠷᠣᠰᠢᠵᠤ ᠪᠠᠶᠢᠬᠤ ᠶᠢ ᠰᠡᠵᠢᠭᠯᠡᠵᠦ ᠪᠠᠶᠢᠪᠠᠯ᠂ ᠴᠠᠭ ᠲᠤᠬᠠᠢ ᠳᠤᠨᠢ ᠵᠠᠭᠠᠯᠳᠤᠵᠤ ᠢᠯᠡᠴᠢᠯᠡᠨ ᠮᠡᠳᠡᠭᠦᠯᠬᠦ ᠤᠲᠠᠰᠤ | ᠶᠢ ᠵᠠᠯᠭᠠᠭᠠᠷᠠᠢ᠄ 12315᠃ | ᠬᠥᠲᠥᠯᠥᠭᠴᠢ᠄ | ᠵᠠᠭᠠᠯᠳᠤᠬᠤ ᠪᠠ ᠢᠯᠡᠴᠢᠯᠡᠨ ᠮᠡᠳᠡᠭᠦᠯᠬᠦ ᠶᠢ ᠰᠠᠶ᠋ᠢᠬᠠᠨ ᠳᠤᠷᠠᠳᠤᠭᠰᠠᠨ ᠤ ᠳᠠᠷᠠᠭ᠎ᠠ᠂ ᠦᠨ᠎ᠡ ᠬᠠᠩᠰᠢ ᠶᠢᠨ | ᠠᠰᠠᠭᠤᠳᠠᠯ ᠪᠣᠯ ᠮᠠᠨ ᠤ ᠠᠷᠠᠳ ᠢᠷᠭᠡᠳ ᠤᠨ ᠡᠳᠦᠷ ᠲᠤᠲᠤᠮ ᠤᠨ ᠠᠮᠢᠳᠤᠷᠠᠯ ᠤᠨ ᠳᠤᠮᠳᠠ ᠨᠡᠯᠢᠶᠡᠳ ᠠᠩᠬᠠᠷᠴᠤ | ᠪᠠᠶᠢᠭ᠎ᠠ ᠶᠢ ᠪᠢᠳᠡ ᠮᠡᠳᠡᠵᠦ ᠪᠠᠶᠢᠨ᠎ᠠ᠂ ᠡᠭᠦᠨ ᠤ ᠳᠣᠲᠣᠷᠠᠬᠢ ᠨᠢᠭᠡ ᠵᠠᠩᠭᠢᠯᠠᠭ᠎ᠠ ᠶᠢᠨ ᠦᠭᠡ ᠨᠢ ᠦᠨ᠎ᠡ ᠬᠠᠩᠰᠢ | ᠶᠢ ᠢᠯᠡ ᠬᠠᠳᠠᠬᠤ ᠶᠠᠪᠤᠳᠠᠯ ᠪᠣᠯᠣᠨ᠎ᠠ᠂ ᠲᠡᠭᠡᠪᠡᠯ ᠦᠨ᠎ᠡ ᠬᠠᠩᠰᠢ ᠶᠢ ᠢᠯᠡ ᠬᠠᠳᠠᠬᠤ ᠪᠣᠳᠠᠲᠠᠢ ᠠᠷᠭ᠎ᠠ ᠬᠡᠯᠪᠡᠷᠢ | ᠪᠣᠯᠣᠨ ᠪᠣᠳᠠᠲᠠᠢ ᠠᠭᠤᠯᠭ᠎ᠠ ᠶᠢ ᠬᠡᠷᠬᠢᠨ ᠲᠣᠭᠲᠠᠭᠠᠭᠰᠠᠨ ᠪᠤᠶ ︖ | ᠵᠣᠴᠢᠳ ᠤᠨ ᠦᠨ᠎ᠡ ᠬᠠᠩᠰᠢ ᠶᠢ ᠬᠢᠨᠠᠨ ᠪᠠᠶᠢᠴᠠᠭᠠᠬᠤ ᠰᠠᠯᠠᠭᠠᠨ ᠤ ᠳᠡᠳ᠋ ᠳᠠᠷᠤᠭ᠎ᠠ ᠯᠢ ᠵᠠᠨ ᠶᠦᠩ᠄ | ︽ᠦᠨ᠎ᠡ ᠬᠠᠩᠰᠢ ᠶᠢ ᠢᠯᠠ ᠬᠠᠳᠡᠬᠤ ᠪᠠ ᠦᠨ᠎ᠡ ᠬᠠᠩᠰᠢ ᠶᠢᠨ ᠮᠡᠬᠡᠯᠡᠯ ᠢ ᠴᠠᠭᠠᠵᠠᠯᠠᠬᠤ ᠲᠣᠭᠲᠠᠭᠠᠯ︾ ᠤᠨ | ᠲᠣᠭᠲᠠᠭᠠᠯ ᠢ ᠦᠨᠳᠦᠰᠦᠯᠡᠪᠡᠯ ᠦᠨ᠎ᠡ ᠬᠠᠩᠰᠢ ᠶᠢ ᠢᠯᠠ ᠬᠠᠳᠡᠬᠤ ᠭᠡᠳᠡᠭ ᠪᠣᠯ ᠡᠵᠡᠩᠨᠡᠭᠴᠢ ᠲᠠᠸᠠᠷ ᠢ | ᠪᠣᠷᠣᠯᠠᠭᠤᠯᠬᠤ᠂ ᠬᠤᠳᠠᠯᠳᠤᠨ ᠠᠪᠬᠤ ᠪᠠ ᠦᠢᠯᠡᠴᠢᠯᠡᠭᠡ ᠬᠠᠩᠭᠠᠬᠤ ᠶᠠᠪᠤᠴᠠ ᠳᠠᠭᠠᠨ ᠦᠨ᠎ᠡ ᠬᠠᠩᠰᠢ ᠵᠡᠷᠭᠡ | ᠮᠡᠳᠡᠭᠡ ᠵᠠᠩᠭᠢ ᠶᠢ ᠬᠠᠤᠯᠢ ᠶᠣᠰᠣᠭᠠᠷ ᠢᠯᠠ ᠨᠡᠶᠢᠲᠡᠯᠡᠬᠦ ᠠᠵᠢᠯᠯᠠᠭ᠎ᠠ ᠶᠢ ᠵᠢᠭᠠᠵᠤ ᠪᠠᠶᠢᠨ᠎ᠠ᠃ ᠪᠣᠳᠠᠲᠠᠢ ᠱᠠᠭᠠᠷᠳᠠᠯᠭ᠎ᠠ | ᠨᠢ ᠭᠤᠣᠯᠳᠠᠭᠤ ᠳᠣᠣᠷᠠᠬᠢ ᠬᠡᠳᠦᠨ ᠵᠦᠢᠯ ᠪᠣᠶ᠄ 1. ᠡᠵᠡᠩᠨᠡᠭᠴᠢ ᠲᠠᠸᠠᠷ ᠪᠣᠷᠣᠯᠠᠭᠤᠯᠬᠤ᠂ ᠬᠤᠳᠠᠯᠳᠤᠨ ᠠᠪᠬᠤ | ᠪᠠ ᠦᠢᠯᠡᠴᠢᠯᠡᠭᠡ ᠬᠠᠩᠭᠠᠬᠤ ᠳᠠᠭᠠᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠤᠨ | ᠲᠣᠭᠲᠠᠭᠠᠯ ᠶᠣᠰᠣᠭᠠᠷ ᠦᠨ᠎ᠡ ᠬᠠᠩᠰᠢ ᠶᠢ ᠢᠯᠡ ᠬᠠᠳᠠᠬᠤ ᠬᠡᠷᠡᠭᠲᠡᠢ᠃ ᠦᠨ᠎ᠡ ᠬᠠᠩᠰᠢ ᠶᠢ ᠢᠯᠡ ᠬᠠᠳᠠᠬᠤ ᠳᠠᠭᠠᠨ | ᠲᠠᠸᠠᠷ ᠪᠠ ᠦᠢᠯᠡᠴᠢᠯᠡᠭᠡ᠂ ᠠᠵᠢᠯ ᠲᠦᠷᠦᠯ᠂ ᠣᠷᠣᠨ ᠪᠦᠰᠡ ᠵᠡᠷᠭᠡ ᠶᠢᠨ ᠣᠨᠴᠠᠯᠢᠭ ᠢ ᠦᠨᠳᠦᠰᠦᠯᠡᠨ᠂ ᠦᠨᠡᠨ | ᠪᠣᠳᠠᠲᠠᠢ ᠪᠥᠭᠡᠳ ᠵᠥᠪ ᠣᠨᠣᠪᠴᠢᠲᠠᠶ᠂ ᠪᠠᠷᠠᠭᠠᠨ ᠤ ᠱᠣᠰᠢᠭ᠎ᠠ ᠲᠡᠮᠳᠡᠭ ᠢ ᠣᠷᠣᠨ ᠪᠠᠶᠢᠷᠢ ᠳᠤᠨᠢ ᠲᠠᠭᠠᠷᠠᠭᠤᠯᠵᠤ᠂ | ᠢᠯᠡᠳᠬᠡᠭᠴᠢ ᠲᠡᠮᠳᠡᠭ ᠢ ᠢᠯᠡ ᠲᠣᠳᠣ ᠪᠠᠶᠢᠯᠭᠠᠬᠤ ᠬᠡᠷᠡᠭᠲᠡᠢ᠃ 2. ᠡᠵᠡᠩᠨᠡᠭᠴᠢᠳ ᠢᠯᠡᠷᠬᠡᠢ ᠠᠷᠭ᠎ᠠ ᠮᠠᠶ᠋ᠢᠭ ᠢᠶᠠᠷ | ᠦᠨ᠎ᠡ ᠬᠠᠩᠰᠢ ᠶᠢ ᠢᠯᠠ ᠲᠡᠮᠳᠡᠭᠯᠡᠵᠦ᠂ ᠦᠨ᠎ᠡ ᠬᠠᠩᠰᠢ ᠲᠠᠢ ᠲᠣᠬᠢᠷᠠᠯᠴᠠᠬᠤ ᠲᠠᠸᠠᠷ ᠪᠤᠶᠤ ᠦᠢᠯᠡᠴᠢᠯᠡᠭᠡ ᠶᠢ | ᠲᠣᠳᠣᠷᠬᠠᠢ ᠢᠯᠡᠳᠬᠡᠬᠦ ᠬᠡᠷᠡᠭᠲᠡᠢ᠃ ᠡᠵᠡᠩᠨᠡᠭᠴᠢᠳ ᠠᠳᠠᠯᠢ ᠪᠤᠰᠤ ᠠᠷᠠᠯᠵᠢᠶᠠᠨ ᠤ ᠨᠥᠬᠦᠴᠡᠯ ᠢ ᠦᠨᠳᠦᠰᠦᠯᠡᠨ | ᠠᠳᠠᠯᠢ ᠪᠤᠰᠤ ᠦᠨ᠎ᠡ ᠶᠢ ᠬᠡᠷᠡᠭᠵᠢᠭᠦᠯᠬᠦ ᠳᠤ ᠬᠦᠷᠪᠡᠯ᠂ ᠠᠷᠠᠯᠵᠢᠶᠠᠨ ᠤ ᠨᠥᠬᠦᠴᠡᠯ ᠬᠢᠭᠡᠳ ᠲᠡᠭᠦᠨ ᠯᠦᠭᠡ | ᠵᠣᠬᠢᠴᠠᠯᠳᠤᠭᠰᠠᠨ ᠦᠨ᠎ᠡ ᠶᠢ ᠲᠣᠳᠣᠷᠬᠠᠢ ᠪᠢᠴᠢᠬᠦ ᠬᠡᠷᠡᠭᠲᠡᠢ᠃ ᠲᠠᠸᠠᠷ ᠪᠤᠶᠤ ᠦᠢᠯᠡᠴᠢᠯᠡᠭᠡᠨ ᠤ ᠦᠨ᠎ᠡ ᠳᠤ | ᠬᠤᠪᠢᠷᠠᠯᠲᠠ ᠭᠠᠷᠪᠠᠯ᠂ ᠡᠵᠡᠩᠨᠡᠭᠴᠢ ᠵᠣᠬᠢᠴᠠᠩᠭᠤᠢ ᠬᠠᠳᠠᠭᠰᠠᠨ ᠦᠨ᠎ᠡ ᠶᠢ ᠴᠠᠭ ᠲᠤᠬᠠᠢ ᠳᠤᠨᠢ ᠲᠣᠬᠢᠷᠠᠭᠤᠯᠬᠤ | ᠬᠡᠷᠡᠭᠲᠡᠢ᠃ 3. ᠡᠵᠡᠩᠨᠡᠭᠴᠢᠳ ᠲᠠᠸᠠᠷ ᠢᠶᠠᠨ ᠪᠣᠷᠣᠯᠠᠭᠤᠯᠬᠤ ᠳᠠᠭᠠᠨ ᠲᠠᠸᠠᠷ ᠤᠨ ᠨᠡᠷ᠎ᠡ᠂ ᠦᠨ᠎ᠡ ᠪᠠ ᠦᠨ᠎ᠡ | ᠪᠤᠳᠤᠬᠤ ᠨᠢᠭᠡᠴᠢ ᠶᠢ ᠲᠣᠳᠣᠷᠬᠠᠶᠢᠯᠠᠬᠤ ᠬᠡᠷᠡᠭᠲᠡᠢ᠃ ᠠᠳᠠᠯᠢ ᠲᠦᠷᠦᠯ ᠤᠨ ᠲᠠᠸᠠᠷ ᠪᠤᠶᠤ ᠲᠦᠷᠦᠯ ᠵᠦᠢᠯ ᠤᠨ | ᠲᠠᠸᠠᠷ ᠤᠨ ᠥᠩᠭᠡ᠂ ᠬᠡᠯᠪᠡᠷᠢ ᠳᠦᠷᠰᠦ᠂ ᠬᠡᠪ ᠪᠠᠷᠢᠮᠵᠢᠶ᠎ᠠ᠂ ᠦᠢᠯᠡᠳᠪᠦᠷᠢᠯᠡᠭᠰᠡᠨ ᠭᠠᠵᠠᠷ᠂ ᠵᠡᠷᠭᠡ ᠳᠡᠰ ᠵᠡᠷᠭᠡ ᠶᠢᠨ | ᠠᠳᠠᠯᠢ ᠪᠤᠰᠤ ᠠᠴᠠ ᠪᠣᠯᠵᠤ ᠠᠳᠠᠯᠢ ᠪᠤᠰᠤ ᠦᠨ᠎ᠡ ᠬᠠᠩᠰᠢ ᠶᠢ ᠬᠡᠷᠡᠭᠵᠢᠭᠦᠯᠦᠭᠰᠡᠨ ᠪᠠᠶᠢᠪᠠᠯ᠂ ᠡᠵᠡᠩᠨᠡᠭᠴᠢ ᠠᠴᠠ | ᠠᠳᠠᠯᠢ ᠪᠤᠰᠤ ᠦᠨ᠎ᠡ ᠬᠠᠩᠰᠢ ᠳᠤ ᠴᠢᠭᠯᠡᠭᠦᠯᠦᠨ ᠲᠤᠰ ᠲᠤᠰ ᠲᠤᠨᠢ ᠦᠢᠯᠡᠳᠬᠦᠨ ᠤ ᠨᠡᠷ᠎ᠡ ᠶᠢ ᠢᠯᠡᠷᠬᠡᠶᠢᠯᠡᠵᠦ᠂ | ᠢᠯᠭᠠᠭ᠎ᠠ ᠪᠠᠨ ᠢᠯᠡᠳᠬᠡᠬᠦ ᠬᠡᠷᠡᠭᠲᠡᠢ᠃ ᠡᠵᠡᠩᠨᠡᠭᠴᠢᠳ ᠦᠢᠯᠡᠴᠢᠯᠡᠭᠡ ᠬᠠᠩᠭᠠᠬᠤ ᠳᠠᠭᠠᠨ ᠦᠢᠯᠡᠴᠢᠯᠡᠭᠡᠨ ᠤ ᠵᠦᠢᠯᠡᠰ᠂ | ᠦᠢᠯᠡᠴᠢᠯᠡᠭᠡᠨ ᠤ ᠠᠭᠤᠯᠭ᠎ᠠ ᠪᠠ ᠦᠨ᠎ᠡ ᠬᠠᠩᠰᠢ ᠪᠤᠶᠤ ᠦᠨ᠎ᠡ ᠪᠤᠳᠤᠬᠤ ᠠᠷᠭ᠎ᠠ ᠪᠠᠨ ᠲᠣᠳᠣᠷᠬᠠᠶᠢᠯᠠᠬᠤ ᠬᠡᠷᠡᠭᠲᠡᠢ᠃ | ᠡᠵᠡᠩᠨᠡᠭᠴᠢᠳ ᠪᠣᠳᠠᠲᠠᠢ ᠡᠵᠡᠩᠨᠡᠯᠲᠡ ᠶᠢᠨ ᠪᠠᠶᠢᠳᠠᠯ ᠢᠶᠠᠨ ᠦᠨᠳᠦᠰᠦᠯᠡᠨ᠂ ᠦᠨ᠎ᠡ ᠬᠠᠩᠰᠢ ᠳᠤ ᠬᠤᠯᠪᠣᠭᠳᠠᠬᠤ | ᠴᠢᠨᠠᠷ ᠴᠢᠨᠰᠠᠭ᠎ᠠ᠂ ᠦᠢᠯᠡᠴᠢᠯᠡᠭᠡᠨ ᠤ ᠪᠠᠷᠢᠮᠵᠢᠶ᠎ᠠ᠂ ᠳ᠋ᠦᠩᠨᠡᠨ ᠪᠤᠳᠦᠬᠤ ᠠᠷᠭ᠎ᠠ ᠵᠡᠷᠭᠡ ᠪᠤᠰᠤᠳ ᠮᠡᠳᠡᠭᠡ ᠵᠠᠩᠭᠢ ᠶᠢ | ᠥᠪᠡᠰᠦᠪᠡᠨ ᠨᠡᠮᠡᠵᠦ ᠪᠣᠯᠣᠨ᠎ᠠ᠃ 4. ᠡᠵᠡᠩᠨᠡᠭᠴᠢ ᠲᠠᠸᠠᠷ ᠢᠶᠠᠨ ᠪᠣᠷᠣᠯᠠᠭᠤᠯᠬᠤ ᠪᠤᠶᠤ ᠦᠢᠯᠡᠴᠢᠯᠡᠭᠡ | ᠬᠠᠩᠭᠠᠬᠤ ᠳᠠᠭᠠᠨ ᠬᠠᠳᠠᠭᠰᠠᠨ ᠦᠨ᠎ᠡ ᠠᠴᠠ ᠭᠠᠳᠠᠭᠤᠷ ᠲᠠᠸᠠᠷ ᠢᠶᠠᠨ ᠦᠨ᠎ᠡ ᠨᠡᠮᠡᠵᠦ ᠬᠤᠳᠠᠯᠳᠤᠬᠤ ᠪᠤᠶᠤ | ᠦᠢᠯᠡᠴᠢᠯᠡᠭᠡ ᠬᠠᠩᠭᠠᠵᠤ ᠪᠣᠯᠬᠤ ᠤᠶᠢᠭᠡᠢ᠂ ᠲᠣᠳᠣᠷᠬᠠᠶᠢᠯᠠᠭᠰᠠᠨ ᠤᠶᠢᠭᠡᠢ ᠶᠠᠮᠠᠷ ᠴᠤ ᠰᠦᠢᠳᠬᠡᠯ ᠬᠤᠷᠢᠶᠠᠵᠤ | ᠪᠣᠯᠬᠤ ᠤᠶᠢᠭᠡᠢ᠃ 5. ᠡᠵᠡᠩᠨᠡᠭᠴᠢᠳ ᠲᠠᠸᠠᠷ ᠢᠶᠠᠨ ᠪᠣᠷᠣᠯᠠᠭᠤᠯᠬᠤ ᠶᠢᠨ ᠵᠡᠷᠭᠡ ᠳᠤ ᠲᠣᠬᠢᠷᠠᠭᠤᠯᠤᠨ ᠬᠦᠷᠭᠡᠬᠦ᠂ | ᠵᠥᠭᠡᠭᠡᠪᠦᠷᠢᠯᠡᠬᠦ᠂ ᠤᠭᠰᠠᠷᠠᠬᠤ᠂ ᠲᠤᠷᠰᠢᠨ ᠲᠣᠬᠢᠷᠠᠭᠤᠯᠬᠤ ᠵᠡᠷᠭᠡ ᠳᠠᠭᠠᠯᠲᠠ ᠦᠢᠯᠡᠴᠢᠯᠡᠭᠡ ᠶᠢ ᠦᠨ᠎ᠡ | ᠲᠥᠯᠥᠪᠦᠷᠢ ᠲᠠᠢ ᠪᠠᠷ ᠬᠠᠩᠭᠠᠬᠤ ᠳᠤ ᠬᠦᠷᠪᠡᠯ᠂ ᠲᠤᠰ ᠲᠣᠭᠲᠠᠭᠠᠯ ᠤᠨ ᠳᠣᠯᠣᠳᠤᠭᠠᠷ ᠵᠦᠢᠯ ᠤᠨ ᠲᠣᠭᠲᠠᠭᠠᠯ | ᠶᠣᠰᠣᠭᠠᠷ ᠳᠠᠭᠠᠯᠲᠠ ᠦᠢᠯᠡᠴᠢᠯᠡᠭᠡ ᠳᠤ ᠦᠨ᠎ᠡ ᠬᠠᠩᠰᠢ ᠶᠢ ᠢᠯᠡ ᠬᠠᠳᠠᠬᠤ ᠬᠡᠷᠡᠭᠲᠡᠢ᠃ ᠳᠠᠭᠠᠯᠳᠤᠭᠰᠠᠨ | ᠦᠢᠯᠡᠴᠢᠯᠡᠭᠡ ᠶᠢ ᠲᠠᠸᠠᠷ ᠪᠣᠷᠣᠯᠠᠭᠤᠯᠬᠤ ᠡᠵᠡᠩᠨᠡᠭᠴᠢ ᠬᠠᠩᠭᠠᠬᠤ ᠦᠭᠡᠢ ᠪᠠᠶᠢᠪᠠᠯ᠂ ᠢᠯᠡᠷᠬᠡᠢ ᠠᠷᠭ᠎ᠠ ᠮᠠᠶ᠋ᠢᠭ ᠢᠶᠠᠷ | ᠲᠡᠮᠳᠡᠭ ᠪᠤᠶᠤ ᠲᠣᠳᠣᠷᠬᠠᠶᠢᠯᠠᠯᠲᠠ ᠶᠢ ᠢᠯᠭᠠᠬᠤ ᠬᠡᠷᠡᠭᠲᠡᠢ᠃ 6. ᠡᠵᠡᠩᠨᠡᠭᠴᠢ ᠦᠨ᠎ᠡ ᠬᠠᠳᠠᠭᠰᠠᠨ ᠱᠣᠰᠢᠭ᠎ᠠ ︵ | ᠡᠯᠧᠺᠲᠷᠣᠨ ᠦᠨ᠎ᠡ ᠬᠠᠳᠠᠭᠰᠠᠨ ᠱᠣᠰᠢᠭ᠎ᠠ ᠪᠠᠭᠲᠠᠨ᠎ᠠ︶᠂ ᠦᠨ᠎ᠡ ᠬᠠᠳᠠᠭᠰᠠᠨ ᠫᠠᠶᠢᠰᠠ᠂ ᠦᠨ᠎ᠡ ᠶᠢᠨ | ᠬᠦᠰᠦᠨᠦᠭᠲᠦ ︵ᠳᠡᠪᠲᠡᠷ︶᠂ ᠳᠡᠯᠭᠡᠨ ᠦᠵᠡᠭᠦᠯᠬᠦ ᠰᠠᠮᠪᠠᠷ᠎ᠠ᠂ ᠡᠯᠧᠺᠲᠷᠣᠨ ᠳᠡᠯᠭᠡᠴᠡ᠂ ᠲᠠᠸᠠᠷ ᠤᠨ ᠪᠣᠳᠠᠲᠤ | ᠶᠠᠭᠤᠮ᠎ᠠ ᠪᠤᠶᠤ ᠵᠠᠭᠪᠤᠷ ᠤᠨ ᠦᠵᠡᠭᠦᠯᠦᠯᠭᠡ᠂ ᠵᠢᠷᠤᠭ ᠤᠨ ᠦᠵᠡᠭᠦᠯᠦᠯᠭᠡ ᠵᠢᠴᠢ ᠪᠤᠰᠤᠳ ᠬᠦᠴᠦᠨ ᠪᠦᠬᠦᠢ | ᠬᠡᠯᠪᠡᠷᠢ ᠪᠠᠷ ᠦᠨ᠎ᠡ ᠬᠠᠳᠠᠭᠰᠠᠨ ᠢᠯᠡ ᠲᠡᠮᠳᠡᠭ ᠢ ᠰᠣᠩᠭᠤᠵᠤ ᠪᠣᠯᠣᠨ᠎ᠠ᠃ ᠮᠥᠩᠭᠦᠨ ᠭᠦᠢᠯᠭᠡᠭᠡ᠂ ᠵᠠᠮ | ᠬᠠᠷᠢᠯᠴᠠᠭ᠎ᠠ ᠲᠡᠭᠡᠭᠡᠪᠦᠷᠢ᠂ ᠡᠮ ᠡᠮᠨᠡᠯᠭᠡ ᠡᠷᠡᠭᠦᠯ ᠬᠠᠮᠠᠭᠠᠯᠠᠯ ᠵᠡᠷᠭᠡ ᠤᠯᠠᠨ ᠵᠦᠢᠯ ᠤᠨ ᠦᠢᠯᠡᠴᠢᠯᠡᠭᠡ ᠶᠢ ᠵᠡᠷᠭᠡᠪᠡᠷ | ᠬᠠᠩᠭᠠᠵᠤ ᠪᠠᠶᠢᠭ᠎ᠠ ᠠᠵᠢᠯ ᠲᠦᠷᠦᠯ ᠤᠳ ᠡᠯᠧᠺᠲᠷᠣᠨ ᠢᠶᠠᠷ ᠪᠠᠶᠢᠴᠠᠭᠠᠨ ᠯᠠᠪᠯᠠᠬᠤ ᠰᠢᠰᠲ᠋ᠧᠮ ᠤᠨ ᠠᠷᠭ᠎ᠠ ᠮᠠᠶ᠋ᠢᠭ ᠢ | ᠵᠡᠷᠭᠡ ᠳᠤᠨᠢ ᠬᠡᠷᠡᠭᠯᠡᠨ ᠦᠨ᠎ᠡ ᠬᠠᠩᠰᠢ ᠶᠢ ᠢᠯᠡ ᠲᠡᠮᠳᠡᠭᠯᠡᠵᠦ ᠪᠣᠯᠣᠨ᠎ᠠ᠃ ᠡᠵᠡᠩᠨᠡᠭᠴᠢᠳ ᠲᠣᠣᠷ ᠰᠦᠯᠵᠢᠶ᠎ᠡ ᠵᠡᠷᠭᠡ | ᠠᠷᠭ᠎ᠠ ᠮᠠᠶ᠋ᠢᠭ ᠢᠶᠠᠷ ᠲᠠᠸᠠᠷ ᠪᠣᠷᠣᠯᠠᠭᠤᠯᠬᠤ ᠪᠤᠶᠤ ᠦᠢᠯᠡᠴᠢᠯᠡᠭᠡ ᠬᠠᠩᠭᠠᠬᠤ ᠳᠠᠭᠠᠨ ᠲᠣᠣᠷ ᠰᠦᠯᠵᠢᠶᠡᠨ ᠤ ᠨᠢᠭᠤᠷ | ᠨᠢᠭᠤᠷ᠂ ᠤᠶᠢᠰᠦᠭ ᠪᠢᠴᠢᠭ᠂ ᠵᠢᠷᠤᠭ ᠳᠦᠷᠰᠦ ᠵᠡᠷᠭᠡ ᠠᠷᠭ᠎ᠠ ᠮᠠᠶ᠋ᠢᠭ ᠢᠶᠠᠷ ᠦᠨ᠎ᠡ ᠬᠠᠩᠰᠢ ᠶᠢ ᠢᠯᠠ ᠪᠠᠷ ᠬᠠᠳᠡᠬᠤ | ᠬᠡᠷᠡᠭᠲᠡᠢ᠃ | ᠬᠥᠲᠥᠯᠥᠭᠴᠢ᠄ | ᠲᠣᠮᠣ ᠬᠡᠯᠪᠡᠷᠢ ᠶᠢᠨ ᠲᠠᠷᠢᠶᠠᠯᠠᠩ ᠤᠨ ᠠᠷᠠᠯᠵᠢᠶᠠᠨ ᠤ ᠵᠠᠬ᠎ᠠ ᠳᠡᠯᠭᠡᠭᠦᠷ᠂ ᠠᠷᠠᠳ ᠲᠤ ᠲᠥᠬᠦᠮ ᠦᠵᠡᠭᠦᠯᠬᠦ | ᠵᠠᠬ᠎ᠠ ᠳᠡᠯᠭᠡᠭᠦᠷ ᠤᠨ ᠦᠨ᠎ᠡ ᠬᠠᠩᠰᠢ ᠶᠢᠨ ᠬᠢᠨᠠᠯᠲᠠ ᠬᠠᠮᠢᠶᠠᠷᠤᠯᠲᠠ ᠶᠢᠨ ᠲᠠᠯ᠎ᠠ ᠪᠠᠷ᠂ ᠡᠨᠡ ᠬᠦ ᠠᠵᠢᠯ ᠢ ᠬᠡᠷᠬᠢᠨ | ᠥᠷᠨᠢᠭᠦᠯᠦᠭᠰᠡᠨ ᠪᠣᠶ︖ ᠪᠠᠶᠢᠴᠠᠭᠠᠯᠲᠠ ᠳᠤ ᠶᠠᠮᠠᠷ ᠶᠠᠮᠠᠷ ᠠᠰᠠᠭᠤᠳᠠᠯ ᠪᠠᠶᠢᠬᠤ ᠶᠢ ᠣᠯᠵᠤ ᠮᠡᠳᠡᠭᠰᠡᠨ ᠪᠣᠶ︖ | ᠬᠡᠷᠡᠭᠯᠡᠭᠡᠨ ᠤ ᠶᠠᠪᠤᠴᠠ ᠳᠤ ᠤᠯᠠᠨ ᠲᠦᠮᠡᠨ ᠶᠠᠮᠠᠷ ᠠᠰᠠᠭᠤᠳᠠᠯ ᠤᠳ ᠢ ᠣᠨᠴᠠ ᠠᠩᠬᠠᠷᠪᠠᠯ ᠵᠣᠬᠢᠬᠤ ᠪᠤᠢ︖ | ᠦᠨ᠎ᠡ ᠬᠠᠩᠰᠢ ᠶᠢ ᠬᠢᠨᠠᠨ ᠪᠠᠶᠢᠴᠠᠭᠠᠬᠤ ᠰᠠᠯᠠᠭᠠᠨ ᠤ ᠳᠡᠳ᠋ ᠳᠠᠷᠤᠭ᠎ᠠ ᠯᠢ ᠵᠠᠨ ᠶᠦᠩ᠄ | ᠲᠠᠷᠢᠶᠠᠯᠠᠩ ᠤᠨ ᠠᠷᠠᠯᠵᠢᠶᠠᠨ ᠤ ᠵᠠᠬ᠎ᠠ ᠳᠡᠯᠭᠡᠭᠦᠷ᠂ ᠠᠷᠠᠳ ᠲᠤ ᠲᠥᠬᠦᠮ ᠦᠵᠡᠭᠦᠯᠬᠦ ᠵᠠᠬ᠎ᠠ ᠳᠡᠯᠭᠡᠭᠦᠷ ᠤᠨ | ᠲᠠᠯ᠎ᠠ ᠪᠠᠷ ᠮᠠᠨ ᠤ ᠦᠨ᠎ᠡ ᠬᠠᠩᠰᠢ ᠶᠢᠨ ᠬᠢᠨᠠᠯᠲᠠ ᠬᠠᠮᠢᠶᠠᠷᠤᠯᠲᠠ ᠪᠣᠯ ᠭᠤᠣᠯᠳᠠᠭᠤ ᠦᠨ᠎ᠡ ᠬᠠᠩᠰᠢ ᠶᠢ ᠢᠯᠡ | ᠲᠡᠮᠳᠡᠭᠯᠡᠬᠦ ᠠᠰᠠᠭᠤᠳᠠᠯ ᠢ ᠵᠢᠷᠤᠮᠵᠢᠭᠤᠯᠬᠤ ᠶᠢᠨ ᠲᠥᠯᠥᠭᠡ ᠶᠤᠮ᠃ ᠣᠯᠠᠨ ᠢᠶᠠᠷ ᠢᠶᠠᠨ ᠡᠩ ᠤᠨ ᠴᠠᠭ ᠲᠤ ᠶᠠᠭᠤᠮ᠎ᠠ | ᠬᠤᠳᠠᠯᠳᠤᠨ ᠠᠪᠬᠤ ᠪᠠᠷ ᠣᠴᠢᠬᠤ ᠳᠤ᠂ ᠲᠣᠮᠣ ᠬᠡᠯᠪᠡᠷᠢ ᠶᠢᠨ ᠬᠤᠳᠠᠯᠳᠤᠭᠠᠨ ᠤ ᠬᠡᠲᠦ ᠳᠡᠯᠭᠡᠭᠦᠷ ᠤᠨ ᠦᠨ᠎ᠡ | ᠬᠠᠩᠰᠢ ᠶᠢ ᠢᠯᠡ ᠬᠠᠳᠠᠬᠤ ᠠᠵᠢᠯ ᠢ ᠪᠠᠰᠠ ᠨᠡᠯᠢᠶᠡᠳ ᠵᠢᠷᠤᠮᠵᠢᠭᠤᠨ ᠬᠢᠵᠦ ᠪᠠᠶᠢᠨ᠎ᠠ᠂ ᠭᠡᠪᠡᠴᠦ ᠲᠠᠷᠢᠶᠠᠯᠠᠩ ᠤᠨ | ᠠᠷᠠᠯᠵᠢᠶᠠᠨ ᠤ ᠵᠠᠬ᠎ᠠ ᠳᠡᠯᠭᠡᠭᠦᠷ᠂ ᠠᠷᠠᠳ ᠲᠤ ᠲᠥᠬᠦᠮ ᠦᠵᠡᠭᠦᠯᠬᠦ ᠵᠠᠬ᠎ᠠ ᠳᠡᠯᠭᠡᠭᠦᠷ ᠲᠤ ᠭᠦᠷᠪᠡᠯ᠂ ᠢᠯᠠᠩᠭᠤᠶ᠎ᠠ | ᠵᠠᠷᠢᠮ ᠵᠢᠵᠢᠭ ᠢᠳᠡᠰᠢᠨ ᠨᠣᠭᠤᠭᠠᠨ ᠤ ᠳᠡᠯᠭᠡᠭᠦᠷ ᠤᠨ ᠦᠨ᠎ᠡ ᠬᠠᠩᠰᠢ ᠶᠢ ᠢᠯᠡ ᠬᠠᠳᠠᠬᠤ ᠠᠵᠢᠯ ᠨᠢ ᠲᠡᠶᠢᠮᠦ | ᠵᠢᠷᠤᠮᠵᠢᠭᠤᠨ ᠪᠢᠰᠢ ᠪᠣᠯᠵᠤ᠂ ᠠᠮᠠᠷᠬᠠᠨ ︽ᠬᠥᠮᠥᠨ ᠢ ᠦᠵᠡᠵᠦ ᠬᠤᠭᠤᠯᠠ ᠢᠳᠡᠬᠦ︾ ᠠᠰᠠᠭᠤᠳᠠᠯ ᠭᠠᠷᠤᠨ᠎ᠠ | ᠭᠡᠳᠡᠭ ᠢ ᠰᠡᠷᠡᠵᠦ ᠮᠡᠳᠡᠵᠦ ᠪᠣᠯᠣᠨ᠎ᠠ᠃ ᠡᠨᠡ ᠵᠢᠯ᠂ ᠲᠠᠷᠢᠶᠠᠯᠠᠩ ᠤᠨ ᠠᠷᠠᠯᠵᠢᠶᠠᠨ ᠤ ᠵᠠᠬ᠎ᠠ ᠳᠡᠯᠭᠡᠭᠦᠷ ᠤᠨ ᠦᠨ᠎ᠡ | ᠬᠠᠩᠰᠢ ᠶᠢ ᠢᠯᠡ ᠲᠡᠮᠳᠡᠭᠯᠡᠬᠦ ᠲᠤᠰᠬᠠᠢ ᠠᠵᠢᠯᠯᠠᠭ᠎ᠠ ᠨᠢ ᠮᠥᠨ ᠴᠦ ᠮᠠᠨ ᠤ ᠨᠢᠭᠡ ᠵᠦᠢᠯ ᠤᠨ ᠭᠤᠣᠯᠳᠠᠯᠭ᠎ᠠ ᠲᠠᠢ | ᠠᠵᠢᠯ ᠪᠣᠯᠣᠨ᠎ᠠ᠂ ᠨᠢᠭᠡ ᠳᠤ ᠲᠠᠷᠢᠶᠠᠯᠠᠩ ᠤᠨ ᠠᠷᠠᠯᠵᠢᠶᠠᠨ ᠤ ᠵᠠᠬ᠎ᠠ ᠳᠡᠯᠭᠡᠭᠦᠷ ᠢ ᠨᠡᠭᠡᠭᠡᠨ ᠡᠷᠭᠢᠯᠡᠬᠦ ᠨᠢᠭᠡᠴᠡ ᠪᠤᠶᠤ | ᠵᠠᠬ᠎ᠠ ᠳᠡᠯᠭᠡᠭᠦᠷ ᠤᠨ ᠠᠳᠠᠯ ᠠᠬᠤᠢ ᠶᠢᠨ ᠬᠠᠮᠢᠶᠠᠷᠤᠯᠲᠠ ᠶᠢᠨ ᠨᠢᠭᠡᠴᠡ ᠶᠢ ᠲᠣᠭᠲᠠᠭᠠᠯ ᠶᠣᠰᠣᠭᠠᠷ ᠲᠠᠷᠢᠶᠠᠯᠠᠩ ᠤᠨ | ᠠᠷᠠᠯᠵᠢᠶᠠᠨ ᠤ ᠵᠠᠬ᠎ᠠ ᠳᠡᠯᠭᠡᠭᠦᠷ ᠤᠨ ᠦᠢᠯᠡᠴᠢᠯᠡᠭᠡᠨ ᠤ ᠰᠦᠢᠳᠬᠡᠯ ᠬᠤᠷᠢᠶᠠᠯᠲᠠ ᠶᠢ ᠵᠠᠷᠯᠠᠨ ᠨᠡᠶᠢᠲᠡᠯᠡᠬᠦ ᠠᠵᠢᠯ ᠢ | ᠰᠠᠶᠢᠲᠤᠷ ᠬᠢᠬᠦ ᠬᠡᠷᠡᠭᠲᠡᠢ ᠭᠡᠵᠦ ᠱᠠᠭᠠᠷᠳᠠᠪᠠ᠃ ᠡᠭᠦᠨ ᠤ ᠬᠠᠮᠲᠤ᠂ ᠲᠠᠯᠠᠪᠠᠶ ᠳᠤ ᠣᠷᠣᠬᠤ ᠡᠵᠡᠩᠨᠡᠭᠴᠢᠳ ᠤᠨ | ᠦᠨ᠎ᠡ ᠬᠠᠩᠰᠢ ᠶᠢ ᠢᠯᠡ ᠬᠠᠳᠠᠬᠤ ᠬᠠᠮᠢᠶᠠᠷᠤᠯᠲᠠ ᠶᠢᠨ ᠠᠵᠢᠯ ᠢ ᠡᠭᠦᠷᠭᠡᠯᠡᠵᠦ᠂ ᠲᠠᠯᠠᠪᠠᠶ ᠳᠤ ᠣᠷᠣᠬᠤ | ᠡᠵᠡᠩᠨᠡᠭᠴᠢᠳ ᠢ ᠱᠠᠭᠠᠷᠳᠠᠵᠤ ᠪᠠᠶᠢᠭᠠᠳ ᠲᠠᠸᠠᠷ ᠪᠠ ᠦᠢᠯᠡᠴᠢᠯᠡᠭᠡᠨ ᠤ ᠦᠨ᠎ᠡ ᠬᠠᠩᠰᠢ ᠶᠢ | ᠲᠣᠳᠣᠷᠬᠠᠶᠢᠯᠠᠭᠤᠯᠬᠤ ᠬᠡᠷᠡᠭᠲᠡᠢ᠃ ᠬᠤᠶᠠᠷ ᠲᠤ᠂ ᠡᠵᠡᠩᠨᠡᠭᠴᠢ ᠥᠪᠡᠷ ᠤᠨ ᠡᠵᠡᠩᠨᠡᠯᠲᠡ ᠶᠢᠨ ᠪᠠᠶᠢᠳᠠᠯ ᠢᠶᠠᠨ | ᠦᠨᠳᠦᠰᠦᠯᠡᠵᠦ᠂ ᠠᠮᠢᠳᠤᠯᠢᠭ ᠣᠯᠠᠨ ᠶᠠᠩᠵᠤ ᠶᠢᠨ ᠠᠷᠭ᠎ᠠ ᠪᠠᠷ ᠡᠵᠡᠩᠨᠡᠯᠲᠡ ᠶᠢᠨ ᠲᠠᠯᠠᠪᠤᠷ ᠲᠠᠭᠠᠨ ᠦᠨ᠎ᠡ | ᠬᠠᠩᠰᠢ ᠶᠢᠨ ᠰᠠᠮᠪᠠᠷ᠎ᠠ ︵ᠫᠠᠶᠢᠰᠠ︶᠂ ᠦᠨ᠎ᠡ ᠶᠢᠨ ᠱᠣᠰᠢᠭ᠎ᠠ᠂ ᠺᠣᠳ᠋ ᠤᠨ ᠱᠣᠰᠢᠭ᠎ᠠ᠂ ᠡᠯᠧᠺᠲᠷᠣᠨ ᠳᠡᠯᠭᠡᠴᠡ | ᠵᠢᠴᠢ ᠪᠤᠰᠤᠳ ᠬᠦᠴᠦᠨ ᠪᠦᠬᠦᠢ ᠬᠡᠯᠪᠡᠷᠢ ᠪᠠᠷ ᠢᠯᠡ ᠦᠨ᠎ᠡ ᠬᠠᠳᠠᠬᠤ ᠶᠢ ᠱᠠᠭᠠᠷᠳᠠᠵᠤ᠂ ᠦᠨ᠎ᠡ ᠶᠢᠨ | ᠱᠣᠰᠢᠭ᠎ᠠ ᠶᠢ ᠬᠡᠷᠡᠭᠯᠡᠬᠦ ᠳᠤ ᠡᠷᠬᠡᠪᠰᠢ ᠨᠢᠭᠡ ᠪᠠᠷᠠᠭ᠎ᠠ ᠳᠤ ᠨᠢᠭᠡ ᠭᠠᠷ ᠤᠨ ᠥᠰᠥᠭ ᠵᠢᠷᠤᠵᠤ᠂ ᠪᠠᠷᠠᠭᠠᠨ ᠤ | ᠱᠣᠰᠢᠭ᠎ᠠ ᠶᠢ ᠣᠷᠣᠨ ᠪᠠᠶᠢᠷᠢ ᠳᠤᠨᠢ ᠲᠠᠭᠠᠷᠠᠭᠤᠯᠬᠤ ᠬᠡᠷᠡᠭᠲᠡᠢ᠃ ᠤᠴᠢᠷ ᠨᠢ ᠲᠠᠷᠢᠶᠠᠯᠠᠩ ᠤᠨ ᠠᠷᠠᠯᠵᠢᠶᠠᠨ ᠤ ᠵᠠᠬ᠎ᠠ | ᠳᠡᠯᠭᠡᠭᠦᠷ ᠤᠨ ᠣᠯᠠᠩᠬᠢ ᠨᠢ ᠰᠢᠨ᠎ᠡ ᠰᠣᠷᠭᠤᠭ ᠲᠠᠸᠠᠷ ᠢ ᠡᠵᠡᠩᠨᠡᠳᠡᠭ᠂ ᠨᠢᠭᠡ ᠡᠳᠦᠷ ᠤᠨ ᠳᠣᠲᠣᠷ᠎ᠠ ᠠᠳᠠᠯᠢ ᠪᠤᠰᠤ | ᠴᠠᠭ ᠬᠤᠭᠤᠴᠠᠭᠠᠨ ᠤ ᠦᠨ᠎ᠡ ᠬᠠᠩᠰᠢ ᠨᠢ ᠪᠦᠷ ᠠᠳᠠᠯᠢ ᠦᠭᠡᠢ ᠪᠠᠶᠢᠵᠤ ᠮᠡᠳᠡᠨ᠎ᠡ᠂ ᠪᠢᠳᠡ ᠪᠠᠰᠠ ᠡᠨᠡ ᠬᠦ | ᠠᠰᠠᠭᠤᠳᠠᠯ ᠤᠨ ᠲᠠᠯ᠎ᠠ ᠪᠠᠷ ᠡᠨᠡ ᠬᠦ ᠲᠦᠷᠦᠯ ᠤᠨ ᠲᠠᠸᠠᠷ ᠢ ᠳᠥᠭᠦᠮᠴᠢᠯᠡᠨ ᠢᠯᠡᠳᠬᠡᠵᠦ᠂ ᠪᠦᠲᠦᠭᠡᠭᠳᠡᠬᠦᠨ ᠤ ᠨᠡᠷ᠎ᠡ | ᠪᠠ ᠦᠨ᠎ᠡ ᠬᠠᠩᠰᠢ ᠲᠠᠢ ᠯᠠ ᠶᠤᠮ ᠪᠣᠯ ᠳᠠᠷᠤᠢ ᠪᠣᠯᠴᠢᠬᠠᠨ᠎ᠠ ᠭᠡᠳᠡᠭ ᠢ ᠪᠣᠳᠣᠯᠬᠢᠯᠠᠭᠰᠠᠨ ᠶᠤᠮ᠃ ᠡᠨᠡ ᠬᠦ | ᠲᠦᠷᠦᠯ ᠤᠨ ᠲᠠᠸᠠᠷ ᠤᠨ ᠲᠤᠬᠠᠢ ᠲᠣᠳᠣᠷᠬᠠᠶᠢᠯᠠᠯᠲᠠ ᠶᠢ ᠳᠥᠭᠦᠮᠴᠢᠯᠡᠵᠦ᠂ ᠲᠠᠸᠠᠷ ᠤᠨ ᠨᠡᠷ᠎ᠡ ᠪᠠ ᠦᠨ᠎ᠡ | ᠬᠠᠩᠰᠢ ᠲᠠᠢ ᠯᠠ ᠶᠤᠮ ᠪᠣᠯ ᠳᠠᠷᠤᠢ ᠪᠣᠯᠴᠢᠬᠠᠨ᠎ᠠ᠃ ᠣᠯᠠᠨ ᠢᠶᠠᠷ ᠢᠶᠠᠨ ᠬᠡᠷᠡᠭᠯᠡᠭᠡ ᠬᠢᠬᠦ ᠶᠠᠪᠤᠴᠠ ᠳᠠᠭᠠᠨ ᠦᠨ᠎ᠡ | ᠬᠠᠩᠰᠢ ᠶᠢ ᠢᠯᠡ ᠬᠠᠳᠠᠬᠤ ᠠᠰᠠᠭᠤᠳᠠᠯ ᠢ ᠠᠩᠬᠠᠷᠴᠤ ᠪᠣᠯᠣᠨ᠎ᠠ᠂ ᠬᠡᠷᠪᠡ ᠦᠨ᠎ᠡ ᠬᠠᠩᠰᠢ ᠶᠢ ᠢᠯᠡ ᠬᠠᠳᠠᠬᠤ | ᠨᠢ ᠵᠢᠷᠤᠮᠵᠢᠯ ᠦᠭᠡᠢ ᠪᠣᠯ 12315 ᠵᠠᠭᠠᠯᠳᠤᠯᠭ᠎ᠠ ᠵᠠᠭᠠᠯᠳᠤᠯᠭ᠎ᠠ ᠶᠢᠨ ᠤᠲᠠᠰᠤ ᠶᠢ ᠤᠲᠠᠰᠤᠳᠠᠵᠤ ᠪᠣᠯᠣᠨ᠎ᠠ᠃ | ᠣᠯᠠᠨ ᠢᠶᠠᠷ ᠢᠶᠠᠨ ᠬᠡᠷᠡᠭᠯᠡᠬᠦ ᠶᠠᠪᠤᠴᠠ ᠳᠠᠭᠠᠨ ᠦᠨ᠎ᠡ ᠬᠠᠩᠰᠢ ᠶᠢ ᠢᠯᠡ ᠬᠠᠳᠠᠬᠤ ᠠᠰᠠᠭᠤᠳᠠᠯ ᠢ ᠠᠩᠬᠠᠷᠴᠤ | ᠪᠣᠯᠣᠨ᠎ᠠ᠂ ᠬᠡᠷᠪᠡ ᠦᠨ᠎ᠡ ᠬᠠᠩᠰᠢ ᠶᠢ ᠢᠯᠡ ᠬᠠᠳᠠᠬᠤ ᠨᠢ ᠵᠢᠷᠤᠮᠵᠢᠭᠤᠨ ᠪᠢᠰᠢ ᠪᠣᠯ 12315 ᠳ᠋ᠤᠭᠠᠷ | ᠨᠢᠭᠤᠷ ᠲᠤ ᠤᠲᠠᠰᠤᠳᠠᠵᠤ ᠪᠣᠯᠣᠨ᠎ᠠ᠃ | ᠬᠥᠲᠥᠯᠥᠭᠴᠢ ᠄ | ᠣᠶᠢᠷ᠎ᠠ ᠶᠢᠨ ᠵᠢᠯ ᠤᠳ ᠲᠤ᠂ ᠪᠠᠷᠠᠭ᠎ᠠ ᠠᠪᠴᠤ ᠶᠠᠪᠤᠬᠤ ᠰᠢᠭᠤᠳ ᠨᠡᠪᠲᠡᠷᠡᠭᠦᠯᠭᠡ ᠨᠢ ᠡᠯᠧᠺᠲᠷᠣᠨ | ᠬᠤᠳᠠᠯᠳᠤᠭᠠᠨ ᠤ ᠶᠠᠪᠤᠳᠠᠯ ᠤᠨ ᠨᠢᠭᠡ ᠵᠦᠢᠯ ᠤᠨ ᠰᠢᠨ᠎ᠡ ᠵᠠᠭᠪᠤᠷ ᠪᠣᠯᠵᠤ᠂ ᠬᠡᠷᠡᠭᠯᠡᠭᠴᠢᠳ ᠤᠨ ᠠᠳᠠᠯᠢ ᠪᠤᠰᠤ | ᠬᠡᠷᠡᠭᠯᠡᠭᠡᠨ ᠤ ᠬᠡᠷᠡᠭᠴᠡᠭᠡ ᠶᠢ ᠬᠠᠩᠭᠠᠬᠤ ᠶᠢᠨ ᠵᠡᠷᠭᠡ ᠳᠤ ᠡᠯᠧᠺᠲᠷᠣᠨ ᠬᠤᠳᠠᠯᠳᠤᠭᠠᠨ ᠤ ᠠᠵᠢᠯ ᠲᠥᠷᠥᠯ ᠤᠨ | ᠬᠥᠭᠵᠢᠯᠲᠡ ᠶᠢ ᠲᠤᠶᠢᠯ ᠤᠨ ᠶᠡᠭᠡ ᠪᠠᠷ ᠠᠬᠢᠭᠤᠯᠤᠭᠰᠠᠨ ᠪᠣᠯᠪᠠᠴᠤ ᠪᠠᠰᠠ ᠴᠥᠭᠡᠨ ᠪᠤᠰᠤ ᠠᠰᠠᠭᠤᠳᠠᠯ ᠢᠯᠡᠷᠡᠭᠰᠡᠨ | ᠪᠠᠶᠢᠨ᠎ᠠ᠃ ᠰᠦᠯᠵᠢᠶ᠎ᠡ ᠪᠠᠷ ᠪᠠᠷᠠᠭ᠎ᠠ ᠬᠤᠳᠠᠯᠳᠤᠨ ᠠᠪᠬᠤ ᠬᠡᠷᠡᠭᠯᠡᠭᠡ ᠶᠢ ᠰᠢᠭᠤᠳ ᠨᠡᠪᠲᠡᠷᠡᠭᠦᠯᠬᠦ ᠳᠤ ᠶᠠᠮᠠᠷ ᠶᠠᠮᠠᠷ | ᠤᠴᠢᠷ ᠶᠠᠪᠤᠳᠠᠯ ᠢ ᠠᠩᠬᠠᠷᠬᠤ ᠴᠢᠬᠤᠯᠠᠲᠠᠢ ᠪᠠᠶᠢᠬᠤ ᠶᠢ ᠣᠯᠠᠨ ᠳᠤ ᠲᠠᠶᠢᠯᠪᠤᠷᠢᠯᠠᠵᠤ ᠥᠭᠬᠦ ᠪᠣᠯᠪᠠᠤ ︖ | ᠰᠦᠯᠵᠢᠶᠡᠨ ᠤ ᠠᠷᠠᠯᠵᠢᠶ᠎ᠠ ᠶᠢ ᠬᠢᠨᠠᠨ ᠬᠠᠮᠢᠶᠠᠷᠬᠤ ᠰᠠᠯᠠᠭᠠᠨ ᠤ ᠳᠠᠷᠤᠭ᠎ᠠ ᠱᠠᠩ ᠰᠢᠶᠣᠣ ᠵᠢᠶᠦ᠋ᠨ ᠄ | ᠨᠠᠶᠢᠵᠠ ᠨᠠᠷ ᠰᠠᠶᠢᠨ ᠪᠠᠶᠢᠵᠠᠭᠠᠨ᠎ᠠ ᠦᠦ︖ ᠰᠦᠯᠵᠢᠶᠡᠨ ᠬᠤᠳᠠᠯᠳᠤᠭ᠎ᠠ ᠶᠢ ᠰᠢᠭᠤᠳ ᠨᠡᠪᠲᠡᠷᠡᠭᠦᠯᠬᠦ ᠳᠡᠭᠡᠨ | ᠥᠷᠭᠡᠨ ᠣᠯᠠᠨ ᠬᠡᠷᠡᠭᠯᠡᠭᠴᠢᠳ ᠤᠨ ᠠᠩᠬᠠᠷᠤᠯ ᠢ ᠲᠠᠲᠠᠬᠤ ᠬᠡᠷᠡᠭᠲᠡᠢ᠄ ᠨᠢᠭᠡ ᠳᠤ᠂ ᠦᠢᠯᠡᠳᠬᠦᠨ ᠤ ᠶᠠᠰᠤ | ᠴᠢᠨᠠᠷ ᠤᠨ ᠠᠰᠠᠭᠤᠳᠠᠯ᠄ ᠬᠡᠰᠡᠭ ᠭᠤᠣᠯ ᠨᠡᠪᠲᠡᠷᠡᠭᠦᠯᠦᠭᠴᠢ ᠪᠣᠷᠤᠯᠠᠭᠤᠯᠭ᠎ᠠ ᠶᠢᠨ ᠬᠡᠮᠵᠢᠶ᠎ᠡ ᠶᠢ ᠬᠥᠭᠡᠭᠡᠴᠡᠯᠳᠦᠬᠦ ᠶᠢᠨ | ᠲᠥᠯᠥᠭᠡ᠂ ᠴᠢᠨᠠᠷ ᠮᠠᠭᠤᠲᠠᠢ᠂ ᠴᠢᠨᠠᠭᠰᠢᠯᠠᠪᠠᠯ ᠭᠤᠷᠪᠠ ᠦᠭᠡᠢ ᠦᠢᠯᠡᠳᠬᠦᠨ ᠢ ᠰᠣᠩᠭᠤᠨ ᠪᠣᠷᠣᠯᠠᠭᠤᠯᠵᠤ᠂ | ᠬᠡᠷᠡᠭᠯᠡᠭᠴᠢᠳ ᠤᠨ ᠡᠷᠬᠡ ᠠᠰᠢᠭ ᠢ ᠬᠤᠬᠢᠷᠠᠯ ᠳᠤ ᠤᠴᠠᠷᠠᠭᠤᠯᠤᠨ᠎ᠠ᠃ ᠡᠭᠦᠨ ᠠᠴᠠ ᠭᠠᠳᠠᠨ᠎ᠠ᠂ ᠣᠨᠴᠠᠭᠠᠶ ᠪᠤᠰᠤ | ᠭᠤᠶᠣᠯᠠᠯ ᠤᠨ ᠡᠳ᠋ ᠤᠨ ᠤᠬᠠᠭᠤᠯᠭ᠎ᠠ ᠶᠢᠨ ᠣᠨᠴᠠᠭᠠᠶ ᠭᠤᠶᠣᠯᠠᠯ ᠤᠨ ᠡᠳ᠋ ᠤᠨ ᠴᠢᠳᠠᠮᠵᠢ᠂ ᠡᠩ ᠤᠨ ᠢᠳᠡᠭᠡᠨ ᠤ | ᠤᠬᠠᠭᠤᠯᠭ᠎ᠠ ᠶᠢᠨ ᠡᠮᠴᠢᠯᠡᠭᠡ ᠡᠷᠡᠭᠦᠯᠵᠢᠯ ᠤᠨ ᠴᠢᠳᠠᠮᠵᠢ ᠵᠡᠷᠭᠡ ᠬᠤᠳᠠᠯ ᠬᠠᠭᠤᠷᠮᠠᠭ ᠤᠬᠠᠭᠤᠯᠭ᠎ᠠ ᠶᠢᠨ ᠦᠵᠡᠭᠳᠡᠯ | ᠴᠦ ᠪᠠᠶᠢᠨ ᠪᠠᠶᠢᠨ ᠭᠠᠷᠴᠤ ᠪᠠᠶᠢᠨ᠎ᠠ᠃ ᠬᠤᠶᠠᠷ ᠲᠤ ᠬᠤᠳᠠᠯ ᠬᠠᠭᠤᠷᠮᠠᠭ ᠤᠬᠠᠭᠤᠯᠭ᠎ᠠ ᠬᠦᠨᠳᠦ ᠨᠣᠴᠢᠲᠠᠢ ᠪᠠᠶᠢᠨ᠎ᠠ | ᠄ ᠬᠡᠰᠡᠭ ᠭᠤᠣᠯ ᠨᠡᠪᠲᠡᠷᠡᠭᠦᠯᠦᠭᠴᠢ ᠰᠢᠭᠤᠳ ᠨᠡᠪᠲᠡᠷᠡᠭᠦᠯᠭᠡ ᠪᠠᠷ ᠳᠠᠮᠵᠢᠭᠤᠯᠤᠨ ᠬᠡᠷᠡᠭᠯᠡᠭᠴᠢᠳ ᠲᠤ ᠵᠣᠬᠢᠬᠤ | ᠦᠢᠯᠡᠳᠬᠦᠨ ᠢ ᠲᠠᠨᠢᠯᠴᠠᠭᠤᠯᠵᠤ᠂ ᠲᠠᠸᠠᠷ ᠤᠨ ᠬᠡᠯᠬᠢᠶ᠎ᠡ ᠭᠠᠷᠭᠠᠵᠤ᠂ ᠶᠡᠭᠡ ᠬᠡᠮᠵᠢᠶᠡᠨ ᠤ ᠬᠡᠷᠡᠭᠯᠡᠭᠡ ᠶᠢ ᠲᠠᠲᠠᠬᠤ | ᠬᠦᠴᠦᠨ ᠲᠠᠢ ᠬᠢᠮᠳᠠ ᠦᠨ᠎ᠡ ᠶᠢᠨ ᠲᠠᠲᠠᠯᠲᠠ ᠶᠢᠨ ᠳᠣᠣᠷ᠎ᠠ ᠳᠤᠷᠠᠲᠠᠶ᠎ᠠ ︽ᠭᠠᠷ ᠢ ᠨᠢ ᠴᠠᠪᠴᠢᠵᠤ︾ ᠪᠠᠶᠢᠨ᠎ᠠ᠃ | ᠭᠡᠬᠦ ᠳᠡᠭᠡᠨ ᠳᠣᠣᠷ᠎ᠠ ᠦᠨ᠎ᠡ ᠶᠢᠨ ᠰᠢᠯᠲᠠᠭᠠᠨ ᠨᠢ ᠪᠠᠰᠠ ᠴᠢᠨᠠᠷ ᠮᠠᠭᠤᠲᠠᠢ᠂ ᠴᠢᠨᠠᠭᠰᠢᠯᠠᠪᠠᠯ ᠭᠤᠷᠪᠠ ᠦᠭᠡᠢ | ᠦᠢᠯᠡᠳᠬᠦᠨ ᠪᠠᠶᠢᠬᠤ ᠪᠣᠯᠣᠯᠴᠠᠭ᠎ᠠ ᠲᠠᠢ ᠪᠠᠶᠢᠬᠤ ᠠᠴᠠ ᠪᠣᠯᠤᠭᠰᠠᠨ ᠪᠠᠶᠢᠵᠤ ᠮᠡᠳᠡᠨ᠎ᠡ᠃ ᠭᠤᠷᠪᠠ ᠳᠤ᠂ ᠪᠣᠯᠪᠠᠰᠤᠨ | ᠪᠤᠰᠤ ᠪᠠᠷ ᠪᠠᠷᠠᠭ᠎ᠠ ᠠᠪᠴᠤ ᠶᠠᠪᠤᠬᠤ︵ᠵᠦᠴᠦᠭᠡ ᠶᠢᠨ ᠳᠡᠪᠲᠡᠷ᠂ ᠪᠣᠯᠬᠢ ᠪᠦᠳᠦᠭᠦᠯᠢᠭ ᠪᠣᠷᠤᠯᠠᠭᠤᠯᠭ᠎ᠠ ᠵᠡᠷᠭᠡ︶᠄ | ᠬᠡᠰᠡᠭ ᠭᠤᠣᠯ ᠨᠡᠪᠲᠡᠷᠡᠭᠦᠯᠦᠭᠴᠢ ᠨᠢ ᠦᠵᠡᠭᠴᠢᠳ ᠤᠨ ᠠᠩᠬᠠᠷᠤᠯ ᠢ ᠲᠠᠲᠠᠬᠤ ᠶᠢᠨ ᠲᠥᠯᠥᠭᠡ᠂ ᠪᠣᠯᠪᠠᠰᠤᠨ ᠪᠤᠰᠤ | ᠠᠷᠭ᠎ᠠ ᠪᠠᠷ ᠪᠠᠷᠠᠭ᠎ᠠ ᠠᠪᠴᠤ ᠶᠠᠪᠤᠳᠠᠭ᠃ ᠳᠥᠷᠪᠡ ᠳᠤ ᠦᠨ᠎ᠡ ᠬᠠᠩᠰᠢ ᠶᠢᠨ ᠲᠠᠯ᠎ᠠ ᠪᠠᠷ ᠪᠤᠷᠤᠭᠤ ᠵᠢᠯᠣᠭᠤᠳᠤᠯᠭ᠎ᠠ | ᠬᠢᠬᠦ ︵ᠵᠢᠱᠢᠶᠡᠯᠡᠪᠡᠯ ᠦᠨ᠎ᠡ ᠬᠠᠩᠰᠢ ᠶᠢ ᠬᠠᠭᠤᠷᠮᠠᠭ ᠢᠶᠠᠷ ᠲᠡᠮᠳᠡᠭᠯᠡᠬᠦ᠂ ᠬᠠᠷᠠᠭᠠᠯᠵᠠᠯ ᠤᠨ ᠳᠠᠪᠠᠭᠤᠯᠤᠯ ᠵᠡᠷᠭᠡ︶᠄ | ᠬᠡᠰᠡᠭ ᠭᠤᠣᠯ ᠨᠡᠪᠲᠡᠷᠡᠭᠦᠯᠦᠭᠴᠢ ᠨᠢ ᠬᠤᠳᠠᠯ ᠬᠠᠭᠤᠷᠮᠠᠭ ᠬᠠᠷᠠᠭᠠᠯᠵᠠᠯ ᠤᠨ ᠮᠡᠳᠡᠭᠡ ᠵᠠᠩᠭᠢ ᠪᠠᠷ ᠬᠡᠷᠡᠭᠯᠡᠭᠴᠢᠳ ᠢ | ᠬᠥᠲᠥᠯᠥᠨ ᠳᠠᠭᠠᠭᠤᠯᠵᠤ ᠪᠠᠶᠢᠭᠠᠳ ᠲᠠᠸᠠᠷ ᠬᠤᠳᠠᠯᠳᠤᠨ ᠠᠪᠤᠭᠤᠯᠳᠠᠭ᠃ ᠲᠠᠪᠤ ᠳᠤ᠂ ᠪᠠᠷᠠᠭ᠎ᠠ ᠶᠠᠪᠤᠭᠤᠯᠬᠤ ᠪᠠ | ᠪᠤᠴᠠᠭᠠᠵᠤ ᠰᠣᠯᠢᠬᠤ ᠠᠰᠠᠭᠤᠳᠠᠯ᠄ ᠬᠡᠰᠡᠭ ᠬᠤᠳᠠᠯᠳᠤᠭᠠᠴᠢᠳ ᠪᠠᠷᠠᠭ᠎ᠠ ᠶᠠᠪᠤᠭᠤᠯᠬᠤ ᠪᠠ ᠪᠤᠴᠠᠭᠠᠵᠤ ᠰᠣᠯᠢᠬᠤ | ᠲᠠᠯ᠎ᠠ ᠪᠠᠷ ᠠᠰᠠᠭᠤᠳᠠᠯ ᠣᠷᠣᠰᠢᠵᠤ᠂ ᠬᠡᠷᠡᠭᠯᠡᠭᠴᠢᠳ ᠤᠨ ᠣᠶᠢᠯᠠᠭᠠᠯᠲᠠ ᠶᠢ ᠳᠣᠷᠣᠭᠰᠢᠯᠠᠭᠤᠯᠪᠠ᠃ ᠵᠢᠷᠭᠤᠭ᠎ᠠ ᠳᠤ | ᠴᠠᠭᠠᠵᠠᠲᠠᠢ ᠲᠠᠸᠠᠷ ᠢ ᠪᠣᠷᠣᠯᠠᠭᠤᠯᠬᠤ ᠵᠢᠴᠢ ᠲᠠᠯᠠᠪᠤᠷ ᠤᠨ ᠭᠠᠳᠠᠨᠠᠬᠢ ᠠᠷᠠᠯᠵᠢᠶ᠎ᠠ ᠶᠢ ᠬᠥᠲᠥᠯᠥᠨ ᠵᠢᠯᠣᠭᠤᠳᠤᠨ᠎ᠠ᠄ | ᠬᠡᠰᠡᠭ ᠬᠤᠳᠠᠯᠳᠤᠭᠠᠴᠢᠨ ᠰᠢᠭᠤᠳ ᠨᠡᠪᠲᠡᠷᠡᠭᠦᠯᠬᠦ ᠲᠠᠪᠴᠠᠩ ᠢᠶᠠᠷ ᠳᠠᠮᠵᠢᠭᠤᠯᠤᠨ ᠴᠠᠭᠠᠵᠠᠲᠠᠢ ᠲᠠᠸᠠᠷ ᠢ | ᠪᠣᠷᠣᠯᠠᠭᠤᠯᠬᠤ ᠪᠤᠶᠤ ᠬᠡᠷᠡᠭᠯᠡᠭᠴᠢᠳ ᠢ ᠥᠳᠥᠭᠡᠨ ᠳᠠᠭᠠᠭᠤᠯᠵᠤ ᠲᠠᠯᠠᠪᠤᠷ ᠤᠨ ᠭᠠᠳᠠᠨᠠᠬᠢ ᠠᠷᠠᠯᠵᠢᠶ᠎ᠠ ᠬᠢᠯᠭᠡᠨ᠎ᠡ᠃ | ᠳᠡᠭᠡᠷᠡᠬᠢ ᠠᠰᠠᠭᠤᠳᠠᠯ ᠳᠤ ᠴᠢᠭᠯᠡᠭᠦᠯᠦᠨ᠂ ᠥᠷᠭᠡᠨ ᠣᠯᠠᠨ ᠬᠡᠷᠡᠭᠯᠡᠭᠴᠢᠳ ᠲᠤ ᠬᠠᠯᠠᠭᠤᠨ ᠳᠣᠲᠣᠨᠣ ᠪᠠᠷ | ᠰᠠᠨᠠᠭᠤᠯᠬᠤ ᠨᠢ᠄ 1. ᠬᠡᠷᠡᠭᠯᠡᠭᠴᠢᠳ ᠰᠢᠭᠤᠳ ᠨᠡᠪᠲᠡᠷᠡᠭᠦᠯᠬᠦ ᠲᠠᠰᠤᠭ ᠲᠤ ᠪᠠᠷᠠᠭ᠎ᠠ ᠬᠤᠳᠠᠯᠳᠤᠨ ᠠᠪᠬᠤ ᠳᠠᠭᠠᠨ | ᠠᠯᠢ ᠴᠢᠳᠠᠬᠤ ᠪᠠᠷ ᠲᠡᠳᠡᠭᠡᠷ ᠬᠡᠪᠴᠢᠶ᠎ᠡ ᠪᠠᠷ ᠨᠡᠯᠢᠶᠡᠳ ᠶᠡᠭᠡ᠂ ᠢᠲᠡᠭᠡᠮᠵᠢ ᠶᠢᠨ ᠬᠡᠮᠵᠢᠶ᠎ᠡ ᠪᠠᠷ ᠨᠡᠯᠢᠶᠡᠳ ᠥᠨᠳᠥᠷ | ᠲᠠᠪᠴᠠᠩ ᠪᠠ ᠬᠤᠳᠠᠯᠳᠤᠭᠴᠢ ᠶᠢ ᠰᠣᠩᠭᠤᠬᠤ ᠬᠡᠷᠡᠭᠲᠡᠢ᠃ ᠬᠤᠳᠠᠯᠳᠤᠨ ᠠᠪᠬᠤ ᠠᠴᠠ ᠡᠮᠦᠨ᠎ᠡ᠂ ᠬᠠᠮᠤᠭ ᠰᠠᠶᠢᠨ | ᠨᠢ ᠪᠣᠳᠠᠲᠤ ᠳᠡᠯᠭᠡᠭᠦᠷ ᠪᠣᠯᠣᠨ ᠡᠯᠧᠺᠲᠷᠣᠨ ᠬᠤᠳᠠᠯᠳᠤᠭᠠᠨ ᠤ ᠲᠠᠪᠴᠠᠩ ᠵᠡᠷᠭᠡ ᠠᠷᠭ᠎ᠠ ᠵᠠᠮ ᠢᠶᠠᠷ | ᠪᠦᠲᠦᠭᠡᠭᠳᠡᠬᠦᠨ ᠤ ᠨᠠᠷᠠᠲᠤ ᠲᠡᠮᠳᠡᠭ᠂ ᠭᠠᠷᠤᠯᠲᠠ ᠶᠢᠨ ᠣᠷᠣᠨ᠂ ᠴᠢᠳᠠᠮᠵᠢ ᠪᠣᠯᠣᠨ ᠦᠨ᠎ᠡ ᠬᠠᠩᠰᠢ ᠵᠡᠷᠭᠡ | ᠪᠠᠶᠢᠳᠠᠯ ᠢ ᠣᠶᠢᠯᠠᠭᠠᠵᠤ᠂ ᠳᠠᠬᠢᠭᠠᠳ ᠳᠡᠯᠭᠡᠭᠦᠷ ᠪᠤᠶᠤ ᠨᠢᠭᠡᠨᠲᠡ ᠬᠤᠳᠠᠯᠳᠤᠨ ᠠᠪᠤᠭᠰᠠᠨ ᠲᠠᠸᠠᠷ ᠤᠨ | ᠬᠡᠷᠡᠭᠯᠡᠭᠴᠢᠳ ᠤᠨ ᠦᠨᠡᠯᠡᠯᠲᠡ ᠶᠢ ᠶᠡᠷᠦᠩᠬᠡᠶᠢᠯᠡᠵᠦ ᠪᠠᠶᠢᠭᠠᠳ ᠬᠤᠳᠠᠯᠳᠤᠨ ᠠᠪᠬᠤ ᠡᠰᠡᠬᠦ᠂ ᠥᠪᠡᠷ ᠪᠤᠰᠤᠳ ᠢ | ᠮᠡᠳᠡᠬᠦ ᠡᠰᠡᠬᠦ ᠶᠢ ᠶᠡᠷᠦᠩᠬᠡᠶᠢᠯᠡᠨ ᠲᠣᠭᠲᠠᠭᠠᠵᠤ᠂ ᠬᠤᠳᠠᠯᠳᠤᠭᠠᠴᠢᠨ ᠤ ᠬᠤᠳᠠᠯ ᠬᠠᠭᠤᠷᠮᠠᠭ ᠤᠬᠠᠭᠤᠯᠭ᠎ᠠ ᠶᠢᠨ | ᠮᠡᠬᠡᠨ ᠳᠤ ᠤᠨᠠᠬᠤ᠂ ᠪᠠᠷᠠᠭᠠᠨ ᠤ ᠰᠠᠮᠪᠠᠷ᠎ᠠ ᠳᠤ ᠳᠠᠭᠠᠷᠠᠬᠤ ᠦᠭᠡᠢ ᠵᠡᠷᠭᠡ ᠠᠰᠠᠭᠤᠳᠠᠯ ᠭᠠᠷᠬᠤ ᠠᠴᠠ ᠰᠡᠷᠭᠡᠶᠢᠯᠡᠬᠦ | ᠬᠡᠷᠡᠭᠲᠡᠢ᠃ ᠳᠡᠯᠭᠡᠭᠦᠷ ᠪᠤᠶᠤ ᠨᠢᠭᠡᠨᠲᠡ ᠬᠤᠳᠠᠯᠳᠤᠨ ᠠᠪᠤᠭᠰᠠᠨ ᠲᠠᠸᠠᠷ ᠤᠨ ᠬᠡᠷᠡᠭᠯᠡᠭᠴᠢᠳ ᠤᠨ ᠦᠨᠡᠯᠡᠯᠲᠡ ᠶᠢ | ᠶᠡᠷᠦᠩᠬᠡᠶᠢᠯᠡᠵᠦ ᠪᠠᠶᠢᠭᠠᠳ ᠬᠤᠳᠠᠯᠳᠤᠨ ᠠᠪᠬᠤ ᠡᠰᠡᠬᠦ ᠶᠢ ᠶᠡᠷᠦᠩᠬᠡᠶᠢᠯᠡᠨ ᠲᠣᠭᠲᠠᠭᠠᠵᠤ᠂ ᠬᠤᠳᠠᠯᠳᠤᠭᠠᠴᠢᠨ ᠤ | ᠬᠤᠳᠠᠯ ᠬᠠᠭᠤᠷᠮᠠᠭ ᠤᠬᠠᠭᠤᠯᠭ᠎ᠠ ᠶᠢᠨ ᠮᠡᠬᠡᠨ ᠳᠤ ᠤᠨᠠᠬᠤ ᠠᠴᠠ ᠰᠡᠷᠭᠡᠶᠢᠯᠡᠬᠦ ᠬᠡᠷᠡᠭᠲᠡᠢ᠃ 2. ᠬᠡᠷᠡᠭᠯᠡᠭᠴᠢᠳ | ᠡᠷᠬᠡᠪᠰᠢ ᠣᠶᠤᠨᠴᠢ ᠪᠠᠷ ᠬᠡᠷᠡᠭᠯᠡᠭᠡ ᠬᠢᠬᠦ ᠬᠡᠷᠡᠭᠲᠡᠢ᠃ ᠭᠤᠣᠯ ᠨᠡᠪᠲᠡᠷᠡᠭᠦᠯᠦᠭᠴᠢ ᠬᠤᠪᠢ ᠬᠥᠮᠥᠨ ᠢ ᠪᠠᠭ᠋ᠠᠷᠬᠠᠬᠤ ᠪᠠ | ᠪᠢᠰᠢᠷᠡᠨ ᠰᠢᠲᠦᠬᠦ ᠡᠭᠦᠳᠡᠨ ᠠᠴᠠ ᠰᠣᠬᠤᠷ ᠪᠠᠯᠠᠢ ᠪᠠᠷ ᠬᠡᠷᠡᠭᠯᠡᠭᠡ ᠬᠢᠵᠦ ᠪᠣᠯᠬᠤ ᠦᠭᠡᠢ᠂ ᠨᠡᠩ ᠴᠤ ᠭᠤᠣᠯ | ᠨᠡᠪᠲᠡᠷᠡᠭᠦᠯᠦᠭᠴᠢ ᠪᠠ ᠲᠠᠪᠴᠠᠩ ᠤᠨ ᠵᠣᠷᠢᠭᠤᠳᠠ ᠪᠤᠢ ᠪᠣᠯᠭᠠᠭᠰᠠᠨ ︽ᠦᠨ᠎ᠡ ᠨᠢ ᠬᠢᠮᠳᠠ︾᠂ ︽ᠲᠤᠭ᠎ᠠ ᠬᠡᠮᠵᠢᠶ᠎ᠡ ᠨᠢ | ᠬᠢᠵᠠᠭᠠᠷᠲᠠᠢ︾ ᠪᠤᠶᠤ ︽ᠬᠤᠷᠣᠮᠬᠠᠨ ᠵᠠᠭᠤᠷ᠎ᠠ ᠶᠢᠨ ᠬᠢᠳᠤᠯᠭ᠎ᠠ︾ ᠵᠡᠷᠭᠡ ᠲᠠᠸᠠᠷ ᠳᠤᠲᠠᠭᠳᠠᠵᠤ ᠪᠠᠶᠢᠭ᠎ᠠ ᠠᠭᠤᠷ | ᠠᠮᠢᠰᠬᠤᠯ ᠳᠤ ᠰᠡᠳᠬᠢᠯ ᠬᠥᠳᠡᠯᠦᠨ ᠬᠡᠷᠡᠭᠯᠡᠭᠡ ᠬᠢᠵᠦ ᠪᠣᠯᠬᠤ ᠦᠭᠡᠢ᠃ 3. ᠬᠤᠳᠠᠯᠳᠤᠨ ᠠᠪᠬᠤ ᠪᠠᠷ | ᠲᠣᠭᠲᠠᠬᠤ ᠳᠠᠭᠠᠨ᠂ ᠰᠢᠭᠤᠳ ᠨᠡᠪᠲᠡᠷᠡᠭᠦᠯᠬᠦ ᠦᠶ᠎ᠡ ᠶᠢᠨ ᠵᠠᠷ ᠰᠤᠷᠲᠠᠯᠴᠢᠯᠠᠭ᠎ᠠ᠂ ᠠᠮᠠᠯᠠᠯᠲᠠ ᠶᠢᠨ ᠠᠭᠤᠯᠭ᠎ᠠ᠂ | ᠵᠣᠭᠤᠭᠳᠠᠭᠰᠠᠨ ᠲᠡᠮᠳᠡᠭᠯᠡᠯ᠂ ᠲᠥᠯᠥᠬᠦ ᠭᠡᠷᠡᠴᠢ ᠪᠣᠯᠣᠨ ᠲᠦᠷᠭᠡᠨ ᠬᠦᠷᠭᠡᠬᠦ ᠬᠠᠭᠤᠳᠠᠰᠤ ᠶᠢᠨ ᠳ᠋ᠤᠭᠠᠷ ᠵᠡᠷᠭᠡ | ᠬᠤᠯᠪᠣᠭᠳᠠᠯ ᠪᠦᠬᠦᠢ ᠪᠠᠷᠠᠭ᠎ᠠ ᠬᠤᠳᠠᠯᠳᠤᠨ ᠠᠪᠬᠤ ᠭᠡᠷᠡᠴᠢ ᠪᠠᠷᠢᠮᠲᠠ ᠶᠢ ᠡᠷᠬᠡᠪᠰᠢ ᠰᠠᠶᠢᠲᠤᠷ ᠬᠠᠳᠠᠭᠠᠯᠠᠵᠤ᠂ | ᠬᠤᠳᠠᠯᠳᠤᠭᠠᠴᠢᠳ ᠤᠨ ᠡᠲᠡᠭᠡᠷ ᠮᠡᠳᠡᠭᠡ ᠵᠠᠩᠭᠢ ᠶᠢ ᠬᠠᠰᠤᠵᠤ ᠬᠠᠶᠠᠬᠤ ᠠᠴᠠ ᠰᠡᠷᠭᠡᠶᠢᠯᠡᠵᠦ᠂ ᠰᠡᠭᠦᠯᠴᠢ ᠶᠢᠨ | ᠬᠤᠭᠤᠴᠠᠭᠠᠨ ᠤ ᠡᠷᠬᠡ ᠠᠰᠢᠭ ᠢᠶᠠᠨ ᠬᠠᠮᠠᠭᠠᠯᠠᠬᠤ ᠳᠤ ᠬᠦᠴᠢᠷᠳᠡᠯ ᠠᠪᠴᠢᠷᠠᠬᠤ ᠶᠢ ᠰᠡᠷᠭᠡᠶᠢᠯᠡᠬᠦ ᠬᠡᠷᠡᠭᠲᠡᠢ᠃ 4. | ᠬᠡᠷᠡᠭᠯᠡᠭᠴᠢᠳ ᠰᠢᠭᠤᠳ ᠨᠡᠪᠲᠡᠷᠡᠭᠦᠯᠭᠡ ᠪᠠᠷ ᠪᠠᠷᠠᠭ᠎ᠠ ᠠᠪᠴᠤ ᠪᠠᠷᠠᠭ᠎ᠠ ᠬᠤᠳᠠᠯᠳᠤᠨ ᠠᠪᠬᠤ ᠳᠤ ᠬᠡᠷᠡᠭᠯᠡᠭᠡᠨ ᠤ | ᠵᠢᠭᠤᠷᠠᠯᠳᠤᠭᠠᠨ ᠡᠭᠦᠰᠴᠦ᠂ ᠡᠵᠡᠩᠨᠡᠭᠴᠢᠳ ᠲᠠᠢ ᠵᠥᠪᠳᠡᠯᠴᠡᠵᠦ ᠰᠢᠢᠳᠪᠦᠷᠢᠯᠡᠬᠦ ᠶᠢᠨ ᠠᠷᠭ᠎ᠠ ᠦᠭᠡᠢ ᠪᠣᠯᠪᠠᠯ᠂ | ᠬᠡᠷᠡᠭᠯᠡᠭᠴᠢᠳ ᠤᠲᠠᠰᠤ ᠪᠤᠶᠤ ᠰᠦᠯᠵᠢᠶ᠎ᠡ ᠵᠡᠷᠭᠡ ᠬᠡᠯᠪᠡᠷᠢ ᠪᠠᠷ ᠰᠢᠭᠤᠳ ᠨᠡᠪᠲᠡᠷᠡᠭᠦᠯᠭᠡ ᠶᠢᠨ ᠲᠠᠪᠴᠠᠩ ᠤᠨ | ᠪᠠᠶᠢᠭ᠎ᠠ ᠭᠠᠵᠠᠷ ᠪᠤᠶᠤ ᠥᠪᠡᠷ ᠤᠨ ᠰᠠᠭᠤᠭ᠎ᠠ ᠭᠠᠵᠠᠷ ᠤᠨ ᠬᠡᠷᠡᠭᠯᠡᠭᠴᠢᠳ ᠤᠨ ᠨᠡᠶᠢᠭᠡᠮᠯᠢᠭ ᠪᠤᠶᠤ ᠬᠤᠯᠪᠣᠭᠳᠠᠯ | ᠪᠦᠬᠦᠢ ᠰᠠᠯᠠᠭ᠎ᠠ ᠮᠥᠴᠢᠷ ᠲᠤ ᠵᠠᠭᠠᠯᠳᠤᠵᠤ ᠪᠣᠯᠣᠨ᠎ᠠ᠃ 5. ᠬᠡᠷᠡᠭᠯᠡᠭᠴᠢᠳ ᠪᠠᠰᠠ ᠰᠢᠯᠲᠠᠭᠠᠨ ᠦᠭᠡᠢ ᠪᠠᠷ ᠪᠠᠷᠠᠭ᠎ᠠ | ᠪᠤᠴᠠᠭᠠᠬᠤ ᠶᠢ ᠰᠣᠩᠭᠤᠵᠤ ᠪᠣᠯᠣᠨ᠎ᠠ᠂ ᠤᠴᠢᠷ ᠨᠢ ᠰᠢᠭᠤᠳ ᠨᠡᠪᠲᠡᠷᠡᠭᠦᠯᠭᠡ ᠪᠠᠷ ᠪᠠᠷᠠᠭ᠎ᠠ ᠠᠪᠴᠤ ᠶᠠᠪᠤᠬᠤ ᠪᠣᠯ | ᠰᠦᠯᠵᠢᠶᠡᠨ ᠳᠡᠭᠡᠷ᠎ᠡ ᠠᠴᠠ ᠪᠠᠷᠠᠭ᠎ᠠ ᠬᠤᠳᠠᠯᠳᠤᠨ ᠠᠪᠬᠤ ᠨᠢᠭᠡ ᠵᠦᠢᠯ ᠤᠨ ᠵᠦᠢᠯ ᠪᠣᠯᠣᠨ᠎ᠠ᠃ ᠬᠡᠷᠡᠭᠯᠡᠭᠴᠢᠳ ᠤᠨ | ᠡᠷᠬᠡ ᠠᠰᠢᠭ ᠢ ᠬᠠᠮᠠᠭᠠᠯᠠᠬᠤ ᠬᠠᠤᠯᠢ ᠶᠢᠨ ᠲᠣᠭᠲᠠᠭᠠᠯ ᠢ ᠦᠨᠳᠦᠰᠦᠯᠡᠪᠡᠯ᠄ ᠡᠵᠡᠩᠨᠡᠭᠴᠢᠳ ᠰᠦᠯᠵᠢᠶ᠎ᠡ᠂ ᠲᠧᠯᠸᠢᠰ᠂ | ᠳ᠋ᠢᠶᠠᠩᠬᠤᠸᠠ᠂ ᠰᠢᠤᠳᠠᠨ ᠢᠶᠠᠷ ᠬᠤᠳᠠᠯᠳᠤᠨ ᠠᠪᠬᠤ ᠵᠡᠷᠭᠡ ᠠᠷᠭ᠎ᠠ ᠮᠠᠶ᠋ᠢᠭ ᠢᠶᠠᠷ ᠲᠠᠸᠠᠷ ᠢᠶᠠᠨ ᠪᠣᠷᠣᠯᠠᠭᠤᠯᠤᠭᠰᠠᠨ | ᠪᠠᠶᠢᠪᠠᠯ᠂ ᠬᠡᠷᠡᠭᠯᠡᠭᠴᠢᠳ ᠲᠠᠸᠠᠷ ᠢ ᠣᠯᠣᠭᠰᠠᠨ ᠡᠳᠦᠷ ᠠᠴᠠ ᠡᠬᠢᠯᠡᠨ ᠲᠤᠯᠦᠭᠠᠠ ᠡᠳᠦᠷ ᠤᠨ ᠳᠣᠲᠣᠷ᠎ᠠ ᠪᠤᠴᠠᠭᠠᠬᠤ | ᠡᠷᠬᠡ ᠲᠠᠢ ᠪᠥᠭᠡᠳ ᠤᠴᠢᠷ ᠰᠢᠯᠲᠠᠭᠠᠨ ᠢᠶᠠᠨ ᠲᠣᠳᠣᠷᠬᠠᠶᠢᠯᠠᠬᠤ ᠴᠢᠬᠤᠯᠠ ᠤᠶᠢᠭᠡᠢ᠃ ᠭᠡᠪᠡᠴᠦ ᠳᠣᠣᠷ᠎ᠠ | ᠵᠢᠭᠰᠠᠭᠠᠭᠰᠠᠨ ᠲᠠᠸᠠᠷ ᠡᠭᠦᠨ ᠳᠤ ᠪᠠᠭᠲᠠᠬᠤ ᠦᠭᠡᠢ᠄ ︵ᠨᠢᠭᠡ︶ ᠬᠡᠷᠡᠭᠯᠡᠭᠴᠢᠳ ᠤᠨ ᠵᠠᠬᠢᠶᠠᠯᠠᠨ ᠬᠢᠯᠭᠡᠭᠰᠡᠨ᠃ (ᠬᠤᠶᠠᠷ) | ᠰᠢᠨ᠎ᠡ ᠰᠣᠷᠭᠤᠭ ᠪᠥᠭᠡᠳ ᠠᠮᠠᠷᠬᠠᠨ ᠢᠯᠵᠠᠷᠠᠬᠤ ᠢᠳᠡᠭᠡᠨ᠃ ︵ᠭᠤᠷᠪᠠ︶ ᠰᠦᠯᠵᠢᠶᠡᠨ ᠳᠡᠭᠡᠷ᠎ᠡ ᠠᠴᠠ | ᠪᠠᠭᠤᠯᠭᠠᠭᠰᠠᠨ ᠪᠤᠶᠤ ᠬᠡᠷᠡᠭᠯᠡᠭᠴᠢᠳ ᠤᠨ ᠵᠠᠳᠠᠯᠤᠯᠲᠠ ᠲᠠᠢ ᠳᠠᠭᠤ ᠳᠦᠷᠰᠦ ᠰᠢᠩᠭᠡᠭᠡᠯᠲᠡ ᠶᠢᠨ ᠦᠢᠯᠡᠳᠬᠦᠨ᠂ | ᠺᠣᠮᠫᠢᠦ᠋ᠲ᠋ᠧᠷ ᠤᠨ ᠵᠥᠭᠡᠯᠡᠨ ᠬᠡᠷᠡᠭᠰᠡᠯ ᠵᠡᠷᠭᠡ ᠳᠤᠭᠠᠴᠠᠯᠠᠭᠰᠠᠨ ᠲᠠᠸᠠᠷ᠃ (ᠲᠤᠶᠢᠷᠪᠡ) ᠲᠤᠰᠢᠶᠠᠨ ᠥᠭᠬᠦ ᠰᠣᠨᠢᠨ᠂ | ᠬᠤᠭᠤᠴᠠᠭᠠᠲᠤ ᠰᠡᠳᠬᠦᠯ᠃ | ᠬᠥᠲᠥᠯᠥᠭᠴᠢ᠄ | ᠪᠢᠳᠡᠨ ᠤ ᠮᠡᠳᠡᠭᠡᠵᠢ ᠪᠠᠷ᠂ ᠬᠠᠤᠯᠢ ᠬᠡᠷᠡᠭᠵᠢᠭᠦᠯᠦᠯᠲᠡ ᠶᠢᠨ ᠪᠠᠶᠢᠴᠠᠭᠠᠯᠲᠠ ᠪᠣᠯ ᠵᠠᠬ᠎ᠠ ᠳᠡᠯᠭᠡᠭᠦᠷ ᠤᠨ | ᠬᠢᠨᠠᠯᠲᠠ ᠬᠠᠮᠢᠶᠠᠷᠤᠯᠲᠠ ᠶᠢᠨ ᠦᠢᠯᠡᠴᠢᠯᠡᠭᠡᠨ ᠤ ᠴᠢᠬᠤᠯᠠ ᠬᠡᠯᠪᠡᠷᠢ ᠮᠥᠨ᠂ ᠵᠠᠬ᠎ᠠ ᠳᠡᠯᠭᠡᠭᠦᠷ ᠤᠨ ᠬᠢᠨᠠᠯᠲᠠ | ᠬᠠᠮᠢᠶᠠᠷᠤᠯᠲᠠ ᠶᠢᠨ ᠰᠠᠯᠠᠭ᠎ᠠ ᠮᠥᠴᠢᠷ ᠤᠨ ᠨᠢᠭᠡ ᠵᠦᠢᠯ ᠤᠨ ᠴᠢᠬᠤᠯᠠ ᠠᠵᠢᠯ ᠮᠥᠨ᠂ ᠪᠠᠰᠠ ᠴᠤ ᠵᠠᠬ᠎ᠠ | ᠳᠡᠯᠭᠡᠭᠦᠷ ᠤᠨ ᠡᠮᠬᠢ ᠵᠢᠷᠤᠮ ᠢ ᠬᠠᠮᠠᠭᠠᠯᠠᠬᠤ᠂ ᠬᠡᠷᠡᠭᠯᠡᠭᠴᠢᠳ ᠤᠨ ᠡᠷᠬᠡ ᠠᠰᠢᠭ ᠢ ᠬᠠᠮᠠᠭᠠᠯᠠᠬᠤ᠂ ᠴᠢᠨᠠᠷ ᠰᠠᠶᠢᠲᠠᠢ | ᠬᠥᠭᠵᠢᠯᠲᠡ ᠶᠢ ᠠᠬᠢᠭᠤᠯᠬᠤ ᠬᠠᠮᠤᠭ ᠡᠴᠦᠰ ᠤᠨ ᠰᠡᠷᠭᠡᠶᠢᠯᠡᠯᠲᠡ ᠶᠢᠨ ᠱᠤᠭᠤᠮ ᠮᠥᠨ᠃ ᠬᠥᠬᠡᠬᠤᠲᠠ ᠶᠢᠨ ᠵᠠᠬ᠎ᠠ | ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠣᠶᠢᠷ᠎ᠠ ᠶᠢᠨ ᠵᠢᠯ ᠳᠤ᠂ ᠬᠠᠤᠯᠢ ᠬᠡᠷᠡᠭᠵᠢᠭᠦᠯᠦᠯᠲᠡ ᠶᠢᠨ | ᠮᠥᠷᠳᠡᠨ ᠪᠠᠶᠢᠴᠠᠭᠠᠬᠤ ᠡᠩᠨᠡᠭᠡ ᠶᠢᠨ ᠪᠠᠶᠢᠭᠤᠯᠤᠯᠲᠠ᠂ ᠲᠤᠰᠬᠠᠢ ᠴᠡᠭᠴᠡᠯᠡᠨ ᠵᠠᠰᠠᠬᠤ ᠠᠵᠢᠯᠯᠠᠭ᠎ᠠ᠂ ᠬᠡᠷᠡᠭ | ᠰᠢᠢᠳᠪᠦᠷᠢᠯᠡᠬᠦ ᠴᠢᠳᠠᠪᠤᠷᠢ ᠶᠢᠨ ᠳᠡᠭᠡᠭᠰᠢᠯᠡᠯᠲᠡ ᠵᠡᠷᠭᠡ ᠣᠯᠠᠨ ᠲᠠᠯ᠎ᠠ ᠪᠠᠷ ᠪᠠᠶᠠᠷᠯᠠᠭᠤᠰᠢᠲᠠᠢ ᠦᠷ᠎ᠡ ᠪᠦᠲᠦᠭᠡᠯ | ᠣᠯᠵᠤ᠂ ᠣᠷᠣᠨ ᠤ ᠲᠥᠪ ᠤᠨ ᠠᠵᠤ ᠠᠬᠤᠢ ᠨᠡᠶᠢᠭᠡᠮ ᠤᠨ ᠴᠢᠨᠠᠷ ᠰᠠᠶᠢᠲᠠᠢ ᠬᠥᠭᠵᠢᠯᠲᠡ ᠳᠤ ᠰᠢᠨ᠎ᠡ ᠬᠤᠪᠢ | ᠨᠡᠮᠡᠷᠢ ᠦᠵᠡᠭᠦᠯᠦᠭᠰᠡᠨ ᠪᠠᠶᠢᠨ᠎ᠠ᠃ ᠠᠷᠠᠳ ᠲᠦᠮᠡᠨ ᠤ ᠢᠳᠡᠭᠡᠨ ᠤ ᠵᠦᠢᠯ ᠡᠮ ᠤᠨ ᠵᠦᠢᠯ ᠤᠨ ᠠᠮᠤᠷ ᠲᠦᠪᠰᠢᠨ ᠢ | ᠪᠠᠲᠤᠯᠠᠬᠤ᠂ ᠡᠷᠬᠡ ᠳᠤ ᠬᠠᠯᠳᠠᠭᠰᠠᠨ ᠬᠠᠭᠤᠷᠮᠠᠭ ᠮᠠᠭᠤ ᠲᠠᠸᠠᠷ ᠲᠤ ᠴᠣᠬᠢᠯᠲᠠ ᠥᠭᠬᠦ ᠵᠡᠷᠭᠡ ᠠᠰᠠᠭᠤᠳᠠᠯ ᠢ ᠠᠷᠠᠳ | ᠤᠯᠠᠨ ᠲᠤᠶᠢᠯ ᠢᠶᠠᠷ ᠠᠩᠬᠠᠷᠴᠤ ᠪᠠᠶᠢᠨ᠎ᠠ᠃ ᠡᠳᠡᠭᠡᠷ ᠠᠷᠠᠳ ᠤᠯᠠᠨ ᠤ ᠬᠠᠮᠤᠭ ᠤᠨ ᠰᠢᠭᠤᠳ ᠬᠠᠮᠤᠭ ᠤᠨ ᠪᠣᠳᠠᠲᠠᠢ | ᠠᠰᠢᠭ ᠲᠤᠰᠠ ᠶᠢᠨ ᠠᠰᠠᠭᠤᠳᠠᠯ ᠳᠤ ᠴᠢᠭᠯᠡᠭᠦᠯᠦᠨ᠂ ᠬᠠᠤᠯᠢ ᠬᠡᠷᠡᠭᠵᠢᠭᠦᠯᠬᠦ ᠰᠠᠯᠠᠭ᠎ᠠ ᠮᠥᠴᠢᠷ ᠶᠠᠮᠠᠷ ᠶᠠᠮᠠᠷ ᠰᠢᠨ᠎ᠡ | ᠠᠷᠭ᠎ᠠ ᠬᠡᠮᠵᠢᠶ᠎ᠡ ᠠᠪᠬᠤ ᠪᠤᠢ︖ | ᠬᠦᠨᠳᠦᠲᠦ ᠵᠣᠴᠢᠨ ᠤ ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠦᠯᠲᠡ ᠳᠤ ᠬᠢᠨᠠᠯᠲᠠ | ᠲᠠᠯᠪᠢᠬᠤ ᠰᠠᠯᠠᠭᠠᠨ ᠤ ᠳᠥᠷᠪᠡᠳᠦᠭᠡᠷ ᠳᠡᠰ ᠤᠨ ᠡᠷᠬᠢᠯᠡᠭᠴᠢ ᠭᠡᠰᠢᠭᠦᠴᠢ ᠴᠢᠶᠠᠨ ᠵᠢᠩ᠄ | ᠡᠨᠡ ᠵᠢᠯ ᠮᠥᠷᠳᠡᠨ ᠪᠠᠶᠢᠴᠠᠭᠠᠵᠤ ᠬᠡᠷᠡᠭ ᠰᠢᠢᠳᠪᠦᠷᠢᠯᠡᠬᠦ ᠳᠤ ᠰᠢᠨ᠎ᠡ ᠠᠷᠭ᠎ᠠ ᠬᠡᠮᠵᠢᠶ᠎ᠡ᠂ ᠰᠢᠨ᠎ᠡ ᠠᠷᠭ᠎ᠠ | ᠵᠠᠮ ᠲᠠᠢ ᠪᠣᠯᠵᠤ᠂ ︽ᠬᠠᠮ ᠠᠷᠭ᠎ᠠ︾ ᠬᠡᠷᠡᠭᠯᠡᠬᠦ ᠶᠢ ᠴᠢᠬᠤᠯᠠᠴᠢᠯᠠᠨ᠎ᠠ᠃ ᠰᠤᠷᠪᠤᠯᠵᠢᠯᠠᠬᠤ᠂ ᠤᠷᠢᠵᠤ ᠠᠪᠴᠢᠷᠠᠬᠤ | ᠬᠡᠯᠪᠡᠷᠢ ᠪᠠᠷ ᠳᠣᠲᠣᠭᠠᠳᠤ ᠶᠢ ᠬᠠᠮᠠᠭᠠᠯᠠᠬᠤ ᠰᠠᠯᠠᠭ᠎ᠠ ᠮᠥᠴᠢᠷ ᠲᠠᠢ ᠵᠣᠬᠢᠴᠠᠭᠤᠯᠬᠤ ᠬᠤᠷᠠᠯ᠂ ᠳᠣᠲᠣᠭᠠᠳᠤ ᠶᠢ | ᠬᠠᠮᠠᠭᠠᠯᠠᠬᠤ ᠪᠠᠶᠢᠴᠠᠭᠠᠬᠤ ᠰᠢᠭᠦᠬᠦ ᠬᠤᠷᠢᠶ᠎ᠠ ᠶᠢᠨ ᠬᠠᠮᠲᠤᠷᠠᠭᠰᠠᠨ ᠬᠤᠷᠠᠯ ᠬᠤᠷᠠᠯᠳᠤᠭᠤᠯᠪᠠ᠂ ᠵᠢᠱᠢᠶᠡᠯᠡᠪᠡᠯ | ᠹᠧᠨᠲ᠋ᠢᠶᠣᠤᠷ ᠳᠣᠲᠣᠷᠠᠬᠢ ᠬᠥᠩᠭᠡᠨᠴᠠᠭᠠᠨ ᠤ ᠠᠭᠤᠯᠤᠭᠳᠠᠴᠠ ᠪᠠᠷᠢᠮᠵᠢᠶ᠎ᠠ ᠠᠴᠠ ᠬᠡᠲᠦᠷᠡᠭᠰᠡᠨ᠂ ᠲᠣᠭᠤᠰ ᠨᠣᠭᠤᠭᠠᠨ | ᠵᠢᠭᠠᠰᠤ᠂ ᠬᠠᠭᠤᠷᠮᠠᠭ ᠮᠠᠭᠤ ᠡᠮ ᠤᠨ ᠵᠦᠢᠯ ᠵᠡᠷᠭᠡ ᠦᠷᠭᠦᠯᠵᠢ ᠭᠠᠷᠳᠠᠭ ᠢᠳᠡᠭᠡᠨ ᠤ ᠵᠦᠢᠯ ᠡᠮ ᠤᠨ ᠵᠦᠢᠯ ᠤᠨ | ᠠᠮᠤᠷ ᠲᠦᠪᠰᠢᠨ ᠤ ᠠᠰᠠᠭᠤᠳᠠᠯ ᠢ ᠭᠦᠨᠵᠡᠭᠡᠢ ᠰᠤᠳᠤᠯᠤᠨ ᠮᠠᠭᠠᠳᠯᠠᠵᠤ᠂ ᠤᠷᠢᠳᠠᠴᠢ ᠨᠡᠪᠲᠡᠷᠡᠯᠴᠡᠭᠡ ᠶᠢᠨ ᠵᠠᠭᠪᠤᠷ ᠢ | ᠢᠳᠡᠪᠬᠢᠲᠡᠢ ᠪᠠᠷ ᠬᠠᠶᠢᠨ ᠰᠦᠪᠡᠭᠴᠢᠯᠡᠵᠦ᠂ ᠡᠷᠡᠭᠦᠦ ᠶᠢᠨ ᠬᠡᠷᠡᠭ ᠤᠨ ᠰᠣᠯᠪᠢᠴᠠᠯ ᠬᠠᠮᠵᠢᠯᠴᠠᠭ᠎ᠠ ᠶᠢ | ᠲᠡᠭᠦᠯᠳᠡᠷᠵᠢᠭᠦᠯᠪᠡ᠃ ᠡᠭᠦᠨ ᠤ ᠵᠡᠷᠭᠡᠴᠡᠭᠡᠪᠡᠷ ︽ᠲᠤᠭ᠎ᠠ + ᠬᠠᠤᠯᠢ ᠬᠡᠷᠡᠭᠵᠢᠭᠦᠯᠬᠦ︾ ᠴᠢᠳᠠᠪᠤᠷᠢ ᠶᠢ ᠴᠢᠩᠭᠠᠳᠬᠠᠵᠤ᠂ | ᠪᠤᠢ ᠪᠦᠬᠦᠢ ᠬᠡᠷᠡᠭ ᠢ ᠴᠥᠮ ︽ᠪᠦᠬᠦ ᠤᠯᠤᠰ ᠤᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠲᠠᠪᠴᠠᠩ︾ ᠳᠡᠭᠡᠷ᠎ᠡ | ᠠᠵᠢᠯᠯᠠᠭᠤᠯᠵᠤ᠂ ᠬᠠᠤᠯᠢ ᠬᠡᠷᠡᠭᠵᠢᠭᠦᠯᠵᠦ ᠬᠡᠷᠡᠭ ᠰᠢᠢᠳᠪᠦᠷᠢᠯᠡᠬᠦ ᠶᠢ ᠢᠨᠲ᠋ᠧᠷ ᠰᠦᠯᠵᠢᠶ᠎ᠡ ᠲᠠᠢ ᠪᠣᠯᠭᠠᠵᠤ᠂ ᠬᠡᠷᠡᠭ | ᠰᠢᠢᠳᠪᠦᠷᠢᠯᠡᠬᠦ ᠦᠷ᠎ᠡ ᠪᠦᠲᠦᠮᠵᠢ ᠪᠠ ᠭᠠᠵᠠᠷ ᠣᠷᠣᠨ ᠠᠯᠤᠰᠯᠠᠨ ᠬᠠᠤᠯᠢ ᠬᠡᠷᠡᠭᠵᠢᠭᠦᠯᠬᠦ ᠶᠢᠨ ᠬᠡᠷᠡᠭ ᠰᠢᠢᠳᠪᠦᠷᠢᠯᠡᠬᠦ | ᠦᠷ᠎ᠡ ᠪᠦᠲᠦᠭᠡᠯ ᠢ ᠲᠤᠶᠢᠯ ᠤᠨ ᠶᠡᠭᠡ ᠪᠠᠷ ᠳᠡᠭᠡᠭᠰᠢᠯᠡᠭᠦᠯᠪᠡ᠃ ︽3 · 15︾ ᠤ ᠬᠤᠭᠤᠴᠠᠭᠠᠨ ᠳᠤ ᠡᠯ᠎ᠡ | ᠲᠥᠷᠥᠯ ᠤᠨ ᠬᠡᠷᠡᠭᠯᠡᠭᠡᠨ ᠤ ᠵᠠᠬ᠎ᠠ ᠳᠡᠯᠭᠡᠭᠦᠷ ᠤᠨ ᠬᠠᠤᠯᠢ ᠬᠡᠷᠡᠭᠵᠢᠭᠦᠯᠦᠯᠲᠡ ᠶᠢᠨ ᠪᠠᠶᠢᠴᠠᠭᠠᠯᠲᠠ ᠳᠤ᠂ ᠲᠣᠪᠣᠶᠢᠮ᠎ᠠ | ᠠᠰᠠᠭᠤᠳᠠᠯ ᠢ ᠲᠥᠪᠯᠡᠷᠡᠭᠦᠯᠦᠨ ᠴᠡᠭᠴᠡᠯᠡᠨ ᠵᠠᠰᠠᠬᠤ ᠠᠵᠢᠯ ᠢ ᠥᠷᠨᠢᠭᠦᠯᠵᠦ᠂ ᠵᠠᠬ᠎ᠠ ᠳᠡᠯᠭᠡᠭᠦᠷ ᠤᠨ ᠬᠠᠤᠯᠢ | ᠲᠣᠭᠲᠠᠭᠠᠯ ᠠᠴᠠ ᠵᠥᠷᠢᠴᠡᠭᠰᠡᠨ ᠦᠶᠯᠡ ᠠᠵᠢᠯᠯᠠᠭ᠎ᠠ ᠶᠢ ᠴᠢᠩᠭᠠᠪᠠᠶᠢᠴᠠᠭᠠᠨ ᠰᠢᠢᠳᠪᠦᠷᠢᠯᠡᠵᠦ᠂ ᠬᠤᠳᠠᠯ | ᠬᠠᠭᠤᠷᠮᠠᠭ ᠴᠢᠨᠠᠷ ᠮᠠᠭᠤ ᠦᠢᠯᠡᠳᠬᠦᠨ ᠢ ᠳᠡᠯᠭᠡᠨ ᠦᠵᠡᠭᠦᠯᠬᠦ ᠪᠠ ᠲᠥᠪᠯᠡᠷᠡᠭᠦᠯᠦᠨ ᠤᠰᠠᠳᠬᠠᠬᠤ ᠠᠵᠢᠯᠯᠠᠭ᠎ᠠ ᠶᠢ | ᠵᠣᠬᠢᠶᠠᠨ ᠪᠠᠶᠢᠭᠤᠯᠤᠨ᠎ᠠ᠃ ︽ᠬᠡᠷᠡᠭ ᠪᠠᠶᠢᠪᠠᠯ ᠵᠠᠪᠠᠯ ᠪᠠᠶᠢᠴᠠᠭᠠᠬᠤ᠂ ᠪᠠᠶᠢᠴᠠᠭᠠᠪᠠᠯ ᠵᠠᠪᠠᠯ ᠰᠢᠢᠳᠪᠦᠷᠢᠯᠡᠬᠦ︾ ᠶᠢ | ᠪᠠᠷᠢᠮᠲᠠᠯᠠᠵᠤ᠂ ᠬᠡᠷᠡᠭᠯᠡᠭᠴᠢᠳ ᠤᠨ ᠡᠷᠬᠡ ᠠᠰᠢᠭ ᠲᠤ ᠬᠠᠯᠳᠠᠭᠰᠠᠨ ᠬᠠᠤᠯᠢ ᠠᠴᠠ ᠵᠥᠷᠢᠴᠡᠭᠰᠡᠨ ᠡᠯ᠎ᠡ ᠵᠦᠢᠯ ᠤᠨ | ᠠᠵᠢᠯᠯᠠᠭ᠎ᠠ ᠶᠢ ᠵᠠᠯᠬᠠᠭᠠᠨ ᠰᠢᠳᠬᠡᠬᠦ ᠡᠷᠴᠢᠮ ᠢᠶᠠᠨ ᠴᠢᠩᠭᠠᠷᠠᠭᠤᠯᠵᠤ᠂ ᠬᠡᠷᠡᠭᠯᠡᠭᠡᠨ ᠤ ᠣᠷᠴᠢᠨ ᠨᠥᠬᠦᠴᠡᠯ ᠢ | ᠴᠡᠪᠡᠷᠰᠢᠭᠦᠯᠦᠨ᠎ᠡ᠃ | ᠬᠥᠲᠥᠯᠥᠭᠴᠢ᠄ | ᠮᠠᠨ ᠤ ᠬᠠᠤᠯᠢ ᠬᠡᠷᠡᠭᠵᠢᠭᠦᠯᠦᠯᠲᠡ ᠶᠢᠨ ᠪᠠᠶᠢᠴᠠᠭᠠᠯᠲᠠ ᠶᠢᠨ ᠠᠵᠢᠯ ᠤᠨ ᠡᠭᠦᠷᠭᠡ ᠪᠠᠰᠠ ᠨᠡᠯᠢᠶᠡᠳ ᠬᠦᠨᠳᠦ | ᠪᠠᠶᠢᠨ᠎ᠠ᠂ ᠬᠠᠤᠯᠢ ᠬᠡᠷᠡᠭᠵᠢᠭᠦᠯᠦᠯᠲᠡ ᠶᠢᠨ ᠪᠠᠶᠢᠴᠠᠭᠠᠯᠲᠠ ᠶᠢᠨ ᠭᠤᠣᠯ ᠭᠢᠯᠠᠰ ᠴᠡᠭ ᠨᠢ ᠶᠠᠭᠤ ᠪᠣᠶ︖ ᠶᠠᠮᠠᠷ ᠶᠠᠮᠠᠷ | ᠲᠤᠰᠬᠠᠢ ᠠᠵᠢᠯᠯᠠᠭ᠎ᠠ ᠶᠢ ᠥᠷᠨᠢᠭᠦᠯᠦᠭᠰᠡᠨ ᠪᠣᠶ︖ | ᠬᠦᠨᠳᠦᠲᠦ ᠵᠣᠴᠢᠨ ᠤ ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠦᠯᠲᠡ ᠳᠤ ᠬᠢᠨᠠᠯᠲᠠ | ᠲᠠᠯᠪᠢᠬᠤ ᠰᠠᠯᠠᠭᠠᠨ ᠤ ᠳᠥᠷᠪᠡᠳᠦᠭᠡᠷ ᠳᠡᠰ ᠤᠨ ᠡᠷᠬᠢᠯᠡᠭᠴᠢ ᠭᠡᠰᠢᠭᠦᠴᠢ ᠴᠢᠶᠠᠨ ᠵᠢᠩ ᠄ | ᠲᠤᠰᠬᠠᠢ ᠴᠡᠭᠴᠡᠯᠡᠨ ᠵᠠᠰᠠᠬᠤ ᠠᠵᠢᠯᠯᠠᠭ᠎ᠠ ᠢᠯᠡᠳᠲᠡ ᠦᠷ᠎ᠡ ᠪᠦᠲᠦᠮᠵᠢ ᠣᠯᠵᠤ᠂ ᠨᠢᠭᠡ ᠪᠦᠯᠦᠭ ᠬᠦᠴᠢᠷ | ᠲᠦᠪᠡᠭᠲᠡᠢ ᠡᠯᠳᠡᠪ ᠡᠪᠡᠳᠴᠢᠨ ᠤ ᠠᠰᠠᠭᠤᠳᠠᠯ ᠢ ᠲᠤᠰᠬᠠᠶᠢᠯᠠᠨ ᠰᠢᠢᠳᠪᠦᠷᠢᠯᠡᠪᠡ᠃ ᠪᠤᠭᠤᠲᠤ ᠶᠢᠨ ᠪᠣᠯᠣᠳ | ᠲᠡᠮᠦᠷ ᠤᠨ ᠺᠣᠮᠫᠠᠨᠢ ᠶᠢᠨ ᠱᠦᠵᠢ ᠶᠢᠨ ᠰᠠᠨᠠᠭᠤᠯᠤᠭᠰᠠᠨ︽ᠬᠡᠮᠵᠢᠯᠲᠡ ᠳᠤ ᠭᠡᠮ ᠬᠢᠬᠦ︾ᠠᠰᠠᠭᠤᠳᠠᠯ ᠳᠤ ᠴᠢᠭᠯᠡᠭᠦᠯᠦᠨ᠂ | ᠬᠡᠮᠵᠢᠯᠲᠡ ᠶᠢ ᠬᠢᠨᠠᠨ ᠬᠠᠮᠢᠶᠠᠷᠬᠤ᠂ ᠬᠡᠮᠵᠢᠯᠲᠡ ᠶᠢ ᠰᠢᠯᠭᠠᠨ ᠪᠠᠶᠢᠴᠠᠭᠠᠬᠤ ᠲᠤᠰᠬᠠᠢ ᠰᠠᠯᠠᠭ᠎ᠠ ᠮᠥᠴᠢᠷ ᠲᠠᠢ | ᠬᠠᠮᠲᠤᠷᠠᠨ᠂ ᠲᠤᠰᠬᠠᠢ ᠴᠡᠭᠴᠡᠯᠡᠨ ᠵᠠᠰᠠᠬᠤ ᠠᠵᠢᠯ ᠥᠷᠨᠢᠭᠦᠯᠵᠦ᠂ 2023 ᠣᠨ ᠳᠤ ᠨᠡᠶᠢᠳᠡ 31 ᠬᠡᠷᠡᠭ ᠢ | ᠪᠠᠶᠢᠴᠠᠭᠠᠨ ᠰᠢᠢᠳᠪᠦᠷᠢᠯᠡᠵᠦ᠂ 3 ᠵᠠᠬ᠎ᠠ ᠳᠡᠯᠭᠡᠭᠦᠷ ᠤᠨ ᠭᠤᠣᠯᠯᠠᠨ ᠡᠷᠬᠢᠯᠡᠭᠴᠢ ᠶᠢᠨ ᠬᠤᠯᠪᠣᠯᠳᠤᠭᠰᠠᠨ | ᠬᠠᠮᠢᠶᠠᠷᠤᠯᠲᠠ ᠶᠢᠨ ᠬᠠᠷᠢᠭᠤᠴᠠᠯᠭ᠎ᠠ ᠶᠢ ᠨᠡᠬᠡᠮᠵᠢᠯᠡᠨ ᠲᠣᠷᠭᠠᠵᠤ᠂ 3 ᠵᠠᠬ᠎ᠠ ᠳᠡᠯᠭᠡᠭᠦᠷ ᠤᠨ ᠭᠤᠣᠯ ᠴᠣᠭᠴᠠ ᠶᠢᠨ | ᠬᠠᠤᠯᠢ ᠶᠢ ᠵᠥᠷᠢᠴᠡᠵᠦ ᠣᠯᠣᠭᠰᠠᠨ ᠣᠯᠵᠠᠪᠤᠷᠢ ᠶᠢ ᠬᠤᠷᠢᠶᠠᠨ ᠠᠪᠴᠤ᠂ ︽ᠬᠡᠮᠵᠢᠯᠲᠡ ᠶᠢᠨ ᠬᠠᠤᠯᠢ︾ ᠶᠢᠨ ᠵᠦᠢᠯ | ᠵᠤᠷᠪᠤᠰ ᠢ ᠣᠶᠢᠯᠠᠭᠠᠨ ᠬᠡᠷᠡᠭᠯᠡᠬᠦ ᠰᠢᠨ᠎ᠡ ᠥᠨᠳᠥᠷᠴᠡ ᠶᠢ ᠨᠡᠭᠡᠭᠡᠵᠡᠢ᠃ ᠲᠥᠪ ᠤᠨ ᠣᠷᠴᠢᠨ ᠲᠣᠭᠤᠷᠢᠨ ᠤ | ᠬᠠᠮᠠᠭᠠᠯᠠᠯᠲᠠ ᠶᠢᠨ ᠱᠠᠯᠠᠪᠳᠠᠭᠤᠯᠤᠨ ᠪᠠᠶᠢᠴᠠᠭᠠᠬᠤ ᠳᠤᠮᠳᠠ ᠳᠤᠷᠠᠳᠤᠭᠰᠠᠨ ᠬᠤᠳᠠᠯ ᠬᠠᠭᠤᠷᠮᠠᠭ ᠣᠷᠴᠢᠨ | ᠲᠣᠭᠤᠷᠢᠨ ᠤ ᠰᠢᠯᠭᠠᠨ ᠪᠠᠶᠢᠴᠠᠭᠠᠯᠲᠠ ᠶᠢᠨ ᠮᠡᠳᠡᠭᠦᠯᠦᠯᠲᠡ ᠭᠠᠷᠭᠠᠭᠰᠠᠨ ᠠᠰᠠᠭᠤᠳᠠᠯ ᠳᠤ ᠴᠢᠭᠯᠡᠭᠦᠯᠦᠨ᠂ ᠬᠢᠨᠠᠨ | ᠪᠠᠶᠢᠴᠠᠭᠠᠬᠤ ᠰᠠᠯᠠᠭ᠎ᠠ ᠲᠠᠢ ᠬᠠᠮᠲᠤᠷᠠᠨ ᠲᠤᠰᠬᠠᠢ ᠴᠡᠭᠴᠡᠯᠡᠨ ᠵᠠᠰᠠᠬᠤ ᠠᠵᠢᠯ ᠥᠷᠨᠢᠭᠦᠯᠵᠦ᠂ ᠮᠠᠰᠢᠨᠲᠤ ᠲᠡᠷᠭᠡᠨ ᠤ | ᠠᠮᠤᠷ ᠲᠦᠪᠰᠢᠨ ᠤ ᠪᠠᠶᠢᠴᠠᠭᠠᠯᠲᠠ᠂ ᠣᠷᠴᠢᠨ ᠠᠬᠤᠢ ᠶᠢᠨ ᠬᠠᠮᠠᠭᠠᠯᠠᠯᠲᠠ ᠪᠠ ᠦᠢᠯᠡᠳᠬᠦᠨ ᠤ ᠶᠠᠰᠤ ᠴᠢᠨᠠᠷ ᠵᠡᠷᠭᠡ | ᠣᠯᠠᠨ ᠬᠦᠷᠢᠶᠡᠨ ᠳᠤ ᠬᠤᠯᠪᠣᠭᠳᠠᠭᠰᠠᠨ ᠦᠨᠡᠨ ᠪᠣᠳᠠᠲᠠᠢ ᠪᠤᠰᠤ ᠪᠠ ᠬᠤᠳᠠᠯ ᠬᠠᠭᠤᠷᠮᠠᠭ ᠢᠶᠠᠷ ᠪᠠᠶᠢᠴᠠᠭᠠᠨ | ᠰᠢᠯᠭᠠᠭᠰᠠᠨ ᠵᠡᠷᠭᠡ ᠬᠠᠤᠯᠢ ᠲᠣᠭᠲᠠᠭᠠᠯ ᠠᠴᠠ ᠵᠥᠷᠢᠴᠡᠭᠰᠡᠨ 8 ᠠᠰᠠᠭᠤᠳᠠᠯ ᠤᠨ ᠬᠡᠷᠡᠭ ᠢ ᠬᠡᠷᠡᠭ ᠪᠣᠯᠭᠠᠨ | ᠳᠡᠩᠰᠡᠯᠡᠵᠦ ᠪᠠᠶᠢᠴᠠᠭᠠᠨ ᠰᠢᠢᠳᠪᠦᠷᠢᠯᠡᠵᠦ᠂ ᠰᠠᠶᠢᠬᠠᠨ ᠲᠣᠭᠤᠷᠢᠭ ᠤᠨ ᠤᠯᠤᠰ ᠤᠨ ᠰᠢᠨᠵᠢᠯᠡᠬᠦ ᠤᠬᠠᠭᠠᠨ ᠤ | ᠪᠠᠶᠢᠴᠠᠭᠠᠨ ᠰᠢᠯᠭᠠᠬᠤ ᠪᠠᠶᠢᠭᠤᠯᠤᠮᠵᠢ ᠶᠢᠨ 1 ᠬᠡᠷᠡᠭ ᠢ ᠠᠯᠤᠰ ᠠᠴᠠ ᠬᠤᠯᠪᠣᠬᠤ ᠬᠡᠯᠪᠡᠷᠢ ᠪᠠᠷ ᠤᠯᠤᠰ ᠤᠨ | ᠶᠡᠷᠦᠩᠬᠡᠢ ᠲᠣᠪᠴᠢᠶ᠎ᠠ ᠳᠤ ᠲᠤᠰᠬᠠᠢ ᠪᠠᠶᠢᠴᠠᠭᠠᠯᠲᠠ ᠶᠢᠨ ᠲᠤᠬᠠᠢ ᠶᠢᠨ ᠲᠠᠯᠠᠪᠤᠷ ᠢ ᠬᠠᠷᠢᠭᠤ ᠮᠡᠳᠡᠭᠦᠯᠪᠡ᠃ | ᠳᠡᠯᠡᠬᠡᠢ ᠶᠢᠨ ᠨᠠᠷᠠᠲᠤ ᠲᠠᠸᠠᠷ ᠤᠨ ᠲᠡᠮᠳᠡᠭ ᠤᠨ ︽ᠠᠯᠮᠤᠷᠠᠳ︾ ᠲᠤ ᠬᠠᠯᠳᠠᠭᠰᠠᠨ 11 ᠰᠢᠷᠢᠰ ᠬᠡᠷᠡᠭ ᠢ | ᠪᠠᠶᠢᠴᠠᠭᠠᠨ ᠰᠢᠢᠳᠪᠦᠷᠢᠯᠡᠵᠦ᠂ ᠲᠣᠰ ᠺᠣᠮᠫᠠᠨᠢ ᠶᠢᠨ ᠳᠤᠮᠳᠠᠳᠤ ᠤᠯᠤᠰ ᠤᠨ ᠶᠡᠷᠦᠩᠬᠡᠢ ᠵᠠᠬᠢᠷᠭ᠎ᠠ ᠳᠤ ᠠᠶᠢᠯᠴᠢᠯᠠᠨ | ᠵᠥᠪᠰᠢᠶᠡᠷᠡᠭᠳᠡᠵᠦ᠂ ᠮᠠᠨ ᠤ ᠬᠤᠲᠠ ᠶᠢᠨ ︽ᠤᠯᠤᠰ ᠤᠨ ᠲᠠᠰ ᠤᠨ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ | ᠡᠷᠬᠡ ᠶᠢᠨ ᠬᠠᠮᠠᠭᠠᠯᠠᠯᠲᠠ ᠶᠢᠨ ᠵᠢᠱᠢᠶ᠎ᠡ ᠦᠵᠡᠭᠦᠯᠬᠦ ᠣᠷᠣᠨ︾ ᠢ ᠭᠤᠶᠤᠴᠢᠯᠠᠨ ᠡᠷᠭᠢᠯᠡᠬᠦ ᠳᠤ ᠬᠦᠴᠦᠨ ᠨᠡᠮᠡᠷᠢᠯᠡᠪᠡ᠃ | | ᠬᠥᠲᠥᠯᠥᠭᠴᠢ᠄ | ᠲᠣᠰ ᠤᠳᠠᠭᠠᠨ ᠤ ︽3.15︾ ᠤ ᠭᠤᠣᠯ ᠰᠡᠳᠦᠪ ᠪᠣᠯ ︽ᠬᠡᠷᠡᠭᠯᠡᠭᠡᠨ ᠤ ᠠᠮᠢᠵᠢᠷᠠᠯ ᠤᠨ ᠬᠦᠴᠦᠨ ᠢ | ᠬᠥᠭᠵᠢᠭᠡᠨ᠎ᠡ︾᠂ ᠣᠳᠣᠬᠠᠨ ᠤ ᠵᠠᠬ᠎ᠠ ᠳᠡᠯᠭᠡᠭᠦᠷ ᠤᠨ ᠣᠷᠴᠢᠨ ᠨᠥᠬᠦᠴᠡᠯ ᠤᠨ ᠳᠣᠣᠷ᠎ᠠ᠂ ᠮᠠᠨ ᠤ ᠬᠠᠤᠯᠢ | ᠬᠡᠷᠡᠭᠵᠢᠭᠦᠯᠬᠦ ᠰᠢᠰᠲ᠋ᠧᠮ ᠳᠤ ᠶᠠᠮᠠᠷ ᠠᠷᠭ᠎ᠠ ᠬᠡᠮᠵᠢᠶ᠎ᠡ ᠪᠠᠶᠢᠬᠤ ᠪᠣᠶ︖ | ᠬᠦᠨᠳᠦᠲᠦ ᠵᠣᠴᠢᠨ ᠤ ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠦᠯᠲᠡ ᠳᠤ ᠬᠢᠨᠠᠯᠲᠠ | ᠲᠠᠯᠪᠢᠬᠤ ᠰᠠᠯᠠᠭᠠᠨ ᠤ ᠳᠥᠷᠪᠡᠳᠦᠭᠡᠷ ᠳᠡᠰ ᠤᠨ ᠡᠷᠬᠢᠯᠡᠭᠴᠢ ᠭᠡᠰᠢᠭᠦᠴᠢ ᠴᠢᠶᠠᠨ ᠵᠢᠩ ᠄ | ᠲᠤᠰ ᠤᠳᠠᠭᠠᠨ ᠤ ︽ᠬᠡᠷᠡᠭᠯᠡᠭᠡᠨ ᠤ ᠠᠮᠢᠵᠢᠷᠠᠯ ᠤᠨ ᠬᠦᠴᠦᠨ ᠢ ᠬᠥᠭᠵᠢᠭᠡᠬᠦ︾ 3.15 ᠠᠵᠢᠯᠯᠠᠭ᠎ᠠ ᠲᠠᠢ | ᠤᠶᠠᠯᠳᠤᠭᠤᠯᠤᠨ᠂ ᠪᠥᠬᠦ ᠬᠤᠲᠠ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠬᠠᠤᠯᠢ ᠬᠡᠷᠡᠭᠵᠢᠭᠦᠯᠬᠦ | ᠰᠢᠰᠲ᠋ᠧᠮ ᠤᠨ ᠬᠢᠨ ᠬᠠᠭᠠᠰ ᠵᠢᠯ ᠤᠨ ᠬᠤᠭᠤᠴᠠᠭ᠎ᠠ ᠲᠠᠢ ︽ᠬᠡᠷᠡᠭᠯᠡᠭᠡ ᠶᠢ ᠰᠠᠬᠢᠨ ᠬᠠᠮᠠᠭᠠᠯᠠᠬᠤ︾ ᠵᠢᠴᠢ | ᠬᠡᠷᠡᠭᠯᠡᠭᠴᠢᠳ ᠤᠨ ᠡᠷᠬᠡ ᠠᠰᠢᠭ ᠲᠤ ᠬᠠᠯᠳᠠᠭᠰᠠᠨ ᠲᠣᠪᠣᠶᠢᠮ᠎ᠠ ᠬᠠᠤᠯᠢ ᠶᠢ ᠵᠥᠷᠢᠴᠡᠭᠰᠡᠨ ᠦᠶᠯᠡ ᠠᠵᠢᠯᠯᠠᠭ᠎ᠠ ᠳᠤ | ᠴᠣᠬᠢᠯᠲᠠ ᠥᠭᠬᠦ ᠲᠤᠰᠬᠠᠢ ᠬᠠᠤᠯᠢ ᠬᠡᠷᠡᠭᠵᠢᠭᠦᠯᠬᠦ ᠠᠵᠢᠯᠯᠠᠭ᠎ᠠ ᠥᠷᠨᠢᠭᠦᠯᠵᠦ᠂ ᠣᠳᠣᠬᠠᠨ ᠤ ᠬᠡᠷᠡᠭᠯᠡᠭᠴᠢᠳ ᠤᠨ | ᠡᠷᠬᠡ ᠠᠰᠢᠭ ᠲᠤ ᠬᠠᠯᠳᠠᠭᠰᠠᠨ ᠲᠣᠪᠣᠶᠢᠮ᠎ᠠ ᠬᠠᠤᠯᠢ ᠶᠢ ᠵᠥᠷᠢᠴᠡᠭᠰᠡᠨ ᠦᠶᠯᠡ ᠠᠵᠢᠯᠯᠠᠭ᠎ᠠ ᠳᠤ ᠴᠢᠩᠭ᠎ᠠ ᠴᠣᠬᠢᠯᠲᠠ | ᠥᠭᠴᠦ᠂ ᠬᠡᠷᠡᠭᠯᠡᠭᠴᠢᠳ ᠤᠨ ᠬᠠᠤᠯᠢ ᠶᠣᠰᠣᠨ ᠤ ᠡᠷᠬᠡ ᠠᠰᠢᠭ ᠢ ᠦᠨᠡᠨ ᠬᠦ ᠬᠠᠮᠠᠭᠠᠯᠠᠨ᠂ ᠬᠡᠷᠡᠭᠯᠡᠭᠡᠨ ᠤ ᠣᠷᠴᠢᠨ | ᠨᠥᠬᠦᠴᠡᠯ ᠢ ᠤᠯᠠᠮ ᠨᠢᠭᠡ ᠠᠯᠬᠤᠮ ᠰᠢᠯᠢᠳᠡᠭᠵᠢᠭᠦᠯᠵᠦ᠂ ᠬᠡᠷᠡᠭᠯᠡᠭᠡᠨ ᠤ ᠳᠠᠯᠳᠠ ᠬᠦᠴᠦᠨ ᠢ ᠬᠥᠭᠵᠢᠭᠡᠪᠡ᠃ ᠲᠣᠰ | ᠤᠳᠠᠭᠠᠨ ᠤ ︽ᠲᠤᠰᠬᠠᠢ ᠠᠵᠢᠯᠯᠠᠭ᠎ᠠ︾ ᠨᠢ ᠬᠡᠷᠡᠭᠯᠡᠭᠴᠢᠳ ᠤᠨ ᠡᠷᠬᠡ ᠠᠰᠢᠭ ᠲᠤ ᠬᠠᠯᠳᠠᠭᠰᠠᠨ ᠲᠠᠪᠤᠨ | ᠲᠥᠷᠥᠯ ᠤᠨ ᠬᠠᠤᠯᠢ ᠠᠴᠠ ᠵᠥᠷᠢᠴᠡᠭᠰᠡᠨ ᠦᠶᠯᠡ ᠠᠵᠢᠯᠯᠠᠭ᠎ᠠ ᠳᠤ ᠭᠤᠣᠯᠳᠠᠯᠭ᠎ᠠ ᠲᠠᠢ ᠴᠣᠬᠢᠯᠲᠠ ᠥᠭᠭᠦᠨ᠎ᠡ᠄ | ᠬᠡᠯᠪᠡᠷᠢᠵᠢᠭᠰᠡᠨ ᠵᠦᠢᠯ ᠵᠤᠷᠪᠤᠰ ᠢ ᠠᠰᠢᠭᠯᠠᠨ ᠬᠡᠷᠡᠭᠯᠡᠭᠴᠢᠳ ᠤᠨ ᠬᠠᠤᠯᠢ ᠶᠣᠰᠣᠨ ᠤ ᠡᠷᠬᠡ ᠠᠰᠢᠭ ᠲᠤ | ᠬᠠᠯᠳᠠᠭᠰᠠᠨ ᠬᠠᠤᠯᠢ ᠠᠴᠠ ᠵᠥᠷᠢᠴᠡᠭᠰᠡᠨ ᠦᠶᠯᠡ ᠠᠵᠢᠯᠯᠠᠭ᠎ᠠ ᠳᠤ ᠭᠤᠣᠯᠳᠠᠯᠭ᠎ᠠ ᠲᠠᠢ ᠴᠣᠬᠢᠯᠲᠠ ᠥᠭᠴᠦ᠂ | ᠵᠢᠭᠤᠯᠴᠢᠯᠠᠯ᠂ ᠰᠤᠷᠭᠠᠨ ᠬᠥᠮᠦᠵᠢᠯ ᠪᠣᠯᠪᠠᠰᠤᠷᠠᠭᠤᠯᠤᠯ᠂ ᠪᠡᠶ᠎ᠡ ᠶᠢᠨ ᠲᠠᠮᠢᠷ ᠪᠡᠶ᠎ᠡ ᠴᠢᠭᠢᠷᠠᠭᠵᠢᠭᠤᠯᠤᠯᠲᠠ᠂ ᠢᠨᠲ᠋ᠧᠷ | ᠰᠦᠯᠵᠢᠶᠡᠨ ᠤ ᠲᠠᠪᠴᠠᠩ ᠵᠡᠷᠭᠡ ᠬᠡᠷᠡᠭᠯᠡᠭᠴᠢᠳ ᠤᠨ ᠬᠤᠪᠢ ᠬᠥᠮᠥᠨ ᠤ ᠮᠡᠳᠡᠭᠡ ᠵᠠᠩᠭᠢ ᠳᠤ ᠬᠠᠯᠳᠠᠭᠰᠠᠨ ᠬᠠᠤᠯᠢ | ᠠᠴᠠ ᠵᠥᠷᠢᠴᠡᠭᠰᠡᠨ ᠦᠶᠯᠡ ᠠᠵᠢᠯᠯᠠᠭ᠎ᠠ ᠳᠤ᠂ ᠰᠦᠯᠵᠢᠶᠡᠨ ᠭᠠᠳᠠᠨᠠᠬᠢ ᠡᠵᠡᠩᠨᠡᠯᠲᠡ ᠶᠢᠨ ᠭᠤᠣᠯ ᠴᠣᠭᠴᠠ ᠶᠢᠨ | ᠬᠡᠷᠡᠭᠯᠡᠭᠴᠢᠳ ᠤᠨ ᠵᠥᠪᠰᠢᠶᠡᠷᠡᠯ ᠦᠭᠡᠢ ᠪᠠᠷ ᠬᠡᠷᠡᠭᠯᠡᠭᠴᠢᠳ ᠤᠨ ᠬᠤᠪᠢ ᠬᠥᠮᠥᠨ ᠤ ᠮᠡᠳᠡᠭᠡ ᠵᠠᠩᠭᠢ ᠶᠢ | ᠴᠤᠭᠯᠠᠭᠤᠯᠵᠤ ᠬᠡᠷᠡᠭᠯᠡᠭᠰᠡᠨ ᠵᠡᠷᠭᠡ ᠬᠠᠤᠯᠢ ᠠᠴᠠ ᠵᠥᠷᠢᠴᠡᠭᠰᠡᠨ ᠦᠶᠯᠡ ᠰᠡᠯᠪᠢᠨ ᠵᠠᠰᠠᠬᠤ᠂ ᠪᠣᠯᠪᠠᠰᠤᠷᠠᠭᠤᠯᠬᠤ᠂ | ᠤᠭᠰᠠᠷᠠᠬᠤ᠂ ᠵᠠᠰᠠᠵᠤ ᠴᠢᠮᠡᠭᠯᠡᠬᠦ ᠵᠡᠷᠭᠡ ᠦᠢᠯᠡᠴᠢᠯᠡᠭᠡ ᠬᠠᠩᠭᠠᠬᠤ ᠶᠠᠪᠤᠴᠠ ᠳᠤ ᠬᠡᠷᠡᠭᠯᠡᠭᠴᠢᠳ ᠤᠨ ᠬᠠᠤᠯᠢ | ᠶᠣᠰᠣᠨ ᠤ ᠡᠷᠬᠡ ᠠᠰᠢᠭ ᠲᠤ ᠬᠠᠯᠳᠠᠭᠰᠠᠨ ᠬᠠᠤᠯᠢ ᠠᠴᠠ ᠵᠥᠷᠢᠴᠡᠭᠰᠡᠨ ᠠᠵᠢᠯᠯᠠᠭ᠎ᠠ ᠳᠤ᠂ ᠡᠵᠡᠩᠨᠡᠭᠴᠢᠳ ᠤᠨ | ᠠᠵᠢᠯᠴᠢᠨ ᠬᠡᠷᠡᠭᠯᠡᠬᠦ ᠮᠠᠲ᠋ᠧᠷᠢᠶᠠᠯ ᠢ ᠬᠤᠳᠠᠯ ᠢᠶᠠᠷ ᠮᠡᠳᠡᠭᠦᠯᠬᠦ᠂ ᠰᠡᠯᠪᠢᠭ ᠲᠣᠨᠤᠭ ᠪᠤᠶᠤ ᠮᠠᠲ᠋ᠧᠷᠢᠶᠠᠯ ᠢ ᠵᠣᠷᠢᠭᠤᠳᠠ | ᠡᠪᠳᠡᠨ ᠰᠦᠢᠳᠬᠡᠬᠦ᠂ ᠬᠤᠯᠠᠭᠤᠨ ᠰᠣᠯᠢᠬᠤ ᠵᠡᠷᠭᠡ ᠬᠠᠤᠯᠢ ᠠᠴᠠ ᠵᠥᠷᠢᠴᠡᠭᠰᠡᠨ ᠠᠵᠢᠯᠯᠠᠭ᠎ᠠ ᠶᠢ ᠭᠤᠣᠯᠳᠠᠯᠭ᠎ᠠ | ᠲᠠᠢ ᠪᠠᠶᠢᠴᠠᠭᠠᠨ ᠰᠢᠢᠳᠪᠦᠷᠢᠯᠡᠨ᠎ᠡ ︽ᠰᠦᠯᠵᠢᠶ᠎ᠡ ᠪᠠᠷ ᠲᠠᠸᠠᠷ ᠬᠤᠳᠠᠯᠳᠤᠨ ᠠᠪᠤᠭᠠᠳ ᠲᠤᠯᠤᠭᠠᠨ ᠡᠳᠦᠷ ᠤᠨ | ᠳᠣᠲᠣᠷ᠎ᠠ ᠰᠢᠯᠲᠠᠭᠠᠨ ᠦᠭᠡᠢ ᠪᠠᠷ ᠪᠠᠷᠠᠭ᠎ᠠ ᠪᠤᠴᠠᠭᠠᠬᠤ︾ ᠬᠠᠮᠢᠶ᠎ᠠ ᠪᠦᠬᠦᠢ ᠬᠠᠤᠯᠢ ᠠᠴᠠ ᠵᠥᠷᠢᠴᠡᠭᠰᠡᠨ ᠦᠶᠯᠡ | ᠠᠵᠢᠯᠯᠠᠭ᠎ᠠ ᠶᠢ ᠭᠦᠢᠴᠡᠳᠬᠡᠬᠦ ᠦᠭᠡᠢ ᠪᠠᠶᠢᠵᠤ᠂ ᠰᠦᠯᠵᠢᠶ᠎ᠡ ᠪᠠᠷ ᠲᠠᠸᠠᠷ ᠪᠣᠷᠣᠯᠠᠭᠤᠯᠤᠭᠴᠢ ᠶᠢᠨ ᠲᠣᠭᠲᠠᠭᠠᠯ ᠠᠴᠠ | ᠵᠥᠷᠢᠴᠡᠭᠰᠡᠨ᠂ ᠲᠤᠯᠤᠭᠠᠨ ᠡᠳᠦᠷ ᠤᠨ ᠳᠣᠲᠣᠷ᠎ᠠ ᠰᠢᠯᠲᠠᠭᠠᠨ ᠦᠭᠡᠢ ᠪᠠᠷ ᠪᠠᠷᠠᠭ᠎ᠠ ᠪᠤᠴᠠᠭᠠᠬᠤ ᠬᠡᠪᠴᠢᠶ᠎ᠡ ᠶᠢ | ᠳᠤᠷ᠎ᠠ ᠪᠠᠷ ᠢᠶᠠᠨ ᠥᠷᠭᠡᠳᠬᠡᠭᠰᠡᠨ ᠵᠡᠷᠭᠡ ᠬᠠᠤᠯᠢ ᠠᠴᠠ ᠵᠥᠷᠢᠴᠡᠭᠰᠡᠨ ᠦᠶᠯᠡ ᠠᠵᠢᠯᠯᠠᠭ᠎ᠠ ᠶᠢ ᠭᠤᠣᠯᠳᠠᠯᠭ᠎ᠠ ᠲᠠᠢ | ᠪᠠᠶᠢᠴᠠᠭᠠᠨ ᠰᠢᠢᠳᠪᠦᠷᠢᠯᠡᠨ᠎ᠡ︔ ᠬᠡᠷᠡᠭᠯᠡᠭᠴᠢᠳ ᠤᠨ ᠬᠠᠤᠯᠢ ᠶᠣᠰᠣᠨ ᠤ ᠭᠤᠮᠣᠳᠠᠯ ᠱᠠᠭᠠᠷᠳᠠᠯᠭ᠎ᠠ ᠶᠢ ᠵᠣᠷᠢᠭᠤᠳᠠ | ᠬᠤᠶᠢᠰᠢᠯᠠᠭᠤᠯᠬᠤ ᠪᠤᠶᠤ ᠶᠣᠰᠣ ᠪᠤᠰᠤ ᠪᠠᠷ ᠲᠡᠪᠴᠢᠬᠦ᠃ ᠣᠳᠣᠬᠠᠨ ᠳᠤ ᠠᠵᠤ ᠠᠬᠤᠢ ᠶᠢᠨ ᠪᠠᠭᠤᠷᠠᠯᠲᠠ ᠶᠢᠨ | ᠳᠠᠷᠤᠯᠲᠠ ᠳᠣᠣᠷ᠎ᠠ᠂ ᠤᠶᠠᠨ ᠬᠠᠳᠠᠨ ᠢᠶᠠᠷ ᠬᠠᠤᠯᠢ ᠬᠡᠷᠡᠭᠵᠢᠭᠦᠯᠬᠦ ᠶᠢ ᠲᠤᠪᠤᠶᠢᠯᠭᠠᠵᠦ᠂ ᠵᠢᠵᠢᠭ ᠪᠢᠴᠢᠯ ᠠᠵᠤ | ᠠᠬᠤᠶᠢᠯᠠᠯ ᠳᠤ ᠦᠢᠯᠡᠴᠢᠯᠡᠵᠦ᠂ ᠬᠤᠳᠠᠯᠳᠤᠭ᠎ᠠ ᠡᠷᠬᠢᠯᠡᠬᠦ ᠣᠷᠴᠢᠨ ᠲᠣᠭᠤᠷᠢᠨ ᠢ ᠰᠢᠯᠢᠳᠡᠭᠵᠢᠭᠦᠯᠬᠦ ᠲᠠᠯ᠎ᠠ ᠪᠠᠷ | ᠰᠢᠨ᠎ᠡ ᠵᠢᠳᠬᠦᠯ ᠴᠢᠷᠮᠠᠶᠢᠯᠭ᠎ᠠ ᠲᠠᠢ ᠪᠣᠯᠵᠠᠢ᠃ ᠪᠢᠳᠡ ᠪᠠᠶᠢᠴᠠᠭᠠᠬᠤ ᠬᠤᠷᠢᠶ᠎ᠠ᠂ ᠰᠢᠭᠦᠬᠦ ᠬᠤᠷᠢᠶ᠎ᠠ ᠵᠡᠷᠭᠡ ᠰᠠᠯᠠᠭ᠎ᠠ | ᠮᠥᠴᠢᠷ ᠢ ᠢᠳᠡᠪᠬᠢᠲᠡᠢ ᠪᠠᠷ ᠵᠣᠬᠢᠴᠠᠭᠤᠯᠤᠨ᠂ ᠬᠡᠷᠡᠭ ᠲᠤ ᠬᠢᠨᠠᠯᠲᠠ ᠲᠠᠯᠪᠢᠭᠤᠯᠬᠤ ᠭᠤᠶᠤᠴᠢᠯᠠᠯ ᠳᠡᠪᠰᠢᠭᠦᠯᠵᠦ᠂ | ᠬᠠᠤᠯᠢ ᠶᠢ ᠵᠥᠷᠢᠴᠡᠭᠰᠡᠨ ᠦᠢᠯᠡ ᠪᠠᠶᠢᠳᠠᠯ ᠨᠢ ᠬᠦᠨᠳᠦ ᠨᠣᠴᠢᠲᠠᠢ ᠪᠢᠰᠢ᠂ ᠴᠡᠭᠴᠡᠯᠡᠨ ᠥᠭᠡᠷᠡᠴᠢᠯᠡᠵᠦ | ᠨᠥᠬᠦᠪᠦᠷᠢᠯᠡᠨ ᠵᠠᠯᠠᠷᠠᠭᠤᠯᠬᠤ ᠠᠷᠭ᠎ᠠ ᠬᠡᠮᠵᠢᠶ᠎ᠡ ᠪᠠᠷ ᠨᠡᠯᠢᠶᠡᠳ ᠰᠠᠶᠢᠨ ᠬᠡᠰᠡᠭ ᠬᠦᠴᠢᠷᠳᠡᠯ ᠲᠠᠢ ᠠᠵᠤ | ᠠᠬᠤᠶᠢᠯᠠᠯ ᠳᠤ ᠬᠠᠪᠰᠤᠷᠤᠯᠭ᠎ᠠ ᠦᠵᠡᠭᠦᠯᠪᠡ᠃ ᠵᠢᠱᠢᠶᠡᠯᠡᠪᠡᠯ ᠨᠢᠳᠤᠨᠤᠨ ᠤ ᠲᠦᠸᠧ ᠰᠢᠶᠠᠨ ᠤ ︽ᠲᠠᠷᠢᠶᠠᠨ | ᠢᠳᠡᠭᠡᠨ ᠤ ᠳ᠋ᠧᠦᠹᠦ᠋ ᠶᠢᠨ ᠬᠡᠷᠡᠭ︾ ᠢ 9 ᠲᠦᠮᠡ ᠭᠠᠷᠤᠢ ᠲᠥᠭᠦᠷᠢᠭ ᠠᠴᠠ ᠬᠡᠯᠲᠦᠷᠢᠭᠦᠯᠦᠨ ᠰᠢᠳᠭᠡᠵᠦ᠂ ᠪᠦᠬᠦ | ᠣᠷᠣᠨ ᠤ ᠰᠢᠯᠢᠳᠡᠭ ᠨᠡᠶᠢᠲᠡᠯᠢᠭ ᠬᠡᠷᠡᠭ ᠤᠨ ᠵᠢᠱᠢᠶ᠎ᠡ ᠪᠠᠷ ᠦᠨᠡᠯᠡᠭᠳᠡᠵᠦ᠂ ᠥᠪᠡᠷᠲᠡᠭᠡᠨ ᠵᠠᠰᠠᠬᠤ ᠣᠷᠣᠨ ᠤ ᠬᠡᠷᠡᠭ | ᠢ ᠦᠨᠡᠯᠡᠨ ᠪᠠᠶᠢᠴᠠᠭᠠᠬᠤ ᠬᠤᠷᠠᠯ ᠳᠡᠭᠡᠷ᠎ᠡ ᠨᠡᠶᠢᠲᠡᠯᠢᠭ ᠶᠠᠷᠢᠶ᠎ᠠ ᠲᠠᠯᠪᠢᠭᠰᠠᠨ ᠪᠥᠭᠡᠳ ᠠᠷᠠᠳ ᠤᠨ ᠳᠡᠭᠡᠳᠦ | ᠪᠠᠶᠢᠴᠠᠭᠠᠬᠤ ᠬᠤᠷᠢᠶᠠᠨ ᠤ ᠳᠤᠮᠳᠠᠳᠤ ᠤᠯᠤᠰ ᠤᠨ ᠪᠠᠶᠢᠴᠠᠭᠠᠬᠤ ᠡᠳᠦᠷ ᠤᠨ ᠰᠣᠨᠢᠨ ᠳᠤ ︽ᠬᠦᠴᠢᠯᠯᠢᠭ ᠡᠭᠡᠳᠡᠩ | ᠳ᠋ᠧᠦᠹᠦ᠋ ᠶᠢᠨ ᠰᠢᠨ᠎ᠡ ᠰᠤᠷᠤᠭᠴᠢ︾ ᠭᠡᠬᠦ ᠭᠠᠷᠴᠠᠭ ᠢᠶᠠᠷ ᠮᠡᠳᠡᠭᠡᠯᠡᠵᠡᠢ᠃ ᠬᠠᠤᠯᠢ ᠶᠢ ᠬᠥᠩᠭᠡᠪᠲᠦᠷ ᠵᠥᠷᠢᠴᠡᠭᠰᠡᠨ | ᠠᠵᠢᠯᠯᠠᠭ᠎ᠠ ᠳᠤ ︽ᠠᠩᠬ᠎ᠠ ᠵᠥᠷᠢᠴᠡᠭᠰᠡᠨ ᠢ ᠦᠯᠦ ᠲᠣᠷᠭᠠᠬᠤ︾ ᠳᠦᠷᠢᠮ ᠢ ᠬᠡᠷᠡᠭᠵᠢᠭᠦᠯᠵᠦ᠂ ᠬᠡᠷᠡᠭ ᠤᠨ ᠲᠠᠷᠠᠭ᠎ᠠ | ᠥᠭᠡᠷᠡᠴᠢᠯᠡᠨ ᠰᠠᠶᠢᠵᠢᠷᠠᠭᠤᠯᠵᠤ᠂ ᠠᠵᠤ ᠠᠬᠤᠶᠢᠯᠠᠯ ᠳᠤ ︽ᠨᠠᠮᠳᠠᠭᠤᠯᠬᠤ︾ ᠲᠣᠬᠢᠶᠠᠯ ᠣᠯᠭᠤᠵᠤ᠂ ᠵᠠᠬ᠎ᠠ | ᠳᠡᠯᠭᠡᠭᠦᠷ ᠤᠨ ᠪᠡᠶᠡᠴᠢ ᠴᠣᠭᠴᠠ ᠳᠤ ᠬᠠᠮᠤᠭ ᠤᠨ ᠶᠡᠭᠡ ᠬᠡᠮᠵᠢᠶ᠎ᠡ ᠪᠠᠷ ᠪᠤᠷᠤᠭᠤ ᠶᠢ ᠠᠭᠤᠴᠢᠯᠠᠨ ᠪᠠᠭᠲᠠᠭᠠᠵᠤ | ᠪᠤᠷᠤᠭᠤ ᠶᠢ ᠵᠠᠯᠠᠷᠠᠭᠤᠯᠬᠤ ᠣᠷᠣᠨ ᠵᠠᠢ ᠣᠯᠭᠤᠵᠤ᠂ ᠨᠡᠩ ᠤᠯᠠᠨ ᠵᠠᠬ᠎ᠠ ᠳᠡᠯᠭᠡᠭᠦᠷ ᠤᠨ ᠪᠡᠶᠡᠴᠢ ᠴᠣᠭᠴᠠ ᠶᠢᠨ ᠪᠡᠯᠡ | ᠣᠷᠣᠭᠤᠯᠤᠯᠲᠠ ᠶᠢ ᠰᠠᠨᠠᠭ᠎ᠠ ᠠᠮᠤᠷ ᠪᠠᠶᠢᠯᠭᠠᠵᠤ᠂ ᠡᠵᠡᠩᠨᠡᠯᠲᠡ ᠶᠢ ᠰᠠᠨᠠᠭ᠎ᠠ ᠠᠮᠤᠷ ᠪᠠᠶᠢᠯᠭᠠᠵᠤ᠂ ᠬᠤᠳᠠᠯᠳᠤᠭ᠎ᠠ | ᠡᠵᠡᠩᠨᠡᠬᠦ ᠣᠷᠴᠢᠨ ᠨᠥᠬᠦᠴᠡᠯ ᠢ ᠦᠷᠭᠦᠯᠵᠢᠯᠡᠨ ᠰᠢᠯᠢᠳᠡᠭᠵᠢᠭᠦᠯᠬᠦ ᠶᠢ ᠠᠬᠢᠭᠤᠯᠵᠤ᠂ ᠠᠵᠤ ᠠᠬᠤᠢ ᠶᠢᠨ ᠴᠢᠨᠠᠷ | ᠰᠠᠶᠢᠲᠠᠢ ᠬᠥᠭᠵᠢᠯᠲᠡ ᠶᠢ ᠠᠬᠢᠭᠤᠯᠤᠨ᠎ᠠ᠃ ᠵᠣᠭᠤᠰ ᠢᠶᠠᠷ ᠲᠣᠷᠭᠠᠬᠤ ᠪᠣᠯ ᠨᠡᠯᠢᠶᠡᠳ ᠪᠠᠶᠢᠩᠭᠤ ᠲᠣᠬᠢᠶᠠᠯᠳᠤᠳᠠᠭ | ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠦᠶᠯᠡ ᠠᠵᠢᠯᠯᠠᠭ᠎ᠠ ᠮᠥᠨ᠂ ᠭᠡᠪᠡᠴᠦ ᠪᠠᠰᠠ ᠳᠤᠷ᠎ᠠ ᠪᠠᠷ ᠢᠶᠠᠨ | ᠵᠣᠭᠤᠰ ᠢᠶᠠᠷ ᠲᠣᠷᠭᠠᠬᠤ ᠵᠡᠷᠭᠡ ᠠᠵᠤ ᠠᠬᠤᠶᠢᠯᠠᠯ ᠤᠨ ᠣᠯᠠᠨ ᠲᠦᠮᠡᠨ ᠤ ᠲᠤᠰᠬᠠᠯ ᠶᠡᠬᠡᠲᠡᠢ ᠠᠰᠠᠭᠤᠳᠠᠯ ᠠᠮᠠᠷᠬᠠᠨ | ᠭᠠᠷᠳᠠᠭ᠃ ᠪᠢᠳᠡ ᠡᠨᠡ ᠵᠢᠯ ᠰᠢᠨ᠎ᠡ ᠬᠥᠭᠵᠢᠯᠲᠡ ᠶᠢᠨ ᠱᠠᠲᠤᠨ ᠳᠤ ᠰᠠᠭᠤᠷᠢᠯᠠᠵᠤ᠂ ᠰᠢᠨ᠎ᠡ ᠬᠥᠭᠵᠢᠯᠲᠡ ᠶᠢᠨ | ᠣᠶᠢᠯᠠᠭᠠᠭᠳᠠᠬᠤᠨ ᠢ ᠪᠦᠷᠢᠨ ᠪᠦᠲᠦᠨ᠂ ᠣᠨᠣᠪᠴᠢᠲᠠᠶ᠂ ᠪᠦᠬᠦ ᠲᠠᠯ᠎ᠠ ᠪᠠᠷ ᠲᠤᠤᠱᠯᠠᠭᠤᠯᠵᠤ᠂ ᠵᠣᠭᠤᠰ ᠢᠶᠠᠷ | ᠲᠣᠷᠭᠠᠬᠤ ᠶᠢᠨ ᠬᠡᠷᠡᠭᠵᠢᠭᠦᠯᠦᠯᠲᠡ ᠶᠢ ᠴᠢᠩᠭ᠎ᠠ ᠵᠢᠷᠤᠮᠵᠢᠭᠤᠯᠬᠤ ᠪᠠ ᠬᠦᠴᠦᠲᠡᠢ ᠬᠢᠨᠠᠯᠲᠠ ᠲᠠᠯᠪᠢᠵᠤ᠂ ᠰᠢᠳᠬᠡᠯ ᠢ | ᠬᠠᠤᠯᠢ ᠪᠠᠷ ᠲᠣᠭᠲᠠᠭᠠᠬᠤ᠂ ᠲᠥᠪ ᠭᠤᠣᠯᠴᠢ ᠢᠯᠡ ᠲᠣᠳᠣ᠂ ᠬᠡᠲᠦᠷᠡᠭᠦᠯᠦᠨ ᠲᠣᠷᠭᠠᠬᠤ ᠶᠢ ᠲᠡᠩᠴᠡᠭᠦᠦ ᠪᠠᠶᠢᠯᠭᠠᠬᠤ᠂ | ᠰᠢᠳᠬᠡᠬᠦ ᠪᠠ ᠰᠤᠷᠭᠠᠨ ᠬᠥᠮᠥᠵᠢᠭᠦᠯᠬᠦ ᠶᠢ ᠤᠶᠠᠯᠳᠤᠭᠤᠯᠬᠤ ᠵᠠᠷᠴᠢᠮ ᠶᠣᠰᠣᠭᠠᠷ᠂ ᠠᠷᠠᠳ ᠲᠦᠮᠡᠨ ᠢᠶᠠᠷ ᠭᠤᠣᠯ | ᠪᠣᠯᠭᠠᠬᠤ ᠣᠶᠢᠯᠠᠭᠠᠭᠳᠠᠬᠤᠨ ᠢ ᠪᠠᠷᠢᠮᠲᠠᠯᠠᠵᠤ᠂ ᠠᠵᠤ ᠠᠬᠤᠶᠢᠯᠠᠯ ᠪᠠ ᠤᠯᠠᠨ ᠲᠦᠮᠡᠨ ᠳᠤ ᠬᠠᠤᠯᠢ ᠬᠡᠷᠡᠭᠵᠢᠭᠦᠯᠬᠦ | ᠠᠵᠢᠯᠯᠠᠭ᠎ᠠ ᠨᠢᠭᠡᠪᠦᠷᠢ ᠶᠢᠨ ᠳᠤᠮᠳᠠ ᠠᠴᠠ ᠰᠤᠷᠲᠠᠯ ᠴᠢᠬᠡᠴᠢ ᠣᠪᠣᠷ ᠲᠥᠪ ᠪᠠᠶᠢᠬᠤ ᠶᠢ ᠦᠵᠡᠭᠦᠯᠵᠦ᠂ ᠬᠠᠤᠯᠢ | ᠬᠡᠷᠡᠭᠵᠢᠭᠦᠯᠬᠦ ᠲᠣᠭᠲᠠᠭᠠᠯ ᠨᠢᠭᠡᠪᠦᠷᠢ ᠠᠴᠠ ᠴᠥᠮ ᠲᠥᠪ ᠭᠤᠣᠯᠴᠢ ᠰᠢᠳᠤᠷᠭᠤ ᠶᠣᠰᠣ ᠶᠢ ᠮᠡᠳᠡᠷᠡᠭᠦᠯᠬᠦ ᠪᠠᠷ | ᠴᠢᠷᠮᠠᠶᠢᠨ᠎ᠠ᠃ | ᠬᠥᠬᠡᠬᠤᠲᠠ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠳᠡᠳ᠋ ᠳᠠᠷᠤᠭ᠎ᠠ ᠵᠠᠩ | ᠵᠢᠶᠦ᠋ᠨ ᠴᠢᠩ᠄ | ᠬᠥᠲᠥᠯᠥᠭᠴᠢ ᠳᠤ ᠲᠠᠯᠠᠷᠬᠠᠵᠤ ᠪᠠᠶᠢᠨ᠎ᠠ᠂ ᠥᠷᠭᠡᠨ ᠣᠯᠠᠨ ᠰᠣᠨᠣᠰᠤᠭᠴᠢᠳ ᠤᠨ ᠬᠠᠯᠠᠰᠢᠷᠠᠯ ᠦᠭᠡᠢ | ᠰᠣᠨᠣᠰᠤᠭᠰᠠᠨ ᠳᠤ ᠲᠠᠯᠠᠷᠬᠠᠵᠤ ᠪᠠᠶᠢᠨ᠎ᠠ᠂ ᠲᠠᠷᠠᠭᠠᠴᠢ ᠶᠢᠨ ᠠᠯᠬᠤᠮ ᠳᠤ᠂ ᠬᠥᠬᠡᠬᠤᠲᠠ ᠶᠢᠨ ᠵᠠᠬ᠎ᠠ ᠳᠡᠯᠭᠡᠭᠦᠷ ᠤᠨ | ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ 2024 ᠣᠨ ᠤ ᠬᠡᠷᠡᠭᠯᠡᠭᠡ ᠶᠢᠨ ᠡᠷᠬᠡ ᠪᠠᠨ ᠬᠠᠮᠠᠭᠠᠯᠠᠬᠤ ᠣᠨ ᠤ ᠭᠤᠣᠯ | ᠰᠡᠳᠦᠪ ᠢᠶᠠᠷ ᠭᠤᠣᠯ ᠰᠢᠵᠢᠮ ᠪᠣᠯᠭᠠᠵᠤ᠂ ᠬᠠᠤᠯᠢ ᠴᠠᠭᠠᠵᠠ ᠶᠢᠨ ᠡᠭᠦᠷᠭᠡ ᠬᠠᠷᠢᠭᠤᠴᠠᠯᠭ᠎ᠠ ᠪᠠᠨ ᠬᠢᠨᠠᠮᠠᠭᠠᠢ | ᠭᠦᠢᠴᠡᠳᠬᠡᠵᠦ᠂ ᠡᠯ᠎ᠡ ᠲᠠᠯ᠎ᠠ ᠶᠢᠨ ᠬᠦᠴᠦᠨ ᠢ ᠨᠢᠭᠡᠳᠦᠯᠲᠡᠢ ᠲᠥᠯᠥᠪᠯᠡᠨ ᠨᠢᠭᠲᠠᠷᠠᠭᠤᠯᠵᠤ᠂ ᠬᠡᠷᠡᠭᠯᠡᠭᠡ ᠶᠢᠨ | ᠡᠷᠬᠡ ᠪᠠᠨ ᠬᠠᠮᠠᠭᠠᠯᠠᠬᠤ ᠣᠶᠢᠯᠠᠭᠠᠭᠳᠠᠬᠤᠨ ᠢᠶᠠᠨ ᠲᠠᠰᠤᠷᠠᠯᠲᠠ ᠦᠭᠡᠢ ᠰᠢᠨᠡᠳᠬᠡᠵᠦ᠂ ᠬᠡᠷᠡᠭᠯᠡᠭᠡ ᠶᠢᠨ ᠡᠷᠬᠡ ᠪᠠᠨ | ᠬᠠᠮᠠᠭᠠᠯᠠᠬᠤ ᠰᠢᠨ᠎ᠡ ᠵᠠᠭᠪᠤᠷ ᠢ ᠢᠳᠡᠪᠬᠢᠲᠡᠢ ᠪᠠᠷ ᠬᠠᠶᠢᠨ ᠰᠦᠪᠡᠭᠴᠢᠯᠡᠨ᠎ᠡ᠃ ᠡᠷᠬᠡ ᠪᠠᠨ ᠬᠠᠮᠠᠭᠠᠯᠠᠬᠤ ᠬᠦᠴᠦᠨ | ᠴᠢᠳᠠᠪᠤᠷᠢ ᠶᠢ ᠳᠡᠭᠡᠭᠰᠢᠯᠡᠭᠦᠯᠵᠦ᠂ ᠬᠡᠷᠡᠭᠯᠡᠭᠴᠢᠳ ᠤᠨ ᠠᠩᠬᠠᠷᠴᠤ ᠪᠠᠶᠢᠭ᠎ᠠ ᠠᠰᠠᠭᠤᠳᠠᠯ ᠢ ᠦᠨᠡᠨᠬᠦ ᠰᠢᠢᠳᠪᠦᠷᠢᠯᠡᠵᠦ᠂ | ᠵᠠᠬ᠎ᠠ ᠳᠡᠯᠭᠡᠭᠦᠷ ᠤᠨ ᠬᠠᠤᠯᠢ ᠲᠣᠭᠲᠠᠭᠠᠯ ᠠᠴᠠ ᠵᠥᠷᠢᠴᠡᠭᠰᠡᠨ ᠦᠶᠯᠡ ᠠᠵᠢᠯᠯᠠᠭ᠎ᠠ ᠶᠢ ᠴᠢᠩᠭ᠎ᠠ ᠪᠠᠶᠢᠴᠠᠭᠠᠨ | ᠰᠢᠢᠳᠪᠦᠷᠢᠯᠡᠵᠦ᠂ ᠨᠡᠶᠢᠲᠡᠯᠢᠭ ᠬᠡᠷᠡᠭ ᠤᠨ ᠵᠢᠱᠢᠶ᠎ᠡ ᠶᠢ ᠢᠯᠡᠴᠢᠯᠡᠵᠦ᠂ ᠬᠡᠷᠡᠭᠯᠡᠭᠴᠢᠳ ᠤᠨ ᠬᠦᠴᠢᠷ ᠵᠣᠪᠠᠭᠤᠷᠢ ᠶᠢ | ᠰᠢᠢᠳᠪᠦᠷᠢᠯᠡᠵᠦ ᠥᠭᠭᠦᠨ᠎ᠡ ᠃ ᠬᠡᠷᠡᠭᠯᠡᠭᠡᠨ ᠤ ᠬᠥᠮᠦᠵᠢᠯ ᠤᠨ ᠠᠷᠭ᠎ᠠ ᠬᠡᠯᠪᠡᠷᠢ ᠶᠢᠨ ᠰᠢᠨ᠎ᠡ ᠶᠢ ᠡᠭᠦᠳᠴᠦ᠂ | ᠤᠬᠠᠭᠤᠯᠭ᠎ᠠ ᠶᠢᠨ ᠦᠨᠡᠨᠴᠢ ᠢᠲᠡᠭᠡᠮᠵᠢ ᠶᠢᠨ ᠬᠥᠮᠦᠵᠢᠯ ᠤᠨ ᠪᠦᠷᠬᠦᠴᠡ ᠶᠢᠨ ᠨᠤᠷᠮ᠎ᠠ ᠶᠢ ᠥᠷᠭᠡᠳᠬᠡᠵᠦ᠂ | ᠬᠡᠷᠡᠭᠯᠡᠭᠴᠢᠳ ᠤᠨ ᠰᠢᠨᠵᠢᠯᠡᠬᠦ ᠤᠬᠠᠭᠠᠨᠴᠢ ᠪᠠᠷ ᠬᠡᠷᠡᠭᠯᠡᠭᠡ ᠬᠢᠬᠦ᠂ ᠣᠶᠤᠨᠴᠢ ᠪᠠᠷ ᠬᠡᠷᠡᠭᠯᠡᠭᠡ ᠶᠢᠨ ᠡᠷᠬᠡ ᠠᠰᠢᠭ ᠢ | ᠬᠠᠮᠠᠭᠠᠯᠠᠬᠤ ᠠᠵᠢᠯ ᠤᠨ ᠨᠡᠶᠢᠭᠡᠮ ᠤᠨ ᠨᠡᠶᠢᠲᠡ ᠶᠢᠨ ᠢᠲᠡᠭᠡᠮᠵᠢ ᠶᠢ ᠲᠠᠰᠤᠷᠠᠯᠲᠠ ᠦᠭᠡᠢ ᠳᠡᠭᠡᠭᠰᠢᠯᠡᠭᠦᠯᠵᠦ᠂ ᠰᠢᠨ᠎ᠡ | ᠬᠥᠭᠵᠢᠯᠲᠡ ᠶᠢᠨ ᠱᠠᠲᠤᠨ ᠳᠠᠬᠢ ᠠᠵᠤ ᠠᠬᠤᠢ ᠨᠡᠶᠢᠭᠡᠮ ᠤᠨ ᠲᠣᠭᠲᠠᠭᠤᠨ ᠪᠥᠭᠡᠳ ᠡᠷᠡᠭᠦᠯ ᠬᠥᠭᠵᠢᠯᠲᠡ ᠳᠤ | ᠬᠦᠴᠦᠨ ᠨᠡᠮᠡᠷᠢᠯᠡᠵᠦ᠂ ᠪᠥᠬᠦ ᠬᠤᠲᠠ ᠶᠢᠨ ᠠᠮᠤᠷ ᠲᠦᠪᠰᠢᠨ ᠪᠥᠭᠡᠳ ᠰᠠᠨᠠᠭ᠎ᠠ ᠠᠮᠤᠷ ᠬᠡᠷᠡᠭᠯᠡᠭᠡ ᠶᠢᠨ ᠣᠷᠴᠢᠨ | ᠲᠣᠭᠤᠷᠢᠨ ᠪᠠ ᠲᠥᠪ ᠭᠤᠥᠯᠴᠢ ᠡᠮᠬᠢ ᠵᠢᠷᠤᠮ ᠲᠠᠢ ᠬᠤᠳᠠᠯᠳᠤᠭ᠎ᠠ ᠡᠷᠭᠢᠯᠡᠬᠦ ᠣᠷᠴᠢᠨ ᠲᠣᠭᠤᠷᠢᠨ ᠢ ᠬᠠᠮᠲᠤᠪᠠᠷ | ᠪᠣᠶ ᠪᠣᠯᠭᠠᠨ᠎ᠠ᠃ | ᠬᠥᠲᠥᠯᠥᠭᠴᠢ ᠄ | ᠮᠠᠨ ᠤ ᠡᠨᠡ ᠤᠳᠠᠭ᠎ᠠ ᠶᠢᠨ 315 ᠰᠦᠯᠵᠢᠶᠡᠨ ᠳᠡᠭᠡᠷᠡᠬᠢ ᠰᠣᠷᠪᠤᠯᠵᠢᠯᠠᠭ᠎ᠠ ᠪᠠᠷ ᠳᠠᠮᠵᠢᠭᠤᠯᠤᠨ᠂ | ᠬᠡᠷᠡᠭᠯᠡᠭᠴᠢᠳ ᠤᠨ ᠡᠷᠬᠡ ᠠᠰᠢᠭ ᠤᠨ ᠬᠠᠮᠠᠭᠠᠯᠠᠯᠲᠠ ᠶᠢᠨ ᠲᠠᠯ᠎ᠠ ᠪᠠᠷ ᠣᠯᠠᠨ ᠢᠶᠠᠷ ᠢᠶᠠᠨ ᠨᠡᠩ ᠭᠦᠨᠵᠡᠭᠡᠢ | ᠣᠶᠢᠯᠠᠭᠠᠯᠲᠠ ᠪᠠ ᠲᠠᠨᠢᠯᠲᠠ ᠲᠠᠢ ᠪᠣᠯᠤᠭᠰᠠᠨ ᠢ ᠢᠲᠡᠭᠡᠵᠦ ᠪᠠᠶᠢᠨ᠎ᠠ᠃ ᠠᠳᠡ ᠪᠢ ᠰᠣᠷᠪᠤᠯᠵᠢᠯᠠᠭ᠎ᠠ ᠳᠤ | ᠣᠷᠣᠯᠴᠠᠭᠰᠠᠨ ᠵᠣᠴᠢᠨ ᠨᠢᠭᠡᠪᠦᠷᠢ ᠳᠤ ᠴᠢᠩ ᠰᠡᠳᠬᠢᠯ ᠤᠨ ᠲᠠᠯᠠᠷᠬᠠᠯ ᠢᠶᠠᠨ ᠳᠡᠪᠰᠢᠭᠦᠯᠦᠶ᠎ᠡ᠂ ᠡᠨᠡ ᠪᠣᠯ ᠲᠠᠨᠠᠷ ᠤᠨ | ᠲᠤᠰᠬᠠᠢ ᠮᠡᠷᠭᠡᠵᠢᠯ ᠤᠨ ᠬᠠᠷᠢᠭᠤᠯᠲᠠ ᠪᠠ ᠭᠤᠶᠢᠳᠠ ᠰᠠᠶᠢᠬᠠᠨ ᠬᠤᠪᠢᠶᠠᠯᠴᠠᠭ᠎ᠠ ᠪᠣᠯᠣᠨ᠎ᠠ᠂ ᠡᠨᠡ ᠤᠳᠠᠭ᠎ᠠ ᠶᠢᠨ | ᠰᠣᠷᠪᠤᠯᠵᠢᠯᠠᠭ᠎ᠠ ᠶᠢ ᠤᠶᠤᠨ ᠤᠬᠠᠭᠠᠨ ᠪᠠ ᠬᠦᠴᠦᠨ ᠴᠢᠳᠠᠯ ᠢᠶᠠᠷ ᠪᠢᠯᠬᠠᠮ᠎ᠠ ᠪᠣᠯᠭᠠᠵᠠᠢ᠃ ᠵᠢᠯ ᠪᠦᠷᠢ ᠶᠢᠨ 315 | ᠪᠣᠯ ᠴᠥᠮ ᠪᠢᠳᠡᠨ ᠤ ᠬᠡᠷᠡᠭᠯᠡᠭᠴᠢᠳ ᠤᠨ ᠡᠷᠬᠡ ᠠᠰᠢᠭ ᠲᠤ ᠠᠩᠬᠠᠷᠤᠯ ᠢᠶᠠᠨ ᠲᠥᠪᠯᠡᠷᠡᠭᠦᠯᠵᠦ᠂ ᠲᠥᠪ ᠭᠤᠣᠯᠴᠢ | ᠰᠢᠳᠤᠷᠭᠤ ᠶᠣᠰᠣ ᠶᠢ ᠬᠠᠮᠠᠭᠠᠯᠠᠬᠤ ᠴᠢᠬᠤᠯᠠ ᠴᠠᠭ ᠮᠥᠴᠡ ᠮᠥᠨ᠃ ᠡᠨᠡ ᠵᠢᠯ ᠤᠨ ᠰᠣᠷᠪᠤᠯᠵᠢᠯᠠᠭ᠎ᠠ ᠳᠤ ᠪᠢᠳᠡ | ᠬᠡᠷᠡᠭᠯᠡᠭᠴᠢᠳ ᠤᠨ ᠡᠷᠬᠡ ᠠᠰᠢᠭ ᠢ ᠬᠠᠮᠠᠭᠠᠯᠠᠬᠤ ᠣᠯᠠᠨ ᠬᠠᠯᠠᠭᠤᠨ ᠴᠡᠭ ᠤᠨ ᠠᠰᠠᠭᠤᠳᠠᠯ ᠤᠨ ᠲᠣᠭᠤᠷᠢᠨ ᠳᠤ | ᠰᠠᠨᠠᠯ ᠢᠶᠠᠨ ᠭᠦᠨᠵᠡᠭᠡᠢ ᠰᠣᠯᠢᠯᠴᠠᠵᠤ᠂ ᠡᠶᠢᠮᠦᠷᠬᠦ ᠬᠡᠯᠪᠡᠷᠢ ᠪᠠᠷ ᠳᠠᠮᠵᠢᠭᠤᠯᠤᠨ ᠬᠡᠷᠡᠭᠯᠡᠭᠴᠢᠳ ᠤᠨ ᠡᠷᠬᠡ ᠠᠰᠢᠭ ᠢ | ᠨᠠᠩ ᠣᠯᠠᠨ ᠬᠥᠮᠥᠰ ᠤᠨ ᠠᠩᠬᠠᠷᠤᠨ ᠬᠦᠨᠳᠦᠳᠬᠡᠬᠦ ᠶᠢ ᠳᠠᠶᠢᠴᠢᠯᠠᠬᠤ ᠶᠢ ᠬᠦᠰᠡᠵᠦ ᠪᠠᠶᠢᠨ᠎ᠠ ᠭᠡᠵᠡᠢ᠃ ᠦᠨᠡᠨᠴᠢ | ᠢᠲᠡᠭᠡᠮᠵᠢᠲᠡᠢ ᠬᠡᠷᠡᠭᠯᠡᠭᠡᠨ ᠤ ᠣᠷᠴᠢᠨ ᠨᠥᠬᠦᠴᠡᠯ ᠢ ᠬᠠᠮᠲᠤ ᠪᠠᠷ ᠪᠤᠶ ᠪᠣᠯᠭᠠᠬᠤ ᠪᠣᠯ ᠬᠡᠷᠡᠭᠯᠡᠭᠴᠢᠳ ᠨᠢᠭᠡᠪᠦᠷᠢ | ᠶᠢᠨ ᠬᠦᠰᠡᠯ ᠡᠷᠡᠮᠡᠯᠵᠡᠯ ᠪᠣᠯᠬᠤ ᠪᠠᠷ ᠪᠠᠷᠠᠬᠤ ᠦᠭᠡᠢ ᠪᠠᠰᠠ ᠴᠤ ᠮᠠᠨ ᠤ ᠨᠡᠶᠢᠭᠡᠮ ᠤᠨ ᠬᠠᠮᠲᠤ ᠶᠢᠨ | ᠬᠠᠷᠢᠭᠤᠴᠠᠯᠭ᠎ᠠ ᠮᠥᠨ᠃ ᠪᠢᠳᠠ ᠭᠠᠷ ᠬᠤᠯᠪᠣᠨ ᠤᠷᠤᠭᠰᠢᠯᠠᠵᠤ᠂ ᠰᠡᠳᠬᠢᠯ ᠨᠢᠭᠡᠳᠦᠨ ᠬᠦᠴᠦ ᠪᠠᠨ ᠬᠠᠮᠲᠤᠳᠬᠠᠵᠤ | ᠪᠠᠶᠢᠭᠠᠳ ᠨᠡᠩ ᠡᠷᠬᠡ ᠲᠡᠭᠰᠢ᠂ ᠢᠯᠡ ᠲᠣᠳᠣ᠂ ᠦᠨᠡᠨᠴᠢ ᠢᠲᠡᠭᠡᠮᠵᠢᠲᠡᠢ ᠬᠡᠷᠡᠭᠯᠡᠭᠡᠨ ᠤ ᠣᠷᠴᠢᠨ ᠲᠣᠭᠤᠷᠢᠨ ᠢ | ᠪᠠᠶᠢᠭᠤᠯᠵᠤ᠂ ᠬᠡᠷᠡᠭᠯᠡᠭᠴᠢᠳ ᠨᠢᠭᠡᠪᠦᠷᠢ ᠶᠢ ᠰᠠᠨᠠᠭ᠎ᠠ ᠠᠮᠤᠷ ᠬᠡᠷᠡᠭᠯᠡᠭᠡ ᠬᠢᠵᠦ᠂ ᠰᠠᠨᠠᠭ᠎ᠠ ᠠᠮᠤᠷ ᠬᠡᠷᠡᠭᠯᠡᠭᠡ ᠬᠢᠯᠭᠡᠶ᠎ᠡ᠃ | ᠬᠠᠮᠢᠶᠠᠷᠤᠭᠴᠢ᠄ | ᠬᠥᠬᠡᠬᠤᠲᠠ ᠶᠢᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠳᠡᠳ᠋ ᠲᠣᠪᠴᠢᠶᠠᠨ | ᠳᠠᠷᠤᠭ᠎ᠠ ᠵᠠᠩ ᠵᠢᠶᠦ᠋ᠨ ᠴᠢᠩ ᠳᠤ ᠲᠠᠯᠠᠷᠬᠠᠵᠤ᠂ ᠬᠤᠲᠠ ᠶᠢᠨ ᠬᠡᠷᠡᠭᠯᠡᠭᠴᠢᠳ ᠤᠨ ᠡᠷᠬᠡ ᠠᠰᠢᠭ ᠢ ᠬᠠᠮᠠᠭᠠᠯᠠᠬᠤ | ᠦᠢᠯᠡᠴᠢᠯᠡᠭᠡᠨ ᠤ ᠲᠥᠪ ᠤᠨ ᠹᠧᠩ ᠰᠦ ᠵᠧᠨ ᠡᠷᠬᠢᠯᠡᠭᠴᠢ᠂ ᠰᠦᠯᠵᠢᠶᠡᠨ ᠤ ᠠᠷᠠᠯᠵᠢᠶ᠎ᠠ ᠶᠢ ᠬᠢᠨᠠᠨ ᠬᠠᠮᠢᠶᠠᠷᠬᠤ | ᠰᠠᠯᠠᠭᠠᠨ ᠤ ᠱᠠᠩ ᠰᠢᠶᠣᠣ ᠵᠢᠶᠦ᠋ᠨ ᠰᠠᠯᠠᠭᠠᠨ ᠳᠠᠷᠤᠭ᠎ᠠ᠂ ᠦᠨ᠎ᠡ ᠬᠠᠩᠰᠢ ᠶᠢ ᠬᠢᠨᠠᠨ ᠪᠠᠶᠢᠴᠠᠭᠠᠬᠤ ᠰᠠᠯᠠᠭᠠᠨ ᠤ | ᠳᠡᠳ᠋ ᠰᠠᠯᠠᠭᠠᠨ ᠳᠠᠷᠤᠭ᠎ᠠ ᠯᠢ ᠵᠠᠨ ᠶᠦᠩ ᠳᠡᠳ᠋ ᠰᠠᠯᠠᠭᠠᠨ ᠳᠠᠷᠤᠭ᠎ᠠ᠂ ᠡᠮ ᠤᠨ ᠵᠦᠢᠯ ᠭᠤᠶᠣᠯᠠᠯ ᠤᠨ ᠡᠳ᠋ ᠤᠨ | ᠬᠢᠨᠠᠯᠲᠠ ᠬᠠᠮᠢᠶᠠᠷᠤᠯᠲᠠ ᠶᠢᠨ ᠰᠠᠯᠠᠭᠠᠨ ᠤ ᠴᠧᠩ ᠶᠠᠨ᠂ ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ | ᠬᠡᠷᠡᠭᠵᠢᠭᠦᠯᠦᠯᠲᠡ ᠶᠢᠨ ᠬᠢᠨᠠᠯᠲᠠ ᠲᠠᠯᠪᠢᠬᠤ ᠰᠠᠯᠠᠭᠠᠨ ᠤ ᠴᠢᠶᠠᠨ ᠵᠢᠩ᠂ ᠰᠦᠯᠵᠢᠶᠡᠨ ᠤ ᠨᠠᠶᠢᠵᠠ ᠨᠠᠷ ᠤᠨ | ᠠᠩᠬᠠᠷᠤᠯ ᠪᠠ ᠣᠷᠤᠯᠴᠠᠯᠭ᠎ᠠ ᠳᠤ ᠲᠠᠯᠠᠷᠬᠠᠵᠤ ᠪᠠᠶᠢᠨ᠎ᠠ᠂ ᠲᠣᠰ ᠬᠤᠭᠤᠴᠠᠭᠠᠨ ᠤ ᠰᠣᠷᠪᠤᠯᠵᠢᠯᠠᠭ᠎ᠠ ᠠᠳᠡ | ᠬᠦᠷᠦᠭᠡᠳ ᠲᠡᠭᠦᠰᠦᠯ᠎ᠡ᠂ ᠲᠠᠯᠠᠷᠬᠠᠵᠤ ᠪᠠᠶᠢᠨ᠎ᠠ᠃ | | | | | |