ᠬᠠᠪᠤᠷ ᠠᠶᠢᠰᠤᠢ ᠴᠢᠮᠡᠭᠡ
ᠨᠡᠶᠢᠲᠡᠯᠡᠭᠰᠡᠨ ᠴᠠᠭ᠄
2024/2/1
ᠮᠢᠩᠭᠠᠨ ᠭᠠᠵᠠᠷ ᠤᠨ ᠠᠯᠤᠰ ᠠᠴᠠ ᠬᠠᠪᠤᠷ ᠤᠨ ᠤᠷᠢ ᠨᠠᠭᠠᠰᠢᠯᠠᠵᠤᠮᠥᠷᠥᠭᠡᠳᠦᠯ ᠰᠡᠷᠡᠯᠵᠡᠵᠦ ᠤᠰᠤᠨ ᠤ ᠠᠶᠠᠯᠭᠤ ᠶᠢ ᠬᠥᠭᠵᠢᠮᠳᠡᠨ᠎ᠡᠮᠠᠨᠠᠨᠲᠤ ᠬᠥᠬᠡ ᠠᠭᠤᠯᠠᠰ ᠳᠡᠭᠡᠳᠦᠰ ᠤᠨ ᠰᠦᠷ ᠢ ᠡᠷᠭᠦᠵᠦᠲᠤᠮᠤᠭ ᠠᠯᠤᠰᠷᠠᠵᠤ ᠰᠠᠯᠬᠢᠨ ᠤ ᠬᠥᠯ ᠢ ᠲᠤᠱᠠᠨ᠎ᠠᠮᠥᠷᠥᠭᠡᠳᠦᠯ ᠵᠠᠭᠤᠭᠰᠠᠨ ᠵᠠᠭᠤᠨ ᠤ ᠮᠢᠩᠭᠠᠨ ᠮᠢᠩᠭᠠᠨ ᠰᠢᠪᠠᠭᠤᠳᠢᠷᠭᠠᠯ ᠬᠠᠳᠠᠨ ᠤ ᠰᠡᠵᠢᠭᠦᠷ ᠲᠤ ᠡᠭᠦᠷ ᠢᠶᠠᠨ ᠵᠠᠰᠠᠵᠤ ᠳᠣᠩᠭᠤᠳᠤᠨ᠎ᠠᠮᠥᠩᠬᠡᠷᠡᠯ ᠤᠨ ᠭᠤᠸ᠎ᠠ ᠡᠭᠡᠰᠢᠭ ᠢ ᠦᠨᠳᠦᠰᠦ ᠨᠠᠮᠠᠭᠠᠤᠨ ᠳᠠᠭᠤᠯᠠᠵᠤᠮᠥᠴᠢᠷ ᠢᠶᠠᠨ ᠳᠡᠯᠭᠡᠭᠰᠡᠨ ᠰᠢᠭᠤᠶᠢᠳ ᠰᠠᠯᠬᠢ ᠰᠥᠷᠦᠨ ᠰᠢᠬᠦᠷᠯᠡᠨ᠎ᠡᠶᠠᠪᠤᠬᠤᠢ᠂ ᠲᠠᠯ᠎ᠠ ᠳᠤ ᠨᠣᠶᠠᠯᠠᠭᠰᠠᠨ ᠰᠠᠯᠬᠢ ᠰᠢᠯᠢ ᠲᠠᠭᠠᠭᠠᠳᠢᠷᠡᠬᠦᠢ᠂ ᠲᠠᠰᠤᠷᠠᠬᠰᠠᠨ ᠶᠣᠩᠬᠤᠷ ᠢ ᠵᠠᠯᠭᠠᠵᠤ ᠬᠥᠭᠵᠢᠮ ᠡᠭᠡᠰᠢᠭᠯᠡᠭᠳᠡᠭᠡᠳᠦᠷᠭᠦᠢ᠂ ᠥᠨᠥᠴᠢᠨ ᠪᠦᠷᠭᠦᠳ ᠤᠨ ᠡᠭᠦᠷ ᠢᠶᠠᠨ ᠰᠠᠬᠢᠭᠰᠠᠨ ᠬᠠᠳᠠᠬᠢᠨᠠᠬᠤᠢ᠂ ᠶᠡᠭᠡ ᠤᠯᠠᠨ ᠡᠪᠦᠯ ᠬᠠᠪᠤᠷ ᠤᠨ ᠪᠠᠶᠢᠷᠢ ᠪᠤᠯᠢᠶᠠᠯᠳᠤᠭᠰᠠᠨ ᠪᠠᠭᠤᠷᠢᠵᠢᠷᠦᠬᠡ ᠲᠠᠬᠵᠢᠭᠤᠯᠤᠬᠰᠠᠨ ᠬᠦᠢᠲᠡᠨ ᠰᠠᠮ ᠰᠠᠮᠭᠡᠨ ᠠᠶᠠᠷᠯᠠᠭᠠᠳᠵᠢᠩ ᠳᠠᠭᠠᠭᠠᠭᠰᠠᠨ ᠪᠤᠳᠤᠯ ᠴᠡᠴᠡᠭᠡᠰ ᠤᠨ ᠲᠠᠯᠪᠢ ᠳᠤ ᠡᠷᠬᠡᠯᠡᠨ᠎ᠡᠵᠢᠷᠭᠢᠨ ᠵᠢᠷᠭᠢᠬᠦ ᠰᠢᠪᠠᠭᠤᠳ ᠤᠨ ᠮᠢᠩᠭᠠᠨ ᠡᠭᠡᠰᠢᠭ ᠲᠤ ᠰᠣᠭᠲᠣᠭᠤᠷᠠᠵᠤᠵᠡᠭᠦᠳᠦᠨ ᠤ ᠲᠦᠮᠡᠨ ᠬᠦᠰᠡᠯ ᠬᠠᠪᠤᠷ ᠤᠨ ᠬᠤᠷ᠎ᠠ ᠪᠠᠷ ᠰᠠᠷᠪᠠᠶᠢᠨ᠎ᠠᠲᠠᠯ᠎ᠠ ᠶᠢᠨ ᠪᠠᠷ᠎ᠠ ᠬᠥᠬᠡᠷᠡᠵᠦ ᠰᠢᠨᠡᠬᠡᠨ ᠲᠡᠷᠯᠢᠭ ᠢᠶᠠᠨ ᠬᠡᠲᠦᠷᠡᠨ᠎ᠡᠡᠬᠡ ᠪᠠᠶᠢᠭᠠᠯᠢ ᠳᠡᠭᠡᠷ᠎ᠡ ᠨᠢ ᠪᠤᠮᠠᠨ ᠴᠡᠴᠡᠭᠡᠰ ᠢᠶᠠᠨ ᠬᠠᠳᠬᠤᠮᠠᠯᠯᠠᠨ᠎ᠠᠲᠠᠨᠠᠨ ᠴᠡᠩᠬᠡᠷ ᠢᠷᠭᠤᠢ ᠠᠲᠠᠷ ᠴᠢᠮᠡᠭᠯᠡᠨ ᠳᠣᠶ᠋ᠢᠯᠵᠠᠭᠠᠳᠲᠤᠮᠤᠭ ᠤᠨ ᠮᠢᠩᠭᠠᠨ ᠬᠠᠭᠤᠳᠠᠰᠤ ᠶᠢ ᠳᠡᠯᠪᠡᠭᠡᠨ ᠳᠡᠭᠡᠷ᠎ᠡ ᠨᠢ ᠤᠷᠠᠯᠠᠨ᠎ᠠᠦᠯᠢᠭᠡᠷ ᠤᠨ ᠨᠢᠭᠡᠨ ᠰᠠᠯᠠᠭ᠎ᠠ ᠰᠠᠯᠬᠢᠨ ᠤ ᠭᠡᠯᠠ ᠳᠡᠭᠡᠷ᠎ᠡ ᠲᠡᠭᠦᠰᠦᠨ᠎ᠡᠤᠶᠠᠩᠭ᠎ᠠ ᠶᠢᠨ ᠨᠢᠭᠡᠨ ᠱᠠᠳ ᠨᠠᠷᠠᠨ ᠤ ᠭᠡᠷᠡᠯ ᠢ ᠡᠰᠬᠡᠨ᠎ᠡᠲᠠᠭᠠᠷᠠᠬᠤ ᠪᠠ ᠬᠠᠯᠠᠭᠤᠳᠠᠬᠤ ᠡᠬᠡ ᠪᠠᠶᠢᠭᠠᠯᠢ ᠶᠢᠨ ᠵᠦᠢᠳᠡᠯᠭᠡᠷᠡᠬᠦ ᠪᠠ ᠵᠤᠯᠭᠠᠷᠠᠬᠤ ᠬᠥᠮᠥᠨ ᠨᠡᠶᠢᠭᠡᠮ ᠤᠨ ᠵᠢᠮ᠎ᠡ -ᠴᠡᠴᠡᠭᠡᠰ ᠤᠨ ᠲᠠᠯᠪᠢ ᠳᠡᠭᠡᠷ᠎ᠡ ᠬᠠᠪᠤᠷ ᠤᠨ ᠵᠡᠭᠦᠳᠦ ᠳᠡᠷᠡᠯᠡᠩᠬᠡᠨᠴᠢᠩ ᠪᠠᠶᠢᠭᠠᠯᠢ ᠶᠢ ᠴᠢᠮᠡᠬᠦ ᠬᠥᠬᠡᠮᠳᠦᠭ ᠤᠨᠢᠶᠠᠷ ᠦᠶᠦᠭᠭᠡᠨᠬᠦᠴᠦ ᠲᠠᠮᠢᠷ ᠢᠶᠠᠨ ᠰᠣᠶᠢᠬᠤ ᠬᠡᠮᠡᠨ᠎ᠡ ᠤᠷᠤᠭᠰᠢ ᠪᠠᠨ ᠬᠠᠷᠠᠭᠠᠷᠠᠢᠬᠥᠭᠵᠢᠵᠦ ᠳᠦᠷᠡᠯᠵᠡᠭᠰᠡᠨ ᠠᠶᠢᠰᠤᠢ ᠬᠠᠪᠤᠷ ᠤᠨ ᠴᠢᠮᠡᠭᠡ ᠶᠢ  ᠁ 
 
ᠢᠷᠡᠯᠲᠡ᠄ ᠳᠤᠮᠲᠠᠲᠤ ᠤᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号