ᠡᠬᠡ ᠣᠷᠣᠨ ᠭᠡᠳᠡᠭ
ᠨᠡᠶᠢᠲᠡᠯᠡᠭᠰᠡᠨ ᠴᠠᠭ᠄
2024/12/4
    ᠰᠠᠷᠠᠪᠴᠢᠨ ᠤ ᠴᠠᠭᠠᠨ᠎ᠠ ᠴᠡᠩᠬᠡᠷ ᠪᠣᠷᠤᠭ᠎ᠠ ᠰᠢᠭ᠋    ᠮᠢᠩᠭᠠᠨ ᠲᠤᠰᠤᠯ ᠢᠶᠠᠷ ᠲᠣᠪᠰᠢᠯᠠᠨ ᠰᠢᠪᠡᠷᠡᠵᠦ    ᠭᠱᠠᠨ ᠵᠠᠭᠤᠷ᠎ᠠ    ᠥᠨᠢ ᠮᠥᠩᠬᠡ ᠶᠢᠨ ᠳᠥᠯᠭᠡᠬᠡᠨ ᠬᠠᠷᠠᠴᠠ ᠪᠠᠷ    ᠠᠷᠢᠭᠤᠨ ᠰᠠᠴᠤᠯᠢ ᠪᠠᠨ ᠢᠳᠠᠮᠯᠠᠵᠤ    ᠵᠤᠨ ᠣᠯᠠᠨ ᠳᠠᠭᠠᠨ ᠲᠤᠤᠯᠢᠶᠠᠳᠣᠬᠰᠠᠨ    ᠨᠤᠲᠤᠭ ᠬᠥᠮᠥᠨ ᠬᠤᠶᠠᠷ ᠢ ᠳᠠᠭᠠᠵᠤ    ᠡᠬᠡ ᠭᠠᠵᠠᠷ ᠤᠨ ᠤᠮᠳᠠᠯᠠᠭᠰᠠᠨ ᠤᠰᠤ ᠨᠢ ᠭᠦᠷᠲᠡᠯ᠎ᠡ    ᠡᠬᠡ ᠣᠷᠣᠨ ᠤ ᠲᠤᠤᠯᠢ ᠪᠣᠯᠬᠤᠷ    ᠮᠥᠩᠭᠦᠨ ᠰᠠᠶᠢᠬᠠᠨ ᠰᠡᠳᠬᠢᠯ ᠨᠢ ᠬᠤᠯᠠ ᠳᠤ ᠠᠰᠠᠬᠤ    ᠡᠭᠦᠷᠢᠳᠡ ᠠᠮᠤᠭᠤᠯᠠᠩ ᠵᠠᠶᠠᠭ᠎ᠠ ᠲᠦᠰᠢᠬᠦᠢ    ᠡᠬᠡ ᠣᠷᠣᠨ ᠢᠶᠠᠨ ᠵᠢᠩᠭᠡᠷᠳᠡᠭᠦᠯᠥᠨ ᠳᠠᠭᠤᠯᠠᠨ᠎ᠠ    ᠡᠵᠢ ᠶᠢᠨ ᠮᠢᠨᠢ ᠪᠦᠪᠡᠢ ᠶᠢᠨ ᠳᠠᠭᠤᠤ ᠳᠤ ᠨᠠᠷᠠ ᠥᠨᠵᠢᠵᠦ    ᠡᠪᠡᠰᠦᠨ ᠤ ᠭᠦᠨ ᠳᠤ ᠭᠤᠯᠢᠶ᠎ᠠ ᠴᠠᠷᠭᠢᠨ    ᠬᠥᠬᠡ ᠠᠯᠠᠭ ᠴᠢᠯᠠᠭᠤᠳ ᠪᠢᠳᠠᠨ ᠢ ᠳᠠᠯᠠᠯᠵᠤ    ᠬᠤᠨᠢᠨ ᠡᠭᠦᠯᠡᠰ ᠬᠠᠭᠤᠴᠢᠨ ᠪᠠᠭᠤᠷᠢ ᠳᠤᠨᠢ    ᠮᠢᠩᠭ᠎ᠠ ᠮᠢᠩᠭᠠᠨ ᠴᠡᠴᠡᠭ ᠪᠠᠳᠮᠠᠯᠠᠨ᠎ᠠ    ᠡᠬᠡ ᠣᠷᠣᠨ ᠭᠡᠳᠡᠭ    ᠵᠢᠷᠦᠬᠡᠨ ᠳᠤ ᠤᠶᠠᠭᠠᠲᠠᠢ ᠲᠠᠯ᠎ᠠ ᠳᠤᠨᠢ    ᠪᠤᠳᠤᠯ ᠮᠢᠨᠢ ᠨᠠᠮᠤᠷᠵᠢᠨ ᠴᠠᠯᠠᠶᠢᠵᠤ    ᠮᠥᠩᠬᠡ ᠶᠢᠨ ᠣᠷᠣᠨ ᠬᠢᠵᠠᠭᠠᠷ ᠦᠭᠡᠢ ᠳᠤ    ᠦᠨᠡᠨ ᠤ ᠵᠥᠩᠴᠢ ᠰᠢᠳᠢ ᠪᠠᠷ    ᠣᠩᠭᠤᠳ ᠢ ᠰᠤᠪᠢᠳᠠᠭ ᠠᠮᠢᠳᠤ ᠵᠢᠷᠤᠬᠠᠢ    ᠲᠠᠭᠠᠨ᠎ᠠ ᠶᠢᠨ ᠴᠡᠴᠡᠭ ᠲᠤ    ᠮᠥᠷ ᠢᠶᠠᠨ ᠲᠠᠮᠠᠭᠠᠯᠠᠵᠤ ᠦᠯᠡᠳᠡᠭᠡᠨ    ᠠᠭᠠᠷᠤ ᠽᠠᠨᠳᠠᠨ ᠤᠶᠠᠭᠠᠨ ᠳᠡᠭᠡᠷ᠎ᠡ ᠪᠠᠭᠤᠴᠠᠯᠠᠬᠰᠠᠨ ᠶᠤᠮ    ᠡᠬᠡ ᠣᠷᠣᠨ ᠭᠡᠳᠡᠭ    ᠨᠠᠮ ᠬᠥᠮ ᠤᠨ ᠴᠢᠯᠦᠭᠡ ᠪᠠᠷ ᠡᠭᠡᠳᠡᠷᠡᠭᠡ ᠪᠠᠨ ᠲᠡᠪᠴᠢᠵᠦ    ᠨᠠᠨᠳᠢᠨ ᠵᠠᠶᠠᠭᠠᠨ ᠤ ᠡᠵᠡᠨ ᠪᠣᠯᠤᠭᠰᠠᠨ    ᠲᠡᠷᠡ ᠪᠣᠯ ᠪᠣᠯᠵᠤᠭ᠎ᠠ ᠪᠤᠶᠤ ᠮᠥᠷᠥᠭᠡᠳᠦᠯ    ᠤᠯᠠᠷᠢᠯ ᠤᠨ ᠠᠷᠢᠭᠤᠨ ᠠᠮᠢᠰᠬᠤᠯ ᠢ    ᠠᠮᠢᠰᠬᠤᠬᠤ ᠲᠣᠳᠣᠮ ᠳᠣᠮ ᠪᠠᠶᠢᠵᠤ    ᠤᠯᠠᠷᠢᠭᠰᠠᠨ ᠰᠣᠶᠣᠯ ᠤᠨ ᠲᠡᠮᠳᠡᠭ ᠪᠣᠯᠬᠤᠢ    ᠠᠶᠠᠨ ᠤ ᠵᠢᠯᠣᠭᠤ ᠤᠷᠲᠤᠰᠤᠨ ᠮᠥᠩᠬᠡᠵᠢᠨ᠎ᠡ    ᠡᠬᠡ ᠣᠷᠣᠨ ᠭᠡᠳᠡᠭ
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号