ᠴᠠᠭ ᠠᠭᠠᠷ ᠰᠢᠨᠵᠢᠬᠦ ᠮᠤᠩᠭᠤᠯ ᠠᠷᠭ᠎ᠠ
ᠨᠡᠶᠢᠲᠡᠯᠡᠭᠰᠡᠨ ᠴᠠᠭ᠄
2024/11/8
  ᠬᠦᠷᠢᠶᠡᠯᠡᠨ ᠪᠤᠢ ᠤᠷᠴᠢᠨ ᠢᠶᠠᠨ ᠠᠵᠢᠭᠯᠠᠨ ᠴᠠᠭ ᠠᠭᠠᠷ ᠰᠢᠨᠵᠢᠵᠦ ᠪᠤᠯᠳᠠᠭ ᠠᠵᠠᠢ᠃ ᠳᠤᠳᠤᠷᠠᠭᠤᠯᠪᠠᠯ᠂ ᠭᠠᠵᠠᠷ ᠤᠨ ᠭᠠᠷᠴᠠ᠂ ᠮᠤᠳᠤ᠂ ᠡᠪᠡᠰᠦ᠂ ᠤᠷᠭᠤᠮᠠᠯ ᠤᠨ ᠰᠢᠨᠵᠢ᠂ ᠤᠷᠭᠤᠵᠤ᠂ ᠮᠠᠨᠳᠤᠬᠤ ᠪᠠᠶᠢᠳᠠᠯ ᠢ ᠲᠡᠬᠦᠨ ᠤ ᠬᠡᠪ ᠤᠨ ᠪᠤᠰᠤ ᠦᠭᠡᠷᠡᠴᠢᠯᠡᠯᠳᠡ ᠪᠠᠷ ᠲᠡᠭᠷᠢ ᠴᠠᠭ ᠠᠭᠤᠷ ᠤᠨ ᠪᠠᠶᠢᠳᠠᠯ ᠢ ᠲᠦᠰᠦᠭᠡᠯᠡᠨ ᠦᠨᠡᠯᠡᠬᠦ ᠤᠯᠠᠮᠵᠢᠯᠠᠯᠳᠤ ᠠᠷᠭ᠎ᠠ ᠶᠤᠮ᠃ — ᠰᠦᠨᠢ ᠬᠤᠳᠤᠭᠤᠷ ᠬᠦᠨᠳᠡᠢ ᠭᠠᠵᠠᠷ ᠬᠦᠢᠳᠡᠪᠳᠦᠷ᠂ ᠲᠤᠯᠤᠭᠠᠳ ᠦᠨᠳᠦᠷ ᠭᠠᠵᠠᠷ ᠢᠶᠠᠷ ᠲᠤᠯᠠᠭᠠᠪᠳᠤᠷ ᠪᠠᠶᠢᠪᠠᠯ ᠮᠠᠷᠭᠠᠰᠢ ᠨᠢ ᠴᠠᠭ ᠠᠭᠠᠷ ᠲᠤᠭᠳᠠᠭᠤᠨ ᠪᠤᠯᠤᠨ᠎ᠠ᠃ — ᠬᠠᠪᠤᠷ ᠨᠤᠭᠤᠭ᠎ᠠ ᠭᠠᠷᠬᠤ ᠲᠠᠢ ᠵᠡᠷᠭᠡ ᠮᠤᠳᠤ ᠨᠠᠪᠴᠢᠯᠠᠬᠤ ᠨᠢ ᠵᠤᠨ ᠳᠠᠭᠠᠨ ᠭᠠᠩᠳᠠᠬᠤ ᠶᠢᠨ ᠰᠢᠨᠵᠢ᠃ — ᠡᠪᠦᠯ ᠮᠤᠳᠤ ᠱᠤᠤᠬᠢᠵᠤ ᠪᠠᠶᠢᠪᠠᠯ ᠲᠤᠯᠠᠭᠠᠷᠠᠬᠤ ᠶᠢᠨ ᠰᠢᠨᠵᠢ᠃ — ᠠᠭᠤᠯᠠ ᠶᠢᠨ ᠮᠤᠳᠤ ᠲᠤᠤᠷᠠᠳᠤ ᠲᠠᠯ᠎ᠠ ᠠᠴᠠ ᠪᠠᠨ ᠡᠬᠢᠯᠡᠨ ᠰᠢᠷᠠᠯᠠᠵᠤ ᠨᠠᠪᠴᠢ ᠰᠢᠯᠮᠤᠤᠰᠤ ᠨᠢ ᠲᠦᠷᠭᠡᠨ ᠤᠨᠠᠪᠠᠯ ᠴᠠᠰᠤ ᠪᠠᠭᠠᠳᠠᠢ ᠲᠤᠯᠠᠭᠠᠨ ᠡᠪᠦᠯ ᠪᠤᠯᠤᠨ᠎ᠠ᠃ — ᠠᠭᠤᠯᠠ ᠶᠢᠨ ᠮᠤᠳᠤ ᠤᠷᠤᠢ ᠪᠠᠷ ᠢᠶᠠᠨ ᠡᠬᠢᠯᠡᠨ ᠰᠢᠷᠠᠯᠠᠵᠤ ᠨᠠᠪᠴᠢ ᠰᠢᠯᠮᠤᠤᠰᠤ ᠨᠢ ᠤᠳᠠᠭᠠᠨ ᠤᠶᠢᠴᠢᠪᠠᠯ ᠵᠤᠳᠷᠠᠬᠠᠤ ᠪᠠᠶᠢᠬᠤ ᠶᠢᠨ ᠰᠢᠨᠵᠢ᠃ — ᠡᠪᠦᠯ ᠤᠢ ᠳᠤ ᠲᠠᠰ ᠨᠢᠰ ᠬᠢᠨ ᠲᠠᠴᠢᠬᠢᠨᠠᠬᠤ ᠨᠢ ᠬᠦᠢᠳᠡᠨ ᠡᠳᠦᠷ ᠪᠤᠯᠤᠨ᠎ᠠ᠃— ᠡᠪᠦᠯ ᠮᠤᠳᠤᠨ ᠤ ᠮᠦᠴᠢᠷ ᠲᠡᠭᠡᠷ᠎ᠡ ᠴᠠᠰᠤ ᠪᠠᠭ᠎ᠠ ᠪᠠᠶᠢᠪᠠᠯ ᠵᠤᠨ ᠨᠢ ᠤᠢ ᠳᠤ ᠮᠦᠬᠦ ᠵᠢᠮᠢᠰ ᠪᠠᠭ᠎ᠠ᠃  — ᠭᠠᠴᠤᠷ᠎ᠠ ᠶᠢᠨ ᠬᠠᠭᠤᠷᠠᠢ ᠮᠦᠴᠢᠷ ᠪᠦᠬᠦ᠋ᠢᠭᠰᠡᠨ ᠪᠠᠶᠢᠪᠠᠯ ᠰᠢᠭᠤᠷᠭ᠎ᠠ ᠪᠤᠯᠬᠤ ᠶᠢᠨ ᠲᠤᠬᠢᠶ᠎ᠠ᠃ — ᠮᠤᠳᠤᠨ ᠤ ᠨᠠᠪᠴᠢ ᠶᠡᠷᠦᠳᠡ ᠶᠢᠨ ᠠᠴᠠ ᠪᠠᠨ ᠡᠷᠳᠡ ᠰᠢᠷᠠᠯᠠᠪᠠᠯ ᠡᠷᠳᠡ ᠨᠠᠮᠤᠷᠰᠢᠨ᠎ᠠ᠃ — ᠨᠠᠮᠤᠷ ᠬᠤᠰᠤᠨ ᠤ ᠨᠠᠪᠴᠢ ᠲᠡᠭᠡᠷ᠎ᠡ ᠠᠴᠠ ᠪᠠᠨ ᠡᠬᠢᠯᠡᠨ ᠰᠢᠷᠠᠯᠠᠪᠠᠯ ᠢᠷᠡᠬᠦ ᠵᠢᠯ ᠡᠷᠳᠡ ᠬᠠᠪᠤᠷ ᠪᠤᠯᠤᠨ᠎ᠠ᠃— ᠵᠤᠨ ᠵᠢᠮᠢᠰ ᠡᠯᠪᠡᠭ ᠤᠷᠭᠤᠪᠠᠯ ᠬᠦᠢᠳᠡᠨ᠂ ᠪᠠᠭ᠎ᠠ ᠤᠷᠭᠤᠪᠠᠯ ᠲᠤᠬᠠᠢ ᠶᠢᠨ ᠨᠤᠳᠤᠭ ᠲᠤ ᠦᠩ ᠲᠠᠢ ᠡᠪᠦᠯ ᠪᠤᠯᠤᠨ᠎ᠠ᠃ ᠬᠡᠪ ᠤᠨ ᠪᠠᠶᠢᠳᠠᠯ ᠲᠠᠢ ᠪᠤᠯ ᠦᠩ ᠲᠠᠢ ᠪᠠᠶᠢᠬᠤ ᠶᠢᠨ ᠰᠢᠨᠵᠢ᠃ — ᠡᠪᠡᠰᠦ ᠤᠷᠭᠤᠮᠠᠯ ᠡᠰᠢ ᠪᠠᠨ ᠤᠷᠭᠤᠵᠤ ᠬᠦᠢᠴᠡᠭᠡ ᠦᠭᠡᠢ ᠪᠠᠶᠢᠬᠤ ᠳᠤ ᠲᠤᠯᠤᠭᠠᠶᠢᠯᠠᠵᠤ ᠴᠡᠴᠡᠭᠯᠡᠬᠦ ᠨᠢ ᠭᠠᠩᠳᠠᠭᠤ ᠪᠠᠶᠢᠬᠤ ᠶᠢᠨ ᠰᠢᠨᠵᠢ᠃ — ᠬᠠᠵᠠᠭᠠᠷ ᠡᠪᠡᠰᠦ ᠶᠡᠭᠡ ᠤᠷᠭᠤᠪᠠᠯ ᠡᠪᠦᠯ ᠳᠡᠭᠡᠨ ᠴᠠᠰᠤ ᠶᠡᠭᠡ ᠤᠨᠠᠨ᠎ᠠ᠃ — ᠭᠤᠤᠯ ᠤᠨ ᠴᠠᠬᠢᠯᠳᠠᠭ ᠡᠷᠳᠡ ᠴᠡᠴᠡᠭᠯᠡᠪᠡᠯ ᠵᠤᠨ ᠳᠠᠭᠠᠨ ᠭᠠᠩᠳᠠᠭᠤ ᠪᠠᠶᠢᠬᠤ ᠶᠢᠨ ᠲᠤᠬᠢᠶ᠎ᠠ᠃— ᠤᠷᠭᠤᠮᠠᠯ ᠭᠠᠩᠳᠠᠨ ᠰᠢᠷᠠᠯᠠᠭᠰᠠᠨ ᠤ ᠬᠤᠶᠢᠨ᠎ᠠ ᠡᠩᠬᠡᠷ ᠨᠦᠮᠦᠷᠢ ᠭᠠᠵᠠᠷ ᠢᠶᠠᠷ ᠨᠤᠭᠤᠭ᠎ᠠ ᠬᠡᠨᠵᠡᠯᠡᠨ ᠤᠷᠭᠤᠪᠠᠯ ᠦᠩ ᠲᠠᠢ ᠡᠪᠦᠯ ᠪᠤᠯᠬᠤ ᠶᠢᠨ ᠰᠢᠨᠵᠢ᠃ — ᠤᠯᠢᠶᠠᠩᠭᠠᠷ ᠪᠤᠷᠭᠠᠰᠤ᠂ ᠲᠠᠤᠯᠠᠢ ᠶᠢᠨ ᠪᠦᠭᠡᠷ᠎ᠡ ᠠᠭᠴᠢ ᠮᠤᠳᠤᠨ ᠠᠴᠠ ᠰᠢᠬᠦᠷᠡᠰᠦ ᠢᠯᠭᠠᠷᠴᠤ ᠪᠠᠶᠢᠪᠠᠯ ᠤᠳᠠᠬᠤ ᠦᠭᠡᠢ ᠪᠤᠷᠤᠭ᠎ᠠ ᠤᠷᠤᠬᠤ ᠶᠢᠨ ᠲᠤᠬᠢᠶ᠎ᠠ᠃ — ᠬᠠᠩᠭᠠᠢ ᠳᠤ ᠵᠤᠨ ᠤ ᠡᠬᠢᠨ ᠰᠠᠷ᠎ᠠ ᠳᠤ ᠵᠢᠵᠢᠭ ᠴᠠᠭᠠᠨ ᠴᠡᠴᠡᠭ ᠡᠯᠪᠡᠭ ᠤᠷᠭᠤᠪᠠᠯ ᠬᠤᠷ᠎ᠠ ᠲᠠᠢ ᠪᠠᠶᠢᠬᠤ ᠶᠢᠨ ᠰᠢᠨᠵᠢ᠃ — ᠤᠢ ᠶᠢᠨ ᠢᠷᠭᠤᠢ ᠬᠡᠭᠡᠷ᠎ᠡ ᠲᠠᠯ᠎ᠠ ᠭᠠᠵᠠᠷ ᠵᠢᠷ ᠠᠴᠠ ᠦᠨᠳᠦᠷ ᠡᠰᠢ ᠲᠠᠢ ᠤᠷᠭᠤᠬᠤ ᠨᠢ ᠡᠪᠦᠯ ᠠᠭᠤᠯᠠᠨ ᠳᠠᠭᠠᠨ ᠶᠠᠭ ᠦᠭᠡᠢ ᠴᠠᠰᠤ ᠤᠷᠤᠬᠤ ᠶᠢᠨ ᠰᠢᠨᠵᠢ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号