ᠮᠣᠷᠢᠨ ᠬᠤᠭᠤᠷ ᠤᠨ ᠡᠭᠦᠰᠦᠯ ᠮᠣᠩᠭᠤᠯ ᠦᠨᠳᠦᠰᠦᠲᠡᠨ ᠤ ᠴᠤᠭᠤᠷ ᠤᠷᠠᠯᠢᠭ ᠲᠤ ᠮᠣᠷᠢᠨ ᠬᠤᠭᠤᠷ ᠨᠢ | ᠬᠦᠭᠵᠢᠮᠳᠡᠬᠦᠷ ᠤᠨ ᠴᠤᠭᠤᠷ ᠤᠨ ᠣᠷᠭᠢᠯ ᠪᠤᠯᠵᠣ᠂ ᠢᠯᠠᠩᠭᠤᠶ᠎ᠠ ᠰ᠊᠂ ᠷᠠᠰᠢ᠂ ᠰᠠᠩᠳᠦ᠋ᠭᠦᠷᠡᠩ᠂ ᠴᠢ · ᠪᠤᠯᠠᠭ᠂ | ᠪᠦᠷᠢᠨᠪᠠᠶᠠᠷ ᠪᠠ ᠳ᠋ᠠᠷᠮ᠎ᠠ ᠵᠡᠷᠭᠡ ᠠᠯᠢ ᠣᠯᠠᠨ ᠰᠢᠯᠭᠠᠷᠠᠭᠰᠠᠨ ᠤᠷᠠᠯᠢᠭᠴᠢᠳ ᠤᠨ ᠰᠠᠶᠢᠵᠢᠷᠠᠭᠤᠯᠬᠤ ᠪᠠ | ᠳᠡᠭᠡᠭᠰᠢᠯᠡᠭᠦᠯᠬᠦ ᠪᠠᠷ ᠳᠡᠮᠵᠢᠨ᠂ ᠡᠨᠡ ᠬᠦ ᠬᠦᠭᠵᠢᠮᠳᠡᠬᠦᠷ ᠨᠢ ᠥᠷᠭᠡᠨ ᠳᠡᠯᠭᠡᠷ ᠲᠦᠭᠡᠮᠡᠯᠵᠢᠵᠦ᠂ ᠳᠡᠯᠡᠬᠡᠶ ᠶᠢᠨ | ᠳᠠᠭᠤᠤ ᠬᠥᠭᠵᠢᠮ ᠤᠨ ᠤᠷᠠᠯᠢᠭ ᠤᠨ ᠤᠢ ᠳᠣᠲᠣᠷᠠᠬᠢ ᠦᠨᠡᠲᠦ ᠡᠷᠳᠡᠨᠢ ᠪᠣᠯᠤᠭᠰᠠᠨ ᠪᠠᠶᠢᠨ᠎ᠠ᠃ ᠭᠡᠪᠡᠴᠦ ᠮᠣᠷᠢᠨ | ᠬᠤᠭᠤᠷ ᠤᠨ ᠡᠭᠦᠰᠦᠯ ᠤᠨ ᠲᠤᠬᠠᠢ ᠡᠷᠳᠡᠮ ᠰᠢᠨᠵᠢᠯᠡᠭᠡᠨ ᠤ ᠬᠢᠨ ᠶᠡᠷᠤᠨᠢ ᠨᠤᠲᠠᠯᠠᠯ ᠬᠢᠭᠡᠳᠦᠢ᠃ ᠲᠠᠯ᠎ᠠ ᠨᠤᠲᠤᠭ ᠲᠤ | ᠨᠢᠭᠡ ᠡᠷᠲᠡᠨ ᠤ ᠤᠯᠠᠮᠵᠢᠯᠠᠯ ᠶᠠᠷᠢᠶ᠎ᠠ ᠪᠠᠶᠢᠳᠠᠭ᠂ ᠬᠥᠮᠦᠰ ᠠᠶᠢᠷᠠᠭ ᠤᠨ ᠰᠢᠨᠠᠭ᠎ᠠ ᠶᠢ ᠦᠬᠡᠷ ᠤᠨ ᠠᠷᠠᠰᠤ ᠪᠠᠷ | ᠪᠦᠷᠢᠵᠦ᠂ ᠮᠣᠷᠢᠨ ᠰᠡᠬᠦᠯ ᠤᠨ ᠬᠢᠯᠭᠠᠰᠣ ᠪᠠᠷ ᠬᠤᠶᠠᠷ ᠬᠥᠪᠴᠢ ᠲᠠᠲᠠᠵᠤ ᠬᠥᠭᠵᠢᠮᠳᠡᠭᠦᠷ ᠪᠣᠯᠭᠠᠨ ᠬᠦᠭᠵᠢᠮᠳᠡᠳᠡᠭ ᠢ | ︽ᠰᠢᠨᠠᠭᠠᠨ ᠬᠤᠭᠤᠷ︾ ᠬᠡᠮᠡᠳᠡᠭ ᠪᠠᠶᠢᠪᠠ᠃ ᠮᠣᠷᠢᠨ ᠬᠤᠭᠤᠷ ᠪᠣᠯ 19 ᠳ᠋ᠦ᠋ᠭᠡᠷ ᠵᠠᠭᠤᠨ ᠤ ᠰᠡᠭᠦᠯᠴᠢ ᠪᠠᠷ | ᠰᠢᠨ᠎ᠡ ᠪᠠᠷ ᠮᠠᠨᠳᠤᠭᠰᠠᠨ ᠬᠥᠭᠵᠢᠮ ᠪᠣᠯᠤᠨ᠎ᠠ᠃ ᠲᠡᠭᠦᠨ ᠤ ᠪᠣᠢ ᠪᠣᠯᠣᠭᠰᠠᠨ ᠨᠢ ᠮᠥᠨ ᠴᠦ ᠤᠷᠳᠤ ᠤᠳᠠᠭᠠᠨ | ᠬᠥᠭᠵᠢᠯᠲᠡ ᠶᠢ ᠦᠩᠭᠡᠷᠡᠭᠡᠭᠰᠡᠨ ᠪᠦᠬᠡᠳ ᠡᠨᠡ ᠬᠦ ᠶᠠᠪᠤᠴᠠ ᠳᠠᠭᠠᠨ ᠤᠯᠠᠨ ᠡᠰᠢᠲᠦ ᠰᠣᠶᠣᠯ ᠤᠨ ᠬᠦᠴᠦᠨ | ᠵᠦᠶ᠋ᠯ ᠤᠨ ᠨᠥᠯᠥᠭᠡ ᠶᠢ ᠣᠯᠤᠭᠰᠠᠨ ᠪᠠᠶᠢᠯ᠎ᠠ᠂ ᠡᠭᠦᠨ ᠳᠤ ᠡᠶᠢᠮᠣ ᠬᠡᠳᠦᠨᠵᠦ᠋ᠢᠯ ᠤᠨ ᠬᠡᠯᠡᠯᠭᠡ ᠪᠠᠶᠢᠨ᠎ᠠ᠃ | ᠶᠠᠭᠤᠨ ᠤ ᠤᠷᠢᠳ ᠪᠠᠷᠠᠭᠤᠨ ᠠᠹᠷᠢᠺᠠ ᠶᠢᠨ ᠣᠷᠣᠨ ᠤ RITI ᠬᠥᠭᠵᠢᠮ ᠪᠣᠯᠤᠨ᠎ᠠ᠃ ᠡᠨᠡ ᠬᠦᠭᠵᠢᠮᠳᠡᠬᠦᠷ ᠨᠢ | ᠪᠠᠷᠠᠭᠤᠨ ᠠᠹᠷᠢᠺᠠ ᠶᠢᠨ ᠭᠠᠷᠠᠮ ᠤᠨ ᠬᠤᠲᠠ ᠳ᠋ᠠᠷᠺᠧᠯ ᠠᠴᠠ ᠢᠷᠡᠯ ᠲᠠᠢ᠂ ᠮᠣᠷᠢᠨ ᠰᠡᠭᠦᠯ ᠤᠨ ᠬᠢᠯᠭᠠᠰᠣ ᠪᠠᠷ | ᠬᠢᠭᠰᠡᠨ ᠭᠠᠭᠴᠠ ᠬᠥᠪᠴᠢ ᠲᠠᠢ᠂ ᠮᠣᠷᠢᠨ ᠰᠡᠭᠦᠯᠲᠦ ᠶᠠᠲᠤᠭ᠎ᠠ ᠶᠢᠨ ᠨᠤᠮᠤ ᠲᠠᠢ᠂ ᠶᠠᠲᠤᠭ᠎ᠠ ᠶᠢᠨ ᠬᠠᠶᠢᠷᠴᠠᠭ ᠶᠢ | ᠠᠪᠤᠷᠭᠤ ᠮᠣᠭᠠᠶ ᠶᠢᠨ ᠠᠷᠠᠰᠤ ᠪᠠᠷ ᠪᠦᠷᠢᠵᠠᠢ᠃ ᠳᠠᠷᠠᠭᠠᠯᠠᠪᠠᠯ ᠠᠹᠷᠢᠺᠠ ᠲᠢᠪ ᠤᠨ ᠡᠸ᠋ᠽᠢᠣᠪᠢᠶ᠎ᠡ ᠶᠢᠨ | Masenqo ᠳᠤ ᠡᠨᠡ ᠬᠦ ᠬᠦᠭᠵᠢᠮᠳᠡᠬᠦᠷ ᠤᠨ ᠬᠠᠶᠢᠷᠴᠠᠭ ᠨᠢ ᠳᠥᠷᠪᠡᠯᠵᠢᠨ ᠬᠡᠯᠪᠡᠷᠢ ᠲᠠᠢ ᠪᠠᠶᠢᠵᠣ᠂ | ᠨᠢᠭᠤᠷ ᠢ ᠨᠢ ᠦᠬᠡᠷ ᠤᠨ ᠠᠷᠠᠰᠤ ᠪᠠᠷ ᠪᠦᠷᠢᠵᠦ᠂ ᠭᠠᠭᠴᠠ ᠴᠢᠪᠬᠠᠳᠠᠰᠤᠲᠠᠢ᠂ ᠬᠡᠪ ᠨᠠᠮᠪᠠ ᠨᠢ ᠲᠦᠪᠯᠡᠭᠦᠨ | ᠮᠥᠷᠲᠡᠭᠡᠨ ᠪᠣᠷᠣᠭᠵᠢᠭᠤᠨ᠃ ᠲᠠᠬᠢᠭᠠᠳ ᠬᠡᠯᠡᠪᠡᠯ᠂ ᠣᠳᠣᠬᠠᠨ ᠳᠤ ᠧᠦ᠋ᠷᠣᠫᠠ ᠲᠢᠪ ᠤᠨ ᠪᠠᠯᠺᠠᠨ ᠲᠠᠯ᠎ᠠ ᠨᠤᠲᠤᠭ | ᠲᠤ ᠮᠥᠨ ᠯᠡ ᠳᠡᠯᠭᠡᠷᠡᠵᠦ ᠪᠠᠶᠢᠭ᠎ᠠ ᠣᠯᠠᠮᠵᠢᠯᠠᠯᠳᠣ ᠭᠠᠭᠴᠠ ᠴᠢᠪᠬᠠᠳᠠᠰᠤᠲᠤ ᠬᠦᠭᠵᠢᠮᠳᠡᠬᠦᠷ Gusle ︵ | ᠺᠷᠤᠲ᠋ᠢᠶ᠎ᠠ ᠬᠡᠯᠡ︶ ᠪᠤᠯᠤᠨ᠎ᠠ᠃ Gusle ᠶᠢ ᠶᠡᠷᠦ ᠳᠡᠭᠡᠨ ᠠᠷᠠᠳ ᠤᠨ ᠳᠠᠭᠤᠤ ᠪᠤᠶᠤ ᠲᠤᠤᠯᠢᠰ ᠬᠠᠪᠰᠤᠷᠤᠨ | ᠬᠥᠭᠵᠢᠮᠳᠡᠬᠦ ᠳᠤ ᠬᠡᠷᠡᠭᠯᠡᠳᠡᠭ᠃ ᠬᠥᠭᠵᠢᠮᠳᠡᠬᠦ ᠦᠶ᠎ᠡ ᠳᠤ᠂ ᠬᠥᠭᠵᠢᠮᠳᠡᠭᠦᠷ ᠢᠶᠠᠨ ᠬᠤᠶᠠᠷ ᠡᠪᠦᠳᠦᠭ ᠤᠨ ᠳᠤᠮᠳᠠ | ᠠᠰᠬᠠᠨ ᠬᠠᠪᠴᠢᠵᠤ᠂ ᠵᠡᠭᠦᠨ ᠭᠠᠷ ᠤᠨ ᠬᠤᠷᠤᠭᠤ ᠪᠠᠷ ᠢᠶᠠᠨ ᠴᠢᠪᠬᠠᠳᠠᠬᠤ ᠪᠣᠯᠪᠠᠴᠤ ᠶᠠᠲᠤᠭ᠎ᠠ ᠶᠢᠨ ᠬᠥᠪᠴᠢ ᠨᠢ | ᠶᠡᠷᠦ ᠠᠴᠠ ᠶᠠᠲᠤᠭ᠎ᠠ ᠶᠢᠨ ᠬᠦᠵᠦᠭᠦᠦ ᠲᠠᠢ ᠣᠶᠢᠷᠠᠳᠳᠠᠭ ᠦᠭᠡᠶ᠃ ᠳᠡᠭᠡᠷᠡᠬᠢ 3 ᠵᠦᠢᠯ ᠤᠨ ᠭᠠᠭᠴᠠ | ᠴᠢᠪᠬᠠᠳᠠᠰᠤᠲᠤ ᠬᠦᠭᠵᠢᠮᠳᠡᠬᠦᠷ ᠲᠠᠢ ᠬᠠᠮᠤᠭ ᠤᠨ ᠲᠥᠰᠦᠭᠡᠲᠡᠢ ᠬᠦᠭᠵᠢᠮᠳᠡᠬᠦᠷ ᠪᠣᠯ Suhun khuuur ︵ | ᠰᠦᠬᠡᠨ ᠬᠤᠭᠤᠷ︶ ᠪᠣᠯᠤᠨ᠎ᠠ᠃ ᠡᠨᠡ ᠪᠣᠯ ᠮᠣᠩᠭᠤᠯ ᠦᠨᠳᠦᠰᠦᠲᠡᠨ ᠤ ᠡᠷᠲᠡᠨ ᠤ ᠭᠠᠭᠴᠠ ᠴᠢᠪᠬᠠᠳᠠᠰᠤᠲᠤ | ᠱᠦᠷᠭᠦᠭᠦᠯ ᠬᠥᠭᠵᠢᠮᠳᠡᠭᠦᠷ ᠪᠣᠯᠤᠨ᠎ᠠ᠃ ᠲᠡᠷᠡ ᠨᠢ ᠪᠤᠬ᠎ᠠ ᠶᠢᠨ ᠰᠦᠬᠡ ︵ᠪᠤᠷᠢᠶᠠᠳ ᠨᠤᠲᠤᠭ ᠤᠨ ᠠᠶᠠᠯᠭᠤ᠂ | ᠳᠠᠪᠤᠰᠠᠩ ᠤᠨ ᠤᠭᠤᠲᠠ ᠭᠡᠰᠡᠨ ᠤᠳᠬ᠎ᠠ ᠲᠠᠢ︶ ᠪᠠᠷ ᠨᠢᠭᠤᠷ ᠢ ᠨᠢ ᠪᠦᠷᠢᠵᠦ᠂ ᠮᠣᠷᠢᠨ ᠰᠡᠭᠦᠯ ᠤᠨ ᠬᠢᠯᠭᠠᠰᠣ ᠪᠠᠷ | ᠶᠠᠲᠤᠭ᠎ᠠ ᠶᠢᠨ ᠬᠥᠪᠴᠢ ᠬᠢᠵᠦ᠂ ᠬᠥᠭᠵᠢᠮᠳᠡᠬᠦ ᠳᠡᠭᠡᠨ ᠭᠠᠵᠠᠷ ᠰᠠᠭᠤᠭ᠎ᠠ ᠬᠡᠯᠪᠡᠷᠢ ᠪᠠᠷ ᠬᠥᠪᠴᠢ ᠪᠠᠨ ᠲᠠᠪᠤᠨ | ᠬᠤᠷᠤᠭᠤ ᠪᠠᠷ ᠢᠶᠠᠨ ᠴᠢᠯᠥᠭᠡᠲᠡᠶ ᠳᠠᠷᠤᠳᠠᠭ᠃ ᠮᠣᠷᠢᠨ ᠬᠤᠭᠤᠷ ᠬᠥᠭᠵᠢᠯ ᠤᠨ ᠲᠡᠤᠬᠡ ᠪᠠᠨ ᠪᠢᠴᠢᠭᠯᠡᠵᠦ᠂ ᠮᠣᠷᠢᠨ | ᠬᠤᠭᠤᠷ ᠤᠨ ᠲᠠᠭᠤᠨ ᠲᠡᠦᠬᠡ ᠶᠢᠨ ᠣᠭᠲᠠᠷᠭᠤᠢ ᠶᠢᠨ ᠴᠡᠭᠡᠯ ᠳᠤ ᠴᠤᠤᠷᠢᠶᠠᠲᠤᠵᠤ᠂ ᠲᠤᠷᠠᠰᠬᠤ ᠲᠤᠰᠤᠮ | ᠬᠥᠮᠦᠰ ᠤᠨ ᠰᠣᠨᠢᠷᠬᠠᠯ ᠢ ᠲᠠᠲᠠᠮ᠎ᠠ ᠰᠠᠶᠢᠬᠠᠨ᠃ | |