ᠡᠭᠡ ᠤᠷᠤᠨ ᠤ ᠬᠠᠶᠢᠷ᠎ᠠ
ᠨᠡᠶᠢᠲᠡᠯᠡᠭᠰᠡᠨ ᠴᠠᠭ᠄
2024/11/5
 ᠡᠭᠡ ᠤᠷᠤᠨ ᠤ ᠬᠠᠶᠢᠷ᠎ᠠ                                                 ᠪᠠᠶᠠᠨᠪᠢᠯᠢᠭ᠌ᠪᠦᠮᠪᠦᠷᠴᠡᠭ ᠤᠨ ᠠᠯᠳᠠᠨ ᠭᠡᠪᠡᠯᠢ ᠳᠤ ᠪᠦᠯᠢᠶᠠᠨ ᠠᠮᠢᠳᠤᠷᠠᠯ ᠢ ᠮᠢᠨᠢ ᠴᠢᠪᠬᠠᠳᠠᠭᠰᠠᠨ ᠪᠦᠬᠦ᠋ᠢᠯᠡ ᠬᠦᠮᠦᠨ ᠲᠦᠷᠦᠯᠬᠢᠳᠡᠨ ᠳᠤ ᠪᠦᠳᠦᠨ ᠵᠢᠷᠭᠠᠯ ᠢ ᠡᠷᠢᠯᠬᠢᠯᠡᠭᠰᠡᠨ ᠬᠠᠪᠤᠷ ᠤᠨ ᠬᠤᠷ᠎ᠠ ᠰᠢᠭ᠋ ᠠᠷᠢᠭᠤᠨ ᠰᠡᠳᠬᠢᠯ ᠢᠶᠠᠷ ᠬᠠᠨ ᠬᠤᠷᠸ᠎ᠠ ᠶᠢ ᠠᠷᠭᠠᠳᠠᠭᠰᠠᠨ ᠬᠠᠯᠬᠢᠮ᠎ᠠ ᠴᠠᠯᠬᠢᠮ᠎ᠠ ᠬᠠᠶᠢᠷ᠎ᠠ ᠪᠠᠷ ᠢᠶᠠᠨ ᠬᠠᠷᠭᠤᠢ ᠵᠠᠮ ᠢ ᠮᠢᠨᠢ ᠭᠡᠷᠡᠯᠳᠤᠬᠦᠯᠦᠭᠰᠡᠨ ᠨᠡᠶᠢᠭᠡᠮ ᠵᠢᠷᠦᠮ ᠤᠨ ᠪᠠᠳᠤ ᠵᠤᠭᠰᠤᠯᠳᠠ ᠪᠠᠷ ᠨᠡᠶᠢᠳᠡ ᠤᠯᠠᠨ ᠢᠶᠠᠨ ᠲᠠᠶᠢᠴᠢᠯᠠᠭᠰᠠᠨ ᠨᠢᠭᠡᠳᠦᠯ ᠪᠦᠯᠬᠦᠮᠳᠠᠯ ᠤᠨ ᠠᠤᠭ᠎ᠠ ᠬᠦᠴᠤ ᠪᠠᠷ ᠨᠢᠳᠡᠷ ᠦᠢᠯᠡ ᠪᠠᠨ ᠲᠠᠷᠬᠠᠯᠠᠭᠰᠠᠨ ᠡᠭᠡ ᠤᠷᠤᠨ ᠤ ᠮᠢᠨᠢ ᠬᠠᠶᠢᠷ᠎ᠠ ᠡᠯᠢᠭᠡ ᠵᠢᠷᠦᠭᠡᠨ ᠤ ᠮᠢᠨᠢ ᠲᠤᠯᠬᠢᠶ᠎ᠡ ᠡᠩᠭᠡ ᠲᠦᠷᠦ ᠶᠢᠨ ᠮᠠᠨᠳᠤᠯ ᠳᠤ ᠡᠭᠡᠨᠡᠭᠳᠡ ᠠᠰᠠᠬᠤ ᠵᠤᠯᠠ︕ ᠦᠳᠡᠬᠦᠰ ᠪᠤᠭᠤᠷᠤᠯ ᠲᠡᠭᠡᠳᠦᠰ ᠤᠨ ᠦᠶ᠎ᠡ ᠤᠯᠠᠮᠵᠢᠯᠠᠭᠰᠠᠨ ᠰᠤᠷᠭᠠᠯ ᠲᠠᠢ ᠦᠷ᠎ᠡ ᠠᠴᠢᠨᠠᠷ ᠬᠤᠶᠢᠴᠢᠰ ᠤᠨ ᠦᠮᠴᠢᠯᠡᠨ ᠬᠢᠮᠠᠭᠠᠳᠠᠬᠤ ᠦᠪ ᠲᠠᠢ ᠡᠷᠬᠢᠮᠯᠡᠨ ᠲᠡᠭᠡᠳᠦᠯᠡᠬᠦ ᠬᠠᠮᠳᠤ ᠶᠢᠨ ᠬᠦᠰᠡᠯ ᠢᠶᠠᠷ ᠡᠪ ᠬᠠᠮᠳᠤ ᠶᠢᠨ ᠵᠤᠷᠢᠭ ᠰᠠᠨᠠᠭ᠎ᠠ ᠶᠢ ᠪᠠᠳᠠᠷᠠᠭᠠᠭᠰᠠᠨ ᠡᠭᠡᠯ ᠠᠷᠠᠳ ᠡᠷᠬᠢᠮᠰᠦᠭ ᠲᠦᠷᠬᠦ ᠪᠠᠷ ᠢᠶᠠᠨ ᠡᠩ ᠲᠡᠯᠡᠭᠡᠢ ᠳᠤ ᠬᠤᠰᠢᠭᠤᠴᠢᠯᠠᠭᠰᠠᠨ ᠬᠠᠮᠳᠤ ᠶᠢᠨ ᠴᠤᠭᠴᠠ ᠶᠢᠨ ᠤᠬᠠᠮᠰᠠᠷ ᠢ ᠬᠠᠮᠤᠭ ᠤᠯᠠᠨ ᠳᠤ ᠪᠠᠨ ᠲᠠᠨᠢᠭᠤᠯᠤᠭᠰᠠᠨ ᠬᠠᠯᠠᠰᠢᠷᠠᠯ ᠦᠭᠡᠢ ᠲᠡᠮᠡᠴᠡᠯ ᠵᠢᠳᠬᠦᠯ ᠢᠶᠠᠷ ᠢᠶᠠᠨ ᠬᠠᠳᠠᠭᠤ ᠰᠢᠨᠳᠠᠰᠤ ᠪᠠᠨ ᠬᠠᠷᠠᠭᠤᠯᠤᠭᠰᠠᠨ ᠨᠠᠷᠮᠠᠢ ᠤᠷᠤᠨ ᠤ ᠮᠢᠨᠢ ᠬᠠᠶᠢᠷ᠎ᠠ ᠨᠠᠶᠢᠷᠰᠠᠭ ᠠᠮᠢᠳᠤᠷᠠᠯ ᠤᠨ ᠮᠢᠨᠢ ᠵᠤᠯᠪᠤᠭ᠎ᠠ ᠨᠠᠶᠢᠷᠳᠠᠢ ᠲᠦᠮᠡᠨ ᠪᠢᠳᠡᠨ ᠤ         ᠨᠠᠷᠠᠨ ᠤ ᠲᠠᠩᠰᠤᠭ ᠬᠢᠯᠪᠠᠭ᠎ᠠ︕
 
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号