ᠳᠤᠮᠳᠠᠳᠤ ᠢᠷᠭᠡᠨ ᠤᠯᠤᠰ ᠤᠨ ᠦᠶ᠎ᠡ ᠳᠤ ᠯᠢᠨ ᠾᠧ ᠶᠢᠨ ᠠᠷᠠᠳ ᠤᠨ ᠣᠷᠣᠨ ᠰᠠᠭᠤᠴᠠ ᠨᠢ ᠨᠡᠶᠢᠳᠡᠮ | ᠰᠢᠷᠣᠢ ᠮᠣᠳᠣᠨ ᠤ ᠪᠦᠲᠦᠴᠡ ᠪᠠᠶᠢᠵᠤ᠂ ᠶᠡᠷᠦ ᠳᠤ ᠪᠠᠨ ᠰᠢᠷᠣᠢ ᠪᠥᠮᠪᠥᠭᠡᠨ ᠬᠡᠷᠡᠮ ᠢᠶᠠᠷ ᠰᠢᠪᠠᠭ᠋ᠤ ᠪᠣᠯᠵᠠᠢ᠃ | ᠪᠠᠶᠢᠰᠢᠩ ᠤᠨ ᠤᠷᠤᠢ ᠨᠢ ᠪᠤᠭᠤᠨᠢ ᠪᠦᠭᠡᠳ ᠬᠤᠶᠢᠳᠤ ᠲᠠᠯ᠎ᠠ ᠳᠤ ᠪᠠᠨ ᠦᠨᠳᠦᠷ᠂ ᠲᠤᠮᠳᠠ ᠨᠢ ᠲᠤᠰᠢᠶ᠎ᠠ | ᠲᠤᠯᠭᠠᠭᠤᠷᠢ ᠪᠠᠶᠢᠭᠤᠯᠵᠠᠢ᠃ ᠭᠡᠷ ᠤᠨ ᠪᠠᠶᠢᠷᠢᠰᠢᠯ ᠤᠨ ᠤᠯᠠᠩᠬᠢ ᠨᠢ ᠭᠠᠳᠠᠷ ᠲᠠᠰᠤᠯᠭ᠎ᠠ᠂ ᠲᠤᠲᠤᠷ᠎ᠠ ᠨᠢ ᠬᠠᠯᠠᠭᠤᠨ | ᠬᠠᠨᠵᠤ᠂ ᠬᠡᠪᠲᠡᠭᠰᠡᠨ ᠬᠠᠨᠵᠤ ᠲᠠᠢ᠂ ᠠᠭᠤᠯᠠᠨ ᠬᠠᠨᠵᠤ ︵ᠵᠡᠬᠦᠨᠰᠢ ᠪᠤᠶᠤ ᠪᠠᠷᠠᠭᠤᠨ ᠬᠠᠨᠵᠤ︶ ᠶᠢ ᠲᠠᠭᠠᠷᠠᠭᠤᠯᠳᠠᠭ᠃ | ᠵᠤᠤᠬ᠎ᠠ ᠶᠢ ᠬᠠᠨᠵᠤᠨ ᠦᠵᠦᠭᠦᠷ ᠢ ᠬᠤᠯᠪᠣᠵᠤ᠂ ︽ᠲᠣᠭᠤᠭᠠᠨ ᠤ ᠲᠠᠶᠢᠰᠠ︾ ᠭᠡᠳᠡᠭ᠃ ᠣᠯᠠᠩᠬᠢ ᠳᠤ ᠪᠠᠨ | ᠨᠢᠭᠡ ᠡᠭᠦᠳᠡ ᠨᠢᠭᠡ ᠴᠣᠩᠬᠤ᠂ ᠨᠦᠬᠡᠯᠡᠬᠦ ᠨᠦᠬᠡᠨ ᠳᠤ ᠴᠠᠭᠠᠨ ᠤᠯᠣᠰᠤᠨ ᠴᠠᠭᠠᠰᠤ ᠪᠠᠷ ᠨᠠᠭᠠᠯᠳᠤᠭᠤᠯᠳᠠᠭ᠃ | ᠠᠮᠢᠳᠤᠷᠠᠯ ᠨᠢ ᠨᠡᠯᠢᠶᠡᠳ ᠪᠠᠶᠠᠨ ᠠᠶᠢᠯ ᠤᠨ ᠴᠣᠩᠬᠤ ᠨᠢ 64 ᠵᠢᠵᠢᠭ ᠳᠦᠷᠪᠡᠯᠵᠢᠨ ᠰᠢᠯ ᠢᠶᠠᠷ ᠬᠢᠵᠦ᠂ | ᠴᠣᠩᠬᠤᠨ ᠤ ᠬᠠᠵᠠᠭᠤ ᠳᠤ 2 ᠨᠠᠷᠢᠨ ᠴᠢᠬᠢ ᠡᠯᠭᠦᠵᠦ᠂ ᠭᠤᠣᠯ ᠬᠡᠷᠡᠮ ᠤᠨ ᠡᠷᠭᠢᠨ ᠲᠣᠭᠤᠷᠢᠨ ᠳᠤ | ᠲᠣᠭᠤᠰᠬ᠎ᠠ ᠪᠠᠷ ᠴᠣᠩᠬᠤᠨ ᠲᠠᠶᠢᠰᠠ ᠳᠤ ᠵᠠᠯᠭᠠᠵᠤ᠂ ᠡᠭᠦᠳᠡ ᠴᠣᠩᠬᠤ ᠨᠢ ᠬᠠᠮᠲᠤ ᠪᠠᠢᠵᠤ᠂ ᠣᠪᠣᠬᠠᠢ ᠳᠦᠭᠦᠷᠡᠩ | ᠡᠭᠦᠳᠡ ᠴᠣᠩᠬᠤ ᠭᠡᠵᠦ ᠨᠡᠷᠡᠯᠡᠳᠡᠭ᠂ ᠪᠠᠶᠢᠰᠢᠩ ᠤᠨ ᠣᠷᠣᠢ ᠳᠤ ᠲᠣᠭᠤᠰᠬ᠎ᠠ ᠳᠡᠪᠢᠰᠦᠨ᠎ᠡ᠃ ᠲᠡᠷᠡ ᠦᠶᠡᠰ | ᠣᠪᠣᠬᠠᠢ ᠳᠦᠭᠦᠷᠡᠩ ᠡᠭᠦᠳᠡ ᠴᠣᠩᠬᠤ ᠲᠠᠢ᠂ ᠳᠡᠭᠡᠭᠰᠢ ᠬᠠᠷᠰᠢ ᠲᠠᠢ ᠲᠣᠭᠤᠰᠬ᠎ᠠ ᠲᠠᠢ ᠭᠡᠷ ᠢ ᠰᠦᠷ | ᠵᠢᠪᠬᠤᠯᠠᠩ ᠲᠠᠢ ᠭᠡᠵᠦ ᠦᠵᠡᠳᠡᠭ᠂ 36 ᠳᠥᠷᠪᠡᠯᠵᠢᠨ ᠴᠣᠩᠬᠤᠨ ᠨᠢᠳᠦ ᠲᠠᠢ ᠠᠶᠢᠯ ᠨᠢ ᠠᠮᠢᠳᠤᠷᠠᠯ ᠢ | ᠶᠡᠷᠦ ᠳᠤ ᠪᠠᠨ ᠠᠶᠢᠯ ᠪᠣᠯᠭᠠᠨ ᠦᠵᠡᠳᠡᠭ᠂ ᠲᠦᠢᠯ ᠤᠨ ᠶᠠᠳᠠᠭᠤ ᠵᠦᠳᠡᠭᠦᠦ ᠠᠶᠢᠯ ᠪᠣᠯ ᠴᠣᠩᠬᠤᠨ ᠢᠷᠮᠡᠭ ᠢᠶᠠᠷ | ᠬᠡᠳᠦᠨ ᠤᠳᠠ ᠶᠢᠨ ᠰᠢᠳᠠᠮ ᠢᠶᠠᠷ ᠬᠢᠳᠡᠭ᠂ ᠭᠡᠷ ᠤᠨ ᠣᠷᠣᠢ ᠨᠢ ᠬᠤᠯᠤᠰᠤᠨ ᠡᠪᠡᠰᠦ ᠪᠠᠷ ᠤᠯᠠᠯᠵᠢᠨ ᠪᠦᠷᠬᠦᠭᠰᠡᠨ᠃ | ᠬᠥᠳᠡᠭᠡ ᠶᠢᠨ ᠤᠯᠠᠭᠠᠨ ᠶᠠᠳᠠᠭᠤ ᠵᠦᠳᠡᠭᠦᠦ ᠬᠥᠮᠥᠨ ᠳᠤᠷ᠎ᠠ ᠪᠠᠷ ᠢᠶᠠᠨ ᠨᠢᠭᠡ ᠬᠡᠰᠡᠭ ᠬᠤᠭᠤᠰᠣᠨ ᠭᠠᠵᠠᠷ ᠣᠯᠵᠤ᠂ | ᠳᠥᠭᠦᠮ ᠲᠦᠲᠡ ᠰᠠᠭᠤᠨ ᠬᠠᠰᠢᠶ᠎ᠠ ᠬᠦᠷᠢᠶ᠎ᠡ ᠭᠡᠵᠦ ᠪᠠᠷᠢᠳᠠᠭ ᠦᠭᠡᠢ᠃ ᠰᠥᠨᠢ ᠳᠦᠯᠢ ᠥᠷᠥᠭᠡᠨ ᠳᠤ | ᠬᠡᠷᠡᠯᠲᠦᠭᠦᠯᠭᠡ ᠭᠡᠵᠦ ᠪᠠᠶᠢᠬᠤ ᠦᠭᠡᠢ ᠪᠣᠯᠬᠤᠷ ᠬᠦᠮᠦᠰ ᠲᠣᠰᠤᠨ ᠳ᠋ᠧᠩ ᠵᠠᠷᠤᠨ᠎ᠠ᠃ ᠣᠯᠠᠩᠬᠢ ᠠᠶᠢᠯ ᠤᠨ ᠠᠪᠤ | ᠡᠵᠢ᠂ ᠦᠷ᠎ᠡ ᠬᠡᠦᠬᠡᠳ ᠤᠳ ᠨᠢᠭᠡ ᠭᠡᠷ ᠲᠤ ᠰᠠᠭᠤᠳᠠᠭ᠂ ᠴᠢᠨᠠᠭᠰᠢᠯᠠᠨ ᠭᠤᠷᠪᠠᠨ ᠦᠶ᠎ᠡ ᠶᠢᠨ ᠬᠢᠨ ᠬᠦᠷᠲᠡᠯ᠎ᠡ | ᠨᠢᠭᠡ ᠭᠡᠷ ᠲᠤ ᠰᠠᠭᠤᠳᠠᠭ ᠪᠠᠶᠢᠯ᠎ᠠ᠃ ᠬᠤᠶᠠᠷ ᠭᠤᠷᠪᠠᠨ ᠬᠥᠮᠥᠨ ᠨᠢᠭᠡ ᠣᠷᠣ ᠬᠥᠨᠵᠢᠯᠡ ᠳᠡᠪᠢᠰᠳᠡᠭ᠃ ︽ᠨᠢᠭᠡ | ᠡᠭᠦᠳᠡ ᠨᠢᠭᠡ ᠴᠣᠩᠬᠤ᠂ ᠭᠠᠵᠠᠷ ᠳᠣᠣᠷ᠎ᠠ ᠣᠰᠣᠨ ᠭᠠᠩ ᠲᠠᠯᠪᠢᠬᠤ︾ ᠵᠡᠷᠭᠡ ᠠᠷᠠᠳ ᠤᠨ ᠴᠤᠤᠷᠬᠠᠯ ᠨᠢ ᠳᠠᠷᠤᠶ | ᠲᠤᠬᠠᠶ ᠶᠢᠨ ᠦᠶ᠎ᠡ ᠶᠢᠨ ᠶᠠᠳᠠᠭᠤ ᠵᠦᠳᠡᠭᠦᠦ ᠬᠥᠮᠦᠨ ᠤ ᠠᠮᠢᠳᠤᠷᠠᠯ ᠤᠨ ᠪᠣᠳᠠᠲᠤ ᠵᠢᠷᠤᠭᠯᠠᠯ ᠪᠣᠯᠤᠨ᠎ᠠ᠃ ᠬᠦᠮᠦᠰ | ᠶᠡᠷᠦᠳᠡᠭᠡᠨ ᠪᠤᠳᠠᠭᠠᠨ ᠵᠤᠲᠠᠩ ᠢᠶᠠᠨ ᠬᠠᠨᠵᠤᠨ ᠲᠡᠭᠡᠷ᠎ᠠ ᠪᠠᠨ ᠲᠠᠯᠪᠢᠬᠤ ᠠᠴᠠ ᠥᠭᠡᠷ᠎ᠡ ᠳᠡᠪᠢᠰᠭᠡᠷ ᠭᠡᠵᠦ ᠪᠠᠶᠢᠳᠠᠭ | ᠦᠭᠡᠢ᠃ ᠦᠳᠡᠰᠢ ᠤᠷᠤᠢ ᠪᠣᠯᠬᠤ ᠳᠤ ᠴᠥᠬᠡᠨ ᠪᠤᠰᠤ ᠠᠶᠢᠯ ᠬᠠᠨᠵᠤᠨ ᠳᠡᠭᠡᠷ᠎ᠡ ᠪᠠᠨ ᠳᠡᠪᠢᠰᠭᠡᠷ ᠦᠭᠡᠢ ᠤᠨᠲᠠᠬᠤ᠂ | ᠡᠰᠡᠭᠦᠯ᠎ᠡ ᠬᠤᠪᠴᠠᠰᠤ ᠪᠠᠨ ᠡᠮᠦᠰᠴᠦ ᠬᠠᠨᠵᠤᠨ ᠳᠡᠭᠡᠷ᠎ᠡ ᠠᠲᠤᠷᠢᠨ ᠬᠡᠪᠲᠡᠵᠦ ᠬᠤᠨᠤᠭᠯᠠᠳᠠᠭ ᠪᠠᠶᠢᠨ᠎ᠠ᠃ | ᠠᠮᠢᠳᠤᠷᠠᠯ ᠨᠢ ᠵᠢᠭᠠᠬᠠᠨ ᠰᠠᠢᠨ ᠪᠣᠯ ᠬᠠᠨᠵᠤᠨ ᠳᠡᠭᠡᠷ᠎ᠡ ᠨᠢ ᠬᠤᠯᠤᠰᠤᠨ ᠰᠠᠭᠤᠳᠠᠯ ᠳᠡᠪᠢᠰᠴᠦ᠂ ᠨᠡᠩ ᠰᠠᠢᠨ ᠨᠢ | ᠬᠠᠨᠵᠤᠨ ᠳᠡᠭᠡᠷ᠎ᠡ ᠢᠰᠡᠭᠡᠢ ᠳᠡᠪᠢᠰᠦᠨ᠎ᠡ᠃ ᠪᠠᠶᠠᠨ ᠠᠶᠢᠯ ᠤᠨ ᠬᠠᠨᠵᠤᠨ ᠳᠡᠭᠡᠷ᠎ᠡ ᠢᠰᠡᠭᠡᠢ᠂ ᠢᠰᠡᠭᠡᠢ ᠳᠡᠭᠡᠷ᠎ᠡ | ᠳᠡᠪᠢᠰᠭᠡᠷ ᠲᠠᠢ᠂ ᠪᠡᠶ᠎ᠡ ᠳᠡᠭᠡᠷ᠎ᠡ ᠪᠠᠨ ᠬᠥᠨᠵᠢᠯᠡ ᠲᠠᠢ᠃ ᠵᠠᠷᠢᠮ ᠪᠠᠶᠠᠨ ᠠᠶᠢᠯ ᠨᠢ ᠳᠦᠷᠪᠡᠨ ᠶᠡᠭᠡ ᠬᠦᠷᠢᠶ᠎ᠡ ᠲᠠᠢ | ᠪᠠᠶᠢᠵᠦ᠂ ᠭᠡᠷ ᠳᠣᠲᠣᠷ᠎ᠠ ᠨᠢ ᠶᠡᠭᠡ ᠤᠯᠠᠭᠠᠨ ᠬᠡᠪᠲᠡᠭᠡ ᠠᠪᠳᠠᠷ᠎ᠠ ᠪᠤᠢ᠂ ᠡᠩ ᠤᠨ ᠠᠶᠢᠯ ᠳᠤ ᠨᠢ ᠵᠥᠪᠬᠡᠨ ᠨᠢᠭᠡ | ᠵᠢᠵᠢᠭ ᠮᠣᠳᠣᠨ ᠬᠠᠶᠢᠷᠴᠠᠭ᠂ ᠨᠢᠭᠡ ᠠᠮᠠᠰᠠᠷ ᠲᠠᠢ ᠭᠠᠩ ᠵᠡᠷᠭᠡ ᠪᠠᠶᠢᠵᠠᠢ᠃ ᠬᠦᠮᠦᠰ ᠪᠤᠳᠠᠭ᠎ᠠ ᠴᠢᠨᠠᠬᠤ ᠳᠤ | ᠣᠯᠠᠩᠬᠢ ᠳᠤ ᠪᠠᠨ ᠮᠣᠳᠣᠨ ᠰᠠᠯᠠᠭ᠎ᠠ᠂ ᠣᠳᠠ ᠵᠡᠷᠭᠡ ᠪᠠᠷ ᠲᠦᠯᠡᠰᠢ ᠪᠣᠯᠭᠠᠳᠠᠭ ᠪᠠᠶᠢᠪᠠ᠃ ᠳᠡᠭᠡᠷ᠎ᠡ ᠵᠠᠭᠤᠨ ᠤ | ᠲᠠᠪᠢ ᠵᠢᠷᠠᠭᠠᠳ ᠣᠨ ᠤ ᠦᠶ᠎ᠡ ᠳᠤ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠣᠷᠣᠨ ᠰᠠᠭᠤᠴᠠ ᠶᠢ ︽ᠨᠢᠭᠡ | ᠡᠭᠦᠳᠡ ᠨᠢᠭᠡ ᠴᠣᠩᠬᠤ︾ ᠶᠢᠨ ᠵᠢᠵᠢᠭ ᠭᠡᠷ ᠠᠴᠠ ︽ᠰᠢᠯᠢᠨ ᠣᠷᠣ ᠪᠠᠷ ᠶᠡᠭᠡ ᠭᠤᠣᠯ ᠭᠡᠷ︾ ᠢᠶᠠᠨ ᠪᠣᠯᠭᠠᠨ | ᠬᠤᠪᠢᠷᠠᠭᠤᠯᠵᠤ᠂ ᠶᠡᠬᠡᠩᠬᠢ ᠨᠢ ᠮᠥᠨ ᠬᠦ ᠰᠢᠷᠣᠢ ᠮᠣᠳᠣᠨ ᠤ ᠪᠦᠷᠦᠴᠡ ᠲᠠᠢ ᠪᠠᠶᠢᠵᠠᠢ᠃ 20 ᠳ᠋ᠤᠭᠠᠷ ᠵᠠᠭᠤᠨ ᠤ | ᠳᠠᠯᠠᠭᠠᠳ ᠣᠨ ᠳᠤ ︽ᠭᠤᠲᠤᠯ ᠮᠠᠯᠠᠭᠠᠢ ᠡᠮᠦᠰᠬᠦ︾ ᠣᠷᠣᠨ ᠰᠠᠭᠤᠴᠠ ᠨᠢ ᠰᠠᠭᠤᠷᠢ ᠴᠢᠯᠠᠭᠤ ᠶᠢ ᠪᠣᠰᠬᠠᠵᠤ᠂ | ᠡᠮᠦᠨ᠎ᠡ ᠭᠤᠯᠳᠤᠷᠢᠯ ᠭᠠᠷᠠᠮ ᠳᠤ ᠲᠣᠭᠤᠰᠬ᠎ᠠ ᠪᠠᠷ ᠵᠡᠷᠭᠡᠯᠡᠭᠰᠡᠨ ᠪᠥᠭᠡᠳ ᠬᠡᠳᠦᠨ ᠳᠠᠪᠬᠤᠷ ᠭᠤᠣᠯ ᠭᠡᠲᠦᠯᠬᠦ | ᠲᠣᠭᠤᠰᠬ᠎ᠠ ᠲᠠᠢ ᠪᠠᠶᠢᠳᠠᠭ᠃ ᠭᠤᠣᠯ ᠪᠠᠶᠢᠰᠢᠩ ᠨᠢ ᠡᠮᠦᠨᠡᠰᠢ ᠬᠠᠨᠳᠤᠵᠤ ᠬᠤᠶᠢᠨ᠎ᠠ ᠨᠢ ᠰᠠᠭᠤᠬᠤ ᠭᠤᠣᠯ ᠭᠡᠷ᠂ | ᠡᠮᠦᠨ᠎ᠡ ᠲᠠᠯ᠎ᠠ ᠳᠤ ᠨᠢ ᠰᠡᠷᠢᠭᠦᠨ ᠦᠷᠦᠭᠡ ᠪᠣᠰᠬᠠᠵᠤ᠂ ᠬᠦᠷᠢᠶ᠎ᠡ ᠬᠡᠷᠡᠮ ᠪᠠᠷᠢᠵᠠᠢ᠃ ᠭᠡᠷ ᠪᠠᠶᠢᠰᠢᠩ ᠤᠨ ᠳᠦᠷᠢ | ᠲᠥᠷᠬᠦ ᠶᠢᠨ ᠣᠯᠠᠩᠬᠢ ᠨᠢ ︽ᠨᠢᠭᠡ ᠶᠢ ᠣᠷᠣᠭᠤᠯᠵᠤ ᠬᠤᠶᠠᠷ ᠢ ᠨᠡᠭᠡᠭᠡᠬᠦ︾᠂ ︽ᠡᠮᠦᠨ᠎ᠡ ᠭᠤᠳᠤᠮᠵᠢ︾᠂ ︽ᠠᠷᠤ | ᠭᠤᠳᠤᠮᠵᠢ︾ ᠭᠡᠮᠡᠨ ᠲᠤᠬᠢᠷᠠᠭᠤᠯᠭ᠎ᠠ ᠬᠢᠭᠰᠡᠨ ᠪᠠᠶᠢᠳᠠᠭ᠃ ᠭᠡᠷ ᠤᠨ ᠳᠣᠲᠤᠷᠠᠬᠢ ᠬᠡᠷᠡᠮ ᠢ ᠪᠦᠷ ᠴᠠᠭᠠᠨ ᠰᠢᠪᠠᠷ ᠢᠶᠠᠷ | ᠪᠤᠳᠤᠵᠤ᠂ ᠢᠯᠡ ᠲᠤᠳᠤ ᠪᠦᠭᠡᠳ ᠦᠷᠭᠡᠨ ᠵᠠᠷᠢᠮ ᠴᠤᠩᠬᠤᠨ ᠲᠡᠭᠡᠷ᠎ᠡ ᠬᠤᠶᠠᠷ ᠳᠠᠪᠬᠤᠷ ᠰᠢᠯ ᠲᠠᠢ ᠪᠠᠶᠢᠳᠠᠭ᠃ | ᠨᠠᠶᠠᠭᠠᠳ ᠣᠨ ᠳᠤ ᠬᠤᠲᠠ ᠪᠠᠯᠭᠠᠰᠤ ᠶᠢᠨ ᠰᠠᠭᠤᠭᠠᠯᠢ ᠠᠷᠠᠳ ᠪᠠ ᠬᠡᠰᠡᠭ ᠲᠠᠷᠢᠶᠠᠴᠢᠳ ᠤᠨ ᠣᠷᠣᠨ ᠰᠠᠭᠤᠴᠠ ᠨᠢ | ᠲᠣᠭᠤᠰᠬ᠎ᠠ ᠮᠣᠳᠣᠨ ᠪᠦᠲᠦᠴᠡ᠂ ᠬᠢᠮᠠᠯ ᠴᠢᠯᠠᠭᠤᠨ ᠱᠠᠯᠠ᠂ ᠰᠢᠷᠣᠢ ᠶᠢᠨ ᠳᠤᠯᠠᠭᠠᠨ ᠵᠦᠭ ᠰᠢᠯᠵᠢᠪᠡ᠃ ᠬᠤᠳᠠ | ᠪᠠᠯᠭᠠᠰᠣᠨ ᠳᠤ ᠠᠰᠠᠷ ᠪᠠᠶᠢᠭᠤᠯᠵᠠᠢ᠂ ᠭᠡᠷ ᠲᠣᠳᠣᠷᠠᠬᠢ ᠬᠡᠷᠡᠭᠰᠡᠯ ᠳᠤ ᠠᠪᠳᠠᠷ᠎ᠠ᠂ ᠦᠨᠴᠦᠭ ᠬᠤᠷᠭᠤ᠂ ᠠᠷᠢᠬᠢᠨ | ᠠᠪᠳᠠᠷ᠎ᠠ᠂ ᠦᠰᠦᠭ ᠤᠨ ᠲᠠᠶᠢᠰᠠ᠂ ᠱᠠᠹᠠ᠂ ᠲᠧᠯᠸᠢᠰ᠂ ᠲᠠᠭᠤ ᠰᠢᠩᠭᠡᠭᠡᠬᠦ ᠮᠠᠰᠢᠨ᠂ ᠬᠤᠪᠴᠠᠰᠣ ᠤᠬᠢᠶᠠᠬᠤ | ᠮᠠᠰᠢᠨ ᠵᠡᠷᠭᠡ ᠣᠯᠠᠨ ᠭᠠᠷᠪᠠ᠃ ᠨᠡᠯᠢᠶᠡᠳ ᠣᠯᠠᠨ ᠭᠡᠷ ᠪᠦᠯᠢ ᠪᠠᠰᠠ ᠬᠡᠪᠢᠰ᠂ ᠨᠡᠶᠢᠯᠡᠮᠡᠯ ᠠᠪᠳᠠᠷ᠎ᠠ᠂ ᠴᠠᠬᠢᠯᠭᠠᠨ | ᠬᠦᠯᠳᠡᠭᠡᠭᠦᠷ᠂ ᠮᠣᠲ᠋ᠣᠷ ᠲᠡᠷᠭᠡ᠂ ᠬᠤᠶᠠᠷ ᠬᠥᠮᠥᠨ ᠤ ᠣᠷᠣ ᠵᠡᠷᠭᠡ ᠳᠤ ᠰᠢᠯᠵᠢᠭᠰᠡᠨ ᠪᠠᠶᠢᠳᠠᠭ᠃ ᠶᠡᠷᠡᠭᠡᠳ | ᠣᠨ ᠳᠤ ᠬᠤᠲᠠ ᠪᠠᠯᠭᠠᠰᠤᠨ ᠳᠤ ᠨᠡᠶᠢᠳᠡᠮ ᠳ᠋ᠢᠶᠠᠩᠬᠤᠸᠠ ᠲᠠᠭᠠᠷᠠᠭᠤᠯᠵᠤ᠂ ᠨᠢᠭᠡ ᠲᠣᠭᠤᠰᠬ᠎ᠠ ᠠᠴᠠ ᠳᠡᠭᠡᠭᠰᠢ | ᠤᠯᠠᠭᠠᠨ ᠲᠣᠭᠤᠰᠬᠠᠨ ᠪᠠᠶᠢᠰᠢᠩ ᠤᠯᠠᠮ ᠢᠶᠠᠷ ᠲᠦᠭᠡᠮᠡᠯᠵᠢᠪᠡ᠃ 21 ᠳ᠋ᠦ᠋ᠭᠡᠷ ᠵᠠᠭᠤᠨ ᠳᠤ ᠣᠷᠣᠵᠤ᠂ ᠬᠥᠳᠡᠭᠡ | ᠲᠣᠰᠬᠤᠨ ᠳᠤ ᠴᠢᠨᠡᠭᠡᠯᠢᠭ ᠠᠷᠠᠳ ᠤᠨ ᠣᠷᠣᠨ ᠰᠠᠭᠤᠴᠠ ᠢᠯᠡᠷᠡᠵᠦ᠂ ᠬᠤᠲᠠ ᠪᠠᠯᠭᠠᠰᠤᠨ ᠤ ᠣᠯᠠᠩᠬᠢ ᠰᠠᠭᠤᠭᠠᠯᠢ | ᠠᠷᠠᠳ ᠲᠠᠸᠠᠷ ᠤᠨ ᠠᠰᠠᠷ ᠲᠤ ᠰᠠᠭᠤᠵᠤ᠂ ᠭᠡᠷ ᠳᠣᠲᠣᠷᠠᠬᠢ ᠵᠠᠰᠠᠯ ᠴᠢᠮᠡᠭᠯᠡᠯ ᠨᠢ ᠭᠤᠶᠣ᠂ ᠭᠡᠷ ᠤᠨ ᠭᠠᠳᠠᠨᠠᠬᠢ | ᠵᠢᠵᠢᠭ ᠲᠣᠭᠤᠷᠢᠭ ᠤᠨ ᠲᠥᠬᠦᠭᠡᠷᠦᠮᠵᠢ ᠪᠦᠷᠢᠨ ᠲᠥᠬᠦᠷ ᠪᠠᠶᠢᠵᠤ᠂ ᠦᠢᠯᠡᠴᠢᠯᠡᠭᠡᠨ ᠤ ᠴᠢᠳᠠᠪᠬᠢ ᠲᠡᠭᠦᠯᠳᠡᠷ ᠪᠣᠯᠵᠤ | ᠂ ᠺᠣᠮᠫᠢᠦ᠋ᠲ᠋ᠧᠷ᠂ ᠬᠤᠪᠢ ᠶᠢᠨ ᠮᠠᠰᠢᠨ ᠲᠡᠷᠭᠡ ᠡᠭᠡᠯ ᠠᠷᠠᠳ ᠤᠨ ᠭᠡᠷ ᠲᠤ ᠣᠷᠣᠵᠤ᠂ ᠬᠤᠲᠠ ᠬᠥᠳᠡᠭᠡ ᠶᠢᠨ | ᠰᠠᠭᠤᠭᠠᠯᠢ ᠠᠷᠠᠳ ᠤᠨ ᠠᠮᠢᠳᠤᠷᠠᠯ ᠴᠢᠨᠡᠭᠡᠯᠢᠭᠵᠢᠪᠡ᠃ | |