ᠮᠤᠩᠭᠤᠯᠴᠤᠳ ᠪᠤᠰᠤᠭ᠎ᠠ ᠪᠢᠴᠢᠭ ᠲᠡᠭᠡᠨ ᠵᠤᠬᠢᠴᠠᠭᠤᠯᠵᠤ ᠦᠵᠦᠭ ᠭᠡᠷᠡᠭᠯᠡᠵᠤ ᠪᠠᠶᠢᠭᠰᠨᠨ ᠭᠡᠳᠡᠭ ᠢ ᠶᠠᠭᠤᠨ ᠤ | ᠡᠮᠤᠨ᠎ᠡ ᠲᠡᠭᠷᠢ ᠰᠢᠳᠤᠯᠭᠡ ᠶᠢᠨ ᠦᠵᠡᠯ ᠠᠴᠠ ᠪᠤᠢ ᠪᠤᠯᠤᠭᠰᠠᠨ ᠪᠤᠰᠤᠭ᠎ᠠ ᠲᠡᠩᠭᠡᠯᠢᠭ ᠤᠨ ᠴᠤᠭᠴᠠᠳᠤ | ᠰᠡᠳᠬᠢᠬᠦᠢ ᠠᠴᠠ ᠨᠢ ᠲᠠᠨᠢᠨ ᠮᠡᠳᠡᠷᠠᠵᠤ ᠪᠤᠯᠤᠨ᠎ᠠ᠃ ᠮᠤᠩᠭᠤᠯ ᠦᠰᠦᠭ ᠪᠤᠯ ᠠᠮᠢ ᠲᠠᠢ ᠪᠤᠰᠤᠭ᠎ᠠ ᠴᠤᠭᠴᠨ ᠶᠤᠮ᠃ | ᠲᠢᠳᠢᠮ᠂ ᠲᠤᠯᠤᠭᠠᠢ᠂ ᠰᠢᠳᠤ᠂ ᠨᠢᠷᠤᠭᠤ᠂ ᠭᠡᠳᠡᠰᠤ᠂ ᠰᠢᠯᠪᠢ᠂ ᠰᠡᠬᠦᠯ ᠭᠡᠮᠡᠨ ᠠᠮᠢ ᠲᠠᠢ ᠡᠷᠭᠡᠳᠡᠨ ᠢᠶᠠᠷ ᠨᠡᠷᠡᠯᠡᠬᠦ | ᠪᠠ ᠲᠡᠭᠡᠷ᠎ᠡ ᠠᠴᠠ ᠲᠤᠷᠤᠭᠰᠢ ᠭᠤᠯᠳᠤ ᠪᠠᠷ ᠪᠢᠴᠢᠵᠤ ᠲᠡᠭᠷᠢ ᠭᠠᠵᠠᠷ ᠬᠦᠮᠤᠨ ᠠᠮᠢᠳᠠᠨ ᠤ ᠨᠢᠭᠡᠳᠤᠯ ᠢ ᠲᠤᠳᠤᠷᠬᠠᠢ | ᠢᠯᠡᠷᠭᠡᠶᠢᠯᠠᠵᠤ ᠪᠠᠶᠢᠳᠠᠭ᠃ ᠵᠦᠪᠭᠡᠨ ︽ᠬᠠᠨ︾ ᠭᠡᠳᠡᠭ ᠦᠭᠡ ᠶᠢᠨ ᠡᠷᠳᠡᠨ ᠤ ᠪᠢᠴᠢᠯᠭᠡ ᠪᠠᠷ ᠦᠵᠡᠪᠡᠯ᠂ | ᠲᠡᠭᠷᠢ ᠠᠴᠠ ᠤᠯᠪᠠᠭ᠎ᠠ ᠲᠠᠢ ᠡᠨᠡ ᠦᠰᠦᠭ ᠲᠡᠬᠦᠨ ᠤ ︽ᠨ︾ ᠭᠡᠰᠡᠨ ᠵᠢᠷᠤᠯᠭᠠᠳᠤ ᠰᠡᠬᠦᠯ ᠢᠶᠠᠷ ᠢᠶᠠᠨ ᠲᠤᠯᠭᠠᠭᠤᠷᠢ | ᠪᠤᠯᠭᠠᠵᠤ ᠲᠡᠭᠷᠢ ᠶᠢᠨ ᠪᠤᠱᠤᠭ ᠭᠠᠵᠠᠷ ᠤᠨ ᠡᠰᠢ ᠶᠢ ᠬᠤᠯᠪᠤᠵᠤ ᠪᠠᠶᠢᠬᠤ ᠪᠠᠷ ᠪᠡᠯᠭᠡᠳᠡᠵᠠᠢ᠃ ᠡᠷᠳᠡᠨ ᠤ ᠮᠤᠩᠭᠤᠯ | ᠦᠰᠦᠭ ᠤᠨ ᠤᠷᠤᠭᠰᠢ ᠬᠤᠶᠢᠰᠢ ᠪᠢᠴᠢᠭᠳᠡᠬᠦ ᠰᠠᠬᠦᠯ ᠢ ᠴᠦᠮ ᠵᠤᠬᠢᠬᠤ ᠭᠡᠮᠵᠢᠶ᠎ᠡ ᠪᠠᠷ ᠲᠤᠷᠤᠭᠰᠢ ᠰᠤᠩᠭᠠᠨ | ᠲᠠᠳᠠᠨ᠎ᠠ᠃ ᠡᠨᠡ ᠢᠯᠡᠷᠭᠡᠶᠢᠯᠡᠯ ᠢ ᠵᠠᠪᠠᠯ ᠬᠠᠳᠠᠭᠤ ᠮᠠᠲ᠋ᠧᠷᠢᠶᠠᠯ ᠢᠶᠠᠷ ᠬᠢᠭᠰᠡᠨ ᠦᠵᠦᠭ ᠢᠶᠠᠷ ᠪᠢᠴᠢᠵᠤ | ᠪᠡᠶᠡᠯᠡᠭᠳᠡᠬᠦᠯᠬᠦ ᠶᠢ ᠱᠠᠭᠠᠷᠳᠠᠬᠤ ᠠᠵᠢ᠃ ᠲᠠᠷᠠᠭ᠎ᠠ ᠨᠢ᠂ ᠠᠪᠢᠶᠠᠨ ᠤ ᠲᠡᠮᠳᠡᠭ ᠤᠨ ᠤᠨᠴᠠᠭᠠᠢ ᠰᠤᠩᠭᠤᠯᠳᠠ ᠠᠴᠠ | ᠭᠠᠳᠠᠨ᠎ᠠ ᠪᠢᠴᠢᠯᠭᠡ ᠶᠢᠨ ᠭᠡᠯᠪᠡᠷᠢ ᠨᠢ ᠴᠦ ᠤᠳᠤ ᠶᠢᠨ ᠪᠢᠴᠢᠯᠭᠡ ᠠᠴᠠ ᠦᠭᠡᠷ᠎ᠡ ᠦᠨᠳᠤᠰᠤᠨ ᠲᠤᠭᠳᠠᠯᠴᠠᠭ᠎ᠠ ᠲᠠᠢ | ᠪᠠᠶᠢᠳᠠᠭ ᠨᠢ ᠦᠵᠦᠭ ᠲᠠᠢ ᠰᠢᠭᠤᠳ ᠬᠤᠯᠪᠤᠭᠳᠠᠯᠳᠠᠢ ᠠᠴᠠ ᠪᠤᠯᠵᠠᠢ᠃ ᠵᠢᠱᠢᠶᠡᠯᠡᠪᠠᠯ᠂ ︽ᠠ᠂ ᠪᠠ᠂ ᠬᠠ᠂ ᠭᠡ᠂ | ᠯᠠ᠂ ᠮᠠ᠂ ᠳ᠋ᠠ᠂ ᠵᠠ᠂ ᠢ᠂ ᠤ᠂ ᠠ᠂ ᠪ︾ ᠮᠡᠳᠤ ᠶᠢᠨ ᠦᠰᠦᠭᠯᠡᠪᠤᠷᠢ ᠶᠢ ᠪᠢᠴᠢᠬᠦ ᠠᠷᠭ᠎ᠠ ᠳᠤ ᠠᠴᠤᠭ ᠪᠤᠯ | ᠦᠨᠳᠤᠰᠤᠨ ᠳᠡᠭᠡᠨ ᠭᠡᠪᠳᠡᠭᠡ ᠴᠢᠭᠯᠡᠯ ᠳᠤ ᠪᠢᠴᠢᠭᠳᠡᠳᠡᠭ᠂ ︽ᠮᠠ᠂ ᠯᠠ︾ ᠶᠢᠨ ᠭᠡᠵᠢᠭᠡ ᠡᠪᠡᠷ ᠨᠢ ᠴᠦ ᠲᠡᠭᠰᠢ | ᠦᠨᠴᠦᠭ ᠲᠠᠢ᠂ ᠤᠨᠴᠠᠭᠠᠶᠢᠯᠠᠨ ︽ ᠶᠢᠨ︾ ᠢ ᠪᠢᠴᠢᠬᠦ ᠳᠤ ᠤᠷᠳᠤ ᠰᠢᠯᠪᠢ ᠶᠢ ᠤᠳᠤ ᠶᠢᠨ ᠮᠡᠳᠤ ᠵᠡᠬᠦᠨ ᠤᠷᠤᠭᠰᠢ | ᠭᠤᠯᠭᠤᠭᠤᠯᠬᠤ ᠪᠢᠰᠢ᠂ ᠬᠠᠷᠢᠨ ᠵᠡᠬᠦᠨ ᠲᠠᠰᠢᠭᠤ ᠠᠴᠠ ᠪᠠᠷᠠᠭᠤᠨᠰᠢ ᠦᠭᠡᠳᠡᠯᠡᠬᠦᠯᠦᠨ ᠨᠢᠷᠤᠭᠤ ᠬᠦᠷᠭᠡᠭᠡᠳ᠂ ᠰᠡᠬᠦᠯ | ︵ᠤᠷᠬᠢᠴᠨ ᠶᠢ︶ ᠢ ᠨᠢ ᠴᠦ ᠠᠷᠤ ᠵᠦᠭ ᠤᠷᠬᠢᠬᠤ ᠶᠢ ᠴᠢᠬᠤᠯᠠᠴᠢᠯᠠᠬᠤ ᠪᠢᠰᠢ᠂ ᠬᠠᠷᠢᠨ ᠲᠤᠰ ᠪᠦᠷᠢ ᠲᠤᠷᠤᠭᠰᠢ | ᠲᠠᠳᠠᠵᠤ ᠭᠠᠷᠭᠠᠳᠠᠭ ᠤᠨᠴᠠᠯᠢᠭ ᠲᠠᠢ ᠪᠠᠶᠢᠨ᠎ᠠ᠃ ᠡᠨᠡ ᠨᠢ ᠠᠶᠠᠨᠳᠠᠭᠠᠨ ᠦᠵᠦᠭ ᠤᠨ ᠪᠢᠴᠢᠯᠭᠡ ᠳᠤ ᠲᠤᠬᠢᠷᠠᠵᠤ | ᠪᠠᠶᠢᠨ᠎ᠠ᠃ |