ᠵᠠᠰᠠᠯ ᠴᠢᠮᠡᠭᠯᠡᠯ ᠪᠣᠯ ᠨᠢᠭᠡ ᠦᠨᠳᠦᠰᠦᠲᠡᠨ ᠤ ᠣᠨᠴᠠᠯᠢᠭ᠂ ᠵᠠᠩ ᠳᠠᠳᠬᠠᠯ᠂ ᠶᠣᠰᠣ ᠰᠤᠷᠲᠠᠬᠤᠨ᠂ ᠡᠷᠡᠭᠦᠯ | ᠬᠠᠮᠠᠭᠠᠯᠠᠯ ᠤᠨ ᠲᠤᠰᠬᠠᠯ ᠶᠤᠮ᠃ ᠮᠣᠩᠭᠤᠯᠴᠤᠳ ᠤᠨ ᠵᠠᠰᠠᠯ ᠴᠢᠮᠡᠭᠯᠡᠯ ᠨᠢ ᠥᠪᠡᠷᠮᠢᠴᠡ ᠣᠨᠴᠠᠯᠢᠭ ᠲᠠᠢ᠂ | ᠮᠣᠩᠭᠤᠯ ᠠᠨᠠᠭᠠᠬᠤ ᠤᠬᠠᠭᠠᠨ ᠤ ᠵᠠᠰᠠᠯᠭ᠎ᠠ ᠠᠴᠠ ᠤᠯᠠᠷᠢᠨ ᠬᠤᠪᠢᠷᠠᠵᠤ ᠢᠷᠡᠭᠰᠡᠨ ᠤᠯᠠ ᠮᠥᠷ ᠲᠠᠢ᠃ ᠮᠥᠩᠭᠦᠨ | ᠠᠶᠠᠭ᠎ᠠ᠄ ᠨᠢᠭᠡ ᠠᠶᠠᠭ᠎ᠠ ᠶᠢ ᠣᠯᠠᠨ ᠬᠥᠮᠦᠨ ᠬᠡᠷᠡᠭᠯᠡᠪᠡᠯ ᠡᠪᠡᠳᠴᠢᠨ ᠪᠠᠺᠲ᠋ᠧᠷᠢ ᠠᠶᠠᠭ᠎ᠠ ᠪᠠᠷ ᠳᠠᠮᠵᠢᠵᠤ | ᠬᠠᠯᠳᠠᠪᠤᠷᠢᠯᠠᠬᠤ ᠶᠣᠰᠣ ᠶᠢ ᠮᠣᠩᠭᠤᠯᠴᠤᠳ ᠠᠯᠢ ᠡᠷᠲᠡ ᠠᠴᠠ ᠣᠯᠵᠤ ᠮᠡᠳᠡᠭᠰᠡᠨ ᠤᠴᠢᠷ ᠠᠴᠠ ᠥᠪᠡᠷ ᠢᠶᠠᠨ | ᠠᠶᠠᠭ᠎ᠠ ᠰᠠᠪᠬ᠎ᠠ ᠪᠠᠨ ᠠᠪᠴᠤ ᠶᠠᠪᠤᠭᠠᠳ ᠬᠡᠷᠡᠭᠯᠡᠳᠡᠭ ᠵᠠᠩᠰᠢᠯ ᠲᠠᠢ ᠶᠤᠮ᠃ ᠢᠯᠠᠩᠭᠤᠶ᠎ᠠ ᠮᠥᠩᠭᠦᠨ ᠠᠶᠠᠭ᠎ᠠ ᠨᠢ | ᠵᠠᠰᠠᠯ ᠴᠢᠮᠡᠭᠯᠡᠯ ᠪᠣᠯᠳᠠᠭ ᠪᠥᠭᠡᠳ ᠪᠤᠵᠠᠷ ᠢ ᠰᠡᠷᠭᠡᠶᠢᠯᠡᠭᠴᠢ ᠪᠡᠶ᠎ᠡ ᠶᠢᠨ ᠬᠠᠨᠢ᠂ ᠪᠤᠶᠠᠨ ᠢ ᠡᠳ᠋ᠯᠡᠭᠴᠢ ᠨᠠᠰᠤᠨ ᠤ | ᠬᠡᠷᠡᠭᠰᠡᠯ ᠶᠤᠮ᠃ ᠮᠥᠩᠭᠦ ᠪᠣᠯ ᠬᠠᠯᠠᠭᠤᠨ ᠢ ᠲᠦᠷᠭᠡᠨ ᠳᠠᠮᠵᠢᠭᠤᠯᠬᠤ ᠨᠢᠭᠡ ᠵᠦᠢᠯ ᠤᠨ ᠲᠡᠮᠦᠷᠯᠢᠭ ᠪᠣᠯᠬᠤ ᠶᠤᠮ᠃ | ᠮᠥᠩᠭᠦᠨ ᠠᠶᠠᠭᠠᠨ ᠳᠤ ᠦᠷᠭᠦᠯᠵᠢ ᠴᠠᠢ ᠤᠰᠤ ᠤᠤᠭᠤᠪᠠᠯ ᠤᠷᠤᠭᠤᠯ ᠤᠨ ᠡᠪᠡᠳᠴᠢᠨ ᠳᠤ ᠨᠡᠷᠪᠡᠭᠳᠡᠬᠦ ᠶᠢ | ᠰᠡᠷᠭᠡᠶᠢᠯᠡᠨ᠎ᠡ᠃ | |