ᠥᠪᠥᠷ ᠮᠣᠩᠭᠤᠯ ᠤᠨ ᠪᠣᠷᠣᠳᠣᠬᠤᠢ ᠶᠢᠨ ᠤᠰᠤᠯᠠᠯᠲᠠ ᠶᠢᠨ ᠣᠷᠣᠨ ᠪᠣᠯ ᠬᠥᠷᠥᠰᠥ ᠰᠢᠷᠣᠢ ᠨᠢ ᠥᠩ | ᠰᠢᠮᠡᠯᠢᠭ ᠪᠥᠭᠡᠳ ᠥᠷᠭᠡᠨ ᠠᠭᠤᠳᠠᠮ ᠭᠠᠵᠠᠷ ᠣᠷᠣᠨ ᠪᠣᠯᠬᠤᠷ ᠲᠦᠮᠡᠨ ᠪᠣᠳᠠᠰ ᠬᠥᠭᠵᠢᠭᠦᠨ ᠪᠠᠳᠠᠷᠠᠭᠤᠨ ᠡᠰᠡᠨᠢᠨ | ᠲᠥᠯᠵᠢᠵᠦ᠂ ᠬᠥᠨᠳᠡᠯᠡᠨ ᠭᠤᠯᠳᠤ ᠰᠦᠯᠵᠢᠯᠳᠦᠭᠰᠡᠨ ᠤᠰᠤᠯᠠᠯᠲᠠ ᠶᠢᠨ ᠰᠤᠪᠠᠭ ᠶᠠᠭ ᠠᠯᠲᠠᠨ ᠰᠢᠷᠭᠠᠯ ᠲᠣᠷᠭᠠᠨ | ᠪᠦᠰᠡ ᠮᠡᠲᠦ ᠬᠠᠲᠤᠨ ᠭᠤᠣᠯ ᠤᠨ ᠤᠰᠤ ᠶᠢ ᠵᠠᠯᠠᠵᠤ᠂ ᠪᠣᠷᠣᠳᠣᠬᠤᠢ ᠣᠷᠣᠨ ᠤ ᠡᠬᠡ ᠭᠠᠵᠠᠷ ᠢ ᠤᠮᠳᠠᠯᠠᠵᠤ | ᠰᠢᠮᠡᠵᠢᠭᠦᠯᠵᠦ ᠪᠠᠶᠢᠳᠠᠭ᠃ | ᠨᠠᠮ ᠤᠨ ᠲᠥᠪ ᠬᠤᠷᠢᠶ᠎ᠠ ᠶᠢᠨ ᠶᠡᠷᠦᠩᠬᠡᠢ ᠱᠦᠵᠢ᠂ ᠤᠯᠤᠰ ᠤᠨ ᠲᠡᠷᠢᠭᠦᠯᠡᠭᠴᠢ᠂ ᠲᠥᠪ ᠤᠨ ᠴᠡᠷᠢᠭ ᠤᠨ | ᠶᠠᠪᠤᠳᠠᠯ ᠤᠨ ᠬᠤᠷᠢᠶ᠎ᠠ ᠶᠢᠨ ᠲᠡᠷᠢᠭᠦᠯᠡᠭᠴᠢ ᠰᠢ ᠶᠢᠨ ᠫᠢᠩ ᠥᠪᠥᠷ ᠮᠣᠩᠭᠤᠯ ᠳᠤ ᠰᠢᠨᠵᠢᠯᠡᠨ ᠪᠠᠶᠢᠴᠠᠭᠠᠬᠤ ᠳᠠᠭᠠᠨ᠂ | ᠤᠯᠠᠭᠠᠨᠰᠤᠬᠠᠢ ᠶᠢᠨ ᠰᠠᠪᠠ ᠭᠠᠵᠠᠷ ᠢ ᠰᠠᠶᠢᠲᠤᠷ ᠵᠠᠰᠠᠬᠤ ᠨᠢ ᠮᠠᠨ ᠤ ᠤᠯᠤᠰ ᠤᠨ ᠤᠮᠠᠷᠠᠲᠤ ᠶᠢᠨ ᠠᠮᠢ ᠠᠬᠤᠢ ᠶᠢᠨ | ᠠᠮᠤᠷ ᠲᠦᠪᠰᠢᠨ ᠢ ᠪᠠᠲᠤᠯᠠᠬᠤ ᠳᠤ ᠲᠦᠢᠯ ᠤᠨ ᠴᠢᠬᠤᠯᠠ ᠠᠴᠢ ᠬᠤᠯᠪᠣᠭᠳᠠᠯ ᠲᠠᠢ ᠭᠡᠵᠦ ᠤᠯᠠᠭᠠᠨᠰᠤᠬᠠᠢ ᠶᠢ | ᠵᠠᠰᠠᠵᠤ ᠬᠠᠮᠠᠭᠠᠯᠠᠬᠤ ᠴᠢᠭᠯᠡᠯ ᠨᠢ ᠲᠣᠳᠣᠷᠬᠠᠢ ᠶᠤᠮ᠂ ᠰᠡᠳᠬᠢᠯ ᠲᠠᠯᠪᠢᠨ ᠵᠠᠰᠠᠵᠤ᠂ ᠨᠠᠷᠢᠨ ᠨᠢᠮᠪᠠᠢ ᠬᠠᠮᠠᠭᠠᠯᠠᠵᠤ᠂ | ᠥᠨᠢ ᠤᠳᠠᠭᠠᠨ ᠲᠤᠭᠤᠰᠢᠲᠠᠢ ᠠᠵᠢᠯᠯᠠᠵᠤ᠂ ᠡᠨᠡ ᠬᠦ ︽ᠪᠣᠭᠤᠮᠲᠠ ᠶᠢᠨ ᠭᠠᠳᠠᠨᠠᠬᠢ ᠬᠡᠷᠡᠯᠳᠦ ᠰᠤᠪᠤᠳ︾ ᠢ | ᠰᠠᠶᠢᠲᠤᠷ ᠰᠠᠬᠢᠨ ᠬᠠᠮᠠᠭᠠᠯᠠᠵᠤ᠂ ᠦᠷ᠎ᠡ ᠬᠤᠶᠢᠴᠢᠰ ᠲᠠᠭᠠᠨ ᠬᠥᠬᠡᠮᠳᠦᠭ ᠠᠭᠤᠯᠠ ᠲᠤᠩᠭᠠᠯᠠᠭ ᠤᠰᠤ ᠴᠡᠩᠭᠡᠭ | ᠠᠭᠠᠷ ᠲᠠᠢ ᠰᠢᠨ᠎ᠡ ᠦᠵᠡᠰᠬᠦᠯᠡᠩᠲᠦ ᠰᠠᠶᠢᠬᠠᠨ ᠭᠡᠷ ᠣᠷᠣᠨ ᠢ ᠦᠯᠡᠳᠡᠭᠡᠵᠦ ᠥᠭᠬᠦ ᠬᠡᠷᠡᠭᠲᠡᠢ ᠭᠡᠵᠦ ᠴᠢᠬᠤᠯᠠᠴᠢᠯᠠᠵᠠᠢ | ᠃ | ᠬᠠᠲᠤᠨ ᠭᠤᠣᠯ ᠤᠨ ᠭᠤᠣᠯ ᠨᠠᠭᠤᠷ ᠨᠢ ᠵᠠᠯᠭᠠᠯᠳᠤᠭᠠᠳ᠂ ᠵᠡᠭᠦᠨ ᠵᠦᠭ ᠢ ᠵᠣᠷᠢᠨ ᠤᠷᠤᠰᠴᠤ᠂ ᠥᠨᠢᠷ | ᠪᠠᠶᠠᠯᠢᠭ ᠪᠣᠷᠣᠳᠣᠬᠤᠢ ᠶᠢᠨ ᠲᠠᠯ᠎ᠠ ᠭᠠᠵᠠᠷ ᠢ ᠪᠦᠲᠦᠭᠡᠭᠰᠡᠨ ᠪᠠᠶᠢᠳᠠᠭ᠃ ︽ᠶᠡᠭᠡ ᠲᠣᠬᠤᠢ︾ ᠶᠢᠨ ᠬᠠᠮᠤᠭ ᠤᠨ | ᠳᠡᠭᠡᠷ᠎ᠡ ᠬᠡᠰᠡᠭ ᠲᠤ ᠲᠠᠯ᠎ᠠ ᠨᠤᠲᠤᠭ᠂ ᠡᠯᠡᠰᠦᠨ ᠴᠥᠯ ᠬᠢᠭᠡᠳ ᠭᠤᠣᠯ ᠮᠥᠷᠡᠨ ᠤᠴᠠᠷᠠᠨ ᠵᠣᠯᠭᠠᠵᠤ᠂ ᠲᠠᠯ᠎ᠠ | ᠨᠤᠲᠤᠭ ᠤᠨ ᠪᠣᠯᠪᠠᠰᠤᠨ ᠬᠢᠭᠡᠳ ᠲᠠᠷᠢᠶᠠᠯᠠᠩ ᠤᠨ ᠪᠣᠯᠪᠠᠰᠤᠨ ᠠᠳᠡ ᠠᠭᠤᠯᠵᠠᠭᠰᠠᠨ ᠪᠠᠶᠢᠳᠠᠭ᠃ ᠵᠣᠭᠰᠣᠰᠢ ᠦᠭᠡᠢ | ᠳᠠᠪᠠᠯᠭᠠᠯᠠᠨ ᠤᠷᠤᠰᠬᠤ ᠬᠠᠲᠤᠨ ᠭᠤᠣᠯ ᠰᠦᠷ ᠳᠠᠯᠠᠶᠢᠴᠠᠲᠠᠢ ᠠᠶᠢᠵᠠᠮ ᠢᠶᠠᠷ ᠢᠶᠠᠨ ᠪᠣᠷᠣᠳᠣᠬᠤᠢ ᠣᠷᠣᠨ ᠤ | ᠤᠰᠤ ᠶᠢ ᠲᠦᠰᠢᠨ ᠪᠤᠢ ᠪᠣᠯᠵᠤ᠂ ᠤᠰᠤ ᠶᠢ ᠲᠦᠰᠢᠨ ᠬᠥᠭᠵᠢᠭᠰᠡᠨ ᠭᠡᠷᠡᠯ ᠰᠠᠴᠤᠷᠠᠩᠭᠤᠢ ᠲᠡᠦᠬᠡ ᠶᠢ ᠳᠡᠯᠭᠡᠨ | ᠦᠵᠡᠭᠦᠯᠦᠭᠰᠡᠨ ᠪᠠᠶᠢᠨ᠎ᠠ᠃ | | | | ︽ᠪᠣᠭᠤᠮᠲᠠ ᠶᠢᠨ ᠭᠠᠳᠠᠨᠠᠬᠢ ᠬᠡᠷᠡᠯᠳᠦ ᠰᠤᠪᠤᠳ︾ ᠤᠯᠠᠭᠠᠨᠰᠤᠬᠠᠢ | ᠾᠧ ᠫᠢᠩ ᠰᠡᠭᠦᠳᠡᠷᠯᠡᠪᠡ | ᠬᠠᠳᠤᠨ ᠭᠤᠣᠯ ᠤᠨ ᠬᠠᠭᠤᠴᠢᠨ ᠵᠠᠮ᠄ ᠶᠡᠭᠡ ᠭᠤᠣᠯ ᠤᠨ ᠪᠦᠲᠦᠭᠡᠭᠰᠡᠨ ᠨᠠᠭᠤᠷ ᠪᠦᠷᠢᠳᠦ ᠨᠤᠭᠤ ᠭᠠᠵᠠᠷ | ᠡᠷᠲᠡᠨ ᠠᠴᠠ ᠠᠪᠤᠭᠠᠳ ᠬᠠᠳᠤᠨ ᠭᠤᠣᠯ ︽ᠪᠥᠭᠯᠡᠷᠡᠬᠦ ᠳᠤ ᠠᠮᠠᠷ᠂ ᠰᠡᠲᠡᠷᠡᠭᠦ ᠳᠤ ᠠᠮᠠᠷ᠂ ᠵᠠᠮ ᠢᠶᠠᠨ | ᠥᠭᠡᠷᠡᠴᠢᠯᠡᠬᠦ ᠳᠤ ᠠᠮᠠᠷ︾ ᠪᠠᠶᠢᠳᠠᠭ᠃ ᠳᠣᠣᠷᠠᠳᠤ ᠤᠷᠤᠰᠬᠠᠯ ᠨᠢ ᠰᠡᠳᠡᠷᠡᠭᠰᠡᠨ ᠠᠴᠠ ᠪᠣᠯᠵᠤ ᠭᠤᠣᠯ | ᠤᠷᠤᠰᠬᠠᠯ ᠨᠢ ᠵᠠᠮ ᠢᠶᠠᠨ ᠥᠭᠡᠷᠡᠴᠢᠯᠡᠭᠡᠳ᠂ ᠨᠡᠯᠢᠶᠡᠳ ᠤᠷᠲᠤ ᠬᠤᠭᠤᠴᠠᠭᠠᠨ ᠳᠤ ᠬᠠᠭᠤᠴᠢᠨ ᠵᠠᠮ ᠢᠶᠠᠨ | ᠬᠠᠶᠠᠭᠠᠳ᠂ ᠰᠢᠨ᠎ᠡ ᠵᠠᠮ ᠢᠶᠠᠷ ᠤᠷᠤᠰᠬᠤ ᠪᠣᠯᠪᠠ᠃ ᠲᠡᠦᠬᠡᠨ ᠳᠡᠭᠡᠷ᠎ᠡ ᠬᠠᠲᠤᠨ ᠭᠤᠣᠯ ᠳᠣᠣᠷᠠᠳᠤ ᠤᠷᠤᠰᠬᠠᠯ᠂ | ᠬᠤᠸᠠᠶᠢᠾᠧ ᠭᠤᠣᠯ᠂ ᠬᠠᠶᠢᠾᠧ ᠭᠤᠣᠯ ᠤᠨ ᠲᠠᠯ᠎ᠠ ᠭᠠᠵᠠᠷ ᠲᠤ ᠣᠯᠠᠨᠲᠠ ᠵᠠᠮ ᠢᠶᠠᠨ ᠥᠭᠡᠷᠡᠴᠢᠯᠡᠭᠰᠡᠨ ᠮᠥᠷᠲᠡᠭᠡᠨ | ᠳᠡᠭᠡᠳᠦ ᠤᠷᠤᠰᠬᠠᠯ ᠤᠨ ᠢᠷᠭᠠᠢ ᠶᠢᠨ ᠲᠠᠯ᠎ᠠ ᠭᠠᠵᠠᠷ ᠪᠣᠯᠣᠨ ᠥᠪᠥᠷ ᠮᠣᠩᠭᠤᠯ ᠤᠨ ᠪᠣᠷᠣᠳᠣᠬᠤᠢ ᠶᠢᠨ ᠲᠠᠯ᠎ᠠ | ᠭᠠᠵᠠᠷ᠂ ᠳᠤᠮᠳᠠᠳᠤ ᠤᠷᠤᠰᠬᠠᠯ ᠤᠨ ᠢᠦᠢ ᠮᠧᠨ ᠺᠧᠦ ᠠᠴᠠ ᠲᠦᠩ ᠭᠤᠸᠠᠨ ᠬᠦᠷᠲᠡᠯᠡᠬᠢ ᠭᠤᠣᠯ ᠤᠨ ᠬᠡᠰᠡᠭ ᠨᠢ | ᠴᠦ ᠣᠯᠠᠨᠲᠠ ᠵᠠᠮ ᠢᠶᠠᠨ ᠥᠭᠡᠷᠡᠴᠢᠯᠡᠭᠰᠡᠨ ᠪᠠᠶᠢᠳᠠᠭ᠃ | ︽ᠬᠠᠲᠤᠨ ᠭᠤᠣᠯ ᠤᠨ ᠣᠶᠢᠯᠠᠯᠭ᠎ᠠ︾ ᠶᠢᠨ ᠪᠦᠷᠢᠳᠬᠡᠯ ᠢ ᠦᠨᠳᠦᠰᠦᠯᠡᠪᠡᠯ᠂ ᠲᠡᠦᠬᠡᠨ ᠳᠡᠭᠡᠷ᠎ᠡ ᠬᠠᠲᠤᠨ | ᠭᠤᠣᠯ ᠣᠯᠠᠨᠲᠠ ᠵᠠᠮ ᠢᠶᠠᠨ ᠥᠭᠡᠷᠡᠴᠢᠯᠡᠵᠡᠢ᠃ ᠡᠭᠦᠨ ᠳᠤ ᠬᠠᠲᠤᠨ ᠭᠤᠣᠯ ᠤᠨ ᠰᠠᠪᠠ ᠭᠠᠵᠠᠷ ᠤᠨ ᠥᠪᠥᠷ | ᠮᠣᠩᠭᠤᠯ ᠳᠠᠬᠢ ᠬᠠᠮᠤᠭ ᠤᠨ ᠲᠣᠮᠣ ᠨᠤᠭᠤ ᠭᠠᠵᠠᠷ ᠪᠤᠯᠬᠤ ᠤᠯᠠᠭᠠᠰᠤᠬᠠᠢ ᠪᠣᠯ ᠬᠠᠲᠤᠨ ᠭᠤᠣᠯ ᠤᠨ ᠬᠤᠶᠠᠷ | ᠤᠳᠠᠭ᠎ᠠ ᠵᠠᠮ ᠢᠶᠠᠨ ᠥᠭᠡᠷᠡᠴᠢᠯᠡᠭᠰᠡᠨ ᠠᠴᠠ ᠪᠦᠲᠦᠭᠰᠡᠨ ᠪᠠᠶᠢᠳᠠᠭ᠃ | ᠤᠯᠠᠭᠠᠨᠰᠤᠬᠠᠢ ᠤᠤᠯ ᠨᠢ ᠬᠠᠲᠤᠨ ᠭᠤᠣᠯ ᠤᠨ ᠬᠠᠭᠤᠴᠢᠨ ᠵᠠᠮ ᠪᠠᠶᠢᠪᠠ᠃ ᠪᠢᠴᠢᠭ ᠮᠠᠲ᠋ᠧᠷᠢᠶᠠᠯ ᠳᠤ | ᠲᠡᠮᠳᠡᠭᠯᠡᠭᠰᠡᠨ ᠢ ᠦᠨᠳᠦᠰᠦᠯᠡᠪᠡᠯ᠂ ᠡᠷᠲᠡᠨ ᠤ ᠦᠶ᠎ᠡ ᠶᠢᠨ ᠬᠠᠲᠤᠨ ᠭᠤᠣᠯ ᠤᠳᠤ ᠶᠢᠨ ᠬᠠᠲᠤᠨ ᠭᠤᠣᠯ ᠤᠨ | ᠬᠤᠶᠢᠲᠤ ᠲᠠᠯ᠎ᠠ ᠪᠠᠷ ᠨᠢ ᠤᠷᠤᠰᠴᠤ ᠪᠠᠶᠢᠵᠠᠢ᠂ ᠯᠠᠩᠱᠠᠨ ᠠᠭᠤᠯᠠ ᠶᠢᠨ ᠡᠮᠦᠨ᠎ᠡ ᠬᠤᠷᠮᠣᠢ ᠪᠠᠷ ᠤᠷᠤᠰᠴᠤ᠂ | ᠰᠡᠭᠦᠯᠡᠷ ᠨᠢ ᠠᠭᠤᠯᠠ ᠡᠷᠭᠦᠭᠳᠡᠨ᠂ ᠰᠢᠪᠠᠷ ᠰᠢᠷᠣᠢ ᠣᠪᠣᠭᠠᠷᠠᠭᠰᠠᠨ ᠠᠴᠠ ᠭᠤᠣᠯ ᠤᠨ ᠬᠡᠪᠡᠯᠢ ᠲᠠᠰᠤᠷᠠᠯᠲᠠ ᠦᠭᠡᠢ | ᠡᠷᠭᠦᠭᠳᠡᠭᠡᠳ᠂ ᠴᠢᠩ ᠤᠯᠤᠰ ᠤᠨ ᠲᠥᠷᠥ ᠬᠡᠷᠡᠯᠳᠦ ᠶᠢᠨ ᠭᠤᠴᠢᠳᠤᠭᠠᠷ ᠣᠨ ︵1850 ᠣᠨ︶ ᠳᠤ | ᠡᠴᠦᠰ ᠲᠡᠭᠡᠨ ᠬᠠᠲᠤᠨ ᠭᠤᠣᠯ ᠡᠮᠦᠨᠡᠰᠢ ᠰᠢᠯᠵᠢᠵᠦ᠂ ᠤᠳᠤ ᠶᠢᠨ ᠬᠠᠲᠤᠨ ᠭᠤᠣᠯ ᠪᠤᠢ ᠪᠣᠯᠵᠠᠢ᠂ ᠲᠡᠭᠡᠭᠡᠳ | ᠬᠠᠭᠤᠴᠢᠨ ᠭᠤᠣᠯ ᠤᠨ ᠵᠠᠮ ᠨᠢ ᠤᠤᠯ ᠤᠨ ᠤᠯᠠᠭᠠᠨᠰᠤᠬᠠᠢ ᠪᠣᠯᠤᠭᠰᠠᠨ ᠪᠠᠶᠢᠨ᠎ᠠ᠃ ᠲᠤᠬᠠᠢ ᠶᠢᠨ ᠦᠶ᠎ᠡ ᠳᠤ | ᠤᠯᠠᠭᠠᠨᠰᠤᠬᠠᠢ ᠶᠢᠨ ᠤᠰᠤᠨ ᠤ ᠲᠠᠯᠠᠪᠠᠢ ᠲᠡᠶᠢᠮᠦ ᠶᠡᠭᠡ ᠪᠢᠰᠢ᠂ ᠬᠤᠵᠢᠮ ᠨᠢ ᠪᠣᠷᠣᠳᠣᠬᠤᠢ ᠶᠢᠨ ᠲᠠᠷᠢᠶᠠᠯᠠᠩ ᠢ | ᠨᠡᠭᠡᠭᠡᠨ ᠬᠥᠭᠵᠢᠭᠦᠯᠦᠭᠰᠡᠨ ᠠᠴᠠ ᠤᠯᠠᠨ ᠰᠤᠪᠠᠭ ᠮᠠᠯᠲᠠᠨ ᠲᠠᠷᠢᠶ᠎ᠠ ᠤᠰᠤᠯᠠᠭᠠᠳ ᠤᠯᠠᠭᠠᠨᠰᠤᠬᠠᠢ ᠶᠢᠨ ᠤᠰᠤᠨ | ᠲᠦᠪᠰᠢᠨ ᠲᠠᠰᠤᠷᠠᠯᠲᠠ ᠦᠭᠡᠢ ᠳᠡᠭᠡᠭᠰᠢᠯᠡᠵᠡᠢ᠂ ᠤᠯᠠᠭᠠᠨᠰᠤᠬᠠᠢ ᠶᠢᠨ ᠤᠰᠤ ᠨᠢ ᠬᠠᠮᠤᠭ ᠤᠨ ᠠᠷᠪᠢᠨ ᠦᠶ᠎ᠡ ᠳᠤ | ᠲᠠᠯᠠᠪᠠᠢ ᠨᠢ 700 ᠭᠠᠷᠤᠢ ᠲᠡᠭᠰᠢ ᠳᠥᠷᠪᠡᠯᠵᠢᠨ ᠺᠢᠯᠣᠮᠧᠲᠷ ᠲᠤ ᠬᠦᠷᠴᠦ ᠪᠠᠶᠢᠪᠠ᠂ | ᠰᠡᠭᠦᠯᠡᠷ ᠨᠢ ᠤᠰᠤ ᠨᠢ ᠠᠭᠠᠵᠢᠮ ᠢᠶᠠᠷ ᠪᠠᠭᠠᠰᠤᠭᠠᠳ ᠲᠠᠯᠠᠪᠠᠢ ᠨᠢ ᠤᠳᠤ ᠶᠢᠨ 293 ᠲᠡᠭᠰᠢ ᠳᠥᠷᠪᠡᠯᠵᠢᠨ | ᠺᠢᠯᠣᠮᠧᠲᠷ ᠪᠣᠯᠵᠤ᠂ ᠬᠠᠲᠤᠨ ᠭᠤᠣᠯ ᠤᠨ ᠰᠠᠪᠠ ᠭᠠᠵᠠᠷ ᠤᠨ ᠬᠠᠮᠤᠭ ᠤᠨ ᠶᠡᠭᠡ ᠨᠠᠭᠤᠷ | ᠪᠦᠷᠢᠳᠦ ᠨᠤᠭᠤ ᠭᠠᠵᠠᠷ ᠪᠣᠯᠤᠭᠰᠠᠨ ᠪᠠᠶᠢᠨ᠎ᠠ᠃ | ᠬᠠᠳᠤᠨ ᠭᠤᠣᠯ ᠢ ᠡᠷᠲᠡᠨ ᠤ ᠦᠶ᠎ᠡ ᠳᠤ ᠭᠤᠣᠯ ᠤᠨ ᠤᠰᠤ ᠬᠡᠮᠡᠨ ᠨᠡᠷᠡᠯᠡᠵᠦ ᠪᠠᠶᠢᠵᠠᠢ᠂ ︽ᠤᠰᠤᠨ ᠤ | ᠵᠠᠮ ᠤᠨ ᠲᠠᠶᠢᠯᠪᠤᠷᠢ︾ ᠳᠤ ᠲᠡᠮᠳᠡᠭᠯᠡᠭᠰᠡᠨ ᠢ ᠦᠨᠳᠦᠰᠦᠯᠡᠪᠡᠯ᠂ ᠭᠤᠣᠯ ᠤᠨ ᠤᠰᠤ ᠲᠣᠬᠤᠢ ᠳᠤ ᠤᠷᠤᠰᠤᠨ | ᠣᠷᠣᠭᠠᠳ᠂ ᠡᠮᠦᠨᠡᠲᠦ ᠤᠮᠠᠷᠠᠲᠤ ᠤᠷᠤᠰᠬᠠᠯ ᠭᠡᠵᠦ ᠬᠤᠪᠢᠶᠠᠭᠳᠠᠵᠠᠢ᠂ ᠲᠡᠦᠬᠡᠨ ᠳᠡᠭᠡᠷ᠎ᠡ ︽ᠡᠮᠦᠨᠡᠲᠦ ᠭᠤᠣᠯ︾᠂ | ︽ᠤᠮᠠᠷᠠᠲᠤ ᠭᠤᠣᠯ︾ ᠭᠡᠳᠡᠭ᠃ ᠡᠮᠦᠨᠡᠲᠦ ᠭᠤᠣᠯ ᠨᠢ ᠰᠠᠯᠪᠤᠷᠢ ᠤᠷᠤᠰᠬᠠᠯ ︵ᠤᠳᠤ ᠶᠢᠨ ᠤᠷᠤᠰᠬᠠᠯ︶ ᠪᠣᠯᠣᠨ᠎ᠠ | ᠂ ᠤᠳᠤ ᠶᠢᠨ ᠳ᠋ᠧᠩᠺᠸᠤ ᠰᠢᠶᠠᠨ ᠤ ᠬᠠᠲᠠᠨᠳᠤᠬᠠᠢ ᠣᠢ ᠰᠢᠭᠤᠢ ᠶᠢᠨ ᠲᠠᠯᠠᠪᠠᠢ ᠶᠢᠨ ᠤᠮᠠᠷᠠᠲᠤ ᠬᠡᠰᠡᠭ ᠣᠷᠴᠢᠮ ᠤᠨ | ᠬᠠᠲᠤᠨ ᠭᠤᠣᠯ ᠤᠷᠤᠰᠬᠠᠯ ᠬᠤᠪᠢᠶᠠᠭᠳᠠᠭᠰᠠᠨ ᠤ ᠳᠠᠷᠠᠭ᠎ᠠ ᠵᠡᠭᠦᠨᠰᠢ ᠤᠷᠤᠰᠴᠠᠢ᠃ ᠤᠮᠠᠷᠠᠲᠤ ᠭᠤᠣᠯ ᠨᠢ ᠭᠤᠣᠯ | ᠤᠷᠤᠰᠬᠠᠯ ᠪᠠᠶᠢᠵᠤ᠂ ᠡᠮᠦᠨᠡᠲᠦ ᠭᠤᠣᠯ ᠠᠴᠠ ᠰᠠᠯᠵᠤ ᠤᠷᠤᠰᠤᠭᠰᠠᠨ ᠤ ᠳᠠᠷᠠᠭ᠎ᠠ᠂ ᠳ᠋ᠧᠩᠺᠸᠤ ᠰᠢᠶᠠᠨ᠂ ᠬᠠᠩᠭᠢᠨ | ᠬᠤᠶᠢᠲᠤ ᠬᠤᠰᠢᠭᠤ ᠪᠠᠷ ᠳᠠᠮᠵᠢᠭᠠᠳ ᠯᠠᠩᠱᠠᠨ ᠤ ᠡᠮᠦᠨ᠎ᠡ ᠬᠤᠷᠮᠣᠢ ᠳᠤ ᠭᠦᠷᠦᠭᠡᠳ ᠵᠡᠭᠦᠨᠰᠢ ᠤᠷᠤᠰᠴᠤ᠂ ᠯᠠᠩᠱᠠᠨ | ᠠᠭᠤᠯᠠ ᠳᠠᠭᠠᠤ ᠬᠠᠩᠭᠢᠨ ᠬᠤᠶᠢᠲᠤ ᠬᠤᠰᠢᠭᠤ᠂ ᠯᠢᠨ ᠾᠧ ᠲᠣᠭᠤᠷᠢᠭ᠂ ᠦᠶᠤᠸᠠᠨ ᠰᠢᠶᠠᠨ᠂ ᠤᠷᠠᠳ ᠤᠨ | ᠡᠮᠦᠨᠡᠲᠦ ᠬᠤᠰᠢᠭᠤ ᠪᠠᠷ ᠥᠩᠭᠡᠷᠡᠨ᠂ ᠰᠢ ᠱᠠᠨ ᠽᠦᠢ ᠶᠢ ᠭᠠᠷᠤᠭᠠᠳ ᠡᠮᠦᠨᠡᠲᠦ ᠭᠤᠣᠯ ᠲᠠᠢ ᠨᠡᠶᠢᠯᠡᠵᠦ ᠪᠠᠶᠢᠨ᠎ᠠ᠃ | ︽ᠤᠰᠤᠨ ᠤ ᠵᠠᠮ · ᠭᠤᠣᠯ ᠤᠨ ᠤᠰᠤ︾ ᠪᠠ ︽ᠤᠰᠤᠨ ᠤ ᠵᠠᠮ · ᠭᠤᠣᠯ ᠤᠨ ᠤᠰᠤᠨ ᠤ ᠲᠠᠶᠢᠯᠪᠤᠷᠢ︾ | ᠳᠠᠬᠢ ᠲᠡᠮᠳᠡᠭᠯᠡᠯ ᠠᠴᠠ ᠦᠵᠡᠪᠡᠯ᠂ ᠤᠮᠠᠷᠠᠲᠤ ᠭᠤᠣᠯ ᠤᠨ ᠤᠷᠤᠰᠬᠠᠯ ᠰᠠᠭᠠᠳ ᠦᠭᠡᠢ ᠨᠡᠪᠲᠡᠷᠡᠵᠦ ᠪᠠᠶᠢᠵᠠᠢ᠃ | 1976 ᠣᠨ ᠤ ᠨᠠᠮᠤᠷ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠦᠬᠡ ᠶᠢᠨ ᠳᠤᠷᠠᠰᠬᠠᠯᠲᠤ | ᠵᠦᠢᠯᠡᠰ ᠤᠨ ᠠᠵᠢᠯᠯᠠᠬᠤ ᠠᠩᠭᠢ ᠤᠳᠤ ᠶᠢᠨ ᠤᠯᠠᠭᠠᠨᠰᠤᠬᠠᠢ ᠶᠢᠨ ᠵᠡᠭᠦᠨ ᠬᠥᠪᠡᠭᠡᠨ ᠳᠠᠬᠢ ᠴᠧᠨ ᠡᠯ ᠬᠤᠤ | ᠬᠤᠲᠠ ᠠᠴᠠ ᠲᠠᠩ ᠤᠯᠤᠰ ᠤᠨ ᠦᠶ᠎ᠡ ᠶᠢᠨ ᠸᠠᠩ ᠨᠢ ᠰᠢᠦ ᠶᠢᠨ ᠣᠩᠭᠤᠨ ᠢ ᠢᠯᠡᠷᠡᠭᠦᠯᠪᠡ᠂ ᠲᠤᠰ ᠤᠩᠭᠤᠨ ᠢ | ᠮᠠᠯᠲᠠᠵᠤ ᠠᠭᠤᠳᠠᠯᠤᠭᠠᠳ ᠨᠢᠭᠡ ᠣᠩᠭᠤᠨ ᠤ ᠪᠢᠴᠢᠭᠡᠰᠦ ᠣᠯᠵᠠᠢ᠃ ᠲᠤᠰ ᠤᠩᠭᠤᠨ ᠤ ᠪᠢᠴᠢᠭᠡᠰᠦ ᠳᠤ ᠡᠷᠭᠢᠨ | ᠲᠣᠭᠤᠷᠢᠨ ᠤ ᠠᠭᠤᠯᠠ ᠤᠰᠤᠨ ᠤ ᠪᠠᠶᠢᠳᠠᠯ ᠢ᠄ ︽ᠮᠤᠨᠠ ᠠᠭᠤᠯᠠ ᠶᠢᠨ ᠠᠷᠤ ᠳᠤ ᠠᠭᠤᠯᠠ ᠲᠣᠯᠣᠭᠠᠢ ᠭᠤᠣᠯ ᠢ | ᠬᠥᠨᠳᠡᠯᠢᠰᠴᠡᠢ︾᠂ ᠲᠢᠶᠠᠨ ᠳ᠋ᠧ ᠵᠢᠶᠦ᠋ᠨ ᠬᠤᠲᠠ ︵ᠲᠤᠬᠠᠢ ᠶᠢᠨ ᠭᠠᠵᠠᠷ ᠤᠨ ᠬᠢᠨ ᠲᠦ᠋ ᠴᠧᠩᠽᠢ ᠭᠡᠵᠦ | ᠨᠡᠷᠡᠶᠢᠳᠴᠦ᠂ 1933 ᠣᠨ ᠳᠤ ᠬᠠᠳᠤᠨ ᠭᠤᠣᠯ ᠤᠨ ᠦᠶᠡᠷ ᠲᠤ ᠳᠠᠭᠠᠷᠢᠬᠳᠠᠪᠠ︶ ᠲᠡᠭᠦᠨ ᠤ ᠬᠤᠶᠢᠨ᠎ᠠ ᠲᠠᠪᠤᠨ | ᠭᠠᠵᠠᠷ ᠤᠨ ᠵᠠᠶᠢᠲᠠᠢ ᠪᠤᠢ ᠭᠡᠵᠦ ᠲᠡᠮᠳᠡᠭᠯᠡᠭᠰᠡᠨ ᠪᠠᠶᠢᠳᠠᠭ᠃ ᠥᠭᠡᠷ᠎ᠡ ᠪᠠᠷ ᠬᠡᠯᠡᠪᠡᠯ᠂ ᠤᠩᠭᠤᠨ ᠤ ᠭᠠᠵᠠᠷ ᠲᠢᠶᠠᠨ | ᠳ᠋ᠧ ᠵᠢᠶᠦ᠋ᠨ ᠬᠤᠲᠠ ᠠᠴᠠ ᠡᠮᠦᠨᠡᠰᠢ ᠣᠷᠣᠰᠢᠵᠤ᠂ ᠮᠤᠨᠠ ᠠᠭᠤᠯᠠ ︵ᠤᠳᠤ ᠶᠢᠨ ᠮᠤᠨᠠ ᠠᠭᠤᠯᠠ ᠶᠢ ᠵᠢᠭᠠᠵᠤ ᠪᠤᠢ | ︶ ᠠᠴᠠ ᠬᠤᠶᠢᠰᠢ ᠪᠠᠶᠢᠵᠤ᠂ ᠠᠭᠤᠯᠠ ᠲᠣᠯᠣᠭᠠᠢ ᠰᠢᠭᠤᠳ ᠶᠡᠭᠡ ᠭᠤᠣᠯ ᠢ ᠬᠥᠨᠳᠡᠯᠢᠰᠴᠡᠢ᠃ ᠡᠭᠦᠨ ᠠᠴᠠ | ᠦᠵᠡᠪᠡᠯ᠂ ᠲᠠᠩ ᠤᠯᠤᠰ ᠤᠨ ᠦᠶ᠎ᠡ ᠳᠤ ᠤᠮᠠᠷᠠᠲᠤ ᠭᠤᠣᠯ ᠪᠣᠯ ᠲᠢᠶᠠᠨ ᠳ᠋ᠧ ᠵᠢᠶᠦ᠋ᠨ ᠬᠤᠲᠠ ᠶᠢᠨ ᠪᠠᠷᠠᠭᠤᠨ | ᠲᠠᠯ᠎ᠠ ᠪᠠᠷ ᠠᠰ ᠡᠮᠦᠨᠡᠰᠢ ᠤᠷᠤᠰᠤᠭᠠᠳ᠂ ᠶᠠᠭ ᠣᠳᠣ ᠶᠢᠨ ᠤᠯᠠᠭᠠᠨᠰᠤᠬᠠᠢ ᠶᠢᠨ ᠳᠤᠮᠳᠠ ᠬᠡᠰᠡᠭ ᠪᠠ ᠡᠮᠦᠨ᠎ᠡ | ᠬᠡᠰᠡᠭ ᠢᠶᠠᠷ ᠳᠠᠭᠠᠷᠢᠵᠦ ᠪᠠᠶᠢᠪᠠ᠃ ︽ᠴᠢᠨ ᠤᠯᠤᠰ ᠤᠨ ᠬᠢᠯᠢ ᠶᠢᠨ ᠲᠣᠪᠴᠢ ᠲᠡᠮᠳᠡᠭᠯᠡᠯ︾ ᠳᠤ ᠲᠡᠮᠳᠡᠭᠯᠡᠭᠰᠡᠨ ᠢᠶᠠᠷ | ᠂ ᠣᠳᠤ ᠶᠢᠨ ᠤᠯᠠᠭᠠᠨᠰᠤᠬᠠᠢ ᠣᠷᠴᠢᠮ ᠤᠨ ᠭᠠᠵᠠᠷ ᠢᠶᠠᠷ ᠬᠠᠲᠤᠨ ᠭᠤᠣᠯ ᠤᠨ ᠤᠮᠠᠷᠠᠲᠤ ᠭᠤᠣᠯ ᠤᠷᠤᠰᠤᠨ | ᠥᠩᠭᠡᠷᠡᠵᠦ ᠪᠠᠶᠢᠵᠠᠢ᠃ | ︽ᠪᠣᠷᠣᠳᠣᠬᠤᠢ ᠶᠢᠨ ᠵᠡᠭᠦᠨ ᠡᠮᠦᠨ᠎ᠡ ᠬᠡᠰᠡᠭ ᠲᠤ ᠨᠢᠭᠡ ᠭᠤᠣᠯ ᠲᠠᠢ᠂ ᠭᠤᠣᠯ ᠤᠨ ᠤᠰᠤ ᠪᠠᠷᠠᠭᠤᠨ ᠠᠴᠠ | ᠵᠡᠭᠦᠨᠰᠢ ᠤᠷᠤᠰᠤᠭᠠᠳ᠂ ᠣᠷᠳᠣᠰ ᠤᠨ ᠡᠮᠦᠨ᠎ᠡ ᠬᠡᠰᠡᠭ ᠤᠨ ︿ᠰᠢᠶᠣᠣ ᠴᠢᠶᠤᠤ ᠫᠠᠨ﹀ ᠭᠡᠳᠡᠭ ᠲᠤᠰᠬᠤᠨ | ᠭᠦᠷᠦᠨ᠎ᠡ︾ ᠭᠡᠵᠦ ︽ᠪᠣᠷᠣᠳᠣᠬᠤᠢ ᠶᠢᠨ ᠬᠥᠮᠥᠨ︾ ᠳᠤ ᠲᠡᠮᠳᠡᠭᠯᠡᠭᠰᠡᠨ ᠪᠠᠶᠢᠳᠠᠭ᠃ ᠭᠤᠣᠯ ᠤᠨ ᠬᠤᠩᠭᠢᠯ ᠠᠴᠠ | ᠣᠯᠳᠠᠭᠰᠠᠨ ᠪᠣᠳᠠᠰ ᠢ C14 ᠶᠢᠨ ᠬᠡᠮᠵᠢᠨ ᠪᠣᠳᠣᠯᠲᠠ ᠪᠠᠷ ᠳᠠᠮᠵᠢᠭᠠᠳ 2 ᠲᠦᠮᠡᠨ ᠵᠢᠯ ᠤᠨ ᠲᠡᠦᠬᠡ ᠲᠠᠢ ᠪᠣᠯᠵᠤ | ᠪᠠᠶᠢᠬᠤ ᠶᠢ ᠮᠡᠳᠡᠵᠡᠢ᠃ ᠣᠷᠳᠣᠰ ᠤᠨ ᠪᠠᠷᠠᠭᠤᠨ ᠲᠠᠯ᠎ᠠ ᠳᠤ ᠭᠤᠣᠯ ᠦᠭᠡᠢ ᠪᠣᠯᠬᠤᠷ ᠵᠦᠪᠭᠡᠨ ᠡᠮᠦᠨᠡᠲᠦ ᠬᠠᠲᠤᠨ | ᠭᠤᠣᠯ ᠯᠡ ᠪᠠᠶᠢᠬᠤ ᠶᠣᠰᠣᠲᠠᠢ᠃ ᠡᠭᠦᠨ ᠠᠴᠠ ᠬᠠᠮᠤᠭ ᠤᠨ ᠡᠷᠲᠡᠨ ᠤ ᠡᠮᠦᠨᠡᠲᠦ ᠭᠤᠣᠯ ᠣᠯᠠᠨ ᠰᠠᠯᠠᠭ᠎ᠠ | ᠤᠷᠤᠰᠬᠠᠯ ᠪᠣᠯᠣᠭᠠᠳ ᠤᠷᠤᠰᠴᠤ ᠪᠠᠶᠢᠵᠠᠢ ᠭᠡᠳᠡᠭ ᠢ ᠭᠡᠷᠡᠴᠢᠯᠡᠵᠦ ᠪᠣᠯᠣᠨ᠎ᠠ᠃ | ᠥᠪᠥᠷ ᠮᠣᠩᠭᠤᠯ ᠤᠨ ᠬᠠᠲᠤᠨ ᠭᠤᠣᠯ ᠤᠨ ᠣᠷᠣᠨ ᠪᠦᠰᠡ ᠶᠢᠨ ᠰᠣᠶᠣᠯ ᠤᠨ ᠰᠤᠳᠤᠯᠭᠠᠨ ᠤ ᠲᠥᠷᠥᠯ | ᠵᠦᠢᠯ ᠤᠨ ᠬᠠᠷᠢᠭᠤᠴᠠᠯᠭᠠᠲᠠᠨ ᠺᠠᠩ ᠵᠢᠶᠠᠨ ᠭᠦᠸᠧ᠄ ︽ᠬᠠᠲᠤᠨ ᠭᠤᠣᠯ ᠪᠣᠷᠣᠳᠣᠬᠤᠢ ᠣᠷᠣᠨ ᠳᠤ ᠠᠯᠢ | ᠡᠷᠲᠡ ᠠᠴᠠ ᠡᠮᠦᠨᠡᠲᠦ ᠤᠮᠠᠷᠠᠲᠤ ᠬᠤᠶᠠᠷ ᠰᠠᠯᠠᠭ᠎ᠠ ᠤᠷᠤᠰᠬᠠᠯ ᠪᠣᠯᠵᠠᠢ᠂ ᠬᠠᠮᠤᠭ ᠠᠩᠬᠠᠨ ᠤ ᠭᠤᠣᠯ ᠵᠠᠮ ᠨᠢ | ᠦᠵᠦᠭᠦᠷ ᠭᠤᠣᠯ ᠳᠤ ᠪᠠᠶᠢᠵᠤ᠂ ᠣᠳᠣ ᠪᠣᠯ ᠤᠤᠯ ᠤᠨ ᠡᠮᠦᠨᠡᠲᠦ ᠭᠤᠣᠯ ᠳᠤ ᠪᠤᠢ︾ ᠭᠡᠵᠦ ᠶᠠᠷᠢᠭᠰᠠᠨ ᠪᠠᠶᠢᠨ᠎ᠠ᠃ | | | | | | ᠭᠤᠷᠪᠠᠨ ᠬᠥᠯᠲᠦ ᠸᠠᠭᠠᠷ ᠤᠨ ᠰᠠᠪᠠ ᠪᠣᠯᠣᠨ ᠨᠥᠭᠡᠴᠡᠯᠡᠭᠰᠡᠨ ᠠᠮᠤ ᠪᠤᠳᠠᠭ᠎ᠠ | ᠲᠡᠭᠷᠢ ᠶᠢᠨ ᠬᠡᠰᠢᠭᠲᠦ ᠪᠣᠷᠣᠳᠣᠬᠤᠢ᠄ ᠡᠯᠡᠰᠦᠨ ᠴᠦᠯ ᠤᠨ ᠭᠦᠨ ᠳᠠᠬᠢ ︽ᠠᠮᠤ ᠶᠢᠨ ᠰᠠᠩ︾ | ᠬᠠᠲᠤᠨ ᠭᠤᠣᠯ ᠶᠢᠰᠦ ᠲᠣᠬᠤᠶᠢᠯᠠᠨ᠂ ᠬᠠᠮᠤᠭ ᠤᠨ ᠶᠡᠭᠡ ᠲᠣᠬᠤᠢ ᠨᠢ ᠪᠣᠷᠣᠳᠣᠬᠤᠢ ᠳᠤ ᠪᠤᠢ᠃ ᠪᠣᠷᠣᠳᠣᠬᠤᠢ | ᠣᠷᠣᠨ ᠪᠣᠯ ᠶᠡᠷᠦᠳᠡᠭᠡᠨ ᠠᠯᠠᠱᠠ ᠠᠭᠤᠯᠠ ᠠᠴᠠ ᠵᠡᠭᠦᠨᠰᠢ᠂ ᠯᠢᠦᠢ ᠯᠢᠶᠠᠩ ᠱᠠᠨ ᠠᠭᠤᠯᠠ ᠠᠴᠠ ᠪᠠᠷᠠᠭᠤᠨᠰᠢ᠂ | ᠮᠤᠨᠠ ᠠᠭᠤᠯᠠ ᠠᠴᠠ ᠡᠮᠦᠨ᠎ᠡ᠂ ᠤᠷᠲᠤ ᠴᠠᠭᠠᠨ ᠬᠡᠷᠡᠮ ᠠᠴᠠ ᠤᠮᠠᠷᠠᠰᠢᠬᠢ ᠭᠠᠵᠠᠷ ᠢ ᠵᠢᠭᠠᠵᠤ ᠪᠠᠶᠢᠳᠠᠭ᠃ ᠬᠠᠲᠤᠨ | ᠭᠤᠣᠯ ᠠᠯᠠᠱᠠ ᠠᠭᠤᠯᠠ ᠳᠠᠭᠠᠤ ᠤᠮᠠᠷᠠᠰᠢᠯᠠᠨ᠂ ᠮᠤᠨᠠ ᠠᠭᠤᠯᠠ ᠳᠤ ᠬᠠᠰᠢᠭᠳᠠᠭᠠᠳ ᠵᠡᠭᠦᠨᠰᠢ ᠤᠷᠤᠰᠴᠤ᠂ | ᠳᠠᠷᠠᠭ᠎ᠠ ᠨᠢ ᠯᠢᠦᠢ ᠯᠢᠶᠠᠩ ᠱᠠᠨ ᠠᠭᠤᠯᠠ ᠳᠠᠭᠠᠤ ᠡᠮᠦᠨ᠎ᠡ ᠵᠦᠭ ᠢ ᠵᠣᠷᠢᠵᠤ᠂ ︽几︾ ᠭᠡᠯᠪᠡᠷᠢ ᠲᠠᠢ ᠪᠣᠯᠵᠠᠢ᠃ | | ᠬᠠᠲᠤᠨ ᠭᠤᠣᠯ ᠪᠣᠷᠣᠳᠣᠬᠤᠢ ᠣᠷᠣᠨ ᠳᠤ ᠮᠤᠷᠤᠯᠵᠠᠨ ᠤᠷᠤᠰᠴᠤ ᠪᠠᠶᠢᠳᠠᠭ᠂ ᠤᠨᠴᠠᠭᠠᠢ ᠭᠠᠵᠠᠷ ᠤᠨ | ᠪᠠᠶᠢᠴᠠ ᠶᠢᠨ ᠰᠢᠯᠲᠠᠭᠠᠨ ᠠᠴᠠ ᠪᠣᠯᠵᠤ᠂ ᠤᠷᠤᠰᠤᠨ ᠥᠩᠭᠡᠷᠡᠬᠦ ᠣᠷᠣᠨ ᠪᠦᠰᠡ ᠶᠢᠨ ᠬᠥᠷᠥᠰᠥ ᠰᠢᠷᠣᠢ ᠨᠢ ᠥᠩ | ᠰᠢᠮᠡᠯᠢᠭ᠂ ᠤᠰᠤᠯᠠᠯᠲᠠ ᠶᠢᠨ ᠰᠢᠰᠲ᠋ᠧᠮ ᠬᠥᠭᠵᠢᠭᠰᠡᠨ ᠪᠣᠯᠬᠤᠷ ᠪᠤᠭᠤᠳᠠᠢ᠂ ᠤᠰᠤᠨ ᠲᠤᠲᠤᠷᠭ᠎ᠠ᠂ ᠨᠠᠷᠢᠮᠤ᠂ ᠰᠢᠰᠢ | ᠂ ᠰᠢᠷ᠎ᠠ ᠪᠤᠷᠴᠠᠭ᠂ ᠡᠷᠳᠡᠨᠢ ᠰᠢᠰᠢ᠂ ᠰᠢᠬᠢᠷ ᠯᠤᠤᠪᠠᠩ ᠵᠡᠷᠭᠡ ᠲᠠᠷᠢᠮᠠᠯ ᠳᠠᠷᠢᠬᠤ ᠳᠤ ᠲᠣᠬᠢᠷᠠᠨ᠂ ᠥᠩ ᠰᠢᠮᠡᠯᠢᠭ | ᠤᠰᠤᠯᠠᠯᠲᠠ ᠶᠢᠨ ᠣᠷᠣᠨ ᠪᠣᠯᠤᠭᠰᠠᠨ ᠪᠠᠶᠢᠨ᠎ᠠ᠃ ᠡᠨᠡ ᠦᠶ᠎ᠡ ᠳᠤ ᠲᠠᠷᠢᠶᠠᠯᠠᠩ ᠢᠶᠠᠷ ᠭᠤᠣᠯ ᠪᠤᠯᠭᠠᠬᠰᠠᠨ | ᠵᠦᠩᠶᠤᠸᠠᠨ ᠣᠷᠣᠨ ᠤ ᠶᠡᠭᠡ ᠬᠡᠮᠵᠢᠶᠡᠨ ᠤ ᠰᠠᠭᠤᠭᠠᠯᠢ ᠠᠷᠠᠳ ᠥᠪᠥᠷ ᠮᠣᠩᠭᠤᠯ ᠤᠨ ᠬᠠᠲᠤᠨ ᠭᠤᠣᠯ ᠤᠨ ᠰᠠᠪᠠ | ᠭᠠᠵᠠᠷ ᠲᠤ ᠨᠡᠭᠦᠨ ᠣᠷᠣᠵᠤ᠂ ᠲᠠᠷᠢᠶᠠᠯᠠᠩ ᠦᠢᠯᠡᠳᠪᠦᠷᠢᠯᠡᠯ ᠨᠡᠯᠢᠶᠡᠳ ᠲᠦᠷᠭᠡᠨ ᠬᠥᠭᠵᠢᠪᠡ᠃ | | | | | ᠤᠮᠠᠷᠠᠲᠤ ᠣᠷᠣᠨ ᠳᠤ ᠨᠡᠭᠦᠳᠡᠯ ᠠᠷᠠᠳ ᠠᠲᠠᠷ ᠬᠠᠭᠠᠯᠪᠤᠷᠢᠯᠠᠬᠤ ᠪᠣᠯ ᠡᠨᠡ ᠬᠦ ᠦᠶ᠎ᠡ ᠶᠢᠨ ᠬᠢᠯᠢ ᠬᠢᠵᠠᠭᠠᠷ | ᠣᠷᠣᠨ ᠢ ᠨᠡᠭᠡᠭᠡᠨ ᠠᠰᠢᠭᠯᠠᠬᠤ ᠪᠠ ᠵᠠᠰᠠᠬᠤ ᠭᠤᠣᠯ ᠭᠡᠯᠪᠡᠷᠢ ᠪᠠᠶᠢᠵᠤ᠂ ᠵᠡᠭᠦᠨ ᠠᠴᠠ ᠪᠠᠷᠠᠭᠤᠨᠰᠢ ᠤᠳᠤ ᠶᠢᠨ | ᠪᠣᠷᠣᠳᠣᠬᠤᠢ ᠠᠴᠠ ᠰᠢᠨᠵᠢᠶᠠᠩᠣᠷᠣᠨ ᠭᠦᠷᠲᠡᠯ᠎ᠡ ᠪᠠᠭᠲᠠᠨ᠎ᠠ ᠭᠡᠵᠦ ᠲᠡᠦᠬᠡ ᠶᠢᠨ ᠨᠣᠮ ᠪᠢᠴᠢᠭ ᠲᠤ ᠲᠡᠮᠳᠡᠭᠯᠡᠭᠰᠡᠨ | ᠪᠠᠶᠢᠳᠠᠭ᠃ | ᠥᠪᠥᠷ ᠮᠣᠩᠭᠤᠯ ᠤᠨ ᠬᠠᠲᠤᠨ ᠭᠤᠣᠯ ᠤᠨ ᠰᠠᠪᠠ ᠭᠠᠵᠠᠷ ᠠᠴᠠ ᠮᠠᠰᠢ ᠤᠯᠠᠨ ᠲᠠᠷᠢᠶᠠᠯᠠᠩ | ᠦᠢᠯᠡᠳᠪᠦᠷᠢᠯᠡᠯ ᠤᠨ ᠬᠡᠷᠡᠭᠰᠡᠯ ᠢᠯᠡᠷᠡᠵᠡᠢ᠂ ᠡᠭᠦᠨ ᠳᠤ ᠨᠢᠭᠡ ᠬᠡᠰᠡᠭ ᠢ ᠨᠢ ᠠᠯᠪᠠᠨ ᠤ ᠲᠠᠯ᠎ᠠ ᠠᠴᠠ ᠵᠦᠩᠶᠤᠸᠠᠨ | ᠣᠷᠣᠨ ᠳᠤ ᠵᠥᠭᠡᠭᠡᠪᠦᠷᠢᠯᠡᠨ ᠣᠷᠣᠭᠤᠯᠵᠠᠢ᠃ ᠲᠠᠷᠢᠶᠠᠯᠠᠩ ᠦᠢᠯᠡᠳᠪᠦᠷᠢᠯᠡᠯ ᠤᠨ ᠤᠯᠠᠮ ᠨᠢᠭᠡ ᠠᠯᠬᠤᠮ | ᠬᠥᠭᠵᠢᠬᠦ ᠶᠢ ᠳᠠᠭᠠᠯᠳᠤᠨ᠂ ᠲᠤᠬᠠᠢ ᠶᠢᠨ ᠭᠠᠵᠠᠷ ᠲᠤ ᠪᠠᠰᠠ ᠲᠡᠮᠦᠷ ᠢᠶᠠᠷ ᠲᠠᠷᠢᠶᠠᠯᠠᠩ ᠤᠨ ᠬᠡᠷᠡᠭᠰᠡᠯ ᠦᠢᠯᠡᠳᠬᠦ | ᠬᠤᠪᠢ ᠶᠢᠨ ᠦᠢᠯᠡᠳᠬᠡᠯ ᠤᠨ ᠭᠠᠵᠠᠷ ᠪᠤᠢ ᠪᠣᠯᠵᠠᠢ ᠭᠡᠵᠦ ᠣᠶᠢᠷ᠎ᠠ ᠦᠶ᠎ᠡ ᠠᠴᠠ ᠨᠠᠭᠠᠰᠢᠬᠢ ᠬᠠᠭᠤᠴᠢ | ᠰᠤᠳᠤᠯᠤᠯ ᠤᠨ ᠠᠭᠤᠳᠠᠯᠤᠯᠲᠠ ᠶᠢᠨ ᠦᠷ᠎ᠡ ᠪᠦᠲᠦᠮᠵᠢ ᠬᠠᠷᠠᠭᠤᠯᠵᠤ ᠪᠠᠶᠢᠨ᠎ᠠ᠃ | ᠪᠠᠶᠢᠯᠳᠤᠭᠠᠨᠲᠤ ᠤᠯᠤᠰ ᠵᠢᠴᠢ ᠴᠢᠨ ᠬᠠᠨ ᠤᠯᠤᠰ ᠤᠨ ᠦᠶ᠎ᠡ ᠳᠤ ᠥᠪᠥᠷ ᠮᠣᠩᠭᠤᠯ ᠣᠷᠣᠨ ᠤ ᠲᠡᠮᠦᠷ | ᠬᠠᠶᠢᠯᠤᠭᠤᠯᠬᠤ ᠪᠠᠭᠤᠷᠢ ᠴᠢᠨ ᠬᠠᠨ ᠤᠯᠤᠰ ᠤᠨ ᠭᠤᠸᠠᠩ ᠶᠠᠨ ᠤ ᠡᠷᠲᠡᠨ ᠤ ᠬᠤᠲᠠ ᠪᠣᠯᠣᠨ ᠭᠦᠭᠡᠬᠤᠲᠠ ᠶᠢᠨ | ᠲᠡᠭᠦᠷᠭᠡ ᠶᠢᠨ ᠬᠤᠷᠢᠨᠭᠡᠷ ᠤᠨ ᠡᠷᠲᠡᠨ ᠤ ᠬᠤᠲᠠ ᠠᠴᠠ ᠪᠦᠷ ᠢᠯᠡᠷᠡᠭᠦᠯᠵᠡᠢ᠂ ᠡᠭᠦᠨ ᠳᠤ ᠴᠢᠨ ᠬᠠᠨ ᠤᠯᠤᠰ ᠤᠨ | ᠭᠤᠸᠠᠩ ᠶᠠᠨ ᠤ ᠡᠷᠲᠡᠨ ᠤ ᠬᠤᠲᠠ ᠣᠷᠳᠣᠰ ᠬᠤᠲᠠ ᠶᠢᠨ ᠵᠡᠭᠦᠨᠭᠠᠷ ᠬᠤᠰᠢᠭᠤᠨ ᠤ ᠴᠤᠸᠠᠨ ᠵᠠᠩ ᠭᠦᠩᠱᠧ ᠳᠤ | ᠪᠤᠢ᠂ ᠡᠷᠲᠡᠨ ᠤ ᠬᠤᠲᠠ ᠶᠢᠨ ᠵᠡᠭᠦᠨ ᠬᠡᠷᠡᠮ ᠯᠦᠭᠡ ᠵᠠᠯᠭᠠᠯᠳᠤᠭᠰᠠᠨ ᠡᠭᠴᠡ ᠬᠠᠳᠠᠨ ᠤ ᠢᠯᠡ ᠭᠠᠷᠤᠭᠰᠠᠨ ᠰᠢᠷᠣᠢ | ᠳᠣᠲᠣᠷ᠎ᠠ ᠠᠴᠠ ᠲᠡᠮᠦᠷ ᠬᠡᠮᠬᠡᠳᠡᠭ᠂ ᠬᠦᠷᠡᠯ ᠬᠡᠮᠬᠡᠳᠡᠭ ᠵᠢᠴᠢ ᠴᠢᠯᠠᠭᠤᠨ ᠬᠡᠪ᠂ ᠰᠢᠷᠣᠢ ᠶᠢᠨ ᠬᠡᠪ ᠢ ᠢᠯᠡᠷᠡᠭᠦᠯᠵᠡᠢ᠃ | ᠬᠠᠭᠤᠴᠢ ᠰᠤᠳᠤᠯᠤᠭᠴᠢᠳ ᠡᠷᠲᠡᠨ ᠤ ᠬᠤᠲᠠ ᠶᠢᠨ ᠡᠷᠭᠢᠨ ᠲᠣᠭᠤᠷᠢᠨ ᠤ 18 ᠤᠩᠭᠤᠨ ᠢ ᠮᠠᠯᠲᠠᠵᠤ | ᠠᠭᠤᠳᠠᠯᠤᠭᠠᠳ ᠬᠤᠶᠢᠯᠭ᠎ᠠ ᠶᠢᠨ ᠡᠳ᠋ ᠳᠣᠲᠣᠷ᠎ᠠ ᠨᠢ ᠲᠠᠷᠢᠶᠠᠯᠠᠩ ᠤᠨ ᠬᠡᠷᠡᠭᠰᠡᠯ ᠲᠡᠮᠦᠷ ᠪᠠᠭᠠᠵᠢ ᠪᠠᠶᠢᠪᠠ ᠭᠡᠵᠦ ᠯᠢ | ᠿᠦᠢ᠂ ᠼᠦᠢ ᠰᠧ ᠫᠧᠩ ᠤᠨ ᠲᠤᠭᠤᠷᠪᠢᠭᠰᠠᠨ ︽ᠥᠪᠥᠷ ᠮᠣᠩᠭᠤᠯ ᠤᠨ ᠬᠠᠲᠤᠨ ᠭᠤᠣᠯ ᠤᠨ ᠲᠡᠦᠬᠡ ᠰᠣᠶᠣᠯ︾ | ᠭᠡᠬᠦ ᠨᠣᠮ ᠳᠤ ᠲᠠᠨᠢᠯᠴᠠᠭᠤᠯᠤᠭᠰᠠᠨ ᠪᠠᠶᠢᠨ᠎ᠠ᠃ | ᠡᠭᠦᠨ ᠠᠴᠠ ᠭᠠᠳᠠᠨ᠎ᠠ᠂ ᠭᠦᠭᠡᠬᠤᠲᠠ ᠶᠢᠨ ᠬᠤᠷᠢᠨᠭᠡᠷ ᠤᠨ ᠡᠷᠲᠡᠨ ᠤ ᠬᠤᠲᠠ ᠳᠤ ᠬᠠᠭᠤᠴᠢ ᠰᠤᠳᠤᠯᠤᠯ | ᠬᠢᠭᠡᠳ ᠨᠢᠭᠡ ᠶᠡᠭᠡ ᠬᠡᠪᠴᠢᠶᠡᠨ ᠤ ᠲᠡᠮᠦᠷ ᠬᠠᠶᠢᠯᠤᠭᠤᠯᠬᠤ ᠦᠢᠯᠡᠳᠪᠦᠷᠢ ᠶᠢᠨ ᠪᠠᠭᠤᠷᠢ ᠶᠢ ᠢᠯᠡᠷᠡᠭᠦᠯᠵᠡᠢ᠃ | ᠪᠠᠭᠤᠷᠢ ᠠᠴᠠ ᠨᠡᠯᠢᠶᠡᠳ ᠠᠷᠪᠢᠨ ᠲᠡᠮᠦᠷ ᠲᠠᠷᠢᠶᠠᠯᠠᠩ ᠤᠨ ᠬᠡᠷᠡᠭᠰᠡᠯ᠂ ᠲᠡᠮᠦᠷ ᠲᠡᠷᠭᠡᠨ ᠤ ᠮᠣᠷᠢᠨ ᠤ ᠡᠳ᠋ᠯᠡᠯ ᠪᠠ | ᠲᠡᠮᠦᠷ ᠵᠡᠪᠰᠡᠭ ᠣᠯᠳᠠᠵᠠᠢ᠃ 1960 ᠣᠨ ᠤ ᠨᠠᠮᠤᠷ ᠲᠤᠰ ᠭᠠᠵᠠᠷ ᠠᠴᠠ ᠨᠢᠭᠡ ᠪᠦᠷᠢᠨ ᠪᠦᠲᠦᠨ ᠲᠡᠮᠦᠷ ᠬᠤᠶᠠᠭ | ᠢᠯᠡᠷᠡᠭᠦᠯᠪᠡ᠃ | ᠡᠭᠦᠨ ᠠᠴᠠ ᠦᠵᠡᠪᠡᠯ᠂ ᠲᠡᠮᠦᠷ ᠬᠠᠶᠢᠯᠤᠭᠤᠯᠬᠤ ᠮᠡᠷᠭᠡᠵᠢᠯ ᠨᠡᠯᠢᠶᠡᠳ ᠲᠦᠷᠭᠡᠨ ᠬᠥᠭᠵᠢᠵᠦ᠂ ᠲᠠᠷᠢᠶᠠᠯᠠᠩ | ᠦᠢᠯᠡᠳᠪᠦᠷᠢᠯᠡᠯ ᠤᠨ ᠬᠡᠷᠡᠭᠰᠡᠯ ᠤᠨ ᠳᠠᠪᠰᠢᠯᠲᠠ ᠶᠢ ᠤᠯᠠᠮ ᠨᠢᠭᠡ ᠠᠯᠬᠤᠮ ᠠᠬᠢᠭᠤᠯᠤᠭᠰᠠᠨ ᠪᠥᠭᠡᠳ ᠲᠤᠬᠠᠢ ᠶᠢᠨ | ᠭᠠᠵᠠᠷ ᠤᠨ ᠠᠲᠠᠷ ᠬᠠᠭᠠᠯᠪᠤᠷᠢᠯᠠᠬᠤ ᠪᠠ ᠲᠠᠷᠢᠶᠠᠯᠠᠩ ᠦᠢᠯᠡᠳᠪᠦᠷᠢᠯᠡᠯ ᠢ ᠠᠬᠢᠭᠤᠯᠵᠤ᠂ ᠲᠤᠬᠠᠢ ᠶᠢᠨ ᠭᠠᠵᠠᠷ ᠤᠨ | ᠲᠠᠷᠢᠶᠠᠯᠠᠩ ᠤᠨ ᠰᠣᠶᠣᠯ ᠤᠨ ᠴᠡᠴᠡᠭᠯᠡᠨ ᠬᠥᠭᠵᠢᠬᠦ ᠶᠢ ᠳᠠᠶᠢᠴᠢᠯᠠᠭᠰᠠᠨ ᠪᠠᠶᠢᠨ᠎ᠠ ᠭᠡᠵᠦ ︽ᠥᠪᠥᠷ ᠮᠣᠩᠭᠤᠯ | ᠣᠷᠣᠨ ᠠᠴᠠ ᠮᠠᠯᠲᠠᠵᠤ ᠭᠠᠷᠭᠠᠭᠰᠠᠨ ᠪᠠᠶᠢᠯᠳᠤᠭᠠᠨᠲᠤ ᠤᠯᠤᠰ ᠴᠢᠨ ᠬᠠᠨ ᠤ ᠦᠶ᠎ᠡ ᠶᠢᠨ ᠲᠠᠷᠢᠶᠠᠯᠠᠩ ᠤᠨ | ᠬᠡᠷᠡᠭᠰᠡᠯ ᠤᠨ ᠰᠤᠳᠤᠯᠤᠯ︾ ᠳᠤ ᠪᠢᠴᠢᠭᠰᠡᠨ ᠪᠠᠶᠢᠨ᠎ᠠ᠃ | ᠤᠰᠤ ᠶᠢ ᠲᠦᠰᠢᠨ ᠬᠥᠭᠵᠢᠭᠰᠡᠨ ᠭᠦᠨ ᠵᠤᠵᠠᠭᠠᠨ ᠰᠣᠶᠣᠯ ᠤᠨ ᠬᠤᠷᠠᠮᠳᠤᠯ ᠲᠠᠢ ᠪᠣᠷᠣᠳᠣᠬᠤᠢ ᠶᠢᠨ | ᠤᠰᠤᠯᠠᠯᠲᠠ ᠶᠢᠨ ᠣᠷᠣᠨ | ᠬᠥᠮᠥᠰ ᠡᠷᠲᠡ ᠤᠵᠠᠭᠤᠷ ᠠᠴᠠ ᠪᠠᠶᠢᠭᠠᠯᠢ ᠶᠢ ᠠᠶᠠᠳᠠᠨ ᠵᠣᠬᠢᠰᠲᠠᠢ ᠠᠰᠢᠭᠯᠠᠬᠤ ᠶᠢ ᠮᠡᠳᠡᠵᠦ᠂ ᠴᠥᠭᠦᠷᠥᠮ | ᠪᠠᠷᠢᠵᠤ᠂ ᠰᠤᠪᠠᠭ ᠮᠠᠯᠲᠠᠨ᠂ ᠤᠰᠤ ᠲᠠᠲᠠᠵᠤ᠂ ᠭᠠᠩᠳᠠᠭᠰᠠᠨ ᠭᠠᠵᠠᠷ ᠰᠢᠷᠣᠢ ᠶᠢ ᠤᠰᠤᠯᠠᠨ᠂ ᠡᠳ᠋ ᠪᠠᠶᠠᠯᠢᠭ | ᠠᠷᠠᠳ ᠴᠢᠨᠡᠭᠡᠯᠢᠭ ᠰᠢᠨ᠎ᠡ ᠪᠠᠶᠢᠳᠠᠯ ᠢ ᠨᠡᠭᠡᠭᠡᠭᠰᠡᠨ ᠪᠠᠶᠢᠨ᠎ᠠ᠃ | ︽ᠥᠪᠡᠷᠲᠡᠭᠡᠨ ᠵᠠᠰᠠᠬᠤ ᠣᠷᠣᠨ ᠤ ᠬᠠᠷᠢᠶᠠᠨ ᠳᠣᠲᠣᠷ᠎ᠠ ᠠᠲᠠᠷ ᠬᠠᠭᠠᠯᠪᠤᠷᠢᠯᠠᠵᠤ ᠤᠰᠤᠨ ᠠᠰᠢᠭᠯᠠᠯᠲᠠ ᠶᠢ | ᠨᠡᠭᠡᠭᠡᠨ ᠬᠥᠭᠵᠢᠭᠦᠯᠦᠭᠰᠡᠨ ᠨᠢ ᠥᠨᠢ ᠤᠳᠠᠭᠠᠨ ᠲᠡᠦᠬᠡ ᠲᠠᠢ︾ ᠭᠡᠵᠦ ︽ᠥᠪᠥᠷ ᠮᠣᠩᠭᠤᠯ ᠤᠨ ᠥᠪᠡᠷᠲᠡᠭᠡᠨ | ᠵᠠᠰᠠᠬᠤ ᠣᠷᠣᠨ ᠤ ᠣᠶᠢᠯᠠᠯᠭ᠎ᠠ · ᠤᠰᠤᠨ ᠠᠰᠢᠭᠯᠠᠯᠲᠠ ᠶᠢᠨ ᠣᠶᠢᠯᠠᠯᠭ᠎ᠠ︾ ᠳᠤ ᠲᠡᠮᠳᠡᠭᠯᠡᠵᠦ ᠪᠤᠢ᠃ ᠴᠢᠨ ᠱᠢ | ᠬᠤᠸᠠᠩ ᠤᠨ ᠭᠤᠴᠢᠨ ᠬᠤᠶᠠᠳᠤᠭᠠᠷ ᠣᠨ ︵ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 215 ᠣᠨ︶ ᠳᠤ᠂ | ᠵᠠᠩᠵᠤᠨ ᠮᠧᠩ ᠲᠢᠶᠠᠨ ᠢ ᠲᠣᠮᠢᠯᠠᠨ᠂ ᠭᠤᠴᠢᠨ ᠲᠦᠮᠡᠨ ᠴᠡᠷᠢᠭ ᠳᠠᠭᠠᠭᠤᠯᠤᠭᠠᠳ ᠤᠮᠠᠷᠠᠰᠢ ᠳᠠᠭᠠᠷᠢᠨ ᠬᠤ᠋ ᠶᠢ | ᠴᠣᠬᠢᠵᠤ᠂ ᠭᠤᠣᠯ ᠤᠨ ᠡᠮᠦᠨᠡᠳᠡᠬᠢ ᠭᠠᠵᠠᠷ ᠢ ᠪᠤᠯᠢᠶᠠᠨ ᠠᠪᠤᠪᠠ᠃ ᠬᠤᠵᠢᠮ ᠨᠢ ᠵᠢᠤᠶᠤᠸᠠᠨ ᠵᠢᠶᠦ᠋ᠨ ᠪᠠᠶᠢᠭᠤᠯᠤᠨ᠂ | ᠵᠠᠰᠠᠭ ᠤᠨ ᠭᠠᠵᠠᠷ ᠨᠢ ᠵᠢᠤᠶᠤᠸᠠᠨ ︵ᠤᠳᠤ ᠶᠢᠨ ᠪᠤᠭᠤᠲᠤ ᠬᠤᠲᠠ ᠶᠢᠨ ᠪᠠᠷᠠᠭᠤᠨ ᠲᠠᠯ᠎ᠠ ᠳᠤ ᠪᠤᠢ︶ ᠳᠤ ᠪᠤᠢ᠃ | ᠲᠡᠭᠦᠨ ᠤ ᠬᠠᠷᠢᠶ᠎ᠠ ᠭᠠᠵᠠᠷ ᠲᠤ ᠨᠡᠭᠦᠳᠡᠯ ᠠᠷᠠᠳ ᠠᠲᠠᠷ ᠬᠠᠭᠠᠯᠪᠤᠷᠢᠯᠠᠨ ᠲᠠᠷᠢᠶ᠎ᠠ ᠲᠠᠷᠢᠵᠦ᠂ ᠲᠠᠷᠢᠶᠠᠯᠠᠩ ᠤᠨ | ᠤᠰᠤᠨ ᠠᠰᠢᠭᠯᠠᠯᠲᠠ ᠶᠢ ᠬᠥᠭᠵᠢᠭᠦᠯᠵᠡᠢ ᠭᠡᠵᠦ ︽ᠰᠤᠳᠤᠷ ᠲᠡᠮᠳᠡᠭᠯᠡᠯ︾ ᠳᠤ ᠲᠡᠮᠳᠡᠭᠯᠡᠵᠦ ᠪᠤᠢ᠃ ᠡᠭᠦᠨ ᠠᠴᠠ | ᠴᠢᠨ ᠤᠯᠤᠰ ᠤᠨ ᠦᠶᠡᠰ ᠠᠷᠠᠳ ᠢ ᠨᠡᠭᠦᠯᠭᠡᠨ ᠠᠲᠠᠷ ᠬᠠᠭᠠᠯᠪᠤᠷᠢᠯᠠᠬᠤ ᠦᠶ᠎ᠡ ᠳᠤ ᠨᠢᠭᠡᠨᠲᠡ ᠪᠣᠷᠣᠳᠣᠬᠤᠢ | ᠣᠷᠣᠨ ᠤ ᠤᠰᠤᠨ ᠠᠰᠢᠭᠯᠠᠯᠲᠠ ᠶᠢᠨ ᠪᠦᠲᠦᠭᠡᠨ ᠪᠠᠶᠢᠭᠤᠯᠤᠯᠲᠠ ᠶᠢ ᠠᠩᠬᠠᠷᠴᠤ ᠡᠬᠢᠯᠡᠭᠡᠳ ᠠᠩᠬ᠎ᠠ ᠠᠯᠬᠤᠮ ᠤᠨ | ᠬᠥᠭᠵᠢᠯᠲᠡ ᠲᠠᠢ ᠪᠣᠯᠤᠭᠰᠠᠨ ᠢ ᠣᠯᠵᠤ ᠮᠠᠲᠠᠵᠠᠢ᠃ | ᠪᠠᠷᠠᠭᠤᠨ ᠬᠠᠨ ᠤᠯᠤᠰ ᠤᠨ ᠦᠶ᠎ᠡ ᠳᠤ ᠴᠦ ᠥᠪᠥᠷ ᠮᠣᠩᠭᠤᠯ ᠤᠨ ᠬᠠᠲᠤᠨ ᠭᠤᠣᠯ ᠤᠨ ᠰᠠᠪᠠ ᠭᠠᠵᠠᠷ ᠤᠨ | ᠠᠲᠠᠷ ᠬᠠᠭᠠᠯᠪᠤᠷᠢᠯᠠᠯᠲᠠ ᠤᠰᠤᠨ ᠠᠰᠢᠭᠯᠠᠯᠲᠠ ᠶᠢᠨ ᠬᠠᠮᠢᠶᠠᠷᠤᠯᠲᠠ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠨ᠂ | ᠠᠯᠪᠠᠨ ᠤ ᠲᠠᠯ᠎ᠠ ᠠᠴᠠ ᠵᠣᠬᠢᠶᠠᠨ ᠪᠠᠶᠢᠭᠤᠯᠤᠭᠠᠳ ᠤᠰᠤᠨ ᠠᠰᠢᠭᠯᠠᠯᠲᠠ ᠶᠢᠨ ᠪᠦᠲᠦᠭᠡᠨ ᠪᠠᠶᠢᠭᠤᠯᠤᠯᠲᠠ ᠬᠢᠭᠰᠡᠨ | ᠪᠠᠶᠢᠨ᠎ᠠ᠃ ᠲᠡᠦᠬᠡᠨ ᠮᠠᠲ᠋ᠧᠷᠢᠶᠠᠯ ᠢ ᠦᠨᠳᠦᠰᠦᠯᠡᠪᠡᠯ᠂ ᠱᠥᠸᠧ ᠹᠠᠩ ᠵᠢᠶᠦ᠋ᠨ ᠢ ᠨᠡᠭᠡᠭᠡᠭᠰᠡᠨ ᠤ ᠳᠠᠷᠠᠭ᠎ᠠ᠂ ︽ | ᠱᠥᠸᠧ ᠹᠠᠩ ᠠᠴᠠ ᠪᠠᠷᠠᠭᠤᠨᠰᠢ ᠯᠢᠩ ᠵᠢᠦᠢ ᠭᠦᠷᠲᠡᠯ᠎ᠡ᠂ ᠲᠤᠰᠬᠠᠶᠢᠯᠠᠨ ᠠᠲᠠᠷ ᠬᠠᠭᠠᠯᠪᠤᠷᠢᠯᠠᠨ ᠲᠠᠷᠢᠶ᠎ᠠ ᠲᠠᠷᠢᠬᠤ | ᠪᠠ ᠲᠠᠷᠢᠶᠠᠯᠠᠩ ᠤᠨ ᠤᠰᠤᠨ ᠠᠰᠢᠭᠯᠠᠯᠲᠠ ᠶᠢᠨ ᠪᠠᠶᠢᠭᠤᠯᠤᠮᠵᠢ ᠪᠠᠶᠢᠭᠤᠯᠵᠠᠢ︾᠃ | ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠶᠢᠯᠠᠯᠭ᠎ᠠ · ᠤᠰᠤᠨ ᠠᠰᠢᠭᠯᠠᠯᠲᠠ ᠶᠢᠨ | ᠣᠶᠢᠯᠠᠯᠭ᠎ᠠ︾ ᠳᠤ ᠲᠡᠮᠳᠡᠭᠯᠡᠭᠰᠡᠨ ᠢᠶᠠᠷ᠄ ᠰᠢ ᠾᠧ ᠵᠢᠶᠦ᠋ᠨ ᠤ ︵ᠤᠳᠤ ᠶᠢᠨ ᠣᠷᠳᠣᠰ ᠬᠤᠲᠠ ᠶᠢᠨ ᠬᠠᠩᠭᠢᠨ | ᠬᠤᠰᠢᠭᠤᠨ ᠤ ᠬᠤᠷᠣᠭᠠᠨ ᠴᠠᠶᠢᠳᠠᠮ ᠣᠷᠴᠢᠮ︶ ᠨᠢᠭᠡ ᠡᠷᠲᠡᠨ ᠤ ᠬᠤᠲᠠ ᠠᠴᠠ ︽ᠰᠢ ᠾᠧ ᠶᠢᠨ ᠲᠠᠷᠢᠶᠠᠯᠠᠩ ᠤᠨ | ᠶᠠᠪᠤᠳᠠᠯ ᠤᠨ ᠵᠠᠷᠯᠢᠭ︾ ᠤᠨ ᠠᠯᠪᠠᠨ ᠤ ᠲᠠᠮᠠᠭ᠎ᠠ ᠶᠢ ᠮᠠᠯᠲᠠᠨ ᠭᠠᠷᠭᠠᠪᠠ᠂ ᠲᠤᠰ ᠲᠠᠮᠠᠭ᠎ᠠ ᠪᠣᠯ ᠬᠠᠨ ᠦ᠋ ᠳ᠋ᠢ ᠶᠢᠨ | ᠡᠬᠢᠨ ᠤ ᠬᠤᠭᠤᠴᠠᠭᠠᠨ ᠳᠤ ᠲᠤᠰ ᠭᠠᠵᠠᠷ ᠤᠨ ᠲᠠᠷᠢᠶᠠᠯᠠᠩ ᠪᠠ ᠠᠲᠠᠷ ᠬᠠᠭᠠᠯᠪᠤᠷᠢᠯᠠᠵᠤ ᠲᠠᠷᠢᠶ᠎ᠠ ᠲᠠᠷᠢᠬᠤ ᠤᠰᠤᠨ | ᠠᠰᠢᠭᠯᠠᠯᠲᠠ ᠶᠢ ᠲᠤᠰᠬᠠᠢ ᠬᠠᠮᠢᠶᠠᠷᠴᠤ ᠪᠠᠶᠢᠭᠰᠠᠨ ᠠᠯᠪᠠᠨ ᠤ ᠲᠠᠮᠠᠭ᠎ᠠ ᠪᠣᠯᠣᠨ᠎ᠠ᠃ ᠡᠭᠦᠨ ᠠᠴᠠ ᠦᠵᠡᠪᠡᠯ᠂ | ᠪᠠᠷᠠᠭᠤᠨ ᠬᠠᠨ ᠤᠯᠤᠰ ᠤᠨ ᠦᠶ᠎ᠡ ᠳᠤ ᠪᠣᠷᠣᠳᠣᠬᠤᠢ ᠣᠷᠣᠨ ᠤ ᠲᠠᠷᠢᠶᠠᠯᠠᠩ ᠮᠠᠰᠢ ᠬᠥᠭᠵᠢᠵᠦ᠂ ᠠᠭᠠᠵᠢᠮ ᠢᠶᠠᠷ | ᠬᠠᠨ ᠤᠯᠤᠰ ᠤᠨ ᠴᠢᠬᠤᠯᠠ ᠠᠲᠠᠷ ᠬᠠᠭᠠᠯᠪᠤᠷᠢᠯᠠᠯᠲᠠ ᠶᠢᠨ ᠣᠷᠣᠨ ᠪᠠ ᠪᠣᠭᠤᠮᠲᠠ ᠶᠢᠨ ᠭᠠᠳᠠᠨᠠᠬᠢ ᠵᠢᠶᠦ᠋ᠨ ᠤ | ᠴᠢᠬᠤᠯᠠ ᠠᠮᠤ ᠪᠤᠳᠠᠭᠠᠨ ᠤ ᠰᠠᠩ ᠪᠣᠯᠤᠭᠰᠠᠨ ᠪᠠᠶᠢᠨ᠎ᠠ᠃ | ᠠᠲᠠᠷ ᠬᠠᠭᠠᠯᠪᠤᠷᠢᠯᠠᠨ ᠲᠠᠷᠢᠶ᠎ᠠ ᠲᠠᠷᠢᠵᠤ ᠤᠰᠤᠨ ᠠᠰᠢᠭᠯᠠᠯᠲᠠ ᠶᠢᠨ ᠦᠢᠯᠡᠰ ᠨᠡᠯᠢᠶᠡᠳ ᠲᠦᠷᠭᠡᠨ | ᠬᠥᠭᠵᠢᠭᠰᠡᠨ ᠠᠴᠠ ᠥᠪᠥᠷ ᠮᠣᠩᠭᠤᠯ ᠤᠨ ᠬᠠᠲᠤᠨ ᠭᠤᠣᠯ ᠤᠨ ᠰᠠᠪᠠ ᠭᠠᠵᠠᠷ ᠤᠨ ᠲᠠᠷᠢᠶᠠᠯᠠᠩ ᠬᠠᠨ ᠤᠯᠤᠰ ᠤᠨ | ᠦᠶ᠎ᠡ ᠳᠤ ᠢᠯᠡᠳᠲᠡ ᠦᠷ᠎ᠡ ᠠᠰᠢᠭ ᠣᠯᠪᠠ᠃ | ᠤᠰᠤᠨ ᠠᠰᠢᠭᠯᠠᠯᠲᠠ ᠶᠢᠨ ᠪᠦᠲᠦᠭᠡᠨ ᠪᠠᠶᠢᠭᠤᠯᠤᠯᠲᠠ ᠲᠤᠬᠠᠢ ᠶᠢᠨ ᠭᠠᠵᠠᠷ ᠤᠨ ᠤᠰᠤᠨ ᠤ ᠡᠬᠢ ᠪᠠᠶᠠᠯᠢᠭ ᠢ | ᠥᠨᠳᠥᠷ ᠪᠦᠲᠦᠮᠵᠢᠲᠡᠶ ᠠᠰᠢᠭᠯᠠᠨ ᠲᠠᠷᠢᠶᠠᠯᠠᠩ ᠢ ᠬᠥᠭᠵᠢᠭᠦᠯᠦᠭᠰᠡᠨ ᠢᠶᠠᠷ ᠪᠠᠷᠠᠬᠤ ᠦᠭᠡᠢ ᠪᠠᠰᠠ ᠴᠤ ᠬᠠᠲᠤᠨ | ᠭᠤᠣᠯ ᠤᠨ ᠳᠡᠭᠡᠳᠦ ᠤᠷᠤᠰᠬᠠᠯ ᠤᠨ ᠦᠯᠡᠭᠦᠳᠡᠭᠰᠡᠨ ᠤᠰᠤ ᠶᠢ ᠨᠠᠪᠲᠠᠷᠡᠭᠦᠯᠵᠦ᠂ ᠳᠤᠮᠳᠠ ᠳᠣᠣᠷᠠᠳᠤ | ᠤᠷᠤᠰᠬᠠᠯ ᠤᠨ ᠭᠠᠵᠠᠷ ᠣᠷᠣᠨ ᠤ ᠤᠰᠤᠨ ᠤ ᠭᠠᠮᠰᠢᠭ ᠢ ᠪᠠᠭᠠᠰᠬᠠᠭᠰᠠᠨ ᠵᠠᠩᠭᠢᠯᠠᠭ᠎ᠠ ᠶᠢᠨ ᠠᠷᠭ᠎ᠠ ᠬᠡᠮᠵᠢᠶ᠎ᠡ | ᠪᠣᠯᠣᠨ᠎ᠠ᠃ | ᠤᠷᠳᠤ ᠤᠳᠠᠭᠠᠨ ᠲᠡᠦᠬᠡᠨ ᠶᠠᠪᠤᠴᠠ ᠳᠤ᠂ ᠨᠡᠭᠦᠳᠡᠯ ᠮᠠᠯᠵᠢᠯ ᠤᠨ ᠪᠣᠯᠪᠠᠰᠤᠨ᠂ ᠲᠠᠷᠢᠶᠠᠯᠠᠩ ᠤᠨ ᠪᠣᠯᠪᠠᠰᠤᠨ | ᠵᠡᠷᠭᠡ ᠬᠠᠷᠢᠯᠴᠠᠨ ᠠᠭᠤᠰᠤᠯᠴᠠᠵᠤ᠂ ᠪᠣᠷᠣᠳᠣᠬᠤᠢ ᠶᠢᠨ ᠤᠰᠤᠯᠠᠯᠲᠠ ᠶᠢᠨ ᠣᠷᠣᠨ ᠤ ᠭᠦᠨ ᠵᠤᠵᠠᠭᠠᠨ ᠲᠡᠦᠬᠡ | ᠰᠣᠶᠣᠯ ᠢ ᠬᠤᠷᠠᠮᠳᠤᠭᠤᠯᠵᠤ᠂ ᠤᠯᠠᠭᠠᠨᠰᠤᠬᠠᠢ ᠭᠡᠬᠦ ᠡᠨᠡ ᠬᠦ ︽ᠪᠣᠭᠤᠮᠲᠠ ᠶᠢᠨ ᠭᠠᠳᠠᠨᠠᠬᠢ ᠬᠡᠷᠡᠯᠳᠦ ᠰᠤᠪᠤᠳ︾ | ᠴᠦ ᠤᠯᠠᠮ ᠠᠴᠠ ᠤᠯᠠᠮ ᠦᠵᠡᠰᠬᠦᠯᠡᠩᠲᠦ ᠰᠠᠶᠢᠬᠠᠨ ᠪᠣᠯᠵᠠᠢ᠃ | | ᠥᠪᠥᠷ ᠮᠣᠩᠭᠤᠯ ᠤᠨ ᠬᠠᠲᠤᠨ ᠭᠤᠣᠯ ᠤᠨ ᠰᠠᠪᠠ ᠭᠠᠵᠠᠷ ᠠᠴᠠ ᠮᠠᠯᠲᠠᠵᠤ ᠭᠠᠷᠭᠠᠭᠰᠠᠨ ᠴᠢᠨ ᠬᠠᠨ ᠤ | ᠦᠶ᠎ᠡ ᠶᠢᠨ ᠲᠠᠷᠢᠶᠠᠯᠠᠩ ᠤᠨ ᠬᠡᠷᠡᠭᠰᠡᠯ - ᠲᠡᠮᠦᠷ ᠠᠨᠵᠢᠰᠤ | | | | | ᠪᠣᠷᠣᠳᠣᠬᠤᠢ ᠣᠷᠣᠨ ᠠᠴᠠ ᠮᠠᠯᠲᠠᠵᠤ ᠭᠠᠷᠭᠠᠭᠰᠠᠨ ᠲᠡᠮᠦᠷ ᠰᠦᠬᠡ᠂ ᠲᠡᠮᠦᠷ ᠬᠤᠰᠤᠭᠤᠷ | | | ᠰᠢ ᠾᠧ ᠶᠢᠨ ᠲᠠᠷᠢᠶᠠᠯᠠᠩ ᠤᠨ ᠶᠠᠪᠤᠳᠠᠯ ᠤᠨ ᠵᠠᠷᠯᠢᠭ ᠤᠨ ᠲᠠᠮᠠᠭ᠎ᠠ | ︵ᠲᠤᠰ ᠨᠢᠭᠤᠷ ᠤᠨ ᠨᠡᠷ᠎ᠡ ᠬᠠᠲᠠᠭᠰᠠᠨ ᠠᠴᠠ ᠪᠤᠰᠤᠳ ᠭᠡᠷᠡᠯ ᠵᠢᠷᠤᠭ ᠢ ᠣᠷᠳᠣᠰ ᠬᠤᠲᠠ ᠶᠢᠨ ᠮᠦᠽᠧᠢ ᠶᠢᠨ | ᠬᠦᠷᠢᠶᠡᠯᠡᠩ᠂ ᠥᠪᠥᠷ ᠮᠣᠩᠭᠤᠯ ᠤᠨ ᠪᠣᠷᠣᠳᠣᠬᠤᠢ ᠶᠢᠨ ᠰᠣᠶᠣᠯ ᠤᠨ ᠮᠦᠽᠧᠢ ᠬᠠᠩᠭᠠᠪᠠ︶ | | | |