ᠮᠣᠩᠭᠤᠯᠴᠣᠳ ᠤᠨ ᠱᠠᠭ᠎ᠠ ᠪᠠᠷ ᠬᠡᠰᠢᠭ ᠪᠤᠶᠠᠨ ᠢ ᠪᠡᠯᠭᠡᠳᠡᠬᠦ ᠶᠣᠰᠤᠨ
ᠨᠡᠶᠢᠲᠡᠯᠡᠭᠰᠡᠨ ᠴᠠᠭ᠄
2024/10/1
    ᠱᠠᠭ᠎ᠠ ᠪᠠᠷ ᠮᠠᠯ ᠰᠦᠷᠦᠭ ᠤᠨ ᠦᠷᠡᠵᠢᠯ ᠲᠦᠯᠵᠢᠯ᠂ ᠦᠨᠢᠷ ᠦᠰᠦᠯᠲᠡ ᠪᠣᠯᠣᠨ ᠰᠢᠨᠳᠠᠰᠤ ᠰᠠᠶᠢᠲᠠᠢ ᠬᠤᠷᠳᠤᠨ ᠬᠦᠯᠦᠭ ᠤᠨ ᠬᠡᠰᠢᠭ ᠪᠤᠶᠠᠨ ᠤ ᠪᠡᠯᠭᠡᠳᠡᠯ ᠪᠣᠯᠭᠠᠬᠤ ᠵᠠᠩ ᠦᠢᠯᠡ ᠮᠣᠩᠭᠤᠯᠴᠣᠳ ᠤᠨ ᠲᠤᠮᠳᠠ ᠦᠷᠭᠡᠨ ᠳᠡᠯᠭᠡᠷ ᠤᠯᠠᠮᠵᠢᠯᠠᠭᠳᠠᠵᠤ ᠢᠷᠡᠭᠰᠡᠨ ᠶᠤᠮ᠃ ᠮᠣᠩᠭᠤᠯᠴᠣᠳ ᠮᠠᠯ ᠤᠨ ᠱᠠᠭ᠎ᠠ ᠶᠢ ︽ᠶᠠᠰᠤᠨ ᠡᠷᠳᠡᠨᠢ︾ ᠭᠡᠵᠦ ᠡᠷᠬᠢᠮᠯᠠᠨ ᠦᠵᠡᠵᠦ᠂ ᠱᠠᠭᠠᠨᠲᠤ ᠴᠢᠮᠦᠭᠡ ᠶᠢ ᠮᠦᠯᠵᠢᠭᠡᠳ᠂ ᠱᠠᠭ᠎ᠠ ᠶᠢ ᠰᠠᠶᠢᠬᠠᠨ ᠵᠠᠰᠠᠵᠤ᠂ ᠬᠡᠲᠤ ᠣᠷᠬᠢᠵᠤ ᠮᠤᠷᠢ ᠪᠣᠰᠬᠠᠭᠰᠠᠨ ᠤ ᠲᠠᠷᠠᠭ᠎ᠠ᠂ ᠬᠤᠷᠢᠶᠠᠳᠠᠭ ᠵᠠᠩᠰᠢᠯ ᠲᠠᠢ᠃ ᠮᠠᠯᠴᠢᠳ ᠬᠤᠨᠢ ᠢᠮᠠᠭᠠᠨ ᠤ ᠱᠠᠭ᠎ᠠ ᠶᠢ ᠴᠣᠭᠯᠠᠭᠤᠯᠵᠤ ᠱᠠᠭ᠎ᠠ ᠲᠣᠭᠯᠠᠬᠤ ᠶᠢᠨ ᠬᠠᠮᠲᠤ᠂ ᠱᠠᠭ᠎ᠠ ᠶᠢ ᠵᠠᠭᠤ ᠮᠢᠩᠭ᠎ᠠ ᠪᠠᠷ ᠴᠣᠭᠯᠠᠭᠤᠯᠵᠤ᠂ ᠱᠠᠭ᠎ᠠ ᠠᠷᠪᠢᠨ ᠴᠣᠭᠯᠠᠭᠤᠯᠪᠠᠯ᠂ ᠮᠠᠯ ᠰᠦᠷᠦᠭ ᠦᠨᠢᠷ ᠦᠰᠦᠨ᠎ᠡ ᠬᠡᠮᠡᠨ ᠦᠵᠡᠳᠡᠭ᠃ ᠡᠷᠲᠡ ᠦᠶ᠎ᠡ ᠳᠤ ᠪᠠᠨ ᠬᠤᠨᠢ ᠲᠦᠮᠡ ᠬᠦᠷᠪᠡᠯ ᠬᠠᠭᠠᠨ ᠡᠵᠡᠨ ᠳᠤ ᠮᠡᠳᠡᠭᠦᠯᠵᠦ᠂ ᠭᠠᠩ ᠲᠣᠯᠭ᠎ᠠ ᠪᠠᠷ ᠱᠠᠩᠨᠠᠳᠠᠭ ᠪᠠ ᠰᠦᠷᠦᠭ ᠤᠨ ᠡᠵᠡᠨ ᠨᠢ ᠠᠯᠳᠠᠨ ᠱᠠᠭ᠎ᠠ ᠴᠢᠳᠬᠤᠵᠤ ᠲᠠᠬᠢᠳᠠᠭ ᠪᠠᠶᠢᠪᠠ᠃ ᠲᠡᠷᠡᠴᠢᠯᠡᠨ ᠱᠠᠭ᠎ᠠ ᠰᠠᠶᠢᠬᠠᠨ ᠵᠠᠰᠠᠪᠠᠯ ᠬᠤᠷᠳᠤᠨ ᠬᠦᠯᠦᠭ ᠲᠦᠷᠦᠨ᠎ᠡ᠂ ᠲᠤᠶᠢᠭ ᠰᠠᠶᠢᠬᠠᠨ ᠵᠠᠰᠠᠪᠠᠯ ᠪᠠᠭᠠᠳᠤᠷ ᠭᠦᠦ ᠲᠦᠷᠦᠨ᠎ᠡ︾ ᠭᠡᠵᠦ ᠪᠡᠯᠭᠡᠰᠢᠶᠡᠨ᠂ ᠱᠠᠭ᠎ᠠ  ᠶᠢ ᠴᠡᠪᠡᠷ ᠰᠠᠶᠢᠬᠠᠨ ᠵᠠᠰᠠᠳᠠᠭ ᠪᠦᠭᠡᠳ ᠭᠡᠭᠡᠷ᠎ᠡ ᠶᠢᠨ ᠠᠷᠢᠶᠠᠲᠠᠨ ᠤ ᠲᠤᠳᠤᠷ᠎ᠠ ᠠᠴᠠ ᠴᠢᠨ᠋ᠸ᠎ᠠ ᠶᠢᠨ ᠱᠠᠭ᠎ᠠ᠂ ᠵᠡᠭᠡᠷ᠎ᠡ ᠶᠢᠨ ᠱᠠᠭ᠎ᠠ ᠪᠠᠷ ᠬᠤᠷᠳᠤᠨ ᠬᠦᠯᠦᠭ ᠤᠨ ᠬᠡᠰᠢᠭ ᠪᠣᠶᠠᠨ ᠤ ᠪᠡᠯᠭᠡᠰᠢᠶᠡᠯ ᠪᠣᠯᠭᠠᠳᠠᠭ᠃ ᠪᠠᠶᠠᠨ ᠨᠠᠭᠤᠷ ᠤᠨ ᠡᠳᠦᠷ ᠤᠨ ᠰᠣᠨᠢᠨ ᠤ ︽ᠳᠡᠯᠭᠡᠷ ᠬᠠᠩᠭᠠᠢ︾ ᠪᠤᠯᠤᠩ ᠠᠴᠠ ᠪᠠᠭᠤᠯᠭᠠᠪᠠ
 
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号