ᠠᠰᠠᠭᠤᠯᠳᠠ ᠳᠤᠷᠠᠳᠬᠤ ᠪᠣᠯ ᠨᠢᠭᠡᠨ ᠵᠦᠢᠯ ᠤᠨ ᠴᠢᠳᠠᠪᠤᠷᠢ
ᠨᠡᠶᠢᠲᠡᠯᠡᠭᠰᠡᠨ ᠴᠠᠭ᠄
2023/9/26
     ᠲᠦᠷᠦᠭᠦᠬᠡᠨ ᠶᠠᠪᠤᠭᠳᠠᠭᠰᠠᠨ ᠪᠦᠭᠦ ᠤᠯᠤᠰ ᠤᠨ ᠳᠤᠮᠳᠠᠳᠤ ᠰᠤᠷᠭᠠᠭᠤᠯᠢ ᠶᠢᠨ ᠵᠠᠬᠢᠷᠤᠯ ᠤᠨ ᠲᠦᠷᠦᠭᠦᠴᠦᠳ ᠤᠨ ᠶᠠᠷᠢᠶᠠᠨ ᠤ ᠲᠠᠪᠴᠠᠩ ᠳᠡᠭᠡᠷ᠎ᠡ ᠵᠠᠷᠢᠮ ᠲᠤᠰᠬᠠᠢ ᠮᠡᠷᠭᠡᠵᠢᠯᠲᠡᠳ ᠠᠴᠠ ᠰᠤᠷᠤᠬᠴᠢᠳ ᠤᠨ ᠦᠨ᠎ᠡ ᠥᠷᠲᠡᠭ ᠲᠠᠢ ᠠᠰᠠᠭᠤᠳᠠᠯ ᠢ ᠢᠯᠡᠷᠡᠭᠦᠯᠬᠦ ᠴᠢᠳᠠᠪᠤᠷᠢ ᠶᠢ ᠬᠥᠮᠥᠵᠢᠭᠦᠯᠬᠦ᠂ ᠠᠰᠠᠭᠤᠳᠠᠯ ᠢ ᠢᠯᠡᠷᠡᠭᠦᠯᠬᠦ ᠶᠢ ᠵᠣᠷᠢᠭᠵᠢᠭᠤᠯᠬᠤ᠂ ᠬᠢᠴᠢᠶᠡᠯ ᠤᠨ ᠲᠠᠩᠬᠢᠮ ᠳᠡᠭᠡᠷ᠎ᠡ ᠢᠯᠡᠭᠦᠬᠡᠨ ᠠᠰᠠᠭᠤᠯᠳᠠ ᠳᠤᠷᠠᠳᠬᠤ ᠶᠢ ᠴᠢᠬᠤᠯᠠᠴᠢᠯᠠᠭᠰᠠᠨ ᠪᠠᠶᠢᠯ᠎ᠠ᠃ ᠲᠡᠶᠢᠮᠦ ᠭᠡᠮ᠂ ᠠᠰᠠᠭᠤᠯᠳᠠ ᠳᠤᠷᠠᠳᠬᠤ ᠪᠣᠯ ᠨᠢᠭᠡᠨ ᠵᠦᠢᠯ ᠤᠨ ᠴᠢᠬᠤᠯᠠ ᠴᠢᠳᠠᠪᠤᠷᠢ ᠪᠣᠯᠣᠨ᠎ᠠ᠃     ︽ᠨᠢᠭᠡ ᠠᠰᠠᠭᠤᠳᠠᠯ ᠢ ᠳᠤᠷᠠᠳᠬᠤ ᠨᠢ ᠨᠢᠭᠡ ᠠᠰᠠᠭᠤᠳᠠᠯ ᠢ ᠰᠢᠢᠳᠪᠦᠷᠢᠯᠡᠬᠦ ᠠᠴᠠ ᠬᠤᠯᠠ ᠴᠢᠬᠤᠯᠠ ᠪᠠᠶᠢᠳᠠᠭ᠃ ᠨᠢᠭᠡ ᠠᠰᠠᠭᠤᠳᠠᠯ ᠢ ᠲᠣᠭᠠᠨ ᠤ ᠤᠬᠠᠭᠠᠨ ᠪᠤᠶᠤ ᠲᠤᠷᠰᠢᠯᠲᠠ ᠪᠠᠷ ᠳᠠᠮᠵᠢᠨ ᠰᠢᠢᠳᠪᠦᠷᠢᠯᠡᠵᠦ ᠪᠣᠯᠣᠨ᠎ᠠ᠂ ᠭᠡᠪᠡᠴᠦ ᠰᠢᠨ᠎ᠡ ᠨᠢᠭᠡᠨ ᠠᠰᠠᠭᠤᠳᠠᠯ ᠢ ᠳᠤᠷᠠᠳᠬᠤ ᠳᠤ ᠡᠭᠦᠳᠦᠨ ᠪᠦᠲᠦᠭᠡᠯᠲᠡ ᠶᠢᠨ ᠴᠢᠨᠠᠷᠲᠠᠢ ᠲᠥᠰᠥᠭᠡᠯᠡᠨ ᠪᠤᠳᠤᠬᠤ ᠴᠢᠳᠠᠪᠤᠷᠢ ᠶᠢ ᠱᠠᠭᠠᠷᠳᠠᠬᠤ ᠪᠥᠭᠡᠳ ᠡᠨᠡ ᠨᠢ ᠰᠠᠶ᠋ᠢ ᠰᠢᠨᠵᠢᠯᠡᠬᠦ ᠤᠬᠠᠭᠠᠨ ᠤ ᠦᠨᠡᠨ ᠬᠦ ᠳᠠᠪᠰᠢᠯᠳᠠ ᠶᠢ ᠬᠠᠷᠠᠭᠤᠯᠵᠤ ᠴᠢᠳᠠᠳᠠᠭ︾ ᠭᠡᠵᠦ ᠠᠶᠢᠨᠰᠲ᠋ᠧᠨ ᠶᠠᠷᠢᠭᠰᠠᠨ ᠪᠠᠶᠢᠳᠠᠭ᠃ ᠰᠤᠷᠤᠬᠴᠢᠳ ᠰᠤᠷᠤᠯᠴᠠᠬᠤ ᠳᠤᠮᠳᠠ ᠪᠠᠨ ᠠᠰᠠᠭᠤᠳᠠᠯ ᠢ ᠢᠯᠡᠷᠡᠭᠦᠯᠵᠦ᠂ ᠠᠰᠠᠭᠤᠳᠠᠯ ᠢ ᠳᠤᠷᠠᠳᠤᠨ᠂ ᠠᠰᠠᠭᠤᠳᠠᠯ ᠢ ᠵᠠᠳᠠᠯᠵᠤ᠂ ᠠᠰᠠᠭᠤᠳᠠᠯ ᠢ ᠰᠢᠢᠳᠪᠦᠷᠢᠯᠡᠬᠦ ᠪᠣᠯ ᠰᠤᠷᠤᠯᠴᠠᠬᠤ ᠴᠢᠳᠠᠪᠤᠷᠢ ᠶᠢᠨ ᠴᠢᠬᠤᠯᠠ ᠪᠦᠷᠢᠯᠳᠦᠭᠦᠨ ᠬᠡᠰᠡᠭ ᠶᠤᠮ᠃ ︽ᠬᠤᠶᠠᠷ ᠢ ᠬᠥᠩᠭᠡᠷᠡᠭᠦᠯᠬᠦ︾ ᠲᠦᠷᠦ  ᠶᠢᠨ ᠪᠣᠳᠣᠯᠭ᠎ᠠ ᠶᠢ ᠬᠡᠷᠡᠭᠵᠢᠭᠦᠯᠦᠭᠰᠡᠨ ᠠᠴᠠ ᠨᠠᠭᠠᠰᠢ ᠪᠠᠭᠰᠢ ᠨᠠᠷ ᠤᠨ ᠬᠢᠴᠢᠶᠡᠯ ᠤᠨ ᠲᠠᠩᠬᠢᠮ ᠤᠨ ᠵᠢᠭᠠᠨ ᠰᠤᠷᠭᠠᠯᠲᠠ ᠶᠢᠨ ᠦᠷ᠎ᠡ ᠠᠰᠢᠭ ᠢ ᠳᠡᠭᠡᠭᠰᠢᠯᠡᠭᠦᠯᠭᠦ ᠲᠤᠬᠠᠢ ᠨᠡᠩ ᠥᠨᠳᠥᠷ ᠱᠠᠭᠠᠷᠳᠠᠯᠭ᠎ᠠ ᠲᠠᠢ ᠪᠣᠯᠤᠭᠰᠠᠨ ᠪᠥᠭᠡᠳ ᠨᠦᠭᠦᠭᠡ ᠲᠠᠯ᠎ᠠ ᠪᠠᠷ ᠰᠤᠷᠤᠬᠴᠢᠳ ᠤᠨ ᠰᠤᠷᠤᠯᠴᠠᠬᠤ ᠴᠢᠳᠠᠪᠤᠷᠢ ᠪᠠᠨ ᠲᠡᠭᠡᠭᠰᠢᠯᠡᠭᠦᠯᠭᠦ ᠶᠢ ᠴᠸ ᠱᠠᠭᠠᠷᠳᠠᠵᠤ ᠪᠠᠶᠢᠳᠠᠭ᠃ ᠡᠭᠦᠨ ᠳᠤ ᠰᠤᠷᠤᠬᠴᠢᠳ ᠤᠨ ᠰᠤᠷᠤᠯᠴᠠᠬᠤ ᠴᠢᠳᠠᠪᠤᠷᠢ ᠶᠢ ᠳᠡᠭᠡᠭᠰᠢᠯᠡᠭᠦᠯᠭᠦ ᠳᠤ ᠳᠡᠳᠡᠨ ᠤ ᠠᠰᠠᠭᠤᠯᠳᠠ ᠳᠤᠷᠠᠳᠬᠤ ᠴᠢᠳᠠᠪᠤᠷᠢ ᠶᠢ ᠬᠥᠮᠥᠵᠢᠭᠦᠯᠬᠦ ᠨᠢ ᠮᠠᠰᠢ ᠴᠢᠬᠤᠯᠠ ᠪᠠᠶᠢᠳᠠᠭ᠃     ᠰᠤᠷᠤᠬᠴᠢᠳ ᠤᠨ ᠠᠰᠠᠭᠤᠯᠳᠠ ᠳᠤᠷᠠᠳᠬᠤ ᠴᠢᠳᠠᠪᠤᠷᠢ ᠶᠢ ᠬᠥᠲᠥᠯᠥᠨ ᠵᠢᠯᠤᠭᠤᠳᠬᠤ ᠳᠤ ᠪᠠᠭᠰᠢ ᠨᠠᠷ ᠤᠯᠠᠮᠵᠢᠯᠠᠯᠲᠤ ᠬᠢᠴᠢᠶᠡᠯ ᠤᠨ ᠲᠠᠩᠬᠢᠮ ᠤᠨ ᠪᠠᠭᠰᠢ ᠠᠰᠠᠭᠤᠵᠤ ᠰᠤᠷᠤᠬᠴᠢ ᠬᠠᠷᠢᠭᠤᠯᠬᠤ ᠮᠠᠶ᠋ᠢᠭ ᠤᠨ ᠵᠢᠭᠠᠨ ᠰᠤᠷᠭᠠᠯᠲᠠ ᠶᠢᠨ ᠠᠷᠭ᠎ᠠ ᠭᠡᠯᠪᠡᠷᠢ ᠪᠠᠨ ᠥᠭᠡᠷᠡᠴᠢᠯᠡᠵᠦ᠂ ᠰᠤᠷᠤᠬᠴᠢᠳ ᠤᠨ ᠠᠰᠠᠭᠤᠯᠳᠠ ᠠᠰᠠᠭᠤᠬᠤ ᠢᠳᠡᠪᠬᠢᠵᠢᠯ ᠢ ᠲᠠᠶᠢᠴᠢᠯᠠᠵᠤ᠂ ᠠᠰᠠᠭᠤᠯᠳᠠ ᠠᠰᠠᠭᠤᠬᠤ ᠳᠤᠷ᠎ᠠ ᠪᠠᠬ᠎ᠠ ᠲᠠᠢ ᠪᠤᠯᠭᠠᠬᠤ ᠪᠠᠷ ᠳᠠᠮᠵᠢᠨ ᠳᠡᠳᠡᠨ ᠤ ᠰᠤᠷᠤᠯᠴᠠᠬᠤ ᠴᠢᠳᠠᠪᠤᠷᠢ ᠶᠢ ᠳᠡᠭᠡᠭᠰᠢᠯᠡᠭᠦᠯᠵᠦ ᠪᠣᠯᠣᠨ᠎ᠠ᠃ ᠰᠠᠨᠠᠭᠠᠴᠢᠯᠠᠭ᠎ᠠ ᠲᠠᠢ ᠪᠠᠷ ᠰᠤᠷᠤᠬᠴᠢᠳ ᠤᠨ ᠠᠰᠠᠭᠤᠯᠳᠠ ᠳᠤᠷᠠᠳᠬᠤ  ᠶᠢ ᠬᠥᠲᠥᠯᠥᠨ ᠵᠢᠯᠤᠭᠤᠳᠬᠤ ᠨᠢ ᠪᠠᠭᠰᠢ ᠶᠢᠨ ᠶᠠᠮᠠᠷ ᠬᠥᠮᠥᠨ ᠢ ᠬᠥᠮᠥᠵᠢᠭᠦᠯᠬᠦ᠂ ᠬᠥᠮᠥᠨ ᠢ ᠬᠡᠷᠬᠢᠨ ᠬᠥᠮᠥᠵᠢᠭᠦᠯᠬᠦ ᠣᠷᠣᠯᠳᠣᠯᠭ᠎ᠠ ᠶᠢ ᠢᠯᠡᠷᠡᠭᠦᠯᠵᠦ᠂ ︽ᠰᠤᠷᠬᠤ ᠪᠠᠷ ᠭᠤᠣᠯ ᠪᠤᠯᠭᠠᠬᠰᠠᠨ᠂ ᠠᠰᠠᠭᠤᠳᠠᠯ ᠢᠶᠠᠷ ᠤᠳᠤᠷᠢᠳᠤᠮᠵᠢ ᠪᠤᠯᠭᠠᠬᠰᠠᠨ︾ ᠬᠢᠴᠢᠶᠡᠯ ᠤᠨ ᠲᠠᠩᠬᠢᠮ ᠢᠶᠠᠷ ᠳᠠᠮᠵᠢᠵᠤ᠂ ᠵᠢᠭᠠᠨ ᠰᠤᠷᠭᠠᠯᠲᠠ ᠶᠢᠨ ᠴᠢᠨᠠᠷ ᠴᠢᠨᠰᠠᠭ᠎ᠠ ᠪᠠᠨ ᠳᠡᠭᠡᠭᠰᠢᠯᠡᠭᠦᠯᠵᠦ ᠴᠢᠳᠠᠨ᠎ᠠ᠃ ᠲᠠᠭᠢᠪᠠᠯ ᠰᠤᠷᠤᠬᠴᠢ ᠶᠢᠨ ᠠᠰᠠᠭᠤᠯᠳᠠ ᠠᠴᠠ ᠲᠡᠳᠡᠨ ᠤ ᠦᠨᠡᠨ ᠪᠣᠳᠠᠲᠠᠢ ᠰᠤᠷᠤᠯᠴᠠᠬᠤ ᠬᠡᠷᠡᠭᠴᠡᠭᠡ ᠱᠠᠭᠠᠷᠳᠠᠯᠭ᠎ᠠ ᠵᠢᠴᠢ ᠶᠠᠭᠤ ᠶᠢ ᠨᠢ ᠮᠡᠳᠡᠭᠡᠳ ᠶᠠᠭᠤ ᠶᠢ ᠨᠢ ᠮᠡᠳᠡᠬᠦ ᠦᠭᠡᠢ ᠪᠠᠶᠢᠬᠤ ᠶᠢ ᠣᠶᠢᠯᠠᠭᠠᠵᠤ᠂ ᠵᠢᠭᠠᠨ ᠰᠤᠷᠭᠠᠯᠲᠠ ᠳᠠᠭᠠᠨ ᠨᠡᠩ ᠴᠢᠭᠯᠡᠯᠲᠦ ᠴᠢᠨᠠᠷ ᠲᠠᠢ ᠪᠣᠯᠵᠤ᠂ ᠵᠢᠭᠠᠨ ᠰᠤᠷᠭᠠᠯᠲᠠ ᠶᠢᠨ ᠦᠷ᠎ᠡ ᠪᠦᠳᠦᠮᠵᠢ ᠪᠠᠨ ᠳᠡᠭᠡᠭᠰᠢᠯᠡᠭᠦᠯᠭᠦ ᠳᠤ ᠠᠰᠢᠭᠲᠠᠢ᠃ ᠡᠶᠢᠮᠦᠷᠬᠦᠦ ᠰᠤᠷᠤᠬᠴᠢᠳ ᠤᠨ ᠠᠰᠠᠭᠤᠯᠳᠠ ᠳᠤᠷᠠᠳᠬᠤ ᠢᠳᠡᠪᠬᠢᠵᠢᠯ ᠰᠠᠶᠢᠵᠢᠷᠠᠬᠤ ᠶᠢ ᠳᠠᠭᠠᠯᠳᠤᠨ᠂ ᠰᠤᠷᠤᠬᠴᠢᠳ ᠤᠨ ᠰᠤᠷᠤᠯᠴᠠᠬᠤ ᠣᠪᠣᠷ ᠪᠠᠶᠢᠳᠠᠯ ᠴᠤ ᠰᠠᠶᠢᠵᠢᠷᠠᠵᠤ᠂ ᠳᠡᠳᠡᠨ ᠤ ᠠᠰᠠᠭᠤᠳᠠᠯ ᠢ ᠢᠯᠡᠷᠡᠭᠦᠯᠵᠦ᠂ ᠠᠰᠠᠭᠤᠳᠠᠯ ᠢ ᠵᠠᠳᠠᠯᠬᠤ ᠴᠢᠳᠠᠪᠤᠷᠢ ᠴᠢᠩᠭᠠᠷᠠᠵᠤ᠂ ᠡᠴᠦᠰ ᠲᠡᠭᠡᠨ ᠰᠤᠷᠤᠯᠴᠠᠬᠤ ᠳᠤᠷᠠᠲᠠᠢ᠂ ᠰᠤᠷᠤᠯᠴᠠᠬᠤ ᠴᠢᠳᠠᠪᠤᠷᠢ ᠲᠠᠢ ᠪᠣᠯᠵᠤ ᠬᠤᠪᠢᠷᠠᠬᠤ ᠶᠤᠮ᠃     ᠰᠤᠷᠤᠬᠴᠢᠳ ᠤᠨ ᠠᠰᠠᠭᠤᠯᠳᠠ ᠳᠤᠷᠠᠳᠬᠤ ᠶᠢ ᠵᠣᠷᠢᠭᠵᠢᠭᠤᠯᠬᠤ ᠳᠤ ᠪᠠᠭᠰᠢ ᠨᠠᠷ ᠵᠢᠭᠠᠨ ᠰᠤᠷᠭᠠᠯᠲᠠ ᠶᠢᠨ ᠲᠥᠯᠥᠪᠯᠡᠭᠡ ᠶᠢᠨ ᠲᠠᠯ᠎ᠠ ᠪᠠᠷ ᠢᠯᠡᠭᠦᠬᠡᠨ ᠬᠦᠴᠦ ᠤᠷᠤᠭᠤᠯᠬᠤ ᠬᠡᠷᠡᠭᠲᠡᠢ᠃ ᠬᠢᠴᠢᠶᠡᠯ ᠤᠨ ᠲᠠᠩᠬᠢᠮ ᠳᠤ ᠵᠢᠭᠠᠨ ᠰᠤᠷᠭᠠᠯᠲᠠ ᠶᠢᠨ ᠠᠭᠤᠯᠭ᠎ᠠ ᠪᠠ ᠵᠢᠭᠠᠬᠤ ᠬᠠᠷᠠᠯᠲᠠ ᠪᠠᠨ ᠦᠨᠳᠦᠰᠦᠯᠡᠵᠦ᠂ ᠬᠢᠴᠢᠶᠡᠯ ᠪᠡᠯᠡᠳᠬᠡᠬᠦ ᠶᠠᠪᠤᠴᠠ ᠳᠠᠭᠠᠨ ᠵᠦᠢ ᠵᠣᠬᠢᠰᠲᠠᠢ ᠠᠰᠠᠭᠤᠯᠳᠠ ᠲᠣᠬᠢᠷᠠᠭᠤᠯᠵᠤ᠂ ᠰᠤᠷᠤᠬᠴᠢ ᠶᠢᠨ ᠰᠤᠷᠤᠯᠴᠠᠬᠤ ᠤᠷᠮ᠎ᠠ ᠪᠠᠬ᠎ᠠ ᠶᠢ ᠬᠥᠭᠵᠢᠭᠡᠵᠦ᠂ ᠰᠤᠷᠤᠬᠴᠢᠳ ᠤᠨ ᠪᠡᠶ᠎ᠡ ᠪᠠᠨ ᠳᠠᠭᠠᠭᠠᠵᠤ ᠰᠡᠳᠬᠢᠬᠦ ᠢᠳᠡᠪᠬᠢᠵᠢᠯ ᠢ ᠳᠠᠶᠢᠴᠢᠯᠠᠪᠠᠯ ᠵᠣᠬᠢᠨ᠎ᠠ᠃ ᠰᠤᠷᠤᠬᠴᠢᠳ ᠤᠨ ᠵᠠᠷᠢᠮ ᠠᠰᠠᠭᠤᠯᠳᠠ ᠨᠢ ᠪᠠᠭᠰᠢ ᠳᠤ ᠠᠪᠴᠤ ᠬᠡᠯᠡᠪᠡᠯ ᠳᠡᠮᠡᠢ ᠦᠨ᠎ᠡ ᠦᠷᠳᠡᠭ ᠦᠭᠡᠢ ᠴᠸ ᠪᠠᠶᠢᠵᠤ ᠮᠡᠳᠡᠨ᠎ᠡ᠂ ᠭᠡᠪᠡᠴᠦ ᠡᠨᠡ ᠨᠢ ᠰᠤᠷᠤᠬᠴᠢᠳ ᠤᠨ ᠬᠤᠪᠢ ᠳᠤ ᠰᠡᠳᠬᠢᠨ ᠪᠣᠳᠣᠯᠬᠢᠯᠠᠭᠠᠳ ᠳᠤᠷᠠᠳᠤᠭᠰᠠᠨ ᠠᠰᠠᠭᠤᠯᠳᠠ ᠪᠣᠯᠬᠤᠷ ᠪᠠᠭᠰᠢ ᠠᠴᠠ ᠰᠤᠷᠤᠬᠴᠢᠳ ᠤᠨ ᠠᠰᠠᠭᠤᠯᠳᠠ ᠳᠤ ᠨᠠᠷᠢᠨ ᠬᠢᠨᠠᠮᠠᠭᠠᠢ ᠬᠠᠨᠳᠤᠵᠤ᠂ ᠴᠠᠭ ᠲᠤᠬᠠᠢ ᠳᠤᠨᠢ ᠵᠣᠷᠢᠭᠵᠢᠭᠤᠯᠪᠠᠯ ᠵᠦᠢᠲᠡᠢ᠃     ᠰᠢᠨ᠎ᠡ ᠬᠢᠴᠢᠶᠡᠯᠯᠡᠭᠡ ᠶᠢᠨ ᠥᠭᠡᠷᠡᠴᠢᠯᠡᠯᠲᠡ ᠳᠠᠰᠤᠷᠠᠯᠳᠠ ᠦᠭᠡᠢ ᠭᠦᠨᠵᠡᠭᠡᠶᠢᠷᠡᠬᠦ ᠶᠢ ᠳᠠᠭᠠᠯᠳᠤᠨ᠂ ᠬᠢᠴᠢᠶᠡᠯ ᠤᠨ ᠲᠠᠩᠬᠢᠮ ᠳᠠᠬᠢ ᠰᠤᠷᠤᠬᠴᠢ ᠶᠢᠨ ᠭᠤᠣᠯ ᠴᠣᠭᠴᠠ ᠶᠢᠨ ᠦᠢᠯᠡᠳᠦᠯ ᠢ ᠭᠦᠨᠳᠦᠳᠭᠡᠵᠦ᠂ ᠲᠡᠳᠡᠨ ᠤ ᠠᠰᠠᠭᠤᠯᠳᠠ ᠳᠤᠷᠠᠳᠬᠤ ᠴᠢᠳᠠᠪᠤᠷᠢ ᠶᠢ ᠴᠢᠬᠤᠯᠠᠴᠢᠯᠠᠨ ᠬᠥᠮᠥᠵᠢᠭᠦᠯᠪᠡᠯ ᠵᠢᠭᠠᠨ ᠰᠤᠷᠭᠠᠯᠲᠠ ᠶᠢᠨ ᠬᠠᠷᠠᠯᠲᠠ ᠵᠣᠷᠢᠯᠲᠠ ᠳᠠᠭᠠᠨ ᠬᠦᠷᠬᠦ ᠨᠢ ᠡᠨᠡᠦᠬᠡᠨ ᠳᠤ᠃ 
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号