| | ᠭᠤᠣᠯ ᠰᠡᠳᠦᠪ᠄ ᠦᠢᠯᠡᠴᠢᠯᠡᠭᠡᠨ ᠤ ᠰᠢᠨ᠎ᠡ ᠠᠷᠭ᠎ᠠ ᠵᠠᠮ ᠢ ᠰᠦᠪᠡᠭᠴᠢᠯᠡᠵᠦ ᠴᠡᠷᠢᠭ ᠤᠨ ᠠᠮᠠᠷᠠᠯᠲᠠ ᠶᠢᠨ | ᠰᠢᠨ᠎ᠡ ᠬᠥᠭᠵᠢᠯᠲᠡ ᠶᠢ ᠠᠬᠢᠭᠤᠯᠤᠨ᠎ᠠ | ᠴᠠᠭ᠄ 2023 ︱ 09 ︱ 2610᠄ 00 | ᠵᠣᠴᠢᠨ᠄ ᠬᠥᠬᠡᠬᠤᠲᠠ ᠶᠢᠨ ᠴᠡᠷᠢᠭ ᠠᠩᠭᠢ ᠶᠢᠨ ᠠᠵᠢᠯ ᠠᠴᠠ ᠪᠠᠨ ᠰᠠᠯᠵᠤ ᠠᠮᠠᠷᠠᠭᠰᠠᠨ ᠪᠠ ᠠᠵᠢᠯ | ᠠᠴᠠ ᠪᠠᠨ ᠪᠠᠭᠤᠵᠤ ᠠᠮᠠᠷᠠᠭᠰᠠᠨ ᠺᠠᠳ᠋ᠷᠴᠤᠳ ᠤᠨ ᠦᠢᠯᠡᠴᠢᠯᠡᠭᠡᠨ ᠤ ᠲᠥᠪ ᠤᠨ ᠡᠷᠬᠢᠯᠡᠭᠴᠢ ᠴᠢᠶ᠋ᠧ ᠬᠠᠢ ᠮᠢᠩ᠂ | ᠬᠥᠬᠡᠬᠤᠲᠠ ᠶᠢᠨ ᠴᠡᠷᠢᠭ ᠠᠩᠭᠢ ᠶᠢᠨ ᠠᠵᠢᠯ ᠠᠴᠠ ᠪᠠᠨ ᠰᠠᠯᠵᠤ ᠠᠮᠠᠷᠠᠭᠰᠠᠨ ᠪᠠ ᠠᠵᠢᠯ ᠠᠴᠠ ᠪᠠᠨ ᠪᠠᠭᠤᠵᠤ | ᠠᠮᠠᠷᠠᠭᠰᠠᠨ ᠺᠠᠳ᠋ᠷᠴᠤᠳ ᠤᠨ ᠦᠢᠯᠡᠴᠢᠯᠡᠭᠡᠨ ᠤ ᠲᠥᠪ ᠤᠨ ᠳᠡᠳ᠋ ᠡᠷᠬᠢᠯᠡᠭᠴᠢ ᠵᠠᠩ ᠸᠧᠨ ᠯᠢ᠂ ᠨᠡᠶᠢᠭᠡᠮᠴᠢᠯᠡᠭᠰᠡᠨ | ᠦᠢᠯᠡᠴᠢᠯᠡᠭᠡᠨ ᠤ ᠰᠠᠯᠠᠭᠠᠨ ᠤ ᠳᠡᠳ᠋ ᠳᠠᠷᠤᠭ᠎ᠠ ᠯᠢᠦᠢ ᠨᠠᠨ᠂ ᠬᠤᠶᠠᠳᠤᠭᠠᠷ ᠦᠢᠯᠡᠴᠢᠯᠡᠭᠡᠨ ᠤ ᠥᠷᠲᠡᠭᠡᠨ ᠤ ᠳᠡᠳ᠋ | ᠳᠠᠷᠤᠭ᠎ᠠ ᠴᠧᠨ ᠮᠧᠦ ᠳ᠋ᠧ | ᠬᠥᠬᠡᠬᠤᠲᠠ ᠶᠢᠨ ᠴᠡᠷᠢᠭ ᠠᠴᠠ ᠬᠠᠯᠠᠭᠳᠠᠭᠰᠠᠳ ᠤᠨ ᠶᠠᠪᠤᠳᠠᠯ ᠤᠨ ᠲᠣᠪᠴᠢᠶ᠎ᠠ | ᠬᠠᠮᠢᠶᠠᠷᠤᠭᠴᠢ᠄ | ᠲᠣᠰ ᠤᠳᠠᠭᠠᠨ ᠤ ᠰᠣᠷᠪᠤᠯᠵᠢᠯᠠᠭ᠎ᠠ ᠪᠣᠯ ᠬᠥᠬᠡᠬᠤᠲᠠ ᠶᠢᠨ ᠵᠠᠰᠠᠭ ᠤᠨ ᠣᠷᠳᠣᠨ ᠤ ᠰᠦᠯᠵᠢᠶ᠎ᠡ ᠬᠢᠭᠡᠳ | ᠬᠥᠬᠡᠬᠤᠲᠠ ᠶᠢᠨ ᠷᠠᠳᠢᠣ᠋ ᠲᠧᠯᠸᠢᠰ ᠬᠤᠷᠢᠶ᠎ᠠ ᠶᠢᠨ ᠤᠳᠬ᠎ᠠ ᠤᠷᠠᠯᠢᠭ ᠷᠠᠳᠢᠣ᠋ ᠨᠡᠪᠲᠡᠷᠡᠭᠦᠯᠭᠡ ᠶᠢᠨ ᠬᠠᠮᠲᠤᠷᠠᠭᠰᠠᠨ | ᠲᠤᠰᠬᠠᠢ ᠰᠣᠷᠪᠤᠯᠵᠢᠯᠠᠭ᠎ᠠ ᠪᠣᠯᠣᠨ᠎ᠠ᠃ ᠰᠦᠯᠵᠢᠶᠡᠨ ᠠᠨᠳᠠ ᠨᠠᠷ ᠰᠦᠯᠵᠢᠶᠡᠨ ᠳᠡᠭᠡᠷ᠎ᠡ ᠦᠭᠡ ᠦᠯᠡᠳᠡᠭᠡᠵᠦ | ᠵᠣᠴᠢᠳ ᠲᠠᠢ ᠰᠠᠨᠠᠯ ᠢᠶᠠᠨ ᠰᠣᠯᠢᠯᠴᠠᠵᠤ ᠪᠣᠯᠣᠨ᠎ᠠ ᠃ ᠰᠦᠯᠵᠢᠶᠡᠨ ᠠᠨᠳᠠ ᠨᠠᠷ ᠤᠨ ᠢᠳᠡᠪᠬᠢᠲᠡᠢ ᠣᠷᠣᠯᠴᠠᠬᠤ ᠶᠢ | ᠪᠠᠶᠠᠷᠯᠠᠨ ᠤᠭᠲᠤᠵᠤ ᠪᠠᠶᠢᠨ᠎ᠠ᠃ | ᠬᠥᠲᠥᠯᠥᠭᠴᠢ᠄ | ᠡᠩ ᠲᠡᠷᠢᠭᠦᠨ ᠳᠤ ᠮᠠᠨ ᠤ ᠬᠤᠲᠠ ᠶᠢᠨ ᠴᠡᠷᠢᠭ ᠤᠨ ᠠᠮᠠᠷᠠᠯᠲᠠ ᠶᠢᠨ ᠺᠠᠳ᠋ᠷᠴᠤᠳ ᠤᠨ ᠦᠢᠯᠡᠴᠢᠯᠡᠭᠡ | ᠪᠠᠲᠤᠯᠠᠭ᠎ᠠ ᠶᠢᠨ ᠰᠢᠰᠲ᠋ᠧᠮ ᠤᠨ ᠪᠠᠶᠢᠭᠤᠯᠤᠯᠲᠠ ᠶᠢᠨ ᠬᠤᠯᠪᠣᠭᠳᠠᠯ ᠪᠦᠬᠦᠢ ᠪᠠᠶᠢᠳᠠᠯ ᠢ ᠲᠠᠨᠢᠯᠴᠠᠭᠤᠯᠤᠶ᠎ᠠ᠃ | ᠬᠥᠬᠡᠬᠤᠲᠠ ᠶᠢᠨ ᠴᠡᠷᠢᠭ ᠠᠩᠭᠢ ᠶᠢᠨ ᠠᠵᠢᠯ ᠠᠴᠠ ᠪᠠᠨ ᠳᠠᠷᠬᠠᠯᠠᠭᠳᠠᠭᠰᠠᠨ ᠠᠵᠢᠯ ᠠᠴᠠ ᠪᠠᠨ ᠠᠮᠠᠷᠠᠭᠰᠠᠨ | ᠺᠠᠳ᠋ᠷᠴᠤᠳ ᠤᠨ ᠦᠢᠯᠡᠴᠢᠯᠡᠭᠡᠨ ᠤ ᠲᠥᠪ ᠤᠨ ᠡᠷᠬᠢᠯᠡᠭᠴᠢ ᠰᠢ ᠬᠠᠢ ᠮᠢᠩ᠄ | ᠤᠯᠠᠨ ᠢᠶᠠᠷ ᠢᠶᠠᠨ ᠰᠠᠶᠢᠨ ᠪᠠᠶᠢᠵᠠᠭᠠᠨ᠎ᠠ ᠦᠦ︖ ᠡᠩ ᠲᠡᠷᠢᠭᠦᠨ ᠳᠤ᠂ ᠲᠠ ᠪᠦᠬᠦᠨ ᠤ ᠮᠠᠨ ᠤ | ᠬᠤᠲᠠ ᠶᠢᠨ ᠴᠡᠷᠢᠭ ᠤᠨ ᠠᠮᠠᠷᠠᠯᠲᠠ ᠶᠢᠨ ᠠᠵᠢᠯ ᠢ ᠬᠠᠯᠠᠮᠵᠢᠯᠠᠨ ᠳᠡᠮᠵᠢᠭᠰᠡᠨ ᠳᠤ ᠲᠠᠯᠠᠷᠬᠠᠵᠤ ᠪᠠᠶᠢᠨ᠎ᠠ᠃ᠶᠡᠷᠦᠩᠬᠡᠢ | ᠱᠦᠵᠢ ᠰᠢ ᠶᠢᠨ ᠫᠢᠩ ᠵᠢᠭᠠᠵᠤ ᠭᠠᠷᠭᠠᠭᠰᠠᠨ ᠨᠢ᠂ ᠴᠡᠷᠢᠭ ᠠᠩᠭᠢ ᠶᠢᠨ ᠠᠵᠢᠯ ᠠᠴᠠ ᠪᠠᠨ ᠰᠠᠯᠵᠤ ᠠᠮᠠᠷᠠᠭᠰᠠᠨ | ᠪᠠ ᠠᠵᠢᠯ ᠠᠴᠠ ᠪᠠᠨ ᠪᠠᠭᠤᠵᠤ ᠠᠮᠠᠷᠠᠭᠰᠠᠨ ᠺᠠᠳ᠋ᠷᠴᠤᠳ ᠨᠠᠮ ᠤᠨ ᠤᠳᠤᠷᠢᠳᠤᠭᠰᠠᠨ ᠬᠤᠪᠢᠰᠬᠠᠯ᠂ ᠪᠦᠲᠦᠭᠡᠨ | ᠪᠠᠶᠢᠭᠤᠯᠤᠯᠲᠠ᠂ ᠥᠭᠡᠷᠡᠴᠢᠯᠡᠯᠲᠡ ᠶᠢᠨ ᠦᠢᠯᠡᠰ ᠲᠤ ᠴᠢᠬᠤᠯᠠ ᠬᠤᠪᠢ ᠨᠡᠮᠡᠷᠢ ᠦᠵᠡᠭᠦᠯᠦᠭᠰᠡᠨ ᠶᠤᠮ᠂ ᠡᠨᠡ ᠪᠣᠯ | ᠨᠠᠮ᠂ ᠤᠯᠤᠰ᠂ ᠴᠡᠷᠢᠭ ᠠᠩᠭᠢ ᠶᠢᠨ ᠡᠷᠬᠢᠮ ᠨᠠᠨᠳᠢᠨ ᠡᠳ᠋ ᠬᠥᠷᠥᠩᠭᠡ ᠮᠥᠨ᠃ ᠬᠥᠬᠡᠬᠤᠲᠠ ᠶᠢᠨ ᠴᠡᠷᠢᠭ | ᠠᠩᠭᠢ ᠶᠢᠨ ᠠᠵᠢᠯ ᠠᠴᠠ ᠪᠠᠨ ᠳᠠᠷᠬᠠᠯᠠᠭᠳᠠᠭᠰᠠᠨ ᠠᠵᠢᠯ ᠠᠴᠠ ᠪᠠᠨ ᠠᠮᠠᠷᠠᠭᠰᠠᠨ ᠺᠠᠳ᠋ᠷᠴᠤᠳ ᠤᠨ | ᠦᠢᠯᠡᠴᠢᠯᠡᠭᠡᠨ ᠤ ᠲᠥᠪ 2021 ᠣᠨ ᠤ 2 ᠳ᠋ᠤᠭᠠᠷ ᠰᠠᠷ᠎ᠠ ᠳᠤ ᠬᠥᠬᠡᠬᠤᠲᠠ ᠶᠢᠨ ᠪᠠᠶᠢᠭᠤᠯᠤᠮᠵᠢ ᠶᠢᠨ ᠣᠷᠣᠨ | ᠲᠣᠭᠠᠨ ᠤ ᠵᠥᠪᠯᠡᠯ ᠤᠨ ᠵᠥᠪᠰᠢᠶᠡᠷᠡᠯ ᠢᠶᠠᠷ ᠪᠠᠶᠢᠭᠤᠯᠤᠭᠳᠠᠵᠤ᠂ ᠬᠥᠬᠡᠬᠤᠲᠠ ᠶᠢᠨ ᠴᠡᠷᠢᠭ ᠤᠨ ᠠᠯᠪᠠᠨ ᠠᠴᠠ | ᠪᠠᠭᠤᠭᠰᠠᠳ ᠤᠨ ᠬᠡᠷᠡᠭ ᠶᠠᠪᠤᠳᠠᠯ ᠤᠨ ᠲᠣᠪᠴᠢᠶ᠎ᠠ ᠳᠤ ᠬᠠᠷᠢᠶᠠᠯᠠᠭᠳᠠᠬᠤ ᠨᠡᠶᠢᠲᠡ ᠶᠢᠨ ᠠᠰᠠᠷᠠᠮᠵᠢ ᠶᠢᠨ ᠨᠢᠭᠡᠳᠦᠭᠡᠷ | ᠲᠥᠷᠥᠯ ᠤᠨ ᠠᠵᠢᠯ ᠦᠢᠯᠡᠰ ᠤᠨ ᠨᠢᠭᠡᠴᠡ ᠪᠣᠯᠵᠤ᠂ ᠪᠠᠶᠢᠭᠤᠯᠤᠮᠵᠢ ᠵᠢᠨᠣᠳᠣᠬᠠᠨ ᠳᠤ 66 ᠠᠵᠢᠯᠲᠠᠨ ᠲᠠᠢ᠃ | ᠣᠲᠣ ᠪᠣᠯᠲᠠᠯ᠎ᠠ᠂ ᠮᠠᠨ ᠤ ᠬᠤᠲᠠ ᠳᠤ ᠦᠢᠯᠡᠴᠢᠯᠡᠵᠦ ᠪᠠᠶᠢᠭ᠎ᠠ ᠴᠡᠷᠢᠭ ᠤᠨ ᠠᠮᠠᠷᠠᠯᠲᠠ ᠶᠢᠨ ᠺᠠᠳ᠋ᠷ 754 ᠬᠥᠮᠥᠨ | ᠪᠣᠶ᠂ ᠡᠭᠦᠨ ᠳᠤ ᠠᠵᠢᠯ ᠠᠴᠠ ᠪᠠᠨ ᠠᠮᠠᠷᠠᠭᠰᠠᠨ ᠺᠠᠳ᠋ᠷ 730 ᠬᠥᠮᠥᠨ᠂ ᠠᠵᠢᠯ ᠠᠴᠠ ᠪᠠᠨ ᠠᠮᠠᠷᠠᠭᠰᠠᠨ ᠺᠠᠳ᠋ᠷ | 24 ᠬᠥᠮᠥᠨ ᠪᠣᠶ᠃ᠣᠶᠢᠷ᠎ᠠ ᠶᠢᠨ ᠵᠢᠯ ᠠᠴᠠ᠂ ᠮᠠᠨ ᠤ ᠬᠤᠳᠠ ᠶᠢᠨ ᠴᠡᠷᠢᠭ ᠤᠨ ᠠᠮᠠᠷᠠᠯᠲᠠ ᠶᠢᠨ ᠠᠵᠢᠯ ᠨᠢ | ᠰᠢ ᠶᠢᠨ ᠫᠢᠩ ᠶᠢᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ | ᠰᠠᠨᠠᠭ᠎ᠠ ᠪᠠᠷ ᠵᠢᠯᠣᠭᠤᠳᠤᠯᠭ᠎ᠠ ᠪᠣᠯᠭᠠᠬᠤ ᠶᠢ ᠪᠠᠷᠢᠮᠲᠠᠯᠠᠵᠤ᠂ ᠶᠡᠷᠦᠩᠬᠡᠢ ᠱᠦᠵᠢ ᠰᠢ ᠶᠢᠨ ᠫᠢᠩ ᠤ ᠴᠡᠷᠢᠭ ᠤᠨ | ᠠᠮᠠᠷᠠᠯᠲᠠ ᠶᠢᠨ ᠺᠠᠳ᠋ᠷ ᠤᠨ ᠠᠵᠢᠯ ᠤᠨ ᠲᠤᠬᠠᠢ ᠴᠢᠬᠤᠯᠠ ᠥᠭᠦᠯᠡᠯᠲᠡ᠂ ᠴᠢᠬᠤᠯᠠ ᠵᠢᠭᠠᠪᠤᠷᠢ ᠴᠣᠬᠤᠯᠠᠪᠤᠷᠢ ᠶᠢᠨ | ᠵᠣᠷᠢᠭ ᠰᠠᠨᠠᠭ᠎ᠠ ᠶᠢ ᠭᠦᠨᠵᠡᠭᠡᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠴᠡᠷᠢᠭ ᠤᠨ ᠠᠮᠠᠷᠠᠯᠲᠠ ᠶᠢᠨ ᠺᠠᠳ᠋ᠷᠴᠤᠳ ᠢ | ᠬᠦᠨᠳᠦᠳᠬᠡᠬᠦ᠂ ᠴᠡᠷᠢᠭ ᠤᠨ ᠠᠮᠠᠷᠠᠯᠲᠠ ᠶᠢᠨ ᠺᠠᠳ᠋ᠷᠴᠤᠳ ᠠᠴᠠ ᠰᠤᠷᠤᠯᠴᠠᠬᠤ᠂ ᠴᠡᠷᠢᠭ ᠤᠨ ᠠᠮᠠᠷᠠᠯᠲᠠ ᠶᠢᠨ | ᠺᠠᠳ᠋ᠷᠴᠤᠳ ᠢ ᠬᠠᠯᠠᠮᠵᠢᠯᠠᠬᠤ ᠭᠦᠨ ᠵᠤᠵᠠᠭᠠᠨ ᠠᠭᠤᠷ ᠠᠮᠢᠰᠬᠤᠯ ᠢ ᠶᠡᠬᠡᠪᠡᠷ ᠪᠤᠢ ᠪᠣᠯᠭᠠᠪᠠ᠃︽ᠠᠯᠢᠪᠠ ᠪᠦᠬᠦᠨ ᠳᠤ | ᠠᠵᠢᠯ ᠠᠴᠠ ᠪᠠᠨ ᠠᠮᠠᠷᠠᠬᠤ ᠪᠠᠷ ᠭᠤᠣᠯ ᠪᠣᠯᠭᠠᠬᠤ︾ ᠦᠢᠯᠡᠴᠢᠯᠡᠭᠡᠨ ᠤ ᠣᠶᠢᠯᠠᠭᠠᠭᠳᠠᠬᠤᠨ ᠢ ᠪᠠᠷᠢᠮᠲᠠᠯᠠᠵᠤ᠂ ︽ | ᠴᠡᠷᠢᠭ ᠠᠴᠠ ᠬᠠᠯᠠᠭᠳᠠᠭᠰᠠᠳ ᠢ ᠪᠠᠲᠤᠯᠠᠬᠤ ᠬᠠᠤᠯᠢ︾ ᠪᠠᠷ ︽ᠴᠡᠷᠢᠭ ᠠᠩᠭᠢ ᠶᠢᠨ ᠠᠵᠢᠯ ᠠᠴᠠ ᠪᠠᠨ | ᠠᠮᠠᠷᠠᠭᠰᠠᠨ ᠪᠠ ᠠᠵᠢᠯ ᠠᠴᠠ ᠪᠠᠨ ᠠᠮᠠᠷᠠᠭᠰᠠᠨ ᠺᠠᠳ᠋ᠷᠴᠤᠳ ᠲᠤ ᠵᠡᠷᠭᠡ ᠬᠠᠮᠢᠶ᠎ᠠ ᠪᠦᠬᠦᠢ ᠳᠦᠷᠢᠮ ᠲᠣᠭᠲᠠᠭᠠᠯ ᠢ | ᠲᠣᠭᠲᠠᠭᠠᠬᠤ ᠪᠠᠷ ᠵᠢᠷᠤᠮᠯᠠᠯ ᠪᠣᠯᠭᠠᠵᠤ᠂ ᠴᠡᠷᠢᠭ ᠤᠨ ᠠᠮᠠᠷᠠᠯᠲᠠ ᠶᠢᠨ ᠺᠠᠳ᠋ᠷᠴᠤᠳ ᠤᠨ︽ᠬᠤᠶᠠᠷ ᠬᠠᠷᠠᠭᠠᠯᠵᠠᠯ ︵ᠤᠯᠤᠰ | ᠲᠦᠷᠦ ᠶᠢᠨ ᠬᠠᠷᠠᠭᠠᠯᠵᠠᠯ ᠪᠠ ᠠᠮᠢᠳᠤᠷᠠᠯ ᠤᠨ ᠬᠠᠷᠠᠭᠠᠯᠵᠠᠯ︶︾︾ ᠢ ᠨᠠᠶᠢᠳᠠᠪᠤᠷᠢᠵᠢᠭᠤᠯᠬᠤ ᠪᠠᠷ ᠭᠠᠷᠳᠠᠴᠠ ᠪᠣᠯᠭᠠᠵᠤ᠂ | ᠮᠡᠳᠡᠭᠡ ᠵᠠᠩᠭᠢᠵᠢᠯᠲᠠ ᠶᠢᠨ ᠪᠠᠶᠢᠭᠤᠯᠤᠯᠲᠠ ᠪᠠᠷ ᠲᠤᠯᠭᠠᠭᠤᠷᠢᠯᠠᠯ ᠪᠣᠯᠭᠠᠵᠤ᠂ ᠨᠠᠮ ᠤᠨ ᠪᠠᠶᠢᠭᠤᠯᠤᠯᠲᠠ ᠶᠢᠨ ᠲᠦᠷᠦᠯ | ᠲᠡᠮᠳᠡᠭ ᠤᠨ︽ᠡᠶ᠎ᠡ ᠵᠣᠬᠢᠴᠠᠩᠭᠤᠢ ᠴᠡᠷᠢᠭ ᠤᠨ ᠠᠮᠠᠷᠠᠯᠲᠠ ᠶᠢᠨ ᠬᠤᠭᠤᠴᠠᠭᠠᠨ ᠳᠤ ᠦᠢᠯᠡᠴᠢᠯᠡᠬᠦ︾ ᠶᠢ ᠡᠭᠦᠳᠦᠨ | ᠪᠠᠶᠢᠭᠤᠯᠬᠤ ᠪᠠᠷ ᠬᠥᠲᠥᠯᠥᠮᠵᠢ ᠪᠣᠯᠭᠠᠵᠤ᠂ ︽ᠳᠥᠷᠪᠡ ᠶᠢ ᠣᠶᠢᠷ᠎ᠠ ᠬᠠᠪᠢ ᠳᠠᠭᠠᠨ ᠰᠤᠷᠤᠯᠴᠠᠬᠤ᠂ ᠣᠶᠢᠷ᠎ᠠ | ᠬᠠᠪᠢ ᠳᠠᠭᠠᠨ ᠠᠵᠢᠯᠯᠠᠭ᠎ᠠ ᠬᠢᠬᠦ᠂ ᠣᠶᠢᠷ᠎ᠠ ᠬᠠᠪᠢ ᠳᠠᠭᠠᠨ ᠬᠠᠯᠠᠮᠵᠢᠯᠠᠨ ᠬᠠᠷᠠᠭᠠᠯᠵᠠᠬᠤ᠂ ᠣᠶᠢᠷ᠎ᠠ ᠬᠠᠪᠢ ᠳᠠᠭᠠᠨ | ᠦᠢᠯᠡᠳᠦᠯ ᠢᠶᠠᠨ ᠪᠠᠳᠠᠷᠠᠭᠤᠯᠬᠤ︶︾ ᠪᠠᠷ ᠵᠠᠷᠴᠢᠮ ᠪᠣᠯᠭᠠᠨ᠎ᠠ᠃ ︽ᠳᠥᠷᠪᠡ ᠶᠢ ᠨᠢᠭᠡ ᠴᠣᠭᠴᠠᠵᠢᠭᠤᠯᠤᠭᠰᠠᠨ ︵ᠳᠠᠷᠤᠢ | ᠴᠡᠷᠢᠭ ᠤᠨ ᠠᠮᠠᠷᠠᠯᠲᠠ ᠶᠢᠨ ᠲᠥᠪ ᠤᠨ ᠭᠤᠣᠯ ᠴᠣᠭᠴᠠ ᠶᠢᠨ ᠦᠢᠯᠡᠴᠢᠯᠡᠭᠡ᠂ ᠠᠵᠢᠯ ᠠᠴᠠ ᠪᠠᠨ ᠠᠮᠠᠷᠠᠵᠤ | ᠥᠪᠡᠷ ᠤᠨ ᠪᠡᠶ᠎ᠡ ᠳᠡᠭᠡᠨ ᠦᠢᠯᠡᠴᠢᠯᠡᠬᠦ᠂ ᠭᠡᠷ ᠪᠦᠯᠢ ᠶᠢᠨ ᠲᠥᠷᠥᠯ ᠰᠠᠳᠤᠨ ᠤ ᠬᠠᠶᠢᠷ᠎ᠠ ᠰᠡᠳᠬᠢᠯᠭᠡ ᠶᠢᠨ | ᠦᠢᠯᠡᠴᠢᠯᠡᠭᠡ᠂ ᠨᠡᠶᠢᠭᠡᠮ ᠤᠨ ᠲᠤᠰᠠᠯᠠᠬᠤ ᠦᠢᠯᠡᠴᠢᠯᠡᠭᠡ ᠶᠢ ᠪᠠᠶᠢᠭᠤᠯᠬᠤ︶︾ ᠦᠢᠯᠡᠴᠢᠯᠡᠭᠡᠨ ᠤ ᠪᠠᠲᠤᠯᠠᠭ᠎ᠠ ᠶᠢᠨ | ᠵᠠᠭᠪᠤᠷ ᠢ ᠪᠣᠶ ᠪᠣᠯᠭᠠᠨ᠎ᠠ᠃ᠲᠥᠪ ᠤᠨ ᠳᠡᠭᠡᠳᠦ ᠳᠣᠣᠷᠠᠳᠤ ᠱᠠᠲᠤ ᠪᠠᠷ ᠢᠶᠠᠨ ᠬᠦᠴᠦ ᠪᠠᠨ ᠬᠠᠮᠲᠤᠳᠬᠠᠨ | ᠰᠡᠳᠬᠢᠯ ᠢᠶᠠᠨ ᠨᠢᠭᠡᠳᠬᠡᠵᠦ᠂ ᠴᠡᠷᠢᠭ ᠤᠨ ᠠᠮᠠᠷᠠᠯᠲᠠ ᠶᠢᠨ ᠺᠠᠳ᠋ᠷᠴᠤᠳ ᠤᠨ ᠬᠦᠰᠡᠵᠦ ᠪᠠᠶᠢᠭ᠎ᠠ ᠪᠠ ᠠᠩᠬᠠᠷᠴᠤ | ᠪᠠᠶᠢᠭ᠎ᠠ ᠠᠰᠠᠭᠤᠳᠠᠯ ᠲᠠᠢ ᠨᠢᠭᠲᠠ ᠤᠶᠠᠯᠳᠤᠭᠤᠯᠤᠨ᠂ ᠴᠡᠷᠢᠭ ᠤᠨ ᠠᠮᠠᠷᠠᠯᠲᠠ ᠶᠢᠨ ᠺᠠᠳ᠋ᠷᠴᠤᠳ ᠤᠨ ᠦᠢᠯᠡᠴᠢᠯᠡᠭᠡ | ᠪᠠᠲᠤᠯᠠᠭ᠎ᠠ ᠶᠢ ᠰᠡᠳᠬᠢᠯ ᠲᠠᠯᠪᠢᠨ ᠬᠦᠴᠦ ᠲᠠᠯᠪᠢᠨ ᠰᠠᠶᠢᠲᠤᠷ ᠬᠢᠵᠦ᠂ ᠴᠡᠷᠢᠭ ᠤᠨ ᠠᠮᠠᠷᠠᠯᠲᠠ ᠶᠢᠨ ᠠᠵᠢᠯ ᠢ ᠨᠡᠩ | ᠨᠠᠷᠢᠨ ᠨᠡᠩ ᠪᠣᠳᠠᠲᠠᠢ ᠨᠡᠩ ᠰᠠᠶᠢᠨ ᠬᠢᠬᠦ ᠪᠠᠷ ᠴᠢᠷᠮᠠᠶᠢᠵᠤ᠂ ᠣᠷᠣᠨ ᠤ ᠲᠥᠪ ᠤᠨ ᠵᠣᠯ ᠵᠢᠷᠭᠠᠯᠲᠤ ᠴᠡᠷᠢᠭ ᠤᠨ | ᠠᠮᠠᠷᠠᠯᠲᠠ ᠶᠢᠨ ᠭᠡᠷ ᠣᠷᠣᠨ ᠢ ᠴᠢᠷᠮᠠᠶᠢᠨ ᠪᠠᠶᠢᠭᠤᠯᠵᠤ᠂ ᠪᠦᠬᠦ ᠬᠤᠳᠠ ᠶᠢᠨ ᠴᠡᠷᠢᠭ ᠤᠨ ᠠᠮᠠᠷᠠᠯᠲᠠ ᠶᠢᠨ | ᠺᠠᠳ᠋ᠷᠴᠤᠳ ᠤᠨ ᠬᠠᠷᠢᠶᠠᠯᠠᠭᠳᠠᠬᠤ ᠲᠥᠷᠥᠭᠳᠡᠯ᠂ ᠬᠦᠷᠲᠡᠮᠵᠢ ᠶᠢᠨ ᠲᠥᠷᠥᠭᠳᠡᠯ᠂ ᠢᠷᠠᠭᠤ ᠠᠯᠳᠠᠷ ᠤᠨ ᠲᠥᠷᠥᠭᠳᠡᠯ ᠪᠠ | ᠵᠣᠯ ᠵᠢᠷᠭᠠᠯᠲᠤ ᠲᠥᠷᠥᠭᠳᠡᠯ ᠢ ᠪᠦᠲᠦᠮᠵᠢᠲᠡᠢ ᠨᠡᠮᠡᠭᠳᠡᠭᠦᠯᠬᠦ ᠬᠡᠷᠡᠭᠲᠡᠢ᠃ | ᠬᠥᠲᠥᠯᠥᠭᠴᠢ᠄ | ᠳᠠᠷᠠᠭᠠᠴᠢ ᠶᠢᠨ ᠠᠯᠬᠤᠮ ᠳᠤ ᠪᠠᠰᠠ ᠶᠠᠮᠠᠷ ᠠᠵᠢᠯ ᠤᠨ ᠲᠥᠯᠥᠪᠯᠡᠭᠡ ᠪᠠᠶᠢᠬᠤ ᠪᠤᠢ︖ | ᠬᠥᠬᠡᠬᠤᠲᠠ ᠶᠢᠨ ᠴᠡᠷᠢᠭ ᠠᠩᠭᠢ ᠶᠢᠨ ᠠᠵᠢᠯ ᠠᠴᠠ ᠪᠠᠨ ᠳᠠᠷᠬᠠᠯᠠᠭᠳᠠᠭᠰᠠᠨ ᠠᠵᠢᠯ ᠠᠴᠠ ᠪᠠᠨ ᠠᠮᠠᠷᠠᠭᠰᠠᠨ | ᠺᠠᠳ᠋ᠷᠴᠤᠳ ᠤᠨ ᠦᠢᠯᠡᠴᠢᠯᠡᠭᠡᠨ ᠤ ᠲᠥᠪ ᠤᠨ ᠡᠷᠬᠢᠯᠡᠭᠴᠢ ᠰᠢ ᠬᠠᠢ ᠮᠢᠩ᠄ | ᠨᠢᠭᠡ ᠳᠤ᠂ ᠬᠤᠶᠠᠳᠤᠭᠠᠷ ᠪᠦᠯᠦᠭ ᠤᠨ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ | ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ ᠰᠤᠷᠤᠯᠴᠠᠨ ᠲᠤᠤᠱᠯᠠᠭᠤᠯᠬᠤ ᠭᠤᠣᠯ ᠰᠡᠳᠦᠪᠲᠦ | ᠬᠥᠮᠦᠵᠢᠯ ᠲᠠᠢ ᠤᠶᠠᠯᠳᠤᠭᠤᠯᠵᠤ᠂ ᠦᠵᠡᠯ ᠰᠠᠨᠠᠭ᠎ᠠ ᠶᠢ ᠰᠤᠷᠤᠯᠴᠠᠬᠤ᠂ ᠨᠠᠮᠴᠢ ᠴᠢᠨᠠᠷ ᠢ ᠴᠢᠩᠭᠠᠳᠬᠠᠬᠤ᠂ | ᠦᠢᠯᠡᠳᠦᠯᠭᠡ ᠶᠢ ᠴᠢᠬᠤᠯᠠᠴᠢᠯᠠᠬᠤ᠂ ᠰᠢᠨ᠎ᠡ ᠭᠠᠪᠢᠶ᠎ᠠ ᠪᠠᠶᠢᠭᠤᠯᠬᠤ ᠶᠡᠷᠦᠩᠬᠡᠢ ᠱᠠᠭᠠᠷᠳᠠᠯᠭ᠎ᠠ ᠲᠠᠢ ᠨᠢᠭᠲᠠ | ᠤᠶᠠᠯᠳᠤᠭᠤᠯᠵᠤ᠂ ᠰᠤᠷᠤᠯᠴᠠᠬᠤ ᠰᠡᠳᠬᠢᠬᠦ ᠬᠡᠷᠡᠭᠯᠡᠬᠦ ᠶᠢ ᠲᠤᠤᠱᠯᠠᠭᠤᠯᠬᠤ᠂ ᠣᠶᠢᠯᠠᠭᠠᠬᠤ ᠢᠲᠡᠭᠡᠬᠦ ᠠᠵᠢᠯᠯᠠᠬᠤ ᠶᠢ | ᠨᠢᠭᠡᠳᠦᠯᠲᠡᠢ ᠪᠠᠶᠢᠯᠭᠠᠬᠤ ᠶᠢ ᠪᠠᠷᠢᠮᠲᠠᠯᠠᠵᠤ᠂ ᠤᠨᠤᠯ ᠤᠨ ᠰᠤᠷᠤᠯᠴᠠᠯᠭ᠎ᠠ᠂ ᠪᠠᠶᠢᠴᠠᠭᠠᠨ ᠰᠤᠳᠤᠯᠤᠯᠲᠠ ᠵᠡᠷᠭᠡ ᠶᠢ | ᠥᠷᠨᠢᠭᠦᠯᠬᠦ ᠪᠠᠷ ᠪᠤᠢ᠃ ᠺᠠᠳ᠋ᠷ ᠠᠵᠢᠯᠲᠠᠨ ᠠᠵᠢᠯᠴᠢᠨ᠂ ᠴᠡᠷᠢᠭ ᠤᠨ ᠠᠮᠠᠷᠠᠯᠲᠠ ᠶᠢᠨ ᠨᠠᠮ ᠤᠨ ᠭᠡᠰᠢᠭᠦᠨ ᠢ ᠵᠣᠬᠢᠶᠠᠨ | ᠪᠠᠶᠢᠭᠤᠯᠤᠨ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠰᠤᠷᠤᠯᠴᠠᠬᠤ ᠪᠣᠯᠪᠠᠰᠤᠷᠠᠭᠤᠯᠤᠯ ᠢ | ᠥᠷᠨᠢᠭᠦᠯᠵᠦ᠂ ᠬᠤᠯᠪᠣᠭᠳᠠᠯ ᠪᠦᠬᠦᠢ ᠨᠢᠭᠡᠴᠢ ᠲᠠᠢ ᠬᠤᠯᠪᠤᠭᠠᠯᠠᠨ ᠭᠤᠣᠯ ᠰᠡᠳᠦᠪᠲᠦ ᠨᠠᠮ ᠤᠨ ᠡᠳᠦᠷ ᠤᠨ | ᠠᠵᠢᠯᠯᠠᠭ᠎ᠠ ᠶᠢ ᠬᠠᠮᠲᠤ ᠪᠠᠷ ᠥᠷᠨᠢᠭᠦᠯᠦᠨ᠎ᠡ᠃ᠬᠤᠶᠠᠷ ᠲᠤ ᠴᠡᠷᠢᠭ ᠤᠨ ᠠᠮᠠᠷᠠᠯᠲᠠ ᠶᠢᠨ ᠺᠠᠳ᠋ᠷᠴᠤᠳ ᠤᠨ | ᠦᠢᠯᠡᠴᠢᠯᠡᠭᠡ ᠪᠠᠲᠤᠯᠠᠭ᠎ᠠ ᠶᠢᠨ ᠬᠠᠩᠭᠠᠯᠭ᠎ᠠ ᠶᠢ ᠥᠷᠭᠡᠳᠬᠡᠵᠦ᠂ ᠴᠡᠷᠢᠭ ᠤᠨ ᠠᠮᠠᠷᠠᠯᠲᠠ ᠶᠢᠨ ᠺᠠᠳ᠋ᠷᠴᠤᠳ᠂ | ᠢᠯᠠᠩᠭᠤᠶ᠎ᠠ ᠴᠢᠳᠠᠪᠤᠷᠢ ᠪᠠᠨ ᠠᠯᠳᠠᠭᠰᠠᠨ᠂ ᠤᠶᠤᠨ ᠤᠬᠠᠭᠠᠨ ᠢᠶᠠᠨ ᠠᠯᠳᠠᠭᠰᠠᠨ᠂ ᠭᠠᠭᠴᠠᠭᠠᠷ ᠰᠠᠭᠤᠭᠰᠠᠨ᠂ | ᠭᠡᠷ ᠲᠡᠭᠡᠨ ᠬᠤᠴᠣᠷᠤᠭᠰᠠᠨ ᠵᠡᠷᠭᠡ ᠭᠤᠣᠯᠳᠠᠯᠭ᠎ᠠ ᠲᠠᠢ ᠬᠥᠮᠥᠰ ᠲᠤ ᠡᠩ ᠲᠡᠷᠢᠭᠦᠨ ᠳᠤ ᠬᠠᠷᠠᠭᠠᠯᠵᠠᠯ ᠦᠵᠡᠭᠦᠯᠵᠦ᠂ | ᠡᠳᠦᠷ ᠲᠤᠳᠤᠮ ᠤᠨ ᠬᠠᠷᠠᠭᠠᠯᠵᠠᠯ᠂ ᠣᠬᠤᠷ ᠬᠤᠭᠤᠴᠠᠭᠠᠨ ᠤ ᠨᠠᠶᠢᠳᠠᠨ ᠠᠰᠠᠷᠠᠭᠤᠯᠬᠤ ᠵᠡᠷᠭᠡ ᠤᠯᠠᠨ ᠡᠰᠢᠵᠢᠭᠰᠡᠨ᠂ | ᠲᠤᠰᠬᠠᠶᠢᠵᠢᠭᠰᠠᠨ ᠦᠢᠯᠡᠴᠢᠯᠡᠭᠡ ᠬᠠᠩᠭᠠᠵᠤ᠂ ᠠᠷᠠᠳ ᠤᠨ ᠶᠠᠪᠤᠳᠠᠯ ᠤᠨ ᠲᠣᠪᠴᠢᠶ᠎ᠠ ᠶᠢᠨ ᠨᠠᠰᠤᠵᠢᠯ ᠤᠨ | ᠠᠰᠠᠷᠠᠮᠵᠢ ᠶᠢᠨ ᠰᠠᠯᠠᠭ᠎ᠠ ᠵᠡᠷᠭᠡ ᠬᠤᠯᠪᠣᠭᠳᠠᠯ ᠪᠦᠬᠦᠢ ᠰᠠᠯᠠᠭ᠎ᠠ ᠮᠥᠴᠢᠷ ᠲᠠᠢ ᠬᠤᠯᠪᠣᠭᠳᠠᠭᠤᠯᠤᠨ ᠵᠣᠯᠭᠠᠭᠤᠯᠵᠤ᠂ | ᠭᠡᠷ ᠲᠡᠭᠡᠨ ᠰᠠᠭᠤᠵᠤ ᠪᠠᠶᠢᠭ᠎ᠠ ᠨᠠᠰᠤᠲᠠᠶᠢᠴᠤᠳ ᠢ ᠠᠰᠠᠷᠠᠬᠤ ᠵᠡᠷᠭᠡ ᠶᠢ ᠭᠦᠨᠵᠡᠭᠡᠶᠢᠷᠡᠭᠦᠯᠵᠦ᠂ ᠨᠡᠶᠢᠭᠡᠮᠴᠢᠯᠡᠭᠰᠡᠨ | ᠦᠢᠯᠡᠴᠢᠯᠡᠭᠡ ᠶᠢ ᠤᠯᠠᠮ ᠴᠢᠨᠠᠭᠰᠢᠳᠠ ᠥᠷᠭᠡᠳᠬᠡᠨ᠎ᠡ᠃ᠭᠤᠷᠪᠠ ᠳᠤ᠂ ᠴᠡᠷᠢᠭ ᠤᠨ ᠠᠮᠠᠷᠠᠯᠲᠠ ᠶᠢᠨ ᠺᠠᠳ᠋ᠷᠴᠤᠳ ᠢ | ᠵᠣᠬᠢᠶᠠᠨ ᠪᠠᠶᠢᠭᠤᠯᠤᠨ ︽ᠨᠠᠮ ᠤᠨ ᠬᠤᠷᠢᠳᠤᠭᠠᠷ ᠶᠡᠭᠡ ᠬᠤᠷᠠᠯ ᠢ ᠲᠤᠤᠱᠯᠠᠭᠤᠯᠵᠤ᠂ ᠡᠷᠡᠭᠦᠯ ᠮᠡᠨᠳᠦ | ᠰᠡᠯᠡᠭᠦᠴᠡᠯ ᠤᠨ ᠨᠠᠶᠢᠷ︾ ᠭᠡᠬᠦ ᠬᠤᠪᠢᠰᠬᠠᠯᠲᠤ ᠵᠢᠭᠤᠯᠴᠢᠯᠠᠯ ᠤᠨ ᠠᠵᠢᠯᠯᠠᠭ᠎ᠠ ᠶᠢ ᠥᠷᠨᠢᠭᠦᠯᠦᠨ᠎ᠡ᠃ᠪᠠᠭᠴᠠᠯᠠᠭᠠᠳ | ᠬᠡᠯᠡᠪᠡᠯ᠂ ᠮᠠᠨ ᠤ ᠬᠤᠲᠠ ᠶᠢᠨ ᠴᠡᠷᠢᠭ ᠤᠨ ᠠᠮᠠᠷᠠᠯᠲᠠ ᠶᠢᠨ ᠲᠥᠪ ᠨᠢ ᠰᠢ ᠶᠢᠨ ᠫᠢᠩ ᠬᠤᠲᠠ ᠶᠢᠨ ᠰᠢᠨ᠎ᠡ ᠴᠠᠭ | ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠪᠦᠬᠦᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠤᠯᠠᠮ ᠨᠢᠭᠡ | ᠠᠯᠬᠤᠮ ᠵᠢᠯᠣᠭᠤᠳᠤᠯᠭ᠎ᠠ ᠪᠣᠯᠭᠠᠵᠤ᠂ ᠦᠢᠯᠡᠴᠢᠯᠡᠭᠡᠨ ᠤ ᠣᠶᠢᠯᠠᠭᠠᠭᠳᠠᠬᠤᠨ ᠤ ᠰᠢᠨ᠎ᠡ ᠶᠢ ᠡᠭᠦᠳᠴᠦ᠂ | ᠦᠢᠯᠡᠴᠢᠯᠡᠭᠡᠨ ᠤ ᠠᠷᠭ᠎ᠠ ᠵᠠᠮ ᠢ ᠬᠠᠶᠢᠨ ᠰᠦᠪᠡᠭᠴᠢᠯᠡᠵᠦ᠂ ᠦᠢᠯᠡᠴᠢᠯᠡᠭᠡᠨ ᠤ ᠦᠢᠯᠡᠳᠦᠯ ᠴᠢᠳᠠᠪᠤᠷᠢ ᠪᠠᠨ | ᠳᠡᠭᠡᠭᠰᠢᠯᠡᠭᠦᠯᠦᠨ᠂ ᠣᠷᠣᠨ ᠤ ᠲᠥᠪ ᠤᠨ ᠴᠡᠷᠢᠭ ᠤᠨ ᠠᠮᠠᠷᠠᠯᠲᠠ ᠶᠢᠨ ᠰᠢᠨ᠎ᠡ ᠬᠥᠭᠵᠢᠯᠲᠡ ᠶᠢ ᠠᠬᠢᠭᠤᠯᠵᠤ᠂ | ᠣᠷᠣᠨ ᠤ ᠲᠥᠪ ᠤᠨ ᠴᠡᠷᠢᠭ ᠤᠨ ᠠᠮᠠᠷᠠᠯᠲᠠ ᠶᠢᠨ ᠰᠢᠨ᠎ᠡ ᠳᠦᠷᠢ ᠲᠥᠷᠬᠦ ᠶᠢ ᠢᠯᠡᠷᠡᠭᠦᠯᠬᠦ ᠪᠣᠯᠣᠨ᠎ᠠ᠃ | ᠬᠥᠲᠥᠯᠥᠭᠴᠢ᠄ | ᠪᠢᠳᠡ ᠨᠡᠶᠢᠭᠡᠮ ᠤᠨ ᠬᠦᠴᠦᠨ ᠢ ᠬᠡᠷᠬᠢᠨ ᠣᠷᠣᠭᠤᠯᠤᠨ ᠠᠪᠴᠢᠷᠠᠵᠤ᠂ ᠨᠡᠶᠢᠭᠡᠮᠴᠢᠯᠡᠭᠰᠡᠨ ᠦᠢᠯᠡᠴᠢᠯᠡᠭᠡ ᠶᠢ | ᠬᠡᠷᠬᠢᠨ ᠥᠷᠭᠡᠳᠬᠡᠭᠰᠡᠨ ᠢ ᠲᠠ ᠪᠣᠳᠠᠲᠠᠢ ᠠᠷᠭ᠎ᠠ ᠪᠠᠨ ᠲᠠᠨᠢᠯᠴᠠᠭᠤᠯᠤᠶ᠎ᠠ᠃ | ᠬᠥᠬᠡᠬᠤᠲᠠ ᠶᠢᠨ ᠴᠡᠷᠢᠭ ᠠᠩᠭᠢ ᠶᠢᠨ ᠠᠵᠢᠯ ᠠᠴᠠ ᠪᠠᠨ ᠳᠠᠷᠬᠠᠯᠠᠭᠳᠠᠭᠰᠠᠨ ᠠᠵᠢᠯ ᠠᠴᠠ ᠪᠠᠨ ᠠᠮᠠᠷᠠᠭᠰᠠᠨ | ᠺᠠᠳ᠋ᠷᠴᠤᠳ ᠤᠨ ᠦᠢᠯᠡᠴᠢᠯᠡᠭᠡᠨ ᠤ ᠲᠥᠪ ᠤᠨ ᠡᠷᠬᠢᠯᠡᠭᠴᠢ ᠰᠢ ᠬᠠᠢ ᠮᠢᠩ᠄ | ᠮᠠᠨ ᠤ ᠲᠥᠪ ᠬᠡᠷᠡᠭᠴᠡᠭᠡ ᠪᠠᠨ ᠦᠨᠳᠦᠰᠦᠯᠡᠨ ᠡᠮ ᠡᠮᠨᠡᠯᠭᠡ᠂ ᠨᠠᠰᠤᠵᠢᠯ ᠤᠨ ᠠᠰᠠᠷᠠᠮᠵᠢ᠂ ᠰᠠᠶᠢᠨ | ᠳᠤᠷ᠎ᠠ ᠶᠢᠨ ᠦᠢᠯᠡᠴᠢᠯᠡᠭᠡ ᠵᠡᠷᠭᠡ ᠲᠠᠯ᠎ᠠ ᠶᠢᠨ ᠬᠦᠴᠦᠨ ᠢ ᠣᠷᠣᠭᠤᠯᠤᠨ ᠠᠪᠴᠢᠷᠠᠵᠤ᠂ ᠴᠡᠷᠢᠭ ᠤᠨ ᠠᠮᠠᠷᠠᠯᠲᠠ ᠶᠢᠨ | ᠺᠠᠳ᠋ᠷᠴᠤᠳ ᠲᠤ ᠣᠯᠠᠨ ᠡᠰᠢᠲᠦ ᠦᠢᠯᠡᠴᠢᠯᠡᠭᠡ ᠬᠠᠩᠭᠠᠨ᠎ᠠ᠃ᠡᠨᠡ ᠨᠢ ᠭᠤᠣᠯᠳᠠᠭᠤ ᠳᠡᠭᠡᠳᠦ ᠱᠠᠲᠤᠨ ᠤ ᠬᠢᠨ ᠲᠠᠢ | ᠬᠤᠯᠪᠣᠭᠠᠯᠠᠬᠤ᠂ ᠨᠡᠶᠢᠭᠡᠮ ᠲᠣᠭᠤᠷᠢᠭ ᠤᠨ ᠬᠢᠨ ᠲᠠᠢ ᠬᠤᠯᠪᠣᠭᠠᠯᠠᠬᠤ᠂ ᠠᠵᠤ ᠠᠬᠤᠶᠢᠯᠠᠯ ᠤᠨ ᠬᠢᠨ ᠲᠠᠢ | ᠬᠤᠯᠪᠣᠭᠠᠯᠠᠬᠤ᠂ ᠡᠮᠨᠡᠯᠭᠡ ᠶᠢᠨ ᠬᠤᠷᠢᠶ᠎ᠠ ᠲᠠᠢ ᠬᠤᠯᠪᠣᠭᠠᠯᠠᠬᠤ ᠳᠤ ᠢᠯᠡᠷᠡᠵᠦ ᠪᠠᠶᠢᠨ᠎ᠠ᠃ᠳᠡᠭᠡᠳᠦ ᠱᠠᠲᠤ ᠲᠠᠢ ᠪᠠᠨ | ᠬᠤᠯᠪᠣᠭᠠᠯᠠᠬᠤ᠄ ᠦᠢᠯᠡᠴᠢᠯᠡᠭᠡᠨ ᠤ ᠠᠷᠭ᠎ᠠ ᠵᠠᠮ ᠢ ᠤᠯᠠᠮ ᠨᠢᠭᠡ ᠠᠯᠬᠤᠮ ᠥᠷᠭᠡᠳᠬᠡᠵᠦ᠂ ᠦᠢᠯᠡᠴᠢᠯᠡᠭᠡᠨ ᠤ | ᠬᠦᠷᠢᠶ᠎ᠡ ᠴᠠᠷᠠᠭ᠎ᠠ ᠶᠢ ᠤᠷᠲᠤᠳᠬᠠᠬᠤ ᠶᠢᠨ ᠲᠥᠯᠥᠭᠡ᠃ᠥᠪᠡᠷᠲᠡᠭᠡᠨ ᠵᠠᠰᠠᠬᠤ ᠣᠷᠣᠨ ᠤ ᠴᠡᠷᠢᠭ ᠤᠨ | ᠠᠮᠠᠷᠠᠯᠲᠠ ᠶᠢᠨ ᠲᠥᠪ ᠪᠣᠯᠣᠨ ᠬᠥᠬᠡᠬᠤᠲᠠ ᠶᠢᠨ ᠴᠡᠷᠢᠭ ᠤᠨ ᠠᠮᠠᠷᠠᠯᠲᠠ ᠶᠢᠨ ᠲᠥᠪ ᠬᠠᠮᠲᠤᠷᠠᠨ ᠲᠢᠩᠬᠢᠮ | ᠬᠤᠲᠠ ᠶᠢᠨ ᠬᠠᠮᠲᠤ ᠪᠠᠷ ᠪᠠᠶᠢᠭᠤᠯᠬᠤ ᠦᠢᠯᠡᠴᠢᠯᠡᠭᠡᠨ ᠤ ᠲᠥᠷᠥᠯ ᠵᠦᠢᠯ ᠢ ᠪᠣᠶ ᠪᠣᠯᠭᠠᠵᠤ᠂ ᠬᠥᠬᠡᠬᠤᠲᠠ ᠶᠢᠨ | ᠴᠡᠷᠢᠭ ᠤᠨ ᠠᠮᠠᠷᠠᠯᠲᠠ ᠶᠢᠨ ᠲᠥᠪ ᠤᠨ ᠨᠢᠭᠡᠳᠦᠭᠡᠷ ᠦᠢᠯᠡᠴᠢᠯᠡᠭᠡᠨ ᠤ ᠥᠷᠲᠡᠭᠡ ᠠᠴᠠ ᠨᠢᠭᠡ ᠠᠴᠠ ᠳᠥᠷᠪᠡᠳᠦᠭᠡᠷ | ᠳᠠᠪᠬᠤᠷᠯᠢᠭ ᠤᠨ ᠨᠡᠶᠢᠲᠡ 1863.76 ᠺᠦᠸᠡᠲ ᠮᠧᠲᠷ ᠤᠨ ᠲᠥᠷᠥᠯ ᠵᠦᠢᠯ ᠢ ᠥᠭᠡᠷᠡᠴᠢᠯᠡᠬᠦ ᠳᠤ ᠬᠡᠷᠡᠭᠯᠡᠬᠦ ᠭᠡᠷ | ᠪᠣᠯᠭᠠᠵᠤ᠂ ᠰᠢᠲᠠᠷ᠎ᠠ ᠵᠢᠨᠥᠷᠥᠭᠡ᠂ ᠴᠢᠴᠢᠭᠦᠷ ᠪᠥᠮᠪᠦᠭᠡ ᠶᠢᠨ ᠥᠷᠥᠭᠡ᠂ ᠪᠡᠶ᠎ᠡ ᠴᠢᠭᠢᠷᠠᠭᠵᠢᠭᠤᠯᠬᠤ ᠲᠣᠭᠤᠷᠢᠭ᠂ | ᠠᠮᠠᠷᠠᠵᠤ ᠬᠦᠯᠢᠶᠡᠬᠦ ᠲᠣᠭᠤᠷᠢᠭ᠂ ᠠᠵᠢᠯᠯᠠᠬᠤ ᠲᠣᠭᠤᠷᠢᠭ ᠵᠡᠷᠭᠡ ᠶᠢ ᠲᠣᠬᠢᠷᠠᠭᠤᠯᠤᠨ᠎ᠠ᠃ᠣᠳᠣᠬᠠᠨ ᠳᠤ ᠨᠢᠭᠡᠳᠦᠭᠡᠷ | ᠬᠤᠭᠤᠴᠠᠭᠠᠨ ᠤ ᠢᠨᠵᠧᠨᠧᠷᠢᠩ ᠨᠢᠭᠡᠨᠲᠡ ᠳᠠᠭᠤᠰᠴᠤ᠂ ᠬᠥᠬᠡᠬᠤᠲᠠ ᠶᠢᠨ ᠨᠣᠮ ᠤᠨ ᠰᠠᠩ ᠲᠠᠢ ᠵᠣᠯᠭᠠᠭᠤᠯᠵᠤ᠂ ︽ | ᠬᠤᠨ ᠭᠠᠯᠠᠭᠤᠨ ᠤ ᠨᠣᠮ ᠤᠨ ᠥᠷᠥᠭᠡ︾ ᠶᠢ ᠣᠷᠣᠭᠤᠯᠤᠨ ᠠᠪᠴᠢᠷᠠᠵᠤ᠂ ᠠᠵᠢᠯ ᠠᠴᠠ ᠪᠠᠨ ᠠᠮᠠᠷᠠᠬᠤ ︽ | ᠥᠲᠡᠯᠪᠡᠯ ᠰᠤᠷᠤᠯᠭ᠎ᠠ ᠲᠠᠢ ᠪᠣᠯᠬᠤ︾ ᠣᠶᠤᠨ ᠰᠠᠨᠠᠭᠠᠨ ᠤ ᠬᠡᠷᠡᠭᠴᠡᠭᠡ ᠶᠢ ᠤᠯᠠᠮ ᠨᠢᠭᠡ ᠠᠯᠬᠤᠮ ᠬᠠᠩᠭᠠᠬᠤ ᠪᠠᠷ | ᠪᠠᠶᠢᠨ᠎ᠠ᠃ᠬᠤᠯᠪᠣᠭᠠᠲᠤ ᠨᠡᠶᠢᠭᠡᠮ ᠲᠣᠭᠤᠷᠢᠭ᠄ ︽ᠴᠡᠷᠢᠭ ᠠᠴᠠ ᠬᠠᠯᠠᠭᠳᠠᠭᠰᠠᠳ ᠤᠨ ᠬᠡᠷᠡᠭ ᠶᠠᠪᠤᠳᠠᠯ ᠤᠨ ᠶᠠᠮᠤᠨ | ᠵᠡᠷᠭᠡ 6 ᠰᠠᠯᠠᠭ᠎ᠠ ᠮᠥᠴᠢᠷ ᠤᠨ ᠵᠠᠰᠠᠭ ᠤᠨ ᠣᠷᠳᠣᠨ ᠳᠤ ᠰᠢᠯᠵᠢᠭᠦᠯᠦᠨ ᠲᠤᠰᠢᠶᠠᠵᠤ ᠲᠥᠪᠬᠢᠨᠡᠭᠦᠯᠦᠭᠰᠡᠨ ᠴᠡᠷᠢᠭ | ᠠᠩᠭᠢ ᠶᠢᠨ ᠠᠵᠢᠯ ᠠᠴᠠ ᠪᠠᠨ ᠠᠮᠠᠷᠠᠭᠰᠠᠨ ᠠᠵᠢᠯ ᠠᠴᠠ ᠪᠠᠨ ᠠᠮᠠᠷᠠᠭᠰᠠᠨ ᠺᠠᠳ᠋ᠷᠴᠤᠳ ᠤᠨ ᠦᠢᠯᠡᠴᠢᠯᠡᠭᠡᠨ ᠤ | ᠬᠠᠮᠢᠶᠠᠷᠤᠯᠲᠠ ᠶᠢᠨ ᠬᠢᠷᠢ ᠬᠡᠮᠵᠢᠶ᠎ᠡ ᠶᠢ ᠤᠯᠠᠮ ᠨᠢᠭᠡ ᠠᠯᠬᠤᠮ ᠳᠡᠭᠡᠭᠰᠢᠯᠡᠭᠦᠯᠬᠦ ᠲᠤᠬᠠᠢ ᠮᠡᠳᠡᠭᠳᠡᠯ︾ ︵ | ᠴᠡᠷᠢᠭ ᠠᠴᠠ ᠬᠠᠯᠠᠭᠳᠠᠭᠰᠠᠳ ᠤᠨ ᠬᠡᠷᠡᠭ ᠶᠠᠪᠤᠳᠠᠯ ᠤᠨ ᠶᠠᠮᠤᠨ ﹇2020﹈ 56 ᠳ᠋ᠤᠭᠠᠷ ᠲᠣᠭᠠᠲᠤ︶᠂ ︽ | ᠵᠠᠰᠠᠭ ᠤᠨ ᠣᠷᠳᠣᠨ ᠠᠴᠠ ᠭᠡᠷ ᠲᠡᠭᠡᠨ ᠰᠠᠭᠤᠵᠤ ᠪᠠᠶᠢᠭ᠎ᠠ ᠨᠠᠰᠤᠲᠠᠶᠢᠴᠤᠳ ᠢ ᠠᠰᠠᠷᠠᠬᠤ ᠪᠠ ᠬᠤᠭᠤᠯᠠ | ᠤᠮᠳᠠ ᠶᠢ ᠲᠤᠰᠠᠯᠠᠬᠤ ᠦᠢᠯᠡᠴᠢᠯᠡᠭᠡ ᠶᠢ ᠬᠤᠳᠠᠯᠳᠤᠨ ᠠᠪᠬᠤ ᠶᠢ ᠲᠦᠷᠭᠡᠳᠬᠡᠨ ᠠᠬᠢᠭᠤᠯᠬᠤ ᠲᠤᠬᠠᠢ | ᠬᠥᠬᠡᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠮᠡᠳᠡᠭᠳᠡᠯ︾ ᠤᠨ ᠱᠠᠭᠠᠷᠳᠠᠯᠭ᠎ᠠ ᠶᠣᠰᠣᠭᠠᠷ | ᠂ ᠬᠥᠬᠡᠬᠤᠲᠠ ᠶᠢᠨ ᠴᠡᠷᠢᠭ ᠤᠨ ᠠᠮᠠᠷᠠᠯᠲᠠ ᠶᠢᠨ ᠲᠥᠪ ᠨᠢ ᠬᠥᠬᠡᠬᠤᠲᠠ ᠶᠢᠨ ᠰᠢᠨ᠎ᠡ ᠬᠤᠲᠠ ᠲᠣᠭᠤᠷᠢᠭ ᠤᠨ | ᠳ᠋ᠦᠩ ᠹᠧᠩ ᠵᠠᠮ ᠤᠨ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠲᠠᠢ ᠬᠠᠭᠤᠴᠢᠨ ᠦᠢᠯᠡᠴᠢᠯᠡᠭᠡᠨ ᠤ | ᠵᠦᠢᠯᠡᠰ ᠤᠨ ᠬᠠᠮᠲᠤᠷᠠᠯᠴᠠᠭᠠᠨ ᠤ ᠬᠡᠯᠡᠯᠴᠡᠭᠡᠷ ᠲᠣᠭᠲᠠᠵᠤ᠂ ᠴᠡᠷᠢᠭ ᠤᠨ ᠠᠮᠠᠷᠠᠯᠲᠠ ᠶᠢᠨ ᠲᠥᠪ ᠠᠴᠠ ᠲᠡᠳᠡᠨ ᠳᠤ | 1228 ᠺᠦᠸᠡᠲ ᠮᠧᠲᠷ ᠤᠨ ᠦᠢᠯᠡᠴᠢᠯᠡᠭᠡᠨ ᠤ ᠭᠡᠷ ᠪᠠᠶᠢᠰᠢᠩ ᠬᠠᠩᠭᠠᠵᠤ᠂ ᠬᠠᠷᠢᠶᠠᠲᠤ ᠣᠷᠣᠨ ᠤ ᠴᠡᠷᠢᠭ ᠤᠨ | ᠠᠮᠠᠷᠠᠯᠲᠠ ᠶᠢᠨ ᠺᠠᠳ᠋ᠷᠴᠤᠳ ᠤᠨ ᠬᠤᠭᠤᠯᠠ ᠢᠳᠡᠬᠦ ᠳᠤ ᠬᠦᠴᠢᠷ᠂ ᠡᠮᠨᠡᠭᠦᠯᠬᠦ ᠳᠤ ᠬᠦᠴᠢᠷ᠂ ᠠᠮᠢᠳᠤᠷᠠᠯ ᠢ | ᠬᠠᠷᠠᠭᠠᠯᠵᠠᠨ ᠠᠰᠠᠷᠠᠬᠤ ᠳᠤ ᠬᠦᠴᠢᠷ ᠵᠡᠷᠭᠡ ᠠᠰᠠᠭᠤᠳᠠᠯ ᠢ ᠰᠢᠢᠳᠪᠦᠷᠢᠯᠡᠬᠦ ᠳᠤ ᠬᠡᠷᠡᠭᠯᠡᠵᠦ᠂ ᠣᠳᠣᠬᠠᠨ ᠳᠤ ᠪᠣᠶ | ᠪᠦᠬᠦᠢ ᠴᠢᠳᠠᠮᠵᠢᠲᠤ ᠣᠷᠣᠨ ᠪᠦᠰᠡ ᠶᠢ ᠨᠢᠭᠡᠨᠲᠡ ᠪᠠᠶᠢᠭᠤᠯᠵᠤ ᠳᠠᠭᠤᠰᠬᠠᠭᠰᠠᠨ ᠪᠥᠭᠡᠳ ᠠᠰᠢᠭᠯᠠᠯᠲᠠ ᠳᠤ | ᠣᠷᠣᠭᠤᠯᠪᠠ᠃ᠬᠤᠯᠪᠣᠭᠠᠲᠤ ᠠᠵᠤ ᠠᠬᠤᠶᠢᠯᠠᠯ᠄ ᠴᠡᠷᠢᠭ ᠤᠨ ᠠᠮᠠᠷᠠᠯᠲᠠ ᠶᠢᠨ ᠺᠠᠳ᠋ᠷᠴᠤᠳ ᠤᠨ ᠬᠦᠨᠳᠦᠳᠬᠡᠬᠦ | ᠰᠡᠳᠬᠢᠯᠭᠡ ᠶᠢ ᠪᠥᠬᠦ ᠲᠠᠯ᠎ᠠ ᠪᠠᠷ ᠢᠯᠡᠷᠡᠭᠦᠯᠵᠦ᠂ ᠴᠡᠷᠢᠭ ᠤᠨ ᠠᠮᠠᠷᠠᠯᠲᠠ ᠶᠢᠨ ᠺᠠᠳ᠋ᠷᠴᠤᠳ ᠤᠨ ᠪᠠᠩᠬᠢ ᠳᠤ | ᠲᠤᠬᠠᠶᠢᠯᠠᠭᠰᠠᠨ ᠠᠵᠢᠯ ᠢᠶᠠᠨ ᠭᠦᠢᠴᠡᠳᠬᠡᠬᠦ ᠳᠤ ᠲᠥᠬᠦᠮ ᠦᠵᠡᠭᠦᠯᠬᠦ ᠶᠢᠨ ᠲᠥᠯᠥᠭᠡ᠂ ᠳᠤᠮᠳᠠᠳᠤ ᠤᠯᠤᠰ ᠤᠨ | ᠪᠠᠩᠬᠢ ᠲᠠᠢ ᠵᠥᠪᠳᠡᠯᠴᠡᠬᠦ ᠪᠠᠷ ᠳᠠᠮᠵᠢᠭᠤᠯᠤᠨ᠂ ᠵᠢᠭᠠᠨ ᠲᠣᠭᠲᠠᠭᠠᠭᠰᠠᠨ ᠲᠣᠣᠷ ᠴᠡᠭ ᠲᠤ ᠴᠡᠷᠢᠭ ᠤᠨ | ᠠᠮᠠᠷᠠᠯᠲᠠ ᠶᠢᠨ ᠺᠠᠳ᠋ᠷᠴᠤᠳ ᠤᠨ ᠲᠤᠰᠬᠠᠢ ᠴᠣᠩᠬᠤ ᠶᠢ ᠨᠡᠭᠡᠭᠡᠪᠡ᠃ ᠴᠡᠷᠢᠭ ᠤᠨ ᠠᠮᠠᠷᠠᠯᠲᠠ ᠶᠢᠨ ᠺᠠᠳ᠋ᠷᠴᠤᠳ ᠤᠨ | ᠨᠠᠰᠤ ᠠᠬᠠᠰᠢᠷᠠᠭᠰᠠᠨ᠂ ᠬᠥᠳᠡᠯᠵᠦ ᠪᠠᠷᠢᠬᠤ ᠳᠤ ᠳᠥᠭᠦᠮ ᠦᠭᠡᠢ ᠪᠠᠶᠢᠭ᠎ᠠ ᠪᠠᠶᠢᠳᠠᠯ ᠢ ᠦᠨᠳᠦᠰᠦᠯᠡᠨ᠂ ᠭᠤᠣᠯ | ᠰᠡᠳᠦᠪᠲᠦ ᠰᠤᠷᠭᠠᠨ ᠬᠥᠮᠦᠵᠢᠯ ᠤᠨ ᠠᠵᠢᠯᠯᠠᠭ᠎ᠠ ᠲᠠᠢ ᠤᠶᠠᠯᠳᠤᠭᠤᠯᠤᠨ᠂ ᠴᠡᠷᠢᠭ ᠤᠨ ᠠᠮᠠᠷᠠᠯᠲᠠ ᠶᠢᠨ | ᠺᠠᠳ᠋ᠷᠴᠤᠳ ᠲᠤ ᠦᠨᠡᠨ ᠬᠦ ᠪᠣᠳᠠᠲᠤ ᠶᠠᠪᠤᠳᠠᠯ᠂ ᠰᠠᠶᠢᠨ ᠶᠠᠪᠤᠳᠠᠯ ᠬᠢᠵᠦ᠂ ᠳᠤᠮᠳᠠᠳᠤ ᠤᠯᠤᠰ ᠤᠨ ᠪᠠᠩᠬᠢ ᠶᠢᠨ | ᠠᠵᠢᠯᠲᠠᠳ ᠤᠨ ᠦᠢᠯᠡᠴᠢᠯᠡᠭᠡᠨ ᠤ ᠥᠷᠲᠡᠭᠡᠨ ᠳᠤ ᠨᠡᠶᠢᠭᠡᠮ ᠤᠨ ᠳᠠᠭᠠᠳᠬᠠᠯ ᠤᠨ ᠺᠠᠷᠲ ᠭᠠᠷᠭᠠᠵᠤ ᠲᠤᠰᠬᠠᠢ | ᠲᠠᠯᠠᠪᠤᠷ ᠰᠣᠯᠢᠵᠤ ᠥᠭᠬᠦ ᠶᠠᠪᠤᠳᠠᠯ ᠢ ᠵᠣᠬᠢᠴᠠᠭᠤᠯᠵᠤ᠂ ᠴᠡᠷᠢᠭ ᠤᠨ ᠠᠮᠠᠷᠠᠯᠲᠠ ᠶᠢᠨ 149 ᠺᠠᠳ᠋ᠷᠴᠤᠳ ᠲᠤ | ᠭᠤᠷᠪᠠᠳᠤᠭᠠᠷ ᠦᠶ᠎ᠡ ᠶᠢᠨ ᠨᠡᠶᠢᠭᠡᠮ ᠤᠨ ᠳᠠᠭᠠᠳᠬᠠᠯ ᠤᠨ ᠺᠠᠷᠲ ᠢ ᠰᠣᠯᠢᠵᠤ ᠥᠭᠭᠦᠭᠡᠳ᠂ ᠴᠡᠷᠢᠭ ᠤᠨ | ᠠᠮᠠᠷᠠᠯᠲᠠ ᠶᠢᠨ ᠺᠠᠳ᠋ᠷᠴᠤᠳ ᠤᠨ ᠭᠠᠴᠢᠭᠳᠠᠵᠤ ᠪᠠᠶᠢᠭ᠎ᠠ ᠠᠰᠠᠭᠤᠳᠠᠯ ᠢ ᠦᠨᠡᠨᠬᠦ ᠰᠢᠢᠳᠪᠦᠷᠢᠯᠡᠵᠡᠢ᠃ᠴᠡᠷᠢᠭ ᠠᠴᠠ | ᠬᠠᠯᠠᠭᠳᠠᠭᠰᠠᠳ ᠤᠨ ᠬᠠᠷᠠᠭᠠᠯᠵᠠᠯ ᠤᠨ ᠦᠨᠡᠮᠯᠡᠯ ᠢ ᠭᠦᠢᠴᠡᠳᠬᠡᠵᠦ ᠡᠬᠢᠯᠡᠭᠰᠡᠨ ᠤ ᠳᠠᠷᠠᠭ᠎ᠠ᠂ ᠰᠢᠤᠳᠠᠨ ᠤ | ᠬᠠᠳᠠᠭᠠᠯᠠᠮᠵᠢ ᠶᠢᠨ ᠪᠠᠩᠬᠢ ᠶᠢᠨ ᠠᠵᠢᠯᠲᠠᠨ ᠲᠠᠢ ᠵᠣᠯᠭᠠᠭᠤᠯᠤᠨ ᠡᠯ᠎ᠡ ᠦᠢᠯᠡᠴᠢᠯᠡᠭᠡᠨ ᠤ ᠥᠷᠲᠡᠭᠡ ᠳᠤ | ᠭᠦᠨᠵᠡᠭᠡᠶᠢᠷᠡᠨ ᠲᠤᠬᠠᠢ ᠶᠢᠨ ᠲᠠᠯᠠᠪᠤᠷ ᠲᠤ ᠠᠵᠢᠯᠯᠠᠵᠤ᠂ ᠠᠵᠢᠯᠯᠠᠭ᠎ᠠ ᠨᠢ ᠬᠦᠴᠢᠷᠲᠡᠢ ᠣᠨᠴᠠ ᠵᠠᠷᠢᠮ ᠬᠥᠮᠥᠰ ᠲᠤ | ᠡᠷᠦᠬᠡ ᠳᠤ ᠬᠦᠷᠴᠦ ᠭᠦᠢᠴᠡᠳᠬᠡᠬᠦ ᠬᠡᠯᠪᠡᠷᠢ ᠪᠠᠷ ᠮᠡᠳᠡᠭᠡ ᠵᠠᠩᠭᠢ ᠴᠤᠭᠯᠠᠭᠤᠯᠬᠤ ᠶᠢ ᠪᠡᠶᠡᠯᠡᠭᠦᠯᠵᠦ᠂ ᠣᠳᠣᠬᠠᠨ ᠳᠤ | ᠴᠡᠷᠢᠭ ᠤᠨ ᠠᠮᠠᠷᠠᠯᠲᠠ ᠶᠢᠨ ᠺᠠᠳ᠋ᠷᠴᠤᠳ ᠤᠨ ᠬᠠᠷᠠᠭᠠᠯᠵᠠᠯ ᠤᠨ ᠦᠨᠡᠮᠯᠡᠯ ᠢ ᠭᠦᠢᠴᠡᠳᠬᠡᠭᠰᠡᠨ ᠨᠣᠷᠮ᠎ᠠ 92% ᠠᠴᠠ | ᠳᠡᠭᠡᠭᠰᠢ ᠳᠤ ᠬᠦᠷᠴᠡᠢ᠃ᠬᠤᠯᠪᠣᠭᠠᠲᠤ ᠡᠮᠨᠡᠯᠭᠡ ᠶᠢᠨ ᠬᠤᠷᠢᠶ᠎ᠠ᠄ ᠴᠡᠷᠢᠭ ᠤᠨ ᠠᠮᠠᠷᠠᠯᠲᠠ ᠶᠢᠨ ᠲᠥᠪ ᠤᠨ ᠬᠢᠨ | ᠤᠳᠠᠭ᠎ᠠ ᠪᠦᠷᠢ ᠭᠠᠳᠠᠭᠰᠢ ᠭᠠᠷᠴᠤ ᠲᠣᠭᠤᠷᠢᠨ ᠦᠵᠡᠬᠦ᠂ ᠰᠤᠷᠤᠯᠴᠠᠬᠤ ᠶᠢ ᠵᠣᠬᠢᠶᠠᠨ ᠪᠠᠶᠢᠭᠤᠯᠬᠤ ᠳᠠᠭᠠᠨ ᠴᠥᠮ | ᠥᠪᠥᠷ ᠮᠣᠩᠭᠤᠯ ᠤᠨ ᠠᠢ ᠮᠢᠩ ᠡᠮᠨᠡᠯᠭᠡ ᠶᠢᠨ ᠬᠤᠷᠢᠶ᠎ᠠ ᠶᠢ ᠵᠣᠬᠢᠴᠠᠭᠤᠯᠵᠤ ᠪᠠᠶᠢᠭᠠᠳ ᠠᠩᠭᠢ ᠳᠠᠭᠠᠭᠰᠠᠨ ᠡᠮᠴᠢ | ᠰᠤᠪᠢᠯᠠᠭᠴᠢ ᠶᠢ ᠲᠣᠮᠢᠯᠠᠵᠤ ᠴᠡᠷᠢᠭ ᠤᠨ ᠠᠮᠠᠷᠠᠯᠲᠠ ᠶᠢᠨ ᠺᠠᠳ᠋ᠷᠴᠤᠳ ᠤᠨ ᠡᠷᠡᠭᠦᠯ ᠮᠡᠨᠳᠦ ᠪᠠ ᠠᠮᠤᠷ ᠲᠦᠪᠰᠢᠨ ᠢ | ᠬᠠᠮᠠᠭᠠᠯᠠᠳᠠᠭ᠃ᠡᠨᠡ ᠵᠢᠯ ᠤᠨ 4 ᠰᠠᠷ᠎ᠠ ᠳᠤ᠂ ᠥᠪᠥᠷ ᠮᠣᠩᠭᠤᠯ ᠤᠨ ᠠᠢ ᠮᠢᠩ ᠡᠮᠨᠡᠯᠭᠡ ᠶᠢᠨ ᠬᠤᠷᠢᠶ᠎ᠠ ᠪᠣᠯᠣᠨ | ᠥᠪᠥᠷ ᠮᠣᠩᠭᠤᠯ ᠤᠨ ᠡᠮᠨᠡᠯᠭᠡ ᠶᠢᠨ ᠶᠡᠭᠡ ᠰᠤᠷᠭᠠᠭᠤᠯᠢ ᠶᠢᠨ ᠬᠠᠷᠢᠶᠠᠲᠤ ᠡᠮᠨᠡᠯᠭᠡ ᠶᠢᠨ ᠬᠤᠷᠢᠶ᠎ᠠ ᠶᠢᠨ | ᠰᠢᠩᠭᠡᠭᠡᠯᠲᠡ ᠶᠢᠨ ᠳᠣᠲᠣᠷ ᠰᠠᠯᠠᠭ᠎ᠠ ᠲᠠᠢ ᠬᠤᠯᠪᠤᠭᠠᠯᠠᠨ ︽ᠡᠮᠴᠢ ᠥᠷᠥᠰᠢᠶᠡᠩᠭᠦᠢ ᠰᠡᠳᠬᠢᠯ ᠲᠠᠢ ᠪᠠᠶᠢᠵᠤ᠂ | ᠠᠬᠠᠮᠠᠳ ᠴᠡᠷᠢᠭ ᠤᠨ ᠬᠤᠳᠣᠭᠤᠳᠤᠨ ᠤ ᠡᠷᠡᠭᠦᠯ ᠮᠡᠨᠳᠦ ᠶᠢ ᠬᠠᠮᠠᠭᠠᠯᠠᠬᠤ︾ ᠠᠵᠢᠯᠯᠠᠭ᠎ᠠ ᠥᠷᠨᠢᠭᠦᠯᠵᠦ᠂ | ᠴᠡᠷᠢᠭ ᠤᠨ ᠠᠮᠠᠷᠠᠯᠲᠠ ᠶᠢᠨ ᠺᠠᠳ᠋ᠷᠴᠤᠳ ᠲᠤ ᠬᠡᠷᠬᠢᠨ ᠬᠤᠳᠣᠭᠤᠳᠤ ᠶᠢ ᠲᠡᠵᠢᠭᠡᠬᠦ᠂ ᠬᠤᠳᠣᠭᠤᠳᠤ ᠶᠢ ᠬᠠᠮᠠᠭᠠᠯᠠᠬᠤ | ᠵᠢᠴᠢ ᠬᠤᠯᠪᠣᠭᠳᠠᠯ ᠪᠦᠬᠦᠢ ᠮᠡᠳᠡᠯᠭᠡ ᠶᠢᠨ ᠡᠷᠡᠭᠦᠯ ᠮᠡᠨᠳᠦ ᠶᠢ ᠰᠡᠷᠭᠡᠶᠢᠯᠡᠬᠦ ᠲᠠᠶᠢᠯᠤᠮᠵᠢ ᠵᠢᠴᠢ ᠰᠦᠢᠳᠬᠡᠯ | ᠬᠤᠷᠢᠶᠠᠬᠤ ᠦᠭᠡᠢ ᠪᠠᠷ ᠠᠯᠪᠠᠨ ᠵᠢᠷᠤᠮ ᠤᠨ ᠡᠮᠴᠢᠯᠡᠭᠡ ᠬᠢᠵᠦ ᠥᠭᠴᠡᠢ᠃︽8·1︾ ᠤ ᠡᠮᠦᠨᠡᠬᠡᠨ᠂ ᠴᠡᠷᠢᠭ ᠢᠶᠠᠨ | ᠬᠦᠷᠢᠶᠡᠯᠡᠬᠦ ᠠᠵᠤ ᠠᠬᠤᠶᠢᠯᠠᠯ ︱ ᠬᠤᠪᠦᠶᠢᠷ ᠤᠨ ᠠᠮᠠᠨ ᠬᠥᠨᠳᠡᠢ ᠶᠢᠨ ᠡᠭᠦᠳᠡᠨ ᠡᠮᠨᠡᠯᠭᠡ ᠶᠢᠨ ᠬᠡᠯᠲᠡᠰ ᠲᠠᠢ | ᠬᠤᠯᠪᠤᠭᠠᠯᠠᠨ ᠴᠡᠷᠢᠭ ᠤᠨ ᠠᠮᠠᠷᠠᠯᠲᠠ ᠶᠢᠨ ᠺᠠᠳ᠋ᠷ ᠵᠢᠴᠢ ᠭᠡᠷ ᠪᠦᠯᠢ ᠶᠢᠨ ᠬᠢᠨ ᠳᠤ ᠠᠮᠠᠨ ᠬᠥᠨᠳᠡᠢ ᠶᠢᠨ ᠡᠷᠡᠭᠦᠯ | ᠮᠡᠨᠳᠦ ᠶᠢᠨ ᠠᠯᠪᠠᠨ ᠵᠢᠷᠤᠮ ᠤᠨ ᠡᠮᠴᠢᠯᠡᠭᠡ ᠬᠢᠭᠰᠡᠨ ᠪᠥᠭᠡᠳ ᠬᠥᠮᠥᠨ ᠪᠦᠷᠢ ᠳᠤ ᠦᠨ᠎ᠡ ᠲᠥᠯᠥᠪᠦᠷᠢ ᠦᠭᠡᠢ ᠪᠠᠷ | ᠠᠮᠠᠨ ᠬᠥᠨᠳᠡᠢ ᠶᠢᠨ ᠡᠷᠡᠭᠦᠯ ᠮᠡᠨᠳᠦ ᠶᠢᠨ ᠺᠠᠷᠲ ᠣᠯᠭᠤᠵᠠᠢ᠃ᠡᠯ᠎ᠡ ᠲᠥᠷᠥᠯ ᠤᠨ ᠠᠯᠪᠠᠨ ᠵᠢᠷᠤᠮ ᠤᠨ ᠡᠮᠴᠢᠯᠡᠭᠡᠨ ᠤ | ᠦᠢᠯᠡᠴᠢᠯᠡᠭᠡᠨ ᠤ ᠠᠵᠢᠯᠯᠠᠭ᠎ᠠ ᠶᠢ ᠨᠡᠶᠢᠲᠡ 5 ᠤᠳᠠᠭ᠎ᠠ ᠥᠷᠨᠢᠭᠦᠯᠵᠦ᠂ 1200 ᠭᠠᠷᠤᠢ ᠬᠥᠮᠥᠨ ᠤᠳᠠᠭ᠎ᠠ ᠳᠤ | ᠠᠰᠢᠭ ᠬᠦᠷᠲᠡᠭᠡᠪᠡ᠃ | ᠬᠥᠲᠥᠯᠥᠭᠴᠢ᠄ | ᠮᠠᠨ ᠤ ᠬᠤᠲᠠ ᠴᠡᠷᠢᠭ ᠤᠨ ᠠᠮᠠᠷᠠᠯᠲᠠ ᠶᠢᠨ ᠺᠠᠳ᠋ᠷᠴᠤᠳ ᠤᠨ ᠤᠯᠤᠰ ᠲᠥᠷᠥ ᠶᠢᠨ ᠬᠠᠷᠠᠭᠠᠯᠵᠠᠯ ᠢ | ᠬᠡᠷᠬᠢᠨ ᠨᠠᠶᠢᠳᠠᠪᠤᠷᠢᠵᠢᠭᠤᠯᠤᠭᠰᠠᠨ ᠪᠤᠶ︖ | ᠬᠤᠶᠠᠳᠤᠭᠠᠷ ᠦᠢᠯᠡᠴᠢᠯᠡᠭᠡᠨ ᠤ ᠥᠷᠲᠡᠭᠡᠨ ᠤ ᠳᠡᠳ᠋ ᠳᠠᠷᠤᠭ᠎ᠠ ᠴᠧᠨ ᠮᠧᠦ ᠳ᠋ᠧ᠄ | ᠴᠡᠷᠢᠭ ᠤᠨ ᠠᠮᠠᠷᠠᠯᠲᠠ ᠶᠢᠨ ᠺᠠᠳ᠋ᠷᠴᠤᠳ ᠤᠨ ᠤᠯᠤᠰ ᠲᠥᠷᠥ ᠶᠢᠨ ᠬᠠᠷᠠᠭᠠᠯᠵᠠᠯ ᠢ ᠨᠠᠶᠢᠳᠠᠪᠤᠷᠢᠵᠢᠭᠤᠯᠬᠤ ᠳᠤ᠂ | ᠨᠢᠭᠡ ᠳᠤ ᠤᠯᠤᠰ ᠲᠥᠷᠥ ᠶᠢᠨ ᠪᠠᠶᠢᠭᠤᠯᠤᠯᠲᠠ ᠪᠠᠷ ᠶᠡᠷᠦᠩᠬᠡᠶᠢᠯᠡᠨ ᠵᠢᠯᠤᠭᠤᠳᠬᠤ ᠶᠢ ᠪᠠᠷᠢᠮᠲᠠᠯᠠᠵᠤ᠂ ︽ᠴᠡᠷᠢᠭ︾ | ᠥᠰᠥᠭ ᠤᠨ ᠫᠠᠶᠢᠰᠠ ᠶᠢ ᠭᠡᠷᠡᠯᠲᠦᠭᠦᠯᠦᠨ᠎ᠡ᠃ᠵᠣᠬᠢᠶᠠᠨ ᠪᠠᠶᠢᠭᠤᠯᠤᠯᠲᠠ ᠶᠢᠨ ᠪᠠᠬᠢᠯᠡᠯᠲᠡ ᠪᠠᠨ ᠴᠢᠩᠭᠠᠳᠬᠠᠵᠤ᠂ | ᠦᠢᠯᠡᠴᠢᠯᠡᠭᠡᠨ ᠤ ᠰᠠᠭᠤᠷᠢ ᠪᠠᠨ ᠪᠠᠬᠢᠵᠢᠭᠦᠯᠵᠦ᠂ ᠪᠠᠶᠢᠭᠤᠯᠤᠮᠵᠢ ᠶᠢ ᠥᠭᠡᠷᠡᠴᠢᠯᠡᠭᠰᠡᠨ ᠤ ᠳᠠᠷᠠᠭ᠎ᠠ᠂ ᠤᠤᠯ ᠤᠨ 5 | ᠴᠡᠷᠢᠭ ᠤᠨ ᠠᠮᠠᠷᠠᠯᠲᠠ ᠶᠢᠨ ᠦᠢᠯᠡᠴᠢᠯᠡᠭᠡᠨ ᠤ ᠪᠠᠶᠢᠭᠤᠯᠤᠮᠵᠢ ᠶᠢᠨ 5 ᠦᠨᠳᠦᠰᠦᠨ ᠱᠠᠲᠤᠨ ᠤ ᠨᠠᠮ ᠤᠨ | ᠬᠤᠷᠢᠶ᠎ᠠ ᠶᠢ ᠬᠠᠰᠤᠵᠤ᠂ ᠤᠤᠯ ᠤᠨ ᠪᠠᠶᠢᠭᠰᠠᠨ 42 ᠨᠠᠮ ᠤᠨ ᠡᠭᠦᠷ ᠢ 19 ᠨᠠᠮ ᠤᠨ ᠡᠭᠦᠷ ︵ᠡᠭᠦᠨ ᠳᠤ ᠠᠵᠢᠯ ᠳᠤ | ᠪᠠᠶᠢᠭ᠎ᠠ ᠠᠵᠢᠯᠲᠠᠨ ᠠᠵᠢᠯᠴᠢᠨ ᠤ ᠡᠭᠦᠷ 2᠂ ᠴᠡᠷᠢᠭ ᠤᠨ ᠠᠮᠠᠷᠠᠯᠲᠠ ᠶᠢᠨ ᠺᠠᠳ᠋ᠷ ᠤᠨ ᠡᠭᠦᠷ 16᠂ ᠠᠵᠢᠯ ᠠᠴᠠ ᠪᠠᠨ | ᠠᠮᠠᠷᠠᠭᠰᠠᠨ ᠠᠵᠢᠯᠲᠠᠨ ᠠᠵᠢᠯᠴᠢᠨ ᠤ ᠡᠭᠦᠷ 1 ᠪᠤᠢ︶ ᠪᠣᠯᠭᠠᠨ ᠰᠢᠯᠢᠳᠡᠭᠵᠢᠭᠦᠯᠦᠨ ᠨᠡᠶᠢᠳᠬᠡᠵᠦ᠂ ᠳᠣᠣᠷ᠎ᠠ ᠠᠴᠠ | ᠳᠡᠭᠡᠭᠰᠢ ᠲᠡᠰ ᠳᠠᠷᠠᠭᠠᠯᠠᠯ ᠢᠶᠠᠷ᠂ ᠡᠯ᠎ᠡ ᠨᠠᠮ ᠤᠨ ᠡᠭᠦᠷ ᠤᠨ ᠬᠤᠭᠤᠴᠠᠭ᠎ᠠ ᠰᠣᠯᠢᠬᠤ ᠰᠣᠩᠭᠤᠭᠤᠯᠢ ᠶᠢᠨ ᠠᠵᠢᠯ ᠢ | ᠠᠯᠬᠤᠮ ᠠᠯᠬᠤᠮ ᠢᠶᠠᠷ ᠪᠡᠶᠡᠯᠡᠭᠦᠯᠵᠦ᠂ ᠴᠡᠷᠢᠭ ᠤᠨ ᠠᠮᠠᠷᠠᠯᠲᠠ ᠶᠢᠨ ᠲᠥᠪ ᠤᠨ ᠨᠠᠮ ᠤᠨ ᠬᠤᠷᠢᠶᠠᠨ ᠤ ᠭᠡᠰᠢᠭᠦᠨ᠂ | ᠰᠠᠬᠢᠯᠭ᠎ᠠ ᠪᠠᠲᠤ ᠪᠠᠶᠢᠴᠠᠭᠠᠬᠤ ᠬᠤᠷᠢᠶᠠᠨ ᠤ ᠭᠡᠰᠢᠭᠦᠨ ᠢ ᠨᠡᠮᠡᠵᠦ ᠨᠥᠬᠦᠪᠦᠷᠢᠯᠡᠬᠦ ᠶᠢ ᠪᠡᠶᠡᠯᠡᠭᠦᠯᠪᠡ᠃ᠭᠤᠣᠯ ᠪᠣᠯᠬᠤ | ᠨᠠᠮ ᠤᠨ ᠬᠤᠷᠢᠶ᠎ᠠ ᠰᠡᠳᠬᠢᠯ ᠰᠠᠨᠠᠭ᠎ᠠ ᠪᠠᠨ ᠲᠥᠪᠯᠡᠷᠡᠭᠦᠯᠦᠨ ᠨᠠᠮ ᠤᠨ ᠪᠠᠶᠢᠭᠤᠯᠤᠯᠲᠠ ᠶᠢ ᠰᠦᠪᠡᠭᠴᠢᠯᠡᠬᠦ ᠶᠢ | ᠪᠠᠷᠢᠮᠲᠠᠯᠠᠵᠤ᠂ ᠳᠡᠭᠡᠷ᠎ᠡ ᠳᠣᠣᠷ᠎ᠠ ᠱᠠᠲᠤ ᠪᠠᠷ ᠢᠶᠠᠨ ᠰᠡᠳᠬᠢᠯ ᠨᠢᠭᠡᠳᠦᠨ ᠨᠠᠮ ᠤᠨ ᠪᠠᠶᠢᠭᠤᠯᠤᠯᠲᠠ ᠶᠢ ᠠᠳᠬᠤᠵᠤ᠂ | ᠤᠯᠤᠰ ᠲᠦᠷᠦ ᠶᠢᠨ ᠪᠠᠶᠢᠭᠤᠯᠤᠯᠲᠠ ᠶᠢ ᠲᠤᠪᠤᠶᠢᠯᠭᠠᠵᠦ᠂ ᠤᠨᠤᠯ ᠢᠶᠠᠷ ᠵᠡᠪᠰᠡᠭᠯᠡᠬᠦ ᠶᠢ ᠴᠢᠩᠭᠠᠳᠬᠠᠵᠤ᠂︽ᠲᠦᠷᠪᠡᠨ | ᠤᠬᠠᠮᠰᠠᠷ︾ ᠢᠶᠠᠨ ᠴᠢᠩᠭᠠᠳᠬᠠᠵᠤ᠂︽ᠲᠦᠷᠪᠡᠨ ᠢᠲᠡᠭᠡᠯ︾ ᠢᠶᠠᠨ ᠪᠠᠲᠤᠳᠬᠠᠵᠤ᠂︽ᠬᠤᠶᠠᠷ ᠢ ᠬᠠᠮᠠᠭᠠᠯᠠᠬᠤ︾ ᠶᠢ | ᠪᠡᠶᠡᠯᠡᠭᠦᠯᠵᠦ᠂ ᠦᠵᠡᠯ ᠰᠠᠨᠠᠭ᠎ᠠ ᠤᠯᠤᠰ ᠲᠦᠷᠦ ᠦᠢᠯᠡ ᠠᠵᠢᠯᠯᠠᠭ᠎ᠠ ᠳᠡᠭᠡᠷ᠎ᠡ ᠪᠠᠨ ᠨᠠᠮ ᠤᠨ ᠲᠥᠪ ᠬᠤᠷᠢᠶ᠎ᠠ ᠲᠠᠢ | ᠳᠡᠭᠡᠳᠦ ᠬᠡᠮᠵᠢᠶ᠎ᠡ ᠪᠠᠷ ᠨᠢᠭᠡᠳᠦᠯᠲᠡᠢ ᠪᠠᠶᠢᠬᠤ ᠶᠢ ᠡᠷᠡᠰ ᠪᠠᠷᠢᠮᠲᠠᠯᠠᠪᠠ᠃︽ᠳᠥᠷᠪᠡ ᠶᠢ ᠠᠳᠬᠤᠬᠤ︾ ᠪᠠᠷ ᠳᠠᠮᠵᠢᠭᠤᠯᠤᠨ | ᠨᠠᠮ ᠤᠨ ᠪᠠᠶᠢᠭᠤᠯᠤᠯᠲᠠ ᠶᠢ ᠴᠢᠩᠭᠠᠳᠬᠠᠨ᠎ᠠ᠂ ᠲᠤᠬᠠᠶᠢᠯᠠᠪᠠᠯ᠄ ᠤᠨᠤᠯ ᠢᠶᠠᠷ ᠵᠡᠪᠰᠡᠭᠯᠡᠬᠦ ᠶᠢ ᠠᠳᠬᠤᠵᠤ᠂ ᠤᠯᠤᠰ | ᠲᠦᠷᠦ ᠪᠠᠷ ᠬᠥᠲᠥᠯᠥᠨ ᠳᠠᠭᠠᠭᠤᠯᠬᠤ ᠶᠢ ᠴᠢᠩᠭᠠᠳᠬᠠᠨ᠎ᠠ︔ᠳᠦᠷᠢᠮ ᠤᠨ ᠨᠠᠶᠢᠳᠠᠪᠤᠷᠢᠵᠢᠭᠤᠯᠤᠯᠲᠠ ᠶᠢ ᠠᠳᠬᠤᠵᠤ᠂ | ᠵᠣᠬᠢᠶᠠᠨ ᠪᠠᠶᠢᠭᠤᠯᠤᠯᠲᠠ ᠶᠢᠨ ᠠᠮᠢᠳᠤᠷᠠᠯ ᠢ ᠴᠢᠩᠳᠠᠯᠠᠬᠤᠲ᠋ᠠᠷᠤᠯᠲᠠ ᠳᠠᠮᠵᠢᠭᠤᠯᠬᠤ ᠶᠢ ᠠᠳᠬᠤᠵᠤ᠂ ᠭᠤᠣᠯ | ᠴᠣᠭᠴᠠ ᠶᠢᠨ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠬᠤ ᠬᠡᠷᠡᠭᠲᠡᠢ︔ᠡᠩᠨᠡᠭᠡᠨ ᠤ ᠪᠠᠶᠢᠭᠤᠯᠤᠯᠲᠠ ᠶᠢ ᠠᠳᠬᠤᠵᠤ᠂ | ᠦᠨᠳᠦᠰᠦᠨ ᠱᠠᠲᠤᠨ ᠤ ᠵᠣᠬᠢᠶᠠᠨ ᠪᠠᠶᠢᠭᠤᠯᠤᠯᠲᠠ ᠶᠢ ᠲᠡᠭᠦᠯᠳᠡᠷᠵᠢᠭᠦᠯᠦᠨ᠎ᠡ᠃ᠬᠤᠶᠠᠷ ᠲᠤ᠂ ᠨᠠᠮ ᠤᠨ | ᠪᠠᠶᠢᠭᠤᠯᠤᠯᠲᠠ ᠶᠢᠨ ᠬᠤᠯᠪᠣᠭᠠᠯᠠᠯ ᠢ ᠳᠠᠭᠠᠭᠠᠴᠢᠯᠠᠬᠤ ᠶᠢ ᠨᠠᠶᠢᠳᠠᠪᠤᠷᠢᠵᠢᠭᠤᠯᠵᠤ᠂︽ᠴᠡᠷᠢᠭ︾︾ ᠤᠨ ᠣᠨᠴᠠᠯᠢᠭ ᠢ | ᠲᠤᠪᠤᠶᠢᠯᠭᠠᠪᠠ᠃ᠣᠯᠠᠨ ᠵᠦᠢᠯ ᠤᠨ ᠠᠷᠭ᠎ᠠ ᠬᠡᠮᠵᠢᠶ᠎ᠡ ᠶᠢ ᠵᠡᠷᠭᠡ ᠪᠠᠷ ᠬᠡᠷᠡᠭᠯᠡᠵᠦ᠂ ᠶᠠᠰᠤ ᠴᠢᠨᠠᠷ ᠢ ᠳᠡᠭᠡᠭᠰᠢᠯᠡᠭᠦᠯᠦᠨ | ᠦᠷ᠎ᠡ ᠠᠰᠢᠭ ᠢ ᠨᠡᠮᠡᠭᠳᠡᠭᠦᠯᠵᠦ᠂ ᠴᠡᠷᠢᠭ ᠤᠨ ᠠᠮᠠᠷᠠᠯᠲᠠ ᠶᠢᠨ ᠺᠠᠳ᠋ᠷ ᠨᠠᠮ ᠤᠨ ᠭᠡᠰᠢᠭᠦᠨ ᠤ ᠲᠤᠭ᠎ᠠ ᠨᠡᠯᠢᠶᠡᠳ | ᠣᠯᠠᠨ ᠪᠠᠶᠢᠬᠤ ᠳᠤ ᠨᠠᠰᠤᠨ ᠤ ᠪᠦᠲᠦᠴᠡ ᠨᠡᠶᠢᠳᠡᠮ ᠳᠡᠭᠡᠨ ᠶᠡᠭᠡ ᠰᠢᠭ ᠪᠠᠶᠢᠨ᠎ᠠ ᠃ ︽ᠨᠠᠮ ᠤᠨ ᠪᠠᠶᠢᠭᠤᠯᠤᠯᠲᠠ | + ᠲᠤᠬᠠᠶᠢᠯᠠᠭᠰᠠᠨ ᠠᠵᠢᠯ︾ ᠤᠨ ᠬᠤᠶᠠᠷ ᠢ ᠠᠬᠢᠭᠤᠯᠵᠤ ᠬᠤᠶᠠᠷ ᠢ ᠳᠡᠭᠡᠭᠰᠢᠯᠡᠭᠦᠯᠬᠦ ᠬᠠᠷᠠᠯᠲᠠ ᠶᠢ ᠪᠡᠶᠡᠯᠡᠭᠦᠯᠬᠦ | ᠶᠢᠨ ᠲᠥᠯᠥᠭᠡ᠂ ᠥᠩᠭᠡᠷᠡᠭᠰᠡᠨ ᠤ ᠦᠢᠯᠡᠴᠢᠯᠡᠭᠡ ᠶᠢ ᠳ᠋ᠦᠩᠨᠡᠭᠰᠡᠨ ᠰᠠᠭᠤᠷᠢᠨ ᠳᠡᠭᠡᠷ᠎ᠡ᠂ ᠳᠠᠭᠠᠭᠠᠴᠢᠯᠠᠯᠲᠠ ᠶᠢᠨ | ᠠᠭᠤᠯᠭ᠎ᠠ ᠶᠢ ᠤᠯᠠᠮ ᠨᠢᠭᠡ ᠠᠯᠬᠤᠮ ᠤᠷᠲᠤᠳᠬᠠᠵᠤ᠂ ᠬᠠᠷᠠᠯᠲᠠ ᠡᠭᠦᠷᠭᠡ ᠶᠢ ᠲᠣᠳᠣᠷᠬᠠᠶᠢᠯᠠᠨ᠂ ᠣᠲᠣ | ᠪᠠᠶᠢᠭ᠎ᠠ ᠳᠠᠭᠠᠭᠠᠴᠢᠯᠠᠯᠲᠠ ᠶᠢᠨ ᠠᠵᠢᠯᠲᠠᠨ ᠴᠡᠷᠢᠭ ᠤᠨ ᠠᠮᠠᠷᠠᠯᠲᠠ ᠶᠢᠨ ᠺᠠᠳ᠋ᠷᠴᠤᠳ ᠲᠤ ᠡᠳᠦᠷ ᠲᠤᠲᠤᠮ ᠤᠨ | ᠦᠢᠯᠡᠴᠢᠯᠡᠭᠡ ᠶᠢ ᠰᠠᠶᠢᠲᠤᠷ ᠬᠢᠬᠦ ᠪᠠᠷ ᠪᠠᠷᠠᠬᠤ ᠦᠭᠡᠢ ᠪᠠᠰᠠ ᠳᠠᠭᠠᠭᠠᠴᠢᠯᠠᠯᠲᠠ ᠶᠢᠨ ᠵᠣᠬᠢᠴᠠᠩᠭᠤᠢ ᠴᠡᠷᠢᠭ ᠤᠨ | ᠠᠮᠠᠷᠠᠯᠲᠠ ᠶᠢᠨ ᠨᠠᠮ ᠤᠨ ᠡᠭᠦᠷ ᠢ ᠬᠠᠪᠰᠤᠷᠴᠤ ᠡᠳᠦᠷ ᠲᠤᠲᠤᠮ ᠤᠨ ᠨᠠᠮ ᠤᠨ ᠪᠠᠶᠢᠭᠤᠯᠤᠯᠲᠠ ᠶᠢᠨ ᠠᠵᠢᠯ ᠢ | ᠰᠠᠶᠢᠲᠤᠷ ᠬᠢᠬᠦ ᠬᠡᠷᠡᠭᠲᠡᠢ ᠭᠡᠵᠦ ᠱᠠᠭᠠᠷᠳᠠᠵᠠᠢ᠃︽ᠭᠤᠣᠯᠯᠠᠭᠴᠢ ᠬᠦᠴᠦᠨ ᠢ ᠠᠳᠬᠤᠵᠤ᠂ ᠪᠦᠬᠦ ᠠᠵᠢᠯᠲᠠᠨ ᠢ | ᠳᠠᠭᠠᠭᠤᠯᠬᠤ︾ᠰᠡᠳᠬᠢᠴᠡ ᠪᠠᠷ᠂ ᠨᠠᠮ ᠤᠨ ᠡᠭᠦᠷ ᠤᠨ ᠱᠦᠵᠢ᠂ ᠭᠡᠰᠢᠭᠦᠨ ᠪᠣᠯᠣᠨ ᠬᠠᠷᠠᠭᠠᠯᠵᠠᠭᠰᠠᠨ ᠳᠠᠭᠠᠭᠠᠨ | ᠬᠤᠯᠪᠣᠭᠠᠯᠠᠭᠰᠠᠨ ᠺᠠᠳ᠋ᠷᠴᠤᠳ ᠲᠤ︽ᠵᠠᠬᠢᠶᠠᠯᠠᠭ᠎ᠠ ᠶᠢᠨ ᠮᠠᠶ᠋ᠢᠭ︾︾ ᠤᠨ ᠨᠠᠮ ᠤᠨ ᠠᠵᠢᠯ ᠤᠨ ᠮᠡᠳᠡᠯᠭᠡ ᠶᠢᠨ | ᠪᠣᠯᠪᠠᠰᠤᠷᠠᠯ ᠢ ᠲᠥᠪᠯᠡᠷᠡᠭᠦᠯᠦᠨ ᠬᠢᠵᠦ᠂ ᠨᠠᠮ ᠤᠨ ᠭᠡᠰᠢᠭᠦᠨ ᠭᠤᠣᠯᠯᠠᠭᠴᠢ ᠬᠦᠴᠦᠨ ᠤ ᠡᠩᠨᠡᠭᠡ ᠶᠢ ᠰᠢᠨ᠎ᠡ ᠴᠠᠭ | ᠦᠶ᠎ᠡ ᠶᠢᠨ ᠴᠡᠷᠢᠭ ᠤᠨ ᠠᠮᠠᠷᠠᠯᠲᠠ ᠶᠢᠨ ᠨᠠᠮ ᠤᠨ ᠪᠠᠶᠢᠭᠤᠯᠤᠯᠲᠠ ᠶᠢᠨ ᠰᠢᠨ᠎ᠡ ᠥᠨᠳᠦᠷᠯᠢᠭ ᠤᠨ ︽ᠨᠢᠭᠡᠳᠦᠭᠡᠷ | ᠵᠢᠭᠰᠠᠭᠠᠯ︾︾ ᠤᠨ ᠡᠩᠨᠡᠭᠡ ᠪᠠᠷ ᠰᠠᠶᠢᠲᠤᠷ ᠵᠠᠮᠨᠠᠬᠤ ᠶᠢ ᠱᠠᠭᠠᠷᠳᠠᠪᠠ᠃45 ᠨᠡᠷᠡᠰ ᠨᠠᠮ ᠤᠨ ᠠᠵᠢᠯ ᠤᠨ ᠭᠤᠣᠯᠯᠠᠭᠴᠢ | ᠬᠦᠴᠦᠨ ᠢ ᠵᠣᠬᠢᠶᠠᠨ ᠪᠠᠶᠢᠭᠤᠯᠵᠤ ᠯᠣᠣ ᠨᠢᠦ ᠫᠦᠸ᠋ᠸ ᠶᠢᠨ ᠬᠤᠪᠢᠰᠬᠠᠯ ᠤᠨ ᠬᠥᠮᠦᠵᠢᠯ ᠤᠨ ᠰᠠᠭᠤᠷᠢᠨ ᠳᠤ | ᠣᠴᠢᠭᠤᠯᠵᠤ ᠲᠤᠬᠠᠶᠢᠯᠠᠭᠰᠠᠨ ᠠᠵᠢᠯ ᠤᠨ ᠤᠨᠤᠯ ᠤᠨ ᠪᠣᠯᠪᠠᠰᠤᠷᠠᠯ ᠳᠤ ᠣᠷᠣᠯᠴᠠᠭᠤᠯᠪᠠ︔ᠡᠨᠡ ᠵᠢᠯ ᠤᠨ ᠡᠬᠢ ᠪᠠᠷ᠂ | ᠥᠪᠥᠷ ᠮᠣᠩᠭᠤᠯ ᠤᠨ ᠦᠵᠡᠰᠬᠦᠯᠡᠩ ᠤᠨ ᠣᠷᠳᠣᠨ ᠤ︽ᠦᠵᠡᠰᠬᠦᠯᠡᠩᠲᠦ ᠰᠠᠶᠢᠬᠠᠨ ᠥᠪᠥᠷ ᠮᠣᠩᠭᠤᠯ᠃ ᠰᠢᠨ᠎ᠡ | ᠠᠶᠠᠨ ᠳᠠᠭᠠᠨ ᠡᠷᠡᠯᠬᠡᠭᠯᠡᠨ ᠤᠷᠤᠭᠰᠢᠯᠠᠶ᠎ᠠ︾︱ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ | ᠰᠤᠷᠤᠯᠴᠠᠨ ᠲᠤᠤᠱᠯᠠᠭᠤᠯᠬᠤ ᠭᠤᠣᠯ ᠰᠡᠳᠦᠪᠲᠦ ᠦᠵᠡᠭᠦᠯᠦᠯᠭᠡ ᠶᠢ ᠵᠣᠬᠢᠶᠠᠨ ᠪᠠᠶᠢᠭᠤᠯᠤᠨ ᠲᠣᠭᠤᠷᠢᠨ ᠦᠵᠡᠪᠡ︔ | ᠨᠠᠮ ᠪᠠᠶᠢᠭᠤᠯᠤᠭᠳᠠᠭᠰᠠᠨ 102 ᠵᠢᠯ ᠤᠨ ᠣᠶ ᠶᠢ ᠪᠡᠯᠭᠡᠯᠡᠬᠦ ᠶᠢᠨ ᠲᠥᠯᠥᠭᠡ᠂ 7 ᠰᠠᠷ᠎ᠠ ᠶᠢᠨ 6 ᠤ ᠡᠳᠦᠷ᠂ 7 ᠤ | ᠡᠳᠦᠷ ᠬᠤᠶᠠᠷ ᠪᠦᠯᠦᠭ ᠬᠤᠪᠢᠶᠠᠨ ᠴᠡᠷᠢᠭ ᠤᠨ ᠠᠮᠠᠷᠠᠯᠲᠠ ᠶᠢᠨ 200 ᠭᠠᠷᠤᠢ ᠺᠠᠳ᠋ᠷᠴᠤᠳ ᠢ ᠵᠢᠨᠢᠩ ᠤᠨ | ᠳᠠᠶᠢᠯᠠᠯᠳᠤᠭᠠᠨ ᠤ ᠣᠷᠳᠣᠨ ᠳᠤ ᠣᠴᠢᠭᠤᠯᠤᠨ ︽ᠬᠤᠪᠢᠰᠬᠠᠯ ᠤᠨ ᠤᠯᠠᠮᠵᠢᠯᠠᠯ ᠢᠶᠠᠨ ᠪᠠᠳᠠᠷᠠᠭᠤᠯᠵᠤ ᠬᠤᠪᠢᠰᠬᠠᠯᠲᠤ | ᠴᠢᠰᠤᠨ ᠰᠤᠳᠠᠰᠤ ᠪᠠᠨ ᠦᠷᠭᠦᠯᠵᠢᠯᠡᠭᠦᠯᠦᠶ᠎ᠡ︾ ᠭᠡᠬᠦ ᠭᠤᠣᠯ ᠰᠡᠳᠦᠪᠲᠦ ᠨᠠᠮ ᠤᠨ ᠡᠳᠦᠷ ᠤᠨ ᠠᠵᠢᠯᠯᠠᠭ᠎ᠠ ᠶᠢ | ᠥᠷᠨᠢᠭᠦᠯᠪᠡ᠃ᠨᠢᠭᠡ ᠲᠠᠯ᠎ᠠ ᠪᠠᠷ ᠶᠠᠪᠤᠭᠳᠠᠭᠤᠯᠬᠤ᠂ ᠨᠢᠭᠡ ᠲᠠᠯ᠎ᠠ ᠪᠠᠷ ᠳ᠋ᠦᠩᠨᠡᠬᠦ ᠶᠠᠪᠤᠴᠠ ᠳᠤ᠂ ︽ᠦᠵᠡᠯ | ᠰᠠᠨᠠᠭᠠᠨ ᠤ ᠵᠢᠯᠣᠭᠤᠳᠤᠮᠵᠢ᠂ ᠬᠠᠷᠠᠯᠲᠠ ᠶᠢᠨ ᠵᠢᠯᠣᠭᠤᠳᠤᠮᠵᠢ᠂ ᠠᠵᠢᠯᠯᠠᠭ᠎ᠠ ᠶᠢᠨ ᠵᠢᠯᠣᠭᠤᠳᠤᠮᠵᠢ︾ ᠶᠢᠨ ᠠᠷᠭ᠎ᠠ | ᠵᠠᠮ ᠪᠠ ᠠᠷᠭ᠎ᠠ ᠶᠢ ᠰᠦᠪᠡᠭᠴᠢᠯᠡᠨ ᠭᠠᠷᠭᠠᠵᠤ᠂ ᠰᠦᠯᠵᠢᠶᠡᠨ ᠳᠡᠭᠡᠷᠡᠬᠢ ᠪᠠ ᠰᠦᠯᠵᠢᠶᠡᠨ ᠭᠠᠳᠠᠨᠠᠬᠢ ᠶᠢᠨ | ᠬᠠᠷᠢᠯᠴᠠᠨ ᠨᠥᠬᠦᠪᠦᠷᠢᠯᠡᠬᠦ᠂ ᠳ᠋ᠢᠶᠠᠩᠬᠤᠸᠠ᠂ ᠠᠪᠢᠶ᠎ᠠ᠂ ᠬᠠᠷᠠᠭᠠᠨ ᠳᠠᠪᠲᠠᠮᠵᠢ ᠶᠢᠨ ᠬᠠᠷᠢᠯᠴᠠᠨ ᠦᠢᠯᠡᠳᠦᠯᠴᠡᠬᠦ | ᠵᠡᠷᠭᠡ ᠠᠷᠭ᠎ᠠ ᠪᠠᠷᠢᠯ ᠢᠶᠠᠷ ᠳᠠᠮᠵᠢᠭᠤᠯᠤᠨ ︽ᠬᠠᠭᠤᠴᠢᠷᠠᠬᠤ ᠳᠤ ᠲᠣᠬᠢᠷᠠᠬᠤ︾ ᠵᠣᠬᠢᠶᠠᠨ ᠪᠠᠶᠢᠭᠤᠯᠤᠯᠲᠠ ᠶᠢᠨ | ᠠᠮᠢᠳᠤᠷᠠᠯ ᠢ ᠥᠷᠨᠢᠭᠦᠯᠵᠦ᠂ ᠴᠡᠷᠢᠭ ᠤᠨ ᠠᠮᠠᠷᠠᠯᠲᠠ ᠶᠢᠨ ᠨᠠᠮ ᠤᠨ ᠡᠭᠦᠷ ᠤᠨ ᠨᠠᠮ ᠤᠨ ᠪᠠᠶᠢᠭᠤᠯᠤᠯᠲᠠ ᠶᠢᠨ | ᠠᠵᠢᠯ ᠢ ᠣᠷᠳᠣ ᠬᠤᠭᠤᠴᠠᠭ᠎ᠠ ᠪᠠᠷ ᠬᠢᠵᠠᠭᠠᠷᠯᠠᠵᠤ ᠪᠠᠶᠢᠭᠰᠠᠨ ᠬᠥᠭᠵᠢᠯᠲᠡ ᠶᠢᠨ ᠪᠣᠭᠤᠮᠢ ᠶᠢ ᠰᠢᠪᠲᠤᠯᠤᠯᠲᠠ ᠶᠢᠨ | ᠴᠢᠨᠠᠷᠲᠠᠢ ᠪᠠᠷ ᠪᠡᠶᠡᠯᠡᠭᠦᠯᠵᠦ᠂ ᠣᠨ ᠤ ︽ᠭᠤᠷᠪᠠᠨ ᠬᠤᠷᠠᠯ ᠨᠢᠭᠡ ᠬᠢᠴᠢᠶᠡᠯ︾ ᠤᠨ ᠡᠯ᠎ᠡ ᠵᠦᠢᠯ ᠤᠨ ᠠᠭᠤᠯᠭ᠎ᠠ ᠶᠢ | ᠴᠡᠷᠢᠭ ᠤᠨ ᠠᠮᠠᠷᠠᠯᠲᠠ ᠶᠢᠨ ᠦᠢᠯᠡᠴᠢᠯᠡᠭᠡᠨ ᠤ ᠬᠦᠷᠢᠶᠡᠨ ᠤ ︽ᠬᠠᠮᠤᠭ ᠤᠨ ᠡᠮᠦᠨ᠎ᠡ ᠦᠵᠦᠭᠦᠷ︾ ᠲᠤ ᠨᠡᠯᠢᠶᠡᠳ | ᠰᠠᠶᠢᠨ ᠨᠠᠶᠢᠳᠠᠪᠤᠷᠢᠵᠢᠭᠤᠯᠪᠠ᠃ | ᠬᠤᠶᠠᠳᠤᠭᠠᠷ ᠦᠢᠯᠡᠴᠢᠯᠡᠭᠡᠨ ᠤ ᠥᠷᠲᠡᠭᠡᠨ ᠤ ᠳᠡᠳ᠋ ᠳᠠᠷᠤᠭ᠎ᠠ ᠴᠧᠨ ᠮᠧᠦ ᠳ᠋ᠧ᠄ | ᠰᠦᠯᠵᠢᠶᠡᠨ ᠤ ᠨᠠᠶᠢᠵᠠ ᠨᠠᠷ ᠤᠨ ︽ᠪᠤᠭᠤᠲᠤ ᠶᠢᠨ ᠬᠤᠯᠪᠣᠭᠠᠲᠤ ᠴᠡᠷᠢᠭ ᠤᠨ ᠺᠠᠳ᠋ᠷ ᠢ ᠠᠮᠠᠷᠠᠭᠤᠯᠬᠤ | ᠪᠠᠶᠢᠩᠭᠤ ᠶᠢᠨ ᠳᠦᠷᠢᠮ︾ ᠤᠨ ᠠᠰᠠᠭᠤᠳᠠᠯ ᠤᠨ ᠲᠤᠬᠠᠢ᠂ ︽ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠴᠡᠷᠢᠭ ᠠᠩᠭᠢ ᠶᠢᠨ ᠠᠵᠢᠯ ᠠᠴᠠ ᠪᠠᠨ ᠰᠠᠯᠵᠤ ᠠᠮᠠᠷᠠᠭᠰᠠᠨ ᠠᠵᠢᠯ ᠠᠴᠠ ᠪᠠᠨ ᠪᠠᠭᠤᠵᠤ ᠠᠮᠠᠷᠠᠭᠰᠠᠨ | ᠺᠠᠳ᠋ᠷᠴᠤᠳ ᠤᠨ ᠦᠢᠯᠡᠴᠢᠯᠡᠭᠡ ᠬᠠᠮᠢᠶᠠᠷᠤᠯᠲᠠ ᠶᠢᠨ ᠪᠠᠶᠢᠭᠤᠯᠤᠮᠵᠢ ᠶᠢᠨ ᠠᠵᠢᠯ ᠤᠨ ᠬᠡᠷᠡᠭᠵᠢᠭᠦᠯᠬᠦ ᠨᠠᠷᠢᠨ ᠳᠦᠷᠢᠮ︾ | ᠂ ᠴᠡᠷᠢᠭ ᠠᠴᠠ ᠬᠠᠯᠠᠭᠳᠠᠭᠰᠠᠳ ᠤᠨ ᠶᠠᠪᠤᠳᠠᠯ ᠤᠨ ᠶᠠᠮᠤᠨ ᠤ ᠠᠯᠪᠠᠨ ᠲᠢᠩᠬᠢᠮ ᠤᠨ ︽ᠴᠡᠷᠢᠭ ᠠᠩᠭᠢ ᠶᠢᠨ | ᠠᠵᠢᠯ ᠠᠴᠠ ᠪᠠᠨ ᠰᠠᠯᠵᠤ ᠠᠮᠠᠷᠠᠭᠰᠠᠨ ᠠᠵᠢᠯ ᠠᠴᠠ ᠪᠠᠨ ᠪᠠᠭᠤᠵᠤ ᠠᠮᠠᠷᠠᠭᠰᠠᠨ ᠺᠠᠳ᠋ᠷᠴᠤᠳ ᠤᠨ ︽ᠪᠤᠭᠤᠲᠤ ᠶᠢᠨ | ᠬᠤᠯᠪᠣᠭᠠᠲᠤ ᠴᠡᠷᠢᠭ ᠤᠨ ᠠᠮᠠᠷᠠᠯᠲᠠ ᠶᠢᠨ ᠺᠠᠳ᠋ᠷ ᠤᠨ ᠪᠠᠶᠢᠩᠭᠤ ᠶᠢᠨ ᠳᠦᠷᠢᠮ︾ ᠢ ᠲᠣᠭᠲᠠᠭᠠᠨ ᠲᠡᠭᠦᠯᠳᠡᠷᠵᠢᠭᠦᠯᠵᠦ | ᠂ ᠪᠤᠭᠤᠲᠤ ᠶᠢᠨ ᠬᠤᠯᠪᠣᠭᠠᠲᠤ ᠴᠡᠷᠢᠭ ᠤᠨ ᠠᠵᠢᠯ ᠤᠨ ᠠᠵᠢᠯᠲᠠᠨ ᠤ ᠬᠤᠪᠢᠶᠠᠷᠢᠯᠠᠯᠲᠠ᠂ ᠬᠠᠷᠠᠯᠲᠠᠲᠤ ᠡᠭᠦᠷᠭᠡ ᠪᠠ | ᠬᠠᠷᠢᠭᠤᠴᠠᠯᠭ᠎ᠠ ᠶᠢᠨ ᠱᠠᠭᠠᠷᠳᠠᠯᠭ᠎ᠠ ᠶᠢ ᠤᠯᠠᠮ ᠨᠢᠭᠡ ᠠᠯᠬᠤᠮ ᠲᠣᠳᠣᠷᠬᠠᠶᠢᠯᠠᠵᠤ᠂ ᠪᠤᠭᠤᠲᠤ ᠶᠢᠨ ᠬᠤᠯᠪᠣᠭᠠᠲᠤ | ᠴᠡᠷᠢᠭ ᠤᠨ ᠭᠠᠷ ᠳᠡᠪᠲᠡᠷ ᠢ ᠳᠠᠷᠤᠮᠠᠯᠯᠠᠨ ᠦᠢᠯᠡᠳᠪᠡ᠃ ᠴᠡᠷᠢᠭ ᠤᠨ ᠠᠮᠠᠷᠠᠯᠲᠠ ᠶᠢᠨ ᠺᠠᠳ᠋ᠷᠴᠤᠳ ᠤᠨ ︽ | ᠥᠲᠡᠯᠪᠡᠯ ᠡᠮᠨᠡᠯᠭᠡ ᠲᠠᠢ᠂ ᠥᠲᠡᠯᠪᠡᠯ ᠪᠠᠶᠠᠷ ᠬᠥᠷ ᠲᠠᠢ᠂ ᠥᠲᠡᠯᠪᠡᠯ ᠰᠤᠷᠭᠠᠨ ᠬᠥᠮᠦᠵᠢᠯ ᠲᠠᠢ︾ ᠪᠠᠶᠢᠬᠤ ᠭᠤᠷᠪᠠᠨ | ᠭᠤᠣᠯᠳᠠᠯᠭ᠎ᠠ ᠲᠠᠢ ᠠᠩᠬᠠᠷᠴᠤ ᠪᠠᠶᠢᠭ᠎ᠠ ᠠᠰᠠᠭᠤᠳᠠᠯ ᠳᠤ ᠴᠢᠭᠯᠡᠭᠦᠯᠦᠨ᠂ ᠳᠠᠭᠠᠭᠠᠴᠢᠯᠠᠨ ᠬᠤᠯᠪᠣᠭᠠᠯᠠᠵᠤ | ᠦᠢᠯᠡᠴᠢᠯᠡᠬᠦ ᠰᠢᠨ᠎ᠡ ᠠᠷᠭ᠎ᠠ ᠮᠠᠶ᠋ᠢᠭ ᠪᠠ ᠰᠢᠨ᠎ᠡ ᠠᠷᠭ᠎ᠠ ᠵᠠᠮ ᠢ ᠲᠠᠰᠤᠷᠠᠯᠲᠠ ᠦᠭᠡᠢ ᠬᠠᠶᠢᠨ ᠰᠦᠪᠡᠭᠴᠢᠯᠡᠵᠦ᠂ ︽ | ᠬᠤᠣᠰ ᠥᠨᠳᠥᠷ ᠬᠤᠭᠤᠴᠠᠭ᠎ᠠ︾ ᠶᠢᠨ ᠨᠠᠰᠤᠲᠠᠶᠢᠴᠤᠳ ᠢ ᠬᠠᠷᠠᠭᠠᠯᠵᠠᠨ ᠠᠰᠠᠷᠠᠬᠤ ᠦᠢᠯᠡᠴᠢᠯᠡᠭᠡ ᠶᠢ | ᠭᠤᠣᠯᠳᠠᠯᠭ᠎ᠠ ᠲᠠᠢ ᠲᠣᠪᠤᠶᠢᠯᠭᠠᠨ᠂ ᠴᠡᠷᠢᠭ ᠤᠨ ᠠᠮᠠᠷᠠᠯᠲᠠ ᠶᠢᠨ ᠺᠠᠳ᠋ᠷᠴᠤᠳ ᠤᠨ ︽ᠨᠢᠭᠡ ᠬᠥᠮᠥᠨ ᠳᠤ ᠨᠢᠭᠡ | ᠠᠷᠭ᠎ᠠ ᠪᠣᠳᠣᠯᠭ᠎ᠠ ᠠᠪᠬᠤ︾ ᠦᠢᠯᠡᠴᠢᠯᠡᠭᠡᠨ ᠤ ᠵᠠᠭᠪᠤᠷ ᠢ ᠪᠠᠶᠢᠭᠤᠯᠵᠤ᠂ ︽ᠳᠥᠷᠪᠡ ᠶᠢ ᠮᠡᠳᠡᠬᠦ︾ ︽ᠲᠠᠪᠤ ᠶᠢ | ᠵᠠᠪᠠᠯ ᠰᠤᠷᠪᠤᠯᠵᠢᠯᠠᠬᠤ︾ ᠶᠢ ᠪᠡᠶᠡᠯᠡᠭᠦᠯᠦᠨ᠎ᠡ᠃ᠲᠤᠬᠠᠶᠢᠯᠠᠪᠠᠯ᠄ ᠴᠡᠷᠢᠭ ᠤᠨ ᠠᠮᠠᠷᠠᠯᠲᠠ ᠶᠢᠨ ᠺᠠᠳ᠋ᠷ ᠤᠨ ᠬᠠᠮᠢᠭ᠎ᠠ | ᠪᠠᠶᠢᠬᠤ᠂ ᠶᠠᠭᠤ ᠬᠢᠵᠦ ᠪᠠᠶᠢᠬᠤ᠂ ᠶᠠᠮᠠᠷ ᠬᠦᠴᠢᠷᠳᠡᠯ ᠲᠠᠢ ᠪᠠᠶᠢᠬᠤ᠂ ᠶᠠᠮᠠᠷ ᠬᠠᠪᠰᠤᠷᠤᠯᠭ᠎ᠠ ᠬᠡᠷᠡᠭ ᠲᠠᠢ ᠪᠠᠶᠢᠬᠤ ᠶᠢ | ᠮᠡᠳᠡᠬᠦ;ᠴᠢᠬᠤᠯᠠ ᠪᠠᠶᠠᠷ ᠤᠨ ᠡᠳᠦᠷ ᠲᠤ ᠵᠠᠪᠠᠯ ᠰᠤᠷᠪᠤᠯᠵᠢᠯᠠᠬᠤ᠂ ᠡᠪᠡᠳᠴᠢᠯᠡᠭᠡᠳ ᠡᠮᠨᠡᠯᠭᠡ ᠳᠤ ᠰᠠᠭᠤᠪᠠᠯ ᠵᠠᠪᠠᠯ | ᠰᠤᠷᠪᠤᠯᠵᠢᠯᠠᠬᠤ᠂ ᠦᠵᠡᠯ ᠰᠠᠨᠠᠭ᠎ᠠ ᠤᠷᠮ᠎ᠠ ᠰᠡᠳᠬᠢᠯᠭᠡ ᠲᠠᠢ ᠪᠣᠯ ᠵᠠᠪᠠᠯ ᠰᠤᠷᠪᠤᠯᠵᠢᠯᠠᠬᠤ᠂ ᠬᠦᠴᠢᠷᠳᠡᠯ ᠪᠠᠶᠢᠪᠠᠯ ᠵᠠᠪᠠᠯ | ᠰᠤᠷᠪᠤᠯᠵᠢᠯᠠᠬᠤ᠂ ᠡᠪᠡᠳᠴᠢᠨ ᠨᠢ ᠬᠦᠨᠳᠦᠷᠡᠵᠦ ᠨᠠᠰᠤ ᠪᠠᠷᠠᠪᠠᠯ ᠵᠠᠪᠠᠯ ᠰᠤᠷᠪᠤᠯᠵᠢᠯᠠᠬᠤ ᠶᠢ ᠪᠡᠶᠡᠯᠡᠭᠦᠯᠦᠨ᠎ᠡ᠃ | ᠪᠠᠶᠢᠩᠭᠤ ᠶᠢᠨ ᠴᠢᠨᠠᠷᠲᠠᠢ ᠳᠠᠭᠠᠭᠠᠴᠢᠯᠠᠨ ᠬᠤᠯᠪᠣᠭᠠᠯᠠᠬᠤ ᠡᠭᠦᠷᠭᠡ ᠲᠠᠢ ᠤᠶᠠᠯᠳᠤᠭᠤᠯᠤᠨ᠂ ︽ᠭᠠᠷᠠᠭ ᠤᠨ | ᠬᠠᠷᠢᠯᠴᠠᠭ᠎ᠠ︾ ᠪᠠ ︽ᠰᠠᠷ᠎ᠠ ᠶᠢᠨ ᠰᠣᠷᠪᠤᠯᠵᠢᠯᠠᠭ᠎ᠠ︾ ᠶᠢᠨ ᠳᠠᠭᠠᠭᠠᠴᠢᠯᠠᠨ ᠬᠤᠯᠪᠣᠭᠠᠯᠠᠬᠤ ᠲᠣᠭᠲᠠᠴᠠ ᠶᠢ | ᠲᠣᠭᠲᠠᠪᠤᠷᠢᠵᠢᠭᠤᠯᠵᠤ᠂ ᠪᠣᠶ ᠪᠦᠬᠦᠢ ᠳᠠᠭᠠᠭᠠᠴᠢᠯᠠᠨ ᠬᠤᠯᠪᠣᠭᠠᠯᠠᠬᠤ ᠬᠥᠮᠥᠰ ᠰᠠᠷ᠎ᠠ ᠪᠦᠷᠢ ᠨᠠᠭᠠᠲᠤ ᠵᠠᠬ᠎ᠠ ᠳᠠᠭᠠᠨ | 1-2 ᠤᠳᠠᠭ᠎ᠠ ᠭᠡᠷ ᠲᠤᠨᠢ ᠬᠦᠷᠴᠦ ᠦᠢᠯᠡᠴᠢᠯᠡᠬᠦ ᠶᠢ ᠦᠨᠳᠦᠰᠦᠨ ᠳᠡᠭᠡᠨ ᠪᠡᠶᠡᠯᠡᠭᠦᠯᠵᠦ᠂ ᠦᠢᠯᠡᠴᠢᠯᠡᠭᠡᠨ ᠤ | ᠠᠷᠭ᠎ᠠ ᠮᠠᠶ᠋ᠢᠭ ᠢ ᠨᠠᠩ ᠨᠠᠷᠢᠯᠢᠭᠵᠢᠭᠤᠯᠬᠤ᠂ ᠥᠪᠡᠷᠮᠢᠴᠡᠵᠢᠭᠦᠯᠬᠦ᠂ ᠪᠣᠳᠠᠲᠠᠶᠢᠵᠢᠭᠤᠯᠬᠤ᠂ ᠲᠥᠷᠥᠯ ᠰᠠᠳᠤᠨ ᠤ | ᠬᠠᠶᠢᠷ᠎ᠠ ᠰᠡᠳᠬᠢᠯᠭᠡ ᠲᠠᠢ ᠪᠣᠯᠭᠠᠨ᠎ᠠ᠃ | ᠨᠡᠶᠢᠭᠡᠮᠴᠢᠯᠡᠭᠰᠡᠨ ᠦᠢᠯᠡᠴᠢᠯᠡᠭᠡᠨ ᠤ ᠰᠠᠯᠠᠭᠠᠨ ᠤ ᠳᠡᠳ᠋ ᠳᠠᠷᠤᠭ᠎ᠠ ᠯᠢᠦᠢ ᠨᠠᠨ᠄ | ᠰᠦᠯᠵᠢᠶᠡᠨ ᠤ ᠨᠠᠶᠢᠵᠠ ᠶᠢᠨ ︽ᠣᠨᠳᠣᠣ ᠭᠠᠵᠠᠷ ᠲᠤ ᠡᠮᠨᠡᠭᠦᠯᠦᠭᠰᠡᠨ ᠵᠠᠷᠤᠳᠠᠯ ᠢ ᠰᠢᠭᠤᠳ ᠳ᠋ᠦᠩᠨᠡᠨ | ᠪᠤᠳᠤᠬᠤ ᠲᠥᠷᠥ ᠶᠢᠨ ᠪᠣᠳᠣᠯᠭ᠎ᠠ ᠳᠤ ᠲᠣᠬᠢᠷᠠᠭᠤᠯᠤᠯᠲᠠ ᠬᠢᠬᠦ ᠲᠤᠬᠠᠢ ᠮᠡᠳᠡᠭᠳᠡᠯ︾ ᠤᠨ ᠠᠰᠠᠭᠤᠳᠠᠯ ᠤᠨ ᠲᠤᠬᠠᠢ᠄ | 1. ᠳᠥᠭᠦᠮᠴᠢᠯᠡᠨ ᠳᠠᠩᠰᠠᠯᠠᠬᠤ ᠲᠠᠯ᠎ᠠ ᠪᠠᠷ᠄ ᠨᠢᠭᠡ ᠳᠤ᠂ ᠥᠪᠡᠷᠲᠡᠭᠡᠨ ᠵᠠᠰᠠᠬᠤ ᠣᠷᠣᠨ ᠤ ᠳᠣᠲᠣᠷᠠᠬᠢ ᠣᠨᠳᠣᠣ | ᠭᠠᠵᠠᠷ ᠲᠤ ᠡᠮᠨᠡᠭᠦᠯᠬᠦ᠂ ᠠᠵᠢᠯᠲᠠᠨ ᠠᠵᠢᠯᠴᠢᠨ ᠤ ᠮᠤᠵᠢ ᠠᠯᠤᠰᠯᠠᠨ ᠡᠭᠦᠳᠡᠨ ᠡᠮᠨᠡᠯᠭᠡ ︵ᠡᠭᠦᠳᠡᠨ ᠡᠮᠨᠡᠯᠭᠡ ᠶᠢᠨ | ᠨᠢᠭᠡᠳᠦᠯᠲᠡᠢ ᠲᠥᠯᠥᠪᠯᠡᠬᠦ ᠪᠠᠭᠲᠠᠨ᠎ᠠ︶ ᠳᠤ ᠡᠮᠨᠡᠭᠦᠯᠬᠦ᠂ ᠮᠤᠵᠢ ᠠᠯᠤᠰᠯᠠᠨ ᠴᠡᠭ ᠲᠣᠭᠲᠠᠭᠠᠨ ᠵᠢᠵᠢᠭᠯᠡᠨ | ᠬᠤᠳᠠᠯᠳᠤᠬᠤ ᠡᠮ ᠤᠨ ᠳᠡᠯᠭᠡᠭᠦᠷ ᠠᠴᠠ ᠡᠮ ᠬᠤᠳᠠᠯᠳᠤᠨ ᠠᠪᠤᠪᠠᠯ ᠰᠢᠭᠤᠳ ᠳ᠋ᠦᠩᠨᠡᠨ ᠪᠤᠳᠤᠵᠤ ᠪᠣᠯᠣᠨ᠎ᠠ᠂ | ᠳᠠᠭᠠᠳᠬᠠᠯ ᠳᠤ ᠣᠷᠣᠯᠴᠠᠭᠰᠠᠳ ᠲᠤ ᠪᠦᠷᠢᠳᠬᠡᠨ ᠳᠠᠩᠰᠠᠯᠠᠭᠤᠯᠬᠤ ᠬᠡᠷᠡᠭ ᠦᠭᠡᠢ᠃ᠲᠣᠬᠢᠷᠠᠭᠤᠯᠤᠯᠲᠠ ᠬᠢᠬᠦ ᠠᠴᠠ | ᠡᠮᠦᠨ᠎ᠡ ᠳᠡᠭᠡᠷᠡᠬᠢ ᠵᠦᠢᠯᠡᠰ ᠢ ᠳᠠᠩᠰᠠᠯᠠᠭᠤᠯᠬᠤ ᠴᠢᠬᠤᠯᠠᠲᠠᠢ᠃ᠬᠤᠶᠠᠷ ᠲᠤ ᠮᠤᠵᠢ ᠠᠯᠤᠰᠯᠠᠨ ᠣᠨᠳᠣᠣ ᠭᠠᠵᠠᠷ ᠲᠤ | ᠣᠷᠳᠣ ᠬᠤᠭᠤᠴᠠᠭ᠎ᠠ ᠪᠠᠷ ᠣᠷᠣᠰᠢᠨ ᠰᠠᠭᠤᠭᠰᠠᠳ ᠤᠨ ᠳᠠᠩᠰᠠᠯᠠᠭᠤᠯᠬᠤ ᠬᠦᠴᠦᠨ ᠲᠠᠢ ᠬᠤᠭᠤᠴᠠᠭ᠎ᠠ ᠶᠢ 6 | ᠰᠠᠷ᠎ᠠ ᠠᠴᠠ ᠣᠬᠤᠷ ᠪᠠᠶᠢᠯᠭᠠᠵᠤ ᠪᠣᠯᠬᠤ ᠦᠭᠡᠢ᠃ᠲᠣᠬᠢᠷᠠᠭᠤᠯᠤᠯᠲᠠ ᠬᠢᠬᠦ ᠠᠴᠠ ᠡᠮᠦᠨ᠎ᠡ 3 ᠰᠠᠷ᠎ᠠ ᠠᠴᠠ | ᠳᠤᠲᠠᠭᠤ ᠪᠠᠶᠢᠵᠤ ᠪᠣᠯᠬᠤ ᠦᠭᠡᠢ᠃ᠭᠤᠷᠪᠠ ᠳᠤ ᠮᠤᠵᠢ ᠠᠯᠤᠰᠯᠠᠨ ᠲᠦᠷ ᠴᠠᠭ ᠭᠠᠳᠠᠭᠰᠢ ᠭᠠᠷᠴᠤ | ᠡᠮᠨᠡᠭᠦᠯᠦᠭᠰᠡᠳ ᠲᠤ ︽ᠨᠢᠭᠡ ᠯᠡ ᠤᠳᠠᠭ᠎ᠠ ᠳᠤ ᠳᠠᠩᠰᠠᠯᠠᠭᠤᠯᠬᠤ ᠨᠢ ᠵᠢᠷᠭᠤᠭᠠᠨ ᠰᠠᠷ᠎ᠠ ᠳᠤ ᠬᠦᠴᠦᠨ ᠲᠠᠢ︾ | ᠪᠠᠶᠢᠬᠤ ᠶᠢ ᠬᠡᠷᠡᠭᠵᠢᠭᠦᠯᠵᠦ᠂ ᠳᠠᠩᠰᠠᠯᠠᠭᠤᠯᠬᠤ ᠬᠦᠴᠦᠨ ᠲᠠᠢ ᠬᠤᠭᠤᠴᠠᠭᠠᠨ ᠳᠤ ᠣᠯᠠᠨ ᠤᠳᠠᠭ᠎ᠠ ᠡᠮᠨᠡᠭᠦᠯᠵᠦ | ᠪᠣᠯᠣᠨ᠎ᠠ᠃ᠲᠣᠬᠢᠷᠠᠭᠤᠯᠤᠯᠲᠠ ᠬᠢᠬᠦ ᠠᠴᠠ ᠡᠮᠦᠨᠡᠬᠢ ᠨᠢᠭᠡ ᠤᠳᠠᠭ᠎ᠠ ᠶᠢᠨ ᠳᠠᠩᠰᠠᠯᠠᠭᠤᠯᠤᠯᠲᠠ ᠨᠢ ᠨᠢᠭᠡ ᠰᠠᠷ᠎ᠠ ᠶᠢᠨ | ᠳᠣᠲᠣᠷ᠎ᠠ ᠬᠦᠴᠦᠨ ᠲᠠᠢ︔ᠡᠮᠨᠡᠯᠭᠡ ᠳᠤ ᠨᠢᠭᠡ ᠤᠳᠠᠭ᠎ᠠ ᠰᠠᠭᠤᠵᠤ᠂ ᠨᠢᠭᠡ ᠤᠳᠠᠭ᠎ᠠ ᠳᠠᠩᠰᠠᠯᠠᠭᠤᠯᠤᠨ᠎ᠠ᠃ | ᠳᠥᠷᠪᠡ ᠳᠤ ᠳᠠᠭᠠᠳᠬᠠᠯ ᠳᠤ ᠣᠷᠣᠭᠰᠠᠳ ᠤᠷᠢᠳᠴᠢᠯᠠᠨ ᠳᠠᠩᠰᠠᠯᠠᠭᠤᠯᠤᠭᠰᠠᠨ ᠦᠭᠡᠢ ᠪᠠᠶᠢᠪᠠᠯ᠂ ᠡᠮᠨᠡᠯᠭᠡ ᠠᠴᠠ | ᠭᠠᠷᠴᠤ ᠳ᠋ᠦᠩᠨᠡᠨ ᠪᠤᠳᠤᠬᠤ ᠠᠴᠠ ᠡᠮᠦᠨ᠎ᠡ ᠨᠥᠬᠦᠵᠦ ᠳᠠᠩᠰᠠᠯᠠᠭᠤᠯᠬᠤ ᠪᠠᠷ ᠭᠤᠶᠤᠴᠢᠯᠠᠵᠤ ᠪᠣᠯᠬᠤ ᠪᠥᠭᠡᠳ | ᠲᠣᠭᠲᠠᠭᠠᠯ ᠶᠣᠰᠣᠭᠠᠷ ᠰᠢᠭᠤᠳ ᠳ᠋ᠦᠩᠨᠡᠨ ᠪᠤᠳᠤᠬᠤ ᠶᠢ ᠭᠥᠷᠳᠡᠵᠦ ᠪᠣᠯᠣᠨ᠎ᠠ᠂ ᠣᠨᠴᠠᠭᠠᠶ ᠰᠢᠯᠲᠠᠭᠠᠨ ᠠᠴᠠ | ᠪᠣᠯᠵᠤ ᠰᠢᠭᠤᠳ ᠳ᠋ᠦᠩᠨᠡᠨ ᠪᠤᠳᠤᠭᠰᠠᠨ ᠦᠭᠡᠢ ᠪᠠᠶᠢᠪᠠᠯ᠂ ᠳᠠᠭᠠᠳᠬᠠᠯ ᠳᠤ ᠣᠷᠣᠯᠴᠠᠭᠰᠠᠨ ᠭᠠᠵᠠᠷ ᠲᠠᠭᠠᠨ | ᠪᠤᠴᠠᠵᠤ ᠬᠡᠰᠡᠭ ᠪᠤᠰᠠᠭ ᠢᠶᠠᠷ ᠲᠠᠩᠰᠠ ᠳᠡᠶᠢᠯᠵᠦ ᠪᠣᠯᠣᠨ᠎ᠠ᠃ᠲᠣᠬᠢᠷᠠᠭᠤᠯᠤᠯᠲᠠ ᠬᠢᠬᠦ ᠠᠴᠠ ᠡᠮᠦᠨ᠎ᠡ | ᠳᠠᠭᠠᠳᠬᠠᠯ ᠳᠤ ᠣᠷᠣᠭᠰᠠᠳ ᠢ ᠤᠷᠢᠳᠴᠢᠯᠠᠨ ᠳᠠᠩᠰᠠᠯᠠᠭᠤᠯᠤᠭᠰᠠᠨ ᠦᠭᠡᠢ ᠪᠠᠶᠢᠪᠠᠯ᠂ ᠳᠠᠩᠰᠠᠯᠠᠭᠤᠯᠬᠤ ᠭᠠᠷᠳᠠᠮ ᠢ | ᠨᠥᠬᠦᠪᠦᠷᠢᠯᠡᠵᠦ ᠪᠣᠯᠬᠤ ᠦᠭᠡᠢ᠂ ᠳ᠋ᠦᠩᠨᠡᠨ ᠪᠤᠳᠤᠵᠤ ᠪᠣᠯᠬᠤ ᠦᠭᠡᠢ᠃ᠲᠠᠪᠤ ᠳᠤ ︽ᠲᠦᠷᠭᠡᠨ ᠡᠮᠨᠡᠬᠦ︾ ᠪᠤᠶᠤ ︽ | ᠲᠦᠷᠭᠡᠨ ᠠᠪᠤᠷᠠᠬᠤ︾ ᠳᠠᠭᠠᠳᠬᠠᠯ ᠳᠤ ᠣᠷᠣᠯᠴᠠᠭᠰᠠᠳ ᠢ ᠣᠨᠳᠣᠣ ᠭᠠᠵᠠᠷ ᠲᠤ ᠡᠮᠨᠡᠭᠦᠯᠬᠦ ᠳᠠᠩᠰᠠᠯᠠᠯᠲᠠ | ᠬᠢᠯᠭᠡᠭᠰᠡᠨ ᠦᠭᠡᠢ ᠪᠠᠶᠢᠪᠠᠯ᠂ ᠨᠢᠭᠡᠨᠲᠡ ᠳᠠᠩᠰᠠᠯᠠᠭᠰᠠᠨ ᠲᠠᠢ ᠠᠳᠠᠯᠢ ᠪᠠᠷ ᠦᠵᠡᠨ᠎ᠡ᠃ᠲᠣᠬᠢᠷᠠᠭᠤᠯᠤᠯᠲᠠ ᠬᠢᠬᠦ ᠠᠴᠠ | ᠡᠮᠦᠨ᠎ᠡ ︽ᠲᠦᠷᠭᠡᠨ ᠡᠮᠨᠡᠬᠦ︾ ᠪᠤᠶᠤ ︽ᠲᠦᠷᠭᠡᠨ ᠠᠪᠤᠷᠠᠬᠤ︾ ᠳᠠᠭᠠᠳᠬᠠᠯ ᠳᠤ ᠣᠷᠣᠯᠴᠠᠭᠰᠠᠳ ᠢ | ᠳᠠᠩᠰᠠᠯᠠᠭᠤᠯᠤᠭᠰᠠᠨ ᠦᠭᠡᠢ ᠪᠣᠯ ᠳᠠᠩᠰᠠᠯᠠᠭᠤᠯᠬᠤ ᠭᠠᠷᠳᠠᠮ ᠢ ᠨᠥᠬᠦᠵᠦ ᠭᠦᠢᠴᠡᠳᠬᠡᠬᠦ ᠦᠭᠡᠢ᠂ ᠳ᠋ᠦᠩᠨᠡᠨ | ᠪᠤᠳᠤᠬᠤ ᠦᠭᠡᠢ᠃2. ᠬᠠᠷᠠᠭᠠᠯᠵᠠᠯ ᠭᠥᠷᠳᠡᠬᠦ ᠲᠠᠯ᠎ᠠ ᠪᠠᠷ᠄ ᠨᠢᠭᠡ ᠳᠤ ᠮᠤᠵᠢ ᠠᠯᠤᠰᠯᠠᠨ ᠣᠨᠳᠣᠣ ᠭᠠᠵᠠᠷ ᠲᠤ | ᠣᠷᠳᠣ ᠬᠤᠭᠤᠴᠠᠭ᠎ᠠ ᠪᠠᠷ ᠣᠷᠣᠰᠢᠨ ᠰᠠᠭᠤᠭᠰᠠᠳ ᠳᠠᠩᠰᠠᠯᠠᠭᠤᠯᠬᠤ ᠬᠦᠴᠦᠨ ᠲᠠᠢ ᠬᠤᠭᠤᠴᠠᠭᠠᠨ ᠳᠤ | ᠳᠠᠭᠠᠳᠬᠠᠯ ᠳᠤ ᠣᠷᠣᠯᠴᠠᠭᠰᠠᠨ ᠭᠠᠵᠠᠷ ᠪᠤᠶᠤ ᠣᠷᠣᠰᠢᠨ ᠰᠠᠭᠤᠭᠰᠠᠨ ᠭᠠᠵᠠᠷ ᠲᠠᠭᠠᠨ ᠡᠮᠴᠢᠯᠡᠭᠦᠯᠦᠭᠰᠡᠨ ᠵᠠᠷᠤᠳᠠᠯ ᠢ | ᠰᠢᠭᠤᠳ ᠲᠡᠰᠦᠯᠦᠨ ᠪᠤᠳᠤᠵᠤ ᠪᠣᠯᠣᠨ᠎ᠠ᠃ᠲᠣᠬᠢᠷᠠᠭᠤᠯᠤᠯᠲᠠ ᠬᠢᠬᠦ ᠠᠴᠠ ᠡᠮᠦᠨ᠎ᠡ ᠮᠤᠵᠢ ᠠᠯᠤᠰᠯᠠᠨ ᠣᠨᠳᠣᠣ | ᠭᠠᠵᠠᠷ ᠲᠤ ᠣᠷᠳᠣ ᠬᠤᠭᠤᠴᠠᠭ᠎ᠠ ᠪᠠᠷ ᠣᠷᠣᠰᠢᠨ ᠰᠠᠭᠤᠭᠰᠠᠳ ᠳᠠᠭᠠᠳᠬᠠᠯ ᠳᠤ ᠣᠷᠣᠯᠴᠠᠭᠰᠠᠨ ᠭᠠᠵᠠᠷ ᠪᠤᠶᠤ | ᠣᠷᠣᠰᠢᠨ ᠰᠠᠭᠤᠭᠰᠠᠨ ᠭᠠᠵᠠᠷ ᠲᠠᠭᠠᠨ ᠡᠪᠡᠳᠴᠢᠨ ᠦᠵᠡᠭᠦᠯᠬᠦ ᠳᠡᠭᠡᠨ ᠣᠨᠳᠣᠣ ᠭᠠᠵᠠᠷ ᠠᠴᠠ ᠳᠠᠭᠠᠳᠬᠠᠯ ᠳᠤ | ᠣᠷᠣᠯᠴᠠᠭᠰᠠᠨ ᠭᠠᠵᠠᠷ ᠪᠤᠶᠤ ᠣᠷᠣᠰᠢᠨ ᠰᠠᠭᠤᠭᠰᠠᠨ ᠭᠠᠵᠠᠷ ᠲᠠᠭᠠᠨ ᠪᠤᠴᠠᠵᠤ ᠢᠷᠡᠪᠡᠯ ᠰᠠᠶ᠋ᠢ ᠲᠠᠩᠰᠠ ᠳᠡᠶᠢᠯᠵᠦ | ᠪᠣᠯᠣᠨ᠎ᠠ᠃ᠬᠤᠶᠠᠷ ᠲᠤ ᠣᠨᠳᠣᠣ ᠭᠠᠵᠠᠷ ᠲᠤ ᠰᠢᠯᠵᠢᠭᠦᠯᠦᠨ ᠡᠮᠨᠡᠭᠦᠯᠦᠭᠰᠡᠨ ᠪᠠ ᠲᠦᠷᠭᠡᠨ ᠡᠮᠨᠡᠯᠭᠡ ᠳᠤ ᠰᠠᠭᠤᠵᠤ | ᠲᠦᠷᠭᠡᠨ ᠠᠪᠤᠷᠠᠬᠤ ᠬᠥᠮᠥᠰ ᠤᠨ ᠲᠥᠯᠥᠬᠦ ᠬᠠᠷᠢᠴᠠᠯ ᠢ ᠲᠣᠰ ᠬᠤᠲᠠ ᠶᠢᠨ ᠡᠮᠨᠡᠯᠭᠡ ᠳᠤ ᠰᠠᠭᠤᠭᠰᠠᠨ ᠤ ᠲᠥᠯᠥᠬᠦ | ᠪᠠᠷᠢᠮᠵᠢᠶ᠎ᠠ ᠶᠢᠨ ᠰᠠᠭᠤᠷᠢᠨ ᠳᠡᠭᠡᠷ᠎ᠡ 10 ᠵᠠᠭᠤᠨ ᠤ ᠨᠢᠭᠡᠴᠢ ᠪᠠᠭᠤᠷᠠᠭᠤᠯᠤᠨ᠎ᠠ᠂ ᠲᠦᠷᠭᠡᠨ ᠡᠮᠨᠡᠯᠭᠡ ᠶᠢᠨ ᠪᠤᠰᠤ | ᠮᠥᠷᠲᠡᠭᠡᠨ ᠰᠢᠯᠵᠢᠭᠦᠯᠦᠨ ᠡᠮᠨᠡᠭᠦᠯᠬᠦ ᠪᠠᠷ ᠳᠠᠩᠰᠠᠯᠠᠭᠤᠯᠤᠭᠰᠠᠨ ᠦᠭᠡᠢ ᠬᠥᠮᠥᠰ ᠤᠨ ᠲᠥᠯᠥᠬᠦ ᠬᠠᠷᠢᠴᠠᠯ ᠢ ᠲᠣᠰ | ᠬᠤᠲᠠ ᠶᠢᠨ ᠡᠮᠨᠡᠯᠭᠡ ᠳᠤ ᠰᠠᠭᠤᠭᠰᠠᠨ ᠤ ᠲᠥᠯᠥᠬᠦ ᠪᠠᠷᠢᠮᠵᠢᠶ᠎ᠠ ᠶᠢᠨ ᠰᠠᠭᠤᠷᠢᠨ ᠳᠡᠭᠡᠷ᠎ᠡ 20 ᠵᠠᠭᠤᠨ ᠤ ᠨᠢᠭᠡᠴᠢ | ᠪᠠᠭᠤᠷᠠᠭᠤᠯᠤᠨ᠎ᠠ᠃ᠲᠣᠬᠢᠷᠠᠭᠤᠯᠤᠯᠲᠠ ᠬᠢᠬᠦ ᠠᠴᠠ ᠡᠮᠦᠨ᠎ᠡ ᠪᠠᠴᠢᠮ ᠡᠮᠴᠢᠯᠡᠭᠡ ᠶᠢᠨ ᠪᠤᠰᠤ ᠮᠥᠷᠲᠡᠭᠡᠨ ᠰᠢᠯᠵᠢᠭᠦᠯᠦᠨ | ᠡᠮᠨᠡᠭᠦᠯᠬᠦ ᠪᠠᠷ ᠳᠠᠩᠰᠠᠯᠠᠭᠤᠯᠤᠭᠰᠠᠨ ᠦᠭᠡᠢ ᠬᠥᠮᠥᠰ ᠲᠤ ᠲᠠᠩᠰᠠ ᠳᠡᠶᠢᠯᠵᠦ ᠳ᠋ᠦᠩᠨᠡᠨ ᠪᠤᠳᠤᠵᠤ ᠥᠭᠬᠦ ᠦᠭᠡᠢ᠃ | ᠭᠤᠷᠪᠠ ᠳᠤ᠂ ᠴᠢᠰᠤᠨ ᠳᠠᠷᠤᠯᠲᠠ ᠥᠨᠳᠥᠷ ᠡᠪᠡᠳᠴᠢᠨ᠂ ᠰᠢᠬᠢᠷ ᠰᠢᠵᠢᠩ ᠡᠪᠡᠳᠴᠢᠨ᠂ ᠬᠤᠣᠷᠲᠤ ᠬᠠᠪᠤᠳᠠᠷ ᠤᠨ | ᠡᠭᠦᠳᠡᠨ ᠡᠮᠨᠡᠯᠭᠡ ᠶᠢᠨ ᠰᠠᠴᠤᠷᠠᠭ ᠬᠢᠮᠢ ᠶᠢᠨ ᠵᠠᠰᠠᠯ᠂ ᠰᠢᠭᠡᠰᠦᠨ ᠬᠤᠣᠷᠳᠠᠯᠭ᠎ᠠ ᠶᠢᠨ ᠡᠪᠡᠳᠴᠢᠨ ᠤ ᠨᠡᠪᠴᠢᠭᠦᠯᠦᠨ | ᠢᠯᠭᠠᠷᠠᠭᠤᠯᠬᠤ ᠵᠠᠰᠠᠯ᠂ ᠡᠷᠬᠡᠲᠡᠨ ᠰᠢᠯᠵᠢᠭᠦᠯᠬᠦ ᠮᠡᠰᠡ ᠵᠠᠰᠠᠯ ᠭᠡᠵᠦ ᠲᠣᠳᠣᠯᠠᠨ ᠲᠣᠭᠲᠠᠭᠠᠭᠰᠠᠨ ᠳᠠᠭᠠᠳᠬᠠᠯ ᠳᠤ | ᠣᠷᠣᠭᠰᠠᠳ᠂ ᠣᠨᠳᠣᠣ ᠭᠠᠵᠠᠷ ᠲᠤ ᠡᠮᠨᠡᠭᠦᠯᠬᠦ ᠶᠢ ᠳᠠᠩᠰᠠᠯᠠᠭᠤᠯᠬᠤ ᠴᠢᠬᠤᠯᠠ ᠦᠭᠡᠢ᠂ ᠡᠭᠦᠳᠡᠨ ᠡᠮᠨᠡᠯᠭᠡ ᠶᠢᠨ | ᠤᠳᠠᠭᠠᠨ ᠴᠢᠨᠠᠷᠲᠠᠢ ᠡᠪᠡᠳᠴᠢᠨ ᠢ ᠣᠨᠳᠣᠣ ᠭᠠᠵᠠᠷ ᠲᠤ ᠡᠮᠨᠡᠭᠦᠯᠬᠦ ᠶᠢ ᠰᠢᠭᠤᠳ ᠲᠡᠰᠦᠯᠦᠨ ᠪᠤᠳᠤᠬᠤ | ᠲᠣᠭᠲᠠᠭᠰᠠᠨ ᠡᠮᠴᠢᠯᠡᠭᠡᠨ ᠤ ᠪᠠᠶᠢᠭᠤᠯᠤᠮᠵᠢ ᠳᠤ ᠮᠠᠨ ᠤ ᠬᠤᠲᠠ ᠶᠢᠨ ᠡᠭᠦᠳᠡᠨ ᠡᠮᠨᠡᠯᠭᠡ ᠶᠢᠨ ᠤᠳᠠᠭᠠᠨ ᠴᠢᠨᠠᠷᠲᠠᠢ | ᠡᠪᠡᠳᠴᠢᠨ ᠤ ᠲᠣᠭᠲᠠᠭᠠᠯ ᠶᠣᠰᠣᠭᠠᠷ ᠬᠠᠷᠠᠭᠠᠯᠵᠠᠯ ᠬᠦᠷᠲᠡᠭᠡᠨ᠎ᠡ᠃ᠲᠣᠬᠢᠷᠠᠭᠤᠯᠤᠯᠲᠠ ᠬᠢᠬᠦ ᠠᠴᠠ ᠡᠮᠦᠨ᠎ᠡ | ᠳᠠᠩᠰᠠᠯᠠᠭᠤᠯᠬᠤ ᠴᠢᠬᠤᠯᠠᠲᠠᠢ᠂ ᠰᠢᠭᠤᠳ ᠳ᠋ᠦᠩᠨᠡᠨ ᠪᠤᠳᠤᠬᠤ ᠶᠢᠨ ᠠᠷᠭ᠎ᠠ ᠦᠭᠡᠢ᠃3. ᠣᠨᠴᠠᠭᠠᠶ ᠠᠩᠬᠠᠷᠬᠤ | ᠵᠦᠢᠯ᠄ ᠳᠠᠭᠠᠳᠬᠠᠯ ᠳᠤ ᠣᠷᠣᠯᠴᠠᠭᠰᠠᠳ ᠡᠮᠴᠢᠯᠡᠭᠦᠯᠵᠦ ᠪᠠᠶᠢᠨ᠎ᠠ᠃ | | | |