ᠡᠨᠡ ᠵᠢᠯ ᠪᠣᠯ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ | ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠡᠬᠢᠯᠡᠯᠲᠡ ᠶᠢᠨ ᠵᠢᠯ ᠮᠥᠨ᠂ ᠠᠷᠪᠠᠨ ᠳᠥᠷᠪᠡᠳᠦᠭᠡᠷ ᠲᠠᠪᠤᠨ ᠵᠢᠯ ᠤᠨ | ᠲᠥᠯᠥᠪᠵᠢᠭᠦᠯᠭᠡ ᠶᠢᠨ ᠤᠷᠢᠳᠤᠬᠢ ᠶᠢ ᠵᠠᠯᠭᠠᠮᠵᠢᠯᠠᠨ ᠬᠤᠶᠢᠰᠢᠬᠢ ᠳᠤ ᠵᠠᠮ ᠨᠡᠭᠡᠭᠡᠬᠦ ᠵᠠᠩᠭᠢᠯᠠᠭ᠎ᠠ ᠶᠢᠨ ᠵᠢᠯ ᠮᠥᠨ᠃ | ᠪᠦᠬᠦ ᠪᠠᠯᠭᠠᠰᠤ ᠪᠠᠷ ᠢᠶᠠᠨ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ | ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠣᠯᠭᠠᠬᠤ ᠶᠢ ᠢᠮᠠᠭᠲᠠ ᠪᠠᠷᠢᠮᠲᠠᠯᠠᠵᠤ᠂ ᠨᠠᠮ ᠤᠨ | ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠪᠣᠯᠤᠨ ᠠᠷᠪᠠ ᠶᠢᠰᠦᠳᠦᠭᠡᠷ ᠬᠤᠭᠤᠴᠠᠭᠠᠨ ᠤ ᠤᠳᠠᠭ᠎ᠠ ᠪᠦᠷᠢ ᠶᠢᠨ | ᠪᠦᠬᠦᠳᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ᠂ | ᠢᠮᠠᠭᠲᠠ ᠶᠡᠷᠦᠩᠬᠡᠢ ᠱᠦᠵᠢ ᠰᠢ ᠶᠢᠨ ᠫᠢᠩ ᠤᠨ ᠥᠪᠥᠷ ᠮᠣᠩᠭᠤᠯ ᠤᠨ ᠲᠤᠬᠠᠢ ᠴᠢᠬᠤᠯᠠ ᠶᠠᠷᠢᠶ᠎ᠠ ᠴᠢᠬᠤᠯᠠ | ᠵᠢᠭᠠᠪᠤᠷᠢ ᠴᠣᠬᠤᠯᠠᠪᠤᠷᠢ ᠶᠢᠨ ᠵᠣᠷᠢᠭ ᠰᠠᠨᠠᠭ᠎ᠠ ᠳᠤ ᠠᠩᠬᠠᠷᠤᠯ ᠢᠶᠠᠨ ᠲᠥᠪᠯᠡᠷᠡᠭᠦᠯᠦᠨ ᠬᠦᠴᠦᠨ ᠢᠶᠠᠨ | ᠲᠥᠪᠯᠡᠷᠡᠭᠦᠯᠵᠦ᠂ ᠬᠤᠰᠢᠭᠤᠨ ᠤ ᠨᠠᠮ ᠤᠨ ᠬᠤᠷᠢᠶ᠎ᠠ᠂ ᠬᠤᠰᠢᠭᠤᠨ ᠤ ᠵᠠᠰᠠᠭ ᠤᠨ ᠣᠷᠳᠣᠨ ᠪᠣᠯᠤᠨ ᠪᠠᠯᠭᠠᠰᠤᠨ ᠤ | ᠨᠠᠮ ᠤᠨ ᠬᠤᠷᠢᠶ᠎ᠠ ᠶᠢᠨ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠡᠯ᠎ᠡ ᠵᠦᠢᠯ ᠤᠨ ᠠᠵᠢᠯ ᠱᠠᠳᠤᠴᠢ ᠴᠢᠨᠠᠷᠲᠠᠢ | ᠦᠷ᠎ᠡ ᠪᠦᠲᠦᠭᠡᠯ ᠣᠯᠵᠤ᠂ ᠠᠷᠠᠳ ᠤᠯᠠᠨ ᠤ ᠬᠦᠷᠲᠡᠮᠵᠢ ᠶᠢᠨ ᠲᠦᠷᠦᠭᠳᠡᠯ᠂ ᠵᠢᠷᠭᠠᠯᠲᠤ ᠲᠦᠷᠦᠭᠳᠡᠯ᠂ ᠠᠮᠤᠷ | ᠲᠦᠪᠰᠢᠨ ᠤ ᠲᠦᠷᠦᠭᠳᠡᠯ ᠢ ᠦᠷᠭᠦᠯᠵᠢᠯᠡᠨ ᠳᠡᠭᠡᠭᠰᠢᠯᠡᠭᠦᠯᠪᠡ᠃ | 2023 ᠣᠨ ᠤ ᠳᠡᠭᠡᠷ᠎ᠡ ᠬᠠᠭᠠᠰ ᠵᠢᠯ ᠳᠤ᠂ ᠪᠥᠬᠦ ᠪᠠᠯᠭᠠᠰᠤ ᠠᠴᠠ ᠳᠣᠷᠣᠭᠰᠢᠬᠢ ᠠᠵᠢᠯ ᠪᠣᠳᠠᠲᠤ ᠦᠷ᠎ᠡ | ᠪᠦᠲᠦᠮᠵᠢ ᠤᠯᠪᠠ᠃ | ᠨᠢᠭᠡ᠂ ︽ᠬᠥᠬᠡᠮᠳᠦᠭ ᠨᠣᠭᠤᠭᠠᠨ ᠠᠭᠤᠯᠠ ᠤᠰᠤ︾ ᠳᠤ ᠰᠠᠭᠤᠷᠢᠯᠠᠵᠤ᠂ ᠠᠮᠢ ᠠᠬᠤᠢ ᠶᠢᠨ ᠣᠷᠴᠢᠨ | ᠲᠣᠭᠤᠷᠢᠨ ᠢ ᠴᠡᠭᠴᠡᠯᠡᠨ ᠵᠠᠰᠠᠬᠤ ᠲᠠᠯ᠎ᠠ ᠪᠠᠷ ᠰᠤᠯᠠᠷᠠᠬᠤ ᠦᠭᠡᠢ ᠪᠠᠶᠢᠬᠤ ᠬᠡᠷᠡᠭᠲᠡᠢ᠃ | ᠶᠡᠷᠦᠩᠬᠡᠶ ᠱᠦᠵᠢ ᠰᠢ ᠶᠢᠨ ᠫᠢᠩ ᠤᠨ ︽ᠬᠥᠬᠡᠮᠳᠦᠭ ᠨᠣᠭᠤᠭᠠᠨ ᠠᠭᠤᠯᠠ ᠤᠰᠤ ᠪᠣᠯ ᠠᠯᠲᠠ ᠮᠥᠩᠭᠦᠨ | ᠠᠭᠤᠯᠠ ᠮᠥᠨ︾ ᠭᠡᠬᠦ ᠪᠣᠬᠢᠷᠲᠤᠯ ᠥᠬᠡᠶ ᠬᠥᠭᠵᠢᠯᠲᠡ ᠶᠢᠨ ᠴᠢᠬᠤᠯᠠ ᠶᠡᠭᠡ ᠬᠥᠭᠵᠢᠯᠲᠡ ᠶᠢᠨ ᠣᠨᠣᠯᠵᠢᠬᠤᠨ ᠢ | ᠯᠠᠪᠳᠠᠭᠤᠨ ᠪᠠᠲᠤᠲᠠᠶ ᠲᠤᠭᠤᠰᠢᠯᠠᠭᠤᠯᠬᠤ ᠶᠢᠨ ᠲᠥᠯᠥᠭᠡ᠂ ᠴᠡᠯᠡᠭᠡᠷ ᠲᠠᠯ᠎ᠠ ᠪᠠᠯᠭᠠᠰᠤᠨ ᠤ ᠠᠮᠢ ᠠᠬᠤᠶ ᠶᠢᠨ | ᠣᠷᠴᠢᠨ ᠲᠣᠭᠤᠷᠢᠨ ᠢ ᠬᠠᠮᠠᠭᠠᠯᠠᠨ᠎ᠠ᠃ ᠳᠡᠭᠡᠷ᠎ᠡ ᠬᠠᠭᠠᠰ ᠵᠢᠯ ᠳᠤ ᠮᠠᠨ ᠤ ᠪᠠᠯᠭᠠᠰᠤᠨ ᠤ ᠶᠡᠷᠦᠩᠬᠡᠶᠢᠯᠡᠭᠰᠡᠨ ᠵᠠᠰᠠᠭ | ᠵᠠᠬᠢᠷᠭᠠᠨ ᠤ ᠬᠠᠤᠯᠢ ᠬᠡᠷᠡᠭᠵᠢᠭᠦᠯᠬᠦ ᠲᠣᠪᠴᠢᠶ᠎ᠠ ᠬᠠᠷᠢᠶ᠎ᠠ ᠭᠠᠵᠠᠷ ᠤᠨ ᠲᠣᠮᠢᠯᠠᠭᠰᠠᠨ ᠰᠠᠯᠪᠤᠷᠢ ᠪᠠ ᠵᠠᠮ | ᠬᠠᠷᠢᠯᠴᠠᠭᠠᠨ ᠤ ᠴᠠᠭᠳᠠᠭ᠎ᠠ ᠶᠢᠨ ᠰᠠᠯᠠᠭ᠎ᠠ ᠮᠥᠴᠢᠷ ᠲᠠᠢ ᠬᠠᠮᠲᠤᠷᠠᠨ᠂ ᠪᠠᠶᠢᠩᠭᠤ ᠶᠢᠨ ᠲᠣᠭᠤᠷᠢᠨ ᠪᠠᠶᠢᠴᠠᠭᠠᠯᠲᠠ ᠪᠠ | ᠰᠥᠨᠢ ᠪᠠᠷ ᠬᠠᠮᠲᠤᠷᠠᠨ ᠲᠣᠭᠤᠷᠢᠨ ᠪᠠᠶᠢᠴᠠᠭᠠᠬᠤ ᠶᠢ ᠤᠶᠠᠯᠳᠤᠭᠤᠯᠬᠤ ᠠᠷᠭ᠎ᠠ ᠮᠠᠶ᠋ᠢᠭ ᠢ ᠠᠪᠴᠤ᠂ ᠬᠠᠶᠢᠷ | ᠴᠢᠯᠠᠭᠤ ᠶᠢ ᠬᠤᠯᠠᠭᠠᠶᠢᠯᠠᠨ ᠮᠠᠯᠲᠠᠬᠤ ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠳᠤ ᠴᠢᠩᠭ᠎ᠠ ᠴᠣᠬᠢᠯᠲᠠ | ᠥᠭᠪᠡ᠃ ᠢᠮᠠᠭᠲᠠ ᠥᠨᠳᠥᠷ ᠳᠠᠷᠤᠯᠲᠠ ᠦᠵᠡᠭᠦᠯᠬᠦ ᠪᠠᠶᠢᠳᠠᠯ ᠢ ᠪᠠᠲᠤᠯᠠᠵᠤ᠂ ᠰᠦᠪᠡᠭᠴᠢ ᠶᠢ ᠪᠠᠶᠢᠴᠠᠭᠠᠨ | ᠵᠢᠭᠰᠠᠭᠠᠬᠤ ᠶᠢ ᠪᠥᠬᠦ ᠲᠠᠯ᠎ᠠ ᠪᠠᠷ ᠴᠢᠩᠭᠠᠳᠬᠠᠵᠤ᠂ ᠠᠮᠢ ᠠᠬᠤᠶ ᠣᠷᠴᠢᠨ ᠲᠣᠭᠤᠷᠢᠨ ᠬᠢᠭᠡᠳ ᠠᠷᠠᠳ ᠲᠦᠮᠡᠨ ᠤ | ᠡᠳ᠋ ᠬᠥᠷᠥᠩᠭᠡ ᠶᠢᠨ ᠠᠮᠤᠷ ᠲᠦᠪᠰᠢᠨ ᠢ ᠦᠨᠡᠨ ᠬᠦ ᠬᠠᠮᠠᠭᠠᠯᠠᠨ᠎ᠠ᠃ ᠳᠡᠭᠡᠷ᠎ᠡ ᠬᠠᠭᠠᠰ ᠵᠢᠯ ᠳᠤ ᠮᠠᠨ ᠤ ᠪᠠᠯᠭᠠᠰᠤ | ᠡᠰᠢ ᠰᠦᠷᠡᠯ ᠢ ᠰᠢᠲᠠᠭᠠᠬᠤ ᠶᠢ ᠴᠠᠭᠠᠵᠠᠯᠠᠬᠤ ᠪᠠ ᠶᠡᠷᠦᠩᠬᠡᠶᠢᠯᠡᠨ ᠠᠰᠢᠭᠯᠠᠬᠤ ᠠᠵᠢᠯ ᠢ ᠦᠨᠡᠨ ᠬᠦ ᠰᠠᠶᠢᠲᠤᠷ | ᠬᠢᠬᠦ ᠶᠢᠨ ᠲᠥᠯᠥᠭᠡ᠂ ᠳᠡᠭᠡᠳᠦ ᠱᠠᠲᠤᠨ ᠤ ᠡᠰᠢ ᠰᠦᠷᠡᠯ ᠢ ᠰᠢᠲᠠᠭᠠᠬᠤ ᠶᠢ ᠴᠠᠭᠠᠵᠠᠯᠠᠬᠤ ᠠᠵᠢᠯ ᠤᠨ ᠨᠢᠭᠡᠳᠦᠯᠲᠡᠶ | ᠪᠠᠶᠢᠷᠢᠯᠠᠭᠤᠯᠤᠯᠲᠠ ᠶᠣᠰᠣᠭᠠᠷ᠂ ᠪᠠᠶᠢᠩᠭᠤᠵᠢᠭᠤᠯᠤᠨ ᠬᠠᠮᠢᠶᠠᠷᠤᠨ ᠡᠵᠡᠮᠳᠡᠬᠦ ᠶᠢ ᠥᠷᠨᠢᠭᠦᠯᠵᠦ᠂ ᠬᠡᠰᠡᠭ ᠢ | ᠳᠠᠭᠠᠭᠠᠴᠢᠯᠠᠬᠤ ᠤᠳᠤᠷᠢᠳᠤᠯᠭ᠎ᠠ ᠶᠢᠨ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠤᠨ᠂ ᠡᠰᠢ ᠰᠦᠷᠡᠯ ᠢ ᠰᠢᠲᠠᠭᠠᠬᠤ ᠶᠢ | ᠴᠠᠭᠠᠵᠠᠯᠠᠬᠤ ᠡᠭᠦᠷᠭᠡ ᠶᠢ ᠲᠠᠷᠢᠶᠠᠨ ᠳᠤ ᠬᠦᠷᠲᠡᠯ᠎ᠡ ᠨᠠᠷᠢᠯᠢᠬᠵᠢᠭᠤᠯᠵᠤ᠂ ᠬᠠᠷᠢᠭᠤᠴᠠᠯᠭ᠎ᠠ ᠶᠢ ᠬᠥᠮᠦᠨ ᠳᠤ ᠬᠦᠷᠲᠡᠯ᠎ᠡ | ᠨᠠᠶᠢᠳᠠᠪᠤᠷᠢᠵᠢᠭᠤᠯᠤᠨ᠂ ᠡᠰᠢ ᠰᠦᠷᠡᠯ ᠢ ᠰᠢᠲᠠᠭᠠᠬᠤ ᠦᠶ᠋ᠯᠡ ᠠᠵᠢᠯᠯᠠᠭ᠎ᠠ ᠶᠢ ᠪᠦᠲᠦᠮᠵᠢᠲᠡᠶ ᠬᠤᠷᠢᠭᠯᠠᠪᠠ᠃ ᠲᠠᠮᠠᠬᠢ | ᠪᠠᠶᠢᠪᠠᠯ ᠵᠠᠪᠠᠯ ᠪᠠᠶᠢᠴᠠᠭᠠᠬᠤ᠂ ᠭᠠᠯ ᠪᠠᠶᠢᠪᠠᠯ ᠵᠠᠪᠠᠯ ᠲᠣᠷᠭᠠᠬᠤ᠂ ᠦᠨᠡᠰᠦ ᠪᠠᠶᠢᠪᠠᠯ ᠵᠠᠪᠠᠯ ᠨᠡᠬᠡᠮᠵᠢᠯᠡᠬᠦ ᠵᠠᠷᠴᠢᠮ ᠢᠶᠠᠷ | ︽ᠠᠩᠬᠠᠨ ᠤ ᠭᠠᠯ︾ ᠢ ᠴᠢᠩᠭ᠎ᠠ ᠰᠢᠢᠳᠭᠡᠨ᠎ᠡ᠃ ᠤᠬᠠᠭᠤᠯᠬᠤ ᠡᠷᠴᠢᠮ ᠢᠶᠠᠨ ᠴᠢᠩᠭᠠᠷᠠᠭᠤᠯᠵᠤ᠂ ᠲᠣᠰᠬᠤᠨ ᠤ | ᠠᠷᠠᠳ ᠤᠨ ᠡᠰᠢ ᠰᠦᠷᠡᠯ ᠤᠨ ᠡᠬᠢ ᠪᠠᠶᠠᠯᠢᠭ ᠢ ᠰᠢᠨᠵᠢᠯᠡᠬᠦ ᠤᠬᠠᠭᠠᠨᠴᠢ ᠪᠠᠷ ᠠᠰᠢᠭᠯᠠᠬᠤ ᠶᠢ ᠬᠥᠲᠥᠯᠥᠨ | ᠵᠢᠯᠣᠭᠤᠳᠴᠤ᠂ ᠡᠰᠢ ᠰᠦᠷᠡᠯ ᠢ ᠰᠢᠲᠠᠭᠠᠬᠤ ᠶᠢ ᠴᠠᠭᠠᠵᠠᠯᠠᠬᠤ ᠪᠠ ᠶᠡᠷᠦᠩᠬᠡᠶᠢᠯᠡᠨ ᠠᠰᠢᠭᠯᠠᠬᠤ ᠶᠢ ᠲᠠᠷᠢᠶᠠᠴᠢᠨ | ᠲᠦᠮᠡᠨ ᠤ ᠤᠬᠠᠮᠰᠠᠷᠲᠤ ᠠᠵᠢᠯᠯᠠᠭ᠎ᠠ ᠪᠣᠯᠭᠠᠬᠤ ᠬᠡᠷᠡᠭᠲᠡᠶ᠃ ᠳᠡᠭᠡᠷ᠎ᠡ ᠬᠠᠭᠠᠰ ᠵᠢᠯ ᠳᠤ᠂ ᠪᠠᠯᠭᠠᠰᠤ ᠲᠣᠰᠬᠤᠨ | ᠬᠤᠶᠠᠷ ᠱᠠᠲᠤᠨ ᠤ ᠺᠠᠳ᠋ᠷ ᠤᠨ ᠣᠯᠠᠨ ᠲᠠᠯ᠎ᠠ ᠶᠢᠨ ᠴᠢᠷᠮᠠᠶᠢᠯᠭ᠎ᠠ ᠪᠠᠷ ᠳᠠᠮᠵᠢᠨ᠂ ᠲᠠᠷᠢᠶᠠᠴᠢᠨ ᠡᠷᠦᠬᠡ ᠶᠢ ᠳᠠᠶᠢᠴᠢᠯᠠᠨ | 1126.525 ᠮᠥ ᠲᠠᠷᠢᠶᠠᠯᠠᠬᠤ ᠶᠢ ᠵᠣᠭᠰᠣᠭᠠᠵᠤ ᠣᠶ ᠰᠢᠭᠤᠶ ᠶᠢ ᠰᠡᠷᠭᠦᠭᠡᠬᠦ ᠠᠵᠢᠯ ᠢ ᠪᠡᠶᠡᠯᠡᠭᠦᠯᠵᠦ᠂ ᠠᠵᠢᠯ ᠤᠨ | ᠡᠭᠦᠷᠭᠡ ᠪᠠᠨ ᠲᠡᠭᠦᠰ ᠠᠮᠵᠢᠯᠲᠠ ᠲᠠᠢ ᠪᠡᠶᠡᠯᠡᠭᠦᠯᠪᠡ᠃ ᠳᠡᠭᠡᠷ᠎ᠡ ᠬᠠᠭᠠᠰ ᠵᠢᠯ ᠳᠤ ᠮᠠᠨ ᠤ ᠪᠠᠯᠭᠠᠰᠤ ᠬᠠᠤᠯᠢ | ᠪᠤᠰᠤ ᠪᠠᠷ ᠬᠤᠯᠠᠭᠠᠶᠢᠯᠠᠨ ᠮᠠᠯᠵᠢᠵᠤ ᠳᠤᠷ᠎ᠠ ᠪᠠᠷ ᠢᠶᠠᠨ ᠮᠠᠯᠵᠢᠬᠤ ᠠᠵᠢᠯᠯᠠᠭ᠎ᠠ ᠳᠤ ᠴᠢᠩᠭ᠎ᠠ ᠴᠣᠬᠢᠯᠲᠠ ᠥᠭᠴᠦ᠂ | ᠢᠯᠡ ᠪᠠᠷ ᠪᠠᠶᠢᠴᠠᠭᠠᠵᠤ ᠳᠠᠯᠳᠠᠭᠤᠷ ᠰᠤᠷᠪᠤᠯᠵᠢᠯᠠᠬᠤ᠂ ᠴᠡᠭ ᠲᠣᠭᠲᠠᠭᠠᠨ ᠰᠠᠬᠢᠨ ᠬᠦᠯᠢᠶᠡᠬᠦ᠂ ᠲᠣᠭᠲᠠᠮᠠᠯ ᠪᠤᠰᠤ | ᠴᠠᠭ ᠢᠶᠠᠷ ᠲᠣᠭᠤᠷᠢᠨ ᠪᠠᠶᠢᠴᠠᠭᠠᠬᠤ᠂ ᠤᠲᠠᠰᠤ ᠪᠠᠷ ᠢᠯᠡᠴᠢᠯᠡᠨ ᠮᠡᠳᠡᠭᠦᠯᠬᠦ ᠵᠡᠷᠭᠡ ᠠᠷᠭ᠎ᠠ ᠬᠡᠯᠪᠡᠷᠢ ᠶᠢ ᠠᠪᠴᠤ᠂ | ᠤᠬᠠᠭᠤᠯᠭ᠎ᠠ ᠬᠥᠮᠦᠵᠢᠯ ᠬᠢᠭᠡᠳ ᠴᠣᠬᠢᠯᠲᠠ ᠥᠭᠴᠦ ᠰᠢᠢᠳᠪᠦᠷᠢᠯᠡᠬᠦ ᠶᠢ ᠵᠡᠷᠭᠡᠪᠡᠷ ᠶᠠᠪᠤᠭᠳᠠᠭᠤᠯᠬᠤ ᠶᠢ ᠪᠠᠷᠢᠮᠲᠠᠯᠠᠵᠤ | ᠂ ᠬᠤᠯᠠᠭᠠᠶᠢᠯᠠᠨ ᠮᠠᠯᠵᠢᠬᠤ ᠠᠵᠢᠯᠯᠠᠭ᠎ᠠ ᠶᠢ ᠴᠠᠭ ᠲᠤᠬᠠᠶ ᠳᠤᠨᠢ ᠲᠤᠬᠠᠶ ᠶᠢᠨ ᠬᠥᠮᠦᠨ ᠳᠤ ᠮᠡᠳᠡᠭᠳᠡᠵᠦ᠂ ᠲᠥᠷᠥ ᠶᠢᠨ | ᠪᠣᠳᠣᠯᠭ᠎ᠠ ᠶᠢᠨ ᠲᠠᠶᠢᠯᠤᠮᠵᠢ ᠬᠢᠬᠦ ᠶᠢᠨ ᠬᠠᠮᠲᠤ ᠵᠠᠷᠯᠢᠭᠳᠠᠨ ᠵᠠᠯᠠᠷᠠᠭᠤᠯᠵᠤ᠂ ᠪᠥᠬᠦ ᠪᠠᠯᠭᠠᠰᠤᠨ ᠤ ᠪᠡᠯᠴᠢᠭᠡᠷᠯᠡᠭᠦᠯᠬᠦ ᠶᠢ | ᠴᠠᠭᠠᠵᠠᠯᠠᠬᠤ ᠠᠵᠢᠯ ᠤᠨ ᠪᠣᠳᠠᠲᠤ ᠦᠷ᠎ᠡ ᠪᠦᠲᠦᠮᠵᠢ ᠤᠯᠬᠤ ᠶᠢ ᠦᠨᠡᠨᠬᠦ ᠪᠠᠲᠤᠯᠠᠪᠠ᠃ | ᠬᠤᠶᠠᠷ᠂ ︽ᠠᠵᠤ ᠠᠬᠤᠶ ᠶᠢᠨ ᠬᠥᠭᠵᠢᠯᠲᠡ︾ ᠶᠢᠨ ᠲᠣᠭᠤᠷᠢᠨ ᠳᠤ᠂ ᠠᠵᠤ ᠦᠢᠯᠡᠰ ᠢ ᠡᠯᠰᠡᠨ ᠲᠥᠷᠥᠯ | ᠵᠦᠢᠯ ᠪᠠᠶᠢᠭᠤᠯᠬᠤ ᠲᠠᠯ᠎ᠠ ᠪᠠᠷ ᠬᠦᠴᠦ ᠲᠠᠯᠪᠢᠬᠤ ᠬᠡᠷᠡᠭᠲᠡᠶ᠃ | ᠠᠵᠤ ᠠᠬᠤᠶ ᠶᠢᠨ ᠬᠥᠭᠵᠢᠯᠲᠡ ᠪᠣᠯ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠬᠤᠷᠳᠤᠴᠠ ᠶᠢ | ᠲᠦᠷᠭᠡᠳᠬᠡᠬᠦ ᠭᠤᠤᠯᠳᠠᠯᠭ᠎ᠠ ᠮᠥᠨ᠂ ᠮᠠᠨ ᠤ ᠪᠠᠯᠭᠠᠰᠤ ᠳᠡᠭᠡᠷ᠎ᠡ ᠬᠠᠭᠠᠰ ᠵᠢᠯ ᠳᠤ ᠵᠢᠵᠢᠭ ᠬᠡᠯᠪᠡᠷᠢ ᠶᠢᠨ ᠨᠡᠶᠢᠲᠡ ᠶᠢᠨ | ᠠᠰᠠᠷᠠᠮᠵᠢ ᠶᠢᠨ ᠲᠥᠷᠥᠯ ᠵᠦᠶ᠋ᠯ ᠤᠨ ᠪᠥᠲᠥᠭᠡᠨ ᠪᠠᠶᠢᠭᠤᠯᠤᠯᠲᠠ᠂ ᠬᠤᠳᠠᠯᠳᠤᠭᠠᠴᠢᠨ ᠤᠷᠢᠵᠤ ᠪᠠᠯᠠ ᠣᠷᠣᠭᠤᠯᠬᠤ᠂ | ᠥᠨᠳᠥᠷ ᠪᠠᠷᠢᠮᠵᠢᠶᠠᠲᠤ ᠲᠠᠷᠢᠶᠠᠨ ᠭᠠᠵᠠᠷ ᠤᠨ ᠲᠥᠷᠥᠯ ᠵᠦᠢᠯ ᠤᠨ ᠪᠥᠲᠥᠭᠡᠨ ᠪᠠᠶᠢᠭᠤᠯᠤᠯᠲᠠ ᠶᠢ ᠳᠡᠭᠡᠳᠦ | ᠬᠡᠮᠵᠢᠶ᠎ᠡ ᠪᠠᠷ ᠴᠢᠬᠤᠯᠠᠴᠢᠯᠠᠵᠤ᠂ ᠲᠣᠰᠬᠤᠨ ᠤ ᠬᠠᠮᠲᠤ ᠶᠢᠨ ᠣᠷᠣᠯᠭ᠎ᠠ ᠶᠢ ᠦᠨᠡᠨ ᠬᠦ ᠳᠠᠶᠢᠴᠢᠯᠠᠨ᠂ ᠠᠷᠠᠳ | ᠣᠯᠠᠨ ᠤ ᠠᠮᠢᠳᠤᠷᠠᠯ ᠳᠤ ᠲᠥᠬᠦᠮ ᠪᠣᠯᠭᠠᠪᠠ᠃ 2023 ᠣᠨ ᠤ ᠳᠡᠭᠡᠷ᠎ᠡ ᠬᠠᠭᠠᠰ ᠵᠢᠯ ᠳᠤ ᠵᠢᠵᠢᠭ ᠬᠡᠯᠪᠡᠷᠢ ᠶᠢᠨ | ᠨᠡᠶᠢᠲᠡ ᠶᠢᠨ ᠠᠰᠠᠷᠠᠮᠵᠢ ᠶᠢᠨ ᠲᠥᠷᠥᠯ ᠵᠦᠢᠯ ᠨᠢ ᠲᠦᠮᠡᠳ ᠵᠡᠭᠦᠨ ᠬᠤᠰᠢᠭᠤᠨ ᠤ ᠴᠡᠯᠡᠭᠡᠷ ᠲᠠᠯ᠎ᠠ | ᠪᠠᠯᠭᠠᠰᠤᠨ ᠤ ᠭᠤᠤ ᠴᠢᠤᠸᠠᠨ ᠶᠢᠩ ᠲᠣᠰᠬᠤᠨ ᠤ ᠤᠤᠭᠤᠬᠤ ᠤᠰᠤᠨ ᠤ ᠠᠮᠤᠷ ᠲᠦᠪᠰᠢᠨ ᠢ ᠪᠠᠬᠢᠵᠢᠭᠦᠯᠦᠨ | ᠳᠡᠭᠡᠭᠰᠢᠯᠡᠭᠦᠯᠬᠦ ᠵᠢᠴᠢ ᠬᠥᠮᠦᠰ ᠤᠨ ᠣᠷᠣᠰᠢᠨ ᠰᠠᠭᠤᠬᠤ ᠣᠷᠴᠢᠨ ᠲᠣᠭᠤᠷᠢᠨ ᠢ ᠴᠡᠭᠴᠡᠯᠡᠨ ᠵᠠᠰᠠᠬᠤ ᠲᠥᠷᠥᠯ | ᠵᠦᠶ᠋ᠯ ᠢ ᠮᠡᠳᠡᠭᠦᠯᠵᠦ᠂ ᠭᠤᠤ ᠴᠢᠤᠸᠠᠨ ᠶᠢᠩ ᠲᠣᠰᠬᠤᠨ ᠤ ᠤᠤᠭᠤᠬᠤ ᠤᠰᠤᠨ ᠤ ᠠᠮᠤᠷ ᠲᠦᠪᠰᠢᠨ ᠪᠠ ᠣᠷᠣᠰᠢᠨ | ᠰᠠᠭᠤᠬᠤ ᠣᠷᠴᠢᠨ ᠲᠣᠭᠤᠷᠢᠨ ᠤ ᠠᠰᠠᠭᠤᠳᠠᠯ ᠢ ᠪᠦᠲᠦᠮᠵᠢᠲᠡᠶ ᠰᠢᠶ᠋ᠳᠪᠦᠷᠢᠯᠡᠵᠦ᠂ ᠲᠣᠰᠬᠤᠨ ᠤ ᠤᠤᠭᠤᠬᠤ ᠤᠰᠤ | ᠪᠠ ᠠᠮᠢ ᠠᠬᠤᠶ ᠶᠢᠨ ᠣᠷᠴᠢᠨ ᠲᠣᠭᠤᠷᠢᠨ ᠢ ᠰᠠᠶᠢᠵᠢᠷᠠᠭᠤᠯᠪᠠ᠃ ᠳᠡᠭᠡᠷ᠎ᠡ ᠬᠠᠭᠠᠰ ᠵᠢᠯ ᠳᠤ ᠮᠠᠨ ᠤ ᠪᠠᠯᠭᠠᠰᠤᠨ ᠤ | ᠵᠢᠩ ᠲᠢᠶᠠᠨ ᠤᠤᠭᠤᠬᠤ ᠤᠰᠤᠨ ᠤ ᠬᠥᠬᠡᠬᠤᠲᠠ ᠶᠢᠨ ᠰᠠᠭᠤᠷᠢᠨ ᠭᠠᠵᠠᠷ ᠤᠨ ᠪᠥᠲᠥᠭᠡᠨ ᠪᠠᠶᠢᠭᠤᠯᠤᠯᠲᠠ ᠶᠢᠨ | ᠲᠥᠷᠥᠯ ᠵᠦᠢᠯ ᠢ ᠰᠢᠨ᠎ᠡ ᠪᠠᠷ ᠣᠷᠣᠭᠤᠯᠤᠨ ᠠᠪᠴᠢᠷᠠᠵᠤ᠂ ᠰᠡᠭᠦᠯ ᠬᠤᠷᠢᠶᠠᠬᠤ ᠬᠡᠶ ᠨᠡᠮᠡᠬᠦ ᠥᠷᠲᠡᠭᠡ ᠶᠢᠨ | ᠲᠥᠷᠥᠯ ᠵᠦᠶ᠋ᠯ ᠢ ᠪᠥᠲᠥᠭᠡᠨ ᠪᠠᠶᠢᠭᠤᠯᠵᠤ᠂ ᠥᠪᠥᠷ ᠮᠣᠩᠭᠤᠯ ᠤᠨ ᠵᠧᠩ ᠮᠤᠤ ᠲᠠᠷᠢᠶᠠᠯᠠᠩ ᠤᠨ ᠨᠡᠭᠡᠭᠡᠯᠲᠡ ᠶᠢᠨ | ᠬᠢᠵᠠᠭᠠᠷᠲᠤ ᠺᠣᠮᠫᠠᠨᠢ ᠶᠢᠨ ᠵᠢᠯ ᠳᠤ 10 ᠲᠦᠮᠡᠨ ᠲᠣᠨ ᠠᠯᠭᠤᠷ ᠵᠠᠳᠠᠯᠠᠬᠤ ᠪᠣᠷᠲᠣᠭᠤᠷ ᠦᠶ᠋ᠯᠡᠳᠪᠦᠷᠢᠯᠡᠵᠦ | ᠥᠷᠭᠡᠳᠬᠡᠨ ᠪᠠᠶᠢᠭᠤᠯᠬᠤ ᠲᠥᠷᠥᠯ ᠵᠦᠢᠯ ᠢ ᠦᠷᠭᠦᠯᠵᠢᠯᠡᠨ ᠲᠡᠭᠦᠯᠳᠡᠷᠵᠢᠭᠦᠯᠵᠦ᠂ ᠣᠷᠣᠯᠭ᠎ᠠ ᠪᠠᠨ | ᠨᠡᠮᠡᠭᠳᠡᠭᠦᠯᠬᠦ ᠳᠤ ᠰᠠᠭᠤᠷᠢᠯᠠᠨ᠂ ᠬᠠᠮᠲᠤ ᠶᠢᠨ ᠴᠢᠨᠠᠷᠲᠠᠶ ᠣᠷᠣᠯᠭ᠎ᠠ ᠶᠢ ᠦᠨᠡᠨ ᠬᠦ ᠳᠠᠶᠢᠴᠢᠯᠠᠪᠠ᠃ ᠳᠡᠭᠡᠷ᠎ᠡ ᠬᠠᠭᠠᠰ | ᠵᠢᠯ ᠳᠤ᠂ ᠮᠠᠨ ᠤ ᠪᠠᠯᠭᠠᠰᠤᠨ ᠤ ᠲᠤᠤ ᠰᠧ ᠬᠤᠤ ᠲᠣᠰᠬᠤᠨ᠂ ᠲᠠ ᠡᠯ ᠬᠤᠤ ᠲᠣᠰᠬᠤᠨ ᠤ ᠥᠨᠳᠥᠷ | ᠪᠠᠷᠢᠮᠵᠢᠶᠠᠲᠤ ᠲᠠᠷᠢᠶᠠᠨ ᠭᠠᠵᠠᠷ ᠤᠨ ᠪᠥᠲᠥᠭᠡᠨ ᠪᠠᠶᠢᠭᠤᠯᠤᠯᠲᠠ ᠶᠢᠨ ᠲᠥᠷᠥᠯ ᠵᠦᠢᠯ ᠢ ᠨᠢᠭᠡᠨᠲᠡ ᠲᠦᠢᠯᠪᠤᠷᠢᠲᠠᠶ | ᠳᠠᠭᠤᠰᠬᠠᠵᠤ᠂ ᠰᠢᠯᠭᠠᠨ ᠠᠪᠬᠤ ᠶᠢ ᠬᠦᠯᠢᠶᠡᠬᠦ ᠶᠢᠨ ᠬᠠᠮᠲᠤ ᠰᠡᠭᠦᠯᠴᠢ ᠶᠢᠨ ᠬᠤᠭᠤᠴᠠᠭᠠᠨ ᠤ ᠬᠠᠮᠢᠶᠠᠷᠤᠨ | ᠬᠠᠮᠠᠭᠠᠯᠠᠬᠤ ᠠᠷᠭ᠎ᠠ ᠬᠡᠮᠵᠢᠶ᠎ᠡ ᠶᠢ ᠬᠡᠷᠡᠭᠵᠢᠭᠦᠯᠵᠦ᠂ ᠮᠠᠨ ᠤ ᠪᠠᠯᠭᠠᠰᠤᠨ ᠤ ᠲᠠᠷᠢᠶᠠᠯᠠᠩ ᠤᠨ ᠣᠳᠣᠬᠢᠴᠢᠯᠠᠯᠲᠠ ᠶᠢ | ᠦᠨᠡᠨ ᠬᠦ ᠲᠦᠷᠭᠡᠳᠬᠡᠨ ᠠᠬᠢᠭᠤᠯᠪᠠ᠃ | ᠭᠤᠷᠪᠠ᠂ ︽ᠲᠣᠰᠬᠤᠨ ᠤ ᠳᠦᠷᠰᠦ ᠪᠠᠶᠢᠳᠠᠯ︾ ᠢ ᠬᠠᠷᠠᠵᠤ᠂ ᠦᠵᠡᠰᠬᠦᠯᠡᠩᠲᠦ ᠰᠠᠶᠢᠬᠠᠨ ᠬᠥᠳᠡᠭᠡ | ᠲᠣᠰᠬᠤᠨ ᠢ ᠪᠦᠲᠦᠭᠡᠨ ᠪᠠᠶᠢᠭᠤᠯᠬᠤ ᠳᠡᠭᠡᠷ᠎ᠡ ᠶᠠᠭᠠᠷᠠᠪᠠ᠃ | 2022 ᠣᠨ ᠤ ᠡᠷᠦᠬᠡ ᠶᠢᠨ ᠵᠣᠷᠯᠣᠩ ᠢ ᠥᠭᠡᠷᠡᠴᠢᠯᠡᠬᠦ ᠡᠭᠦᠷᠭᠡ 2058 ᠪᠠᠶᠢᠵᠤ᠂ ᠬᠢᠵᠢᠭ ᠤᠨ | ᠰᠢᠯᠲᠠᠭᠠᠨ ᠠᠴᠠ ᠪᠣᠯᠵᠣ ᠵᠢᠯ ᠤᠨ ᠳᠣᠲᠣᠷ᠎ᠠ 555 ᠰᠠᠭᠤᠷᠢ ᠪᠠᠷᠢᠯᠭ᠎ᠠ ᠶᠢᠨ ᠠᠵᠢᠯ ᠢ ᠳᠠᠭᠤᠰᠬᠠᠵᠤ᠂ | ᠪᠠᠯᠭᠠᠰᠤᠨ ᠤ ᠰᠢᠯᠭᠠᠨ ᠠᠪᠬᠤ ᠪᠠ ᠬᠤᠰᠢᠭᠤ ᠬᠤᠲᠠ ᠶᠢᠨ ᠰᠢᠯᠭᠠᠨ ᠪᠠᠶᠢᠴᠠᠭᠠᠬᠤ ᠪᠠᠷ ᠳᠡᠮᠵᠢᠨ᠂ 471 ᠰᠠᠭᠤᠷᠢ | ᠬᠢᠷᠢ ᠲᠡᠩᠴᠡᠵᠦ᠂ 84 ᠰᠠᠭᠤᠷᠢ ᠬᠢᠷᠢ ᠲᠡᠩᠴᠡᠭᠰᠡᠨ ᠥᠬᠡᠶ᠂ ᠭᠤᠤᠯ ᠠᠰᠠᠭᠤᠳᠠᠯ ᠨᠢ ᠤᠭᠰᠠᠷᠠᠬᠤ ᠣᠷᠣᠨ | ᠪᠠᠶᠢᠷᠢ ᠨᠢ ᠵᠦᠶ ᠵᠣᠬᠢᠰ ᠥᠬᠡᠶ᠂ ᠰᠤᠯᠠ ᠤᠰᠤ ᠨᠢ ᠵᠢᠷᠤᠮᠵᠢᠯ ᠥᠬᠡᠶ ᠵᠡᠷᠭᠡ ᠠᠰᠠᠭᠤᠳᠠᠯ ᠪᠣᠯᠵᠣ᠂ ᠪᠠᠷᠢᠯᠭ᠎ᠠ ᠶᠢᠨ | ᠠᠩᠭᠢ ᠡᠨᠡ ᠵᠢᠯ ᠤᠨ 5 ᠰᠠᠷ᠎ᠠ ᠶᠢᠨ ᠰᠡᠭᠦᠯᠴᠢ ᠪᠠᠷ ᠠᠰᠠᠭᠤᠳᠠᠯ ᠢ ᠴᠡᠭᠴᠡᠯᠡᠨ ᠰᠠᠶᠢᠵᠢᠷᠠᠭᠤᠯᠬᠤ ᠠᠵᠢᠯ ᠢ | ᠪᠡᠶᠡᠯᠡᠭᠦᠯᠪᠡ᠃ 2022 ᠣᠨ ᠳᠤ ᠦᠯᠡᠳᠡᠭᠰᠡᠨ ᠡᠭᠦᠷᠭᠡ ᠶᠢᠨ ᠬᠡᠮᠵᠢᠶ᠎ᠡ ᠶᠢ 1503 ᠳᠤ ᠪᠡᠶᠡᠯᠡᠭᠦᠯᠬᠦ ᠪᠠᠷ | ᠲᠥᠯᠥᠪᠯᠡᠵᠦ᠂ ᠣᠳᠣᠬᠠᠨ ᠳᠤ ᠪᠠᠷᠢᠯᠭ᠎ᠠ ᠶᠢᠨ ᠠᠩᠭᠢ ᠶᠢᠨ ᠮᠠᠲ᠋ᠧᠷᠢᠶᠠᠯ ᠢ 150 ᠢᠵᠢ ᠣᠷᠣᠭᠤᠯᠵᠤ᠂ ᠳᠠᠷᠦ᠋ᠢᠬᠠᠨ | ᠪᠥᠬᠦ ᠲᠠᠯ᠎ᠠ ᠪᠠᠷ ᠠᠵᠢᠯ ᠡᠬᠢᠯᠡᠭᠦᠯᠦᠨ᠎ᠡ᠃ 2023 ᠣᠨ ᠳᠤ ᠡᠷᠦᠬᠡ ᠶᠢᠨ ᠵᠣᠷᠯᠣᠩ ᠢ ᠥᠭᠡᠷᠡᠴᠢᠯᠡᠬᠦ | ᠢᠨᠵᠧᠨᠧᠷᠢᠩ ᠤᠨ ᠡᠭᠦᠷᠭᠡ ᠶᠢᠨ ᠬᠡᠮᠵᠢᠶ᠎ᠡ ᠨᠢ 340 ᠪᠠᠶᠢᠵᠤ᠂ 22 ᠵᠢᠯ ᠳᠤ ᠪᠠᠷᠢᠯᠭ᠎ᠠ ᠪᠠᠷᠢᠬᠤ | ᠲᠠᠯ᠎ᠠ ᠶᠢᠨ ᠬᠢᠨ ᠲᠠᠢ ᠨᠥᠬᠦᠪᠥᠷᠢ ᠬᠡᠯᠡᠯᠴᠡᠭᠡᠷ ᠲᠣᠭᠲᠠᠵᠤ᠂ ᠲᠣᠰ ᠺᠣᠮᠫᠠᠨᠢ ᠠᠴᠠ ᠬᠠᠮᠲᠤ ᠪᠠᠷᠢᠯᠭ᠎ᠠ ᠪᠠᠷᠢᠪᠠ᠃ | ᠳᠡᠭᠡᠷ᠎ᠡ ᠬᠠᠭᠠᠰ ᠵᠢᠯ ᠳᠤ ᠪᠥᠬᠦ ᠪᠠᠯᠭᠠᠰᠤ ᠪᠠᠷ ᠢᠶᠠᠨ ᠬᠤᠭ ᠨᠣᠪᠰᠢ ᠶᠢ ᠶᠡᠬᠡᠪᠡᠷ ᠴᠡᠪᠡᠷᠯᠡᠨ ᠠᠷᠢᠯᠭᠠᠵᠤ᠂ | ᠪᠠᠯᠭᠠᠰᠤᠨ ᠤ ᠵᠠᠰᠠᠭ ᠤᠨ ᠣᠷᠳᠣᠨ ᠠᠴᠠ ᠡᠯ᠎ᠡ ᠲᠣᠰᠬᠤᠨ ᠢ ᠳᠠᠶᠢᠴᠢᠯᠠᠨ ᠢᠳᠡᠪᠬᠢᠲᠡᠶ ᠬᠠᠮᠵᠢᠯᠴᠠᠭᠤᠯᠵᠤ᠂ ᠡᠳᠦᠷ | ᠲᠤᠲᠤᠮ ᠤᠨ ᠬᠤᠭ ᠨᠣᠪᠰᠢ ᠶᠢ ᠪᠥᠬᠦ ᠲᠠᠯ᠎ᠠ ᠪᠠᠷ ᠴᠡᠪᠡᠷᠯᠡᠨ ᠠᠷᠢᠯᠭᠠᠪᠠ᠃ ᠬᠠᠶᠠᠭᠳᠠᠮᠠᠯ ᠴᠠᠭᠠᠨ ᠬᠤᠭ ᠨᠣᠪᠰᠢ ᠶᠢ | ᠲᠡᠭᠦᠵᠦ ᠠᠪᠬᠤ ᠲᠤᠰᠬᠠᠶ ᠠᠵᠢᠯᠯᠠᠭ᠎ᠠ ᠶᠢ ᠵᠠᠯᠭᠠᠭ᠎ᠠ ᠪᠠᠷ ᠥᠷᠨᠢᠭᠦᠯᠵᠦ᠂ ᠲᠠᠷᠢᠶᠠᠯᠠᠩ ᠤᠨ ᠦᠢᠯᠡᠳᠪᠦᠷᠢᠯᠡᠯ ᠤᠨ | ᠬᠡᠷᠡᠭᠰᠡᠯ ᠢ ᠰᠠᠪᠠᠯᠠᠬᠤ ᠤᠭᠤᠲᠠ ᠪᠠ ᠪᠤᠰᠤᠳ ᠴᠠᠭᠠᠨ ᠬᠤᠭ ᠨᠣᠪᠰᠢ ᠶᠢ ᠴᠡᠪᠡᠷᠯᠡᠨ ᠴᠡᠭᠴᠡᠯᠡᠵᠦ᠂ ᠪᠥᠬᠦ | ᠪᠠᠯᠭᠠᠰᠤᠨ ᠤ ᠣᠷᠴᠢᠨ ᠲᠣᠭᠤᠷᠢᠨ ᠤ ᠡᠷᠡᠭᠦᠯ ᠬᠠᠮᠠᠭᠠᠯᠠᠯ ᠤᠨ ᠪᠠᠷᠢᠮᠵᠢᠶ᠎ᠠ ᠶᠢ ᠦᠨᠡᠨᠬᠦ ᠳᠡᠭᠡᠭᠰᠢᠯᠡᠭᠦᠯᠪᠡ᠃ ᠮᠠᠨ ᠤ | ᠪᠠᠯᠭᠠᠰᠤ ᠪᠠᠰᠠ ᠮᠣᠳᠣ ᠲᠠᠷᠢᠬᠤ ᠰᠠᠶᠢᠨ ᠳᠤᠷ᠎ᠠ ᠶᠢᠨ ᠠᠵᠢᠯᠯᠠᠭ᠎ᠠ ᠶᠢ ᠢᠳᠡᠪᠬᠢᠲᠡᠢ ᠵᠣᠬᠢᠶᠠᠨ ᠪᠠᠶᠢᠭᠤᠯᠤᠨ | ᠥᠷᠨᠢᠭᠦᠯᠵᠦ᠂ ᠭᠤᠣᠯ ᠤᠨ ᠠᠮᠠ ᠲᠣᠰᠬᠤᠨ ᠳᠤ 20 ᠭᠠᠷᠤᠢ ᠮᠦ ᠭᠠᠵᠠᠷ ᠡᠵᠡᠯᠡᠭᠰᠡᠨ ᠤᠢ ᠰᠢᠭᠤᠢ ᠶᠢᠨ | ᠰᠠᠭᠤᠷᠢᠨ ᠭᠠᠵᠠᠷ ᠢ ᠪᠠᠶᠢᠭᠤᠯᠵᠤ᠂ ᠪᠠᠷᠤᠭ 400 ᠰᠠᠭᠤᠷᠢ ᠠᠵᠤ ᠠᠬᠤᠢ ᠶᠢᠨ ᠮᠣᠳᠣ ᠲᠠᠷᠢᠵᠠᠢ᠃ ᠬᠥᠳᠡᠭᠡ | ᠲᠣᠰᠬᠤᠨ ᠤ ᠤᠢ ᠰᠢᠭᠤᠢ ᠶᠢᠨ ᠪᠦᠷᠬᠦᠴᠡ ᠶᠢᠨ ᠨᠤᠷᠮ᠎ᠠ ᠶᠢ ᠳᠡᠭᠡᠭᠰᠢᠯᠡᠭᠦᠯᠵᠦ᠂ ᠬᠥᠮᠦᠰ ᠤᠨ ᠣᠷᠣᠰᠢᠨ ᠰᠠᠭᠤᠬᠤ | ᠣᠷᠴᠢᠨ ᠲᠣᠭᠤᠷᠢᠨ ᠢ ᠪᠦᠲᠦᠮᠵᠢᠲᠡᠢ ᠰᠠᠶᠢᠵᠢᠷᠠᠭᠤᠯᠵᠠᠢ᠃ | ᠲᠦᠷᠪᠡ᠂ ︽ᠤᠯᠠᠨ ᠲᠦᠮᠡᠨ ᠤ ᠡᠷᠬᠡ ᠠᠰᠢᠭ︾ ᠢ ᠰᠠᠶᠢᠲᠤᠷ ᠠᠳᠬᠤᠵᠤ᠂ ᠠᠷᠠᠳ ᠤᠨ ᠠᠮᠢᠳᠤᠷᠠᠯ ᠪᠣᠯᠤᠨ | ᠠᠮᠤᠷ ᠲᠦᠪᠰᠢᠨ ᠢ ᠪᠠᠲᠤᠯᠠᠬᠤ ᠲᠠᠯ᠎ᠠ ᠪᠠᠷ ᠡᠭᠦᠷᠭᠡ ᠡᠭᠦᠷᠭᠡᠯᠡᠨ᠎ᠡ᠃ | ᠮᠠᠨ ᠤ ᠪᠠᠯᠭᠠᠰᠤ ᠬᠥᠳᠡᠯᠦᠩᠭᠦᠢ ᠬᠢᠨᠠᠨ ᠬᠡᠮᠵᠢᠯᠲᠡ ᠶᠢ ᠨᠠᠷᠢᠨ ᠬᠢᠨᠠᠮᠠᠭᠠᠢ ᠨᠠᠶᠢᠳᠠᠪᠤᠷᠢᠵᠢᠭᠤᠯᠵᠤ᠂ ᠤᠨᠢᠨ | ᠳᠡᠭᠡᠷ᠎ᠡ ᠨᠢ ᠬᠠᠪᠰᠤᠷᠤᠨ ᠲᠡᠳᠬᠦᠵᠦ᠂ ᠠᠪᠤᠷᠠᠨ ᠲᠤᠰᠠᠯᠠᠬᠤ ᠠᠵᠢᠯ ᠢ ᠡᠷᠦᠬᠡ ᠳᠤ ᠬᠦᠷᠲᠡᠯ᠎ᠡ ᠬᠢᠵᠦ᠂ ᠬᠥᠮᠦᠨ ᠳᠤ | ᠬᠦᠷᠲᠡᠯ᠎ᠡ ᠣᠶᠢᠯᠠᠭᠠᠪᠠ᠃ ᠪᠥᠬᠦ ᠪᠠᠯᠭᠠᠰᠤᠨ ᠳᠤ ᠣᠳᠣᠬᠠᠨ ᠳᠤ ᠶᠠᠳᠠᠭᠤ ᠠᠴᠠ ᠠᠩᠭᠢᠵᠢᠷᠠᠭᠰᠠᠨ ᠡᠷᠦᠬᠡ 268 | ᠪᠠᠶᠢᠵᠤ᠂ ᠡᠭᠦᠨ ᠳᠤ ᠶᠠᠳᠠᠭᠤ ᠠᠴᠠ ᠠᠩᠭᠢᠵᠢᠷᠠᠭᠰᠠᠨ ᠡᠷᠦᠬᠡ 284 ᠡᠷᠦᠬᠡ 630 ᠪᠠᠶᠢᠵᠤ᠂ ᠶᠠᠳᠠᠭᠤ ᠠᠴᠠ | ᠠᠩᠭᠢᠵᠢᠷᠠᠭᠰᠠᠨ ᠡᠷᠦᠬᠡ 284 ᠡᠷᠦᠬᠡ ᠶᠢᠨ 686 ᠬᠥᠮᠦᠨ ᠪᠠᠶᠢᠨ᠎ᠠ᠃ ᠬᠢᠨᠠᠨ ᠬᠡᠮᠵᠢᠬᠦ ᠡᠷᠦᠬᠡ 13 ᠡᠷᠦᠬᠡ᠂ | 22 ᠬᠥᠮᠦᠨ᠂ ᠡᠭᠦᠨ ᠳᠤ ᠵᠠᠬ᠎ᠠ ᠬᠢᠵᠠᠭᠠᠷ ᠤᠨ ᠠᠮᠠᠷᠬᠠᠨ ᠶᠠᠳᠠᠭᠤᠷᠠᠬᠤ ᠡᠷᠦᠬᠡ 4 ᠡᠷᠦᠬᠡ 6 ᠬᠥᠮᠦᠨ᠂ | ᠭᠡᠨᠡᠳᠲᠡ ᠶᠢᠨ ᠬᠦᠴᠢᠷᠳᠡᠯ ᠲᠠᠢ ᠡᠷᠦᠬᠡ 9 ᠡᠷᠦᠬᠡ 16 ᠬᠥᠮᠦᠨ ᠪᠠᠶᠢᠨ᠎ᠠ᠃ | ᠪᠥᠬᠦ ᠪᠠᠯᠭᠠᠰᠤᠨ ᠤ ᠳᠡᠭᠡᠷ᠎ᠡ ᠬᠠᠭᠠᠰ ᠵᠢᠯ ᠳᠤ ᠬᠥᠳᠡᠭᠡ ᠲᠣᠰᠬᠤᠨ ᠤ ᠨᠡᠶᠢᠭᠡᠮ ᠤᠨ ᠲᠡᠳᠬᠦᠮᠵᠢ ᠶᠢᠨ ᠲᠠᠪᠤᠨ | ᠪᠠᠲᠤᠯᠠᠭᠠᠲᠤ ᠡᠷᠦᠬᠡ ᠶᠢᠨ ᠨᠥᠬᠦᠪᠥᠷᠢ ᠨᠡᠶᠢᠲᠡ 66.59 ᠲᠦᠮᠡᠨ ᠲᠥᠭᠦᠷᠢᠭ᠂ ᠬᠠᠮᠤᠭ | ᠳᠤᠤᠷᠠᠲᠤ ᠠᠮᠢᠳᠤᠷᠠᠯ ᠤᠨ ᠪᠠᠲᠤᠯᠠᠭ᠎ᠠ ᠶᠢᠨ ᠨᠥᠬᠦᠪᠥᠷᠢ 1292.15 ᠲᠦᠮᠡᠨ ᠲᠥᠭᠦᠷᠢᠭ᠂ | ᠣᠨᠴᠠ ᠬᠦᠴᠢᠷᠳᠡᠯᠲᠡᠶ ᠨᠥᠬᠦᠪᠥᠷᠢ 69.09 ᠲᠦᠮᠡᠨ ᠲᠥᠭᠦᠷᠢᠭ ᠲᠠᠷᠬᠠᠭᠠᠪᠠ᠃ ᠠᠰᠠᠷᠠᠨ ᠬᠠᠷᠠᠭᠠᠯᠵᠠᠬᠤ | ᠡᠲᠡᠭᠡᠳ ᠤᠨ ᠡᠮᠴᠢᠯᠡᠭᠡᠨ ᠤ ᠨᠥᠬᠦᠪᠥᠷᠢ 0.64 ᠲᠦᠮᠡᠨ ᠲᠥᠭᠦᠷᠢᠭ᠂ ᠬᠥᠳᠡᠭᠡ ᠲᠣᠰᠬᠤᠨ ᠤ ᠠᠯᠪᠠᠨ ᠵᠢᠷᠤᠮ ᠤᠨ | ᠴᠡᠷᠢᠭ ᠤᠨ ᠭᠡᠷ ᠪᠦᠯᠢ ᠶᠢᠨ ᠬᠠᠷᠠᠭᠠᠯᠵᠠᠯ ᠤᠨ ᠮᠥᠩᠭᠦ 12.04 ᠲᠦᠮᠡᠨ ᠲᠥᠭᠦᠷᠢᠭ ᠲᠠᠷᠬᠠᠭᠠᠪᠠ᠃ ᠬᠦᠨᠳᠦ | ᠵᠡᠮᠳᠡᠭᠴᠦᠳ ᠢ ᠠᠰᠠᠷᠠᠨ ᠰᠤᠪᠢᠯᠠᠬᠤ ᠨᠥᠬᠦᠪᠥᠷᠢ ᠶᠢ 31.49 ᠲᠦᠮᠡᠨ ᠲᠥᠭᠦᠷᠢᠭ ᠲᠠᠷᠬᠠᠭᠠᠵᠤ᠂ ᠬᠦᠴᠢᠷᠳᠡᠯᠲᠡᠶ | ᠵᠡᠮᠳᠡᠭᠴᠦᠳ ᠤᠨ ᠠᠮᠢᠳᠤᠷᠠᠯ ᠤᠨ ᠨᠥᠬᠦᠪᠥᠷᠢ ᠶᠢ 42.48 ᠲᠦᠮᠡᠨ ᠲᠥᠭᠦᠷᠢᠭ ᠲᠠᠷᠬᠠᠭᠠᠵᠤ᠂ ᠵᠡᠮᠳᠡᠭᠴᠦᠳ ᠲᠤ | ᠠᠵᠢᠯ ᠣᠯᠭᠤᠬᠤ ᠪᠠ ᠶᠠᠳᠠᠭᠤ ᠶᠢ ᠲᠡᠳᠬᠦᠬᠦ ᠨᠥᠬᠦᠪᠥᠷᠢ ᠶᠢ 7.39 ᠲᠦᠮᠡᠨ ᠲᠥᠭᠦᠷᠢᠭ ᠲᠠᠷᠬᠠᠭᠠᠪᠠ᠃ | ᠠᠷᠠᠳ ᠣᠯᠠᠨ ᠤ ᠠᠮᠤᠷ ᠲᠦᠪᠰᠢᠨ ᠢ ᠬᠠᠮᠠᠭᠠᠯᠠᠬᠤ ᠬᠠᠷᠢᠭᠤᠴᠠᠯᠭ᠎ᠠ ᠲᠠᠶᠢᠱᠠᠨ ᠠᠭᠤᠯᠠᠨ ᠠᠴᠠ ᠬᠦᠨᠳᠦ᠂ | ᠮᠠᠨ ᠤ ᠪᠠᠯᠭᠠᠰᠤ ᠡᠯ᠎ᠡ ᠵᠦᠢᠯ ᠤᠨ ᠠᠮᠤᠷ ᠲᠦᠪᠰᠢᠨ ᠤ ᠠᠷᠭ᠎ᠠ ᠬᠡᠮᠵᠢᠶ᠎ᠡ ᠶᠢ ᠨᠠᠷᠢᠨ ᠬᠢᠨᠠᠮᠠᠭᠠᠶ | ᠨᠠᠶᠢᠳᠠᠪᠤᠷᠢᠵᠢᠭᠤᠯᠵᠤ᠂ ᠠᠮᠤᠷ ᠲᠦᠪᠰᠢᠨ ᠤ ᠬᠢᠨᠠᠯᠲᠠ ᠬᠠᠮᠢᠶᠠᠷᠤᠯᠲᠠ ᠪᠠᠨ ᠴᠢᠩᠭᠠᠳᠬᠠᠵᠤ᠂ ᠠᠮᠤᠷ ᠲᠦᠪᠰᠢᠨ ᠤ | ᠳᠠᠯᠳᠠ ᠬᠡᠮ ᠢ ᠵᠢᠭᠰᠠᠭᠠᠨ ᠪᠠᠶᠢᠴᠠᠭᠠᠬᠤ ᠠᠵᠢᠯ ᠢ ᠰᠠᠶᠢᠲᠤᠷ ᠬᠢᠵᠦ ᠪᠥᠬᠦ ᠪᠠᠯᠭᠠᠰᠤᠨ ᠤ ᠠᠮᠤᠷ ᠲᠦᠪᠰᠢᠨ ᠤ | ᠪᠠᠶᠢᠳᠠᠯ ᠢ ᠪᠠᠬᠢᠵᠢᠭᠦᠯᠪᠡ᠃ ᠮᠠᠨ ᠤ ᠪᠠᠯᠭᠠᠰᠤ ᠠᠮᠠᠷᠠᠯᠲᠠ ᠶᠢᠨ ᠡᠳᠦᠷ ᠤᠨ ᠬᠤᠭᠤᠴᠠᠭᠠᠨ ᠳᠠᠬᠢ ᠠᠶᠤᠯᠭᠦᠢ | ᠦᠢᠯᠡᠳᠪᠦᠷᠢᠯᠡᠯ ᠤᠨ ᠠᠵᠢᠯ ᠢ ᠭᠤᠣᠯᠳᠠᠯᠭ᠎ᠠ ᠲᠠᠢ ᠰᠠᠶᠢᠲᠤᠷ ᠬᠢᠵᠦ᠂ ᠲᠠᠪᠤᠨ ᠰᠠᠷ᠎ᠠ ᠶᠢᠨ ᠨᠢᠭᠡᠨ ᠤ | ᠬᠤᠭᠤᠴᠠᠭᠠᠨ ᠳᠤ ᠲᠤᠰᠬᠠᠢ ᠠᠮᠤᠷ ᠲᠦᠪᠰᠢᠨ ᠤ ᠪᠠᠶᠢᠴᠠᠭᠠᠯᠲᠠ ᠥᠷᠨᠢᠭᠦᠯᠪᠡ᠃ ᠣᠳᠣᠬᠠᠨ ᠪᠣᠯᠲᠠᠯ᠎ᠠ᠂ ᠬᠠᠷᠢᠶ᠎ᠠ | ᠣᠷᠣᠨ ᠳᠤ ᠠᠶᠤᠯᠭᠦᠢ ᠦᠢᠯᠡᠳᠪᠦᠷᠢᠯᠡᠯ ᠤᠨ ᠠᠳᠡᠯ ᠨᠢᠭᠡ ᠤᠳᠠᠭ᠎ᠠ ᠭᠠᠷᠤᠭᠰᠠᠨ ᠦᠭᠡᠢ᠃ ᠳᠡᠭᠡᠷ᠎ᠡ ᠬᠠᠭᠠᠰ | ᠵᠢᠯ ᠳᠤ ᠠᠵᠤ ᠠᠬᠤᠶᠢᠯᠠᠯ ᠪᠠ ᠰᠢᠲᠠᠮᠠᠬᠠᠶ ᠬᠡᠶ ᠬᠡᠷᠡᠭᠯᠡᠭᠰᠡᠨ ᠨᠡᠶᠢᠲᠡ 50 ᠡᠷᠦᠬᠡ ᠶᠢ ᠵᠢᠭᠰᠠᠭᠠᠨ ᠪᠠᠶᠢᠴᠠᠭᠠᠵᠤ᠂ 3 | ᠠᠮᠤᠷ ᠲᠦᠪᠰᠢᠨ ᠤ ᠳᠠᠯᠳᠠ ᠬᠡᠮ ᠣᠷᠣᠰᠢᠵᠤ ᠪᠠᠶᠢᠨ᠎ᠠ ᠃ 3 ᠭᠠᠵᠠᠷ ᠢ ᠴᠡᠭᠴᠡᠯᠡᠨ ᠰᠠᠶᠢᠵᠢᠷᠠᠭᠤᠯᠬᠤ ᠶᠢᠨ ᠬᠠᠮᠲᠤ | ᠵᠢᠭᠰᠠᠭᠠᠨ ᠪᠠᠶᠢᠴᠠᠭᠠᠵᠤ ᠥᠪᠡᠷ ᠢᠶᠠᠨ ᠬᠡᠷ ᠪᠠᠷᠢᠬᠤ᠂ ᠲᠦᠷᠢᠶᠡᠰᠦᠨ ᠣᠷᠣᠨ ᠰᠠᠭᠤᠴᠠ ᠶᠢᠨ ᠠᠮᠤᠷ ᠲᠦᠪᠰᠢᠨ ᠢ | ᠵᠢᠭᠰᠠᠭᠠᠨ ᠪᠠᠶᠢᠴᠠᠭᠠᠵᠤ᠂ ᠠᠮᠤᠷ ᠲᠦᠪᠰᠢᠨ ᠤ ᠳᠠᠯᠳᠠ ᠬᠡᠮ ᠲᠠᠢ ᠥᠪᠡᠰᠦᠪᠡᠨ ᠪᠠᠷᠢᠭᠰᠠᠨ ᠬᠡᠷ ᠪᠠᠶᠢᠰᠢᠩ ᠢ ᠴᠠᠭ | ᠲᠤᠬᠠᠶ ᠳᠤᠨᠢ ᠨᠤᠷᠠᠭᠠᠬᠤ ᠪᠤᠶᠤ ᠪᠠᠬᠢᠵᠢᠭᠦᠯᠵᠦ᠂ ᠴᠠᠭ ᠲᠤᠬᠠᠶ ᠳᠤᠨᠢ ᠳ᠋ᠤᠭᠠᠷ ᠬᠠᠰᠤᠬᠤ ᠶᠢ ᠪᠡᠶᠡᠯᠡᠭᠦᠯᠪᠡ᠃ ᠮᠠᠨ ᠤ | ᠪᠠᠯᠭᠠᠰᠤ ᠪᠠᠰᠠ ᠢᠳᠡᠭᠡᠨ ᠤ ᠠᠮᠤᠷ ᠲᠦᠪᠰᠢᠨ ᠢ ᠪᠠᠶᠢᠴᠠᠭᠠᠵᠤ ᠬᠢᠨᠠᠨ ᠵᠢᠯᠣᠭᠤᠳᠬᠤ ᠠᠵᠢᠯ ᠢ ᠥᠷᠨᠢᠭᠦᠯᠪᠡ᠃ | ᠮᠠᠨ ᠤ ᠪᠠᠯᠭᠠᠰᠤ ᠢᠳᠡᠭᠡᠨ ᠤ ᠠᠮᠤᠷ ᠲᠦᠪᠰᠢᠨ ᠤ ︽ᠬᠤᠶᠠᠷ ᠬᠠᠷᠢᠭᠤᠴᠠᠯᠭ᠎ᠠ︾ ᠶᠢ ᠪᠥᠬᠦ ᠲᠠᠯ᠎ᠠ ᠪᠠᠷ | ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠴᠠᠭ ᠲᠤᠬᠠᠶ ᠳᠤᠨᠢ ᠳᠣᠭᠢᠷᠠᠭᠤᠯᠤᠨ | ᠪᠠᠶᠢᠷᠢᠯᠠᠭᠤᠯᠵᠤ᠂ ᠣᠲᠣ ᠳᠠᠭᠠᠳᠬᠠᠯ ᠳᠤ ᠣᠷᠣᠯᠴᠠᠭᠰᠠᠨ ᠠᠵᠤ ᠠᠬᠤᠶᠢᠯᠠᠯ 88 ᠡᠷᠦᠬᠡ᠂ C ᠲᠠᠰ ᠤᠨ | ᠳᠠᠭᠠᠭᠠᠴᠢᠯᠠᠭᠰᠠᠨ ᠺᠠᠳ᠋ᠷ 5 ᠬᠥᠮᠦᠨ᠂ D ᠲᠠᠰ ᠤᠨ ᠳᠠᠭᠠᠭᠠᠴᠢᠯᠠᠭᠰᠠᠨ ᠺᠠᠳ᠋ᠷ 27 ᠬᠥᠮᠦᠨ᠂ C᠂ D ᠳᠡᠰ ᠨᠢ | ᠲᠣᠰ ᠲᠣᠰ ᠡᠭᠦᠷᠭᠡ ᠶᠢᠨ ᠨᠠᠷᠢᠨ ᠲᠠᠩᠰᠠ᠂ ᠬᠠᠷᠢᠭᠤᠴᠠᠯᠭ᠎ᠠ ᠶᠢᠨ ᠨᠠᠷᠢᠨ ᠲᠠᠩᠰᠠ᠂ ᠬᠠᠷᠢᠭᠤᠴᠠᠯᠭ᠎ᠠ ᠶᠢᠨ | ᠠᠮᠠᠯᠠᠯᠲᠠ ᠶᠢᠨ ᠪᠢᠴᠢᠭ ᠲᠤ ᠭᠠᠷ ᠤᠨ ᠥᠰᠥᠭ ᠵᠢᠷᠤᠵᠤ᠂ ᠨᠡᠶᠢᠲᠡ 96 ᠬᠤᠪᠢ᠂ ᠨᠢᠭᠡᠳᠦᠭᠡᠷ ᠤᠯᠠᠷᠢᠯ ᠳᠤ | ᠬᠠᠷᠢᠶ᠎ᠠ ᠣᠷᠣᠨ ᠤ ᠳᠣᠲᠣᠷᠠᠬᠢ ᠠᠵᠤ ᠠᠬᠤᠶᠢᠯᠠᠯ ᠢ ᠰᠢᠮᠳᠠᠭᠤᠯᠤᠨ ᠵᠢᠯᠣᠭᠤᠳᠴᠤ᠂ ᠰᠢᠮᠳᠠᠭᠤᠯᠤᠨ ᠵᠢᠯᠣᠭᠤᠳᠴᠤ | ᠳᠠᠭᠤᠰᠬᠠᠭᠰᠠᠨ ᠨᠣᠷᠮ᠎ᠠ ᠨᠢ 100% ᠳᠤ ᠬᠦᠷᠴᠦ᠂ ᠬᠤᠶᠠᠳᠤᠭᠠᠷ ᠤᠯᠠᠷᠢᠯ ᠳᠤ ᠬᠠᠷᠢᠶ᠎ᠠ ᠣᠷᠣᠨ ᠤ 88 ᠠᠵᠤ | ᠠᠬᠤᠶᠢᠯᠠᠯ ᠢ ᠰᠢᠮᠳᠠᠭᠤᠯᠤᠨ ᠵᠢᠯᠣᠭᠤᠳᠴᠤ᠂ ᠰᠢᠮᠳᠠᠭᠤᠯᠤᠨ ᠵᠢᠯᠣᠭᠤᠳᠴᠤ ᠳᠠᠭᠤᠰᠬᠠᠭᠰᠠᠨ ᠨᠣᠷᠮ᠎ᠠ ᠨᠢ | 100% ᠳᠤ ᠬᠦᠷᠴᠡᠶ᠃ | ᠲᠠᠪᠤ᠂ ︽ᠵᠠᠬᠢᠳᠠᠯ ᠰᠤᠷᠪᠤᠯᠵᠢᠯᠠᠭ᠎ᠠ ᠶᠢᠨ ᠡᠮᠬᠢ ᠵᠢᠷᠤᠮ︾ ᠢ ᠠᠩᠬᠠᠷᠴᠦ᠂ ᠵᠠᠰᠠᠯᠲᠠ ᠶᠢᠨ ᠰᠢᠰᠲ᠋ᠧᠮ ᠢ | ᠲᠡᠭᠦᠯᠳᠡᠷᠵᠢᠭᠦᠯᠬᠦ ᠲᠠᠯ᠎ᠠ ᠪᠠᠷ ᠬᠦᠴᠦᠷᠬᠡᠭᠵᠢᠪᠡ᠃ | ᠵᠠᠬᠢᠳᠠᠯ ᠰᠤᠷᠪᠤᠯᠵᠢᠯᠠᠭ᠎ᠠ ᠶᠢᠨ ᠠᠮᠤᠷ ᠲᠦᠪᠰᠢᠨ ᠢ ᠪᠠᠲᠤᠯᠠᠬᠤ ᠠᠵᠢᠯ ᠤᠨ ᠲᠣᠭᠲᠠᠴᠠ ᠶᠢ ᠪᠦᠷᠢᠨᠰᠢᠭᠦᠯᠵᠦ᠂ | ᠵᠠᠬᠢᠳᠠᠯ ᠰᠤᠷᠪᠤᠯᠵᠢᠯᠠᠭ᠎ᠠ ᠶᠢᠨ ᠵᠥᠷᠢᠴᠡᠯ ᠵᠢᠭᠤᠷᠠᠯᠳᠤᠭᠠᠨ ᠢ ᠵᠢᠭᠰᠠᠭᠠᠨ ᠪᠠᠶᠢᠴᠠᠭᠠᠬᠤ ᠠᠵᠢᠯ ᠢ ᠥᠷᠨᠢᠭᠦᠯᠦᠨ᠎ᠡ᠃ | ᠵᠠᠬᠢᠳᠠᠯ ᠰᠣᠷᠪᠤᠯᠵᠢᠯᠠᠭ᠎ᠠ ᠶᠢᠨ ᠠᠵᠢᠯ ᠪᠣᠯ ᠠᠷᠠᠳ ᠲᠦᠮᠡᠨ ᠳᠤ ᠦᠢᠯᠡᠴᠢᠯᠡᠬᠦ ᠦᠨᠳᠦᠰᠦᠨ ᠵᠣᠷᠢᠯᠲᠠ ᠶᠢ | ᠦᠢᠯᠡᠳᠦᠯᠭᠡᠵᠢᠭᠦᠯᠬᠦ ᠴᠢᠬᠤᠯᠠ ᠵᠢᠭᠰᠠᠭᠠᠯ ᠤᠨ ᠭᠠᠵᠠᠷ ᠮᠥᠨ᠂ ᠮᠠᠨ ᠤ ᠪᠠᠯᠭᠠᠰᠤᠨ ᠤ ᠠᠵᠢᠯᠲᠠᠳ ᠵᠠᠬᠢᠳᠠᠯ | ᠰᠣᠷᠪᠤᠯᠵᠢᠯᠠᠭ᠎ᠠ ᠶᠢᠨ ᠠᠵᠢᠯ ᠤᠨ ᠤᠯᠠᠨ ᠲᠦᠮᠡᠨ ᠲᠠᠢ ᠨᠢᠭᠲᠠ ᠬᠠᠷᠢᠯᠴᠠᠬᠤ ᠳᠦᠷᠢᠮ ᠤᠨ ᠳᠠᠪᠠᠭᠤᠯᠢᠭ ᠢᠶᠠᠨ | ᠬᠠᠮᠤᠭ ᠤᠨ ᠶᠡᠭᠡ ᠬᠡᠮᠵᠢᠶ᠎ᠡ ᠪᠠᠷ ᠰᠠᠶᠢᠲᠤᠷ ᠪᠠᠳᠠᠷᠠᠭᠤᠯᠵᠤ᠂ ᠠᠵᠢᠯ ᠢᠶᠠᠨ ᠦᠨᠡᠨ ᠬᠦ ᠤᠯᠠᠨ ᠲᠦᠮᠡᠨ ᠤ | ᠰᠡᠳᠬᠢᠯ ᠳᠤ ᠬᠠᠳᠠᠩᠰᠢᠭᠤᠯᠬᠤ ᠬᠡᠷᠡᠭᠲᠡᠢ᠃ ᠣᠲᠣ ᠪᠣᠯᠲᠠᠯ᠎ᠠ᠂ ᠮᠠᠨ ᠤ ᠪᠠᠯᠭᠠᠰᠤᠨ ᠤ ᠣᠯᠠᠨ ᠲᠦᠮᠡᠨ ᠤ | ᠰᠤᠷᠪᠤᠯᠵᠢᠯᠠᠭ᠎ᠠ ᠶᠢ 22 ᠬᠤᠪᠢ ᠭᠥᠯᠢᠶᠡᠨ ᠠᠪᠴᠤ᠂ 19 ᠬᠤᠪᠢ ᠶᠢ ᠨᠢ ᠰᠢᠢᠳᠪᠦᠷᠢᠯᠡᠨ ᠳᠠᠭᠤᠰᠬᠠᠵᠤ᠂ | ᠰᠢᠢᠳᠪᠦᠷᠢᠯᠡᠵᠦ ᠳᠠᠭᠤᠰᠬᠠᠭᠰᠠᠨ ᠨᠣᠷᠮ᠎ᠠ ᠨᠢ 86% ᠳᠤ ᠬᠦᠷᠴᠦ᠂ ᠭᠥᠯᠢᠶᠡᠨ ᠠᠪᠬᠤ ᠠᠵᠢᠯ ᠢ ᠰᠠᠶᠢᠲᠤᠷ | ᠬᠢᠬᠦ ᠶᠢᠨ ᠬᠠᠮᠲᠤ ᠬᠥᠲᠥᠯᠦᠨ ᠵᠢᠯᠣᠭᠤᠳᠬᠤ ᠠᠵᠢᠯ ᠢ ᠰᠠᠶᠢᠲᠤᠷ ᠬᠢᠵᠦ᠂ ᠭᠥᠯᠢᠶᠡᠨ ᠠᠪᠴᠤ ᠰᠢᠢᠳᠪᠦᠷᠢᠯᠡᠬᠦ ᠳᠤ | ᠨᠡᠶᠢᠴᠡᠬᠦ ᠥᠬᠡᠶ ᠶᠢ ᠨᠢ ᠰᠠᠨᠠᠭᠠᠴᠢᠯᠠᠭ᠎ᠠ ᠠᠴᠠ ᠪᠠᠨ ᠬᠠᠪᠰᠤᠷᠤᠨ ᠵᠠᠳᠠᠯᠬᠤ ᠪᠠ ᠵᠣᠬᠢᠴᠠᠭᠤᠯᠵᠤ᠂ | ᠰᠤᠷᠪᠤᠯᠵᠢᠯᠠᠬᠤ ᠪᠠᠷ ᠢᠷᠡᠭᠰᠡᠳ ᠵᠢᠭᠤᠷᠠᠯᠳᠤᠨ ᠰᠤᠷᠪᠤᠯᠵᠢᠯᠠᠬᠤ ᠪᠠ ᠦᠢᠮᠡᠭᠦᠯᠦᠨ ᠰᠤᠷᠪᠤᠯᠵᠢᠯᠠᠬᠤ ᠦᠵᠡᠭᠳᠡᠯ | ᠭᠠᠷᠬᠤ ᠥᠬᠡᠶ ᠪᠠᠶᠢᠬᠤ ᠶᠢ ᠦᠨᠡᠨ ᠬᠦ ᠪᠠᠲᠤᠯᠠᠪᠠ᠃ | ᠣᠯᠠᠨ ᠲᠦᠮᠡᠨ ᠤ ᠬᠦᠰᠡᠯ ᠱᠠᠭᠠᠷᠳᠠᠯᠭ᠎ᠠ ᠶᠢ ᠰᠢᠢᠳᠪᠦᠷᠢᠯᠡᠵᠦ᠂ ᠠᠷᠠᠳ ᠤᠨ ᠳᠠᠭᠤᠨ ᠠᠷᠠᠳ ᠤᠨ | ᠰᠠᠨᠠᠭ᠎ᠠ ᠶᠢᠨ ᠲᠤᠯᠭᠠᠮᠳᠠᠭᠤ ᠬᠠᠷᠢᠭᠤ ᠥᠭᠬᠦ ᠶᠢ ᠪᠡᠶᠡᠯᠡᠭᠦᠯᠦᠨ᠎ᠡ᠃ ᠮᠠᠨ ᠤ ᠪᠠᠯᠭᠠᠰᠤ ᠠᠵᠢᠯ ᠤᠨ ᠡᠭᠦᠷᠭᠡ ᠪᠠᠨ | ᠲᠣᠳᠣᠷᠬᠠᠶᠢᠯᠠᠵᠤ᠂ ᠬᠠᠷᠢᠭᠤᠴᠠᠯᠭ᠎ᠠ ᠶᠢᠨ ᠨᠠᠶᠢᠳᠠᠪᠤᠷᠢᠵᠢᠭᠤᠯᠤᠯᠲᠠ ᠶᠢ ᠴᠢᠩᠭ᠎ᠠ ᠠᠩᠬᠠᠷᠴᠤ᠂ ᠨᠢᠭᠡᠳᠦᠯᠲᠡᠶ | ᠲᠥᠯᠥᠪᠯᠡᠨ ᠵᠣᠬᠢᠴᠠᠭᠤᠯᠬᠤ ᠠᠵᠢᠯ ᠢ ᠰᠠᠶᠢᠲᠤᠷ ᠬᠢᠵᠦ᠂ ᠭᠤᠮᠣᠳᠠᠯ ᠱᠠᠭᠠᠷᠳᠠᠯᠭ᠎ᠠ ᠶᠢ ᠰᠢᠢᠳᠪᠦᠷᠢᠯᠡᠬᠦ | ᠶᠠᠪᠤᠴᠠ ᠳᠠᠬᠢ ᠬᠦᠴᠢᠷ ᠠᠰᠠᠭᠤᠳᠠᠯ᠂ ᠲᠦᠭᠵᠢᠷᠡᠯ ᠤᠨ ᠴᠡᠭ᠂ ᠡᠪᠡᠷᠰᠢᠶᠡᠯ ᠤᠨ ᠠᠰᠠᠭᠤᠳᠠᠯ ᠢ | ᠰᠠᠨᠠᠭᠠᠴᠢᠯᠠᠭ᠎ᠠ ᠠᠴᠠ ᠪᠠᠨ ᠰᠤᠳᠤᠯᠤᠨ ᠰᠢᠢᠳᠪᠦᠷᠢᠯᠡᠵᠦ᠂ ᠣᠯᠠᠨ ᠲᠦᠮᠡᠨ ᠤ ᠬᠦᠰᠡᠯ ᠱᠠᠭᠠᠷᠳᠠᠯᠭ᠎ᠠ ᠳᠤ ᠴᠠᠭ | ᠲᠤᠬᠠᠶ ᠳᠤᠨᠢ ᠬᠠᠷᠢᠭᠤᠯᠲᠠ ᠥᠭᠪᠡ᠃ 5 ᠰᠠᠷ᠎ᠠ ᠶᠢᠨ 24 ᠤ ᠡᠳᠦᠷ ᠪᠣᠯᠲᠠᠯ᠎ᠠ᠂ ᠨᠡᠶᠢᠲᠡ 312 ᠠᠵᠢᠯ ᠤᠨ | ᠬᠠᠭᠤᠳᠠᠰᠤ ᠶᠢ ᠭᠥᠯᠢᠶᠡᠨ ᠠᠪᠴᠤ᠂ ᠡᠭᠦᠨ ᠳᠤ 192 ᠬᠤᠪᠢ ᠶᠢ ᠨᠢ ᠰᠢᠢᠳᠪᠦᠷᠢᠯᠡᠨ ᠳᠠᠭᠤᠰᠬᠠᠵᠤ᠂ 85 ᠶᠢ ᠨᠢ | ᠡᠯᠭᠦᠵᠦ᠂ 35 ᠬᠠᠭᠤᠳᠠᠰᠤ ᠶᠢ ᠨᠢ ᠭᠦᠢᠴᠡᠳᠬᠡᠨ ᠰᠢᠢᠳᠪᠦᠷᠢᠯᠡᠪᠡ᠃ | ᠵᠢᠷᠭᠤᠭ᠎ᠠ᠂ ︽ᠲᠤᠰ ᠪᠡᠶ᠎ᠡ ᠶᠢᠨ ᠪᠠᠶᠢᠭᠤᠯᠤᠯᠲᠠ︾ ᠶᠢ ᠴᠢᠬᠤᠯᠠᠴᠢᠯᠠᠵᠤ᠂ ᠵᠠᠰᠠᠭ ᠤᠨ ᠣᠷᠳᠣᠨ ᠤ | ᠵᠠᠰᠠᠯᠲᠠ ᠶᠢᠨ ᠦᠷ᠎ᠡ ᠪᠦᠲᠦᠮᠵᠢ ᠶᠢ ᠲᠦᠷᠭᠡᠨ ᠳᠡᠭᠡᠭᠰᠢᠯᠡᠭᠦᠯᠬᠦ ᠬᠡᠷᠡᠭᠲᠡᠢ᠃ | ᠮᠠᠨ ᠤ ᠪᠠᠯᠭᠠᠰᠤ ᠤᠯᠤᠰ ᠲᠥᠷᠥ ᠶᠢᠨ ᠪᠠᠶᠢᠭᠤᠯᠤᠯᠲᠠ ᠪᠠᠷ ᠶᠡᠷᠦᠩᠬᠡᠶᠢᠯᠡᠨ ᠵᠢᠯᠣᠭᠤᠳᠣᠭᠤᠯᠬᠤ ᠶᠢ | ᠪᠠᠷᠢᠮᠲᠠᠯᠠᠵᠤ᠂ ᠵᠠᠰᠠᠭ ᠤᠨ ᠣᠷᠳᠣᠨ ᠤ ᠵᠠᠰᠠᠯᠲᠠ ᠶᠢᠨ ᠴᠢᠳᠠᠪᠤᠷᠢ ᠪᠠ ᠬᠡᠷᠡᠭᠵᠢᠭᠦᠯᠬᠦ ᠬᠦᠴᠦᠨ ᠢ ᠪᠥᠬᠦ ᠲᠠᠯ᠎ᠠ ᠪᠠᠷ | ᠳᠡᠭᠡᠭᠰᠢᠯᠡᠭᠦᠯᠦᠨ᠂ ᠠᠷᠠᠳ ᠲᠦᠮᠡᠨ ᠤ ᠰᠡᠳᠬᠢᠯ ᠬᠠᠨᠤᠮᠵᠢᠲᠠᠶ ᠦᠢᠯᠡᠴᠢᠯᠡᠭᠡᠨ ᠤ ᠬᠡᠯᠪᠡᠷᠢ ᠶᠢᠨ ᠵᠠᠰᠠᠭ ᠤᠨ | ᠣᠷᠳᠣᠨ ᠢ ᠴᠢᠷᠮᠠᠶᠢᠨ ᠪᠠᠶᠢᠭᠤᠯᠪᠠ᠃ ᠬᠠᠤᠯᠢ ᠶᠣᠰᠣᠭᠠᠷ ᠵᠠᠰᠠᠭ ᠶᠠᠪᠤᠭᠤᠯᠬᠤ ᠶᠢ ᠪᠠᠷᠢᠮᠲᠠᠯᠠᠨ᠂ ᠠᠵᠢᠯ ᠤᠨ | ᠨᠠᠶᠢᠳᠠᠪᠤᠷᠢᠵᠢᠭᠤᠯᠤᠯᠲᠠ ᠶᠢ ᠬᠦᠴᠦᠲᠡᠶ ᠠᠳᠬᠤᠵᠤ᠂ ︽ᠠᠵᠢᠯᠯᠠᠬᠤ ᠶᠢ ᠲᠡᠷᠢᠭᠦᠨ ᠳᠤ ᠲᠠᠯᠪᠢᠬᠤ︾ ᠶᠢ | ᠳᠣᠪᠤᠶᠢᠯᠭᠠᠨ᠂ ᠲᠣᠭᠲᠠᠴᠠ ᠶᠢᠨ ᠪᠠᠶᠢᠭᠤᠯᠤᠯᠲᠠ ᠶᠢ ᠴᠢᠩᠭᠠᠳᠬᠠᠨ᠎ᠠ᠃ ᠳᠡᠭᠡᠷ᠎ᠡ ᠬᠠᠭᠠᠰ ᠵᠢᠯ ᠳᠤ᠂ ᠮᠠᠨ ᠤ | ᠪᠠᠯᠭᠠᠰᠤᠨ ᠤ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠰᠤᠷᠲᠠᠯ ᠰᠠᠬᠢᠯᠭ᠎ᠠ ᠪᠠᠲᠤ ᠳᠤ ᠴᠤᠬᠤᠶᠢᠯᠲᠠ ᠶᠢᠨ ᠴᠢᠨᠠᠷᠲᠠᠶ | ᠠᠰᠠᠭᠤᠳᠠᠯ ᠣᠷᠣᠰᠢᠵᠤ ᠪᠠᠶᠢᠭ᠎ᠠ ᠪᠠᠯᠭᠠᠰᠤ ᠲᠣᠰᠬᠤᠨ ᠤ ᠺᠠᠳ᠋ᠷ ᠢ 8 ᠬᠥᠮᠦᠨ ᠤᠳᠠᠭ᠎ᠠ ᠵᠠᠷᠯᠠᠨ ᠰᠢᠭᠦᠮᠵᠢᠯᠡᠵᠦ᠂ | 13 ᠬᠥᠮᠦᠨ ᠤᠳᠠᠭ᠎ᠠ ᠶᠠᠷᠢᠯᠴᠠᠨ ᠰᠠᠨᠠᠭᠤᠯᠵᠤ᠂ ᠪᠥᠬᠦ ᠪᠠᠯᠭᠠᠰᠤ ᠲᠣᠰᠬᠤᠨ ᠤ ᠺᠠᠳ᠋ᠷ ᠤᠨ ᠰᠡᠷᠡᠮᠵᠢᠯᠡᠭᠦᠯᠬᠦ | ᠬᠥᠮᠦᠵᠢᠯ ᠤᠨ ᠶᠡᠭᠡ ᠬᠤᠷᠠᠯ ᠢ 3 ᠤᠳᠠᠭ᠎ᠠ ᠬᠤᠷᠠᠯᠳᠤᠭᠤᠯᠪᠠ᠃ ᠳᠡᠭᠡᠳᠦ ᠱᠠᠲᠤᠨ ᠠᠴᠠ ᠰᠢᠯᠵᠢᠭᠦᠯᠦᠨ | ᠰᠢᠢᠳᠪᠦᠷᠢᠯᠡᠭᠦᠯᠦᠭᠰᠡᠨ ᠬᠡᠷᠡᠭ ᠢ 2 ᠬᠤᠪᠢ ︵1 ᠬᠡᠷᠡᠭ ᠢ ᠨᠢᠭᠡᠨᠲᠡ ᠰᠢᠢᠳᠪᠦᠷᠢᠯᠡᠵᠦ ᠳᠠᠭᠤᠰᠬᠠᠭᠠᠳ᠂ 1 | ᠬᠡᠷᠡᠭ ᠢ ᠶᠠᠭ ᠪᠠᠶᠢᠴᠠᠭᠠᠨ ᠰᠢᠢᠳᠪᠦᠷᠢᠯᠡᠵᠦ ᠪᠤᠢ︶ ᠶᠢ ᠬᠦᠯᠢᠶᠡᠨ ᠠᠪᠴᠤ᠂ ᠥᠪᠡᠷᠲᠡᠭᠡᠨ 5 ᠬᠡᠷᠡᠭ ᠢ ︵2 | ᠬᠡᠷᠡᠭ ᠢ ᠨᠢᠭᠡᠨᠲᠡ ᠰᠢᠢᠳᠪᠦᠷᠢᠯᠡᠵᠦ ᠳᠠᠭᠤᠰᠬᠠᠭᠠᠳ᠂ 3 ᠬᠡᠷᠡᠭ ᠢ ᠶᠠᠭ ᠪᠠᠶᠢᠴᠠᠭᠠᠨ ᠰᠢᠢᠳᠪᠦᠷᠢᠯᠡᠵᠦ ᠪᠤᠢ︶᠂ | ᠵᠠᠰᠠᠭ ᠤᠨ ᠶᠠᠪᠤᠳᠠᠯ ᠤᠨ ᠬᠡᠷᠡᠭ ᠪᠣᠯᠭᠠᠨ ᠳᠠᠩᠰᠠᠯᠠᠵᠤ ᠪᠠᠶᠢᠴᠠᠭᠠᠵᠤ᠂ 1 ᠬᠡᠷᠡᠭ ᠢ ᠵᠠᠰᠠᠭ ᠤᠨ ᠶᠠᠪᠤᠳᠠᠯ ᠤᠨ ᠶᠡᠭᠡ | ᠣᠰᠣᠯ ᠲᠡᠮᠳᠡᠭᠯᠡᠬᠦ ᠰᠢᠢᠳᠬᠡᠯ ᠥᠭᠪᠡ᠃ ᠰᠠᠬᠢᠯᠭ᠎ᠠ ᠪᠠᠲᠤ ᠶᠢ ᠴᠢᠩᠳᠠᠯᠠᠵᠤ ᠺᠠᠳ᠋ᠷ ᠤᠨ ᠠᠵᠢᠯᠯᠠᠭ᠎ᠠ ᠶᠢ | ᠵᠢᠷᠤᠮᠵᠢᠭᠤᠯᠵᠤ᠂ ᠪᠣᠳᠠᠲᠠᠢ ᠠᠵᠢᠯᠯᠠᠬᠤ ᠰᠤᠷᠲᠠᠯ ᠢᠶᠠᠷ ᠠᠵᠢᠯ ᠤᠨ ᠦᠷ᠎ᠡ ᠪᠦᠲᠦᠮᠵᠢ ᠶᠢ ᠳᠡᠭᠡᠭᠰᠢᠯᠡᠭᠦᠯᠵᠦ᠂ ᠪᠦᠬᠦ | ᠪᠠᠯᠭᠠᠰᠤᠨ ᠤ ᠡᠯ᠎ᠡ ᠵᠦᠢᠯ ᠤᠨ ᠠᠵᠢᠯ ᠳᠤ ᠰᠤᠷᠲᠠᠯ ᠴᠢᠬᠡᠴᠢ ᠣᠪᠣᠷ ᠲᠥᠪ ᠤᠯᠤᠰ ᠲᠦᠷᠦ ᠶᠢᠨ ᠣᠷᠴᠢᠨ | ᠲᠣᠭᠤᠷᠢᠨ ᠢ ᠪᠤᠢ ᠪᠣᠯᠭᠠᠵᠤ ᠥᠭᠭᠦᠨ᠎ᠡ᠃ | ᠠᠮᠵᠢᠯᠲᠠ ᠪᠠᠨ ᠳ᠋ᠦᠩᠨᠡᠬᠦ ᠶᠢᠨ ᠬᠠᠮᠲᠤ᠂ ᠪᠢᠳᠡ ᠪᠠᠰᠠ ᠮᠠᠰᠢ ᠤᠯᠠᠨ ᠥᠷᠢᠰᠥᠯᠳᠦᠭᠡᠨ ᠪᠠ ᠬᠦᠷᠦᠯᠴᠡᠬᠦ ᠦᠭᠡᠢ | ᠲᠠᠯ᠎ᠠ ᠣᠷᠣᠰᠢᠵᠤ ᠪᠠᠶᠢᠬᠤ ᠶᠢ ᠰᠡᠷᠭᠡᠭ ᠢᠶᠠᠷ ᠲᠠᠨᠢᠵᠤ ᠤᠯᠪᠠ᠃ ᠡᠭᠦᠨ ᠤ ᠰᠢᠯᠲᠠᠭᠠᠨ ᠨᠢ᠄ ᠨᠢᠭᠡ ᠳᠤ᠂ ᠮᠠᠨ ᠤ | ᠪᠠᠯᠭᠠᠰᠤᠨ ᠤ ᠲᠠᠯᠠᠪᠠᠶ ᠠᠯᠭᠠᠰᠠᠯ ᠨᠡᠯᠢᠶᠡᠳ ᠶᠡᠭᠡ᠂ ᠭᠠᠵᠠᠷ ᠶᠡᠭᠡ ᠪᠣᠳᠠᠰ ᠢᠶᠠᠷ ᠰᠡᠶᠢᠷᠡᠭ᠂ ᠦᠢᠯᠡᠳᠪᠦᠷᠢᠯᠡᠯ ᠤᠨ | ᠦᠶ᠋ᠯᠡᠳᠪᠦᠷᠢ ᠬᠤᠳᠠᠯᠳᠤᠭᠠᠴᠢᠨ ᠪᠠᠯᠭᠠᠰᠤᠨ ᠤ ᠬᠡᠪᠴᠢᠶᠡᠨ ᠳᠤ ᠳᠣᠲᠣᠭᠠᠳᠤ ᠳᠠᠭᠠᠨ ᠰᠢᠩᠭᠡᠭᠡᠵᠦ ᠪᠣᠯᠬᠤ ᠥᠬᠡᠶ᠂ | ᠣᠯᠠᠩᠬᠢ ᠨᠢ ᠭᠠᠳᠠᠭᠰᠢ ᠪᠣᠷᠣᠯᠠᠭᠤᠯᠵᠤ ᠪᠣᠯᠬᠤ ᠥᠬᠡᠶ᠃ ᠬᠤᠶᠠᠷ ᠲᠤ᠂ ᠺᠠᠳ᠋ᠷ ᠤᠨ ᠡᠳᠦᠷ ᠲᠤᠲᠤᠮ ᠤᠨ ᠠᠵᠢᠯ | ᠮᠡᠷᠭᠡᠵᠢᠯ ᠤᠨ ᠴᠢᠳᠠᠪᠤᠷᠢ ᠬᠡᠪ ᠴᠢᠨᠠᠷ ᠲᠤ ᠴᠢᠭᠯᠡᠭᠦᠯᠦᠨ ᠬᠡᠷᠡᠭᠰᠡᠬᠦ ᠪᠣᠯᠪᠠᠰᠤᠷᠠᠭᠤᠯᠤᠯ ᠨᠡᠯᠢᠶᠡᠳ ᠴᠥᠭᠡᠨ ᠪᠣᠯᠪᠠ᠃ | ᠭᠤᠷᠪᠠ ᠳᠤ᠂ ᠭᠠᠵᠠᠷ ᠵᠦᠶ ᠶᠢᠨ ᠣᠷᠴᠢᠨ ᠲᠣᠭᠤᠷᠢᠨ ᠤ ᠰᠢᠯᠲᠠᠭᠠᠨ ᠠᠴᠠ ᠪᠣᠯᠵᠣ᠂ ᠰᠠᠯᠬᠢ ᠰᠢᠭᠤᠷᠭ᠎ᠠ | ᠳᠠᠪᠬᠤᠴᠠᠭᠰᠠᠨ ᠪᠥᠭᠡᠳ ᠰᠦᠷ ᠬᠦᠴᠦᠨ ᠢᠶᠠᠷ ᠨᠡᠯᠢᠶᠡᠳ ᠶᠡᠭᠡ ᠪᠣᠯᠵᠣ᠂ ᠣᠶ ᠰᠢᠭᠤᠶ ᠡᠪᠡᠰᠦ ᠪᠡᠯᠴᠢᠭᠡᠷ ᠢ ᠬᠦᠨᠳᠦ | ᠨᠣᠴᠢᠲᠠᠶ ᠬᠤᠬᠢᠷᠠᠭᠤᠯᠵᠤ᠂ ᠬᠤᠭ ᠨᠣᠪᠰᠢ ᠶᠢ ᠴᠡᠪᠡᠷᠯᠡᠬᠦ ᠡᠭᠦᠷᠭᠡ ᠶᠢ ᠬᠦᠨᠳᠦᠷᠡᠭᠦᠯᠵᠦ ᠪᠠᠶᠢᠨ᠎ᠠ᠃ ᠳᠡᠭᠡᠷᠡᠬᠢ | ᠠᠰᠠᠭᠤᠳᠠᠯ ᠳᠤ ᠴᠢᠭᠯᠡᠭᠦᠯᠦᠨ ᠪᠢᠳᠡ ᠬᠤᠳᠠᠯᠳᠤᠭ᠎ᠠ ᠡᠷᠭᠢᠯᠡᠬᠦ ᠣᠷᠴᠢᠨ ᠨᠥᠬᠦᠴᠡᠯ ᠢ ᠰᠢᠯᠢᠳᠡᠭᠵᠢᠭᠦᠯᠬᠦ | ᠡᠷᠴᠢᠮ ᠢᠶᠠᠨ ᠤᠯᠠᠮ ᠨᠢᠭᠡ ᠠᠯᠬᠤᠮ ᠴᠢᠩᠭᠠᠷᠠᠭᠤᠯᠵᠤ᠂ ᠶᠡᠷᠦᠩᠬᠡᠶᠢᠯᠡᠭᠰᠡᠨ ᠴᠢᠨᠠᠷᠲᠠᠶ ᠠᠵᠤ ᠦᠢᠯᠡᠰ ᠤᠨ ᠲᠥᠷᠥᠯ | ᠵᠦᠢᠯ ᠢ ᠣᠷᠣᠭᠤᠯᠤᠨ ᠠᠪᠴᠢᠷᠠᠨ᠎ᠠ᠃ ᠺᠠᠳ᠋ᠷ ᠤᠨ ᠴᠢᠳᠠᠪᠤᠷᠢ ᠬᠡᠪ ᠴᠢᠨᠠᠷ ᠤᠨ ᠪᠣᠯᠪᠠᠰᠤᠷᠠᠯ ᠢ ᠨᠡᠮᠡᠭᠳᠡᠭᠦᠯᠵᠦ᠂ | ᠲᠤᠰᠬᠠᠶ ᠮᠡᠷᠭᠡᠵᠢᠯ ᠤᠨ ᠴᠢᠨᠠᠷ᠂ ᠪᠣᠳᠠᠲᠤ ᠪᠦᠲᠦᠮᠵᠢᠲᠦ ᠴᠢᠨᠠᠷ ᠢ ᠴᠢᠬᠤᠯᠠᠴᠢᠯᠠᠨ᠂ ᠺᠠᠳ᠋ᠷ ᠤᠨ ᠡᠩᠨᠡᠭᠡᠨ ᠤ | ᠪᠠᠶᠢᠭᠤᠯᠤᠯᠲᠠ ᠶᠢ ᠴᠢᠩᠭᠠᠳᠬᠠᠨ᠎ᠠ᠃ ᠮᠠᠭᠤ ᠴᠠᠭ ᠠᠭᠤᠷ ᠢ ᠬᠢᠨᠠᠨ ᠬᠡᠮᠵᠢᠬᠦ ᠶᠢ ᠴᠢᠩᠭᠠᠳᠬᠠᠵᠤ᠂ ᠴᠠᠭ | ᠲᠤᠬᠠᠶ ᠳᠤᠨᠢ ᠰᠡᠷᠭᠡᠶᠢᠯᠡᠨ᠂ ᠣᠶ ᠰᠢᠭᠤᠶ ᠡᠪᠡᠰᠦ ᠪᠡᠯᠴᠢᠭᠡᠷ ᠵᠡᠷᠭᠡ ᠪᠠᠶᠢᠭᠠᠯᠢ ᠶᠢᠨ ᠡᠬᠢ ᠪᠠᠶᠠᠯᠢᠭ ᠢ ᠠᠷᠠᠴᠢᠯᠠᠨ | ᠬᠠᠮᠠᠭᠠᠯᠠᠬᠤ ᠶᠢ ᠴᠢᠩᠭᠠᠳᠬᠠᠵᠤ᠂ ᠬᠤᠷᠠᠮᠳᠤᠭᠤᠯᠤᠭᠰᠠᠨ ᠬᠤᠭ ᠨᠣᠪᠰᠢ ᠶᠢ ᠴᠡᠪᠡᠷᠯᠡᠬᠦ ᠤᠳᠠᠭ᠎ᠠ ᠶᠢ ᠨᠡᠮᠡᠭᠳᠡᠭᠦᠯᠦᠨ᠎ᠡ᠃ | ᠡᠲᠡᠭᠡᠷ ᠠᠰᠠᠭᠤᠳᠠᠯ ᠢ ᠰᠢᠢᠳᠪᠦᠷᠢᠯᠡᠬᠦ ᠳᠤ ᠪᠥᠬᠦ ᠪᠠᠯᠭᠠᠰᠤᠨ ᠤ ᠪᠣᠶ ᠪᠥᠬᠦᠶ ᠠᠷᠠᠳ ᠲᠦᠮᠡᠨ ᠤ ᠬᠠᠮᠲᠤ ᠶᠢᠨ | ᠲᠡᠮᠡᠴᠡᠯ ᠪᠠ ᠬᠠᠮᠲᠤ ᠶᠢᠨ ᠴᠢᠷᠮᠠᠶᠢᠯᠭ᠎ᠠ ᠠᠴᠠ ᠰᠠᠯᠵᠤ ᠴᠢᠳᠠᠬᠤ ᠥᠬᠡᠶ᠂ ᠦᠨᠳᠦᠰᠦᠲᠡᠨ ᠨᠦᠭᠦᠳ ᠤᠨ ᠠᠷᠠᠳ | ᠲᠦᠮᠡᠨ ᠤ ᠭᠠᠷ ᠬᠤᠯᠪᠣᠨ ᠬᠠᠮᠲᠤ ᠪᠠᠷ ᠤᠷᠤᠭᠰᠢᠯᠠᠬᠤ ᠠᠴᠠ ᠰᠠᠯᠵᠤ ᠴᠢᠳᠠᠬᠤ ᠥᠬᠡᠶ᠂ ᠴᠠᠭ ᠤᠨ ᠪᠡᠷᠬᠡ ᠶᠢ | ᠬᠠᠮᠲᠤ ᠪᠠᠷ ᠲᠤᠭᠤᠯᠤᠨ᠎ᠠ ᠭᠡᠪᠡ᠃ ᠪᠢᠳᠡ ᠡᠷᠬᠡᠪᠰᠢ ᠤᠷᠳᠤ ᠬᠤᠭᠤᠴᠠᠭ᠎ᠠ ᠪᠠᠷ ᠴᠢᠷᠮᠠᠶᠢᠬᠤ ᠡᠷᠴᠢ ᠵᠣᠷᠢᠭ ᠲᠠᠢ᠂ | ᠬᠦᠴᠢᠷ ᠢ ᠲᠤᠭᠤᠯᠤᠨ ᠪᠡᠷᠬᠡ ᠶᠢ ᠳᠠᠪᠠᠭ᠋ᠤ ᠰᠥᠰᠥ ᠵᠣᠷᠢᠭ ᠲᠠᠢ᠂ ᠵᠣᠷᠢᠭᠲᠠᠢ ᠪᠠᠷ ᠬᠠᠲᠠᠭᠤ ᠲᠠᠢ ᠬᠠᠯᠳᠠᠵᠤ᠂ | ᠬᠦᠴᠦᠲᠡᠢ ᠠᠷᠭ᠎ᠠ ᠬᠡᠮᠵᠢᠶ᠎ᠡ ᠠᠪᠴᠤ ᠪᠠᠶᠢᠭᠠᠳ ᠠᠰᠠᠭᠤᠳᠠᠯ ᠢ ᠨᠠᠷᠢᠨ ᠬᠢᠨᠠᠮᠠᠭᠠᠢ ᠰᠢᠢᠳᠪᠦᠷᠢᠯᠡᠵᠦ᠂ ᠪᠦᠬᠦ ᠰᠡᠳᠬᠢᠯ | ᠪᠦᠬᠦ ᠬᠦᠴᠦᠨ ᠢᠶᠠᠷ ᠢᠶᠠᠨ ᠠᠵᠢᠯ ᠢᠶᠠᠨ ᠰᠠᠶᠢᠵᠢᠷᠠᠭᠤᠯᠵᠤ᠂ ᠪᠦᠬᠦ ᠪᠠᠯᠭᠠᠰᠤᠨ ᠤ ᠦᠨᠳᠦᠰᠦᠲᠡᠨ ᠨᠦᠭᠦᠳ ᠤᠨ | ᠠᠷᠠᠳ ᠲᠦᠮᠡᠨ ᠤ ᠬᠦᠰᠡᠯ ᠡᠷᠡᠮᠡᠯᠵᠡᠯ ᠢ ᠶᠠᠭᠠᠬᠢᠭᠰᠠᠨ ᠴᠤ ᠬᠥᠰᠡᠷᠳᠡᠭᠦᠯᠬᠦ ᠦᠭᠡᠢ ᠪᠠᠶᠢᠬᠤ ᠬᠡᠷᠡᠭᠲᠡᠢ︕ | 2023 ᠣᠨ ᠤ ᠳᠣᠣᠷ᠎ᠠ ᠬᠠᠭᠠᠰ ᠵᠢᠯ ᠤᠨ ᠠᠵᠢᠯ ᠤᠨ ᠲᠥᠯᠥᠪᠯᠡᠭᠡ | 2023 ᠣᠨ ᠳᠤ᠂ ᠴᠡᠯᠡᠭᠡᠷ ᠲᠠᠯ᠎ᠠ ᠪᠠᠯᠭᠠᠰᠤ ᠰᠢ ᠶᠢᠨ ᠫᠢᠩ ᠨᠥᠬᠦᠷ ᠢᠶᠠᠷ ᠭᠤᠣᠯ ᠪᠣᠯᠭᠠᠭᠰᠠᠨ ᠨᠠᠮ ᠤᠨ | ᠲᠥᠪ ᠬᠤᠷᠢᠶᠠᠨ ᠤ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ | ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠣᠯᠭᠠᠵᠤ᠂ | ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ | ᠲᠤᠭᠤᠰᠢᠯᠠᠭᠤᠯᠵᠤ᠂ ᠪᠠᠶᠢᠯᠳᠤᠬᠤ ᠪᠤᠳᠤᠯᠭ᠎ᠠ ᠶᠢᠨ ᠪᠠᠶᠢᠷᠢ ᠲᠣᠭᠲᠠᠭᠠᠯᠲᠠ ᠶᠢ | ᠡᠵᠡᠮᠳᠡᠵᠦ ᠪᠣᠬᠢᠷᠲᠤᠯ ᠦᠭᠡᠢ ᠬᠥᠭᠵᠢᠯᠲᠡ ᠶᠢ ᠪᠠᠷᠢᠮᠲᠠᠯᠠᠵᠤ᠂ ᠰᠢᠨ᠎ᠡ ᠬᠥᠭᠵᠢᠯᠲᠡ ᠶᠢᠨ ᠱᠠᠳᠤ ᠦᠶ᠎ᠡ ᠶᠢ | ᠣᠨᠣᠪᠴᠢᠲᠠᠢ ᠡᠵᠡᠮᠳᠡᠵᠦ᠂ ᠰᠢᠨ᠎ᠡ ᠬᠥᠭᠵᠢᠯᠲᠡ ᠶᠢᠨ ᠤᠢᠢᠯᠠᠭᠠᠭᠳᠠᠬᠤᠨ ᠢ ᠭᠦᠨᠵᠡᠭᠡᠢ | ᠲᠤᠭᠤᠰᠢᠯᠠᠭᠤᠯᠵᠤ᠂ ᠰᠢᠨ᠎ᠡ ᠬᠥᠭᠵᠢᠯᠲᠡ ᠶᠢᠨ ᠪᠠᠶᠢᠷᠢᠰᠢᠯ ᠳᠤ ᠲᠦᠷᠭᠡᠨ | ᠠᠭᠤᠰᠤᠯᠴᠠᠬᠤ ᠬᠡᠷᠡᠭᠲᠡᠢ᠃ ᠡᠶ᠎ᠡ ᠵᠣᠬᠢᠴᠠᠯ ᠲᠠᠢ᠂ ᠦᠵᠡᠰᠬᠦᠯᠡᠩᠲᠦ ᠰᠠᠶᠢᠬᠠᠨ᠂ ᠪᠠᠶᠠᠨ ᠴᠢᠨᠡᠭᠡᠯᠢᠭ ᠴᠡᠯᠡᠭᠡᠷ ᠲᠠᠯ᠎ᠠ | ᠪᠠᠯᠭᠠᠰᠤ ᠶᠢ ᠪᠠᠶᠢᠭᠤᠯᠬᠤ ᠪᠠᠷ ᠬᠠᠷᠠᠯᠲᠠ ᠪᠣᠯᠭᠠᠬᠤ ᠶᠢ ᠪᠠᠷᠢᠮᠲᠠᠯᠠᠵᠤ᠂ ᠭᠤᠣᠯᠳᠠᠯᠭ᠎ᠠ ᠲᠠᠢ ᠡᠭᠦᠷᠭᠡ ᠳᠤ | ᠠᠩᠬᠠᠷᠤᠯ ᠢᠶᠠᠨ ᠲᠥᠪᠯᠡᠷᠡᠭᠦᠯᠵᠦ᠂ ᠪᠠᠶᠢᠷᠢᠰᠢᠯ ᠢ ᠡᠷᠢᠨ ᠣᠯᠵᠤ᠂ ᠣᠳᠣᠬᠠᠨ ᠤ ᠪᠠᠶᠢᠳᠠᠯ ᠳᠠᠭᠠᠨ ᠰᠠᠭᠤᠷᠢᠯᠠᠵᠤ᠂ | ᠤᠳᠠᠭᠠᠨ ᠳᠠᠭᠠᠭᠠᠮᠠᠭᠠᠢ ᠴᠢᠷᠮᠠᠶᠢᠵᠤ᠂ ᠴᠡᠯᠡᠭᠡᠷ ᠲᠠᠯ᠎ᠠ ᠪᠠᠯᠭᠠᠰᠤᠨ ᠤ ᠠᠵᠤ ᠠᠬᠤᠢ ᠨᠡᠶᠢᠭᠡᠮ ᠤᠨ ᠬᠥᠭᠵᠢᠯᠲᠡ ᠶᠢᠨ | ᠲᠠᠬᠢᠨ ᠰᠢᠨ᠎ᠡ ᠠᠬᠤᠢ ᠪᠠᠶᠢᠳᠠᠯ ᠳᠤ ᠣᠷᠣᠬᠤ ᠶᠢ ᠦᠷᠭᠦᠯᠵᠢᠯᠡᠨ ᠠᠬᠢᠭᠤᠯᠬᠤ ᠬᠡᠷᠡᠭᠲᠡᠢ᠃ ᠬᠥᠳᠡᠭᠡ ᠲᠣᠰᠬᠤᠨ ᠢ | ᠬᠥᠭᠵᠢᠭᠦᠯᠦᠨ ᠮᠠᠨᠳᠤᠭᠤᠯᠬᠤ᠂ ᠠᠵᠤ ᠦᠢᠯᠡᠰ ᠢ ᠬᠥᠭᠵᠢᠭᠦᠯᠦᠨ ᠮᠠᠨᠳᠤᠭᠤᠯᠬᠤ ᠪᠠᠷ ᠭᠠᠷᠳᠠᠴᠠ ᠪᠣᠯᠭᠠᠵᠤ᠂ ᠠᠮᠢ | ᠠᠬᠤᠢ ᠶᠢ ᠲᠡᠷᠢᠭᠦᠨ ᠳᠤ ᠲᠠᠯᠪᠢᠬᠤ᠂ ᠪᠣᠬᠢᠷᠲᠤᠯ ᠦᠭᠡᠢ ᠬᠥᠭᠵᠢᠯᠲᠡ ᠪᠠᠷ ᠤᠳᠤᠷᠢᠳᠤᠮᠵᠢ ᠪᠣᠯᠭᠠᠭᠰᠠᠨ ᠴᠢᠨᠠᠷ | ᠰᠠᠶᠢᠲᠠᠢ ᠬᠥᠭᠵᠢᠯᠲᠡ ᠶᠢᠨ ᠰᠢᠨ᠎ᠡ ᠵᠠᠮ ᠢᠶᠠᠷ ᠡᠷᠡᠰ ᠭᠤᠶᠢᠪᠢᠰᠢ ᠦᠭᠡᠢ ᠵᠠᠮᠨᠠᠵᠤ᠂ ᠳᠤᠮᠳᠠᠳᠤ ᠤᠯᠤᠰ ᠤᠨ | ᠮᠠᠶ᠋ᠢᠭ ᠤᠨ ᠣᠳᠣᠬᠢᠴᠢᠯᠠᠯᠲᠠ ᠳᠤ ᠬᠦᠴᠦ ᠨᠡᠮᠡᠷᠢᠯᠡᠨ᠎ᠡ᠃ | ᠨᠢᠭᠡ᠂ ᠤᠮᠠᠷᠠᠲᠤ ᠶᠢᠨ ᠴᠢᠬᠤᠯᠠ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ ᠶᠢ ᠪᠠᠲᠤ ᠴᠣᠭᠴᠠᠯᠠᠵᠤ᠂ | ︽ᠡᠶ᠎ᠡ ᠵᠣᠬᠢᠴᠠᠩᠭᠤᠢ ᠦᠵᠡᠰᠬᠦᠯᠡᠩᠲᠦ ᠰᠠᠶᠢᠬᠠᠨ ᠴᠡᠯᠡᠭᠡᠷ ᠲᠠᠯ᠎ᠠ︾ ᠶᠢᠨ ᠴᠢᠨᠠᠷ ᠰᠠᠶᠢᠲᠠᠢ ᠬᠥᠭᠵᠢᠯᠲᠡ ᠶᠢᠨ ᠰᠢᠨ᠎ᠡ | ᠵᠠᠮ ᠢᠶᠠᠷ ᠰᠠᠶᠢᠲᠤᠷ ᠵᠠᠮᠨᠠᠬᠤ ᠬᠡᠷᠡᠭᠲᠡᠢ᠃ | ᠴᠢᠨᠠᠷ ᠰᠠᠶᠢᠲᠠᠢ ᠬᠥᠭᠵᠢᠯᠲᠡ᠂ ᠠᠮᠢ ᠠᠬᠤᠢ ᠶᠢ ᠲᠡᠷᠢᠭᠦᠨ ᠳᠤ ᠲᠠᠯᠪᠢᠬᠤ᠂ ᠪᠣᠬᠢᠷᠲᠤᠯ ᠦᠭᠡᠢ | ᠬᠥᠭᠵᠢᠯᠲᠡ ᠨᠢ ᠮᠥᠨ ᠬᠦ ᠲᠡᠷᠢᠭᠦᠨ ᠴᠢᠬᠤᠯᠠ ᠤᠳᠤᠷᠢᠳᠤᠮᠵᠢ ᠪᠣᠯᠬᠤ ᠶᠢ ᠢᠮᠠᠭᠲᠠ ᠪᠠᠷᠢᠮᠲᠠᠯᠠᠵᠤ᠂ ᠬᠠᠳᠤᠨ | ᠭᠤᠣᠯ ᠤᠨ ᠰᠠᠪᠠ ᠭᠠᠵᠠᠷ ᠤᠨ ᠠᠮᠢ ᠠᠬᠤᠢ ᠶᠢᠨ ᠬᠠᠮᠠᠭᠠᠯᠠᠯᠲᠠ ᠪᠠ ᠴᠢᠨᠠᠷ ᠰᠠᠶᠢᠲᠠᠢ ᠬᠥᠭᠵᠢᠯᠲᠡ ᠶᠢᠨ ᠪᠠᠶᠢᠯᠳᠤᠬᠤ | ᠪᠤᠳᠤᠯᠭ᠎ᠠ ᠶᠢᠨ ᠠᠵᠠ ᠲᠣᠬᠢᠶᠠᠯ ᠢ ᠴᠢᠩᠭ᠎ᠠ ᠠᠳᠬᠤᠵᠤ᠂ ᠠᠭᠤᠯᠠ ᠤᠰᠤ ᠤᠢ ᠰᠢᠭᠤᠢ ᠲᠠᠷᠢᠶᠠᠨ ᠭᠠᠵᠠᠷ ᠨᠠᠭᠤᠷ | ᠡᠪᠡᠰᠦ ᠡᠯᠡᠰᠦ ᠶᠢ ᠶᠡᠷᠦᠩᠬᠡᠶᠢᠯᠡᠨ ᠵᠠᠰᠠᠬᠤ ᠶᠢ ᠨᠢᠭᠡᠳᠦᠯᠲᠡᠢ ᠲᠥᠯᠥᠪᠵᠢᠭᠦᠯᠵᠦ᠂ ᠳᠠᠯᠠᠨ ᠬᠠᠷ᠎ᠠ ᠠᠭᠤᠯᠠ ᠶᠢᠨ ᠠᠮᠢ | ᠠᠬᠤᠢ ᠶᠢ ᠰᠡᠷᠭᠦᠭᠡᠬᠦ ᠢᠨᠵᠧᠨᠧᠷᠢᠩ ᠢ ᠦᠷᠭᠦᠯᠵᠢᠯᠡᠨ ᠰᠠᠶᠢᠲᠤᠷ ᠠᠳᠬᠤᠬᠤ ᠬᠡᠷᠡᠭᠲᠡᠢ᠃ ᠬᠠᠶᠢᠷ ᠴᠢᠯᠠᠭᠤᠨ ᠤ ᠡᠬᠢ | ᠪᠠᠶᠠᠯᠢᠭ ᠢ ᠬᠤᠯᠠᠭᠠᠶᠢᠯᠠᠨ ᠮᠠᠯᠲᠠᠬᠤ ᠵᠡᠷᠭᠡ ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ ᠬᠢᠨᠠᠨ ᠪᠠᠶᠢᠴᠠᠭᠠᠵᠤ | ᠴᠣᠬᠢᠯᠲᠠ ᠥᠭᠬᠦ ᠡᠷᠴᠢᠮ ᠢᠶᠠᠨ ᠴᠢᠩᠭᠠᠷᠠᠭᠤᠯᠵᠤ᠂ ᠲᠣᠭᠤᠷᠢᠨ ᠪᠠᠶᠢᠴᠠᠭᠠᠬᠤ ᠳᠠᠪᠲᠠᠮᠵᠢ ᠶᠢ ᠨᠡᠮᠡᠭᠳᠡᠭᠦᠯᠦᠨ᠂ ᠬᠠᠶᠢᠷ | ᠴᠢᠯᠠᠭᠤ ᠬᠤᠯᠠᠭᠠᠶᠢᠯᠠᠨ ᠮᠠᠯᠲᠠᠬᠤ ᠦᠢᠯᠡ ᠠᠵᠢᠯᠯᠠᠭ᠎ᠠ ᠶᠢ ᠪᠦᠲᠦᠮᠵᠢᠲᠡᠶ ᠬᠤᠷᠢᠭᠯᠠᠵᠤ᠂ ᠪᠥᠬᠦ ᠪᠠᠯᠭᠠᠰᠤᠨ ᠤ | ᠠᠭᠤᠷᠬᠠᠢ ᠶᠢᠨ ᠭᠠᠷᠤᠯᠲᠠ ᠶᠢᠨ ᠡᠬᠢ ᠪᠠᠶᠠᠯᠢᠭ ᠪᠠ ᠠᠮᠢ ᠠᠬᠤᠢ ᠶᠢᠨ ᠠᠮᠤᠷ ᠲᠦᠪᠰᠢᠨ ᠢ ᠬᠠᠤᠯᠢ ᠶᠣᠰᠣᠭᠠᠷ | ᠬᠠᠮᠠᠭᠠᠯᠠᠨ᠎ᠠ᠃ ᠬᠠᠷ᠎ᠠ ᠤᠰᠤ ᠨᠠᠭᠤᠷ ᠢ ᠶᠡᠷᠦᠩᠬᠡᠶᠢᠯᠡᠨ ᠵᠠᠰᠠᠬᠤ ᠶᠢ ᠪᠥᠬᠦ ᠲᠠᠯ᠎ᠠ ᠪᠠᠷ ᠠᠬᠢᠭᠤᠯᠵᠤ᠂ ᠳᠡᠭᠡᠳᠦ | ᠱᠠᠲᠤᠨ ᠠᠴᠠ ᠲᠤᠰᠢᠶᠠᠭᠰᠠᠨ 1000 ᠮᠥ ᠵᠢᠭᠠᠰᠤᠨ ᠴᠥᠭᠦᠷᠥᠮ ᠠᠴᠠ ᠤᠬᠤᠷᠢᠨ ᠭᠠᠷᠬᠤ ᠭᠤᠤᠯᠳᠠᠯᠭ᠎ᠠ ᠲᠠᠢ | ᠡᠭᠦᠷᠭᠡ ᠶᠢ ᠨᠠᠷᠢᠨ ᠬᠢᠨᠠᠮᠠᠭᠠᠶ ᠨᠠᠶᠢᠳᠠᠪᠤᠷᠢᠵᠢᠭᠤᠯᠵᠤ᠂ ︽ᠪᠣᠭᠤᠮᠲᠠ ᠶᠢᠨ ᠭᠠᠳᠠᠨᠠᠬᠢ ᠪᠠᠷᠠᠭᠤᠨ ᠨᠠᠭᠤᠷ︾ ᠤᠨ | ᠦᠵᠡᠰᠬᠦᠯᠡᠩᠲᠦ ᠰᠠᠶᠢᠬᠠᠨ ᠪᠠᠶᠢᠳᠠᠯ ᠢ ᠳᠠᠬᠢᠨ ᠢᠯᠡᠷᠡᠭᠦᠯᠪᠡ᠃ ᠶᠡᠭᠡ ᠬᠡᠪᠴᠢᠶᠡᠨ ᠤ ᠤᠯᠤᠰ ᠤᠨ ᠨᠤᠲᠤᠭ | ᠳᠡᠪᠢᠰᠬᠡᠷ ᠤᠨ ᠨᠣᠭᠤᠭᠠᠷᠠᠭᠤᠯᠤᠯᠲᠠ ᠶᠢᠨ ᠠᠵᠢᠯᠯᠠᠭ᠎ᠠ ᠶᠢ ᠦᠷᠭᠦᠯᠵᠢᠯᠡᠨ ᠥᠷᠨᠢᠭᠦᠯᠵᠦ᠂ ᠬᠤᠲᠠ ᠪᠠᠯᠭᠠᠰᠤᠨ ᠤ | ᠨᠣᠭᠤᠭᠠᠷᠠᠭᠤᠯᠤᠯᠲᠠ ᠶᠢ ᠳᠡᠭᠡᠭᠰᠢᠯᠡᠭᠦᠯᠬᠦ ᠪᠠ ᠠᠮᠢ ᠠᠬᠤᠶ ᠶᠢᠨ ᠬᠥᠳᠡᠭᠡ ᠲᠣᠰᠬᠤᠨ ᠤ ᠪᠥᠲᠥᠭᠡᠨ | ᠪᠠᠶᠢᠭᠤᠯᠤᠯᠲᠠ ᠶᠢᠨ ᠠᠵᠢᠯ ᠢ ᠦᠷᠭᠦᠯᠵᠢᠯᠡᠨ ᠰᠠᠶᠢᠲᠤᠷ ᠬᠢᠨ᠎ᠠ᠃ ᠣᠶ ᠰᠢᠭᠤᠶ ᠪᠠ ᠨᠤᠲᠤᠭ ᠪᠡᠯᠴᠢᠭᠡᠷ ᠤᠨ | ᠳᠠᠷᠤᠭ᠎ᠠ ᠶᠢᠨ ᠲᠦᠷᠢᠮ ᠢ ᠪᠥᠬᠦ ᠲᠠᠯ᠎ᠠ ᠪᠠᠷ ᠬᠡᠷᠡᠭᠵᠢᠭᠦᠯᠵᠦ᠂ ᠪᠠᠶᠢᠭᠠᠯᠢ ᠶᠢᠨ ᠣᠶ ᠰᠢᠭᠤᠶ ᠶᠢᠨ ᠡᠬᠢ ᠪᠠᠶᠠᠯᠢᠭ᠂ | ᠪᠠᠶᠢᠭᠠᠯᠢ ᠶᠢᠨ ᠬᠠᠮᠠᠭᠠᠯᠠᠯᠲᠠ ᠶᠢᠨ ᠭᠠᠵᠠᠷ ᠤᠨ ᠠᠮᠢ ᠠᠬᠤᠶ ᠶᠢᠨ ᠬᠠᠮᠢᠶᠠᠷᠤᠯᠲᠠ ᠬᠠᠮᠠᠭᠠᠯᠠᠯᠲᠠ ᠶᠢ ᠴᠢᠩᠭᠠᠳᠬᠠᠨ᠎ᠠ᠃ | ︽ᠭᠤᠣᠯ ᠤᠨ ᠳᠠᠷᠤᠭ᠎ᠠ ᠶᠢᠨ ᠳᠦᠷᠢᠮ︾ ᠢ ᠪᠣᠳᠠᠲᠠᠶᠢᠵᠢᠭᠤᠯᠵᠤ᠂ ︽ᠲᠠᠪᠤᠨ ᠰᠠᠮᠠᠭᠤᠷᠠᠯ ᠢ ᠠᠷᠢᠯᠭᠠᠬᠤ︾ ᠶᠢ | ᠦᠷᠭᠦᠯᠵᠢᠯᠡᠨ ᠥᠷᠨᠢᠭᠦᠯᠵᠦ᠂ ᠭᠤᠣᠯ ᠤᠨ ᠵᠠᠮ ᠤᠨ ᠬᠤᠷᠠᠭᠰᠠᠨ ᠢ ᠴᠡᠪᠡᠷᠯᠡᠨ ᠨᠡᠪᠲᠡᠷᠡᠭᠦᠯᠬᠦ ᠢᠨᠵᠧᠨᠧᠷᠢᠩ ᠢ | ᠬᠡᠷᠡᠭᠵᠢᠭᠦᠯᠵᠦ᠂ ᠰᠠᠶᠢᠨ ᠰᠠᠶᠢᠬᠠᠨ ᠤᠰᠤᠨ ᠤ ᠠᠮᠢ ᠠᠬᠤᠢ ᠶᠢᠨ ᠣᠷᠴᠢᠨ ᠲᠣᠭᠤᠷᠢᠨ ᠢ ᠡᠭᠦᠳᠦᠨ ᠪᠠᠶᠢᠭᠤᠯᠤᠨ᠎ᠠ᠃ | ᠡᠰᠢ ᠰᠦᠷᠡᠯ ᠢ ᠲᠠᠷᠢᠶᠠᠨ ᠠᠴᠠ ᠰᠠᠯᠭᠠᠬᠤ ᠠᠵᠢᠯ ᠢ ᠪᠠᠶᠢᠷᠢᠯᠠᠭᠤᠯᠵᠤ᠂ ᠠᠵᠤ ᠠᠬᠤᠶᠢᠯᠠᠯ ᠯᠤᠭ᠎ᠠ ᠡᠪᠡᠰᠦ ᠬᠠᠳᠤᠵᠤ | ᠲᠠᠷᠢᠶᠠᠨ ᠭᠠᠵᠠᠷ ᠢ ᠪᠤᠴᠠᠭᠠᠬᠤ ᠬᠡᠯᠡᠯᠴᠡᠭᠡᠷ ᠲᠣᠭᠲᠠᠵᠤ᠂ ᠠᠵᠤ ᠠᠬᠤᠶᠢᠯᠠᠯ ᠤᠨ ᠬᠥᠳᠡᠯᠭᠡᠬᠦ ᠬᠦᠴᠦᠨ ᠢ | ᠪᠠᠳᠠᠷᠠᠭᠤᠯᠤᠨ᠂ ᠡᠰᠢ ᠰᠦᠷᠡᠯ ᠢ ᠡᠷᠲᠡᠬᠡᠨ ᠲᠠᠷᠢᠶᠠᠨ ᠭᠠᠵᠠᠷ ᠠᠴᠠ ᠰᠠᠯᠭᠠᠬᠤ ᠶᠢ ᠪᠠᠲᠤᠯᠠᠨ᠎ᠠ᠃ ᠳᠣᠣᠷ᠎ᠠ ᠬᠠᠭᠠᠰ | ᠵᠢᠯ ᠳᠤ ᠮᠠᠨ ᠤ ᠪᠠᠯᠭᠠᠰᠤ ᠮᠠᠯ ᠠᠵᠤ ᠠᠬᠤᠶ ᠶᠢ ᠲᠣᠭᠤᠷᠢᠨ ᠪᠠᠶᠢᠴᠠᠭᠠᠵᠤ ᠬᠠᠮᠠᠭᠠᠯᠠᠬᠤ ᠪᠠ ᠬᠠᠤᠯᠢ ᠬᠡᠷᠡᠭᠵᠢᠭᠦᠯᠬᠦ | ᠡᠷᠴᠢᠮ ᠢᠶᠠᠨ ᠦᠷᠭᠦᠯᠵᠢᠯᠡᠨ ᠴᠢᠩᠭᠠᠷᠠᠭᠤᠯᠵᠤ᠂ ᠬᠤᠯᠠᠭᠠᠶᠢᠯᠠᠨ ᠮᠠᠯᠵᠢᠬᠤ᠂ ᠰᠥᠨᠢ ᠪᠠᠷ ᠮᠠᠯᠵᠢᠬᠤ ᠵᠡᠷᠭᠡ ᠦᠢᠯᠡ | ᠠᠵᠢᠯᠯᠠᠭ᠎ᠠ ᠳᠤ ᠦᠷᠭᠦᠯᠵᠢᠯᠡᠨ ᠴᠢᠩᠭ᠎ᠠ ᠴᠣᠬᠢᠯᠲᠠ ᠥᠭᠴᠦ᠂ ᠪᠡᠯᠴᠢᠭᠡᠷᠯᠡᠭᠦᠯᠬᠦ ᠶᠢ ᠴᠠᠭᠠᠵᠠᠯᠠᠬᠤ ᠲᠥᠷᠥ ᠶᠢᠨ | ᠪᠣᠳᠣᠯᠭ᠎ᠠ ᠶᠢᠨ ᠤᠬᠠᠭᠤᠯᠭ᠎ᠠ ᠶᠢᠨ ᠡᠷᠴᠢᠮ ᠢᠶᠠᠨ ᠴᠢᠩᠭᠠᠷᠠᠭᠤᠯᠵᠤ᠂ ᠣᠯᠠᠨ ᠲᠦᠮᠡᠨ ᠤ ᠠᠮᠢ ᠠᠬᠤᠶ ᠣᠷᠴᠢᠨ | ᠲᠣᠭᠤᠷᠢᠨ ᠢ ᠬᠠᠮᠠᠭᠠᠯᠠᠬᠤ ᠤᠬᠠᠮᠰᠠᠷᠲᠤ ᠴᠢᠨᠠᠷ ᠢ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠠᠮᠢ ᠠᠬᠤᠶ ᠣᠷᠴᠢᠨ | ᠲᠣᠭᠤᠷᠢᠨ ᠢ ᠰᠠᠶᠢᠵᠢᠷᠠᠭᠤᠯᠬᠤ ᠪᠠ ᠮᠠᠯ ᠠᠵᠤ ᠠᠬᠤᠶ ᠶᠢᠨ ᠠᠵᠤ ᠦᠢᠯᠡᠰ ᠤᠨ ᠬᠥᠭᠵᠢᠯᠲᠡ ᠶᠢᠨ ᠬᠤᠤᠰ | ᠠᠮᠵᠢᠯᠲᠠ ᠶᠢ ᠪᠡᠶᠡᠯᠡᠭᠦᠯᠦᠨ᠎ᠡ᠃ | ᠬᠤᠶᠠᠷ᠂ ᠬᠥᠭᠵᠢᠯᠲᠡ ᠶᠢᠨ ᠴᠢᠭᠯᠡᠯ ᠢ ᠣᠨᠢᠯᠠᠵᠤ᠂ ᠠᠷᠠᠯᠵᠢᠶᠠᠴᠢᠨ ᠤᠷᠢᠵᠤ ᠪᠡᠯᠡ ᠣᠷᠣᠭᠤᠯᠬᠤ ᠲᠥᠷᠥᠯ | ᠵᠦᠢᠯ ᠤᠨ ᠪᠦᠲᠦᠭᠡᠨ ᠪᠠᠶᠢᠭᠤᠯᠤᠯᠲᠠ ᠶᠢ ᠬᠦᠴᠦᠯᠡᠨ ᠠᠬᠢᠭᠤᠯᠵᠤ᠂ ᠠᠷᠠᠳ ᠤᠨ ᠠᠮᠢᠳᠤᠷᠠᠯ ᠤᠨ ᠲᠥᠷᠥᠯ | ᠵᠦᠢᠯ ᠤᠨ ᠬᠥᠭᠵᠢᠯᠲᠡ ᠶᠢ ᠠᠬᠢᠭᠤᠯᠬᠤ ᠬᠡᠷᠡᠭᠲᠡᠢ᠃ | ᠬᠤᠳᠠᠯᠳᠤᠭᠠᠴᠢᠨ ᠤᠷᠢᠵᠤ ᠪᠡᠯᠡ ᠣᠷᠣᠭᠤᠯᠬᠤ ᠠᠵᠢᠯ ᠪᠣᠯ ᠪᠥᠬᠦ ᠪᠠᠯᠭᠠᠰᠤᠨ ᠤ ᠠᠵᠤ ᠠᠬᠤᠢ ᠶᠢ | ᠬᠥᠭᠵᠢᠭᠦᠯᠬᠦ ᠠᠵᠢᠯ ᠤᠨ ︽ᠠᠮᠢᠨ ᠰᠤᠳᠠᠰᠤ︾ ᠮᠥᠨ᠂ ᠪᠥᠬᠦ ᠪᠠᠯᠭᠠᠰᠤᠨ ᠤ ᠳᠡᠭᠡᠳᠦ ᠳᠣᠣᠷᠠᠳᠤ ᠱᠠᠲᠤᠨ ᠤ ᠬᠢᠨ | ᠵᠣᠭᠰᠣᠴᠠ ᠪᠠᠨ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠬᠠᠮᠲᠤ ᠶᠢᠨ ᠲᠠᠨᠢᠯᠲᠠ ᠪᠠᠨ ᠨᠢᠭᠲᠠᠷᠠᠭᠤᠯᠤᠨ᠂ | ᠬᠤᠳᠠᠯᠳᠤᠭᠠᠴᠢᠨ ᠤᠷᠢᠵᠤ ᠪᠡᠯᠡ ᠣᠷᠣᠭᠤᠯᠬᠤ ᠠᠵᠢᠯ ᠢ ᠰᠠᠶᠢᠲᠤᠷ ᠠᠳᠬᠤᠬᠤ ᠲᠤᠯᠭᠠᠮ᠎ᠠ ᠰᠡᠳᠬᠢᠯᠭᠡ᠂ | ᠬᠠᠷᠢᠭᠤᠴᠠᠯᠭᠠᠲᠤ ᠰᠡᠳᠬᠢᠯᠭᠡ ᠪᠠ ᠡᠭᠦᠷᠭᠡᠲᠦ ᠰᠡᠳᠬᠢᠯᠭᠡ ᠪᠠᠨ ᠦᠨᠡᠨᠬᠦ ᠴᠢᠩᠭᠠᠳᠬᠠᠬᠤ ᠬᠡᠷᠡᠭᠲᠡᠢ᠃ ᠳᠣᠣᠷ᠎ᠠ | ᠬᠠᠭᠠᠰ ᠵᠢᠯ ᠳᠤ ᠮᠠᠨ ᠤ ᠪᠠᠯᠭᠠᠰᠤᠨ ᠤ ᠠᠷᠠᠯᠵᠢᠶᠠᠴᠢᠨ ᠤᠷᠢᠵᠤ ᠪᠡᠯᠡ ᠣᠷᠣᠭᠤᠯᠬᠤ ᠲᠦᠷᠦᠯ ᠵᠦᠢᠯ ᠢ | ᠨᠠᠶᠢᠳᠠᠪᠤᠷᠢᠵᠢᠭᠤᠯᠬᠤ ᠶᠢ ᠦᠷᠭᠦᠯᠵᠢᠯᠡᠨ ᠠᠬᠢᠭᠤᠯᠬᠤ ᠪᠣᠯᠤᠨ᠎ᠠ᠄ ᠨᠢᠭᠡ ᠳᠤ᠂ ᠲᠦᠮᠡᠳ ᠵᠡᠭᠦᠨ ᠬᠤᠰᠢᠭᠤᠨ ᠤ | ᠵᠢᠯ ᠳᠤ ᠦᠯᠡᠳᠡᠪᠦᠷᠢ ᠲᠡᠵᠢᠭᠡᠨ ᠦᠷᠡᠵᠢᠭᠦᠯᠬᠦ ᠲᠠᠷᠢᠶᠠᠴᠢᠨ ᠤ ᠲᠤᠰᠬᠠᠢ ᠬᠤᠷᠰᠢᠶ᠎ᠠ ᠶᠢᠨ ᠨᠡᠷᠡᠨ ᠬᠤᠸᠠᠷ ᠤᠨ ᠦᠷ᠎ᠡ | ᠬᠤᠳᠠᠯᠳᠤᠨ ᠠᠪᠴᠤ ᠨᠥᠭᠡᠴᠡᠯᠡᠬᠦ ᠲᠥᠪ᠂ ᠠᠮᠤ ᠪᠤᠳᠠᠭ᠎ᠠ ᠶᠢ ᠬᠠᠲᠠᠭᠠᠵᠤ᠂ ᠬᠥᠮᠥᠷᠭᠡᠯᠡᠨ ᠬᠠᠳᠠᠭᠠᠯᠠᠬᠤ | ᠲᠠᠯᠠᠪᠤᠷ ᠤᠨ ᠪᠦᠳᠦᠭᠡᠨ ᠪᠠᠶᠢᠭᠤᠯᠤᠯᠲᠠ ᠶᠢᠨ ᠲᠦᠷᠦᠯ ᠵᠦᠢᠯ ᠲᠠᠢ᠂ 2023 ᠣᠨ ᠳᠤ 800 ᠲᠦᠮᠡᠨ | ᠲᠥᠭᠦᠷᠢᠭ ᠤᠨ ᠪᠡᠯᠡ ᠣᠷᠣᠭᠤᠯᠵᠤ᠂ ᠵᠢᠱᠢᠯᠲᠡ ᠪᠠᠷ 2023 ᠣᠨ ᠤ 10 ᠰᠠᠷ᠎ᠠ ᠶᠢᠨ 31 ᠤ ᠡᠳᠦᠷ ᠪᠠᠷᠢᠯᠭ᠎ᠠ | ᠳᠠᠭᠤᠰᠬᠠᠨ᠎ᠠ᠃ ᠬᠤᠶᠠᠷ ᠲᠤ᠂ ᠥᠪᠥᠷ ᠮᠣᠩᠭᠤᠯ ᠤᠨ ᠵᠧᠩ ᠮᠤᠤ ᠲᠠᠷᠢᠶᠠᠯᠠᠩ ᠤᠨ ᠨᠡᠭᠡᠭᠡᠯᠲᠡ ᠶᠢᠨ ᠬᠢᠵᠠᠭᠠᠷᠲᠤ | ᠺᠣᠮᠫᠠᠨᠢ ᠶᠢᠨ ᠵᠢᠯ ᠳᠤ 10 ᠲᠦᠮᠡᠨ ᠲᠣᠨ ᠠᠯᠭᠤᠷ ᠵᠠᠳᠠᠷᠠᠭᠤᠯᠬᠤ ᠪᠣᠷᠲᠣᠭᠤᠷ ᠦᠢᠯᠡᠳᠪᠦᠷᠢᠯᠡᠵᠦ ᠥᠷᠭᠡᠳᠬᠡᠨ | ᠪᠠᠶᠢᠭᠤᠯᠬᠤ ᠲᠥᠷᠥᠯ ᠵᠦᠢᠯ᠂ 2023 ᠣᠨ ᠳᠤ 600 ᠲᠦᠮᠡᠨ ᠲᠥᠭᠦᠷᠢᠭ ᠤᠨ ᠪᠠᠯᠠ ᠣᠷᠣᠭᠤᠯᠵᠤ᠂ | ᠵᠢᠱᠢᠯᠲᠡ ᠪᠠᠷ 2023 ᠣᠨ ᠤ 10 ᠰᠠᠷ᠎ᠠ ᠶᠢᠨ 31 ᠤ ᠡᠳᠦᠷ ᠪᠠᠷᠢᠯᠭ᠎ᠠ ᠳᠠᠭᠤᠰᠬᠠᠨ᠎ᠠ᠃ ᠭᠤᠷᠪᠠ ᠳᠤ᠂ | ᠲᠦᠮᠡᠳ ᠵᠡᠭᠦᠨ ᠬᠤᠰᠢᠭᠤᠨ ᠤ ᠰᠢᠶᠠᠩ ᠲᠠᠢ ᠳᠠᠷᠢᠵᠤ ᠲᠡᠵᠢᠭᠡᠨ ᠦᠷᠡᠵᠢᠭᠦᠯᠬᠦ ᠲᠠᠷᠢᠶᠠᠴᠢᠨ ᠤ ᠲᠤᠰᠬᠠᠶ | ᠬᠤᠷᠰᠢᠶᠠᠵᠢᠯ ᠤᠨ ᠪᠠᠯᠠ ᠣᠷᠣᠭᠤᠯᠤᠭᠰᠠᠨ ᠰᠢᠨ᠎ᠡ ᠡᠭᠦᠯᠳᠡᠷ ᠤᠨ ᠨᠠᠭᠤᠷ ᠬᠤᠨᠢ ᠨᠢ ᠡᠬᠡ ᠮᠠᠯ ᠢᠶᠠᠨ ᠦᠷᠡᠵᠢᠭᠦᠯᠦᠨ | ᠪᠤᠶᠢᠵᠢᠭᠤᠯᠬᠤ ᠲᠥᠷᠥᠯ ᠵᠦᠢᠯ ᠪᠣᠯᠤᠨ᠎ᠠ᠂ 2023 ᠣᠨ ᠳᠤ 1850 ᠲᠦᠮᠡᠨ ᠲᠥᠭᠦᠷᠢᠭ ᠤᠨ ᠪᠠᠯᠠ | ᠣᠷᠣᠭᠤᠯᠵᠤ᠂ ᠵᠢᠱᠢᠯᠲᠡ ᠪᠠᠷ 2023 ᠣᠨ ᠤ 10 ᠰᠠᠷ᠎ᠠ ᠶᠢᠨ 31 ᠤ ᠡᠳᠦᠷ ᠪᠠᠷᠢᠯᠭ᠎ᠠ ᠳᠠᠭᠤᠰᠬᠠᠨ᠎ᠠ᠃ | ᠳᠥᠷᠪᠡ ᠳᠤ᠂ ᠲᠦᠮᠡᠳ ᠵᠡᠭᠦᠨ ᠬᠤᠰᠢᠭᠤᠨ ᠤ ᠵᠢᠦᠢ ᠨᠦᠩ ᠳᠠᠷᠢᠵᠤ ᠲᠡᠵᠢᠭᠡᠨ ᠦᠷᠡᠵᠢᠭᠦᠯᠬᠦ ᠲᠤᠰᠬᠠᠶ | ᠬᠤᠷᠰᠢᠶ᠎ᠠ ᠶᠢᠨ ᠡᠷᠳᠡᠨᠢ ᠰᠢᠰᠢ ᠶᠢ ᠨᠠᠷᠢᠯᠢᠭ ᠡᠳ᠋ᠰᠢᠭᠦᠯᠬᠦ᠂ ᠡᠷᠳᠡᠨᠢ ᠰᠢᠰᠢ ᠶᠢ ᠡᠭᠡᠭᠦᠯᠦᠨ ᠬᠤᠷᠢᠶᠠᠵᠤ ᠡᠳ᠋ᠰᠢᠭᠦᠯᠬᠦ᠂ | ᠡᠰᠢ ᠰᠦᠷᠡᠯ ᠢ ᠰᠢᠢᠳᠪᠦᠷᠢᠯᠡᠨ ᠠᠰᠢᠭᠯᠠᠬᠤ ᠪᠤᠷᠳᠤᠭᠠᠨ ᠲᠠᠯᠠᠪᠤᠷ ᠤᠨ ᠪᠥᠲᠥᠭᠡᠨ ᠪᠠᠶᠢᠭᠤᠯᠤᠯᠲᠠ ᠶᠢᠨ ᠲᠥᠷᠥᠯ | ᠵᠦᠢᠯ ᠪᠣᠯᠤᠨ᠎ᠠ᠂ 2023 ᠣᠨ ᠤ 9 ᠰᠠᠷ᠎ᠠ ᠶᠢᠨ 20 ᠤ ᠡᠳᠦᠷ 2500 ᠲᠦᠮᠡᠨ ᠲᠥᠭᠦᠷᠢᠭ ᠤᠨ ᠪᠠᠯᠠ | ᠣᠷᠣᠭᠤᠯᠵᠤ᠂ ᠵᠢᠱᠢᠯᠲᠡ ᠪᠠᠷ 2023 ᠣᠨ ᠤ 9 ᠰᠠᠷ᠎ᠠ ᠶᠢᠨ 20 ᠤ ᠡᠳᠦᠷ ᠪᠠᠷᠢᠵᠤ ᠳᠠᠭᠤᠰᠬᠠᠨ᠎ᠠ᠃ ᠳᠡᠭᠡᠷᠡᠬᠢ | ᠲᠥᠷᠥᠯ ᠵᠦᠢᠯ ᠨᠢ ᠲᠤᠬᠠᠶ ᠶᠢᠨ ᠭᠠᠵᠠᠷ ᠤᠨ ᠠᠷᠠᠳ ᠣᠯᠠᠨ ᠤ ᠠᠵᠤ ᠠᠬᠤᠢ ᠶᠢᠨ ᠦᠷ᠎ᠡ ᠠᠰᠢᠭ ᠢ | ᠳᠡᠭᠡᠭᠰᠢᠯᠡᠭᠦᠯᠵᠦ᠂ ᠲᠠᠷᠢᠮᠠᠯ ᠤᠨ ᠤᠨᠠᠯᠲᠠ ᠶᠢ ᠤᠯᠠᠮ ᠨᠢᠭᠡ ᠠᠯᠬᠤᠮ ᠳᠡᠭᠡᠭᠰᠢᠯᠡᠭᠦᠯᠦᠨ᠂ ᠲᠠᠷᠢᠶᠠᠴᠢᠳ ᠤᠨ ᠪᠡᠯᠡ | ᠣᠷᠣᠭᠤᠯᠤᠯᠲᠠ ᠶᠢᠨ ᠥᠪᠡᠷ ᠤᠨ ᠥᠷᠲᠡᠭ ᠢ ᠪᠠᠭᠠᠰᠬᠠᠵᠤ᠂ ᠬᠥᠷᠥᠰᠥ ᠰᠢᠷᠣᠢ ᠶᠢ ᠰᠠᠶᠢᠵᠢᠷᠠᠭᠤᠯᠤᠨ᠂ ᠭᠠᠵᠠᠷ | ᠰᠢᠷᠣᠢ ᠶᠢᠨ ᠳᠠᠯᠳᠠ ᠬᠦᠴᠦᠨ ᠢ ᠠᠭᠤᠳᠠᠯᠵᠤ᠂ ᠲᠠᠷᠢᠶᠠᠯᠠᠩ ᠤᠨ ᠦᠷᠭᠦᠯᠵᠢᠯᠡᠬᠦ ᠬᠥᠭᠵᠢᠯᠲᠡ ᠶᠢ ᠠᠬᠢᠭᠤᠯᠬᠤ ᠳᠤ | ᠢᠳᠡᠪᠬᠢᠲᠡᠢ ᠠᠴᠢ ᠬᠤᠯᠪᠣᠭᠳᠠᠯ ᠲᠠᠢ ᠶᠤᠮ᠃ ᠳᠣᠣᠷ᠎ᠠ ᠬᠠᠭᠠᠰ ᠵᠢᠯ ᠳᠤ ᠨᠡᠶᠢᠲᠡ ᠶᠢᠨ ᠠᠰᠠᠷᠠᠮᠵᠢ ᠶᠢᠨ ᠵᠢᠵᠢᠭ | ᠬᠡᠯᠪᠡᠷᠢ ᠶᠢᠨ ᠲᠦᠷᠦᠯ ᠵᠦᠢᠯ ᠤᠨ ᠪᠦᠳᠦᠭᠡᠨ ᠪᠠᠶᠢᠭᠤᠯᠤᠯᠲᠠ ᠶᠢ ᠦᠷᠭᠦᠯᠵᠢᠯᠡᠨ ᠠᠬᠢᠭᠤᠯᠵᠤ᠂ ᠰᠢᠨ ᠵᠧᠦ ᠶᠢᠩ | ᠲᠣᠰᠬᠤᠨ ᠤ ᠤᠤᠭᠤᠬᠤ ᠤᠰᠤᠨ ᠤ ᠠᠮᠤᠷ ᠲᠦᠪᠰᠢᠨ ᠤ ᠲᠦᠷᠦᠯ ᠵᠦᠢᠯ ᠢ ᠪᠠᠬᠢᠵᠢᠭᠦᠯᠦᠨ ᠳᠡᠭᠡᠭᠰᠢᠯᠡᠭᠦᠯᠵᠦ᠂ | ᠵᠢᠶᠠ ᠵᠢᠶᠠ ᠶᠢᠩ ᠲᠣᠰᠬᠤᠨ ᠠᠴᠠ ᠬᠠᠷ᠎ᠠ ᠤᠰᠤ ᠬᠦᠷᠬᠦ ᠵᠠᠮ ᠵᠢᠴᠢ ᠪᠣᠷᠣᠭᠠᠨ ᠤ ᠤᠰᠤ ᠶᠢ ᠭᠠᠳᠠᠭᠰᠢᠯᠠᠭᠤᠯᠬᠤ | ᠲᠦᠷᠦᠯ ᠵᠦᠢᠯ ᠢ ᠰᠠᠶᠢᠲᠤᠷ ᠪᠦᠳᠦᠭᠡᠨ ᠪᠠᠶᠢᠭᠤᠯᠵᠤ᠂ ᠠᠷᠠᠳ ᠤᠨ ᠠᠮᠢᠳᠤᠷᠠᠯ ᠤᠨ ᠪᠣᠳᠠᠲᠤ ᠶᠠᠪᠤᠳᠠᠯ ᠤᠨ ᠲᠦᠷᠦᠯ | ᠵᠦᠢᠯ ᠤᠨ ᠪᠦᠳᠦᠭᠡᠨ ᠪᠠᠶᠢᠭᠤᠯᠤᠯᠲᠠ ᠶᠢ ᠰᠠᠶᠢᠲᠤᠷ ᠠᠳᠬᠤᠵᠤ᠂ ︽ᠲᠣᠭᠠᠴᠢᠯᠠᠭᠰᠠᠨ ᠬᠥᠳᠡᠭᠡ ᠲᠣᠰᠬᠤᠨ︾᠂ | ᠵᠠᠰᠠᠭ ᠤᠨ ᠶᠠᠪᠤᠳᠠᠯ ᠤᠨ ᠨᠢᠭᠡ ᠴᠤᠬᠴᠠᠵᠢᠭᠤᠯᠤᠬᠰᠠᠨ ᠲᠠᠪᠴᠠᠩ ᠢ ᠲᠦᠷᠭᠡᠨ ᠨᠠᠶᠢᠳᠠᠪᠤᠷᠢᠵᠢᠭᠤᠯᠤᠨ᠎ᠠ᠃ | ᠭᠤᠷᠪᠠ᠂ ᠦᠨᠳᠦᠰᠦᠨ ᠲᠠᠷᠢᠶᠠᠨ ᠭᠠᠵᠠᠷ ᠤᠨ ᠶᠠᠰᠤ ᠴᠢᠨᠠᠷ ᠢ ᠳᠡᠭᠡᠭᠰᠢᠯᠡᠭᠦᠯᠵᠦ᠂ ᠲᠠᠷᠢᠶᠠᠯᠠᠩ ᠤᠨ | ᠣᠳᠣᠬᠢᠴᠢᠯᠠᠯᠲᠠ ᠶᠢᠨ ᠰᠢᠨ᠎ᠡ ᠠᠯᠬᠤᠮ ᠢ ᠠᠯᠬᠤᠬᠤ ᠶᠢ ᠲᠦᠯᠬᠢᠨ ᠠᠬᠢᠭᠤᠯᠬᠤ ᠬᠡᠷᠡᠭᠲᠡᠶ᠃ | ᠲᠠᠷᠢᠶᠠᠨ ᠭᠠᠵᠠᠷ ᠪᠣᠯ ᠠᠮᠤ ᠪᠤᠳᠠᠭᠠᠨ ᠤ ᠦᠢᠯᠡᠳᠪᠦᠷᠢᠯᠡᠯ ᠤᠨ ︽ᠠᠮᠢᠨ ᠰᠤᠳᠠᠰᠤ︾ ᠮᠥᠨ᠂ ᠲᠤᠭ᠎ᠠ | ᠬᠡᠮᠵᠢᠶ᠎ᠡ ᠪᠠ ᠶᠠᠰᠤ ᠴᠢᠨᠠᠷ ᠤᠨ ᠬᠠᠮᠵᠢᠯᠴᠠᠨ ᠬᠥᠭᠵᠢᠬᠦ ᠨᠢ ᠮᠠᠨ ᠤ ᠤᠯᠤᠰ ᠤᠨ ᠠᠮᠤ ᠪᠤᠳᠠᠭᠠᠨ ᠤ ᠠᠮᠤᠷ ᠲᠦᠪᠰᠢᠨ | ᠪᠠ ᠨᠡᠶᠢᠭᠡᠮ ᠤᠨ ᠲᠣᠭᠲᠠᠭᠤᠨ ᠪᠠᠶᠢᠳᠠᠯ ᠲᠠᠢ ᠬᠤᠯᠪᠣᠭᠳᠠᠵᠤ ᠪᠠᠶᠢᠳᠠᠭ᠃ ᠲᠠᠷᠢᠶᠠᠨ ᠭᠠᠵᠠᠷ ᠤᠨ ᠶᠠᠰᠤ ᠴᠢᠨᠠᠷ ᠤᠨ | ᠲᠠᠯ᠎ᠠ ᠠᠴᠠ ᠠᠪᠴᠤ ᠬᠡᠯᠡᠪᠡᠯ᠂ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠤᠨ ᠪᠥᠲᠥᠭᠡᠨ ᠪᠠᠶᠢᠭᠤᠯᠤᠯᠲᠠ ᠪᠣᠯ ᠠᠮᠤ | ᠪᠤᠳᠠᠭᠠᠨ ᠤ ᠦᠢᠯᠡᠳᠪᠦᠷᠢᠯᠡᠯ ᠤᠨ ᠴᠢᠳᠠᠪᠤᠷᠢ ᠶᠢ ᠪᠠᠬᠢᠵᠢᠭᠦᠯᠦᠨ ᠳᠡᠭᠡᠭᠰᠢᠯᠡᠭᠦᠯᠬᠦ᠂ ᠤᠯᠤᠰ ᠤᠨ ᠠᠮᠤ ᠪᠤᠳᠠᠭᠠᠨ ᠤ | ᠠᠮᠤᠷ ᠲᠦᠪᠰᠢᠨ ᠢ ᠪᠠᠲᠤᠯᠠᠬᠤ ᠵᠠᠩᠭᠢᠯᠠᠭ᠎ᠠ ᠶᠢᠨ ᠠᠷᠭ᠎ᠠ ᠬᠡᠮᠵᠢᠶ᠎ᠡ ᠮᠥᠨ᠃ ᠮᠠᠨ ᠤ ᠪᠠᠯᠭᠠᠰᠤ ᠶᠡᠷᠦ ᠠᠴᠠ | ᠲᠠᠷᠢᠶᠠᠯᠠᠩ ᠠᠵᠤ ᠠᠬᠤᠢ ᠪᠠᠷ ᠤᠳᠤᠷᠢᠳᠤᠮᠵᠢ ᠪᠣᠯᠭᠠᠭᠰᠠᠨ ᠲᠠᠷᠢᠶᠠᠯᠠᠩ ᠤᠨ ᠲᠣᠮᠣ ᠪᠠᠯᠭᠠᠰᠤ ᠪᠣᠯᠣᠨ᠎ᠠ᠃ | ᠲᠠᠷᠢᠶᠠᠯᠠᠩ ᠤᠨ ᠠᠵᠤ ᠠᠬᠤᠶ ᠶᠢ ᠲᠤᠭᠲᠠᠪᠤᠷᠢᠵᠢᠭᠤᠯᠪᠠᠯ ᠰᠠᠶ᠋ᠢ | ᠲᠠᠷᠢᠶᠠᠴᠢᠨ ᠤ ᠣᠷᠤᠯᠭ᠎ᠠ ᠶᠢᠨ ᠢᠷᠡᠯᠲᠡ ᠶᠢ ᠪᠦᠲᠦᠮᠵᠢᠲᠡᠶ ᠪᠠᠲᠤᠯᠠᠵᠤ ᠴᠢᠳᠠᠨ᠎ᠠ᠃ ᠳᠡᠭᠡᠳᠦ ᠱᠠᠲᠤᠨ ᠤ ᠨᠠᠮ ᠤᠨ | ᠬᠤᠷᠢᠶ᠎ᠠ᠂ ᠵᠠᠰᠠᠭ ᠤᠨ ᠣᠷᠳᠣᠨ ᠤ ᠠᠵᠢᠯ ᠤᠨ ᠪᠠᠶᠢᠷᠢᠯᠠᠭᠤᠯᠤᠯᠲᠠ ᠶᠣᠰᠣᠭᠠᠷ᠂ ︽ᠠᠮᠤ ᠪᠤᠳᠠᠭ᠎ᠠ ᠶᠢ ᠭᠠᠵᠠᠷ | ᠰᠢᠷᠣᠶ ᠪᠠᠷ ᠪᠠᠲᠤᠯᠠᠵᠤ᠂ ᠤᠷ᠎ᠠ ᠮᠡᠷᠭᠡᠵᠢᠯ ᠢᠶᠠᠷ ᠠᠮᠤ ᠪᠤᠳᠠᠭᠠᠨ ᠤ ᠠᠮᠤᠷ ᠲᠦᠪᠰᠢᠨ ᠢ ᠪᠠᠲᠤᠯᠠᠬᠤ︾ ᠶᠢ | ᠪᠠᠷᠢᠮᠲᠠᠯᠠᠵᠤ᠂ ᠠᠮᠤ ᠪᠤᠳᠠᠭᠠᠨ ᠤ ᠠᠮᠤᠷ ᠲᠦᠪᠰᠢᠨ ᠤ ᠤᠯᠤᠰ ᠲᠥᠷᠥ ᠶᠢᠨ ᠬᠠᠷᠢᠭᠤᠴᠠᠯᠭ᠎ᠠ ᠶᠢ ᠡᠭᠦᠷᠭᠡᠯᠡᠵᠦ᠂ | ᠮᠠᠨ ᠤ ᠪᠠᠯᠭᠠᠰᠤᠨ ᠤ ᠪᠣᠳᠠᠲᠠᠶ ᠲᠠᠢ ᠪᠠᠨ ᠤᠶᠠᠯᠳᠤᠭᠤᠯᠤᠨ᠂ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠢ | ᠥᠭᠡᠷᠡᠴᠢᠯᠡᠬᠦ ᠲᠥᠷᠥᠯ ᠵᠦᠢᠯ ᠢ ᠢᠳᠡᠪᠬᠢᠲᠡᠶ ᠲᠡᠮᠡᠴᠡᠨ ᠣᠯᠵᠤ᠂ ᠲᠠᠷᠢᠶᠠᠯᠠᠩ ᠤᠨ ᠬᠡᠪᠴᠢᠶᠡᠵᠢᠭᠰᠡᠨ᠂ | ᠡᠷᠴᠢᠮᠵᠢᠭᠰᠡᠨ᠂ ᠲᠤᠰᠬᠠᠶᠢᠵᠢᠭᠰᠠᠨ ᠬᠥᠭᠵᠢᠯᠲᠡ ᠶᠢ ᠠᠬᠢᠭᠤᠯᠬᠤ ᠬᠡᠷᠡᠭᠲᠡᠢ᠃ ᠪᠦᠬᠦ ᠵᠢᠯ ᠤᠨ ᠠᠮᠤ ᠪᠤᠳᠠᠭ᠎ᠠ | ᠲᠠᠷᠢᠬᠤ ᠲᠠᠯᠠᠪᠠᠶ ᠪᠣᠯᠤᠨ ᠤᠨᠠᠯᠲᠠ ᠶᠢ ᠲᠣᠭᠲᠠᠪᠤᠷᠢᠵᠢᠭᠤᠯᠤᠨ᠂ ᠲᠠᠷᠢᠶᠠᠴᠢᠳ ᠤᠨ ᠠᠮᠤ ᠪᠤᠳᠠᠭᠠᠨ ᠤ ᠨᠢᠭᠡ | ᠤᠳᠠᠭ᠎ᠠ ᠶᠢᠨ ᠴᠢᠨᠠᠷᠲᠠᠶ ᠨᠥᠬᠦᠪᠥᠷᠢ ᠶᠢᠨ ᠠᠵᠢᠯ᠂ ᠦᠢᠯᠡᠳᠪᠦᠷᠢᠯᠡᠭᠴᠢᠳ ᠲᠤ ᠨᠥᠬᠦᠪᠥᠷᠢ ᠥᠭᠬᠦ ᠠᠵᠢᠯ ᠵᠢᠴᠢ | ᠲᠠᠷᠢᠶᠠᠯᠠᠩ ᠤᠨ ᠳᠠᠭᠠᠳᠬᠠᠯ ᠤᠨ ᠠᠵᠢᠯ ᠢ ᠦᠷᠭᠦᠯᠵᠢᠯᠡᠨ ᠥᠷᠨᠢᠭᠦᠯᠬᠦ ᠬᠡᠷᠡᠭᠲᠡᠶ᠃ | ᠲᠦᠷᠪᠡ᠂ ᠬᠥᠳᠡᠭᠡ ᠲᠣᠰᠬᠤᠨ ᠢ ᠶᠡᠷᠦᠩᠬᠡᠢ ᠳᠤᠨᠢ ᠬᠥᠭᠵᠢᠭᠦᠯᠦᠨ ᠮᠠᠨᠳᠤᠭᠤᠯᠬᠤ ᠶᠢ ᠲᠦᠷᠭᠡᠳᠬᠡᠨ | ᠠᠬᠢᠭᠤᠯᠵᠤ᠂ ᠬᠥᠳᠡᠭᠡ ᠲᠣᠰᠬᠤᠨ ᠤ ᠬᠥᠭᠵᠢᠯᠲᠡ ᠶᠢᠨ ᠣᠷᠴᠢᠨ ᠲᠣᠭᠤᠷᠢᠨ ᠢ ᠪᠦᠬᠦ ᠲᠠᠯ᠎ᠠ ᠪᠠᠷ ᠳᠡᠭᠡᠭᠰᠢᠯᠡᠭᠦᠯᠬᠦ | ᠬᠡᠷᠡᠭᠲᠡᠢ᠃ | ᠮᠠᠨ ᠤ ᠪᠠᠯᠭᠠᠰᠤ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠪᠠᠷ ᠭᠠᠷᠳᠠᠴᠠ ᠪᠣᠯᠭᠠᠵᠤ᠂ ᠬᠥᠳᠡᠭᠡ | ᠲᠣᠰᠬᠤᠨ ᠤ ᠬᠥᠭᠵᠢᠯᠲᠡ ᠶᠢᠨ ᠰᠢᠨ᠎ᠡ ᠪᠠᠶᠢᠷᠢᠰᠢᠯ ᠢ ᠪᠠᠶᠢᠭᠤᠯᠵᠤ᠂ ᠨᠡᠶᠢᠭᠡᠮ ᠤᠨ ᠠᠪᠤᠷᠠᠨ ᠲᠤᠰᠠᠯᠠᠯᠲᠠ ᠶᠢᠨ | ᠨᠠᠷᠢᠯᠢᠬᠵᠢᠭᠤᠯᠤᠭᠰᠠᠨ ᠬᠠᠮᠢᠶᠠᠷᠤᠯᠲᠠ ᠶᠢ ᠦᠷᠭᠦᠯᠵᠢᠯᠡᠨ ᠰᠠᠶᠢᠲᠤᠷ ᠠᠳᠬᠤᠵᠤ᠂ ᠪᠠᠲᠤᠯᠠᠬᠤ ᠶᠣᠰᠣᠲᠠᠶ ᠶᠢ ᠨᠢ | ᠪᠦᠬᠦᠨ ᠢ ᠪᠠᠲᠤᠯᠠᠨ᠎ᠠ᠃ ᠴᠡᠷᠢᠭ ᠲᠤ ᠬᠤᠯᠪᠣᠭᠳᠠᠬᠤ ᠨᠡᠶᠢᠲᠡ ᠴᠣᠭᠴᠠ᠂ ᠵᠡᠮᠳᠡᠭᠴᠦᠳ ᠢ ᠨᠡᠶᠢᠳᠡᠮ ᠪᠠᠶᠢᠴᠠᠭᠠᠬᠤ | ᠠᠵᠢᠯ ᠢ ᠦᠷᠭᠦᠯᠵᠢᠯᠡᠨ ᠰᠠᠶᠢᠲᠤᠷ ᠬᠢᠵᠦ᠂ ᠨᠥᠬᠦᠪᠥᠷᠢ ᠪᠣᠯᠤᠨ ᠲᠤᠰᠠᠯᠠᠬᠤ ᠪᠠᠭᠠᠵᠢ ᠬᠡᠷᠡᠭᠰᠡᠯ ᠣᠯᠭᠤᠬᠤ ᠵᠡᠷᠭᠡ | ᠨᠡᠶᠢᠭᠡᠮ ᠤᠨ ᠲᠡᠩᠬᠡᠷᠡᠭᠦᠯᠦᠨ ᠲᠤᠰᠠᠯᠠᠬᠤ ᠠᠵᠢᠯ ᠢ ᠦᠷᠭᠦᠯᠵᠢᠯᠡᠨ ᠰᠠᠶᠢᠲᠤᠷ ᠬᠢᠨ᠎ᠡ᠃ ᠠᠷᠠᠳ ᠤᠨ ᠶᠠᠪᠤᠳᠠᠯ ᠤᠨ | ᠲᠥᠷᠥ ᠶᠢᠨ ᠪᠣᠳᠣᠯᠭ᠎ᠠ ᠶᠢ ᠥᠷᠭᠡᠨ ᠢᠶᠠᠷ ᠤᠬᠠᠭᠤᠯᠵᠤ᠂ ᠲᠥᠷᠥ ᠶᠢᠨ ᠪᠣᠳᠣᠯᠭ᠎ᠠ ᠶᠢ ᠢᠯᠡ ᠪᠠᠷ ᠬᠡᠷᠡᠭᠵᠢᠭᠦᠯᠬᠦ | ᠬᠡᠷᠡᠭᠲᠡᠢ᠃ ᠡᠭᠦᠨ ᠤ ᠬᠠᠮᠲᠤ ᠵᠠᠩ ᠳᠠᠳᠬᠠᠯ ᠢ ᠥᠭᠡᠷᠡᠴᠢᠯᠡᠬᠦ ᠠᠵᠢᠯᠯᠠᠭ᠎ᠠ ᠶᠢ ᠦᠷᠭᠦᠯᠵᠢᠯᠡᠨ ᠥᠷᠨᠢᠭᠦᠯᠵᠦ᠂ | ᠪᠠᠶᠢᠩᠭᠤᠵᠢᠭᠤᠯᠬᠤ ᠶᠢ ᠪᠤᠢ ᠪᠣᠯᠭᠠᠵᠤ᠂ ᠪᠣᠯᠪᠠᠰᠤᠨ ᠪᠤᠰᠤ ᠠᠷᠬᠠᠭ ᠭᠡᠮ ᠢ ᠦᠨᠡᠨ ᠬᠦ ᠠᠷᠢᠯᠭᠠᠵᠤ᠂ ᠰᠢᠨ᠎ᠡ ᠴᠠᠭ | ᠦᠶ᠎ᠡ ᠶᠢᠨ ᠠᠷᠠᠳ ᠢᠷᠭᠡᠳ ᠤᠨ ᠶᠣᠰᠣ ᠰᠤᠷᠲᠠᠬᠤᠨ ᠤ ᠪᠠᠶᠢᠭᠤᠯᠤᠯᠲᠠ ᠶᠢ ᠴᠢᠩᠭᠠᠳᠬᠠᠬᠤ ᠬᠡᠷᠡᠭᠲᠡᠢ᠃ ᠲᠤᠭ᠎ᠠ | ᠪᠦᠷᠢᠳᠬᠡᠯ ᠤᠨ ᠲᠤᠬᠠᠶᠢᠯᠠᠭᠰᠠᠨ ᠠᠵᠢᠯ ᠤᠨ ᠪᠠᠶᠢᠭᠤᠯᠤᠯᠲᠠ ᠶᠢ ᠴᠢᠩᠭᠠᠳᠬᠠᠨ᠂ ᠳᠣᠤᠷ᠎ᠠ ᠬᠠᠭᠠᠰ ᠵᠢᠯ ᠤᠨ | ᠲᠠᠪᠤᠳᠤᠭᠠᠷ ᠤᠳᠠᠭᠠᠨ ᠤ ᠠᠵᠤ ᠠᠬᠤᠶ ᠶᠢᠨ ᠨᠡᠶᠢᠳᠡᠮ ᠪᠠᠶᠢᠴᠠᠭᠠᠯᠲᠠ ᠶᠢᠨ ᠠᠵᠢᠯ ᠢ ᠰᠠᠶᠢᠲᠤᠷ ᠬᠢᠬᠦ ᠬᠡᠷᠡᠭᠲᠡᠶ᠃ | ᠰᠢᠯᠢᠳᠡᠭ ᠤᠯᠠᠮᠵᠢᠯᠠᠯ ᠢ ᠪᠠᠷᠢᠮᠲᠠᠯᠠᠵᠤ᠂ ᠰᠤᠷᠤᠯᠴᠠᠯᠭ᠎ᠠ ᠪᠠᠨ ᠴᠢᠩᠭᠠᠳᠬᠠᠵᠤ᠂ ᠡᠯ᠎ᠡ ᠵᠦᠢᠯ ᠤᠨ ᠡᠬᠡ ᠳᠠᠩᠰᠠ ᠶᠢ | ᠬᠠᠳᠠᠭᠠᠯᠠᠬᠤ ᠠᠵᠢᠯ ᠢ ᠰᠠᠶᠢᠲᠤᠷ ᠬᠢᠬᠦ ᠬᠡᠷᠡᠭᠲᠡᠶ᠃ ᠬᠥᠳᠡᠯᠦᠩᠭᠦᠶ ᠪᠠᠷ ᠬᠢᠨᠠᠨ ᠬᠡᠮᠵᠢᠬᠦ ᠶᠢ ᠪᠥᠬᠦ ᠲᠠᠯ᠎ᠠ ᠪᠠᠷ | ᠨᠠᠶᠢᠳᠠᠪᠤᠷᠢᠵᠢᠭᠤᠯᠵᠤ᠂ ᠬᠠᠪᠰᠤᠷᠤᠨ ᠲᠡᠳᠬᠦᠬᠦ ᠲᠥᠷᠥ ᠶᠢᠨ ᠪᠣᠳᠣᠯᠭ᠎ᠠ ᠶᠢᠨ ᠨᠠᠶᠢᠳᠠᠪᠤᠷᠢᠵᠢᠭᠤᠯᠤᠯᠲᠠ ᠶᠢ | ᠯᠠᠪᠳᠠᠭᠤᠨ ᠪᠠᠲᠤᠲᠠᠶ ᠠᠬᠢᠭᠤᠯᠵᠤ᠂ ᠬᠥᠳᠡᠭᠡ ᠲᠣᠰᠬᠤᠨ ᠤ ᠣᠷᠣᠰᠢᠨ ᠰᠠᠭᠤᠬᠤ ᠣᠷᠴᠢᠨ ᠲᠣᠭᠤᠷᠢᠨ ᠢ ᠴᠡᠭᠴᠡᠯᠡᠨ | ᠵᠠᠰᠠᠵᠤ ᠳᠡᠭᠡᠭᠰᠢᠯᠡᠭᠦᠯᠬᠦ ᠠᠵᠢᠯᠯᠠᠭ᠎ᠠ ᠶᠢ ᠪᠠᠶᠢᠩᠭᠤᠵᠢᠭᠤᠯᠤᠨ ᠥᠷᠨᠢᠭᠦᠯᠵᠦ᠂ ᠲᠣᠰᠬᠤᠨ ᠤ ᠱᠠᠲᠤᠨ ᠤ ᠣᠷᠴᠢᠨ | ᠲᠣᠭᠤᠷᠢᠨ ᠤ ᠠᠷᠢᠭᠤᠨ ᠴᠡᠪᠡᠷ ᠢ ᠶᠡᠷᠦᠩᠬᠡᠶᠢᠯᠡᠨ ᠴᠡᠭᠴᠡᠯᠡᠨ ᠵᠠᠰᠠᠬᠤ ᠠᠵᠢᠯ ᠢ ᠴᠢᠩᠭᠠᠳᠬᠠᠨ᠂ ᠰᠢᠮᠳᠠᠭᠤᠯᠤᠨ | ᠭᠦᠢᠴᠡᠳᠬᠡᠬᠦ ᠬᠠᠭᠤᠳᠠᠰᠤ ᠶᠢᠨ ᠲᠦᠷᠢᠮ ᠢ ᠴᠢᠩᠭ᠎ᠠ ᠨᠠᠶᠢᠳᠠᠪᠤᠷᠢᠵᠢᠭᠤᠯᠵᠤ᠂ ᠪᠠᠯᠭᠠᠰᠤ ᠲᠣᠰᠬᠤᠨ ᠬᠤᠶᠠᠷ | ᠱᠠᠲᠤᠨ ᠤ ᠬᠢᠨ ᠲᠣᠭᠲᠠᠭᠰᠠᠨ ᠴᠠᠭ ᠲᠤ ᠣᠷᠴᠢᠨ ᠲᠣᠭᠤᠷᠢᠨ ᠤ ᠠᠷᠢᠭᠤᠨ ᠴᠡᠪᠡᠷ ᠢ ᠪᠠᠶᠢᠴᠠᠭᠠᠵᠤ᠂ ᠰᠢᠮᠳᠠᠭᠤᠯᠤᠨ | ᠪᠠᠶᠢᠴᠠᠭᠠᠵᠤ ᠢᠯᠭᠠᠷᠠᠭᠤᠯᠬᠤ ᠦᠷ᠎ᠡ ᠪᠦᠲᠦᠮᠵᠢ ᠶᠢ ᠰᠢᠮᠳᠠᠭᠤᠯᠤᠨ ᠭᠦᠢᠴᠡᠳᠬᠡᠪᠡ᠃ ᠡᠷᠡᠭᠦᠯ ᠬᠠᠮᠠᠭᠠᠯᠠᠯ ᠤᠨ | ᠡᠷᠦᠬᠡ ᠶᠢᠨ ᠵᠣᠷᠯᠣᠩ ᠢ ᠳᠡᠯᠭᠡᠷᠡᠭᠦᠯᠦᠨ ᠲᠦᠭᠡᠮᠡᠯᠵᠢᠭᠦᠯᠵᠦ᠂ ᠵᠠᠮ ᠤᠨ ᠥᠭᠡᠷᠡᠴᠢᠯᠡᠯᠲᠡ ᠶᠢ ᠠᠬᠢᠭᠤᠯᠵᠤ᠂ ᠰᠠᠭᠤᠷᠢ | ᠪᠡᠯᠡᠳᠬᠡᠮᠵᠢ ᠶᠢᠨ ᠪᠥᠲᠥᠭᠡᠨ ᠪᠠᠶᠢᠭᠤᠯᠤᠯᠲᠠ ᠶᠢᠨ ᠬᠢᠷᠢ ᠲᠦᠪᠰᠢᠨ ᠢ ᠤᠯᠠᠮ ᠨᠢᠭᠡ ᠠᠯᠬᠤᠮ ᠳᠡᠭᠡᠭᠰᠢᠯᠡᠭᠦᠯᠦᠨ᠎ᠡ᠃ | ᠵᠠᠮ ᠵᠠᠰᠠᠬᠤ ᠠᠵᠢᠯ ᠢ ᠲᠦᠯᠬᠢᠨ ᠠᠬᠢᠭᠤᠯᠬᠤ ᠲᠡᠢᠨ᠃ ᠳᠣᠤᠷ᠎ᠠ ᠬᠠᠭᠠᠰ ᠵᠢᠯ ᠳᠤ ᠲᠣᠰᠬᠤᠨ ᠤ ᠳᠦᠷᠰᠦ | ᠪᠠᠶᠢᠳᠠᠯ ᠢᠶᠠᠷ ᠦᠷᠭᠦᠯᠵᠢᠯᠡᠨ ᠬᠦᠴᠦᠯᠡᠬᠦ ᠴᠡᠭ ᠪᠣᠯᠭᠠᠵᠤ᠂ ᠠᠷᠠᠳ ᠣᠯᠠᠨ ᠤ ᠦᠢᠯᠡ ᠠᠵᠢᠯᠯᠠᠭ᠎ᠠ ᠳᠤ ᠲᠥᠬᠦᠮ | ᠦᠵᠡᠭᠦᠯᠬᠦ ᠪᠠᠷ ᠡᠭᠦᠰᠦᠯᠲᠡ ᠪᠣᠯᠭᠠᠵᠤ᠂ ᠪᠠᠷᠠᠭᠤᠨ ᠬᠡᠳᠦᠨ ᠰᠢᠯᠢ - ᠬᠡᠳᠦᠨ ᠯᠢᠶᠠᠩ ᠵᠠᠮ ᠳᠤ ᠰᠡᠯᠪᠢᠨ ᠵᠠᠰᠠᠬᠤ | ᠪᠡᠯᠡᠳᠬᠡᠯ ᠢ ᠰᠠᠶᠢᠲᠤᠷ ᠬᠢᠵᠦ᠂ ᠭᠠᠵᠠᠷ ᠬᠡᠷᠡᠭᠯᠡᠬᠦ ᠭᠠᠷᠳᠠᠮ ᠢ ᠰᠠᠶᠢᠲᠤᠷ ᠲᠡᠭᠦᠯᠳᠡᠷᠵᠢᠭᠦᠯᠬᠦ ᠵᠡᠷᠭᠡ ᠠᠵᠢᠯ ᠢ | ᠦᠷᠭᠦᠯᠵᠢᠯᠡᠨ ᠰᠠᠶᠢᠲᠤᠷ ᠬᠢᠨ᠎ᠠ᠃ | ᠲᠠᠪᠤ᠂ ᠵᠠᠰᠠᠭ ᠤᠨ ᠣᠷᠳᠣᠨ ᠤ ᠳᠦᠷᠢ ᠲᠥᠷᠬᠦ ᠶᠢ ᠲᠠᠰᠤᠷᠠᠯᠲᠠ ᠦᠭᠡᠢ ᠳᠡᠭᠡᠭᠰᠢᠯᠡᠭᠦᠯᠵᠦ᠂ ᠪᠦᠬᠦ | ᠪᠠᠯᠭᠠᠰᠤ ᠪᠠᠷ ᠢᠶᠠᠨ ᠬᠥᠳᠡᠯᠦᠯᠴᠡᠵᠦ᠂ ᠠᠷᠠᠳ ᠤᠨ ᠲᠥᠯᠥᠭᠡ ᠵᠠᠰᠠᠭ ᠤᠨ ᠣᠷᠳᠣᠨ ᠢ ᠪᠠᠶᠢᠭᠤᠯᠬᠤ ᠶᠢ ᠪᠠᠷᠢᠮᠲᠠᠯᠠᠪᠠ᠃ | | ᠥᠨᠳᠥᠷ ᠪᠦᠲᠦᠮᠵᠢᠲᠡᠶ ᠵᠠᠰᠠᠭ ᠤᠨ ᠣᠷᠳᠣᠨ ᠢ ᠪᠠᠶᠢᠭᠤᠯᠵᠤ᠂ ᠵᠠᠰᠠᠭ ᠵᠠᠬᠢᠷᠭᠠᠨ ᠤ ᠬᠦᠴᠦᠨ | ᠴᠢᠳᠠᠪᠤᠷᠢ ᠶᠢᠨ ᠶᠠᠰᠤ ᠴᠢᠨᠠᠷ ᠢ ᠳᠡᠭᠡᠭᠰᠢᠯᠡᠭᠦᠯᠦᠨ ᠬᠤᠷᠳᠤᠴᠠ ᠶᠢ ᠲᠦᠷᠭᠡᠳᠬᠡᠪᠡ᠃ ᠵᠠᠰᠠᠭ ᠤᠨ ᠣᠷᠳᠣᠨ ᠤ | ᠠᠵᠢᠯ ᠢ ᠠᠯᠢ ᠴᠢᠳᠠᠬᠤ ᠪᠠᠷ ᠬᠡᠮᠵᠢᠶᠡᠵᠢᠭᠦᠯᠵᠦ᠂ ᠲᠥᠷᠥᠯ ᠵᠦᠶ᠋ᠯᠵᠢᠭᠦᠯᠦᠨ᠂ ᠬᠠᠷᠢᠭᠤᠴᠠᠯᠭᠠᠵᠢᠭᠤᠯᠵᠤ᠂ | ᠬᠠᠷᠢᠭᠤᠴᠠᠯᠭ᠎ᠠ ᠶᠢ ᠬᠥᠮᠦᠨ ᠳᠤᠨᠢ ᠨᠠᠶᠢᠳᠠᠪᠤᠷᠢᠵᠢᠭᠤᠯᠤᠨ᠂ ᠲᠤᠰᠬᠠᠶ ᠬᠡᠷᠡᠭ ᠢ ᠲᠤᠰᠬᠠᠶ ᠬᠥᠮᠦᠨ ᠰᠢᠶ᠋ᠳᠪᠦᠷᠢᠯᠡᠵᠦ᠂ | ᠲᠠᠷᠠᠬᠠᠶ ᠪᠤᠲᠠᠷᠬᠠᠶ ᠶᠠᠪᠤᠳᠠᠯ ᠢ ᠬᠠᠮᠲᠤ ᠪᠠᠷ ᠰᠢᠶ᠋ᠳᠪᠦᠷᠢᠯᠡᠵᠦ᠂ ᠠᠵᠢᠯ ᠢ ᠠᠬᠢᠭᠤᠯᠬᠤ ᠶᠢᠨ ᠲᠦᠭᠵᠢᠷᠡᠯ ᠬᠦᠴᠢᠷ | ᠠᠰᠠᠭᠤᠳᠠᠯ ᠢ ᠦᠨᠡᠨᠬᠦ ᠠᠷᠢᠯᠭᠠᠵᠤ᠂ ᠡᠯ᠎ᠡ ᠵᠦᠢᠯ ᠤᠨ ᠠᠵᠢᠯ ᠢ ᠲᠡᠷᠡ ᠶᠣᠰᠣᠭᠠᠷ ᠨᠢ ᠨᠠᠶᠢᠳᠠᠪᠤᠷᠢᠵᠢᠭᠤᠯᠤᠨ | ᠦᠷ᠎ᠡ ᠪᠦᠲᠦᠮᠵᠢ ᠭᠠᠷᠭᠠᠬᠤ ᠶᠢ ᠦᠨᠡᠨᠬᠦ ᠪᠠᠲᠤᠯᠠᠬᠤ ᠬᠡᠷᠡᠭᠲᠡᠶ᠃ ᠬᠡᠯᠪᠡᠷᠢ ᠶᠢᠨ ᠦᠵᠡᠯ ᠪᠠ ᠨᠣᠶᠠᠨᠴᠢ ᠰᠤᠷᠲᠠᠯ ᠢ | ᠡᠷᠡᠰ ᠡᠰᠡᠷᠭᠦᠴᠡᠵᠦ᠂ ︽ᠨᠢᠭᠤᠷᠳᠠᠨ ᠬᠠᠨᠳᠤᠬᠤ︾᠂ ︽ᠠᠯᠪᠠᠨ ᠪᠢᠴᠢᠭ ᠢ ᠡᠰᠡᠷᠭᠦᠴᠡᠬᠦ︾ ᠶᠢ ᠰᠠᠨᠠᠭᠠᠴᠢᠯᠠᠬᠤ | ᠬᠡᠷᠡᠭᠲᠡᠶ᠃ ᠠᠯᠳᠠᠭ᠎ᠠ ᠪᠤᠷᠤᠭᠤ ᠶᠢ ᠠᠭᠤᠴᠢᠯᠠᠨ ᠪᠠᠭᠲᠠᠭᠠᠵᠤ ᠠᠯᠳᠠᠭ᠎ᠠ ᠪᠤᠷᠤᠭᠤ ᠶᠢ ᠵᠠᠯᠠᠷᠠᠭᠤᠯᠬᠤ ᠲᠣᠭᠲᠠᠴᠠ ᠶᠢ | ᠨᠠᠶᠢᠳᠠᠪᠤᠷᠢᠵᠢᠭᠤᠯᠵᠤ᠂ ᠺᠠᠳ᠋ᠷᠴᠤᠳ ᠤᠨ ᠬᠠᠷᠢᠭᠤᠴᠠᠯᠭ᠎ᠠ ᠡᠭᠦᠷᠭᠡᠯᠡᠨ ᠵᠢᠳᠬᠦᠯ ᠴᠢᠷᠮᠠᠶᠢᠯᠭ᠎ᠠ ᠭᠠᠷᠭᠠᠬᠤ ᠶᠢ | ᠬᠥᠭᠵᠢᠭᠡᠵᠦ᠂ ᠵᠠᠰᠠᠭ ᠤᠨ ᠣᠷᠳᠣᠨ ᠤ ᠵᠠᠰᠠᠭ ᠵᠠᠬᠢᠷᠭᠠᠨ ᠤ ᠬᠦᠴᠦᠨ ᠴᠢᠳᠠᠪᠤᠷᠢ ᠶᠢ ᠪᠦᠬᠦ ᠲᠠᠯ᠎ᠠ ᠪᠠᠷ | ᠳᠡᠭᠡᠭᠰᠢᠯᠡᠭᠦᠯᠦᠨ᠎ᠡ᠃ ᠠᠷᠢᠭᠤᠨ ᠴᠢᠬᠡᠴᠢ ᠵᠠᠰᠠᠭ ᠤᠨ ᠣᠷᠳᠣᠨ ᠢ ᠪᠠᠶᠢᠭᠤᠯᠵᠤ᠂ ᠬᠢᠨᠠᠯᠲᠠ ᠲᠠᠯᠪᠢᠬᠤ ᠶᠢ ᠲᠡᠷᠡ | ᠶᠣᠰᠣᠭᠠᠷ ᠨᠢ ᠬᠢᠵᠠᠭᠠᠷᠯᠠᠬᠤ ᠬᠡᠷᠡᠭᠲᠡᠢ᠃ ︽ᠠᠷᠪᠢᠯᠠᠨ ᠭᠠᠮᠨᠠᠬᠤ︾ ᠦᠵᠡᠯ ᠰᠠᠨᠠᠭ᠎ᠠ ᠶᠢ ᠪᠠᠲᠤ ᠪᠤᠢ ᠪᠣᠯᠭᠠᠵᠤ᠂ | ᠭᠤᠷᠪᠠᠨ ᠵᠦᠢᠯ ᠤᠨ ᠠᠯᠪᠠᠨ ᠵᠠᠷᠤᠳᠠᠯ ᠢ ᠵᠦᠶ ᠵᠣᠬᠢᠰᠲᠠᠶ ᠭᠠᠷᠭᠠᠵᠤ᠂ ᠣᠷᠣᠯᠭ᠎ᠠ ᠵᠠᠷᠤᠯᠭ᠎ᠠ ᠶᠢᠨ ᠵᠥᠷᠢᠴᠡᠯ ᠢ | ᠨᠠᠮᠳᠠᠭᠤᠯᠤᠨ᠎ᠠ᠃ ᠨᠠᠮ ᠤᠨ ᠰᠤᠷᠲᠠᠯ ᠠᠷᠢᠭᠤᠨ ᠴᠢᠬᠡᠴᠢ ᠪᠠᠷ ᠵᠠᠰᠠᠭ ᠪᠠᠷᠢᠬᠤ ᠪᠠᠢᠭᠤᠯᠤᠯᠲᠠ ᠶᠢᠨ ︽ᠬᠤᠶᠠᠷ | ᠬᠠᠷᠢᠭᠤᠴᠠᠯᠭ᠎ᠠ︾ ᠶᠢ ᠨᠠᠢᠳᠠᠪᠤᠷᠢᠵᠢᠭᠤᠯᠵᠤ ᠲᠥᠪ ᠤᠨ ᠨᠠᠢᠮᠠᠨ ᠲᠣᠭᠲᠠᠭᠠᠯ ᠤᠨ ᠵᠣᠷᠢᠭ ᠰᠠᠨᠠᠭ᠎ᠠ ᠶᠢ ᠴᠢᠩᠭ᠎ᠠ | ᠨᠠᠢᠳᠠᠪᠤᠷᠢᠵᠢᠭᠤᠯᠤᠶᠠ᠃ ᠠᠷᠢᠭᠤᠨ ᠴᠢᠬᠡᠴᠢ ᠪᠠᠷ ᠵᠠᠰᠠᠭ ᠪᠠᠷᠢᠬᠤ ᠠᠶᠤᠯ ᠲᠦᠭᠰᠢᠭᠦᠷᠢ ᠶᠢ ᠰᠡᠷᠭᠡᠶᠢᠯᠡᠨ ᠡᠵᠡᠮᠳᠡᠬᠦ ᠶᠢ | ᠴᠢᠩᠭᠠᠳᠬᠠᠵᠤ᠂ ᠪᠠᠶᠢᠩᠭᠤᠵᠢᠭᠰᠠᠨ ᠬᠢᠨᠠᠯᠲᠠ ᠲᠠᠯᠪᠢᠬᠤ ᠲᠦᠷᠢᠮ ᠢ ᠪᠠᠶᠢᠭᠤᠯᠤᠨ᠂ ᠵᠠᠰᠠᠭ ᠤᠨ ᠣᠷᠳᠣᠨ ᠤ | ᠳᠣᠲᠣᠭᠠᠳᠤ ᠶᠢᠨ ᠬᠢᠨᠠᠯᠲᠠ ᠲᠠᠯᠪᠢᠬᠤ ᠪᠠ ᠲᠤᠰᠬᠠᠶ ᠬᠢᠨᠠᠯᠲᠠ ᠲᠠᠯᠪᠢᠬᠤ ᠶᠢ ᠲᠡᠭᠦᠯᠳᠡᠷᠵᠢᠭᠦᠯᠦᠨ᠎ᠡ᠃ | ᠭᠤᠣᠯᠳᠠᠯᠭ᠎ᠠ ᠲᠠᠢ ᠬᠦᠷᠢᠶᠡᠨ ᠳᠠᠬᠢ ᠰᠠᠬᠢᠯᠭ᠎ᠠ ᠪᠠᠲᠤ ᠲᠦᠷᠢᠮ ᠲᠣᠭᠲᠠᠭᠠᠯ ᠠᠴᠠ ᠵᠥᠷᠢᠴᠡᠵᠦ ᠬᠠᠤᠯᠢ ᠠᠴᠠ | ᠵᠥᠷᠢᠴᠡᠭᠰᠡᠨ ᠠᠰᠠᠭᠤᠳᠠᠯ ᠢ ᠶᠡᠬᠡᠪᠡᠷ ᠴᠡᠭᠴᠡᠯᠡᠨ ᠵᠠᠰᠠᠵᠤ᠂ ᠦᠨᠳᠦᠰᠦᠨ ᠱᠠᠲᠤᠨ ᠤ ︽ᠪᠢᠴᠢᠯ ᠢᠯᠵᠠᠷᠠᠯ︾ ᠢ | ᠰᠢᠰᠲ᠋ᠧᠮ ᠲᠠᠢ ᠵᠠᠰᠠᠵᠤ᠂ ᠤᠯᠠᠨ ᠨᠡᠶᠢᠲᠡ ᠶᠢᠨ ᠢᠨᠵᠧᠨᠧᠷᠢᠩ ᠤᠨ ᠲᠦᠷᠦᠯ ᠵᠦᠢᠯ ᠳᠤ ᠠᠩᠬᠠᠷᠤᠯ ᠢᠶᠠᠨ | ᠲᠥᠪᠯᠡᠷᠡᠭᠦᠯᠵᠦ᠂ ᠲᠦᠷᠢᠮ ᠢ ᠲᠡᠭᠦᠯᠳᠡᠷᠵᠢᠭᠦᠯᠵᠦ᠂ ᠴᠢᠩᠭ᠎ᠠ ᠬᠡᠷᠡᠭᠵᠢᠭᠦᠯᠵᠦ᠂ ᠬᠢᠨᠠᠯᠲᠠ ᠲᠠᠯᠪᠢᠬᠤ ᠶᠢ | ᠴᠢᠩᠭᠠᠳᠬᠠᠨ᠎ᠠ᠃ ᠬᠠᠤᠯᠢ ᠪᠠᠷ ᠵᠠᠰᠠᠬᠤ ᠵᠠᠰᠠᠭ ᠤᠨ ᠣᠷᠳᠣᠨ ᠢ ᠪᠠᠶᠢᠭᠤᠯᠵᠤ᠂ ᠵᠠᠰᠠᠭ ᠵᠠᠬᠢᠷᠭᠠᠨ ᠤ ᠬᠠᠤᠯᠢ | ᠶᠣᠰᠣᠭᠠᠷ ᠪᠠᠰᠠ ᠳᠦᠷᠢᠮ ᠲᠣᠭᠲᠠᠭᠠᠯ ᠢ ᠪᠠᠷᠢᠮᠲᠠᠯᠠᠨ᠎ᠠ᠃ ᠪᠦᠬᠦ ᠠᠷᠠᠳ ᠲᠤ ᠬᠠᠤᠯᠢ ᠴᠠᠭᠠᠵᠠ ᠶᠢᠨ ᠶᠡᠷᠦ ᠶᠢᠨ | ᠮᠡᠳᠡᠯᠭᠡ ᠶᠢ ᠲᠦᠭᠡᠮᠡᠯᠵᠢᠭᠦᠯᠬᠦ ᠡᠷᠴᠢᠮ ᠢ ᠴᠢᠩᠭᠠᠷᠠᠭᠤᠯᠵᠤ᠂ ᠦᠨᠳᠦᠰᠦᠨ ᠬᠠᠤᠯᠢ ᠪᠠ ᠬᠠᠤᠯᠢ ᠪᠠᠷ ᠵᠠᠰᠠᠬᠤ | ᠤᠬᠠᠭᠤᠯᠭ᠎ᠠ ᠬᠥᠮᠦᠵᠢᠯ ᠢ ᠴᠢᠩᠭᠠᠳᠬᠠᠨ᠂ ᠤᠯᠠᠨ ᠨᠡᠶᠢᠲᠡ ᠶᠢᠨ ᠴᠢᠬᠤᠯᠠ ᠶᠡᠭᠡ ᠵᠠᠰᠠᠭ ᠵᠠᠬᠢᠷᠭᠠᠨ ᠤ ᠰᠢᠢᠳᠪᠦᠷᠢᠲᠦ | ᠪᠤᠳᠤᠯᠭ᠎ᠠ ᠳᠤ ᠣᠷᠣᠯᠴᠠᠬᠤ ᠶᠢ ᠠᠬᠢᠭᠤᠯᠤᠨ᠎ᠠ ᠃ ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ | ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠦᠯᠲᠡ ᠶᠢᠨ ᠵᠢᠷᠤᠮᠵᠢᠭᠤᠯᠤᠯᠲᠠ᠂ | ᠪᠠᠷᠢᠮᠵᠢᠶᠠᠵᠢᠭᠤᠯᠤᠯᠲᠠ᠂ ᠤᠶᠤᠨᠴᠢᠯᠠᠯᠲᠠ ᠶᠢᠨ ᠪᠠᠶᠢᠭᠤᠯᠤᠯᠲᠠ ᠶᠢ ᠠᠬᠢᠭᠤᠯᠤᠨ᠎ᠠ᠃ ᠪᠠᠯᠭᠠᠰᠤᠨ ᠤ ᠠᠷᠠᠳ ᠤᠨ | ᠲᠥᠯᠥᠭᠡᠯᠡᠭᠴᠢᠳ ᠤᠨ ᠶᠡᠭᠡ ᠬᠤᠷᠠᠯ ᠤᠨ ᠰᠢᠢᠳᠪᠦᠷᠢ ᠲᠣᠭᠲᠠᠭᠠᠯ ᠢ ᠴᠢᠩᠭ᠎ᠠ ᠬᠡᠷᠡᠭᠵᠢᠭᠦᠯᠵᠦ᠂ ᠠᠷᠠᠳ ᠤᠨ | ᠲᠥᠯᠥᠭᠡᠯᠡᠭᠴᠢᠳ ᠤᠨ ᠶᠡᠭᠡ ᠬᠤᠷᠠᠯ ᠤᠨ ᠬᠠᠤᠯᠢ ᠴᠠᠭᠠᠵᠠ ᠶᠢᠨ ᠬᠢᠨᠠᠯᠲᠠ᠂ ᠠᠵᠢᠯ ᠤᠨ ᠬᠢᠨᠠᠯᠲᠠ ᠶᠢ | ᠤᠬᠠᠮᠰᠠᠷ ᠠᠴᠠ ᠪᠠᠨ ᠬᠦᠯᠢᠶᠡᠵᠦ᠂ ᠰᠠᠨᠠᠭᠤᠯᠭ᠎ᠠ ᠪᠠ ᠳᠤᠷᠠᠳᠤᠯᠭ᠎ᠠ ᠶᠢ ᠴᠢᠨᠠᠷ ᠰᠠᠶᠢᠲᠠᠢ ᠰᠠᠶᠢᠲᠤᠷ ᠬᠢᠵᠦ᠂ | ᠨᠡᠶᠢᠭᠡᠮ ᠤᠨ ᠬᠢᠨᠠᠯᠲᠠ ᠶᠢ ᠰᠠᠨᠠᠭᠠᠴᠢᠯᠠᠭ᠎ᠠ ᠠᠴᠠ ᠪᠠᠨ ᠬᠦᠯᠢᠶᠡᠵᠦ᠂ ᠬᠠᠤᠯᠢ ᠶᠣᠰᠣᠭᠠᠷ ᠵᠠᠰᠠᠭ ᠶᠠᠪᠤᠭᠤᠯᠬᠤ ᠶᠢ | ᠪᠠᠷᠢᠮᠲᠠᠯᠠᠨ᠎ᠠ᠃ | ᠲᠦᠮᠡᠨ ᠭᠠᠵᠠᠷ ᠤᠨ ᠠᠶᠠᠨ ᠵᠠᠮ ᠡᠷᠴᠢ ᠵᠣᠷᠢᠭ ᠲᠡᠭᠦᠯᠳᠡᠷ᠃ ᠬᠤᠶᠢᠰᠢᠳᠠ ᠶᠢᠨ ᠠᠵᠢᠯ ᠤᠨ ᠳᠤᠮᠳᠠ᠂ | ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ | ᠰᠠᠨᠠᠭ᠎ᠠ ᠪᠠᠷ ᠵᠢᠯᠤᠭᠤᠳᠤᠯᠭ᠎ᠠ ᠪᠣᠯᠭᠠᠬᠤ ᠶᠢ ᠪᠠᠷᠢᠮᠲᠠᠯᠠᠵᠤ᠂ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ | ᠰᠠᠨᠠᠭ᠎ᠠ ᠶᠢ ᠦᠷᠭᠦᠯᠵᠢᠯᠡᠨ ᠭᠦᠨᠵᠡᠭᠡᠢ ᠰᠤᠷᠤᠯᠴᠠᠨ ᠲᠤᠤᠱᠯᠠᠭᠤᠯᠵᠤ᠂ ︽ᠮᠠᠨ ᠤ ᠤᠯᠤᠰ ᠤᠨ ᠤᠮᠠᠷᠠᠲᠤ ᠶᠢᠨ | ᠴᠢᠬᠤᠯᠠ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ ᠶᠢ ᠪᠠᠬᠢᠵᠢᠭᠦᠯᠬᠦ︾ ᠪᠣᠯ ᠤᠯᠤᠰ ᠤᠨ ᠶᠡᠭᠡ ᠶᠠᠪᠤᠳᠠᠯ | ᠪᠣᠯᠬᠤ ᠶᠢ ᠪᠠᠲᠤ ᠴᠡᠭᠡᠵᠢᠯᠡᠵᠦ᠂ ᠶᠡᠷᠦᠩᠬᠡᠢ ᠱᠦᠵᠢ ᠰᠢ ᠶᠢᠨ ᠫᠢᠩ ᠤᠨ ᠥᠪᠥᠷ ᠮᠣᠩᠭᠤᠯ ᠤᠨ ᠲᠤᠬᠠᠢ ᠴᠢᠬᠤᠯᠠ | ᠶᠠᠷᠢᠶ᠎ᠠ ᠴᠢᠬᠤᠯᠠ ᠵᠢᠭᠠᠪᠤᠷᠢ ᠴᠣᠬᠤᠯᠠᠪᠤᠷᠢ ᠶᠢᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠤᠱᠯᠠᠭᠤᠯᠤᠨ | ᠨᠠᠶᠢᠳᠠᠪᠤᠷᠢᠵᠢᠭᠤᠯᠵᠤ᠂ ᠣᠷᠭᠢᠯᠤᠮ᠎ᠠ ᠬᠠᠯᠠᠭᠤᠨ ᠠᠵᠢᠯ ᠤᠨ ᠬᠠᠯᠠᠭᠤᠨ ᠰᠡᠳᠬᠢᠯᠭᠡ ᠪᠣᠯᠤᠨ ᠴᠤᠭ ᠪᠠᠳᠠᠷᠠᠩᠭᠤᠢ | ᠡᠷᠡᠯᠬᠡᠭᠯᠡᠨ ᠤᠷᠤᠭᠰᠢᠯᠠᠵᠤ᠂ ᠯᠠᠪᠳᠠᠭᠤᠨ ᠪᠠᠲᠤᠲᠠᠢ ᠠᠵᠢᠯᠯᠠᠵᠤ᠂ ᠡᠯ᠎ᠡ ᠵᠦᠢᠯ ᠤᠨ ᠬᠠᠷᠠᠯᠲᠠ ᠡᠭᠦᠷᠭᠡ ᠪᠠᠨ ᠲᠡᠭᠦᠰ | ᠠᠮᠵᠢᠯᠲᠠ ᠲᠠᠢ ᠪᠡᠶᠡᠯᠡᠭᠦᠯᠬᠦ ᠬᠡᠷᠡᠭᠲᠡᠢ᠃ | |