ᠠᠷᠤᠭ
ᠨᠡᠶᠢᠲᠡᠯᠡᠭᠰᠡᠨ ᠴᠠᠭ᠄
2023/12/27
     ᠬᠠᠪᠤᠷ ᠤᠨ ᠰᠠᠯᠬᠢᠨ ᠪᠠᠷᠠᠭᠤᠨ ᠬᠤᠶᠢᠨ᠎ᠠ ᠠᠴᠠ ᠬᠤᠶᠢᠰᠠᠭᠠᠨᠠᠵᠤ ᠪᠠᠶᠢᠭᠰᠠᠨ ᠢᠶᠠᠨ ᠦᠳᠡ ᠥᠩᠭᠡᠷᠡᠭᠡᠳ ᠤᠯᠠᠮ ᠰᠢᠷᠦᠭᠦᠰᠴᠦ ᠡᠬᠢᠯᠡᠪᠡ᠃ ᠲᠠᠷᠪᠠᠭᠠᠨ ᠲᠡᠭᠡᠭ ᠤᠨ ᠡᠩᠭᠡᠷ ᠲᠤ ᠪᠠᠶᠢᠷᠢᠯᠠᠭᠰᠠᠨ ᠬᠤᠸᠠᠷ ᠨᠠᠰᠤᠲᠠᠨ ᠤ ᠨᠡᠭᠦᠷᠡᠰᠦᠨ ᠭᠡᠷ ᠤᠨ ᠬᠢᠨᠢ ᠬᠠᠵᠠᠭᠤ ᠳᠤ ᠲᠠᠯᠪᠢᠭᠰᠠᠨ ᠠᠷᠤᠭ ᠬᠠᠪᠰᠠᠷᠭ᠎ᠠ ᠰᠠᠯᠬᠢᠨ ᠳᠤ ᠪᠣᠮᠪᠣᠭ ᠳᠣᠮᠪᠤᠭ ᠭᠡᠭᠰᠡᠭᠡᠷ ᠪᠠᠶᠢᠭᠠᠳ ᠪᠥᠮᠪᠥᠷᠢᠭᠡᠳ ᠶᠠᠪᠤᠬᠤ ᠨᠢ ᠲᠡᠷᠡ᠃     ᠭᠡᠷ ᠤᠨ ᠬᠢᠨᠢ ᠪᠠᠷᠠᠭᠤᠨ ᠡᠮᠦᠨ᠎ᠡ ᠡᠪ ᠳᠦᠢ ᠶᠢ ᠨᠢ ᠲᠣᠬᠢᠷᠠᠭᠤᠯᠵᠤ ᠪᠠᠷᠢᠭᠰᠠᠨ ᠮᠠᠯ ᠤᠨ ᠬᠤᠷᠤᠭ᠎ᠠ ᠬᠠᠷᠠᠭᠳᠠᠨ᠎ᠠ᠃ ᠲᠡᠷᠡ ᠵᠢᠯ ᠤᠨ ᠬᠠᠷ᠎ᠠ ᠬᠤᠵᠢᠷ ᠰᠠᠷ᠎ᠠ᠂ ᠪᠠᠭ᠎ᠠ ᠰᠠᠭ᠎ᠠ ᠭᠠᠷ ᠦᠵᠦᠭᠦᠷ ᠲᠤ ᠵᠠᠷᠤᠳᠠᠭ ᠡᠳ᠋ ᠢᠶᠠᠨ ᠠᠷᠤᠭ ᠲᠠᠭᠠᠨ ᠰᠠᠪᠠᠯᠠᠵᠤ ᠢᠨᠵᠢ ᠶᠢᠨ ᠦᠬᠡᠷ ᠳᠡᠭᠡᠷ᠎ᠡ ᠪᠠᠨ ᠠᠴᠢᠭᠠᠳ ᠡᠨᠡ ᠠᠶᠢᠯ ᠤᠨ ᠡᠭᠦᠳᠡ ᠶᠢ ᠠᠯᠬᠤᠭᠰᠠᠨ  ᠠᠴᠠ ᠬᠤᠸᠠᠷ ᠨᠠᠰᠤᠲᠠᠨ ᠭᠠᠯ ᠵᠠᠯᠠᠭᠤ ᠭᠠᠯᠪᠢᠷᠬᠠᠨ ᠪᠡᠶ᠎ᠡ ᠪᠠᠨ ᠠᠳᠡ ᠡᠯᠡᠭᠡᠭᠡᠳ ᠥᠨᠥ ᠬᠦᠷᠴᠡᠢ᠃ ᠬᠡᠳᠦᠢ ᠲᠥᠯ ᠳᠤᠰᠴᠤ ᠬᠡᠳᠦᠢ ᠶᠢ ᠤᠨᠳᠤᠷᠤᠭᠤᠯᠤᠭᠰᠠᠨ᠂ ᠬᠡᠴᠢᠨᠡᠨ ᠤᠳᠠᠭ᠎ᠠ ᠬᠠᠰᠢᠶ᠎ᠠ ᠬᠦᠷᠢᠶ᠎ᠡ ᠪᠠᠨ ᠰᠡᠯᠪᠢᠵᠦ ᠵᠠᠰᠠᠭᠰᠠᠨ᠂ ᠬᠡᠳᠦᠢ ᠤᠯᠠᠨ ᠠᠷᠭᠠᠯ ᠬᠤᠷᠭᠤᠯ ᠰᠢᠷᠪᠢᠵᠦ ︵ᠱᠦᠭᠦᠷᠳᠡᠵᠦ︶ ᠡᠨᠡ ᠠᠶᠢᠯ ᠤᠨ ᠲᠣᠭᠤᠨᠣ ᠠᠴᠠ ᠤᠳᠤᠭ᠎ᠠ ᠪᠤᠷᠭᠢᠭᠤᠯᠤᠬᠰᠠᠨ ᠢ ᠴᠠᠶᠢᠭᠰᠠᠨ ᠭᠡᠵᠢᠭᠡ ᠶᠢᠨ ᠬᠢᠨᠢ ᠰᠢᠷᠬᠡᠭ ᠤᠨ ᠲᠤᠭ᠎ᠠ᠂ ᠴᠢᠷᠠᠢ ᠳᠦᠭᠦᠷᠡᠩ ᠦᠷᠴᠢᠯᠡᠭᠡᠰᠦ᠂ ᠴᠠᠭ ᠤᠨ ᠰᠠᠯᠬᠢ ᠶᠢ  ᠳᠠᠭᠠᠭᠠᠵᠤ ᠶᠠᠳᠠᠮ᠎ᠠ ᠪᠣᠯᠤᠭᠰᠠᠨ ᠪᠥᠭᠲᠥᠷ ᠨᠢᠷᠤᠭᠤ ᠨᠢ ᠯᠠ ᠲᠡᠮᠳᠡᠭᠯᠡᠭᠰᠡᠨ ᠪᠠᠶᠢᠬ᠎ᠠ ᠳ᠋ᠠ᠃ ᠡᠨᠡ ᠡᠳᠦᠷ ᠮᠥᠨ ᠴᠤ ᠲᠡᠨᠳᠡ ᠪᠠᠨ ᠬᠡᠳᠦᠨ ᠮᠠᠭᠤ ᠲᠥᠯ ᠤᠨ ᠳᠠᠭᠤᠨ ᠳᠤ ᠰᠡᠳᠬᠢᠯ ᠢᠶᠠᠨ ᠪᠠᠶᠠᠰᠬᠠᠵᠤ᠂ ᠡᠪᠡᠰᠦ ᠪᠣᠷᠳᠤᠭ᠎ᠠ ᠲᠡᠵᠢᠭᠡᠵᠦ ᠪᠠᠶᠢᠭᠰᠠᠨ ᠨᠠᠰᠤᠲᠠᠨ ᠠᠷᠤᠭ ᠴᠠᠭᠠᠰᠢ ᠪᠥᠮᠪᠥᠷᠢᠬᠦ ᠶᠢ ᠣᠯᠵᠤ ᠬᠠᠷᠠᠭᠠᠳ ᠮᠠᠶᠢᠵᠢᠭ ᠬᠤᠶᠠᠷ ᠬᠥᠯ ᠢᠶᠠᠨ ᠲᠦᠷᠭᠡᠨ ᠲᠦᠷᠭᠡᠨ ᠰᠣᠯᠪᠢᠴᠠᠭᠤᠯᠤᠨ ᠠᠮᠠᠳᠠᠵᠤ ᠭᠦᠶᠦᠭᠰᠡᠨ ᠴᠸ ᠣᠨ ᠵᠢᠯ ᠢ ᠬᠡᠴᠢᠨᠡᠨ ᠴᠸ ᠬᠡᠶᠢᠰᠬᠡᠴᠢᠬᠡᠭᠰᠡᠨ ᠰᠠᠯᠬᠢᠨ ᠨᠠᠰᠤᠲᠠᠨ ᠢ ᠥᠷᠥᠪᠲᠥᠭᠡ ᠦᠭᠡᠢ᠃ ᠶᠠᠭᠠᠬᠢᠵᠤ ᠴᠸ ᠠᠮᠵᠢᠭ᠎ᠠ ᠦᠭᠡᠢ ᠬᠠᠵᠠᠭᠤ ᠪᠠᠷ ᠨᠢ ᠱᠥᠷᠭᠦᠮ᠎ᠡ ᠲᠣᠭᠠᠨ ᠤ ᠠᠯᠳᠠᠭᠠᠳ ᠭᠠᠷᠭᠠᠴᠢᠬᠠᠯ᠎ᠠ᠃     ᠠᠷᠪᠠᠨ ᠨᠠᠢᠮᠠ ᠲᠠᠢ ᠲᠡᠷᠡ ᠵᠢᠯ ᠤᠨ ᠬᠠᠪᠤᠷ ᠠᠷᠤᠭ ᠢᠶᠠᠨ ᠡᠭᠦᠷᠴᠦ ᠠᠷᠭᠠᠯ ᠳᠤ ᠶᠠᠪᠤᠭᠰᠠᠨ ᠢᠶᠠᠨ ᠪᠤᠲᠣᠵᠦ ᠠᠮᠵᠢᠪᠠ᠃ ᠪᠡᠯᠴᠢᠭᠡᠷ ᠤᠨ ᠵᠠᠬ᠎ᠠ ᠬᠦᠷᠬᠦ ᠳᠤ ᠬᠤᠶᠠᠷ ᠬᠤᠴᠠ ᠮᠥᠷᠭᠦᠯᠳᠦᠭᠡᠳ ᠰᠠᠯᠤᠯᠴᠠᠬᠤ ᠦᠭᠡᠢ ᠪᠠᠶᠢᠬᠤ ᠪᠠᠷ  ᠨᠢ ᠠᠷᠤᠭ ᠢᠶᠠᠨ ᠬᠤᠷᠤᠶᠢᠯᠳᠤᠨ ᠪᠠᠶᠢᠵᠤ ᠰᠠᠯᠭᠠᠬᠤ ᠭᠡᠵᠦ ᠪᠠᠶᠢᠲᠠᠯ᠎ᠠ ᠣᠭᠤᠰᠣᠷ ᠨᠢ ᠮᠤᠯᠲᠤᠷᠠᠵᠤ ᠰᠠᠯᠬᠢᠨ ᠳᠤ ᠬᠡᠶᠢᠰᠴᠢᠬᠡᠪᠡ᠃ ᠲᠡᠷᠡ ᠡᠳᠦᠷ ᠤᠨ ᠰᠠᠯᠬᠢᠨ ᠰᠦᠷᠡᠬᠡᠢ ᠶᠡᠭᠡ ᠪᠠᠶᠢᠭᠰᠠᠨ᠃ ᠠᠷᠤᠭ ᠤᠨ ᠢᠶᠠᠨ ᠬᠤᠶᠢᠨ᠎ᠠ ᠠᠴᠠ ᠨᠢ ᠬᠥᠭᠡᠭᠡᠬᠦ ᠳᠤᠲᠤᠮ ᠬᠤᠶᠠᠭᠤᠯᠠ ᠶᠢᠨ ᠵᠠᠢ ᠬᠤᠯᠠᠳᠠᠭᠰᠠᠭᠠᠷ ᠪᠠᠶᠢᠯ᠎ᠠ᠃ ᠵᠠᠯᠠᠭᠤ ᠶᠢᠨ ᠣᠮᠤᠭ ᠢᠶᠠᠷ ᠠᠮᠠᠨ ᠠᠴᠠ ᠪᠠᠨ ᠴᠢᠰᠤ ᠠᠮᠲᠠᠭᠳᠠᠲᠠᠯ᠎ᠠ ᠬᠥᠭᠡᠭᠡᠭᠰᠡᠨ ᠴᠸ ᠭᠦᠢᠴᠡᠭᠡ ᠦᠭᠡᠢ ᠨᠢᠳᠦ ᠬᠠᠷᠠᠩᠭᠤᠶᠢᠯᠠᠨ ᠬᠥᠯ ᠱᠠᠷᠬᠢᠷᠠᠵᠤ ᠤᠨᠲᠠᠷᠠᠨ ᠡᠪᠦᠳᠦᠭᠯᠡᠵᠦ ᠤᠨᠠᠪᠠ᠃ ᠭᠡᠨᠡᠳᠲᠡ ᠬᠠᠵᠠᠭᠤ ᠳᠤᠨᠢ ᠮᠣᠷᠢ ᠲᠤᠷᠭᠢᠬᠤ ᠳᠤ ᠳᠠᠪ ᠬᠢᠨ ᠪᠣᠰᠪᠠᠯ᠄     - ᠬᠠᠪᠤᠷ ᠴᠠᠭ ᠤᠨ ᠬᠤᠴᠠ ᠮᠥᠷᠭᠦᠯᠳᠦᠭᠡᠳ ᠬᠠᠮᠢᠭ᠎ᠠ ᠬᠦᠷᠬᠦᠪ᠂ ᠬᠠᠷᠢᠨ ᠬᠠᠪᠤᠷ ᠤᠨ ᠰᠠᠯᠬᠢᠨ ᠲᠠᠢ ᠮᠥᠷᠥᠶᠢᠴᠡᠭᠰᠡᠨ ᠢ ᠴᠢᠨᠢ ᠪᠣᠯ ᠲᠣᠭᠤᠯ᠎ᠠ ᠭᠡᠵᠦ ᠰᠢᠷᠭ᠎ᠠ ᠮᠣᠷᠢ ᠣᠨᠣᠭᠰᠠᠨ ᠵᠠᠯᠠᠭᠤ ᠠᠷᠤᠭ ᠢ ᠨᠢ ᠪᠠᠷᠢᠴᠢᠬᠠᠭᠰᠠᠨ ᠵᠣᠭᠰᠣᠨ᠎ᠠ᠃     - ᠠᠳᠤᠭᠤ ᠪᠠᠨ ᠠᠯᠳᠠᠭᠠᠳ ᠠᠷᠤᠭ ᠪᠠᠷᠢᠳᠠᠭ ᠠᠳᠤᠭᠤᠴᠢᠨ ᠢ ᠠᠩᠬ᠎ᠠ ᠦᠵᠡᠯ᠎ᠡ ᠭᠡᠵᠦ ᠬᠡᠯᠡᠭᠡᠳ ᠢᠴᠢᠭᠰᠡᠨ ᠪᠤᠯᠪᠠᠴᠤ ᠲᠣᠯᠣᠭᠠᠳ ᠢᠷᠡᠬᠦᠯᠡᠷ ᠨᠣᠬᠠᠢ ᠤᠰᠤᠴᠢ ᠪᠤᠯᠳᠠᠭ ᠭᠡᠨ᠎ᠡ ᠯᠠᠢ ᠭᠡᠵᠦ ᠥᠪᠡᠷ ᠢ ᠪᠠᠨ ᠥᠮᠥᠭᠯᠡᠪᠡ᠃    - ᠬᠠᠪᠤᠷ ᠴᠠᠭ ᠤᠨ ᠠᠯᠳᠠᠭᠰᠠᠨ ᠠᠳᠤᠭᠤᠨ ᠳᠤ ᠬᠠᠮᠢᠭ᠎ᠠ ᠭᠦᠷᠦᠭᠰᠡᠨ ᠴᠸ ᠡᠵᠡᠨ ᠭᠠᠷᠬᠤ ᠦᠭᠡᠢ ᠪᠠᠶᠢᠬᠤ ᠳ᠋ᠠ᠂ ᠬᠠᠷᠢᠨ ᠪᠡᠯᠴᠢᠭᠡᠷ ᠠᠴᠠ ᠭᠠᠷᠤᠭᠰᠠᠨ ᠠᠷᠤᠭ ᠲᠤ ᠡᠵᠡᠨ ᠪᠠᠶᠢᠳᠠᠭ ᠪᠣᠯᠪᠠᠤ ᠭᠡᠵᠦ ᠬᠠᠶᠢᠵᠤ ᠶᠠᠪᠤᠵᠤ ᠪᠠᠶᠢᠨ᠎ᠠ᠃    - ᠦᠨᠳᠦᠰᠦ ᠪᠠᠷ ᠭᠦᠷᠦᠭᠰᠡᠨ ᠢ ᠦᠵᠡᠪᠡᠯ ᠬᠠᠷᠭᠠᠨ᠎ᠠ ᠡᠵᠡᠨ ᠨᠢ ᠪᠠᠶᠢᠯᠭᠦᠢ᠂ ᠰᠤᠷ ᠢᠶᠠᠷ ᠪᠣᠭᠤᠭᠰᠠᠨ ᠢ ᠦᠵᠡᠪᠡᠯ ᠦᠬᠡᠷᠴᠢᠨ ᠡᠵᠡᠨ ᠨᠢ ᠪᠠᠶᠢᠯᠭᠦᠢ ᠭᠡᠵᠦ ᠭᠡᠵᠢᠭᠡ ᠲᠠᠢ ᠪᠠᠨ ᠣᠷᠣᠯᠳᠣᠨ ᠠᠮᠢᠰᠬᠤᠭ᠎ᠠ ᠪᠠᠨ ᠬᠢᠴᠢᠶᠡᠨ᠎ᠡ᠃     - ᠵᠠ᠂ ᠡᠭᠡᠷᠡᠮ᠎ᠡ ᠲᠠᠯ᠎ᠠ ᠳᠤ ᠬᠠᠷᠭᠠᠨ᠎ᠠ ᠴᠸ ᠪᠣᠯ ᠲᠠᠨᠤᠭ ᠦᠭᠡᠢ ᠤᠯᠠᠨ ᠪᠠᠶᠢᠬᠤ᠂ ᠨᠢᠭᠡ ᠠᠮᠠ ᠭᠠᠷᠭᠠᠴᠢᠬᠠᠪᠠᠯ ᠪᠤᠯᠢᠶᠠᠯᠳᠤᠳᠠᠭ ᠨᠢ ᠤᠯᠠᠨ ᠪᠠᠶᠢᠬᠤ᠂ ᠲᠡᠭᠡᠭᠦ ᠶᠢᠨ ᠣᠷᠣᠨ ᠳᠤ ᠠᠷᠤ ᠶᠢᠨ ᠳᠡᠪᠰᠡ ᠳᠤ ᠪᠠᠶᠢᠭ᠎ᠠ ᠳ᠋ᠠᠮᠪᠠ ᠶᠢᠨ ᠬᠡᠦᠬᠡᠨ ᠠᠴᠠ ᠣᠴᠢᠵᠤ ᠰᠤᠷᠠᠭᠯᠠᠶ᠎ᠠ ᠭᠡᠳ ᠮᠣᠷᠢᠨ ᠤ ᠪᠠᠨ ᠴᠤᠯᠪᠤᠭᠤᠷ ᠢ ᠳᠤᠭᠲᠤᠴᠢᠨ ᠶᠠᠪᠤᠬᠤ ᠭᠡᠬᠦ ᠳᠤ᠄     - ᠬᠡᠨ ᠠᠴᠠ ᠰᠤᠷᠠᠭᠯᠠᠬᠤ ᠪᠠᠨ ᠥᠪᠡᠷ ᠲᠡᠭᠡᠨ ᠮᠡᠳᠡ᠂ ᠮᠢᠨᠤ ᠠᠷᠤᠭ ᠢ ᠪᠤᠴᠠᠭᠠᠵᠤ ᠥᠭ︕ ᠭᠡᠵᠦ ᠪᠦᠰᠡᠭᠦᠢ ᠬᠥᠮᠥᠨ ᠤ ᠠᠲᠠᠭ᠎ᠠ ᠰᠡᠳᠬᠢᠯ ᠭᠠᠯ ᠳᠤ ᠤᠨᠠᠬᠤ ᠲᠣᠷᠭ᠎ᠠ ᠰᠢᠭ᠋ ᠬᠤᠷᠪᠠᠰ ᠭᠡᠵᠦ ᠠᠷᠤᠭ ᠢᠶᠠᠨ ᠰᠤᠬᠰᠤᠴᠢᠬᠤ ᠳᠤ ᠬᠦᠳᠡᠷ ᠡᠷ᠎ᠡ ᠶᠢᠨ ᠭᠠᠷ ᠲᠤ ᠥᠭᠲᠡᠵᠦ ᠮᠣᠷᠢᠨ ᠳᠡᠭᠡᠷ᠎ᠡ ᠨᠢ ᠰᠤᠨᠳᠠᠯᠠᠬᠳᠠᠨ ᠭᠠᠷᠴᠤ ᠪᠢᠯᠡ ᠁    ᠬᠤᠸᠠᠷ ᠨᠠᠰᠤᠲᠠᠨ ᠨᠠᠰᠤᠨ ᠤ ᠬᠠᠨᠢ ᠲᠠᠢ ᠪᠠᠨ ᠰᠠᠯᠬᠢᠨ ᠳᠤ ᠬᠡᠶᠢᠰᠦᠭᠰᠡᠨ ᠠᠷᠤᠭ ᠢᠶᠠᠨ ᠬᠥᠭᠡᠭᠡᠵᠦ ᠪᠠᠶᠢᠭᠠᠳ ᠠᠩᠬ᠎ᠠ ᠤᠴᠠᠷᠠᠭᠰᠠᠨ ᠶᠠᠪᠤᠳᠠᠯ ᠢᠶᠠᠨ ᠬᠡᠰᠡᠭ ᠡᠷᠭᠢᠴᠡᠭᠦᠯᠦᠭᠰᠡᠨ ᠢᠶᠠᠨ ᠰᠠᠯᠬᠢᠨ ᠤ ᠡᠷᠬᠡᠨ ᠳᠤ ᠪᠥᠮᠪᠥᠷᠢᠨ ᠬᠡᠶᠢᠰᠴᠦ ᠪᠠᠶᠢᠭ᠎ᠠ ᠠᠷᠤᠭ ᠢᠶᠠᠨ ᠬᠠᠷᠠᠨ ᠬᠠᠷᠠᠮᠰᠠᠵᠤ᠂    - ᠢᠱᠢ᠂ ᠡᠪᠦᠭᠡ ᠶᠢᠨ ᠮᠢᠨᠢ ᠭᠦᠷᠦᠭᠰᠡᠨ ᠶᠠᠭᠤᠮ᠎ᠠ ᠳ᠋ᠠ ᠭᠡᠵᠦ ᠤᠷᠤᠭᠰᠢ ᠬᠤᠶᠠᠷ ᠠᠯᠬᠤᠨ ᠬᠥᠭᠡᠭᠡᠭᠰᠡᠨ ᠪᠤᠯᠪᠠᠴᠤ ᠰᠠᠯᠬᠢᠨ ᠤ ᠴᠠᠭᠠᠨ᠎ᠠ ᠭᠠᠷᠴᠤ ᠳᠡᠶᠢᠯᠳᠡᠭ ᠦᠭᠡᠢ ᠳᠡᠭᠡᠨ ᠰᠠᠨᠠᠭ᠎ᠠ ᠠᠯᠳᠠᠵᠤ᠂ ᠬᠥᠯ ᠲᠠᠢ ᠪᠠᠶᠢᠭᠰᠠᠨ ᠴᠸ ᠬᠥᠯ ᠦᠭᠡᠢ ᠰᠠᠯᠬᠢᠨ ᠳᠤ ᠵᠠᠯᠠᠭᠤ ᠨᠠᠰᠤ ᠪᠠᠨ ᠬᠡᠶᠢᠰᠬᠡᠴᠢᠬᠡᠭᠰᠡᠨ ᠶᠤᠮ ᠰᠢᠭ᠋ ᠬᠠᠷᠠᠵᠤ ᠵᠣᠭᠰᠣᠯ᠎ᠠ᠃    ᠴᠠᠭᠠᠨ᠎ᠠ ᠨᠢ ᠴᠢᠨᠦ ᠮᠢᠨᠤ ᠪᠡᠯᠴᠢᠭᠡᠷ ᠭᠡᠵᠦ ᠲᠠᠲᠠᠭᠰᠠᠨ ᠲᠡᠮᠦᠷ ᠲᠣᠣᠷ ᠤᠲᠠᠰᠤ ᠶᠢ ᠬᠠᠷᠠᠭᠠᠳ᠂    - ᠠᠢ ᠳ᠋ᠠ᠂ ᠬᠥᠭᠰᠢᠨ ᠨᠠᠳᠠ ᠶᠢ ᠢᠯᠡᠭᠦᠦ ᠬᠤᠶᠠᠷ ᠠᠯᠬᠤᠭᠤᠯᠤᠨ᠎ᠠ ᠭᠡᠰᠡᠨ ᠪᠠᠶᠢᠯᠭᠦᠢ ᠭᠡᠭᠰᠡᠭᠡᠷ ᠶᠠᠭᠠᠷᠠᠮ ᠦᠭᠡᠢ ᠠᠯᠬᠤᠭᠰᠠᠨ ᠴᠸ ᠰᠠᠯᠬᠢᠨ ᠳᠡᠪᠡᠯ ᠤᠨ ᠬᠢᠨᠢ ᠬᠤᠷᠮᠣᠢ ᠠᠴᠠ ᠴᠢᠩᠭᠠᠭᠠᠵᠤ ᠠᠷᠤ ᠠᠴᠠ ᠨᠢ ᠲᠦᠯᠬᠢᠵᠦ ᠪᠠᠶᠢᠭ᠎ᠠ ᠰᠢᠭ᠋ ᠥᠨᠳᠡᠯᠵᠡᠭᠦᠯᠦᠨ ᠠᠷᠠᠢ ᠭᠡᠵᠦ ᠠᠷᠤᠭ ᠲᠠᠢ ᠪᠠᠨ ᠠᠳᠠᠯᠢ ᠪᠥᠮᠪᠥᠷᠢᠴᠢᠬᠡᠭᠰᠡᠨ ᠦᠭᠡᠢ᠃     ᠰᠠᠨᠠᠭ᠎ᠠ ᠪᠠᠷ ᠪᠤᠯᠳᠠᠭ ᠦᠭᠡᠢ ᠬᠤᠷᠸ᠎ᠠ ᠭᠡᠵᠦ ᠶᠠᠭᠤ ᠭᠡᠯᠡᠯᠲᠡᠢ ᠪᠤᠢ᠂ ᠠᠷᠤᠭ ᠨᠢ ᠰᠠᠯᠬᠢᠨ ᠳᠤ ᠪᠥᠮᠪᠥᠷᠢᠬᠦ ᠲᠤᠰᠤᠮ ᠢᠶᠠᠨ ᠬᠤᠷᠳᠤᠨ ᠪᠣᠯᠵᠤ᠂ ᠭᠠᠵᠠᠷ ᠲᠤ ᠲᠤᠯᠬᠤ ᠲᠠᠢ ᠲᠤᠯᠬᠤ ᠦᠭᠡᠢ ᠲᠠᠢ ᠳᠡᠭᠳᠡᠨ ᠬᠡᠶᠢᠰᠴᠦ᠂ ᠶᠠᠭ ᠰᠠᠶᠢᠬᠠᠨ ᠲᠣᠣᠷ ᠤᠲᠠᠰᠤᠨ ᠤ ᠳᠡᠭᠡᠭᠦᠷ ᠳᠡᠯᠡᠳᠦᠭᠳᠡᠨ ᠭᠠᠷᠴᠢᠬᠠᠪᠠ᠃    ᠠᠷᠭᠠᠯ ᠢᠶᠠᠨ ᠪᠠᠷᠠᠭᠰᠠᠨ ᠬᠤᠶᠢᠨ᠎ᠠ ᠠᠷᠤᠭ ᠢᠶᠠᠷ ᠴᠸ ᠶᠠᠭᠠᠬᠢᠬᠤᠪ᠂ ᠡᠭᠦᠷᠭᠡ ᠪᠠᠨ ᠪᠡᠶᠡᠯᠡᠭᠦᠯᠴᠢᠬᠡᠭᠰᠡᠨ ᠶᠤᠮ ᠴᠢᠨᠢ ᠶᠠᠪᠤᠬᠤ ᠯᠠ ᠪᠠᠶᠢᠯᠭᠦᠢ᠂ ᠠᠯᠢᠨ ᠳᠤᠨᠢ ᠬᠠᠷᠠᠮᠰᠠᠵᠤ ᠰᠠᠭᠤᠬᠤ ᠪᠤᠢ ᠭᠡᠵᠦ ᠪᠤᠴᠠᠵᠤ ᠡᠷᠭᠢᠨ ᠬᠠᠷᠠᠪᠠᠯ᠂ ᠠᠪᠤ ᠶᠢᠨ ᠬᠢᠨᠢ ᠳᠠᠷᠢᠭᠰᠠᠨ ᠬᠡᠳᠦᠨ ᠮᠥᠷ ᠪᠤᠷᠭᠠᠰᠤᠨ ᠳᠤ ᠣᠴᠢᠭᠠᠳ ᠲᠣᠭᠲᠠᠴᠢᠬᠠᠯ᠎ᠠ᠃     ᠬᠠᠪᠤᠷ ᠤᠨ ᠰᠠᠯᠬᠢ ᠲᠠᠢ ᠰᠠᠭᠠᠷᠠᠯ ᠡᠳᠦᠷ ᠪᠠᠶᠢᠭᠰᠠᠨ ᠴᠸ ᠬᠠᠩᠭᠠᠢ ᠳᠡᠯᠡᠬᠡᠢ ᠬᠠ ᠶᠠ ᠦᠭᠡᠢ ᠨᠣᠭᠤᠭᠠᠨ ᠥᠩᠭᠡ ᠲᠠᠲᠠᠴᠢᠬᠠᠭᠰᠠᠨ ᠪᠠᠶᠢᠯ᠎ᠠ᠃ 
 
ᠢᠷᠡᠯᠲᠡ᠄ ᠳᠤᠮᠲᠠᠲᠤ ᠣᠯᠣᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号