ᠰᠦᠨ ᠴᠠᠭᠠᠨ ᠴᠠᠰᠤ
ᠨᠡᠶᠢᠲᠡᠯᠡᠭᠰᠡᠨ ᠴᠠᠭ᠄
2023/12/18
     ᠴᠠᠰᠤ᠂ ᠡᠪᠦᠯ ᠢ ᠮᠡᠳᠡᠭᠡᠯᠡᠭᠰᠡᠨ ᠴᠠᠭ ᠤᠨ ᠰᠢᠪᠠᠭᠤ᠃ ᠴᠠᠶᠢᠷᠠᠵᠤ ᠪᠠᠭᠤᠬᠤ ᠴᠡᠩᠬᠡᠷ ᠲᠡᠭᠷᠢ ᠶᠢᠨ ᠭᠠᠵᠠᠷ ᠲᠠᠭᠠᠨ ᠰᠢᠪᠡᠨᠡᠭᠰᠡᠨ ᠬᠠᠶᠢᠷ᠎ᠠ ᠶᠢᠨ ᠵᠠᠬᠢᠶ᠎ᠠ᠂ ᠬᠤᠩᠭᠤᠷ ᠤᠨ ᠮᠢᠨᠢ ᠥᠭᠡᠳᠡ ᠠᠴᠠ ᠮᠦᠰᠢᠶᠡᠭᠰᠡᠨ ᠭᠠᠯᠪᠢᠷ ᠲᠥᠷᠬᠦ᠃    ᠴᠠᠰᠤ᠂ ᠨᠢᠴᠦᠭᠦᠨ ᠮᠣᠳᠣᠳ ᠤᠨ ᠤᠶᠢᠳᠬᠠᠷ ᠢ ᠠᠷᠭᠠᠳᠠᠨ ᠨᠠᠪᠴᠢ ᠶᠢ ᠨᠢ ᠣᠷᠣᠯᠠᠨ ᠳᠡᠯᠭᠡᠷᠡᠵᠦ᠂  ᠬᠥᠷᠥᠰᠥᠨ ᠳᠤ ᠬᠤᠷᠠᠵᠤ ᠬᠥᠬᠡ ᠡᠪᠡᠰᠦᠨ ᠤ ᠦᠨᠳᠦᠰᠦ ᠶᠢ ᠪᠦᠪᠡᠶᠢᠯᠡᠨ ᠬᠥᠬᠡᠮᠳᠦᠭ ᠠᠭᠤᠯᠠᠰ ᠤᠨ ᠰᠦᠷ ᠭᠡᠷᠡᠯ ᠢ ᠨᠡᠮᠡᠳᠡᠭ᠃     ᠴᠠᠰᠤ᠂ ᠢᠷᠠᠭᠤ ᠨᠠᠶᠢᠷᠠᠭᠴᠢ ᠶᠢᠨ ᠰᠢᠯᠦᠭ ᠤᠨ ᠬᠢᠨᠢ ᠣᠩᠭᠤᠳ ᠪᠣᠯᠵᠤ ᠤᠢ ᠰᠡᠷᠡᠯ ᠳᠤᠨᠢ ᠴᠠᠭᠢᠯᠣᠨ ᠪᠠᠭᠤᠳᠠᠭ᠃     ᠨᠡᠭᠦᠳᠡᠯ ᠤᠨ ᠭᠠᠯᠠᠭᠤᠳ ᠨᠠᠭᠤᠷ ᠢᠶᠠᠨ ᠴᠠᠯᠭᠢᠯᠠᠲᠠᠯ᠎ᠠ ᠨᠤᠷᠭᠢᠯᠳᠤᠨ ᠪᠠᠭᠤᠬᠤ ᠰᠢᠭ᠋ ᠴᠠᠰᠤ ᠯᠠᠪᠰᠠᠯᠠᠵᠤ ᠡᠬᠡ ᠪᠠᠶᠢᠭᠠᠯᠢ ᠶᠢᠨ ᠢᠶᠠᠨ ᠡᠯᠢᠭᠡᠨ ᠳᠤ ᠡᠷᠬᠡᠯᠡᠨ ᠰᠠᠭᠠᠲᠠᠬᠤ ᠨᠢ ᠡᠵᠢ ᠲᠠᠢ ᠪᠠᠨ ᠠᠭᠤᠯᠵᠠᠬᠤ ᠪᠠᠷ ᠲᠡᠮᠡᠦᠯᠦᠭᠰᠡᠨ ᠦᠷ᠎ᠡ  ᠶᠢᠨ ᠬᠢᠨᠢ ᠡᠯᠪᠡᠷᠢᠯ ᠤᠨ ᠰᠡᠳᠬᠢᠯ ᠮᠡᠲᠦ᠂ ᠨᠤᠲᠤᠭ ᠵᠦᠭ ᠢᠶᠠᠨ ᠭᠦᠶᠦᠯᠳᠦᠭᠰᠡᠨ ᠭᠤᠪᠢ ᠶᠢᠨ ᠴᠡᠩᠬᠡᠷ ᠴᠢᠯᠠᠭᠤᠳ ᠤᠨ ᠵᠡᠭᠦᠳᠦᠨ ᠮᠡᠲᠦ᠃    ᠴᠠᠰᠤᠨ ᠠᠴᠠ ᠰᠦᠨ ᠭᠡᠷᠡᠯ ᠰᠠᠴᠤᠷᠠᠨ᠎ᠠ᠂ ᠴᠠᠰᠤᠨ ᠠᠴᠠ ᠨᠠᠷᠠᠨ ᠤ ᠢᠯᠴᠢ ᠪᠠᠳᠠᠷᠠᠨ᠎ᠠ᠃ ᠬᠡᠭᠡᠷ᠎ᠡ ᠶᠢᠨ ᠲᠠᠤᠯᠠᠢ ᠬᠤᠷᠠᠭᠰᠠᠨ ᠴᠠᠰᠤᠨ ᠤ ᠨᠥᠮᠥᠷᠢ ᠳᠤ ᠨᠢᠳᠦ ᠪᠠᠨ ᠠᠨᠢᠭᠠᠳ ᠬᠠᠯᠠᠭᠤᠬᠠᠨ ᠨᠣᠶᠢᠷᠰᠤᠬᠤ ᠳᠤ ᠮᠥᠰᠥ ᠴᠠᠰᠤᠨ ᠳᠤ ᠬᠤᠴᠢᠭᠳᠠᠭᠰᠠᠨ ᠨᠠᠭᠤᠷ ᠤᠨ ᠵᠢᠭᠠᠰᠤ ᠡᠶᠢᠰᠢ ᠲᠡᠶᠢᠰᠢ ᠰᠦᠯᠵᠢᠯᠳᠦᠨ ᠳᠠᠩᠳᠠ ᠡᠷᠬᠡ ᠴᠢᠯᠦᠭᠡᠲᠡᠢ᠃ ᠰᠠᠷᠠᠪᠴᠢᠨ ᠳᠤ ᠡᠭᠦᠷᠯᠡᠭᠰᠡᠨ ᠪᠣᠯᠵᠣᠮᠣᠷ ᠢᠳᠡᠰᠢ ᠡᠷᠢᠵᠦ ᠬᠤᠷᠠᠭᠰᠠᠨ ᠴᠠᠰᠤᠨ ᠳᠡᠭᠡᠷ᠎ᠡ ᠨᠢᠰᠦᠨ ᠪᠠᠭᠤᠬᠤ ᠳᠤ ᠠᠯᠬᠤᠭᠰᠠᠨ ᠮᠥᠷ  ᠨᠢ ᠲᠡᠷᠡ ᠬᠡᠪ ᠢᠶᠠᠷ ᠢᠶᠠᠨ ᠳᠤᠷᠠᠶᠢᠭᠠᠳ ᠤᠷᠠᠨ ᠵᠢᠷᠤᠭ ᠭᠡᠮᠡᠷ ᠥᠰᠪᠦᠷᠢ ᠶᠢᠨ ᠬᠡᠦᠬᠡᠳ ᠤᠨ ᠠᠩᠬᠠᠷᠤᠯ ᠢ ᠲᠠᠲᠠᠵᠤ ᠤᠷᠮ᠎ᠠ ᠶᠢ ᠬᠥᠭᠵᠢᠭᠡᠨ᠎ᠡ᠃ ᠬᠡᠦᠬᠡᠳ ᠭᠡᠷ ᠠᠴᠠ ᠪᠠᠨ ᠭᠠᠷᠴᠤ ᠴᠠᠰᠤᠨ ᠬᠥᠮᠥᠨ ᠪᠠᠷᠢᠵᠤ ᠪᠣᠰᠬᠠᠬᠤ ᠳᠠᠭᠠᠨ ᠠᠮᠢᠳᠤᠷᠠᠯ ᠤᠨ ᠭᠤᠸ᠎ᠠ ᠰᠠᠶᠢᠬᠠᠨ ᠤ ᠨᠢᠭᠡᠨ ᠶᠢᠷᠲᠢᠨᠴᠦ ᠶᠢ ᠡᠭᠦᠳᠦᠨ ᠪᠦᠲᠦᠭᠡᠭᠰᠡᠨ ᠰᠢᠭ ᠪᠠᠶᠠᠰᠤᠨ ᠳᠡᠪᠬᠡᠷᠦᠨ᠎ᠡ᠃ ᠲᠠᠶᠢᠮᠦ ᠠ᠋᠂ ᠬᠥᠳᠡᠭᠡ ᠶᠢᠨ ᠬᠡᠦᠬᠡᠳ ᠤᠨ ᠰᠢᠨ᠎ᠡ ᠶᠢ ᠡᠭᠦᠳᠦᠨ ᠪᠦᠲᠦᠭᠡᠬᠦ᠂ ᠵᠢᠷᠤᠵᠤ ᠲᠥᠰᠥᠪᠯᠡᠬᠦ ᠤᠷᠠᠨ ᠮᠡᠷᠭᠡᠵᠢᠯ ᠰᠠᠨᠠᠮᠰᠠᠷ ᠦᠭᠡᠢ ᠢᠩᠭᠢᠵᠦ ᠯᠡ ᠡᠬᠢᠯᠡᠳᠡᠭ ᠢᠶᠠᠷ ᠪᠠᠷᠠᠬᠤ ᠦᠭᠡᠢ ᠬᠡᠨ ᠠᠯᠢᠨ ᠢᠶᠠᠨ ᠬᠠᠪᠰᠤᠷᠴᠤ ᠳᠡᠮᠵᠢᠬᠦ ᠳᠤ ᠦᠢᠯᠡᠰ ᠨᠢ ᠪᠠᠳᠠᠷᠠᠬᠤ ᠶᠣᠰᠣ ᠤᠴᠢᠷ ᠢ ᠠᠩᠬ᠎ᠠ ᠠᠯᠬᠤᠮ ᠲᠠᠨᠢᠳᠠᠭ ᠠᠵᠢ᠃     ᠪᠠᠭ᠎ᠠ ᠳᠠᠭᠠᠨ ᠪᠢ ᠳᠠᠩᠳᠠ ᠴᠠᠰᠤᠨ ᠬᠥᠮᠥᠨ ᠱᠤᠭᠤᠵᠤ ᠪᠦᠲᠦᠭᠡᠬᠦ ᠳᠤᠷᠠᠲᠠᠢ ᠬᠡᠦᠬᠡᠳ ᠪᠠᠶᠢᠭᠰᠠᠨ ᠶᠤᠮ᠃ ᠴᠠᠰᠤ ᠣᠷᠣᠬᠤ ᠪᠣᠯᠭᠠᠨ ᠬᠥᠷᠰᠢ ᠶᠢᠨ ᠬᠡᠳᠦᠨ ᠨᠠᠶᠢᠵᠠ ᠪᠠᠨ ᠳᠠᠭᠤᠳᠠᠵᠤ ᠬᠠᠰᠢᠶ᠎ᠠ ᠬᠦᠷᠢᠶᠡᠨ ᠤ ᠴᠠᠰᠤ ᠶᠢ ᠣᠪᠣᠭᠠᠯᠠᠵᠤ ᠴᠠᠰᠤᠨ ᠬᠥᠮᠥᠨ ᠪᠠᠷᠢᠵᠤ ᠪᠦᠲᠦᠭᠡᠬᠦ ᠨᠢ ᠨᠢᠭᠡᠨ ᠶᠣᠰᠣᠨ ᠤ ᠵᠢᠷᠭᠠᠯ ᠪᠠᠶᠢᠪᠠ᠃ ᠴᠠᠰᠤᠨ ᠬᠥᠮᠥᠨ ᠤ ᠪᠠᠨ ᠳᠦᠷᠢ ᠲᠥᠷᠬᠦ᠂ ᠵᠢᠰᠦ ᠥᠩᠭᠡ ᠶᠢ ᠭᠦᠷᠳᠡᠯ᠎ᠡ ᠠᠳᠠᠯᠢᠳᠬᠠᠨ ᠥᠪᠡᠷ ᠥᠪᠡᠷ ᠤᠨ ᠢᠶᠠᠨ ᠳᠠᠪᠠᠭᠤᠯᠢᠭ ᠢ ᠮᠠᠭᠲᠠᠨ ᠶᠠᠷᠢᠭᠠᠳ ᠬᠡᠨ ᠠᠯᠢᠨ ᠢᠶᠠᠨ ᠪᠢᠰᠢᠷᠡᠬᠦ ᠦᠭᠡᠢ ᠮᠥᠴᠡᠭᠡᠷᠬᠡᠵᠦ ᠪᠠᠶᠢᠭᠰᠠᠨ ᠢᠶᠠᠨ ᠤᠳᠤ ᠪᠤᠳᠤᠬᠤ ᠳᠤ ᠢᠨᠢᠶᠡᠳᠦ ᠭᠦᠷᠦᠮᠡᠷ᠃  ᠶᠠᠩᠵᠤ ᠶᠢᠨ ᠳᠦᠷᠰᠦ ᠲᠠᠢ  ᠴᠠᠰᠤᠨ ᠬᠥᠮᠥᠨ ᠢᠶᠠᠨ ᠬᠠᠷᠠᠭᠠᠳ ᠪᠢᠳᠡ ᠬᠡᠳᠦᠭᠦᠯᠡ ᠬᠤᠶᠢᠭᠤᠷ ᠤᠷᠢᠳᠠᠭᠤᠷ ᠨᠢ ᠡᠷᠭᠢᠴᠡᠭᠡᠳ ᠰᠠᠯᠵᠤ ᠶᠠᠳᠠᠳᠠᠭ ᠢ ᠪᠤᠤ ᠭᠡᠯᠡ᠂ ᠬᠥᠭᠡᠷᠴᠦ ᠳᠠᠭᠤᠯᠠᠭᠠᠳ ᠬᠥᠭᠵᠢᠶᠡᠨ ᠨᠠᠷᠭᠢᠶᠠᠨ ᠪᠢᠯᠬᠠᠭᠤᠯᠤᠨ᠎ᠠ᠃     ᠲᠡᠷᠡ ᠦᠶ᠎ᠡ ᠳᠤ᠂ ᠡᠮᠡᠭᠡ ᠮᠢᠨᠢ ᠲᠠᠶᠠᠭ ᠢᠶᠠᠨ ᠲᠤᠯᠵᠤ ᠪᠢᠳᠡ ᠬᠡᠳᠦᠭᠦᠯᠡ ᠶᠢᠨ ᠳᠡᠷᠭᠡᠳᠡ ᠢᠷᠡᠵᠦ ᠴᠠᠰᠤᠨ ᠬᠥᠮᠥᠨ ᠢ ᠤᠳᠠᠲᠠᠯ᠎ᠠ ᠰᠢᠨᠵᠢᠵᠦ ᠪᠠᠶᠢᠴᠠᠭᠠᠭᠰᠠᠨ ᠢᠶᠠᠨ᠄ ︽ᠮᠢᠨᠤ ᠮᠠᠭᠤ ᠰᠢᠷ᠎ᠠ ᠶᠢᠨ ᠪᠣᠰᠬᠠᠭᠰᠠᠨ ᠴᠠᠰᠤᠨ ᠬᠥᠮᠥᠨ ᠨᠡᠯᠢᠶᠡᠳ ᠳᠡᠭᠵᠢᠨ ᠴᠣᠪᠣᠭᠤᠯᠢᠭ ᠬᠠᠷᠠᠭᠳᠠᠭᠰᠠᠨ ᠴᠦ ᠲᠠᠭᠠᠷᠠᠬᠤ ᠪᠠᠷ ᠤᠭᠢᠯᠠᠬᠤ ᠨᠢ ᠠᠶᠢᠯᠤᠤ ᠠᠶᠢᠯᠤᠤ︕︾ ᠭᠡᠵᠦ ᠳᠣᠯᠣᠪᠤᠷ ᠬᠤᠷᠤᠭᠤ ᠪᠠᠷ ᠢᠶᠠᠨ ᠬᠠᠴᠠᠷ ᠢᠶᠠᠨ ᠬᠥᠩᠭᠡᠬᠡᠨ ᠳᠣᠶ᠋ᠢᠭᠠᠳ ᠴᠢᠨᠠᠭᠰᠢ ᠮᠠᠶᠢᠵᠢᠬᠴᠢᠨ ᠠᠯᠬᠤᠵᠤ᠂ ᠵᠡᠭᠦᠨ ᠭᠡᠷ ᠤᠨ ᠲᠡᠮᠦᠷᠯᠤᠤ ᠶᠢᠨ ᠳᠡᠷᠭᠡᠳᠡ ᠬᠦᠷᠴᠦ ︽ᠨᠢᠳᠦ ᠦᠭᠡᠢ ᠬᠥᠮᠥᠨ ᠪᠠᠶᠢᠳᠠᠭ ᠶᠤᠮ ᠤᠤ︖ ᠰᠣᠷᠮᠤᠤᠰᠤ ᠶᠢ ᠨᠢ ᠡᠪᠡᠰᠦ ᠪᠠᠷ ᠣᠷᠣᠯᠠᠨ ᠬᠢᠭᠡᠳ ᠨᠢᠳᠦ ᠶᠢ ᠨᠢ ᠵᠢᠷᠤᠵᠤ ᠪᠦᠲᠦᠭᠡᠭᠰᠡᠨ ᠦᠭᠡᠢ ᠭᠡᠳᠡᠭ ᠴᠢᠨᠢ ᠁ ᠬᠥᠭᠡᠷᠦᠬᠦᠢ᠂ ᠶᠠᠮᠠᠷ ᠠᠵᠢᠯ ᠳᠤ ᠴᠦ ᠬᠢᠨᠠᠮᠠᠭᠠᠢ ᠬᠠᠨᠳᠤᠬᠤ ᠬᠡᠷᠡᠭᠲᠡᠢ ᠶᠤᠮ ᠰᠢᠦ︕︾ ᠭᠡᠵᠦ ᠦᠯᠦ ᠲᠣᠭᠤᠮᠰᠠᠷᠯᠠᠭᠰᠠᠨ ᠬᠠᠷᠠᠴᠠ ᠪᠠᠷ ᠰᠢᠷᠳᠡᠭᠡᠳ ᠪᠠᠷᠠᠭᠤᠨ ᠭᠡᠷ ᠤᠨ ᠲᠤᠶᠠᠭ᠎ᠠ ᠶᠢᠨ ᠵᠠᠬ᠎ᠠ ᠳᠤ ᠣᠴᠢᠵᠤ᠄ ︽ᠴᠢᠨᠦ ᠪᠠᠷᠢᠵᠤ ᠪᠣᠰᠬᠠᠭᠰᠠᠨ ᠴᠠᠰᠤᠨ ᠬᠥᠮᠥᠨ ᠪᠣᠯᠵᠤ ᠪᠠᠶᠢᠨ᠎ᠠ᠃ ᠭᠡᠲᠡᠯ᠎ᠡ ᠨᠢᠭᠡ ᠴᠢᠬᠢ ᠨᠢ ᠬᠡᠲᠦᠷᠬᠡᠢ ᠳᠣᠣᠷ᠎ᠠ ᠪᠣᠯᠵᠠᠢ᠃ ᠵᠠᠰᠠᠬᠤ ᠴᠢᠬᠤᠯᠠ ᠲᠠᠢ᠃ ᠭᠦᠳᠡᠯᠮᠦᠷᠢ ᠭᠡᠵᠦ ᠬᠥᠯᠥᠰᠦ ᠶᠢ ᠠᠰᠬᠠᠷᠠᠭᠤᠯᠤᠭᠰᠠᠨ ᠴᠦ ᠬᠥᠮᠥᠨ ᠵᠤᠨ ᠤ ᠬᠦᠰᠡᠯ ᠢ ᠬᠠᠩᠭᠠᠳᠠᠭ ᠨᠢ ᠦᠨᠡᠨ︕︾ ᠭᠡᠵᠦ ᠵᠠᠬ᠎ᠠ ᠳᠠᠷᠠᠭᠠᠯᠠᠨ ᠰᠤᠷᠭᠠᠳᠠᠭ᠃     ᠬᠥᠳᠡᠭᠡ ᠶᠢᠨ ᠪᠤᠭᠤᠷᠤᠯᠴᠤᠳ ᠤᠨ ᠬᠡᠦᠬᠡᠳ ᠢᠶᠠᠨ ᠰᠤᠷᠭᠠᠨ ᠬᠥᠮᠥᠵᠢᠭᠦᠯᠬᠦ ᠠᠷᠭ᠎ᠠ ᠤᠬᠠᠭᠠᠨ ᠭᠡᠵᠦ ᠲᠠᠷᠡ᠃     ᠡᠪᠦᠯ ᠤᠨ ᠴᠠᠰᠤᠨ ᠵᠤᠨ ᠤ ᠴᠡᠴᠡᠭ ᠠᠴᠠ ᠴᠦ ᠳᠣᠣᠷᠠᠳᠠᠬᠤ ᠦᠭᠡᠢ ᠴᠡᠪᠡᠷ ᠡᠷᠬᠢᠮᠰᠦᠭ᠃ ᠭᠠᠷ ᠤᠨ ᠠᠯᠠᠭᠠᠨ ᠳᠡᠭᠡᠷ᠎ᠡ ᠠᠶᠠᠷᠬᠠᠨ ᠪᠠᠭᠤᠬᠤ ᠬᠤᠷᠣᠮ ᠳᠤ ᠬᠠᠶᠢᠯᠵᠤ ᠤᠰᠤ ᠪᠤᠯᠬᠤ ᠪᠠᠷ ᠰᠡᠳᠬᠢᠯ ᠨᠢ ᠲᠤᠩ  ᠵᠥᠭᠡᠯᠡᠨ ᠪᠤᠶᠤ ᠬᠡᠪᠡᠷᠡᠭ ᠭᠡᠳᠡᠭ ᠲᠥᠷᠥᠭᠳᠡᠯ ᠥᠭᠭᠦᠨ᠎ᠡ᠃ ᠭᠡᠬᠦ ᠳᠡᠭᠡᠨ ︽ᠬᠥᠯᠳᠡᠬᠦ ᠪᠠᠷ ᠬᠠᠲᠠᠭᠤᠷᠠᠳᠠᠭ ᠨᠢ ᠴᠢᠯᠠᠭᠤ ᠰᠢᠭ᠋ ᠴᠢᠨᠠᠷ ᠲᠠᠢ᠂ ᠬᠠᠶᠢᠯᠬᠤ ᠪᠠᠷ ᠵᠥᠭᠡᠯᠡᠷᠡᠳᠡᠭ ᠨᠢ ᠳᠤᠷᠠᠯᠠᠯ ᠰᠢᠭ᠋ ᠬᠡᠪᠡᠷᠡᠭ︾ ᠭᠡᠳᠡᠭ ᠦᠭᠡ ᠪᠤᠢ ᠪᠣᠯᠤᠭᠰᠠᠨ ᠮᠠᠭᠠᠳ ᠠ᠋︕     ᠴᠠᠰᠤ᠂ ᠳᠣᠭᠳᠣᠯᠬᠤ ᠳᠠᠭᠠᠨ ᠤᠶᠠᠷᠠᠵᠤ ᠳᠣᠭᠰᠢᠷᠠᠬᠤ ᠳᠠᠭᠠᠨ ᠰᠢᠭᠤᠷᠳᠠᠭ ᠨᠢ ᠦᠨᠡᠨ ᠬᠤᠳᠠᠯ ᠬᠤᠶᠠᠷ ᠲᠤ ᠬᠠᠨᠳᠤᠭᠰᠠᠨ ᠢᠯᠡ ᠲᠣᠳᠣ ᠣᠪᠣᠷ ᠭᠡᠵᠦ ᠪᠢ ᠦᠵᠡᠨ᠎ᠡ᠃ ᠬᠥᠮᠥᠨ ᠲᠥᠷᠥᠯᠬᠢᠲᠡᠨ ᠤ ᠤᠶᠤᠨ ᠰᠠᠨᠠᠭᠠᠨ ᠳᠤ ᠬᠠᠷ᠎ᠠ ᠭᠦ᠋ ᠬᠦᠷᠭᠡᠬᠦ ᠦᠭᠡᠢ ᠬᠡᠮᠡᠨ ᠰᠦᠨ ᠥᠩᠭᠡ ᠪᠠᠷ ᠴᠠᠶᠢᠷᠠᠲᠠᠯ᠎ᠠ ᠬᠠᠶᠠᠯᠠᠳᠠᠭ ᠨᠢ ᠴᠠᠰᠤ ᠪᠢᠯᠡ᠃ ᠭᠡᠷᠡᠯ ᠭᠡᠭᠡ ᠲᠠᠢ ᠠᠮᠢᠳᠤᠷᠠᠯ ᠪᠠᠯ ᠪᠤᠷᠠᠮ ᠰᠢᠭ᠋ ᠠᠮᠲᠠᠲᠠᠢ ᠪᠥᠭᠡᠳ ᠠᠵᠠ ᠵᠢᠷᠭᠠᠯ ᠢᠶᠠᠷ ᠪᠢᠯᠬᠠᠮ᠎ᠠ ᠪᠠᠶᠢᠳᠠᠭ ᠬᠡᠮᠡᠨ ᠥᠪᠡᠷ ᠤᠨ ᠢᠶᠠᠨ ᠭᠡᠷᠡᠯ ᠢᠯᠴᠢ ᠶᠢ ᠬᠥᠮᠥᠨ ᠵᠤᠨ᠂ ᠠᠮᠢᠳᠠᠨ ᠭᠤᠣᠯᠲᠠᠨ ᠳᠤ ᠬᠠᠷᠠᠮ ᠦᠭᠡᠢ ᠶᠡᠭᠦᠯᠡᠬᠦ ᠴᠠᠰᠤᠨ ᠤ ᠶᠣᠰᠣ ᠶᠢ ᠤᠬᠠᠭᠠᠷᠠᠢ︕ ᠬᠥᠮᠥᠰ ᠮᠢᠨᠢ᠃     ᠲᠡᠰᠭᠢᠮ᠎ᠡ ᠬᠦᠢᠲᠡᠨ ᠡᠪᠦᠯ ᠢ ᠲᠡᠰᠪᠦᠷᠢᠲᠡᠢ ᠥᠩᠭᠡᠷᠡᠭᠦᠯᠵᠦ ᠤᠷᠢᠨ ᠳᠤᠯᠠᠭᠠᠨ ᠬᠠᠪᠤᠷ ᠢ ᠤᠭᠲᠤᠬᠤ ᠪᠠᠷ ᠬᠠᠶᠢᠯᠵᠤ ᠤᠷᠤᠰᠤᠭᠠᠳ ᠴᠡᠴᠡᠭ ᠬᠤᠸᠠᠷ ᠤᠨ ᠦᠨᠳᠦᠰᠦᠨ ᠳᠤ ᠠᠭᠤᠰᠤᠨ ᠰᠢᠩᠭᠡᠬᠦ ᠨᠢ ᠴᠠᠰᠤᠨ ᠤ ᠮᠥᠬᠦᠯ ᠪᠢᠰᠢ᠂ ᠬᠠᠷᠢᠨ ᠠᠮᠢ ᠨᠠᠰᠤᠨ ᠤ ᠬᠢᠨᠢ ᠰᠢᠨ᠎ᠡ ᠡᠭᠢᠯᠡᠯᠳᠡ᠂ ᠨᠣᠭᠤᠭᠠᠷᠠᠵᠤ ᠤᠷᠭᠤᠬᠤ ᠶᠢᠨ ᠬᠦᠰᠡᠯ ᠶᠤᠮ᠃     ᠴᠠᠰᠤ ᠣᠷᠣᠬᠤ ᠪᠣᠯᠭᠠᠨ ᠪᠢ ᠮᠥᠷ ᠭᠠᠷᠭᠠᠶ᠎ᠠ ᠭᠡᠵᠦ ᠪᠤᠳᠤᠳᠠᠭ ᠪᠥᠭᠡᠳ ᠮᠥᠩᠭᠦ‍ ᠰᠢᠭ ᠭᠢᠯᠠᠯᠵᠠᠨ ᠰᠠᠴᠤᠷᠠᠬᠤ ᠳᠤᠨᠢ ᠠᠭᠤᠰᠤᠨ ᠰᠢᠩᠭᠡᠭᠡᠳ ᠰᠢᠷᠬᠡᠭ ᠴᠠᠰᠤ ᠪᠤᠯᠬᠤ ᠶᠢ ᠳᠤᠷᠠᠯᠠᠨᠠᠮ︕     ᠴᠠᠰᠤ᠂ ᠰᠦ ᠰᠢᠭ ᠠᠷᠢᠭᠤᠨ᠂ ᠰᠡᠳᠬᠢᠯ ᠰᠢᠭ ᠬᠡᠭᠡᠨᠴᠢᠷ᠃ ᠥᠴᠥᠬᠡᠨ ᠴᠦ ᠬᠤᠯᠢᠮᠠᠭ ᠦᠭᠡᠢ ᠲᠤᠩ ᠴᠠᠭᠠᠨ ᠪᠣᠯᠬᠤᠷ ᠪᠢ ᠴᠠᠰᠤᠨ ᠤ ᠦᠩᠭᠡᠨ ᠳᠤ ᠬᠠᠮᠤᠭ ᠠᠴᠠ ᠳᠤᠷᠠᠲᠠᠢ᠃ ᠦᠨᠡᠨ ᠤ ᠭᠡᠭᠡᠨ ᠰᠦᠭ᠂ ᠦᠵᠡᠰᠭᠦᠯᠡᠩ ᠤᠨ ᠭᠠᠳᠠᠨᠠᠬᠢ ᠦᠵᠡᠰᠭᠦᠯᠡᠩ ᠪᠣᠯ ᠴᠠᠰᠤ ᠶᠤᠮ᠃ ᠠᠭᠤᠯᠠ ᠭᠤᠤ᠂ ᠮᠠᠩᠬ᠎ᠠ ᠵᠣ ᠶᠢ ᠮᠥᠩᠭᠦᠨ ᠥᠩᠭᠡ ᠪᠠᠷ ᠭᠤᠶᠣᠯᠠᠵᠤ ᠴᠢᠮᠡᠨ᠎ᠡ ᠭᠡᠳᠡᠭ ᠭᠠᠭᠴᠠ ᠬᠦᠰᠡᠯ ᠲᠠᠢ ᠴᠠᠰᠤᠨ ᠤ ᠮᠡᠳᠡᠷᠡᠮᠵᠢ ᠶᠢ ᠤᠬᠠᠭᠠᠷᠠᠵᠤ ᠰᠡᠷᠡᠬᠦ ᠳᠤ ᠲᠡᠭᠷᠢ ᠠᠴᠠ ᠲᠣᠮᠢᠯᠠᠭᠰᠠᠨ ᠡᠯᠴᠢ ᠭᠡᠵᠦ ᠪᠢ ᠦᠷᠭᠦᠯᠵᠢ ᠪᠤᠳᠤᠲᠠᠬ᠃ ᠬᠠᠶᠠ ᠳᠠᠭᠠᠨ ︽ᠴᠠᠰᠤ ᠪᠣᠯ ᠵᠡᠭᠦᠳᠦᠨ ᠳᠤ ᠵᠢᠷᠭᠢᠭᠰᠡᠨ ᠦᠷ ᠤᠨ ᠪᠣᠯᠵᠣᠮᠣᠷ᠂ ᠵᠢᠷᠭᠠᠯ ᠬᠤᠷᠤᠶᠢᠯᠠᠭᠰᠠᠨ ᠵᠦᠩ ᠰᠤᠪᠢᠩ ᠤᠨ ᠪᠦᠷᠢᠯᠸ᠎ᠠ︾ ᠬᠡᠮᠡᠨ ᠳᠣᠭᠳᠣᠯᠬᠤ ᠶᠢᠨ ᠡᠷᠬᠡᠨ ᠳᠤ ᠤᠶᠠᠩᠭᠠᠯᠠᠬᠤ ᠳᠤ ᠪᠦᠰᠡᠭᠦᠢ ᠮᠢᠨᠢ ᠡᠯᠭᠦᠨ ᠠᠪᠴᠤ  ︽ᠴᠠᠭ ᠦᠶ᠎ᠡ ᠶᠢᠨ ᠬᠥᠭᠵᠢᠯ ᠤᠨ ᠴᠡᠴᠡᠭ᠂ ᠴᠡᠩᠬᠡᠷ ᠲᠡᠭᠷᠢ ᠰᠢᠭ ᠮᠢᠨᠤ ᠡᠬᠡ ᠣᠷᠣᠨ ᠤ ᠬᠠᠶᠢᠷ᠎ᠠ︾ ᠭᠡᠵᠦ ᠪᠦᠬᠦᠯᠢ ᠪᠦᠲᠦᠨ ᠨᠢᠭᠡᠨ ᠪᠠᠳᠠᠭ ᠰᠢᠯᠦᠭ ᠪᠤᠯᠭᠠᠵᠦ ᠬᠥᠭᠰᠡᠬᠦ ᠶᠢ ᠶᠠᠭᠠᠬᠢᠨᠠᠮ᠃     ︽ᠴᠠᠰᠤ - ᠰᠠᠨᠠᠭ᠎ᠠ ᠪᠤᠳᠤᠯ ᠢ ᠭᠡᠭᠡᠯᠡᠭᠰᠡᠨ ᠰᠦᠨ ᠤ ᠬᠤᠪᠢᠯᠪᠤᠷᠢ᠂  ᠤᠷᠠᠨ ᠰᠡᠳᠬᠢᠬᠦᠢ ᠶᠢ ᠨᠡᠭᠡᠭᠡᠭᠰᠡᠨ ᠤᠷᠠᠯᠢᠭ ᠤᠨ ᠤᠤᠭᠠᠨ ᠪᠠᠭᠰᠢ᠃ ᠬᠤᠯᠪᠣᠨ ᠪᠣᠳᠣᠯᠲᠠ ᠶᠢᠨ ᠵᠢᠭᠦᠷ ᠢ ᠳᠡᠯᠡᠭᠰᠡᠨ ᠢᠷᠠᠭᠤ ᠨᠠᠶᠢᠷᠠᠭ ᠤᠨ ᠶᠠᠩᠵᠢᠠᠯᠾᠮᠤ᠂ ᠬᠤᠷᠸ᠎ᠠ ᠶᠢ ᠪᠠᠭᠲᠠᠭᠠᠭᠰᠠᠨ ᠠᠭᠤᠳᠠᠮ ᠡᠨᠡᠷᠢᠩᠭᠦᠢ ᠰᠡᠳᠬᠢᠯ ᠤᠨ ᠭᠡᠷᠡᠯ︾ ᠭᠡᠵᠦ ᠲᠥᠰᠥᠭᠡᠯᠡᠬᠦ ᠳᠤ ᠬᠤᠷᠠᠵᠤ ᠵᠤᠵᠠᠭᠠᠷᠠᠭᠰᠠᠨ ᠴᠠᠰᠤᠨ ᠳᠡᠭᠡᠷ᠎ᠡ ᠬᠥᠯ ᠲᠠᠯᠪᠢᠬᠤ ᠠᠴᠠ ᠪᠠᠨ ᠪᠢ ᠬᠠᠯᠢᠷᠠᠨ᠎ᠠ᠃    ᠴᠠᠰᠤ ᠣᠷᠣᠬᠤ ᠪᠠᠷ ᠮᠢᠨᠤ ᠨᠤᠲᠤᠭ ᠤᠨ ᠬᠥᠮᠥᠰ︽ᠬᠤᠷ᠎ᠠ ᠲᠤᠨᠤᠳᠠᠰᠤ ᠡᠯᠪᠡᠭ᠂ ᠥᠭᠡᠳᠡ ᠡᠰᠡᠷᠡᠭ ᠵᠢᠯ ᠪᠣᠯᠣᠨ᠎ᠠ ᠳ᠋ᠠ︕︾ ᠬᠡᠮᠡᠨ ᠰᠢᠨ᠎ᠡ ᠨᠢᠭᠡᠨ ᠵᠢᠯ ᠳᠡᠭᠡᠨ ᠢᠲᠡᠭᠡᠯ ᠨᠠᠶᠢᠳᠠᠯᠭ᠎ᠠ ᠨᠢ ᠨᠢᠰᠦᠨ ᠭᠦᠷᠳᠡᠭ ᠢ ᠪᠢ ᠮᠡᠳᠡᠨ᠎ᠡ᠃ ᠬᠠᠶᠠᠯᠠᠬᠤ ᠴᠠᠰᠤ ᠬᠥᠷᠥᠰᠥᠨ ᠤ ᠴᠢᠭᠢᠭ ᠢ ᠬᠠᠮᠠᠭᠠᠯᠠᠨ ᠪᠠᠲᠤᠯᠠᠬᠤ ᠪᠠᠷ ᠪᠠᠷᠠᠬᠤ ᠦᠭᠡᠢ ᠬᠤᠷ᠎ᠠ ᠪᠣᠷᠣᠭᠠᠨ ᠢ ᠤᠷᠢᠨ ᠵᠠᠯᠠᠬᠤ ᠲᠠᠯᠳᠠ ᠶᠢᠨ ᠤᠪᠠᠳᠢᠰ ᠴᠦ ᠪᠠᠶᠢᠯᠭᠦᠢ ᠳ᠋ᠠ︕     ᠴᠠᠰᠤ - ᠰᠠᠶᠢᠨ ᠰᠠᠶᠢᠬᠠᠨ ᠤ ᠪᠡᠯᠭᠡ ᠲᠡᠮᠳᠡᠭ᠂ ᠰᠠᠨᠰᠠᠷ ᠣᠭᠲᠠᠷᠭᠤᠢ ᠠᠴᠠ ᠠᠰᠬᠠᠷᠠᠭᠰᠠᠨ ᠣᠳᠣᠳ ᠤᠨ ᠭᠢᠯᠪᠠᠭ᠎ᠠ᠃ ᠰᠠᠴᠤᠯᠢ ᠠᠴᠠ ᠤᠷᠭᠤᠭᠰᠠᠨ ᠰᠦᠵᠢᠭ ᠤᠨ ᠠᠮᠢ᠂ ᠰᠠᠷᠠᠨ ᠠᠴᠠ ᠰᠠᠴᠤᠷᠠᠭᠰᠠᠨ ᠵᠥᠭᠡᠯᠡᠨ ᠢᠯᠴᠢ᠃ 
 
ᠢᠷᠡᠯᠲᠡ᠄ ᠳᠤᠮᠲᠠᠲᠤ ᠣᠯᠣᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备13001758号-1号